ᠤᠩᠨᠢᠭᠤᠳ ᠬᠤᠰᠢᠭᠤᠨ ᠤ ᠭᠠᠷᠤᠲᠢ ᠠᠭᠤᠯᠠ ᠶᠢ ᠳᠠᠭᠢᠬᠤ  ᠲᠦᠰᠦᠯ
ᠨᠡᠶᠢᠲᠡᠯᠡᠭᠰᠡᠨ ᠴᠠᠭ᠄
2016/10/21
                                                      — ᠨᠠᠮᠲᠠᠶᠢᠰᠦ᠋ᠷᠥᠩ      ᠭᠠᠷᠤᠲᠢ ᠪᠤᠯ ᠦᠵᠡᠰᠭᠦᠯᠡᠩ ᠬᠠᠴᠢᠨ ᠰᠤᠨᠢᠨ ᠠᠪᠤᠷᠭᠤ ᠰᠢᠪᠠᠭᠤ ᠶᠤᠮ᠃  ᠲᠤᠮᠳᠠᠳᠤ ᠶᠢᠨ ᠦᠨᠳᠦᠰᠦᠳᠡᠨ  ᠨᠦᠭᠦᠳ ᠭᠠᠷᠤᠲᠢ ᠢ ᠰᠢᠳᠦᠭᠡᠨ ᠲᠤᠲ᠋ᠧᠮ ᠪᠤᠯᠭᠠᠵᠤ᠂ ᠭᠠᠷᠤᠲᠢ ᠢ ᠭᠡᠷᠡᠯ ᠭᠡᠭᠡ ᠶᠢ ᠠᠪᠴᠢᠷᠠᠳᠠᠭ ᠦᠯᠵᠡᠢ ᠪᠡᠯᠭᠡ ᠶᠢ ᠭᠦᠷᠭᠡᠵᠤ ᠦᠭᠳᠡᠭ ᠭᠡᠵᠤ ᠦᠵᠡᠳᠡᠭ᠃ ᠭᠠᠷᠤᠲᠢ ᠪᠤᠯ ︿︿ᠵᠢᠭᠦᠷᠳᠡᠨ ᠤ ᠬᠠᠭᠠᠨ﹀﹀ ᠪᠦᠭᠡᠳ ᠦᠵᠡᠰᠭᠦᠯᠡᠩ ᠰᠠᠶᠢᠬᠠᠨ ᠲᠤᠯᠠ ᠭᠦᠮᠦᠰ ︿︿ᠭᠠᠷᠤᠲᠢ ᠢᠯᠡᠷᠡᠪᠡᠯ ᠲᠡᠭᠷᠢ ᠶᠢᠨ ᠳᠤᠤᠷ᠎ᠠ ᠡᠩᠭᠡ ᠲᠠᠶᠢᠪᠤᠩ ᠤᠨ ᠪᠡᠯᠭᠡ ᠢᠯᠡᠷᠡᠵᠤ᠂ ᠠᠷᠠᠳ ᠲᠦᠮᠡᠨ ᠠᠮᠤᠷ ᠮᠡᠨᠳᠤ ᠵᠤᠯ ᠵᠢᠷᠭᠠᠯ ᠲᠠᠢ ᠠᠮᠢᠳᠤᠷᠠᠬᠤ ᠪᠤᠯᠤᠨ᠎ᠠ﹀﹀ ᠭᠡᠵᠤ ᠦᠵᠡᠳᠡᠭ᠃ ᠡᠶᠢᠮᠤ ᠠᠴᠠ ᠠᠯᠢ ᠡᠷᠳᠡᠨ ᠠᠴᠠ ᠠᠪᠤᠭᠠᠳ ᠭᠦᠮᠦᠰ ᠭᠠᠷᠤᠲᠢ ᠶᠢᠨ ᠵᠢᠷᠤᠭ ᠲᠦᠷᠰᠦ ᠢ ᠤᠷᠳᠤᠨ ᠤ ᠳᠤᠳᠤᠷ᠎ᠠ ᠪᠤᠯᠤᠨ ᠠᠷᠠᠳ ᠢᠷᠭᠡᠳ ᠤᠨ ᠡᠯ᠎ᠡ ᠵᠦᠢᠯ ᠤᠨ ᠤᠷᠠᠯᠢᠭ ᠤᠨ ᠪᠦᠳᠦᠭᠡᠯ ᠳᠡᠭᠡᠷ᠎ᠡ ᠵᠢᠷᠤᠵᠤ ᠤᠷᠠᠯᠠᠬᠤ ᠪᠤᠯᠪᠠ᠃ ᠭᠦᠮᠦᠰ ︿︿ᠭᠠᠷᠤᠲᠢ ᠭᠠᠯᠪᠢᠩᠭ᠎ᠠ ᠶᠢ ᠭᠤᠶᠤᠬᠤ﹀﹀ ᠭᠡᠳᠡᠭ ᠦᠭᠡ ᠪᠠᠷ ᠵᠠᠯᠠᠭᠤ ᠡᠷᠡᠭᠲᠠᠢ ᠡᠮᠡᠭᠲᠠᠢ ᠶᠢᠨ ᠢᠨᠠᠭ ᠲᠤᠷᠠᠯᠠᠯ ᠢ ᠳᠦᠷᠰᠤᠯᠡᠬᠦ ᠪᠤᠯᠤᠭᠰᠠᠨ ᠶᠤᠮ᠃ ᠠᠷᠠᠳ ᠢᠷᠭᠡᠳ ᠪᠠᠰᠠ ︿︿ᠪᠠᠭᠴᠠ ᠪᠢᠰᠭᠢᠭᠦᠷ ᠦᠯᠢᠶᠡᠨ ᠭᠠᠷᠤᠲᠢ ᠢ ᠪᠦᠵᠢᠭᠯᠡᠭᠦᠯᠭᠦ﹀﹀᠂ ︿︿ᠪᠢᠰᠭᠢᠭᠦᠷ ᠦᠯᠢᠶᠡᠨ ᠭᠠᠷᠤᠲᠢ ᠢ ᠭᠦᠭᠵᠢᠭᠡᠭᠦ﹀﹀᠂ ︿︿ᠭᠠᠷᠤᠲᠢ ᠭᠠᠯᠪᠢᠩᠭ᠎ᠠ ᠬᠠᠮᠳᠤᠷᠠᠨ ᠲᠤᠩᠭᠤᠳᠬᠤ﹀﹀᠂ ︿︿ᠲᠤᠭᠤᠷᠤᠤ ᠨᠢᠰᠴᠦ ᠭᠠᠷᠤᠲᠢ ᠪᠦᠵᠢᠭᠯᠡᠭᠦ﹀﹀᠂ ︿︿ᠵᠢᠭᠦᠷᠳᠡᠨ ᠰᠢᠪᠡᠭᠤᠳ ᠭᠠᠷᠤᠲᠢ ᠲᠠᠢ ᠵᠤᠯᠭᠤᠬᠤ﹀﹀᠂ ︿︿ᠯᠤᠤ ᠭᠠᠷᠤᠲᠢ ᠦᠯᠵᠡᠢ ᠢᠯᠡᠷᠡᠭᠦᠯᠭᠦ﹀﹀᠂ ︿︿ᠭᠠᠷᠤᠲᠢ ᠮᠠᠨᠲᠠᠷᠠᠸ᠎ᠠ ᠴᠡᠴᠡᠭ ᠢ ᠪᠠᠭ᠋ᠠᠷᠬᠠᠬᠤ﹀﹀ ᠵᠡᠷᠭᠡ ᠲᠤᠮᠤᠭᠯᠢᠭ ᠦᠯᠵᠡᠢ ᠪᠡᠯᠭᠡᠳᠦ ᠤᠷᠠᠨ ᠵᠢᠷᠤᠭ ᠢ ᠵᠢᠷᠤᠵᠤ ᠪᠦᠳᠦᠭᠡᠭᠰᠡᠨ ᠶᠤᠮ᠃ ᠭᠠᠷᠤᠲᠢ ᠶᠢᠨ ᠦᠯᠢᠭᠡᠷ ᠵᠢᠷᠤᠭ ᠨᠢ ᠤᠳᠤ ᠨᠢᠭᠡᠨᠳᠡ ᠠᠮᠢᠳᠤ ᠴᠤᠪᠤᠭᠤᠯᠢᠭ ᠤᠷᠠᠯᠢᠭ ᠤᠨ ᠲᠦᠷᠢ ᠲᠦᠷᠰᠦ ᠪᠤᠯᠵᠤ᠂ ᠮᠠᠨ ᠤ ᠤᠯᠤᠰ ᠤᠨ ᠡᠯ᠎ᠡ ᠦᠨᠳᠦᠰᠦᠳᠡᠨ ᠤ ᠠᠷᠠᠳ ᠲᠦᠮᠡᠨ ᠤ ᠭᠠᠷ ᠤᠷᠠᠯᠠᠯ ᠤᠨ ᠤᠷ᠎ᠠ ᠮᠡᠷᠭᠡᠵᠢᠯ ᠤᠨ ᠲᠦᠯᠦᠭᠡᠯᠡᠭᠴᠢ ᠪᠦᠭᠡᠳ ᠪᠡᠯᠭᠡ ᠲᠡᠮᠳᠡᠭ ᠤᠨ ᠨᠢᠭᠡᠨ ᠪᠤᠯᠤᠭᠰᠠᠨ ᠶᠤᠮ᠃      ᠮᠤᠩᠭᠤᠯ ᠭᠠᠵᠠᠷ ᠤᠨ ᠭᠦᠮᠦᠨ ᠤ ᠨᠡᠷ᠎ᠡ ᠪᠤᠯᠤᠨ ᠠᠭᠤᠯᠠ ᠶᠢᠨ ᠨᠡᠷ᠎ᠡ ᠳᠤ ᠭᠠᠷᠤᠲᠢ ᠭᠡᠰᠡᠨ ᠨᠡᠷ᠎ᠡ ᠶᠢ ᠤᠯᠠᠨ ᠭᠡᠷᠡᠭᠯᠡᠳᠡᠭ᠃ ᠮᠤᠩᠭᠤᠯ ᠦᠨᠳᠦᠰᠦᠳᠡᠨ ᠤ ᠡᠮᠡᠭᠲᠠᠶᠢᠴᠤᠳ ᠤᠨ ᠲᠤᠯᠤᠭᠠᠢ ᠶᠢᠨ ᠵᠠᠰᠠᠯ ᠪᠤᠯᠤᠨ ᠬᠤᠪᠴᠠᠰᠤ ᠬᠤᠨᠠᠷ ᠳᠡᠭᠡᠷ᠎ᠡ ᠭᠠᠷᠤᠲᠢ ᠶᠢᠨ ᠭᠡ ᠤᠭᠠᠯᠵᠠ ᠶᠢ ᠠᠷᠪᠢᠨ ᠵᠢᠷᠤᠵᠤ ᠭᠡᠷᠡᠭᠯᠡᠳᠡᠭ᠃ ᠲᠡᠤᠭᠡᠨ ᠳᠡᠭᠡᠷ᠎ᠡ ᠤᠯᠠᠭᠠᠨᠬᠠᠳᠠ ᠤᠷᠤᠨ ᠪᠤᠯ ᠳ᠋ᠦᠩᠭᠡᠦ᠂ ᠰᠢᠶᠠᠨᠪᠢ᠂ ᠭᠢᠳᠠᠨ ᠭᠦᠮᠦᠨ ᠤ ᠠᠮᠢᠳᠤᠷᠠᠨ ᠤᠷᠤᠰᠢᠵᠤ ᠪᠠᠶᠢᠭᠰᠠᠨ ᠭᠠᠵᠠᠷ  ᠪᠦᠭᠡᠳ ᠮᠥᠨ ᠴᠤ ᠱᠠᠩ ᠠᠶᠢᠮᠠᠭ ᠤᠨ ᠭᠦᠮᠦᠨ ᠤ ᠡᠭᠦᠰᠦᠯ ᠤᠨ ᠭᠠᠵᠠᠷ ᠪᠤᠯᠬᠤ ᠶᠤᠮ᠃ ᠯᠤᠤ ᠭᠠᠷᠤᠲᠢ ᠶᠢᠨ ᠰᠤᠶᠤᠯ ᠪᠤᠯ ᠪᠠᠯᠠᠷ ᠡᠷᠳᠡᠨ ᠤ ᠱᠠᠩ ᠠᠶᠢᠮᠠᠭ ᠠᠴᠠ ᠢᠷᠡᠯ ᠲᠠᠢ ᠶᠤᠮ᠃ ᠲᠡᠤᠭᠡᠨ ᠲᠡᠮᠳᠡᠭᠯᠡᠯ ᠢ ᠦᠨᠳᠦᠰᠦᠯᠡᠪᠡᠯ ᠶᠤᠸᠠᠨ ᠤᠯᠤᠰ ᠤᠨ ᠦᠶ᠎ᠡ ᠳᠤ ᠮᠤᠩᠭᠤᠯ ᠭᠦᠮᠦᠨ ᠤ ᠬᠤᠪᠴᠠᠰᠤ ᠵᠠᠰᠠᠯ ᠳᠤ ᠯᠤᠤ ᠭᠠᠷᠤᠲᠢ ᠶᠢᠨ ᠭᠡ ᠤᠭᠠᠯᠵᠠ ᠶᠢ ᠤᠯᠠᠨ ᠭᠡᠷᠡᠭᠯᠡᠵᠤ ᠪᠠᠶᠢᠪᠠ᠃ ᠤᠩᠨᠢᠭᠤᠳ ᠬᠤᠰᠢᠭᠤᠨ ᠤ ᠠᠬᠠᠮᠠᠳ ᠪᠤᠭᠤᠷᠤᠯᠴᠤᠳ ᠤᠨ ᠬᠠᠭᠤᠴᠢᠯᠠᠬᠤ ᠪᠠᠷ ︿︿ᠶᠤᠸᠠᠨ ᠤᠯᠤᠰ ᠤᠨ ᠦᠶ᠎ᠡ ᠳᠤ ᠯᠤ᠋ ᠸᠠᠩ ᠤᠨ ᠬᠤᠳᠠ ᠶᠢᠨ ᠡᠭᠡᠴᠢᠮᠡᠳ ᠭᠦᠩᠵᠤ ᠨᠠᠷ ᠤᠳᠤ ᠶᠢᠨ ᠪᠤᠷᠤᠬᠤᠳᠠ ᠪᠠᠯᠭᠠᠰᠤ ᠶᠢᠨ ᠠᠷᠤ  ᠳᠠᠬᠢ ᠭᠠᠷᠤᠲᠢ ᠠᠭᠤᠯᠠ ᠶᠢ ᠳᠠᠭᠢᠵᠤ ᠪᠠᠶᠢᠵᠠᠢ ᠭᠡᠨ᠎ᠡ᠃ ᠢᠩᠭᠢᠭᠰᠡᠨ ᠢᠶᠠᠷ ᠡᠨᠡ ᠭᠠᠵᠠᠷ ᠲᠤ ᠭᠤᠸ᠎ᠠ ᠦᠭᠢᠳ ᠤᠯᠠᠨ ᠮᠡᠨᠳᠦᠯᠡᠵᠤ᠂ ᠬᠠᠭᠠᠨ ᠤ ᠬᠠᠳᠤᠨ ᠠᠷᠪᠢᠨ ᠭᠠᠷᠤᠯ᠎ᠠ ᠭᠡᠳᠡᠭ᠃ ᠡᠨᠡ ᠠᠭᠤᠯᠠ ᠶᠢ ᠬᠤᠵᠢᠮ ᠨᠢ ᠴᠢᠩ ᠤᠯᠤᠰ ᠤᠨ ᠡᠩᠭᠡ ᠠᠮᠤᠭᠤᠯᠠᠩ ᠬᠠᠭᠠᠨ ᠤᠯᠵᠤ ᠮᠡᠳᠡᠭᠡᠳ ᠠᠳᠡ ᠠᠴᠠ ᠬᠠᠭᠠᠨ ᠤ ᠬᠠᠳᠤᠨ ᠭᠠᠷᠬᠤ ᠠᠴᠠ ᠰᠡᠷᠭᠡᠶᠢᠯᠡᠵᠤ ᠭᠦᠮᠦᠨ ᠲᠤᠮᠢᠯᠡᠨ ᠡᠪᠳᠡᠯᠡᠭᠡ ᠭᠢᠵᠤ ᠭᠡᠨ᠎ᠡ᠃ ᠲᠡᠭᠦᠨ ᠠᠴᠠ ᠠᠪᠤᠭᠠᠳ ᠭᠠᠷᠤᠲᠢ ᠠᠭᠤᠯᠠ ᠶᠢᠨ ᠳᠠᠭᠢᠯᠭ᠎ᠠ ᠳᠠᠰᠤᠷᠠᠵᠤ᠂ ᠭᠠᠷᠤᠲᠢ ᠠᠭᠤᠯᠠ ᠶᠢᠨ ᠨᠡᠷ᠎ᠡ ᠶᠢ ︿ᠴᠤᠭᠤᠷᠬᠠᠢ ᠬᠠᠳᠠ﹀ ᠭᠡᠵᠤ ᠨᠡᠷᠡᠯᠡᠭᠦ ᠪᠤᠯᠤᠭᠰᠠᠨ ᠭᠡᠨ᠎ᠡ﹀﹀ ᠭᠡᠳᠡᠭ᠃ ᠦᠨᠦ ᠪᠢᠳᠡ ᠭᠠᠷᠤᠲᠢ ᠠᠭᠤᠯᠠ ᠶᠢᠨ ᠳᠠᠭᠢᠯᠭ᠎ᠠ ᠶᠢ ᠳᠠᠭᠢᠨ ᠰᠡᠷᠭᠦᠭᠡᠵᠤ ᠪᠠᠶᠢᠬᠤ ᠨᠢ ᠡᠨᠡᠭᠦ ᠠᠯᠢ ᠡᠷᠳᠡᠨ ᠤ ᠤᠯᠠᠮᠵᠢᠯᠠᠯᠳᠤ ᠪᠤᠳᠠᠰ ᠤᠨ ᠪᠤᠰᠤ ᠰᠤᠶᠤᠯ ᠢᠶᠠᠨ ᠬᠠᠮᠠᠭᠠᠯᠠᠨ ᠤᠯᠠᠮᠵᠢᠯᠠᠵᠤ ᠵᠤᠭᠠᠴᠠᠯ ᠤᠨ ᠦᠢᠯᠡᠰ  ᠲᠤ ᠦᠢᠯᠡᠴᠢᠯᠡᠭᠦᠯᠭᠦ ᠶᠢᠨ ᠲᠦᠯᠦᠭᠡ ᠶᠤᠮ᠃         ᠨᠢᠭᠡ᠂ ᠲᠠᠭᠢᠯᠭ᠎ᠠ ᠶᠢᠨ ᠡᠮᠦᠨᠡᠭᠢ ᠪᠡᠯᠡᠳᠭᠡᠯ ᠠᠵᠢᠯ ᠢ ᠰᠠᠶᠢᠳᠤᠷ ᠭᠢᠨ᠎ᠡ     1᠂ ᠳᠠᠭᠢᠯᠭ᠎ᠠ ᠶᠢᠨ ᠮᠠᠨᠳᠠᠯ ᠪᠤᠰᠬᠠᠵᠤ᠂ ᠤᠷᠴᠢᠨ ᠲᠤᠭᠤᠷᠢᠨ ᠤ ᠡᠷᠡᠭᠦᠯ ᠬᠠᠮᠠᠭᠠᠯᠠᠯ ᠢ ᠰᠠᠶᠢᠳᠤᠷ ᠭᠢᠨ᠎ᠡ᠃ ᠳᠠᠭᠢᠯᠭ᠎ᠠ ᠶᠢᠨ ᠮᠠᠨᠳᠠᠯ   ᠤᠨ ᠲᠤᠭᠤᠷᠢᠨ ᠳᠤ ᠡᠯ᠎ᠡ ᠵᠦᠢᠯ ᠤᠨ ᠭᠠᠷᠤᠲᠢ ᠶᠢᠨ ᠤᠷᠠᠨ ᠵᠢᠷᠤᠭ ᠰᠡᠶᠢᠯᠦᠮᠡᠯ ᠤᠳ ᠢ ᠡᠯᠭᠦᠵᠤ ᠴᠢᠮᠡᠵᠤ ᠵᠠᠰᠠᠨ᠎ᠠ᠃ ᠲᠠᠭᠢᠯᠭ᠎ᠠ ᠶᠢᠨ ᠮᠠᠨᠳᠠᠯ ᠵᠡᠷᠭᠡ ᠪᠠᠨ ᠠᠷᠢᠭᠤᠳᠬᠠᠯ ᠭᠢᠨ᠎ᠡ᠃     2᠂ ᠳᠠᠭᠢᠯᠭ᠎ᠠ ᠶᠢᠨ ᠮᠠᠨᠳᠠᠯ ᠤᠨ ᠡᠮᠦᠨᠡᠭᠢ ᠳᠠᠭᠢᠯᠭ᠎ᠠ ᠶᠢᠨ ᠰᠢᠷᠡᠭᠡᠨ ᠳᠡᠭᠡᠷ᠎ᠡ ᠳᠠᠭᠢᠯᠭ᠎ᠠ ᠶᠢᠨ ᠪᠤᠳᠠᠰ ᠢ ᠲᠦᠭᠦᠷᠡᠳᠡᠯ᠎ᠡ ᠤᠪᠤᠭᠠᠯᠠᠵᠤ ᠲᠠᠯᠪᠢᠨ᠎ᠠ᠃     3᠂ ᠳᠠᠭᠢᠯᠭ᠎ᠠ ᠶᠢᠨ ᠰᠢᠷᠡᠭᠡᠨ ᠤ ᠡᠮᠦᠨ᠎ᠡ ᠲᠤᠮᠤ ᠱᠠᠩᠯᠦ ᠲᠠᠯᠪᠢᠵᠤ᠂ ᠠᠷᠴᠠ ᠭᠦᠵᠢ ᠤᠩᠭᠠᠰᠬᠠᠨ ᠰᠠᠩ ᠲᠠᠯᠪᠢᠨ᠎ᠠ᠃     4᠂ ᠭᠠᠷᠤᠲᠢ ᠳᠠᠭᠢᠬᠤ ᠳᠠᠭᠢᠯᠭ᠎ᠠ ᠳᠤ ᠤᠷᠤᠯᠴᠠᠬᠤ ᠡᠮᠡᠭᠲᠠᠶᠢᠴᠤᠳ ᠠᠯᠢ ᠴᠢᠳᠠᠬᠤ ᠪᠠᠷ ᠭᠠᠷᠤᠲᠢ ᠶᠢᠨ ᠭᠡ ᠤᠭᠠᠯᠵᠠ ᠤᠨ ᠤᠷᠠᠨ ᠬᠠᠳᠬᠤᠮᠠᠯ ᠲᠠᠢ ᠬᠤᠪᠴᠠᠰᠤ ᠬᠤᠨᠠᠷ ᠡᠮᠦᠰᠴᠦ᠂ ᠭᠠᠷ ᠲᠠᠭᠠᠨ ᠮᠠᠨᠲᠠᠷᠠᠸ᠎ᠠ ᠴᠡᠴᠡᠭ ᠠᠳᠬᠤᠵᠤ᠂ ᠭᠠᠷᠤᠲᠢ ᠪᠦᠵᠢᠭ ᠪᠦᠵᠢᠭᠯᠡᠨ᠎ᠡ᠃         ᠬᠤᠶᠠᠷ᠂ ᠭᠠᠷᠤᠲᠢ ᠠᠭᠤᠯᠠ ᠶᠢ ᠳᠠᠭᠢᠬᠤ ᠳᠤ ᠴᠡᠭᠡᠷᠯᠡᠭᠦ ᠵᠦᠢᠯ     1᠂ ᠭᠠᠷᠤᠲᠢ ᠠᠭᠤᠯᠠ ᠶᠢ ᠳᠠᠭᠢᠬᠤ ᠦᠶ᠎ᠡ ᠳᠤ ᠫᠤᠤ ᠲᠤᠤᠭᠠᠷᠭᠠᠬᠤ ᠪᠤᠶᠤ ᠫᠤᠤᠵᠠᠩ ᠲᠠᠯᠪᠢᠵᠤ ᠪᠤᠯᠬᠤ ᠦᠭᠡᠢ᠃ ᠡᠰᠡ ᠲᠡᠭᠡᠪᠡᠯ ᠮᠠᠭᠤ ᠢᠷᠸ᠎ᠠ —— ᠭᠠᠷᠤᠲᠢ ᠰᠠᠭᠢᠭᠤᠯᠰᠤ ᠴᠤᠴᠢᠨ᠎ᠠ ᠭᠡᠳᠡᠭ᠃     2᠂ ᠭᠠᠷᠤᠲᠢ ᠠᠭᠤᠯᠠ ᠶᠢᠨ ᠤᠷᠴᠢᠨ ᠠᠬᠤᠢ ᠶᠢ ᠡᠪᠳᠡᠵᠤ ᠪᠤᠯᠬᠤ ᠦᠭᠡᠢ᠃ ᠡᠪᠳᠡᠪᠡᠯ ᠮᠠᠭᠤ ᠢᠷᠸ᠎ᠠ —— ᠡᠪᠡᠳᠴᠢᠨ ᠤᠷᠢᠶᠠᠨ᠎ᠠ ᠭᠡᠳᠡᠭ᠃     3᠂ ᠭᠠᠷᠤᠲᠢ ᠠᠭᠤᠯᠠ ᠶᠢ ᠳᠠᠭᠢᠬᠤ ᠳᠠᠭᠢᠯᠭ᠎ᠠ ᠶᠢᠨ ᠲᠠᠯᠠᠪᠠᠢ ᠶᠢ ᠪᠤᠵᠢᠷᠲᠠᠭᠤᠯᠵᠤ ᠪᠤᠯᠬᠤ ᠦᠭᠡᠢ᠃ ᠳᠠᠭᠢᠯᠭ᠎ᠠ ᠶᠢᠨ ᠲᠠᠯᠠᠪᠠᠢ ᠶᠢᠨ ᠡᠷᠭᠢᠨ ᠲᠤᠭᠤᠷᠢᠨ ᠳᠤ ᠬᠠᠶᠠᠭᠳᠠᠮᠠᠯ ᠡᠳ᠋ ᠬᠠᠶᠠᠬᠤ ᠪᠤᠶᠤ ᠰᠢᠭᠡᠵᠤ ᠪᠠᠭᠠᠵᠤ ᠪᠤᠯᠬᠤ ᠦᠭᠡᠢ᠃ ᠬᠤᠭ ᠨᠤᠪᠰᠢ ᠬᠠᠶᠠᠬᠤ᠂ ᠰᠢᠭᠡᠵᠤ ᠪᠠᠭᠠᠬᠤ ᠳᠤ ᠡᠷᠭᠡᠪᠰᠢ ᠲᠤᠭᠳᠠᠭᠰᠠᠨ ᠭᠠᠵᠠᠷ ᠲᠤ ᠶᠠᠪᠤᠬᠤ ᠭᠡᠷᠡᠭᠲᠠᠢ᠃ ᠡᠰᠡ ᠲᠡᠭᠡᠪᠡᠯ ᠮᠠᠭᠤ ᠢᠷᠸ᠎ᠠ —— ᠡᠪᠡᠳᠴᠢᠨ ᠤᠯᠤᠨ᠎ᠠ ᠭᠡᠳᠡᠭ᠃     4᠂ ᠳᠠᠭᠢᠯᠭ᠎ᠠ ᠶᠢᠨ ᠪᠤᠳᠠᠰ ᠲᠤ ᠵᠢᠭᠦᠷᠲᠡᠨ ᠤ ᠮᠢᠬ᠎ᠠ ᠪᠠ ᠦᠨᠳᠡᠭᠡ ᠶᠢ ᠤᠷᠤᠭᠤᠯᠵᠤ ᠪᠤᠯᠬᠤ ᠦᠭᠡᠢ᠃ ᠵᠦᠷᠢᠴᠡᠪᠡᠯ ᠮᠠᠭᠤ ᠢᠷᠸ᠎ᠠ —— ᠭᠠᠷᠤᠲᠢ ᠰᠠᠭᠢᠭᠤᠯᠰᠤ ᠳᠠᠭᠢᠯᠭ᠎ᠠ ᠳᠤ ᠢᠷᠡᠭᠦ ᠦᠭᠡᠢ᠂ ᠠᠶᠤᠯ ᠵᠤᠪᠠᠯᠠᠩ ᠪᠤᠯᠤᠨ᠎ᠠ ᠭᠡᠳᠡᠭ᠃         ᠭᠤᠷᠪᠠ᠂ ᠭᠠᠷᠤᠲᠢ ᠠᠭᠤᠯᠠ ᠶᠢ ᠳᠠᠭᠢᠬᠤ ᠠᠯᠬᠤᠮ ᠳᠠᠷᠠᠭ᠎ᠠ     1᠂ ᠳᠠᠭᠢᠯᠭ᠎ᠠ ᠶᠢᠨ ᠳᠠᠭᠠᠭᠠᠮᠠᠯ ᠠᠴᠠ ᠭᠠᠷᠤᠲᠢ ᠶᠢᠨ ᠰᠤᠶᠤᠯ ᠪᠤᠯᠤᠨ ᠭᠠᠷᠤᠲᠢ ᠠᠭᠤᠯᠠ ᠶᠢᠨ ᠢᠷᠡᠯᠳᠡ ᠪᠠ ᠭᠠᠷᠤᠲᠢ ᠠᠭᠤᠯᠠ ᠶᠢ ᠳᠠᠭᠢᠵᠤ ᠬᠠᠮᠠᠭᠠᠯᠠᠨ ᠠᠰᠢᠭᠯᠠᠬᠤ ᠶᠢᠨ ᠠᠴᠢ ᠬᠤᠯᠪᠤᠭᠳᠠᠯ ᠵᠢᠴᠢ ᠴᠡᠭᠡᠷ ᠵᠠᠩᠰᠢᠯ ᠵᠡᠷᠭᠡ ᠶᠢ ᠲᠠᠨᠢᠯᠴᠠᠭᠤᠯᠤᠨ᠎ᠠ᠃     2᠂ ᠳᠠᠭᠢᠯᠭ᠎ᠠ ᠶᠢᠨ ᠳᠠᠭᠠᠭᠠᠮᠠᠯ ᠠᠴᠠ ᠬᠠᠷᠢᠭᠤᠴᠠᠨ ︿︿ᠭᠠᠷᠤᠲᠢ ᠠᠭᠤᠯᠠ ᠶᠢᠨ ᠰᠤᠶᠤᠯ ᠢ ᠬᠠᠮᠠᠭᠠᠯᠠᠵᠤ᠂ ᠠᠰᠢᠭᠯᠠᠬᠤ ᠲᠤᠬᠠᠢ ᠲᠤᠭᠳᠠᠭᠠᠯ﹀﹀ ᠢ ᠨᠡᠶᠢᠳᠡᠯᠡᠵᠤ ᠭᠠᠷ ᠡᠷᠭᠦᠨ ᠪᠠᠳᠤᠯᠠᠨ᠎ᠠ᠃     3᠂ ᠭᠦᠳᠦᠯᠦᠭᠴᠢ ᠪᠤᠶᠤ ᠭᠡᠯᠡᠮᠦᠷᠴᠢ ︵ᠡᠰᠡᠭᠦᠯ᠎ᠡ ᠪᠦᠭᠡ ᠶᠢᠨ ᠱᠠᠰᠢᠨ ᠤ ᠯᠠᠶᠢᠴᠢᠩ︶ ᠠᠴᠠ ᠭᠠᠷᠤᠲᠢ ᠶᠢᠨ ᠢᠷᠦᠭᠡᠯ ᠮᠠᠭᠳᠠᠭᠠᠯ ᠢ ᠤᠩᠰᠢᠵᠤ᠂ ᠤᠯᠠᠨ ᠢᠶᠠᠷ ᠢᠶᠠᠨ ᠭᠠᠷᠤᠲᠢ ᠠᠭᠤᠯᠠᠨ ᠳᠠᠭᠠᠨ ᠮᠦᠷᠭᠦᠨ ᠳᠠᠭᠠᠳᠬᠠᠨ᠎ᠠ᠃     4᠂ ᠭᠦᠳᠦᠯᠦᠭᠴᠢ   ᠶᠢᠨ ᠳᠠᠭᠠᠭᠤᠯᠭ᠎ᠠ ᠳᠤᠤᠷ᠎ᠠ ᠤᠯᠠᠨ ᠢᠶᠠᠷ ᠢᠶᠠᠨ ᠭᠠᠷᠤᠲᠢ ᠠᠭᠤᠯᠠ ᠪᠤᠯᠤᠨ ᠳᠠᠭᠢᠯᠭ᠎ᠠ  ᠶᠢᠨ ᠮᠠᠨᠳᠠᠯ ᠳᠤ ᠰᠠᠴᠤᠯᠢ ᠪᠠ ᠡᠷᠭᠦᠴᠡ ᠡᠷᠭᠦᠨ᠎ᠡ᠃     5᠂ ᠭᠦᠳᠦᠯᠦᠭᠴᠢ   ᠶᠢᠨ ᠳᠠᠭᠠᠭᠤᠯᠭ᠎ᠠ ᠳᠤᠤᠷ᠎ᠠ ᠤᠯᠠᠨ ᠢᠶᠠᠷ ᠢᠶᠠᠨ ᠲᠠᠭᠢᠯᠭ᠎ᠠ ᠶᠢᠨ ᠮᠠᠨᠳᠠᠯ   ᠢ ᠨᠠᠷᠠᠨ ᠵᠦᠪ  ᠢᠶᠠᠷ ᠡᠷᠭᠢᠨ ᠪᠢᠰᠭᠢᠭᠦᠷ ᠦᠯᠢᠶᠡᠨ  ᠠᠨᠳᠠᠢ ᠪᠦᠵᠢᠭ ᠪᠦᠵᠢᠭᠯᠡᠨ ᠭᠠᠷᠤᠲᠢ ᠪᠠᠨ ᠪᠠᠶᠠᠰᠬᠠᠨ᠎ᠠ᠃     6᠂ ᠭᠠᠷᠤᠲᠢ ᠶᠢᠨ ᠤᠷᠠᠨ ᠵᠢᠷᠤᠭ ᠵᠢᠷᠤᠬᠤ᠂ ᠭᠠᠷᠤᠲᠢ ᠦᠰᠦᠭ ᠤᠨ ᠤᠷᠠᠨ ᠪᠢᠴᠢᠯᠭᠡ ᠪᠢᠴᠢᠭᠦ᠂ ᠭᠠᠷᠤᠲᠢ ᠪᠦᠵᠢᠭ ᠪᠦᠵᠢᠭᠯᠡᠭᠦ ᠵᠡᠷᠭᠡ  ᠡᠷᠡᠭᠦᠯ ᠴᠢᠭᠢᠷᠠᠭ ᠡᠯᠪᠡᠭ ᠪᠠᠶᠠᠯᠢᠭ ᠤᠳᠬ᠎ᠠ ᠠᠭᠤᠯᠭ᠎ᠠ ᠲᠠᠢ ᠤᠯᠠᠨ ᠲᠦᠮᠡᠨᠴᠢ ᠨᠠᠶᠢᠷ ᠨᠠᠭᠠᠳᠤᠮ ᠢ ᠦᠷᠨᠢᠭᠦᠯᠦᠨ᠎ᠡ᠃     7᠂  ᠳᠠᠭᠢᠯᠭ᠎ᠠ ᠶᠢᠨ ᠦᠯᠡᠳᠡᠭᠳᠡᠯ ᠵᠦᠢᠯ ᠢ ᠳᠠᠭᠢᠯᠭ᠎ᠠ ᠶᠢᠨ ᠳᠠᠭᠠᠭᠠᠮᠠᠯ ᠤᠨ ᠵᠦᠪᠰᠢᠶᠡᠷᠡᠯ ᠢᠶᠠᠷ ᠤᠯᠠᠨ ᠢᠶᠠᠷ  ᠢᠶᠠᠨ ︿︿ᠭᠠᠷᠤᠲᠢ ᠠᠭᠤᠯᠠᠨ ᠤ ᠠᠳᠢᠰ﹀﹀ ᠭᠡᠵᠤ ᠬᠤᠪᠢᠶᠠᠨ ᠠᠪᠴᠤ ᠶᠠᠪᠤᠨ᠎ᠠ᠃     8᠂ ᠳᠤᠰ ᠤᠳᠠᠭᠠᠨ ᠤ ᠳᠠᠭᠢᠯᠭ᠎ᠠ ᠶᠢᠨ ᠳᠠᠭᠠᠭᠠᠮᠠᠯ ᠠᠴᠠ ᠳᠤᠤᠷ᠎ᠠ ᠤᠳᠠᠭᠠᠨ ᠤ ᠳᠠᠭᠢᠯᠭ᠎ᠠ ᠵᠢᠨ‌‍ᠲ᠋ᠠᠭᠠᠭᠠᠮᠠᠯ  ᠤᠨ ᠨᠡᠷ᠎ᠡ ᠪᠤᠯᠤᠨ ᠳᠠᠭᠢᠯᠭ᠎ᠠ ᠳᠠᠭᠢᠬᠤ ᠡᠳᠦᠷ ᠢ ᠤᠯᠠᠨ   ᠳᠤ ᠨᠡᠶᠢᠲᠡᠯᠡᠨ᠎ᠡ᠃         ᠲᠦᠷᠪᠡ᠂ ᠭᠠᠷᠤᠲᠢ ᠠᠭᠤᠯᠠ ᠶᠢᠨ ᠳᠠᠭᠢᠯᠭ᠎ᠠ ᠶᠢᠨ ᠢᠷᠦᠭᠡᠯ ᠮᠠᠭᠳᠠᠭᠠᠯ   ᠵᠧ︕   ᠤᠸ᠋ᠮ ᠰᠠᠶᠢᠨ ᠠᠮᠤᠭᠤᠯᠠᠩ ᠪᠤᠯᠳᠤᠭᠠᠢ︕   ᠭᠠᠷᠤᠲᠢ ᠰᠠᠭᠢᠭᠤᠯᠰᠤ ᠢᠪᠡᠭᠡᠨ ᠳᠡᠳᠭᠦᠭᠦ ᠪᠤᠯᠳᠤᠭᠠᠢ︕   ᠭᠠᠷᠤᠲᠢ ᠲᠠ ᠪᠤᠯ ᠬᠤᠷᠮᠤᠰᠳᠠ ᠲᠡᠭᠷᠢ ᠶᠢᠨ ᠡᠯᠴᠢ ᠪᠢᠯᠡ᠂   ᠭᠠᠷᠤᠲᠢ ᠲᠠ ᠪᠤᠯ ᠤᠯᠠᠭᠠᠨ ᠠᠭᠤᠯᠠᠨ ᠳᠤ ᠨᠤᠳᠤᠭ ᠲᠠᠢ ᠪᠢᠯᠡ᠂   ᠭᠠᠷᠤᠲᠢ ᠲᠠ ᠪᠤᠯ ᠦᠷᠯᠦᠭᠡ ᠶᠢᠨ ᠨᠠᠷᠠ ᠶᠢ ᠲᠠᠭᠤᠳᠠᠨ ᠰᠡᠷᠭᠦᠭᠡᠳᠡᠭ ᠪᠢᠯᠡ᠃   ᠭᠠᠷᠤᠲᠢ ᠲᠠ ᠲᠠᠭᠢᠶ᠎ᠠ ᠶᠢᠨ ᠲᠤᠯᠤᠭᠠᠢ ᠲᠠᠢ᠂   ᠭᠠᠷᠤᠲᠢ ᠲᠠ ᠬᠠᠷᠢᠶᠠᠴᠠᠢ ᠶᠢᠨ ᠬᠤᠩᠰᠢᠶᠠᠷ ᠲᠠᠢ᠂   ᠭᠠᠷᠤᠲᠢ ᠲᠠ ᠮᠤᠭᠠᠢ ᠶᠢᠨ ᠭᠦᠵᠦᠭᠦᠦ ᠲᠠᠢ᠂   ᠭᠠᠷᠤᠲᠢ ᠲᠠ ᠶᠠᠰᠤᠳᠤ ᠮᠡᠯᠡᠭᠡᠢ ᠶᠢᠨ ᠨᠢᠷᠤᠭᠤ ᠲᠠᠢ᠂   ᠭᠠᠷᠤᠲᠢ ᠲᠠ ᠵᠢᠭᠠᠰᠤᠨ ᠤ ᠰᠡᠭᠦᠯ ᠲᠠᠢ᠂   ᠭᠠᠷᠤᠲᠢ ᠲᠠ ᠰᠤᠯᠤᠩᠭ᠎ᠠ ᠶᠢᠨ ᠦᠩᠭᠡ ᠲᠠᠢ᠃   ᠭᠠᠷᠤᠲᠢ ᠲᠠ ᠡᠷᠭᠢᠮᠰᠦᠭ ᠠᠷᠢᠭᠤᠨ ᠵᠠᠩ ᠲᠠᠢ᠂   ᠭᠠᠷᠤᠲᠢ ᠲᠠ ᠦᠷ ᠤᠨ ᠰᠢᠭᠦᠳᠡᠷᠢ ᠤᠨ ᠤᠮᠳᠠᠭᠠᠨ ᠲᠠᠢ᠂   ᠭᠠᠷᠤᠲᠢ ᠲᠠ ᠨᠢᠷᠠᠢ ᠬᠤᠯᠤᠰᠤ ᠤᠨ ᠢᠳᠡᠭᠡᠨ ᠲᠠᠢ᠂   ᠭᠠᠷᠤᠲᠢ ᠲᠠ ᠭᠦᠭᠰᠢᠨ ᠤᠶᠠᠩᠭᠠᠳᠤ ᠮᠤᠳᠤᠨ ᠳᠤ ᠡᠭᠦᠷ ᠲᠠᠢ᠃   ᠦᠨᠦᠳᠦᠷ ᠤᠨ ᠦᠯᠵᠡᠶᠢᠳᠦ ᠰᠠᠶᠢᠨ ᠡᠳᠦᠷ   ᠦᠷᠭᠡᠨ ᠤᠯᠠᠨ ᠦᠷ᠎ᠡ ᠭᠡᠤᠭᠡᠳ ᠴᠢᠨᠢ ᠠᠳᠡ ᠳᠠᠭᠢᠯᠭ᠎ᠠ ᠶᠢᠨ ᠮᠠᠨᠳᠠᠯ ᠵᠠᠰᠠᠵᠤ   ᠲᠦᠷᠪᠡᠨ ᠵᠦᠭ ᠨᠠᠢᠮᠠᠨ ᠵᠤᠪᠭᠢᠰ ᠤᠨ ᠭᠠᠷᠤᠲᠢ ᠰᠠᠭᠢᠭᠤᠯᠰᠤᠨ ᠢ   ᠲᠦᠷᠭᠡᠨ ᠳᠠᠭᠢᠯᠭ᠎ᠠ ᠳᠤ ᠭᠦᠷᠦᠯᠴᠡᠨ ᠢᠷᠡᠭᠦ ᠶᠢ ᠭᠦᠰᠡᠨ ᠵᠠᠯᠠᠵᠤ ᠪᠠᠶᠢᠨ᠎ᠠ︕   ᠭᠠᠷᠤᠲᠢ ᠰᠠᠭᠢᠭᠤᠯᠰᠤ ᠤᠨ ᠠᠶᠢᠮᠠᠭ ᠨᠤᠭᠤᠳ ᠮᠤᠷᠢᠯᠠᠨ ᠢᠷᠡᠭᠦ ᠪᠤᠯᠪᠠᠤ︕   ᠤᠯᠠᠭᠠᠨ ᠱᠠᠭᠠᠵᠠᠭᠠᠢ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠭᠦᠭᠡ ᠭᠠᠯᠪᠢᠩᠭ᠎ᠠ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠰᠢᠷ᠎ᠠ ᠭᠠᠷᠤᠲᠢ ᠭᠡᠷᠤᠲᠢ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠴᠠᠭᠠᠨ ᠬᠤᠨ ᠭᠠᠯᠠᠭᠤ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠪᠤᠷᠤ ᠴᠠᠬᠤᠯᠠᠢ ᠰᠢᠪᠠᠭᠤ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠲᠦᠷᠪᠡᠨ ᠵᠦᠭ ᠤᠨ ᠭᠠᠷᠤᠲᠢ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠨᠠᠢᠮᠠᠨ ᠵᠤᠪᠭᠢᠰ ᠤᠨ ᠭᠠᠷᠤᠲᠢ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠭᠡᠷ ᠤᠨ ᠡᠵᠡᠨ ᠭᠠᠷᠤᠲᠢ ᠳᠠᠭᠢᠯᠭ᠎ᠠ ᠶᠢᠨ ᠮᠠᠨᠳᠠᠯ ᠳᠤ ᠵᠠᠯᠠᠷᠠᠨ ᠰᠠᠭᠠᠳᠠᠭᠠᠴᠢ︕   ᠪᠢᠳᠡ ᠠᠮᠳᠠᠳᠤ ᠢᠳᠡᠭᠡᠨ ᠪᠡᠯᠡᠳᠭᠡᠵᠤ ᠲᠠᠨᠠᠷ ᠢ ᠵᠠᠯᠠᠵᠤ ᠪᠠᠶᠢᠨ᠎ᠠ᠂    ︵ᠳᠠᠭᠢᠯᠭ᠎ᠠ ᠳᠤ ᠤᠷᠤᠯᠴᠠᠭᠰᠠᠨ ᠠᠷᠠᠳ ᠤᠯᠠᠨ ᠢᠶᠠᠷ ᠢᠶᠠᠨ ᠭᠠᠷᠤᠲᠢ ᠠᠭᠤᠯᠠ ᠪᠤᠯᠤᠨ ᠳᠠᠭᠢᠯᠭ᠎ᠠ ᠶᠢᠨ ᠮᠠᠨᠳᠠᠯ  ᠳᠤ ᠰᠠᠭᠠᠯᠢᠨ ᠠᠷᠢᠭᠢ  ᠪᠤᠯᠤᠨ‌ᠬᠤᠷᠤᠳ‌‍ᠤᠨ ᠡᠷᠭᠦᠯᠳᠡ ᠡᠷᠭᠦᠵᠤ᠂ ᠦᠨᠢᠶᠠᠨ ᠰᠦ ᠶᠢᠨ ᠰᠠᠴᠤᠯᠢ ᠰᠠᠴᠤᠨ᠎ᠠ᠃︶   ᠤᠮ ᠠ ᠬᠤᠩ᠂ ᠤᠮ ᠠ ᠬᠤᠩ᠂ ᠤᠮ ᠠ ᠬᠤᠩ︕   ᠤᠮ ᠠ ᠬᠤᠩ᠂ ᠤᠮ ᠠ ᠬᠤᠩ᠂ ᠤᠮ ᠠ ᠬᠤᠩ︕   ᠭᠠᠷᠤᠲᠢ ᠰᠠᠭᠢᠭᠤᠯᠰᠤ ᠮᠠᠨ   ᠢ ᠢᠪᠡᠭᠡᠭᠦ ᠪᠤᠯᠳᠤᠭᠠᠢ︕   ᠮᠠᠨ ᠳᠤ ᠢᠳᠡᠵᠤ ᠡᠮᠦᠰᠭᠦ ᠶᠢ ᠡᠯᠪᠡᠭ ᠳᠡᠯᠪᠡᠭ  ᠰᠤᠶᠤᠷᠬᠠᠨ ᠦᠭᠭᠦ ᠪᠤᠯᠳᠤᠭᠠᠢ︕   ᠮᠠᠨ ᠳᠤ ᠭᠡᠷᠡᠯ ᠭᠡᠭᠡ ᠶᠢ ᠭᠦᠢᠴᠡᠳ ᠢᠪᠡᠭᠡᠨ ᠦᠭᠭᠦ ᠪᠤᠯᠳᠤᠭᠠᠢ︕   ᠮᠠᠨ ᠳᠤ ᠦᠯᠵᠡᠢ ᠪᠡᠯᠭᠡ ᠶᠢ ᠪᠠᠭᠤᠯᠭᠠᠨ ᠦᠭᠭᠦ ᠪᠤᠯᠳᠤᠭᠠᠢ︕   ᠮᠠᠨ ᠳᠤ ᠤᠯᠤᠰ ᠭᠡᠷ ᠠᠮᠤᠷ ᠲᠦᠪᠰᠢᠨ ᠭᠡᠷ  ᠡᠷᠦᠭᠡ ᠠᠮᠤᠷ ᠵᠢᠷᠭᠠᠯᠲᠠᠢ ᠪᠠᠶᠢᠬᠤ ᠶᠢ ᠪᠠᠳᠤᠯᠠᠨ ᠦᠭᠭᠦ  ᠪᠤᠯᠳᠤᠭᠠᠢ︕   ᠮᠠᠨ   ᠤ ᠦᠭᠢᠳ ᠭᠡᠤᠭᠡᠳ ᠢ ᠨᠡᠩ ᠰᠡᠴᠡᠨ ᠰᠡᠷᠭᠦᠯᠡᠩ ᠭᠤᠸ᠎ᠠ ᠦᠵᠡᠰᠭᠦᠯᠡᠩ ᠪᠤᠯᠭᠠᠬᠤ ᠪᠤᠯᠳᠤᠭᠠᠢ︕   ᠮᠠᠨ ᠠᠴᠠ ᠡᠪᠡᠳᠴᠢᠨ ᠵᠤᠪᠠᠯᠠᠩ ᠦᠭᠦᠯ ᠤᠨ ᠠᠶᠤᠯ ᠢ ᠵᠠᠶᠢᠯᠠᠭᠤᠯᠵᠤ ᠦᠭᠭᠦ ᠪᠤᠯᠳᠤᠭᠠᠢ︕   ᠮᠠᠨ ᠤ ᠠᠷᠠᠳ ᠤᠨ ᠠᠮᠢᠳᠤᠷᠠᠯ ᠢ ᠨᠡᠩ ᠪᠠᠶᠠᠨ ᠴᠢᠨᠡᠭᠡᠯᠢᠭ ᠪᠤᠯᠭᠠᠬᠤ ᠪᠤᠯᠳᠤᠭᠠᠢ︕   ᠮᠠᠨ ᠢ ᠬᠠᠪᠰᠤᠷᠠᠨ ᠡᠪᠡᠳᠴᠢᠨ ᠭᠢᠵᠢᠭ ᠢ ᠦᠯᠳᠡᠨ ᠭᠦᠭᠡᠭᠡᠵᠤ᠂ ᠲᠠᠪᠤᠨ ᠲᠠᠷᠢᠶ᠎ᠠ ᠡᠯᠪᠡᠭ ᠬᠤᠷᠢᠶᠠᠨ᠂ ᠲᠠᠪᠤᠨ ᠬᠤᠰᠢᠭᠤ ᠮᠠᠯ ᠦᠨᠢᠷ ᠦᠰᠴᠤ᠂ ᠠᠵᠤ ᠠᠬᠤᠢ ᠭᠦᠭᠵᠢᠨ᠂ ᠠᠷᠠᠳ ᠤᠨ ᠠᠮᠢᠳᠤᠷᠠᠯ ᠰᠠᠶᠢᠵᠢᠷᠠᠵᠤ᠂ ᠭᠦᠮᠦᠨ ᠠᠷᠠᠳ ᠡᠷᠡᠭᠦᠯ ᠴᠢᠭᠢᠷᠠᠭ᠂ ᠦᠨᠳᠦᠰᠦᠳᠡᠨ ᠪᠦᠭᠦᠨ ᠡᠶ᠎ᠡ ᠪᠦᠯᠭᠦᠮᠳᠡᠯ ᠲᠠᠢ᠂ ᠡᠭᠡ ᠤᠯᠤᠰ ᠨᠡᠩ  ᠭᠦᠴᠦᠷᠭᠡᠭᠵᠢᠭᠦ ᠪᠤᠯᠭᠠᠬᠤ ᠪᠤᠯᠳᠤᠭᠠᠢ︕   ᠤᠮ ᠠ ᠬᠤᠩ᠂ ᠤᠮ ᠠ ᠬᠤᠩ᠂ ᠤᠮ ᠠ ᠬᠤᠩ︕   ᠤᠮ ᠠ ᠬᠤᠩ᠂ ᠤᠮ ᠠ ᠬᠤᠩ᠂ ᠤᠮ ᠠ ᠬᠤᠩ︕                        2016 ᠤᠨ ᠤ7 ᠰᠠᠷ᠎ᠠ ᠶᠢᠨ28 ᠤ ᠡᠳᠦᠷ  
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号