ᠤᠩᠨᠢᠭᠤᠳ ᠤᠨ ᠯᠤᠤᠰ ᠲᠠᠭᠢᠬᠤ ᠵᠠᠩᠰᠢᠯ
ᠨᠡᠶᠢᠲᠡᠯᠡᠭᠰᠡᠨ ᠴᠠᠭ᠄
2016/10/21
                                            ——  ᠨᠠᠮᠲᠠᠶᠢᠰᠦ᠋ᠷᠥᠩ      ᠯᠤᠤᠰ ᠲᠠᠭᠢᠬᠤ ᠳᠤ ᠭᠤᠤᠯ ᠭᠤᠷᠤᠬ᠎ᠠ ᠪᠤᠯᠤᠨ ᠨᠠᠭᠤᠷ ᠪᠤᠯᠠᠭ ᠤᠨ ᠳᠡᠷᠭᠡᠳᠡ ᠲᠠᠭᠢᠳᠠᠭ ᠪᠤᠯᠬᠤᠷ ᠯᠤᠤᠰ ᠲᠠᠭᠢᠵᠤ ᠪᠠᠶᠢᠬᠤ ᠶᠢ ᠵᠠᠷᠢᠮ ᠭᠠᠵᠠᠷ ᠤᠨ ᠬᠢᠨ ᠭᠤᠤᠯ ᠭᠤᠷᠤᠬ᠎ᠠ᠂ ᠨᠠᠭᠤᠷ ᠪᠤᠯᠠᠭ ᠳᠠᠭᠢᠵᠤ ᠪᠠᠶᠢᠨ᠎ᠠ ᠭᠡᠳᠡᠭ᠃ ᠯᠤᠤᠰ ᠢ ᠲᠠᠭᠢᠬᠤ ᠳᠤ ᠯᠤᠤᠰ ᠤᠨ ᠰᠡᠷᠡᠵᠤ ᠲᠤᠯᠤᠭᠠᠢ ᠪᠠᠨ ᠦᠨᠳᠦᠶᠢᠭᠰᠡᠨ ᠡᠳᠦᠷ — ᠪᠢᠯᠢᠭ ᠤᠨ ᠤᠯᠠᠷᠢᠯ ᠤᠨ ᠬᠤᠶᠠᠷ ᠰᠠᠷ᠎ᠠ ᠶᠢᠨ ᠰᠢᠨ᠎ᠡ ᠶᠢᠨ ᠬᠤᠶᠠᠷ ᠠᠴᠠ ᠡᠭᠢᠯᠡᠨ ᠯᠤᠤᠰ ᠤᠨ ᠢᠴᠡᠭᠡᠯᠡᠭᠦ — ᠪᠢᠯᠢᠭ ᠤᠨ ᠤᠯᠠᠷᠢᠯ ᠤᠨ ᠠᠷᠪᠠᠨ ᠰᠠᠷ᠎ᠠ ᠳᠤ ᠯᠤᠤᠰ ᠤᠨ ᠤᠰᠤᠨ ᠳᠤ ᠪᠠᠭᠤᠭᠰᠠᠨ ᠡᠳᠦᠷ ᠤᠨ ᠬᠤᠭᠤᠷᠤᠨᠳᠤ ᠲᠠᠭᠢᠳᠠᠭ᠃ ᠯᠤᠤᠰ ᠶᠢ ᠵᠠᠷᠢᠮ ᠭᠠᠵᠠᠷ ᠲᠤ ᠯᠤᠤ ᠶᠢᠨ ᠬᠠᠭᠠᠨ ᠭᠡᠵᠤ ᠭᠡᠯᠡᠳᠡᠭ᠃ ᠪᠤᠳᠠᠳᠠᠢ ᠯᠤᠤᠰ ᠲᠠᠭᠢᠬᠤ ᠡᠳᠦᠷ ᠢ ᠯᠤᠤᠰ ᠤᠨ ᠪᠠᠭᠤᠯᠳᠠ ᠶᠢᠨ ᠡᠳᠦᠷ ᠪᠠ ᠤᠰᠤᠨ ᠤ ᠰᠠᠭᠤᠳᠠᠯ ᠡᠳᠦᠷ ᠢ ᠰᠤᠩᠭᠤᠵᠤ ᠳᠠᠭᠢᠪᠠᠯ ᠰᠠᠶᠢᠨ᠃ ᠪᠠᠷᠰ ᠡᠳᠦᠷ ᠲᠠᠭᠢᠬᠤ ᠦᠭᠡᠢ᠃ ᠯᠤᠤᠰ ᠳᠠᠭᠢᠬᠤ ᠳᠤ ᠤᠪᠤᠭ᠎ᠠ ᠪᠤᠰᠬᠠᠬᠤ ᠦᠭᠡᠢ ᠪᠠᠷ ᠳᠠᠭᠢᠬᠤ ᠪᠠ ᠤᠪᠤᠭ᠎ᠠ ᠪᠤᠰᠬᠠᠵᠤ ᠳᠠᠭᠢᠬᠤ ᠭᠡᠵᠤ ᠬᠤᠶᠠᠷ ᠵᠦᠢᠯ ᠢᠶᠠᠷ ᠳᠠᠭᠢᠳᠠᠭ᠃                     ᠨᠢᠭᠡ᠂ ᠯᠤᠤᠰ ᠲᠠᠭᠢᠬᠤ ᠪᠡᠯᠡᠳᠭᠡᠯ ᠭᠢᠭᠦ    1᠂ ᠯᠤᠤᠰ ᠢ ᠴᠠᠭᠠᠨ ᠢᠳᠡᠭᠡᠨ ᠢᠶᠠᠷ ᠲᠠᠭᠢᠨ᠎ᠠ᠃ ᠡᠶᠢᠮᠦ ᠠᠴᠠ ᠬᠤᠷᠤᠳ᠂ ᠰᠦ᠂ ᠠᠶᠢᠷᠠᠭ᠂ ᠪᠠᠰᠢᠯᠠᠭ᠂ ᠡᠭᠡᠵᠡᠭᠡᠢ᠂ ᠴᠡᠭᠡ ᠠᠴᠠ ᠪᠡᠯᠡᠳᠭᠡᠨ᠎ᠡ᠃ ᠴᠠᠭᠠᠨ ᠢᠮᠠᠭᠠᠨ ᠰᠦ᠂ ᠬᠤᠸᠠᠭᠴᠢ ᠦᠨᠢᠶ᠎ᠡ ᠶᠢᠨ ᠰᠦ ᠪᠤᠶᠤ ᠤᠯᠠᠭᠴᠢ ᠦᠨᠢᠶ᠎ᠡ ᠶᠢᠨ ᠰᠦ ᠶᠢ 6 ᠵᠢᠩ ᠢᠯᠡᠭᠦᠦ ᠪᠡᠯᠡᠳᠭᠡᠨ᠎ᠡ᠃    2᠂ ᠯᠠᠮ᠎ᠠ ᠨᠠᠷ ᠪᠠᠷ ᠤᠩᠰᠢᠭᠤᠯᠬᠤ ᠨᠤᠮ ᠰᠤᠳᠤᠷ ᠠᠴᠠ ︿︿ᠬᠠᠨ ᠭᠠᠵᠠᠷ ᠤᠰᠤᠨ ᠤ ᠰᠠᠩ ᠤᠷᠤᠰᠢᠪᠠᠢ﹀﹀᠂ ︿︿ᠤᠷᠢᠳᠦ ᠶᠢᠨ ᠡᠵᠡᠨ ᠨᠡᠩ ᠶᠡᠭᠡ ᠴᠠᠭᠠᠨ ᠠᠪᠤ ᠶᠢᠨ  ᠰᠠᠩ ᠤᠷᠤᠰᠢᠪᠠᠢ﹀﹀᠂ ︿︿ᠨᠡᠩ ᠶᠡᠭᠡ ᠬᠤᠷᠮᠤᠰᠳᠠ ᠲᠡᠭᠷᠢ ᠶᠢᠨ ᠨᠠᠢᠮᠠᠨ ᠠᠶᠢᠮᠠᠭ ᠤᠨ ᠲᠠᠭᠢᠬᠤ ᠰᠤᠳᠤᠷ ᠤᠷᠤᠰᠢᠪᠠᠢ﹀﹀᠂ ︿︿ᠰᠠᠪᠳᠠᠭ ᠰᠡᠷᠵᠢᠮ ᠤᠷᠤᠰᠢᠪᠠᠢ﹀﹀᠂ ︿︿ᠸᠴᠠᠷᠪᠠᠨᠢ ᠶᠢᠨ ᠰᠠᠩ ᠤᠷᠤᠰᠢᠪᠠᠢ﹀﹀᠂ ︿︿ᠤᠰᠤᠨ ᠪᠢᠯᠢᠭ ᠯᠤᠤᠰᠳᠤ ᠶᠢᠨ ᠰᠠᠩ ᠤᠷᠤᠰᠢᠪᠠᠢ﹀﹀ ᠵᠡᠷᠭᠡ ᠨᠤᠮ  ᠠᠴᠠ ᠨᠢᠭᠡ ᠶᠢ ᠰᠤᠩᠭᠤᠵᠤ ᠯᠠᠮᠠ ᠪᠠᠷ ᠤᠩᠰᠢᠭᠤᠯᠤᠨ᠎ᠠ᠃    3᠂ ᠲᠠᠪᠤᠨ ᠲᠠᠷᠢᠶ᠎ᠠ ᠶᠢᠨ ᠦᠷ᠎ᠡ ᠶᠢ ᠪᠡᠯᠡᠳᠭᠡᠨ᠎ᠡ᠃ ︵ᠠᠷᠪᠠᠢ᠂ ᠳᠤᠳᠤᠷᠭ᠎ᠠ᠂ ᠴᠠᠭᠠᠨ ᠲᠠᠷᠢᠶ᠎ᠡ᠂ ᠬᠠᠷ᠎ᠠ ᠲᠠᠷᠢᠶ᠎ᠠ᠂ ᠰᠢᠰᠢ᠂ ᠪᠤᠷᠴᠠᠭ ᠵᠡᠷᠭᠡ ᠠᠴᠠ ᠪᠡᠯᠡᠳᠭᠡᠨ᠎ᠡ᠃︶    4᠂ ᠠᠯᠳᠠ᠂ ᠮᠦᠩᠭᠦ᠂ ᠵᠡᠰ᠂ ᠱᠢᠷᠦ᠂ ᠰᠤᠪᠤᠳ᠂ ᠲᠠᠨ᠎ᠠ᠂ ᠬᠠᠰ ᠵᠡᠷᠭᠡ ᠡᠷᠳᠡᠨᠢ ᠶᠢᠨ ᠵᠦᠢᠯ ᠠᠴᠠ ᠪᠡᠯᠡᠳᠭᠡᠨ᠎ᠡ᠃    5᠂ ᠳ᠋ᠤᠷᠤᠮ ᠪᠡᠯᠡᠳᠭᠡᠨ᠎ᠡ᠃ ᠯᠠᠮᠠ ᠨᠠᠷ ᠨᠢ ᠬᠠᠶᠢᠰᠤᠲᠠᠢ ᠪᠤᠴᠠᠯᠭᠠᠭᠰᠠᠨ ᠨᠢᠭᠡ ᠠᠶᠠᠭ᠎ᠠ ᠤᠰᠤᠨ ᠳᠤ ᠨᠢᠭᠡ ᠬᠠᠪᠠᠯᠭ᠎ᠠ ᠰᠢᠷ᠎ᠠ ᠲᠤᠰᠤ  ᠬᠤᠯᠢᠵᠤ᠂ ᠳᠡᠭᠡᠷ᠎ᠡ ᠨᠢ ᠨᠢᠭᠡ ᠪᠢᠳᠡᠭᠦᠦ ᠲᠦᠭᠦᠭᠡᠢ ᠭᠤᠯᠢᠷ ᠭᠢᠵᠤ᠂ ᠭᠤᠷᠪᠠᠨ ᠮᠢᠨᠦ᠋ᠲ ᠬᠠᠭᠤᠷᠴᠤ ᠠᠪᠤᠭᠠᠳ᠂ ᠬᠠᠭᠤᠷᠠᠭᠰᠠᠨ ᠭᠤᠯᠢᠷ ᠢᠶᠠᠷ ᠢᠶᠠᠨ ᠳᠡᠭᠡᠳᠦ ᠳᠤ ᠯᠤᠤᠰ ᠶᠢᠨ ᠳ᠋ᠤᠷᠤᠮ᠂ ᠳᠤᠮᠳᠠᠳᠤ ᠳᠤ ᠰᠠᠪᠳᠠᠭ ᠤᠨ ᠳ᠋ᠤᠷᠤᠮ ᠵᠠᠰᠠᠵᠤ ᠪᠡᠯᠡᠳᠭᠡᠨ᠎ᠡ᠃ ᠡᠭᠦᠨ ᠲᠠᠢ ᠬᠠᠮᠳᠤ ᠨᠤᠳᠤᠭ ᠢᠳᠡᠭᠦ ᠳᠤ ᠪᠡᠯᠡᠳᠭᠡᠵᠤ ᠳᠤᠰᠤᠨ ᠪᠤᠭᠤᠷᠰᠤᠭ ᠪᠠ ᠰᠡᠷᠵᠢᠮ ᠡᠷᠭᠦᠭᠦ ᠳᠤ ᠭᠡᠷᠡᠭᠯᠡᠭᠦ ᠰᠠᠭᠠᠯᠢ ᠶᠢᠨ ᠠᠷᠢᠭᠢ ᠶᠢ ᠪᠡᠯᠡᠳᠭᠡᠨ᠎ᠡ᠃    6᠂ ᠱᠠᠭ᠎ᠠ᠂ ᠦᠷᠡᠯ ᠪᠡᠯᠡᠳᠭᠡᠨ᠎ᠡ᠃ ᠡᠷᠳᠡ ᠦᠶ᠎ᠡ ᠳᠤ 108 ᠱᠠᠭ᠎ᠠ ᠪᠤᠯᠤᠨ 1000 ᠦᠷᠡᠯ ᠪᠡᠯᠡᠳᠭᠡᠵᠤ ᠪᠠᠶᠢᠵᠠᠢ ᠭᠡᠨ᠎ᠡ᠃ ᠤᠳᠤ ᠴᠤ ᠭᠡᠰᠡᠨ 28 ᠱᠠᠭ᠎ᠠ᠂ 108 ᠦᠷᠡᠯ ᠪᠡᠯᠡᠳᠭᠡᠭᠦ ᠭᠡᠷᠡᠭᠲᠠᠢ᠃ ᠭᠤᠤᠯ ᠭᠤᠷᠤᠬ᠎ᠠ᠂ ᠨᠠᠭᠤᠷ ᠪᠤᠯᠠᠭ ᠲᠤ ᠯᠤᠤᠰ ᠳᠠᠭᠢᠬᠤ ᠳᠤ ᠤᠷᠤᠯᠴᠠᠭᠰᠠᠨ ᠭᠦᠮᠦᠨ ᠪᠦᠭᠦᠨ ᠲᠤᠯᠤᠭᠠᠨ ᠦᠩᠭᠡ ᠶᠢᠨ ᠤᠳᠠᠰᠤ ᠪᠠᠷ ᠵᠠᠯᠮ᠎ᠠ ᠭᠢᠵᠤ᠂ ᠬᠠᠳᠠᠭ᠂ ᠴᠠᠭᠠᠨ ᠴᠤᠭᠳᠤᠷ᠂ ᠴᠠᠭᠠᠨ ᠪᠦᠰ ᠵᠡᠷᠭᠡ ᠶᠢ ᠭᠤᠤᠯ ᠭᠤᠷᠤᠬ᠎ᠠ᠂ ᠨᠠᠭᠤᠷ ᠪᠤᠯᠠᠭ ᠤᠨ ᠡᠭᠢᠨ ᠤ ᠮᠤᠳᠤ ᠪᠤᠶᠤ ᠤᠪᠤᠭ᠎ᠠ ᠳᠠᠭᠠᠨ   ᠤᠶᠤᠬᠤ ᠪᠠᠷ ᠪᠡᠯᠡᠳᠭᠡᠨ᠎ᠡ᠃    7᠂ ᠰᠠᠩ ᠪᠤᠶᠤ ᠰᠦᠷ ᠤᠨ ᠭᠡᠷᠡᠭᠯᠡᠭᠡᠨ ᠤ ᠡᠳ᠋ ᠢ ᠪᠡᠯᠡᠳᠭᠡᠨ᠎ᠡ᠃ ᠲᠠᠯᠬ᠎ᠠ᠂ ᠰᠢᠷ᠎ᠠ ᠲᠤᠰᠤ᠂ ᠠᠷᠴᠠ᠂ ᠴᠠᠢ ᠂ ᠰᠢᠭᠢᠷ᠂ ᠪᠤᠭᠤᠷᠰᠤᠭ᠂ ᠪᠢᠰᠢᠯᠠᠭ᠂ ᠡᠭᠡᠵᠢᠭᠡᠢ᠂ ᠠᠷᠢᠭᠢ ᠵᠡᠷᠭᠡ ᠢᠳᠡᠭᠡᠨ ᠪᠠ ᠠᠷᠭᠠᠯ ᠲᠦᠯᠡᠭᠡ ᠪᠡᠯᠡᠳᠭᠡᠨ᠎ᠡ᠃    8᠂ ᠭᠤᠤᠯ ᠭᠤᠷᠤᠬ᠎ᠠ᠂ ᠨᠠᠭᠤᠷ ᠪᠤᠯᠠᠭ ᠳᠡᠭᠡᠷ᠎ᠡ ᠤᠴᠢᠬᠤ ᠲᠡᠷᠭᠡ ᠤᠨᠤᠭ᠎ᠠ᠂ ᠭᠡᠤᠭᠡᠨ ᠰᠠᠪᠳᠠᠭ ᠪᠠᠶᠠᠰᠬᠠᠬᠤ ᠠᠶ᠎ᠠ ᠲᠠᠭᠤᠤ᠂ ᠠᠨᠳᠠᠢ ᠪᠦᠵᠢᠭᠯᠡᠭᠦ ᠡᠷᠡᠭᠲᠠᠢ ᠡᠮᠡᠭᠳᠠᠢ ᠪᠦᠵᠢᠭᠴᠢᠨ ᠨᠡᠯᠢᠶᠡᠳ ᠭᠦᠮᠦᠨ ᠢ ᠪᠡᠯᠡᠳᠭᠡᠨ᠎ᠡ᠃    9᠂ ᠭᠤᠤᠯ ᠭᠤᠷᠤᠬ᠎ᠠ᠂ ᠨᠠᠭᠤᠷ ᠪᠤᠯᠠᠭ ᠤᠨ ᠡᠭᠢᠨ ᠳᠤ ᠤᠷᠭᠤᠭ᠎ᠠ ᠮᠤᠳᠤ ᠦᠭᠡᠢ ᠪᠤᠯ ᠰᠢᠨ᠎ᠡ ᠪᠠᠷ ᠰᠢᠯᠵᠢᠭᠦᠯᠵᠤ ᠵᠠᠶᠢᠯᠠᠬᠤ ᠲᠤᠮᠤ ᠰᠢᠭ ᠨᠠᠷᠠᠰᠤ᠂ ᠤᠯᠢᠶᠠᠰᠤ᠂ ᠬᠤᠰᠤ ᠵᠡᠷᠭᠡ ᠤᠷᠭᠤᠭ᠎ᠠ ᠮᠤᠳᠤ ᠪᠡᠯᠡᠳᠭᠡᠨ᠎ᠡ᠃ ᠨᠢᠭᠡᠨᠳᠡ ᠰᠡᠷᠭᠦᠭᠡᠨ ᠵᠠᠰᠠᠭᠰᠠᠨ ᠤᠪᠤᠭᠠᠨ ᠳᠤ ᠪᠤᠯ ᠬᠤᠰᠤ ᠮᠤᠳᠤ ᠪᠠ ᠬᠤᠯᠤᠰᠤ ᠡᠪᠡᠰᠤ ᠠᠴᠠ ᠪᠡᠯᠡᠳᠭᠡᠨ᠎ᠡ᠃   10᠂ ᠭᠦᠷᠵᠡ᠂ ᠵᠡᠭᠡᠳᠤᠤ᠂ ᠰᠦᠭᠡ ᠵᠡᠷᠭᠡ ᠪᠤᠰᠤᠳ ᠭᠡᠷᠡᠭᠰᠡᠯ ᠢ ᠪᠡᠯᠡᠳᠭᠡᠨ᠎ᠡ᠃ ᠴᠢᠯᠠᠭᠤ ᠵᠡᠷᠭᠡ ᠪᠠᠷ ᠳᠠᠭᠢᠯᠭ᠎ᠠ ᠶᠢᠨ ᠰᠢᠷᠡᠭᠡ ᠪᠡᠯᠡᠳᠭᠡᠵᠤ ᠲᠠᠯᠪᠢᠨ᠎ᠠ᠃   11᠂ ᠮᠤᠩᠭᠤᠯ ᠢᠶᠠᠷ ︿︿ᠯᠤᠤᠰ ᠳᠠᠭᠢᠬᠤ ᠢᠷᠤᠭᠡᠯ ᠤᠨ ᠰᠠᠩ﹀﹀ ᠵᠤᠭᠢᠶᠠᠵᠤ᠂ ᠳᠤᠰᠬᠠᠢ ᠢᠷᠤᠭᠡᠯᠴᠢ ᠳᠤᠭᠢᠷᠠᠭᠤᠯᠤᠨ᠎ᠠ᠃   12᠂  ᠦᠩᠭᠡ ᠪᠦᠷᠢ ᠶᠢᠨ ᠴᠠᠭᠠᠰᠤ ᠪᠠᠷ ᠯᠤᠤ ᠪᠤᠯᠤᠨ ᠤᠩᠭᠤᠴᠠ ᠬᠠᠶᠢᠴᠢᠯᠠᠨ ᠭᠢᠵᠤ᠂ ᠭᠤᠤᠯ ᠭᠤᠷᠤᠬ᠎ᠠ᠂ ᠨᠠᠭᠤᠷ ᠪᠤᠯᠠᠭ ᠤᠨ ᠤᠰᠤᠨ ᠳᠡᠭᠡᠷ᠎ᠡ ᠭᠦᠪᠪᠦᠭᠦᠯᠭᠦ ᠪᠠᠷ ᠪᠡᠯᠡᠳᠭᠡᠨ᠎ᠡ᠃    ᠤᠪᠤᠭ᠎ᠠ ᠪᠤᠰᠬᠠᠵᠤ ᠯᠤᠤᠰ ᠳᠠᠭᠢᠬᠤ ᠲᠠᠭᠠᠨ ᠳᠠᠭᠢᠬᠤ ᠭᠡᠵᠤ ᠪᠠᠶᠢᠭ᠎ᠠ ᠭᠠᠵᠠᠷ ᠲᠤ ᠪᠠᠨ ᠤᠪᠤᠭ᠎ᠠ ᠪᠤᠰᠬᠠᠵᠤ᠂ ᠤᠪᠤᠭ᠎ᠠ ᠶᠢᠨ ᠳᠤᠤᠷ᠎ᠠ ᠪᠠᠨ ᠲᠠᠪᠤᠨ ᠲᠠᠷᠢᠶ᠎ᠠ ᠶᠢᠨ ᠦᠷ᠎ᠡ ᠪᠤᠯᠤᠨ ᠲᠤᠯᠤᠭᠠᠨ ᠡᠷᠳᠡᠨᠢ ᠶᠢᠨ ᠵᠦᠢᠯ ᠢᠶᠠᠷ ᠱᠦᠩᠰᠢᠭ ᠳᠠᠷᠤᠳᠠᠭ᠃ ᠵᠠᠷᠢᠮ ᠨᠢ ᠡᠪᠡᠷ ᠲᠠᠢ ᠮᠤᠭᠠᠢ ᠶᠢᠨ ᠡᠪᠡᠷ ᠢᠶᠠᠷ ᠱᠦᠩᠰᠢᠭ  ᠳᠠᠷᠤᠳᠠᠭ᠃ ᠤᠪᠤᠭ᠎ᠠ ᠶᠢ ᠴᠠᠭᠠᠨ ᠢᠳᠡᠭᠡᠨ ᠢᠶᠠᠷ ᠲᠠᠭᠢᠳᠠᠭ᠃ ᠪᠤᠰᠤᠳ ᠵᠦᠢᠯ ᠨᠢ ᠤᠪᠤᠭ᠎ᠠ ᠪᠤᠰᠬᠠᠬᠤ ᠦᠭᠡᠢ ᠪᠠᠷ ᠯᠤᠤᠰ ᠳᠠᠭᠢᠬᠤ ᠲᠠᠢ ᠠᠳᠠᠯᠢ ᠪᠠᠶᠢᠳᠠᠭ᠃                 ᠬᠤᠶᠠᠷ᠂ ᠯᠤᠤᠰ ᠳᠠᠭᠢᠬᠤ ᠶᠠᠪᠤᠴᠠ     1᠂ ᠯᠠᠮᠠ ᠨᠠᠷ ᠭᠤᠤᠯ ᠭᠤᠷᠤᠬ᠎ᠠ᠂ ᠪᠤᠯᠠᠭ᠂ ᠨᠠᠭᠤᠷ᠂ ᠴᠦᠭᠦᠷᠡᠮ ᠵᠡᠷᠭᠡ ᠯᠤᠤᠰ ᠳᠠᠭᠢᠬᠤ ᠭᠠᠵᠠᠷ ᠤᠨ ᠢᠶᠠᠨ ᠳᠡᠭᠡᠷ᠎ᠡ ᠡᠭᠢᠨ ᠳᠤ ᠭᠦᠷᠴᠦ ᠰᠠᠩ ᠭᠦᠵᠢ ᠲᠠᠯᠪᠢᠵᠤ ᠰᠦᠷ ᠢᠶᠠᠨ ᠭᠡᠶᠢᠮᠤᠷᠢᠯᠠᠨ᠎ᠠ᠃ ᠳᠠᠭᠢᠬᠤ ᠭᠠᠵᠠᠷ ᠤᠨ ᠢᠶᠠᠨ ᠪᠠᠷᠠᠭᠤᠨ ᠬᠤᠶᠢᠳᠤ ᠲᠠᠯ᠎ᠠ ᠶᠢ ᠰᠤᠩᠭᠤᠵᠤ᠂ ᠢᠰᠡᠭᠡᠢ ᠰᠢᠷᠳᠡᠭ ᠳᠡᠪᠢᠰᠴᠤ᠂ ᠯᠠᠮᠠ ᠨᠠᠷ ᠬᠤᠶᠠᠷ ᠭᠠᠷᠯᠠᠨ ᠰᠠᠭᠤᠵᠤ ᠰᠤᠳᠤᠷ ᠢᠶᠠᠨ ᠳᠡᠯᠭᠡᠵᠤ ᠵᠠᠯᠪᠢᠷᠠᠵᠤ ᠳᠠᠭᠠᠳᠬᠠᠨ᠎ᠠ᠃     2᠂ ᠯᠠᠮᠠ ᠨᠠᠷ ᠨᠤᠮ ᠰᠤᠳᠤᠷ ᠢᠶᠠᠨ ᠳᠡᠯᠭᠡᠵᠤ ᠯᠠᠩᠭ᠎ᠠ ︵ᠯᠠᠩ︶ ᠬᠠᠶᠢᠷᠠᠯᠠᠨ᠎ᠠ᠃ ᠯᠤᠤᠰ ᠳᠠᠭᠢᠬᠤ ᠪᠠᠷ ᠢᠷᠡᠭᠰᠡᠨ ᠭᠦᠮᠦᠰ ᠪᠡᠯᠡᠳᠭᠡᠵᠤ ᠠᠪᠴᠢᠷᠠᠭᠰᠠᠨ ᠵᠠᠶᠢᠯᠠᠬᠤ ᠭᠡᠰᠡᠨ ᠮᠤᠳᠤ ᠪᠠᠨ ᠪᠤᠯᠠᠭ ︵ᠨᠠᠭᠤᠷ᠂ ᠴᠦᠭᠦᠷᠡᠮ︶ ᠤᠨ ᠳᠡᠭᠡᠷ᠎ᠡ ᠡᠭᠢ ᠪᠠᠷ ᠵᠠᠶᠢᠯᠠᠨ᠎ᠠ᠃ ᠤᠭ ᠳᠤᠨᠢ ᠤᠷᠭᠤᠭ᠎ᠠ ᠮᠤᠳᠤ ᠪᠠᠶᠢᠪᠠᠯ ᠮᠤᠳᠤ ᠵᠠᠶᠢᠯᠠᠬᠤ ᠦᠭᠡᠢ ᠴᠤ ᠪᠤᠯᠤᠨ᠎ᠠ᠃ ᠯᠤᠤᠰ ᠳᠠᠭᠢᠬᠤ ᠭᠠᠵᠠᠷ ᠪᠤᠯᠤᠨ ᠨᠠᠭᠤᠷ᠂ ᠴᠦᠭᠦᠷᠡᠮ᠂ ᠪᠤᠯᠠᠭ ᠳᠤᠳᠤᠷᠠᠭᠢ ᠪᠤᠵᠠᠷ ᠪᠤᠷᠳᠤᠭ ᠶᠠᠭᠤᠮ᠎ᠠ ᠶᠢ ᠴᠡᠪᠡᠷᠯᠡᠵᠤ ᠬᠠᠶᠠᠨ᠎ᠠ᠃ ᠭᠡᠷᠪᠡ ᠳᠠᠭᠢᠬᠤ ᠭᠠᠵᠠᠷ ᠤᠨ ᠪᠤᠯᠠᠭ ᠨᠢ ᠰᠢᠷᠭᠢᠭᠰᠡᠨ ᠪᠤᠯ ᠨᠢᠳᠦ ᠶᠢ ᠨᠢ ᠪᠠᠭ᠋ᠠᠨ ᠨᠡᠭᠡᠭᠡᠵᠤ ᠴᠠᠪᠡᠷᠯᠠᠵᠤ ᠪᠤᠯᠤᠨ᠎ᠠ᠂ ᠪᠤᠯᠠᠭ ᠤᠨ ᠨᠢᠳᠦᠨ ᠳᠤ ᠫᠤᠤ ᠳᠠᠯᠪᠢᠵᠤ ᠳᠡᠯᠪᠡᠴᠢᠭᠦ ᠶᠢ ᠡᠷᠡᠰ ᠴᠡᠭᠡᠷᠯᠡᠨ᠎ᠡ᠃     3᠂ ᠯᠤᠤᠰ ᠳᠠᠭᠢᠬᠤ ᠪᠠᠷ ᠢᠷᠡᠭᠰᠡᠨ ᠭᠦᠮᠦᠰ ᠪᠦᠭᠦᠳᠡᠭᠡᠷ ᠭᠦᠳᠡᠯᠦᠯᠴᠡᠵᠤ᠂ ᠤᠪᠤᠭ᠎ᠠ ᠪᠤᠶᠤ ᠭᠤᠤᠯ ᠭᠤᠷᠤᠬ᠎ᠠ᠂ ᠨᠠᠭᠤᠷ ᠪᠤᠯᠠᠭ᠂ ᠴᠦᠭᠦᠷᠡᠮ ᠤᠨ ᠳᠡᠭᠡᠷ᠎ᠡ ᠡᠭᠢᠨ ᠳᠠᠬᠢ ᠤᠷᠭᠤᠭ᠎ᠠ ᠮᠤᠳᠤ ᠪᠤᠯᠤᠨ ᠰᠢᠨ᠎ᠡ ᠵᠠᠶᠢᠯᠠᠭᠰᠡᠨ ᠮᠤᠳᠤᠨ ᠤ ᠨᠠᠮᠠᠭ᠎ᠠ ᠰᠠᠯᠠᠭ᠎ᠠ ᠳᠡᠭᠡᠷ᠎ᠡ ᠪᠠᠨ ᠪᠡᠯᠡᠳᠭᠡᠵᠤ ᠠᠪᠴᠢᠷᠠᠭᠰᠠᠨ ᠵᠠᠯᠮ᠎ᠠ᠂ ᠴᠠᠭᠠᠨ ᠬᠠᠳᠠᠭ᠂ ᠴᠠᠭᠠᠨ ᠪᠦᠰ᠂ ᠲᠤᠯᠤᠭᠠᠨ ᠦᠩᠭᠡ ᠶᠢᠨ ᠤᠳᠠᠰᠤ ᠪᠠᠨ ᠡᠯᠭᠦᠵᠤ ᠤᠶᠠᠵᠤ᠂ ᠨᠠᠭᠤᠷ ᠪᠤᠯᠠᠭ ᠤᠨ ᠤᠰᠤ ᠡᠭᠦᠷᠢᠳᠡ ᠠᠷᠢᠭᠤᠨ ᠲᠤᠩᠭᠠᠯᠠᠭ᠂ ᠡᠭᠡ ᠪᠠᠶᠢᠭᠠᠯᠢ ᠦᠨᠢ ᠮᠦᠩᠭᠡ ᠭᠦᠭᠡᠷᠡᠵᠤ ᠨᠤᠭᠤᠭᠠᠷᠠᠨ᠂ ᠯᠤᠤᠰ ᠤᠨ ᠬᠠᠭᠠᠨ ᠪᠠᠶᠠᠰᠤᠨ ᠢᠪᠡᠭᠡᠭᠦ ᠶᠢ ᠵᠠᠯᠪᠢᠷᠠᠵᠤ ᠳᠠᠭᠠᠳᠬᠠᠨ᠎ᠠ᠃     4᠂ ᠯᠠᠮᠠ ᠨᠠᠷ ᠨᠤᠮ ᠤᠩᠰᠢᠵᠤ ᠡᠭᠢᠯᠡᠨ᠎ᠡ᠃ ᠯᠠᠮᠠ ᠨᠠᠷ ᠤᠷᠢᠳᠠᠪᠡᠷ ᠪᠡᠯᠡᠳᠭᠡᠵᠤ ᠳᠠᠯᠪᠢᠭᠰᠠᠨ ᠳᠠᠭᠢᠯᠭ᠎ᠠ  ᠶᠢᠨ ᠳᠠᠶᠢᠵᠠ ᠪᠤᠶᠤ ᠴᠢᠯᠠᠭᠤᠨ ᠰᠢᠷᠡᠭᠡᠨ ᠳᠡᠭᠡᠷ᠎ᠡ ᠵᠤᠯᠠ ᠪᠠᠨ ᠠᠰᠠᠭᠠᠵᠤ᠂ ᠳ᠋ᠤᠷᠤᠮ ᠢᠶᠠᠨ ᠳᠠᠯᠪᠢᠨ᠂ ᠯᠤᠤᠰ ᠢᠶᠠᠨ ᠲᠠᠭᠢᠵᠤ ᠵᠠᠯᠪᠢᠷᠠᠨ᠎ᠠ᠃     5᠂ ᠯᠠᠮᠠ ᠨᠠᠷ ᠯᠠᠩ ᠬᠠᠶᠢᠷᠠᠯᠠᠨ᠎ᠠ᠃ ᠡᠭᠦᠨ ᠤ ᠳᠠᠷᠠᠭ᠎ᠠ ᠯᠤᠤᠰ ᠳᠠᠭᠢᠬᠤ ᠳᠤ ᠤᠷᠤᠯᠴᠠᠭᠰᠠᠨ ᠭᠦᠮᠦᠰ ᠰᠠᠴᠤᠯᠢ ᠶᠢᠨ ᠢᠳᠡᠭᠡᠨ ᠠᠴᠠ ᠬᠠᠪᠠᠯᠭ᠎ᠠ ᠪᠠᠷ ᠠᠪᠴᠤ ᠪᠤᠯᠠᠭ ︵ᠨᠠᠭᠤᠷ᠂ ᠴᠦᠭᠦᠷᠡᠮ︶ ᠤᠨ ᠤᠰᠤᠨ ᠳᠤ ᠰᠠᠴᠤᠯᠢ ᠡᠷᠭᠦᠨ᠎ᠡ᠃ ᠪᠡᠯᠡᠳᠭᠡᠭᠰᠡᠨ ᠦᠷᠢᠯ᠂ ᠱᠠᠭ᠎ᠠ᠂ ᠱᠢᠷᠦ᠂ ᠰᠤᠪᠤᠳ᠂ ᠠᠯᠳᠠ᠂ ᠮᠦᠩᠭᠦ᠂ ᠲᠠᠨ᠎ᠠ᠂ ᠬᠠᠰ᠂ ᠳᠤᠪᠴᠢ᠂ ᠪᠤᠯᠵᠤᠭ᠎ᠠ ᠵᠡᠷᠭᠡ ᠪᠠᠨ ᠤᠰᠤᠨ ᠳᠤ ᠡᠷᠭᠦᠵᠤ ᠬᠠᠮᠤᠭ ᠠᠮᠢᠳᠠᠨ ᠭᠤᠤᠯᠳᠠᠨ ᠡᠩᠭᠡ ᠠᠮᠤᠭᠤᠯᠠᠩ ᠪᠠᠶᠢᠬᠤ ᠶᠢ ᠳᠠᠭᠠᠳᠬᠠᠨ ᠵᠠᠯᠪᠢᠷᠠᠨ᠎ᠠ᠃     6᠂ ᠢᠷᠦᠭᠡᠯᠴᠢ ︿︿ᠯᠤᠤᠰ ᠳᠠᠭᠢᠬᠤ ᠢᠷᠤᠭᠡᠯ ᠤᠨ ᠰᠠᠩ﹀﹀ ᠢ ᠮᠤᠩᠭᠤᠯ ᠢᠶᠠᠷ ᠤᠩᠰᠢᠨ᠎ᠠ᠃ ᠡᠨᠡ ᠦᠶ᠎ᠡ  ᠳᠤ ᠪᠡᠯᠡᠳᠭᠡᠵᠤ ᠠᠪᠴᠢᠷᠠᠭᠰᠠᠨ ᠴᠠᠭᠠᠰᠤ ᠪᠠᠷ ᠭᠢᠭᠰᠡᠨ ᠯᠤᠤ ᠪᠠᠨ ᠤᠰᠤᠨ ᠳᠤᠳᠤᠷ᠎ᠠ ᠳᠡᠭᠳᠡᠭᠡᠨ ᠶᠠᠪᠤᠭᠤᠯᠵᠤ᠂ ᠤᠯᠠᠨ ᠢᠶᠠᠷ ᠢᠶᠠᠨ ᠰᠠᠴᠤᠯᠢ ᠡᠷᠭᠦᠵᠡᠭᠡᠨ᠂ ᠯᠤᠤᠰ ᠤᠨ ᠬᠠᠭᠠᠨ ᠬᠤᠷ᠎ᠠ ᠶᠢᠨ ᠰᠢᠮ᠎ᠡ ᠦᠷᠦᠰᠢᠶᠡᠵᠤ ᠡᠯᠪᠡᠭ ᠬᠤᠷᠢᠶᠠᠯᠳᠠ ᠶᠢ ᠤᠯᠭᠤᠬᠤ ᠪᠤᠯᠳᠤᠭᠠᠢ ᠭᠡᠵᠤ ᠵᠠᠯᠪᠢᠷᠢᠵᠤ᠂ ᠯᠤᠤ ᠳᠠᠭᠠᠨ ᠮᠦᠷᠭᠦᠨ᠎ᠡ᠃     7᠂ ᠳᠠᠷᠠᠭ᠎ᠠ ᠨᠢ ᠪᠦᠭᠦᠳᠡᠭᠡᠷ ᠢᠶᠠᠨ ᠰᠠᠭᠤᠵᠠᠭᠠᠵᠤ᠂ ᠯᠤᠤᠰ ᠳᠠᠭᠢᠬᠤ ᠳᠤ ᠠᠪᠴᠢᠷᠠᠭᠰᠠᠨ ᠴᠠᠢ᠂ ᠢᠳᠡᠭᠡᠨ ᠤᠮᠳᠠᠭᠠᠨ ᠠᠴᠠ ᠪᠠᠨ ᠰᠠᠴᠤᠯᠢ ᠡᠷᠭᠦᠨ ᠤᠤᠭᠤᠵᠠᠭᠠᠵᠤ᠂ ᠯᠤᠤᠰ ᠤᠨ ᠬᠠᠭᠠᠨ ᠲᠠᠢ ᠰᠡᠳᠭᠢᠯ ᠢᠶᠠᠨ ᠨᠢᠭᠡᠳᠭᠡᠵᠤ ᠪᠠᠶᠢᠬᠤ ᠪᠠᠨ ᠢᠯᠡᠳᠭᠡᠨ᠎ᠡ᠃     8᠂ ᠭᠡᠤᠭᠡᠨ ᠰᠠᠪᠳᠠᠭ ᠪᠠᠶᠠᠰᠬᠤ ᠠᠶ᠎ᠠ ᠲᠠᠭᠤᠤ ᠡᠷᠭᠦᠵᠤ᠂ ᠠᠨᠳᠠᠢ ᠪᠦᠵᠢᠭ ᠪᠦᠵᠢᠭᠯᠡᠨ᠎ᠡ᠃     9᠂ ᠯᠤᠤᠰ ᠳᠠᠭᠢᠭᠰᠠᠨ ᠠᠶᠢᠯ ᠳᠤ ᠤᠴᠢᠵᠤ ᠨᠠᠶᠢᠷ ᠭᠢᠨ᠎ᠡ᠃ ᠤᠯᠠᠨ ᠢᠶᠠᠷ ᠢᠶᠠᠨ ︿︿ᠭᠡᠮ ᠡᠪᠡᠳᠴᠢᠨ ᠠᠴᠠ ᠠᠷᠢᠯᠵᠤ᠂ ᠭᠡᠰᠢᠭ ᠪᠤᠶᠠᠨ ᠳᠡᠯᠭᠡᠷᠡᠭᠦ ᠪᠤᠯᠳᠤᠭᠠᠢ︕﹀﹀ ᠭᠡᠵᠤ ᠬᠤᠷᠤᠶᠢᠯᠠᠨ᠎ᠠ᠃    10᠂ ᠯᠤᠤᠰ ᠢ ᠳᠠᠭᠢᠵᠤ ᠪᠠᠷᠠᠭᠰᠠᠨ ᠤ ᠰᠡᠭᠦᠯᠡᠷ ᠲᠤᠬᠠᠢ ᠶᠢᠨ ᠲᠠᠯᠠᠪᠠᠢ ᠪᠠᠨ ᠴᠡᠪᠡᠷᠯᠡᠨ ᠠᠷᠢᠯᠭᠠᠵᠤ᠂ ᠤᠷᠴᠢᠨ ᠲᠤᠭᠤᠷᠢᠨ ᠤ ᠡᠷᠡᠭᠦᠯ ᠬᠠᠮᠠᠭᠠᠯᠠᠯ ᠢ ᠬᠠᠮᠠᠭᠠᠯᠠᠨ᠎ᠠ᠃                ᠭᠤᠷᠪᠠ᠂ ᠯᠤᠤᠰ ᠳᠠᠭᠢᠬᠤ ᠴᠡᠭᠡᠷ    1᠂ ᠯᠤᠤᠰ ᠳᠠᠭᠢᠭᠰᠠᠨ ᠡᠳᠦᠷ ᠯᠤᠤᠰ ᠳᠠᠭᠢᠭᠰᠠᠨ ᠭᠠᠵᠠᠷ ᠤᠨ ᠪᠤᠯᠠᠭ᠂ ᠭᠤᠷᠤᠬ᠎ᠠ᠂ ᠭᠤᠤᠯ᠂ ᠨᠠᠭᠤᠷ᠂ ᠴᠦᠭᠦᠷᠡᠮ ᠢ ᠭᠦᠨᠳᠡᠯᠡᠨ ᠢᠶᠠᠷ ᠭᠠᠳᠤᠯᠠᠬᠤ ᠶᠢ ᠴᠡᠭᠡᠷᠯᠡᠨ᠎ᠡ᠃    2᠂ ᠤᠰᠤᠨ ᠰᠠᠭᠤᠳᠠᠯ ᠲᠠᠢ ᠭᠦᠮᠦᠨ ᠯᠤᠤᠰ ᠳᠠᠭᠢᠬᠤ ᠳᠤ ᠤᠷᠤᠯᠴᠠᠬᠤ ᠶᠢ ᠴᠡᠭᠡᠷᠯᠡᠨ᠎ᠡ᠃    3᠂ ᠬᠤᠭ ᠨᠤᠪᠰᠢ ᠬᠠᠶᠠᠵᠤ ᠯᠤᠤᠰ ᠳᠠᠭᠢᠭᠰᠠᠨ ᠭᠠᠵᠠᠷ ᠤᠨ ᠤᠰᠤ ᠶᠢ ᠪᠤᠵᠢᠷᠯᠠᠬᠤ ᠪᠠ ᠤᠷᠴᠢᠨ ᠲᠤᠭᠤᠷᠢᠨ  ᠢ ᠪᠤᠭᠢᠷᠳᠠᠭᠤᠯᠬᠤ ᠶᠢ ᠴᠡᠭᠡᠷᠯᠡᠨ᠎ᠡ᠃ ᠭᠤᠤᠯ ᠭᠤᠷᠤᠬ᠎ᠠ᠂ ᠨᠠᠭᠤᠷ ᠴᠦᠭᠦᠷᠦᠮ᠂ ᠪᠤᠯᠠᠭ ᠤᠨ ᠤᠰᠤᠨ ᠪᠤᠯᠤᠨ ᠬᠦᠭᠦᠷᠭᠡ ᠳᠡᠭᠡᠷ᠎ᠡ ᠰᠢᠭᠡᠵᠤ ᠪᠠᠭᠠᠬᠤ ᠪᠠ ᠪᠤᠵᠠᠷ ᠤᠰᠤ ᠤᠷᠤᠭᠤᠯᠬᠤ ᠶᠢ ᠴᠡᠭᠡᠷᠯᠡᠨ᠎ᠡ᠃    4᠂ ᠯᠤᠤᠰ ᠢ ᠦᠳᠡ ᠶᠢᠨ ᠡᠮᠦᠨ᠎ᠡ ᠳᠠᠭᠢᠨ᠎ᠠ᠃ ᠦᠳᠡ ᠶᠢᠨ ᠬᠤᠶᠢᠨ᠎ᠠ ᠳᠠᠭᠢᠬᠤ ᠶᠢ ᠴᠡᠭᠡᠷᠯᠡᠨ᠎ᠡ᠃    5᠂ ᠬᠠᠷ᠎ᠠ ᠠᠷᠢᠭᠢ᠂ ᠤᠯᠠᠭᠠᠨ ᠮᠢᠬ᠎ᠠ ᠠᠪᠴᠤ ᠤᠴᠢᠬᠤ ᠶᠢ ᠴᠡᠭᠡᠷᠯᠡᠨ᠎ᠡ᠃ ᠴᠠᠭᠠᠨ ᠢᠶᠠᠷ ᠳᠠᠭᠢᠨ᠎ᠠ᠃    6᠂ ᠰᠠᠴᠤᠯᠢ ᠳᠤ ᠡᠷᠭᠦᠭᠰᠡᠨ ᠶᠠᠭᠤᠮ᠎ᠠ ᠪᠠᠨ ᠠᠪᠴᠤ ᠢᠳᠡᠵᠤ ᠪᠤᠯᠬᠤ ᠦᠭᠡᠢ᠃ ᠳᠠᠭᠢᠯ ᠳᠤ ᠲᠠᠯᠪᠢᠭᠰᠠᠨ ᠢᠳᠡᠭᠡᠨ ᠠᠴᠠ ᠠᠳᠢᠰ ᠭᠡᠵᠤ ᠠᠪᠴᠤ ᠪᠤᠯᠤᠨ᠎ᠠ᠃    7᠂ ᠨᠠᠷᠠ ᠮᠠᠨᠳᠤᠬᠤ ᠵᠦᠭ ᠬᠠᠨᠳᠤᠭᠰᠠᠨ ᠪᠤᠯᠠᠭ ᠤᠰᠤ ᠶᠢ ᠳᠠᠭᠢᠨ᠎ᠠ᠃ ᠨᠠᠷᠠ ᠤᠨᠠᠬᠤ ᠵᠦᠭ ᠬᠠᠨᠳᠤᠭᠰᠠᠨ ᠪᠤᠯᠠᠭ ᠤᠰᠤ ᠶᠢᠨ ᠳᠡᠷᠭᠡᠳᠡ ᠯᠤᠤᠰ ᠳᠠᠭᠢᠬᠤ ᠶᠢ ᠴᠡᠭᠡᠷᠯᠡᠨ᠎ᠡ᠃    8᠂ ᠡᠮᠡᠭᠲᠠᠢ ᠭᠦᠮᠦᠨ ᠭᠡᠳᠦᠢ ᠤᠯᠠᠨ ᠤᠴᠢᠪᠠᠯ ᠳᠡᠳᠦᠢ ᠰᠠᠶᠢᠨ ᠭᠡᠵᠤ ᠦᠵᠡᠳᠡᠭ᠃ ᠭᠡᠪᠡᠴᠤ ᠵᠢᠷᠦᠮᠰᠦᠨ ᠡᠮᠡᠭᠲᠠᠢ ᠭᠦᠮᠦᠨ ᠤ ᠤᠷᠤᠯᠴᠠᠬᠤ ᠶᠢ ᠴᠡᠭᠡᠷᠯᠡᠨ᠎ᠡ᠃    9᠂ ᠯᠤᠤᠰ ᠳᠠᠭᠢᠬᠤ ᠳᠤ ᠵᠠᠶᠢᠯᠠᠭᠰᠠᠨ ᠮᠤᠳᠤ ᠪᠤᠯᠤᠨ ᠰᠡᠳᠡᠷᠯᠡᠭᠰᠡᠨ ᠮᠤᠳᠤ ᠶᠢ ᠤᠭᠳᠤᠯᠠᠵᠤ ᠬᠤᠭᠤᠯᠠᠬᠤ ᠶᠢ ᠴᠡᠭᠡᠷᠯᠡᠨ᠎ᠡ᠃    10᠂ ᠯᠤᠤᠰ ᠳᠠᠭᠢᠭᠰᠠᠨ ᠭᠠᠵᠠᠷ   ᠲᠤ ᠭᠡᠷ ᠪᠠᠷᠢᠯᠭ᠎ᠠ ᠪᠠᠷᠢᠬᠤ᠂ ᠮᠠᠶᠢᠬᠠᠨ ᠭᠦᠰᠡᠭᠡ ᠪᠤᠰᠬᠠᠵᠤ ᠪᠠᠭᠤᠳᠠᠯᠠᠬᠤ  ᠶᠢ ᠴᠡᠭᠡᠷᠯᠡᠨ᠎ᠡ᠃ ᠬᠠᠵᠠᠭᠤ ᠬᠠᠪᠢ ᠪᠠᠷ ᠨᠢ ᠪᠠᠭᠤᠳᠠᠯᠠᠵᠤ ᠪᠤᠯᠤᠨ᠎ᠠ᠃    11᠂ ᠯᠤᠤᠰ ᠳᠠᠭᠢᠬᠤ ᠦᠶ᠎ᠡ ᠳᠤ ᠫᠤᠤ ᠳᠤᠤᠭᠠᠷᠭᠠᠬᠤ ᠪᠠ ᠫᠤᠤᠵᠢᠩ ᠲᠠᠯᠪᠢᠬᠤ ᠶᠢ ᠴᠡᠭᠡᠷᠯᠡᠨ᠎ᠡ᠃ ᠯᠤᠤᠰ ᠠᠶᠤᠭᠠᠳ ᠳᠠᠭᠢᠯᠭ᠎ᠠ ᠳᠤ ᠢᠷᠡᠭᠦ ᠦᠭᠡᠢ ᠪᠤᠯᠴᠢᠬᠠᠨ᠎ᠠ᠃    12᠂ ᠯᠤᠤᠰ ᠳᠠᠭᠢᠭᠰᠠᠨ ᠭᠠᠵᠠᠷ ᠤᠨ ᠤᠷᠴᠢᠨ ᠲᠤᠭᠤᠷᠢᠨ ᠤ ᠡᠪᠡᠰᠤ ᠮᠤᠳᠤ ᠶᠢ ᠰᠦᠢᠳᠭᠡᠭᠦ ᠪᠠ ᠠᠮᠢᠳᠠᠨ ᠠᠷᠢᠶᠠᠳᠠᠨ ᠢ ᠠᠯᠠᠬᠤ᠂ ᠵᠢᠭᠠᠰᠤ ᠵᠢᠷᠭᠠᠬᠠᠢ ᠶᠢ ᠠᠯᠠᠵᠤ ᠭᠦᠨᠦᠭᠡᠭᠦ ᠶᠢ ᠳᠠᠰᠤ ᠴᠡᠭᠡᠷᠯᠡᠨ᠎ᠡ᠃    ᠲᠡᠭᠡᠷᠡᠭᠢ ᠴᠢᠭᠡᠷᠯᠡᠯ ᠤᠳ ᠢ ᠴᠡᠭᠡᠷᠯᠡᠭᠦ ᠦᠭᠡᠢ ᠪᠤᠯ ᠯᠤᠤᠰ ᠠᠭᠤᠷᠯᠠᠵᠤ᠂ ᠭᠠᠮᠰᠢᠭ ᠪᠤᠯᠤᠨ᠎ᠠ᠂ ᠭᠦᠮᠦᠨ ᠡᠪᠡᠳᠴᠢᠯᠡᠨ᠎ᠡ ᠭᠡᠳᠡᠭ᠃                  ᠲᠦᠷᠪᠡ᠂ ᠯᠤᠤᠰ ᠳᠠᠭᠢᠬᠤ ᠢᠷᠤᠭᠡᠯ ᠤᠨ ᠰᠠᠩ    ᠵᠧ︕   ᠡᠩᠭᠡ ᠠᠮᠤᠭᠤᠯᠠᠩ ᠪᠤᠯᠳᠤᠭᠠᠢ︕   ᠪᠤᠭᠤ ᠤᠨ ᠬᠤᠶᠠᠷ ᠡᠪᠡᠷ ᠲᠠᠢ   ᠪᠤᠬᠠᠨ ᠬᠤᠶᠠᠷ ᠴᠢᠭᠢ ᠲᠠᠢ   ᠲᠠᠤᠯᠠᠢ ᠶᠢᠨ ᠬᠤᠶᠠᠷ ᠨᠢᠳᠦ ᠲᠠᠢ   ᠲᠡᠮᠡᠭᠡ ᠠᠳᠠᠯᠢ ᠲᠤᠯᠤᠭᠠᠢ ᠲᠠᠢ   ᠮᠤᠭᠠᠢ ᠠᠳᠠᠯᠢ ᠭᠦᠵᠦᠭᠦᠦ ᠲᠠᠢ   ᠬᠠᠪ ᠵᠢᠭᠠᠰᠤᠨ ᠭᠡᠳᠡᠰᠦ ᠲᠠᠢ   ᠪᠦᠷᠭᠦᠳ ᠤᠨ ᠲᠦᠷᠪᠡᠨ ᠰᠠᠪᠠᠷ ᠲᠠᠢ   ᠪᠠᠷᠰ ᠤᠨ ᠲᠦᠷᠪᠡᠨ ᠠᠯᠠᠭ᠎ᠠ ᠲᠠᠢ   ᠵᠢᠭᠠᠰᠤ ᠠᠳᠠᠯᠢ ᠬᠠᠶᠢᠷᠰᠤ ᠲᠠᠢ   ᠨᠠᠢᠮᠠᠨ ᠮᠢᠩᠭᠠᠨ ᠨᠠᠰᠤ ᠲᠠᠢ   ᠯᠤᠤᠰ ᠤᠨ ᠡᠵᠡᠨ ᠴᠤᠯᠠ ᠲᠠᠢ   ᠵᠡᠭᠦᠨ ᠲᠠᠯᠠᠢ ᠳᠤ ᠨᠤᠳᠤᠭᠯᠠᠵᠤ   ᠶᠢᠰᠦᠨ ᠲᠡᠭᠷᠢ ᠲᠤ ᠲᠡᠭᠦᠯᠡᠭᠰᠡᠨ   ᠦᠯᠵᠡᠢ ᠬᠤᠳᠤᠭ   ᠢ ᠪᠡᠯᠭᠡᠳᠡᠭᠰᠡᠨ   ᠠᠪᠤᠷᠭᠤ ᠯᠤᠤ ᠲᠠᠨ ᠢ ᠪᠠᠨ   ᠠᠷᠠᠳ ᠤᠯᠠᠨ ᠪᠦᠭᠦᠳᠡᠭᠡᠷ ᠢᠶᠠᠨ   ᠲᠤᠲ᠋ᠧᠮ ᠪᠤᠯᠭᠠᠨ ᠰᠢᠳᠦᠵᠦ   ᠦᠨᠦᠳᠦᠷ ᠳᠠᠭᠢᠵᠤ ᠪᠠᠶᠢᠨ᠎ᠠ  ︕   ᠠᠮᠲᠠᠳᠤ ᠢᠳᠡᠭᠡᠨ   ᠢᠶᠠᠷ ᠬᠤᠷᠤᠶᠢᠯᠠᠨ ᠳᠠᠯᠠᠯᠵᠤ   ᠠᠷᠠᠳ ᠢᠷᠭᠡᠳ ᠴᠢᠨᠢ ᠤᠷᠢᠵᠤ ᠵᠠᠯᠠᠵᠤ ᠪᠠᠶᠢᠨ᠎ᠠ᠃   ᠰᠢᠷᠠᠮᠦ᠋ᠷᠡᠨ ᠭᠤᠤᠯ ᠤᠨ ᠰᠢᠷ᠎ᠠ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠯᠤᠤᠬ᠎ᠠ ᠶᠢᠨ ᠭᠤᠤᠯ ᠤᠨ ᠴᠠᠭᠠᠨ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠡᠩᠭᠡᠯᠠᠢ ᠠᠭᠤᠯᠠ ᠶᠢᠨ ᠭᠡᠪᠳᠡᠭᠡ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠬᠠᠶᠢᠯᠠᠰᠤ ᠶᠢᠨ ᠠᠭᠤᠯᠠ ᠶᠢᠨ ᠴᠠᠭᠠᠷᠢᠭᠯᠠᠭᠰᠠᠨ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠬᠤᠷᠠᠬᠤ  ᠤᠷᠤᠨ ᠤ ᠲᠦᠷᠪᠡᠨ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠤᠩᠭᠤᠨ ᠠᠭᠤᠯᠠ ᠶᠢᠨ ᠠᠪᠤᠷᠭᠤ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠭᠤᠤᠷᠰᠤ ᠶᠢᠨ ᠠᠭᠤᠯᠠ ᠶᠢᠨ  ᠭᠡᠪᠳᠡᠭᠡ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠤᠯᠠᠭᠠᠨ ᠮᠠᠩᠬ᠎ᠠ ᠶᠢᠨ ᠤᠯᠠᠭᠠᠨ ᠯᠤᠤ ᠠᠳᠡ ᠮᠤᠷᠢᠯᠠᠨ‌ᠢᠷᠡᠵᠤ ᠰᠠᠭᠠᠳᠤᠭᠠᠷᠠᠢ︕   ᠪᠠᠶᠠᠨ ᠲᠡᠯᠭᠡᠷ ᠤᠨ ᠭᠡᠪᠳᠡᠭᠡ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠪᠠᠷᠠᠭᠤᠨ ᠤᠷᠤᠨ ᠤ ᠤᠯᠠᠨ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠰᠠᠴᠢᠨᠲᠠᠯ᠎ᠠ ᠶᠢᠨ ᠨᠤᠮᠢᠨ ᠬᠠᠰ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠢᠮᠠᠭᠠᠳᠤ ᠶᠢᠨ ᠠᠭᠤᠯᠠ ᠶᠢᠨ ᠰᠢᠷ᠎ᠠ ᠬᠠᠰ ᠯᠤᠤ ᠠᠳᠡ ᠮᠤᠷᠢᠯᠠᠨ ᠢᠷᠡᠵᠤ ᠰᠠᠭᠠᠳᠤᠭᠠᠷᠠᠢ︕   ᠠᠴᠠᠳᠤ ᠠᠭᠤᠯᠠ ᠶᠢᠨ ᠯᠤᠤᠰ ᠤᠨ ᠭᠡᠤᠭᠡᠨ ᠠᠳᠡ ᠮᠤᠷᠢᠯᠠᠨ ᠢᠷᠡᠵᠤ ᠰᠠᠭᠠᠳᠤᠭᠠᠷᠠᠢ︕   ᠷᠠᠰᠢᠶᠠᠨ ᠪᠤᠯᠠᠭ ᠤᠨ ᠯᠤᠤᠰ ᠤᠨ ᠭᠡᠤᠭᠡᠨ ᠠᠳᠡ ᠮᠤᠷᠢᠯᠠᠨ ᠢᠷᠡᠵᠤ ᠰᠠᠭᠠᠳᠤᠭᠠᠷᠠᠢ︕   ᠭᠡᠳᠡᠷᠡᠭ ᠱᠤᠷᠤᠩ ᠤᠨ ᠯᠤᠤᠰ ᠤᠨ ᠭᠡᠤᠭᠡᠨ ᠠᠳᠡ ᠮᠤᠷᠢᠯᠠᠨ ᠢᠷᠡᠵᠤ ᠰᠠᠭᠠᠳᠤᠭᠠᠷᠠᠢ︕   ᠴᠡᠭᠡᠨ ᠨᠠᠭᠤᠷ ᠤᠨ ᠭᠦᠮᠪᠢᠷ᠎ᠠ ᠮᠠᠲᠠᠷ ᠠᠳᠡ ᠮᠤᠷᠢᠯᠠᠨ ᠢᠷᠡᠵᠤ ᠰᠠᠭᠠᠳᠤᠭᠠᠷᠠᠢ︕   ᠡᠷᠭᠢᠨ ᠲᠤᠭᠤᠷᠢᠨ ᠤ ᠯᠤᠤᠰ ᠤᠨ ᠡᠵᠡᠳ ᠠᠳᠡ ᠴᠤᠭᠯᠠᠷᠠᠨ ᠢᠷᠡᠵᠤ ᠰᠠᠭᠠᠳᠤᠭᠠᠷᠠᠢ︕   ᠡᠯᠳᠡᠪ ᠵᠦᠢᠯ ᠤᠨ ᠠᠮᠳᠠᠳᠤ ᠢᠳᠡᠭᠡᠨ ᠢᠶᠠᠷ ᠲᠠᠯᠠᠯᠤᠨ ᠤᠷᠢᠵᠤ ᠪᠠᠶᠢᠨ᠎ᠠ︕   ︵ᠤᠯᠠᠨ ᠢᠶᠠᠷ ᠢᠶᠠᠨ ᠲᠠᠪᠤᠨ ᠲᠠᠷᠢᠶ᠎ᠠ ᠶᠢᠨ ᠦᠷ᠎ᠡ  ᠪᠤᠯᠤᠨ ᠳᠠᠭᠢᠯᠭ᠎ᠠ ᠶᠢᠨ ᠴᠠᠭᠠᠨ ᠢᠳᠡᠭᠡᠨ ᠢᠶᠠᠨ ᠭᠤᠤᠯ ᠭᠤᠷᠤᠬ᠎ᠠ᠂ ᠨᠠᠭᠤᠷ ᠪᠤᠯᠠᠭ ᠲᠤ ᠰᠠᠴᠤᠯᠢ ᠡᠷᠭᠦᠨ᠎ᠡ᠃︶   ᠤᠮ ᠠ ᠬᠤᠩ᠂ ᠤᠮ ᠠ ᠬᠤᠩ︕   ᠤᠮ ᠠ ᠬᠤᠩ᠂ ᠤᠮ ᠠ ᠬᠤᠩ︕   ᠤᠯᠠᠨ ᠭᠦᠳᠡᠯᠦᠯᠴᠡᠵᠤ ᠯᠤᠤᠰ ᠲᠠᠭᠢᠭᠰᠠᠨ ᠢᠶᠠᠷ   ᠤᠯᠠᠭᠠᠨ ᠭᠠᠩ ᠡᠴᠦᠰᠯᠡᠵᠤ᠂   ᠤᠰᠤᠨ ᠭᠠᠮᠰᠢᠭ ᠵᠠᠶᠢᠯᠠᠵᠤ᠂   ᠴᠠᠭ ᠤᠨ ᠬᠤᠷ᠎ᠠ ᠪᠠᠭᠤᠵᠤ᠂   ᠴᠠᠭᠠᠨ ᠮᠦᠨᠳᠦᠷ ᠠᠷᠢᠯᠵᠤ᠂   ᠴᠠᠰᠤ ᠵᠤᠳ ᠪᠠᠭᠠᠰᠴᠤ᠂   ᠰᠠᠯᠭᠢᠨ ᠭᠠᠮᠰᠢᠭ ᠦᠭᠡᠢ ᠪᠤᠯᠵᠤ᠂   ᠭᠢᠷᠠᠭᠤ ᠶᠢᠨ ᠭᠠᠮᠰᠢᠭ ᠠᠴᠠ ᠭᠡᠯᠳᠦᠷᠢᠵᠤ᠂   ᠬᠤᠷᠤᠬᠠᠢ ᠶᠢᠨ ᠭᠠᠮᠰᠢᠭ ᠤᠰᠠᠳᠴᠤ᠂   ᠬᠤᠤᠷᠯᠠᠭᠴᠢ ᠲᠠᠶᠢᠰᠤᠨ ᠰᠦᠨᠦᠵᠤ᠂   ᠦᠷᠭᠡᠨ ᠤᠯᠠᠨ ᠦᠭᠯᠢᠭᠴᠢᠳ ᠲᠤ   ᠦᠨᠡᠨ ᠵᠢᠷᠭᠠᠯ ᠢᠷᠡᠭᠦ ᠪᠤᠯᠳᠤᠭᠠᠢ︕   ᠤᠮ ᠠ ᠬᠤᠩ᠂ ᠤᠮ ᠠ ᠬᠤᠩ︕   ᠤᠮ ᠠ ᠬᠤᠩ᠂ ᠤᠮ ᠠ ᠬᠤᠩ︕   ᠯᠤᠤᠰ ᠢ ᠳᠠᠭᠢᠭᠰᠠᠨ ᠤ ᠠᠴᠢ ᠪᠠᠷ   ᠮᠠᠩᠬᠠᠨ ᠳᠤ ᠮᠤᠳᠤ ᠪᠤᠷᠭᠠᠰᠤ ᠭᠦᠭᠡᠷᠡᠵᠤ᠂   ᠲᠠᠯ᠎ᠠ ᠳᠤ ᠡᠪᠡᠰᠦ ᠬᠤᠯᠤᠰᠤ ᠨᠤᠭᠤᠭᠠᠷᠠᠵᠤ᠂   ᠬᠥᠨᠳᠡᠢ ᠵᠤ ᠪᠠᠷ ᠠᠯᠳᠠᠨ ᠲᠠᠷᠢᠶ᠎ᠠ ᠬᠠᠯᠢᠭᠤᠷᠠᠵᠤ᠂   ᠭᠦᠳᠡᠭᠡ ᠭᠠᠳᠠᠭ᠎ᠠ ᠦᠭᠡᠢ ᠦᠢᠯᠡᠳᠪᠦᠷᠢ ᠭᠦᠭᠵᠢᠵᠤ᠂   ᠬᠠᠰᠢᠶᠠᠨ ᠳᠤᠳᠤᠷ᠎ᠠ ᠦᠭᠡᠷ ᠬᠤᠨᠢ ᠲᠦᠭᠦᠷᠴᠦ᠂   ᠨᠠᠭᠤᠷ ᠭᠤᠤᠯ ᠢᠶᠠᠷ ᠵᠢᠭᠠᠰᠤ ᠵᠢᠷᠠᠭᠠᠬᠠᠢ ᠱᠤᠩᠪᠠᠯᠳᠤᠵᠤ᠂   ᠠᠭᠤᠯᠠ ᠪᠤᠯᠭᠠᠨ ᠢᠶᠠᠷ ᠨᠠᠷᠠᠰᠤ ᠮᠠᠶᠢᠯᠠᠰᠤ ᠪᠦᠷᠭᠦᠵᠤ᠂   ᠬᠤᠳᠠ ᠪᠠᠯᠭᠠᠰᠤ ᠪᠠᠷ ᠠᠰᠠᠷ ᠲᠠᠭᠳᠤ ᠰᠦᠨᠳᠡᠷᠯᠡᠵᠦ᠂   ᠵᠠᠮ ᠬᠠᠷᠢᠯᠴᠠᠭ᠎ᠠ ᠲᠦᠷᠪᠡᠨ ᠵᠦᠭ ᠲᠤ ᠨᠠᠪᠳᠡᠷᠡᠵᠤ᠂   ᠠᠷᠠᠯᠵᠢᠶ᠎ᠠ ᠬᠤᠳᠠᠯᠳᠤᠭ᠎ᠠ ᠦᠷᠨᠢᠨ ᠭᠦᠭᠵᠢᠵᠤ᠂   ᠠᠳᠤᠭᠤ ᠮᠠᠯ ᠠᠳᠠᠷ ᠲᠦᠭᠦᠷᠡᠩ᠂   ᠠᠮᠤ ᠪᠤᠳᠠᠭ᠎ᠠ ᠭᠦᠮᠦᠷᠭᠡ ᠲᠦᠭᠦᠷᠡᠩ᠂   ᠡᠳ᠋ ᠭᠦᠷᠦᠩᠭᠡ ᠡᠯᠪᠡᠭ ᠲᠡᠯᠪᠡᠭ   ᠡᠷᠭᠡᠨ ᠠᠷᠠᠳ ᠡᠷᠡᠭᠦᠯ ᠴᠠᠭᠢᠷᠠᠭ᠂   ᠡᠩ ᠶᠢᠷᠳᠢᠨᠴᠤ ᠡᠶ᠎ᠡ ᠵᠤᠭᠢᠴᠠᠩᠭᠤᠢ᠂   ᠡᠯ᠎ᠡ ᠦᠢᠯᠡᠰ ᠭᠦᠭᠵᠢᠯ ᠪᠠᠳᠠᠷᠠᠩᠭᠤᠢ ᠪᠤᠯᠵᠤ᠂   ᠤᠨ ᠤᠨ ᠦᠭᠡᠳᠡ ᠡᠰᠡᠷᠡᠭ᠂   ᠦᠯᠵᠡᠢ ᠬᠤᠳᠤᠭ ᠮᠦᠩᠭᠡ ᠤᠷᠤᠰᠢᠬᠤ ᠪᠤᠯᠳᠤᠭᠠᠢ︕   ᠲᠦᠷᠦ ᠭᠦᠷᠦᠨ ᠡᠩᠭᠡ ᠲᠠᠶᠢᠪᠤᠩ᠂   ᠲᠦᠮᠡᠨ ᠠᠷᠠᠳ ᠪᠠᠶᠠᠨ ᠴᠢᠨᠡᠭᠡᠯᠢᠭ᠂   ᠦᠨᠳᠦᠰᠦᠳᠡᠨ ᠪᠦᠭᠦᠨ ᠡᠷᠭᠡ ᠲᠡᠭᠰᠢ   ᠦᠨᠢᠷ ᠵᠢᠷᠭᠠᠯ ᠲᠠᠢ ᠠᠮᠢᠳᠤᠷᠠᠬᠤ ᠪᠤᠯᠳᠤᠭᠠᠢ︕   ᠤᠳᠤᠮ ᠰᠠᠶᠢᠲᠠᠢ ᠪᠦᠭᠡᠴᠤᠳ ᠤᠯᠠᠰᠢᠷᠠᠬᠤ ᠪᠤᠯᠳᠤᠭᠠᠢ︕   ᠤᠷᠠᠨ ᠮᠡᠷᠭᠡᠨ ᠪᠡᠷᠢᠶᠡᠳ ᠤᠯᠠᠰᠢᠷᠠᠬᠤ ᠪᠤᠯᠳᠤᠭᠠᠢ︕   ᠤᠬᠠᠭᠠᠨ ᠰᠡᠴᠡᠨ ᠦᠷ᠎ᠡ ᠬᠡᠦᠬᠡᠳ ᠤᠯᠠᠰᠢᠷᠠᠬᠤ ᠪᠤᠯᠳᠤᠭᠠᠢ︕   ᠤᠷᠭᠤᠭ᠎ᠠ ᠵᠢᠷᠤᠭ᠎ᠠ ᠮᠤᠷᠢᠳ ᠤᠯᠠᠰᠢᠷᠠᠬᠤ ᠪᠤᠯᠳᠤᠭᠠᠢ︕   ᠬᠠᠷᠪᠤᠯᠳᠠ ᠰᠠᠶᠢᠲᠠᠢ ᠰᠤᠷᠴᠢᠳ ᠤᠯᠠᠰᠢᠷᠠᠬᠤ ᠪᠤᠯᠳᠤᠭᠠᠢ︕   ᠰᠤᠷᠤᠯᠭ᠎ᠠ ᠰᠠᠶᠢᠲᠠᠢ ᠪᠠᠭᠠᠴᠤᠳ ᠤᠯᠠᠰᠢᠷᠠᠬᠤ ᠪᠤᠯᠳᠤᠭᠠᠢ︕   ᠡᠷᠳᠡᠮᠳᠡᠨ ᠮᠡᠷᠭᠡᠳ ᠤᠯᠠᠰᠢᠷᠠᠬᠤ ᠪᠤᠯᠳᠤᠭᠠᠢ︕   ᠡᠳ᠋ ᠪᠠᠶᠠᠯᠢᠭ ᠠᠷᠪᠢᠵᠢᠬᠤ ᠪᠤᠯᠳᠤᠭᠠᠢ︕     ᠠᠳᠤᠭᠤ ᠮᠠᠯ ᠤᠨ ᠪᠤᠶᠠᠨ ᠭᠡᠰᠢᠭ  ᠲᠤᠭᠳᠠᠬᠤ ᠪᠤᠯᠳᠤᠭᠠᠢ︕   ᠠᠮᠤ ᠲᠠᠷᠢᠶᠠᠨ ᠤ ᠡᠯᠪᠡᠭ ᠬᠤᠷᠢᠶᠠᠯᠳᠠ   ᠶᠢ ᠤᠯᠬᠤ ᠪᠤᠯᠳᠤᠭᠠᠢ︕   ᠠᠵᠤ ᠦᠢᠯᠡᠳᠪᠦᠷᠢ ᠲᠦᠷᠭᠡᠨ ᠭᠦᠭᠵᠢᠭᠦ ᠪᠤᠯᠳᠤᠭᠠᠢ︕   ᠠᠷᠠᠳ ᠤᠨ ᠠᠮᠢᠳᠤᠷᠠᠯ  ᠤᠯᠠᠮ ᠠᠮᠤᠷ ᠲᠠᠶᠢᠪᠤᠩ  ᠪᠤᠯᠳᠤᠭᠠᠢ︕   ᠤᠮ ᠠ ᠬᠤᠩ᠂ ᠤᠮ ᠠ ᠬᠤᠩ︕   ᠤᠮ ᠠ ᠬᠤᠩ᠂ ᠤᠮ ᠠ ᠬᠤᠩ︕   ᠰᠠᠩ ᠳᠠᠯᠪᠢᠵᠤ᠂ ᠳᠠᠭᠢᠯᠭ᠎ᠠ ᠶᠢᠨ ᠢᠷᠦᠭᠡᠯ ᠢ ᠤᠩᠰᠢᠵᠤ  ᠪᠠᠷᠠᠮᠠᠭᠴᠠ ᠤᠪᠤᠭ᠎ᠠ  ᠪᠤᠰᠬᠠᠵᠤ  ᠯᠤᠤᠰ ᠳᠠᠭᠢᠭᠰᠠᠨ ᠪᠤᠯ  ᠳᠠᠭᠢᠯᠭ᠎ᠠ ᠶᠢᠨ ᠳᠠᠭᠠᠮᠠᠯ ᠨᠢ ᠳᠠᠯᠠᠯᠭ᠎ᠠ ᠠᠪᠬᠤ ᠦᠭᠡ ᠭᠡᠯᠡᠵᠤ᠂ ᠤᠪᠤᠭ᠎ᠠ ᠪᠠᠨ ᠨᠠᠷᠠᠨ ᠵᠦᠪ ᠢᠶᠠᠷ ᠭᠤᠷᠪᠠᠨ ᠡᠷᠭᠢᠨ ᠴᠠᠭᠠᠨ ᠪᠢᠯᠠᠩ ᠡᠷᠭᠦᠨ ᠤᠪᠤᠭᠠᠨ ᠳᠠᠯᠠᠯᠭ᠎ᠠ  ᠠᠪᠳᠠᠭ᠃             ᠲᠠᠪᠤ᠂ ᠲᠠᠯᠠᠯᠭ᠎ᠠ ᠠᠪᠬᠤ ᠦᠭᠡ     ᠲᠠᠭᠠᠭᠠᠮᠠᠯ᠄ ᠤᠸ᠋ᠮ ᠰᠠᠶᠢᠨ ᠠᠮᠤᠭᠤᠯᠠᠩ ᠪᠤᠯᠳᠤᠭᠠᠢ︕   ᠡᠴᠢᠭᠡ ᠲᠡᠭᠷᠢ ᠡᠭᠡ ᠭᠠᠵᠠᠷ   ᠯᠤᠤᠰ ᠤᠨ ᠬᠠᠭᠠᠨ ᠤ ᠠᠪᠤᠷᠠᠯ ᠢᠶᠠᠷ   ᠡᠭᠡ ᠨᠤᠳᠤᠭ ᠮᠢᠨᠢ ᠪᠠᠶᠠᠵᠢᠨ ᠴᠡᠴᠡᠭᠯᠡᠵᠤ   ᠡᠪ ᠬᠠᠮᠳᠤ ᠨᠠᠮ ᠤᠨ ᠤᠳᠤᠷᠢᠳᠤᠯᠭ᠎ᠠ ᠪᠠᠷ   ᠡᠯ᠎ᠡ ᠦᠨᠳᠦᠰᠦᠳᠡᠨ ᠪᠦᠯᠭᠦᠮᠳᠡᠨ ᠨᠢᠡᠡᠳᠠᠷᠠᠭᠰᠠᠨ   ᠡᠶ᠎ᠡ ᠵᠤᠭᠢᠴᠠᠯᠳᠤ ᠰᠢᠨ᠎ᠡ ᠤᠩᠨᠢᠭᠤᠳ ᠮᠢᠨᠢ   ᠨᠡᠩ ᠲᠦᠷᠭᠡᠨ ᠭᠦᠭᠵᠢᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄  ᠯᠤᠤᠰ ᠤᠨ ᠡᠵᠡᠨ ᠤ ᠰᠤᠶᠤᠷᠬᠠᠯ ᠢᠶᠠᠷ   ᠪᠤᠷᠤᠭᠠᠨ ᠤᠰᠤ ᠲᠡᠭᠰᠢᠷᠡᠵᠤ   ᠲᠠᠪᠤᠨ ᠲᠠᠷᠢᠶ᠎ᠠ ᠡᠯᠪᠡᠭ ᠬᠤᠷᠢᠶᠠᠵᠤ   ᠲᠠᠶᠠᠭᠠᠷ ᠤᠯᠠᠨ ᠢ ᠢᠪᠡᠭᠡᠭᠦ ᠪᠤᠯᠳᠤᠭᠠᠢ︕   ᠬᠤᠷᠤᠢ᠂ ᠬᠤᠷᠤᠢ ᠬᠤᠷᠤᠢ︕   ᠤᠯᠠᠨ᠄ ᠬᠤᠷᠤᠢ᠂ ᠬᠤᠷᠤᠢ ᠬᠤᠷᠤᠢ︕   ᠲᠠᠭᠠᠭᠠᠮᠠᠯ᠄ ᠯᠤᠤᠰ ᠤᠨ ᠡᠵᠡᠨ ᠤ ᠦᠷᠦᠰᠢᠶᠡᠯ ᠢᠶᠠᠷ   ᠬᠤᠷ᠎ᠠ ᠲᠤᠨᠤᠳᠠᠰᠤ ᠲᠡᠭᠰᠢᠷᠡᠵᠤ   ᠡᠪᠡᠰᠤ ᠪᠡᠯᠴᠢᠭᠡᠷ ᠦᠩᠭᠡᠰᠢᠵᠤ   ᠲᠠᠪᠤᠨ ᠬᠤᠰᠢᠭᠤ ᠮᠠᠯ ᠦᠨᠢᠷ ᠦᠰᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄  ᠯᠤᠤᠰ ᠲᠠᠭᠢᠭᠰᠠᠨ ᠤ ᠰᠠᠶᠢᠨ ᠢᠶᠠᠷ   ᠬᠤᠷ᠎ᠠ ᠶᠢᠨ ᠰᠢᠮ᠎ᠡ ᠬᠠᠶᠢᠷᠠᠯᠠᠵᠤ   ᠠᠭᠤᠯᠠ ᠤᠰᠤ ᠨᠤᠭᠤᠭᠠᠷᠠᠨ   ᠠᠮᠢ ᠠᠬᠤᠢ ᠰᠠᠶᠢᠵᠢᠷᠠᠬᠤ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ   ᠭᠤᠤᠯ ᠮᠥᠷᠡᠨ ᠪᠤᠯᠭᠠᠨ ᠬᠠᠰᠢᠯᠭ᠎ᠠ ᠪᠤᠭᠤᠯᠳᠠ ᠲᠠᠢ   ᠨᠠᠭᠤᠷ ᠴᠦᠭᠦᠷᠡᠮ ᠪᠤᠯᠭᠠᠨ ᠵᠢᠭᠠᠰᠤᠨ ᠭᠠᠷᠤᠯᠳᠠ ᠲᠠᠢ ᠪᠤᠯᠵᠤ   ᠤᠰᠤᠨ ᠠᠰᠢᠭᠯᠠᠯᠳᠠ ᠤᠯᠠᠮ ᠭᠦᠭᠵᠢᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ   ᠡᠳ᠋ ᠤᠨ ᠡᠵᠡᠳ ᠪᠠᠶᠠᠰᠴᠤ   ᠦᠢᠯᠡᠳᠪᠦᠷᠢ ᠠᠭᠤᠷᠬᠠᠢ ᠶᠢᠨ ᠭᠠᠷᠤᠯᠳᠠ ᠨᠠᠮᠡᠭᠳᠡᠵᠤ   ᠡᠳ᠋ ᠤᠨ ᠵᠠᠰᠠᠭ ᠤᠨ ᠤᠷᠤᠯᠭ᠎ᠠ ᠨᠡᠮᠡᠭᠳᠡᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ     ᠠᠷᠠᠯᠵᠢᠶ᠎ᠠ ᠬᠤᠳᠠᠯᠳᠤᠭ᠎ᠠ ᠭᠦᠭᠵᠢᠶᠡᠨᠲᠠᠢ ᠪᠤᠯᠵᠤ   ᠠᠰᠢᠭ ᠤᠷᠤᠯᠭ᠎ᠠ ᠨᠡᠮᠡᠭᠳᠡᠨ   ᠠᠷᠠᠳ ᠤᠨ ᠠᠮᠢᠳᠤᠷᠠᠯ ᠰᠠᠶᠢᠵᠢᠷᠠᠬᠤ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ   ᠵᠠᠮ ᠬᠠᠷᠢᠯᠴᠠᠭ᠎ᠠ ᠲᠦᠭᠦᠮ ᠪᠤᠯᠵᠤ   ᠠᠶᠠᠨ ᠲᠡᠭᠡᠭᠡᠪᠦᠷᠢ ᠭᠦᠭᠵᠢᠶᠡᠨᠲᠠᠢ ᠪᠤᠯᠵᠤ   ᠠᠷᠠᠳ ᠤᠨ ᠤᠷᠤᠯᠭ᠎ᠠ ᠨᠡᠮᠡᠭᠳᠡᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ   ᠬᠤᠳᠠ ᠶᠢᠨ ᠪᠦᠳᠦᠭᠡᠨ ᠪᠠᠶᠢᠭᠤᠯᠤᠯᠳᠠ ᠲᠦᠷᠭᠡᠳᠴᠤ   ᠵᠡᠭᠡᠯᠢ ᠭᠤᠳᠤᠮᠵᠢ ᠰᠠᠷᠠᠭᠤᠯ ᠠᠭᠤᠳᠠᠮ   ᠠᠰᠠᠷ ᠲᠠᠭᠳᠤ ᠰᠦᠷᠯᠢᠭ ᠰᠠᠶᠢᠬᠠᠨ   ᠬᠤᠳᠠ ᠶᠢᠨ ᠦᠵᠡᠮᠵᠢ ᠭᠤᠴᠤ ᠰᠠᠶᠢᠨ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ     ᠦᠰᠦᠭ ᠪᠢᠴᠢᠭ ᠢᠶᠠᠷ ᠤᠯᠠᠮ ᠭᠡᠭᠡᠷᠡᠵᠤ   ᠰᠤᠳᠤᠨ ᠪᠠᠭᠠᠴᠤᠳ ᠤᠯᠠᠰᠢᠷᠠᠵᠤ   ᠰᠤᠷᠭᠠᠨ ᠭᠦᠮᠦᠵᠢᠯ ᠭᠦᠭᠵᠢᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ     ᠰᠤᠶᠤᠯ ᠲᠠᠮᠢᠷ ᠤᠯᠠᠮ ᠭᠦᠭᠵᠢᠵᠤ   ᠰᠤᠳᠤᠨ‌ᠡᠷᠳᠡᠮᠳᠡᠨ ᠤᠯᠠᠰᠢᠷᠠᠵᠤ   ᠦᠩᠭᠡ ᠶᠢᠨ ᠴᠡᠴᠡᠭ ᠲᠡᠯᠭᠡᠷᠡᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ     ᠡᠮ ᠡᠮᠨᠡᠯᠭᠡ ᠶᠢᠨ ᠦᠢᠯᠡᠰ ᠭᠦᠭᠵᠢᠵᠤ   ᠡᠪᠡᠳᠴᠢᠨ ᠡᠮᠵᠡᠭ ᠠᠷᠢᠯᠵᠤ   ᠦᠭᠯᠢᠭᠡ ᠶᠢᠨ ᠡᠵᠡᠳ ᠪᠦᠭᠦᠨ ᠤᠷᠳᠤ ᠨᠠᠰᠤᠯᠠᠬᠤ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ     ᠭᠦᠮᠦᠨ ᠠᠷᠠᠳ ᠨᠢ ᠰᠡᠴᠡᠨ ᠰᠡᠷᠭᠦᠯᠡᠩ ᠪᠤᠯᠵᠤ   ᠰᠢᠨ᠎ᠡ  ᠡᠭᠦᠳᠦᠯᠳᠡ ᠨᠡᠩ ᠤᠯᠠᠰᠢᠷᠠᠵᠤ   ᠰᠢᠨᠵᠢᠯᠡᠭᠦ ᠮᠡᠷᠭᠡᠵᠢᠯ ᠶᠡᠭᠡᠪᠡᠷ ᠭᠦᠭᠵᠢᠭᠦ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕   ᠲᠠᠭᠠᠭᠠᠮᠠᠯ᠄ ᠯᠤᠤᠰ ᠤᠨ ᠡᠵᠡᠨ   ᠤ ᠰᠠᠶᠢᠨ ᠢᠶᠠᠷ   ᠬᠤᠳᠤᠭ ᠭᠡᠰᠢᠭ ᠡᠭᠦᠳᠡ ᠪᠤᠯᠭᠠᠨ ᠳᠤ ᠰᠠᠭᠠᠳᠠᠵᠤ   ᠬᠤᠳᠠᠯᠠ ᠪᠤᠶᠠᠨ ᠡᠷᠤᠭᠡ ᠪᠤᠯᠭᠠᠨ ᠳᠤ ᠪᠠᠭᠤᠵᠤ   ᠡᠳ᠋ ᠭᠦᠷᠦᠩᠭᠡ ᠡᠯᠪᠡᠭ ᠲᠡᠯᠪᠡᠭ ᠪᠤᠯᠳᠤᠭᠠᠢ︕   ᠡᠷᠤᠭᠡ ᠭᠡᠷ ᠡᠶ᠎ᠡ ᠪᠦᠯᠭᠦᠮᠳᠡᠯ ᠲᠠᠢ ᠪᠤᠯᠳᠤᠭᠠᠢ︕   ᠡᠨᠡ ᠪᠡᠶ᠎ᠡ ᠡᠷᠡᠭᠦᠯ ᠴᠠᠭᠢᠷᠠᠭ ᠪᠤᠯᠳᠤᠭᠠᠢ︕   ᠡᠭᠡ ᠨᠤᠳᠤᠭ ᠪᠠᠶᠠᠨ ᠴᠢᠨᠡᠭᠡᠯᠢᠭ ᠪᠤᠯᠳᠤᠭᠠᠢ︕   ᠬᠤᠷᠤᠢ᠂ ᠬᠤᠷᠤᠢ᠂ ᠬᠤᠷᠤᠢ︕   ᠤᠯᠠᠨ᠄ ᠬᠤᠷᠤᠢ᠂ ᠬᠤᠷᠤᠢ᠂ ᠬᠤᠷᠤᠢ︕       2016 ᠤᠨ ᠤ 5 ᠰᠠᠷ᠎ᠠ ᠶᠢᠨ16 ᠤ ᠡᠳᠦᠷ  ᠃
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号