ᠮᠣᠩᠭᠤᠯᠴᠤᠳ ᠤᠨ ᠤᠯᠠᠮᠵᠢᠯᠠᠯᠲᠤ ᠡᠷᠳᠡᠨᠢ — ᠬᠡᠲᠡ ᠴᠠᠬᠢᠭᠤᠷ
ᠨᠡᠶᠢᠲᠡᠯᠡᠭᠰᠡᠨ ᠴᠠᠭ᠄
2016-10-27
                                  — ᠪᠠᠶᠠᠨᠬᠡᠰᠢᠭ ᠵᠣᠬᠢᠶᠠᠵᠤ ᠴᠢᠭᠡᠴᠢ ᠲᠠᠨᠢᠯᠴᠠᠭᠤᠯᠪᠠ       ᠬᠡᠲᠡ ᠴᠠᠬᠢᠭᠤᠷ ᠪᠣᠯ ᠮᠣᠩᠭᠤᠯ ᠦᠨᠳᠤᠰᠤᠲᠡᠨ ᠤ ᠠᠮᠢᠳᠤᠷᠠᠯ ᠤᠨ ᠰᠣᠶᠣᠯ ᠲᠡᠥᠭᠡᠨ ᠳᠠᠬᠢ ᠲᠣᠮᠣ ᠨᠡᠭᠡᠭᠡᠯᠲᠡ ᠪᠣᠯᠤᠨ᠎ᠠ᠃ ᠪᠠᠶᠢᠭᠠᠯᠢ ᠶᠢ ᠠᠩᠬ᠎ᠠ ᠤᠳᠠᠭ᠎ᠠ ᠡᠷᠬᠡᠰᠢᠶᠡᠯ ᠳᠡᠭᠡᠨ ᠣᠷᠤᠭᠤᠯᠵᠤ ᠭᠠᠯ ᠨᠠᠷᠠᠨ ᠤ ᠦᠵᠡᠯᠲᠡ ᠶᠢ ᠬᠦᠮᠦᠨ ᠳᠤ ᠲᠠᠨᠢᠭᠤᠯᠵᠤ᠂ ᠣᠷᠴᠢᠯᠠᠩ ᠤᠨ ᠭᠠᠯ᠂ ᠣᠳᠤᠨ᠂ ᠨᠠᠷᠠᠨ᠂ ᠴᠠᠬᠢᠯᠭᠠᠨ ᠵᠡᠷᠭᠡ ᠳᠡᠯᠡᠭᠡᠢ ᠶᠢᠨ ᠭᠠᠯ ᠤᠨ ᠴᠤᠭ ᠢ ᠭᠡᠷ ᠤᠨ ᠭᠠᠯ ᠲᠤᠯᠭ᠎ᠠ ᠳᠠᠭᠠᠨ ᠣᠷᠤᠰᠢᠭᠤᠯᠵᠤ᠂ ᠭᠠᠯ ᠤᠨ ᠮᠦᠨ ᠴᠢᠨᠠᠷ ᠠᠴᠠ ᠭᠠᠷᠳᠠᠭ ᠦᠷ᠎ᠡ ᠪᠦᠲᠤᠭᠡᠯ ᠢ ᠬᠦᠮᠦᠨ ᠳᠤ ᠲᠠᠨᠢᠭᠤᠯᠵᠤ ᠬᠡᠷᠡᠭᠯᠡᠭᠰᠡᠨ ᠵᠤᠶᠢᠯ ᠤᠨ ᠭᠤᠣᠯ ᠪᠦᠷᠢᠯᠳᠤᠭᠦᠨ ᠪᠣᠯ ᠳᠠᠷᠤᠢ ᠬᠡᠲᠡ ᠴᠠᠬᠢᠭᠤᠷ ᠤᠨ ᠠᠯᠳᠠᠷ ᠭᠠᠪᠢᠶ᠎ᠠ ᠪᠣᠯᠤᠨ᠎ᠠ᠃ ᠮᠣᠩᠭᠤᠯᠴᠤᠳ ᠲᠤᠶᠢᠯ ᠤᠨ ᠪᠠᠶᠠᠯᠢᠭ ᠪᠦᠭᠡᠳ ᠦᠪᠡᠷᠮᠢᠴᠡ ᠴᠢᠨᠠᠷ ᠲᠠᠢ ᠭᠠᠯ ᠰᠢᠲᠤᠯᠭᠡ ᠶᠢᠨ ᠰᠣᠶᠣᠯ ᠤᠨ ᠭᠤᠯᠤᠮᠲᠠ ᠶᠢ ᠪᠣᠢ ᠪᠣᠯᠭᠠᠵᠤ ᠢᠷᠡᠭᠰᠡᠨ ᠲᠡᠥᠭᠡ ᠲᠠᠢ ᠪᠦᠭᠡᠳ ᠬᠦᠮᠦᠨ ᠲᠦᠷᠤᠯᠬᠢᠲᠡᠨ ᠤ ᠲᠡᠥᠭᠡ ᠶᠢᠨ ᠲᠠᠪᠴᠠᠩ ᠳᠤ ᠭᠠᠷᠬᠤ ᠲᠠᠢ ᠵᠡᠷᠭᠡ ᠭᠠᠯ ᠢ ᠬᠠᠮᠲᠤ ᠠᠰᠢᠭᠯᠠᠵᠤ ᠴᠢᠳᠠᠭᠰᠠᠨ ᠤᠮᠠᠷᠠᠲᠤ ᠶᠢᠨ ᠬᠦᠢᠲᠡᠨ ᠣᠷᠤᠨ ᠢᠶᠠᠷ ᠦᠯᠦᠭᠡᠢ ᠨᠤᠲᠤᠭ ᠢᠶᠠᠨ ᠪᠣᠯᠭᠠᠭᠰᠠᠨ ᠡᠷᠲᠡᠨ ᠤ ᠠᠶᠢᠮᠠᠭ ᠦᠨᠳᠤᠰᠤᠲᠡᠨ ᠤ ᠨᠢᠭᠡ ᠨᠢ ᠪᠣᠯᠬᠤ ᠶᠤᠮ᠃ ᠨᠢᠳᠤᠨ ᠳᠡᠭᠡᠨ ᠭᠡᠷᠡᠯ ᠲᠠᠢ᠂ ᠨᠢᠭᠤᠷ ᠲᠡᠭᠡᠨ ᠴᠤᠭ ᠲᠠᠢ᠂ ᠪᠡᠶ᠎ᠡ ᠳᠡᠭᠡᠨ ᠭᠠᠯ ᠲᠠᠢ᠂ ᠬᠡᠵᠢᠶ᠎ᠡ ᠬᠠᠮᠢᠭ᠎ᠠ ᠴᠤ ᠭᠡᠰᠡᠨ ᠢᠯᠭᠠᠭ᠎ᠠ ᠦᠭᠡᠢ᠂ ᠨᠠᠷᠠ ᠲᠠᠢ ᠴᠤ ᠪᠣᠯᠤᠭ᠂ ᠰᠦᠨᠢ ᠴᠤ ᠪᠣᠯᠤᠭ᠂ ᠰᠠᠯᠬᠢᠨ ᠪᠣᠷᠤᠭᠠᠨ ᠪᠠᠶᠢᠭᠠᠯᠢ ᠶᠢᠨ ᠶᠠᠮᠠᠷ ᠨᠦᠭᠦᠴᠡᠯ ᠳᠤ ᠴᠤ ᠭᠡᠰᠡᠨ ᠢᠯᠭᠠᠭ᠎ᠠ ᠦᠭᠡᠢ᠂ ᠠᠪᠠ ᠭᠦᠷᠤᠭᠡ ᠬᠢᠬᠦ᠂ ᠠᠶᠠᠨ ᠵᠢᠩ  ᠳᠤ ᠶᠠᠪᠤᠬᠤ᠂ ᠣᠲᠤᠷ ᠨᠡᠭᠦᠳᠡᠯ ᠢᠶᠠᠨ ᠬᠦᠭᠡᠭᠡᠬᠦ᠂ ᠠᠶᠢᠯ ᠭᠡᠷ ᠤᠨ ᠠᠵᠦ ᠠᠮᠢᠳᠤᠷᠠᠯ ᠤᠨ ᠠᠯᠢᠨ ᠳᠤ ᠴᠤ ᠭᠡᠰᠡᠨ ᠬᠡᠲᠡ ᠴᠠᠬᠢᠭᠤᠷ ᠲᠠᠢ ᠪᠠᠨ ᠬᠠᠮᠲᠤ ᠶᠠᠪᠤᠵᠤ ᠪᠠᠶᠢᠪᠠᠯ ᠪᠦᠭᠦᠲᠡ ᠤᠴᠢᠷ ᠪᠦᠲᠤᠵᠤ ᠶᠠᠪᠤᠬᠤ ᠭᠠᠯ ᠭᠤᠯᠤᠮᠲᠠ ᠶᠢᠨ ᠬᠡᠢ ᠮᠣᠷᠢ ᠮᠠᠨᠳᠤᠭᠰᠠᠨ ᠭᠠᠯ ᠤᠨ ᠣᠴᠢ ᠪᠠᠨ ᠡᠭᠦᠷᠢᠲᠡ ᠬᠦᠭᠵᠢᠭᠦᠯᠦᠭᠰᠡᠨ ᠬᠡᠶᠢᠮᠣᠷᠢ ᠲᠠᠢ ᠦᠨᠳᠤᠰᠤᠲᠡᠨ ᠪᠣᠯ ᠮᠣᠩᠭᠤᠯ ᠦᠨᠳᠤᠰᠤᠲᠡᠨ ᠪᠣᠯᠤᠨ᠎ᠠ᠃       ᠮᠣᠩᠭᠤᠯᠴᠤᠳ ᠬᠡᠲᠡ ᠴᠠᠬᠢᠭᠤᠷ ᠢᠶᠠᠨ ᠰᠢᠲᠤᠵᠤ ᠶᠠᠪᠤᠬᠤ ᠳᠠᠭᠠᠨ ᠭᠠᠯ ᠢᠶᠠᠨ ᠬᠦᠨᠳᠤᠯᠡᠵᠦ᠂ ᠭᠠᠯ ᠢᠶᠠᠨ ᠰᠠᠶᠢᠬᠠᠨ ᠢᠷᠤᠭᠡᠯ ᠢᠶᠠᠷ ᠢᠷᠤᠭᠡᠵᠦ ᠪᠠᠶᠠᠰᠬᠠᠳᠠᠭ ᠪᠢᠯᠡ᠃ ᠡᠨᠡ ᠨᠢ ︽ᠬᠠᠨ ᠲᠡᠭᠷᠢ ᠶᠢᠨ ᠵᠠᠶᠠᠭᠠᠲᠤ ᠭᠠᠩ ᠲᠡᠮᠦᠷ ᠡᠴᠢᠭᠡ ᠳᠤ᠂ ᠬᠠᠶᠢᠷ ᠴᠢᠯᠠᠭᠤᠨ ᠤ ᠡᠬᠡ ᠲᠠᠢ᠂ ᠬᠠᠶᠢᠯᠠᠰᠤᠨ ᠮᠣᠳᠤᠨ ᠤ ᠠᠮᠢᠳᠤ᠂ ᠡᠭᠦᠯᠡ ᠨᠡᠪᠲᠡ ᠦᠨᠡᠷᠲᠤ᠂ ᠢᠯᠴᠢᠲᠦ ᠬᠠᠶᠢᠯᠠᠬᠠᠨ ᠡᠬᠡ︾ ᠵᠠᠷᠢᠮ ᠨᠣᠮ ᠳᠤ ︽ᠴᠡᠩᠬᠡᠷ ᠲᠡᠮᠦᠷ ᠡᠴᠢᠭᠡ᠂ ᠴᠠᠩ ᠴᠢᠯᠠᠭᠤᠨ ᠡᠬᠡ ᠲᠠᠢ︾᠂ ︽ ᠪᠣᠭᠲᠠ ᠴᠢᠩᠬᠢᠰ ᠬᠠᠭᠠᠨ ᠤ ᠴᠠᠬᠢᠭᠰᠠᠨ᠂ ᠪᠦᠷᠳᠡ ᠰᠡᠴᠡᠨ ᠬᠠᠲᠤᠨ ᠤ ᠬᠦᠭᠵᠢᠭᠡᠭᠰᠡᠨ︾ ᠭᠡᠬᠦ ᠮᠡᠲᠤ ᠪᠠᠷ ᠬᠡᠲᠡ ᠴᠠᠬᠢᠭᠤᠷ ᠢᠶᠠᠨ ᠮᠠᠭᠲᠠᠨ ᠢᠷᠤᠭᠡᠳᠡᠭ ᠨᠢ ᠳᠠᠷᠤᠢ ᠮᠠᠨ ᠤ ᠳᠡᠭᠡᠳᠤᠰ ᠠᠴᠠ ᠡᠴᠢᠭᠡ ᠲᠡᠮᠦᠷ᠂ ᠡᠬᠡ ᠬᠠᠳᠠ ᠪᠠᠷ ᠦᠷᠤᠯᠳᠤᠨ ᠭᠠᠷᠭᠠᠭᠰᠠᠨ ᠭᠠᠯ ᠪᠣᠯ ᠳᠠᠷᠤᠢ ᠬᠦᠮᠦᠨ ᠲᠦᠷᠤᠯᠬᠢᠲᠡᠨ ᠤ ᠳᠡᠭᠡᠳᠤ ᠠᠷᠭ᠎ᠠ ᠪᠢᠯᠢᠭ ᠤᠨ ᠭᠠᠯ ᠢ ᠲᠦᠷᠤᠵᠤ᠂ ᠡᠨᠡᠬᠦ ᠬᠡᠲᠡ ᠴᠠᠬᠢᠭᠤᠷ ᠤᠨ ᠭᠠᠯ ᠨᠢ ᠤᠯᠠ ᠡᠪᠡᠰᠤ ᠵᠡᠷᠭᠡ ᠬᠠᠲᠠᠭᠠᠭᠰᠠᠨ ᠡᠪᠡᠰᠤᠨ ᠳᠡᠭᠡᠷ᠎ᠡ ᠪᠠᠭᠤᠵᠤ ᠭᠠᠯ ᠪᠣᠯᠤᠨ ᠬᠦᠭᠵᠢᠳᠡᠭ᠃ ᠡᠨᠡ ᠭᠠᠯ ᠢᠶᠠᠨ ᠦᠨᠳᠤᠰᠤᠲᠡᠨ ᠤ ᠪᠠᠨ ᠠᠮᠢᠳᠤᠷᠠᠯ ᠢ ᠪᠣᠢ ᠪᠣᠯᠭᠠᠬᠤ ᠶᠢᠨ ᠦᠨᠳᠤᠰᠤᠨ ᠰᠠᠭᠤᠷᠢ ᠶᠢᠨ ᠭᠤᠯᠤᠮᠲᠠ ᠪᠣᠯᠭᠠᠭᠰᠠᠨ ᠪᠦᠭᠡᠳ ᠬᠦᠮᠦᠨ ᠲᠦᠷᠤᠯᠬᠢᠲᠡᠨ ᠤ ᠦᠶ᠎ᠡ ᠤᠯᠠᠷᠢᠨ ᠳᠡᠯᠭᠡᠷᠡᠬᠦ   ᠲᠠᠢ ᠨᠢᠭᠡᠨ ᠠᠳᠠᠯᠢ ᠤᠯᠠᠮᠵᠢᠯᠠᠵᠤ ᠢᠷᠡᠭᠰᠡᠨ ᠶᠤᠮ᠃       ᠮᠣᠩᠭᠤᠯᠴᠤᠳ ᠬᠡᠲᠡ ᠴᠠᠬᠢᠭᠤᠷ ᠢᠶᠠᠨ ᠡᠷ᠎ᠡ ᠶᠢᠨ ᠭᠤᠷᠪᠠᠨ ᠵᠢᠮᠰᠡᠭ ᠤᠨ ᠨᠢᠭᠡ ᠨᠢ ᠭᠡᠳᠡᠭ  ᠃ ︵ᠰᠠᠶᠢᠨ ᠮᠣᠷᠢ᠂ ᠰᠠᠭᠠᠳᠠᠭ ᠨᠣᠮᠤ᠂ ᠬᠡᠲᠡ ᠬᠢᠲᠤᠭ᠎ᠠ︶ ᠲᠡᠶᠢᠮᠦ ᠠᠴᠠ ᠬᠡᠲᠡ ᠪᠣᠯ ᠮᠠᠰᠢ ᠡᠷᠲᠡᠨ ᠠᠴᠠ ᠭᠠᠷᠤᠯ ᠡᠭᠦᠰᠤᠯ  ᠲᠠᠢ ᠶᠤᠮ᠃ ᠬᠠᠯᠠᠭᠤᠨ ᠭᠠᠯ ᠤᠨ᠂ ᠭᠡᠷᠡᠯ ᠤᠨ ᠪᠡᠯᠭᠡ ᠲᠡᠮᠪᠡᠷᠢᠯ ᠲᠠᠢ ᠪᠣᠯᠬᠤᠷ ᠬᠡᠵᠢᠶ᠎ᠡ ᠡᠭᠦᠷᠢᠲᠡ ᠪᠡᠶ᠎ᠡ ᠳᠡᠭᠡᠨ ᠠᠪᠴᠤ ᠶᠠᠪᠤᠳᠠᠭ ᠡᠷᠬᠢᠮ ᠳᠡᠭᠡᠳᠤ ᠰᠢᠲᠤᠭᠡᠨ ᠪᠣᠯᠤᠭᠰᠠᠨ ᠪᠠᠶᠢᠨ᠎ᠠ᠃ ᠲᠡᠶᠢᠮᠦ ᠤᠴᠢᠷ ᠠᠴᠠ ᠪᠣᠭᠲᠠ ᠴᠢᠩᠬᠢᠰ ᠬᠠᠭᠠᠨ ᠤ ᠣᠳᠬᠤᠨ ᠬᠦᠪᠡᠭᠦᠨ ᠲᠣᠯᠤᠢ ᠡᠵᠡᠨ ᠤ ᠭᠤᠣᠯ ᠰᠢᠲᠤᠭᠡᠨ ᠨᠢ ᠬᠡᠲᠡ ᠴᠢᠬᠢᠭᠤᠷ ᠪᠠᠶᠢᠭᠰᠠᠨ ᠶᠤᠮ ᠭᠡᠨ᠎ᠡ ᠃ ᠬᠡᠲᠡ ᠴᠠᠬᠢᠭᠤᠷ ᠨᠢ 13 ᠳ᠋ᠤᠭᠠᠷ ᠵᠠᠭᠤᠨ ᠤ ᠦᠶ᠎ᠡ ᠳᠤ ᠮᠠᠨ ᠤ ᠳᠡᠭᠡᠳᠤᠰ ᠤᠨ ᠭᠤᠣᠯ ᠰᠢᠲᠤᠭᠡᠨ ᠪᠣᠯᠤᠭᠰᠠᠨ ᠢ ᠣᠯᠠᠨ ᠮᠠᠲ᠋ᠧᠷᠢᠶᠠᠯ ᠭᠡᠷᠡᠴᠢᠯᠡᠵᠦ ᠪᠣᠢ᠃ ᠮᠣᠩᠭᠤᠯᠴᠤᠳ ᠬᠡᠲᠡ ᠶᠢᠨ ᠭᠠᠯ ᠢ ᠲᠡᠭᠷᠢ ᠶᠢᠨ ᠭᠠᠯ ᠭᠡᠳᠡᠭ ᠪᠦᠭᠡᠳ ᠪᠠᠰᠠ ᠳᠡᠭᠡᠳᠤᠰ ᠤᠨ ᠭᠠᠯ ᠭᠡᠵᠦ ᠦᠵᠡᠳᠡᠭ᠃ ᠲᠡᠶᠢᠮᠦ ᠠᠴᠠ ᠦᠭᠡᠯᠵᠢᠨ ᠰᠠᠷ᠎ᠠ ᠶᠢᠨ ᠬᠤᠷᠢᠨ ᠭᠤᠷᠪᠠᠨ᠂ ᠬᠤᠷᠢᠨ ᠳᠦᠷᠪᠡᠨ ᠳᠤ ᠭᠠᠯ ᠲᠠᠬᠢᠬᠤ ᠳᠤ ᠵᠠᠪᠠᠯ ᠬᠡᠲᠡ ᠴᠠᠬᠢᠭᠤᠷ ᠢᠶᠠᠷ ᠭᠠᠯ ᠢᠶᠠᠨ ᠨᠣᠴᠤᠭᠠᠬᠤ ᠶᠣᠰᠤᠲᠠᠢ ᠪᠠᠶᠢᠳᠠᠭ ᠶᠤᠮ᠃ ᠪᠠᠰᠠ ᠶᠠᠮᠠᠷ ᠨᠢᠭᠡᠨ ᠰᠢᠨ᠎ᠡ ᠵᠤᠶᠢᠯ ᠡᠬᠢᠯᠡᠬᠦ ᠭᠠᠯ ᠪᠣᠶᠣ ᠵᠢᠯ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠭᠠᠯ ᠵᠢᠴᠢ ᠪᠠᠶᠠᠷ ᠳᠤᠷᠠᠰᠬᠠᠯ ᠤᠨ ᠭᠠᠯ ᠢ ᠠᠩᠬ᠎ᠠ ᠨᠣᠴᠤᠭᠠᠬᠤ ᠳᠤ ᠵᠠᠪᠠᠯ ᠬᠡᠲᠡ ᠴᠠᠬᠢᠭᠤᠷ ᠢᠶᠠᠷ ᠨᠣᠴᠤᠭᠠᠳᠠᠭ ᠵᠠᠩᠰᠢᠯ  ᠲᠠᠢ ᠪᠠᠷ ᠪᠠᠷᠠᠬᠤ ᠦᠭᠡᠢ ᠦᠩᠭᠡᠷᠡᠭᠰᠡᠨ ᠬᠦᠮᠦᠨ ᠤ ᠴᠡᠭᠡᠷ ᠭᠤᠮᠤᠳᠠᠯ ᠲᠠᠶᠢᠯᠵᠤ ᠰᠡᠷᠭᠡᠶᠢᠯᠡᠯᠲᠡ ᠬᠢᠬᠦ ᠶᠢᠨ ᠦᠶ᠎ᠡ ᠶᠢᠨ ᠭᠠᠯ ᠢ ᠨᠣᠴᠤᠭᠠᠬᠤ ᠳᠤ ᠯᠠᠮᠠ ᠠᠴᠠ ᠵᠠᠪᠠᠯ ᠬᠡᠲᠡ ᠴᠠᠬᠢᠭᠤᠷ ᠢᠶᠠᠷ ᠨᠣᠴᠤᠭᠠᠵᠤ ᠦᠭᠳᠡᠭ ᠪᠢᠯᠡ᠃ ᠪᠠᠰᠠ ᠵᠠᠩ ᠤᠶᠢᠯᠡ ᠶᠢᠨ ᠤᠶᠤᠨ ᠪᠣᠳᠢ ᠳᠤ ︽ᠪᠡᠷᠢ ᠪᠠᠭᠤᠯᠭᠠᠬᠤ ᠭᠤᠣᠯ ᠨᠠᠶᠢᠷ ᠤᠨ ᠠᠩᠬᠠᠨ ᠤ ᠰᠦᠨᠢ ᠬᠦᠦ ᠪᠡᠷᠢ ᠪᠠᠨ ᠤᠨᠲᠠᠭᠤᠯᠬᠤ ᠵᠠᠩᠰᠢᠯ ᠲᠠᠢ ᠪᠠᠶᠢᠳᠠᠭ︾ ᠡᠭᠦᠨ ᠢ ᠬᠡᠲᠡ ᠴᠠᠬᠢᠭᠤᠷ ᠭᠠᠯ ᠭᠠᠷᠭᠠᠬᠤ ᠭᠡᠵᠦ ᠬᠡᠯᠡᠳᠡᠭ᠃ ᠡᠨᠡ ᠤᠴᠢᠷ ᠢ ᠬᠤᠶᠠᠷ ᠲᠠᠯ᠎ᠠ ᠶᠢᠨ ᠪᠡᠷᠭᠡᠳ ᠠᠴᠠ ᠬᠦᠢᠴᠡᠳᠭᠡᠳᠡᠭ᠃ ︽ᠡᠷ᠎ᠡ ᠡᠮ᠎ᠡ ᠶᠢᠨ ᠪᠠᠷᠢᠯᠳᠤᠯᠭ᠎ᠠ᠂ ᠨᠢᠭᠡ ᠨᠠᠰᠤᠨ ᠤ ᠶᠠᠪᠤᠳᠠᠯ ᠡᠪ ᠨᠠᠶᠢᠷ ᠲᠠᠢ᠂ ᠢᠨᠠᠭ ᠬᠠᠯᠠᠭᠤᠨ ᠭᠠᠯ ᠰᠠᠶᠢᠬᠠᠨ ᠤᠨᠲᠠ︾ ᠭᠡᠳᠡᠭ᠃ ︽ᠬᠦᠦ ᠶᠢ ᠭᠠᠯ ᠲᠡᠭᠷᠢ ᠪᠦᠷᠬᠦᠵᠦ ᠪᠠᠶᠢᠨ᠎ᠠ︾ ᠭᠡᠬᠦ ᠳᠤ ︽ᠬᠡᠥᠬᠡᠨ ᠢ ᠭᠠᠯ ᠳᠡᠯᠡᠭᠡᠢ ᠪᠦᠷᠬᠦᠵᠦ ᠪᠠᠶᠢᠨ᠎ᠠ︾ ᠭᠡᠵᠦ ᠬᠦᠦ ᠪᠡᠷᠢ ᠪᠠᠨ ᠴᠤᠭ ᠵᠢᠪᠬᠤᠭ᠎ᠠ ᠪᠠᠳᠠᠷᠠᠬᠤ ᠶᠢ ᠢᠷᠤᠭᠡᠨ ᠵᠦᠩᠨᠡᠳᠡᠭ ᠪᠣᠯᠠᠢ  ᠃       ᠬᠡᠲᠡ ᠶᠢᠨ ᠵᠤᠶᠢᠯ ᠢᠯᠭᠠᠯ ᠳᠤ ᠶᠡᠭᠡ᠂ ᠪᠠᠭ᠎ᠠ ᠬᠤᠶᠠᠷ ᠵᠤᠶᠢᠯ ᠪᠠᠶᠢᠳᠠᠭ᠃ ᠬᠡᠲᠡ ᠶᠢᠨ ᠬᠡᠯᠪᠡᠷᠢ ᠪᠠᠶᠢᠳᠠᠯ ᠨᠢ ᠭᠡᠪᠡᠯ ᠴᠢᠨᠠᠷ ᠰᠠᠶᠢᠨ ᠭᠠᠩ ᠲᠡᠮᠦᠷ ᠢ ᠳᠠᠪᠲᠠᠵᠤ᠂ ᠬᠤᠶᠠᠷ ᠠᠴᠠ ᠭᠤᠷᠪᠠᠨ ᠢᠮᠠᠬᠤ ᠤᠷᠲᠤ᠂ ᠬᠤᠷᠤᠭᠤ ᠬᠢᠷᠢ ᠦᠷᠭᠡᠨ ᠰᠠᠪᠬᠠᠨ ᠴᠢᠨᠡᠭᠡᠨ ᠵᠤᠵᠠᠭᠠᠨ ᠲᠠᠯ᠎ᠠ ᠰᠠᠷᠠᠨ ᠬᠡᠯᠪᠡᠷᠢ ᠲᠠᠢ᠂ ᠳᠡᠭᠡᠳᠤ ᠲᠠᠯ᠎ᠠ ᠶᠢ ᠨᠢ ᠬᠤᠶᠠᠷ ᠠᠴᠠ ᠭᠤᠷᠪᠠᠨ ᠬᠤᠷᠤᠭᠤ ᠣᠷᠴᠢᠮ ᠦᠬᠡᠷ ᠤᠨ ᠰᠢᠷᠢ ᠪᠠ ᠪᠣᠯᠭᠠᠷᠢ ᠵᠡᠷᠭᠡ ᠪᠠᠷ ᠤᠭᠤᠲᠠ ᠲᠠᠭᠠᠷᠠᠭᠤᠯᠵᠤ᠂ ᠳᠡᠭᠡᠷ᠎ᠡ ᠨᠢ ᠲᠡᠮᠦᠷ ᠪᠣᠶᠣ ᠪᠣᠰᠤᠳ ᠵᠤᠶᠢᠯ ᠢᠶᠠᠷ ᠬᠦᠪᠡᠭᠡᠯᠡᠵᠦ᠂ ᠤᠭᠤᠲᠠᠨ ᠳᠠᠭᠠᠨ ᠬᠡ ᠤᠭᠠᠯᠵᠠ ᠲᠠᠭᠠᠷᠠᠭᠤᠯᠵᠤ᠂ ᠤᠭᠤᠲᠠ ᠨᠢ ᠠᠷᠤ ᠦᠪᠤᠷ ᠢᠯᠭᠠᠵᠤ᠂ ᠳᠣᠲᠤᠷ᠎ᠠ ᠨᠢ ᠤᠯᠠ ᠡᠪᠡᠰᠤ ᠦᠴᠤᠬᠡᠨ ᠬᠠᠲᠠ ᠪᠠᠨ ᠬᠢᠨ᠎ᠡ᠃ ᠤᠭᠤᠲᠠᠨ ᠤ ᠳᠣᠲᠤᠷ᠎ᠠ ᠬᠠᠳᠠ ᠬᠤᠶᠠᠷ ᠬᠡᠰᠡᠭ ᠪᠠᠶᠢᠬᠤ ᠬᠡᠷᠡᠭᠲᠡᠢ᠂ ᠭᠤᠷᠪᠠ ᠪᠠᠶᠢᠬᠤ ᠶᠢ ᠴᠡᠭᠡᠷᠯᠡᠨ᠎ᠡ᠃ ᠤᠯᠠ ᠡᠪᠡᠰᠤ ᠪᠠᠨ ᠰᠠᠶᠢᠬᠠᠨ ᠨᠠᠶᠢᠷᠠᠭᠤᠯᠵᠤ ᠲᠠᠯᠪᠢᠨ᠎ᠠ᠃   ᠬᠡᠲᠡ ᠴᠠᠬᠢᠭᠤᠷ ᠢᠶᠠᠨ ᠴᠠᠬᠢᠮᠠᠭᠴᠠ ᠲᠦᠷᠭᠡᠨ ᠨᠣᠴᠤᠭᠠᠬᠤ ᠪᠠᠷ ᠪᠡᠯᠡᠬᠡᠨ ᠪᠣᠯᠭᠠᠵᠤ ᠲᠠᠯᠪᠢᠳᠠᠭ᠃ ᠮᠣᠩᠭᠤᠯᠴᠤᠳ ᠬᠡᠲᠡ ᠪᠠᠨ ᠮᠦᠩᠭᠦ ᠵᠡᠰ ᠭᠠᠥᠯᠢ ᠲᠡᠮᠦᠷ ᠵᠡᠷᠭᠡ ᠪᠠᠷ ᠭᠤᠶᠣ ᠰᠠᠶᠢᠬᠠᠨ ᠤᠷᠠᠯᠠᠵᠤ ᠡᠯᠳᠡᠪ ᠵᠤᠶᠢᠯ ᠤᠨ ᠬᠡ ᠤᠭᠠᠯᠵᠠ᠂ ᠪᠠᠳᠮ᠎ᠠ᠂ ᠬᠤᠸᠠᠷ ᠴᠡᠴᠡᠭ᠂ ᠰᠡᠷᠢᠰᠤᠨ ᠪᠠᠭᠪᠠᠭ᠋ᠠᠢ᠂ ᠬᠤᠣᠰ ᠵᠢᠭᠠᠰᠤ᠂ ᠬᠤᠣᠰ ᠪᠣᠭᠤ᠂ ᠡᠯᠳᠡᠪ ᠵᠤᠶᠢᠯ ᠤᠨ ᠪᠡᠯᠭᠡ ᠲᠠᠮᠪᠠᠷᠠᠯ ᠲᠠᠢ ᠵᠤᠶᠢᠯ᠂ ᠲᠠᠪᠤᠨ ᠬᠦᠴᠦᠲᠡᠨ ᠪᠠ ᠰᠦᠮ᠎ᠡ ᠰᠣᠪᠤᠷᠭ᠎ᠠ ᠵᠡᠷᠭᠡ ᠶᠢᠨ ᠰᠡᠶᠢᠯᠦᠮᠡᠯ ᠭᠠᠷᠭᠠᠵᠤ ᠳᠡᠭᠡᠷ᠎ᠡ ᠨᠢ ᠱᠢᠷᠦ ᠰᠣᠪᠣᠳ᠂ ᠨᠣᠮᠢᠨ ᠣᠭ᠍ᠶᠤ᠂ ᠡᠯᠳᠡᠪ ᠵᠤᠶᠢᠯ ᠤᠨ ᠡᠷᠳᠡᠨᠢ ᠶᠢᠨ ᠬᠠᠳᠠ ᠵᠡᠷᠭᠡ ᠶᠢ ᠰᠢᠬᠢᠳᠭᠡᠭᠰᠡᠨ ᠪᠠᠶᠢᠳᠠᠭ ᠪᠦᠭᠡᠳ ᠬᠡᠵᠢᠶᠡᠳᠡ ᠪᠦᠰᠡᠨ ᠤ ᠪᠠᠨ ᠵᠡᠭᠦᠨ ᠲᠠᠯ᠎ᠠ ᠳᠤ ᠵᠡᠭᠦᠵᠦ ᠶᠠᠪᠤᠳᠠᠭ ᠵᠠᠩᠰᠢᠯ ᠲᠠᠢ ᠪᠠᠶᠢᠳᠠᠭ ᠶᠤᠮ᠃ ᠴᠠᠬᠢᠭᠤᠷ ᠤᠨ ᠬᠠᠳᠠᠨ ᠳᠤ ᠣᠯᠠᠨ ᠵᠤᠶᠢᠯ ᠪᠠᠶᠢᠳᠠᠭ᠃ ᠴᠠᠬᠢᠭᠤᠷ ᠤᠨ ᠬᠠᠳᠠ ᠭᠤᠣᠯᠳᠠᠭᠤ ᠠᠯᠠᠱᠠ ᠵᠡᠷᠭᠡ ᠭᠠᠵᠠᠷ ᠲᠤ ᠠᠷᠪᠢᠨ ᠪᠠᠶᠢᠳᠠᠭ᠃ ᠴᠠᠬᠢᠭᠤᠷ ᠴᠢᠯᠠᠭᠤ ᠶᠢ ᠡᠷᠢᠭᠡᠨ ᠴᠢᠯᠠᠭᠤ ᠭᠡᠳᠡᠭ ᠪᠠᠰᠠ ᠤᠯᠠᠭᠠᠨ ᠬᠠᠰ ᠴᠢᠯᠠᠭᠤ ᠭᠡᠳᠡᠭ᠃ ᠡᠭᠦᠨ ᠳᠤ ᠡᠯᠢᠭᠡᠨ ᠬᠦᠷᠡᠩ ᠦᠩᠭᠡ᠂ ᠤᠯᠠᠭᠠᠨ ᠦᠩᠭᠡ ᠲᠠᠢ᠂ ᠴᠠᠭᠠᠨ ᠦᠩᠭᠡ ᠲᠠᠢ᠂ ᠬᠠᠷ᠎ᠠ ᠦᠩᠭᠡ ᠲᠠᠢ᠂ ᠠᠯᠠᠭ ᠦᠩᠭᠡ ᠲᠠᠢ᠂ ᠬᠦᠷᠡᠩ ᠪᠠ ᠤᠯᠠᠭᠠᠨ ᠦᠩᠭᠡ ᠵᠡᠷᠭᠡ ᠠᠷᠪᠢᠨ ᠵᠤᠶᠢᠯ ᠤᠨ ᠬᠠᠳᠠ ᠬᠡᠷᠡᠭᠯᠡᠳᠡᠭ᠃ ᠮᠣᠩᠭᠤᠯᠴᠤᠳ ᠭᠠᠯ ᠤᠨ ᠡᠬᠡ ᠬᠠᠳᠠ — ᠪᠣᠯᠤᠷ ᠬᠠᠳᠠ ᠶᠢ ᠪᠣᠯ ᠦᠪᠡᠷ ᠢᠶᠠᠨ ᠬᠢᠳᠡᠭ ᠨᠢ ᠠᠷᠪᠢᠨ᠂ ᠦᠩᠭᠡᠷᠡᠭᠰᠡᠨ ᠳᠤ ᠬᠡᠲᠡ ᠬᠢᠳᠡᠭ ᠤᠷᠠᠨ ᠳᠠᠷᠬᠠᠨ ᠠᠷᠪᠢᠨ ᠪᠠᠶᠢᠭᠰᠠᠨ ᠪᠣᠯᠤᠯᠲᠠᠢ᠃ ᠮᠣᠩᠭᠤᠯᠴᠤᠳ ᠬᠡᠲᠡ ᠴᠠᠬᠢᠭᠤᠷ ᠢᠶᠠᠨ ᠲᠤᠶᠢᠯ ᠢᠶᠠᠷ ᠡᠷᠬᠢᠮᠨᠡᠨ ᠬᠦᠨᠳᠤᠳᠭᠡᠵᠦ ᠦᠵᠡᠳᠡᠭ ᠪᠣᠯᠬᠤᠷ ᠴᠡᠭᠡᠷᠯᠡᠬᠦ ᠵᠤᠶᠢᠯ ᠴᠤ ᠠᠷᠪᠢᠨ ᠪᠠᠶᠢᠳᠠᠭ᠃       ᠬᠡᠲᠡ ᠴᠠᠬᠢᠭᠤᠷ ᠢᠶᠠᠨ ᠬᠠᠮᠢᠶ᠎ᠠ ᠨᠠᠮᠢᠶ᠎ᠠ ᠦᠭᠡᠢ ᠠᠳᠡ ᠲᠡᠨᠳᠡ ᠬᠠᠶᠠᠬᠤ ᠦᠭᠡᠢ᠂ ᠪᠡᠶ᠎ᠡ ᠳᠡᠭᠡᠨ ᠠᠪᠬᠤ ᠦᠭᠡᠢ ᠦᠶ᠎ᠡ ᠳᠤ ᠳᠡᠭᠡᠷ᠎ᠡ ᠭᠠᠵᠠᠷ ᠬᠠᠳᠠᠭᠠᠯᠠᠵᠤ ᠲᠠᠯᠪᠢᠳᠠᠭ᠂ ᠬᠡᠥᠭᠡᠳ ᠰᠢᠳᠬᠤᠨ ᠢᠶᠠᠷ ᠨᠠᠭᠠᠳᠤᠭᠤᠯᠬᠤ ᠶᠢ ᠴᠡᠭᠡᠷᠯᠡᠳᠡᠭ᠂ ᠵᠠᠯᠠᠭᠤ ᠬᠦᠮᠦᠨ ᠨᠠᠰᠤᠲᠠᠶᠢᠴᠤᠳ ᠲᠤ ᠲᠠᠮᠠᠬᠢ ᠨᠣᠴᠤᠭᠠᠵᠤ ᠦᠭᠬᠦ ᠳᠡᠭᠡᠨ ᠭᠤᠷᠪᠠ ᠤᠳᠠᠭ᠎ᠠ ᠴᠠᠬᠢᠭᠠᠳ ᠭᠠᠯ ᠰᠠᠭᠤᠯᠭᠠᠵᠤ ᠴᠢᠳᠠᠬᠤ ᠦᠭᠡᠢ ᠪᠣᠯ ᠪᠡᠯᠭᠡ ᠮᠠᠭᠤ ᠭᠡᠳᠡᠭ᠂ ᠡᠷ᠎ᠡ ᠪᠦᠰᠡᠲᠡᠢ ᠬᠦᠮᠦᠨ ᠪᠢᠯᠠᠭᠤ᠂   ︵ ᠬᠡᠲᠡ᠂ ᠬᠢᠲᠤᠭ᠎ᠠ︶ ᠪᠦᠰᠡ ᠪᠠᠨ ᠪᠡᠶ᠎ᠡ ᠠᠴᠠ ᠪᠠᠨ ᠰᠠᠯᠭᠠᠬᠤ ᠶᠢ ᠴᠡᠭᠡᠷᠯᠡᠨ᠎ᠡ᠂ ᠬᠡᠲᠡ ᠪᠠᠨ ᠭᠡᠭᠡᠵᠦ ᠠᠯᠳᠠᠪᠠᠯ ᠪᠡᠯᠭᠡ ᠮᠠᠭᠤ ᠭᠠᠷᠤᠯᠭ᠎ᠠ ᠭᠠᠷᠤᠨ᠎ᠠ ᠭᠡᠨ᠎ᠡ᠂ ᠬᠡᠢ ᠮᠣᠷᠢ ᠬᠡᠪᠲᠡᠨ᠎ᠡ ᠭᠡᠨ᠎ᠡ᠂ ᠬᠡᠲᠡ ᠳᠡᠭᠡᠭᠦᠷ ᠠᠯᠬᠤᠬᠤ ᠪᠣᠶᠣ ᠬᠢᠰᠭᠡᠪᠡᠯ ᠬᠦᠯ ᠳᠤ ᠶᠠᠷ᠎ᠠ ᠭᠠᠷᠤᠨ᠎ᠠ ᠭᠡᠨ᠎ᠡ᠃ ᠬᠦᠮᠦᠨ ᠤ ᠬᠡᠲᠡ ᠶᠢ ᠳᠤᠷ᠎ᠠ ᠪᠠᠷ ᠪᠠᠷᠢᠬᠤ᠂ ᠵᠦᠪᠰᠢᠶᠡᠷᠡᠯ ᠦᠭᠡᠢ ᠪᠠᠷ ᠴᠠᠬᠢᠬᠤ ᠪᠣᠶᠣ ᠨᠡᠭᠡᠭᠡᠬᠦ ᠶᠢ ᠴᠡᠭᠡᠷᠯᠡᠨ᠎ᠡ ︵ᠡᠵᠡᠨ ᠢ ᠨᠢ ᠴᠣᠬᠢᠭᠰᠠᠨ ᠲᠠᠢ ᠠᠳᠠᠯᠢ︶᠃ ᠮᠣᠩᠭᠤᠯᠴᠤᠳ ᠬᠡᠲᠡ ᠴᠠᠬᠢᠭᠤᠷ ᠢᠶᠠᠨ ᠭᠠᠯ ᠭᠠᠷᠭᠠᠬᠤ ᠳᠤ ᠬᠡᠷᠡᠭᠯᠡᠬᠦ ᠠᠴᠠ ᠭᠠᠳᠠᠨ᠎ᠠ ᠪᠠᠰᠠ ᠪᠡᠶ᠎ᠡ ᠳᠤ ᠪᠠᠶᠢᠪᠠᠯ ᠠᠯᠢᠪᠠ ᠠᠲᠠ ᠲᠣᠳᠬᠠᠷ᠂ ᠭᠠᠢ ᠪᠠᠷᠴᠢᠳ ᠢ ᠠᠷᠢᠯᠭᠠᠬᠤ ᠷᠢᠳᠢ ᠰᠢᠳᠢ ᠬᠡᠮᠡᠨ ᠦᠵᠡᠳᠡᠭ᠃ ᠰᠦᠨᠢ ᠠᠶᠠᠨ ᠵᠠᠮ ᠳᠤ ᠰᠡᠵᠢᠭ ᠲᠠᠢ ᠵᠤᠶᠢᠯ ᠲᠠᠭᠠᠷᠠᠪᠠᠯ ᠬᠡᠲᠡ ᠴᠠᠬᠢᠭᠤᠷ ᠢᠶᠠᠨ ᠭᠠᠷᠭᠠᠵᠤ ᠴᠠᠬᠢᠵᠤ ᠣᠴᠢ ᠭᠠᠷᠭᠠᠪᠠᠯ ᠭᠠᠢ ᠪᠠᠷᠴᠢᠳ ᠠᠷᠢᠯᠤᠨ᠎ᠠ ᠭᠡᠳᠡᠭ᠂ ᠡᠭᠦᠨ ᠢᠶᠠᠷ ᠬᠠᠷᠠᠩᠭᠤᠢ ᠰᠦᠨᠢ ᠴᠢᠨ᠋ᠸ᠎ᠠ ᠨᠣᠬᠠᠢ ᠶᠢᠨ ᠠᠶᠤᠯ ᠢ ᠠᠷᠢᠯᠭᠠᠵᠤ ᠴᠢᠳᠠᠨ᠎ᠠ᠂ ᠪᠠᠰᠠ ᠬᠡᠲᠡ ᠴᠠᠬᠢᠭᠤᠷ ᠤᠨ ᠲᠡᠮᠦᠷ ᠪᠠ ᠬᠠᠳᠠ ᠪᠠᠷ ᠭᠠᠯ ᠨᠠᠮᠦᠰᠤ ᠵᠡᠷᠭᠡ ᠰᠢᠷᠬ᠎ᠠ ᠶᠢ ᠱᠦᠷᠭᠦᠭᠡᠪᠡᠯ ᠲᠦᠷᠭᠡᠨ ᠡᠳᠡᠭᠡᠷᠡᠳᠡᠭ ᠪᠦᠭᠡᠳ ᠪᠢᠲᠡᠭᠦᠦ ᠰᠦᠨᠢ ᠤᠰᠤ ᠠᠰᠬᠠᠭᠠᠳ ᠭᠠᠷᠤᠭᠰᠠᠨ ᠶᠠᠷ᠎ᠠ ᠶᠢ ᠱᠦᠷᠭᠦᠭᠡᠪᠡᠯ᠂ ᠶᠠᠷ᠎ᠠ ᠨᠢ ᠲᠦᠷᠭᠡᠨ ᠡᠳᠡᠭᠡᠷᠡᠳᠡᠭ ᠭᠡᠨ᠎ᠡ᠂ ᠪᠠᠰᠠ ᠬᠡᠥᠭᠡᠳ ᠤᠨ ᠨᠢᠭᠤᠷ ᠲᠤ ᠭᠠᠷᠤᠭᠰᠠᠨ ᠶᠠᠷ᠎ᠠ ᠳᠤ ᠰᠠᠶᠢᠨ ᠪᠠᠶᠢᠳᠠᠭ   ᠭᠡᠨ᠎ᠡ᠃                  
 
ᠢᠷᠡᠯᠲᠡ᠄ ᠦᠩ ᠦᠷᠭᠡᠨ ᠠᠯᠠᠱᠠ ᠸᠢᠴᠠᠲ ᠲᠠᠪᠴᠠᠩ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号