ᠮᠣᠩᠭᠤᠯᠴᠤᠳ ᠤᠨ ᠪᠠᠶᠢᠭᠠᠯᠢ ᠶᠢ ᠬᠠᠮᠠᠭᠠᠯᠠᠬᠤ ᠴᠡᠭᠡᠷ ᠶᠣᠰᠤᠨ ᠤ ᠲᠣᠬᠠᠢ
ᠨᠡᠶᠢᠲᠡᠯᠡᠭᠰᠡᠨ ᠴᠠᠭ᠄
2016-10-27
    ᠮᠣᠩᠭᠤᠯᠴᠤᠳ ᠡᠷᠲᠡ ᠳᠡᠭᠡᠳᠤ ᠦᠶ᠎ᠡ ᠠᠴᠠ ᠬᠦᠮᠦᠨ ᠪᠠᠶᠢᠭᠠᠯᠢ ᠬᠦᠢ ᠨᠢᠭᠡᠲᠡᠢ ᠭᠡᠵᠦ ᠦᠵᠡᠨ ᠨᠤᠲᠤᠭ ᠤᠰᠤ ᠪᠠᠨ ᠳᠡᠭᠡᠳᠤᠯᠡᠨ ᠰᠢᠲᠤᠵᠤ᠂ ᠬᠠᠶᠢᠷᠠᠯᠠᠨ ᠬᠠᠮᠠᠭᠠᠯᠠᠵᠤ ᠠᠷᠪᠢᠴᠢ ᠭᠠᠮᠳᠠᠢ ᠠᠰᠢᠭᠯᠠᠵᠤ᠂ ᠡᠶ᠎ᠡ ᠵᠣᠬᠢᠴᠠᠯᠲᠠᠢ ᠣᠷᠤᠰᠢᠨ ᠠᠮᠢᠳᠤᠷᠠᠵᠤ ᠢᠷᠡᠭᠰᠡᠨ ᠪᠦᠭᠡᠳ ᠪᠠᠶᠢᠭᠠᠯᠢ ᠣᠷᠴᠢᠨ ᠢᠶᠠᠨ ᠠᠰᠢᠭᠯᠠᠵᠤ ᠬᠠᠮᠠᠭᠠᠯᠠᠬᠤ ᠵᠠᠩ ᠵᠢᠷᠤᠮ᠂ ᠴᠡᠭᠡᠷ ᠶᠣᠰᠤ ᠶᠢ ᠤᠯᠠᠮᠵᠢᠯᠠᠭᠰᠠᠨ ᠪᠠᠶᠢᠳᠠᠭ᠃ ᠵᠢᠱᠢᠶᠡᠯᠡᠪᠡᠯ᠄    1. ᠨᠠᠭᠤᠷ ᠪᠣᠯᠠᠭ ᠤᠨ ᠡᠬᠢ ᠶᠢ ᠮᠠᠯᠲᠠᠵᠤ᠂ ᠵᠠᠳᠠᠭᠠᠶᠢᠯᠠᠵᠤ ᠬᠦᠨᠳᠡᠬᠦ ᠶᠢ ᠭᠠᠵᠠᠷ ᠯᠣᠣᠰ ᠬᠢᠯᠢᠩᠯᠡᠨ᠎ᠡ ᠭᠡᠵᠦ ᠴᠡᠭᠡᠷᠯᠡᠨ᠎ᠡ᠃    2. ᠨᠠᠭᠤᠷ ᠪᠣᠯᠠᠭ ᠤᠨ ᠤᠰᠤᠨ ᠳᠤ ᠪᠣᠵᠠᠷ ᠪᠣᠷᠳᠠᠭ ᠶᠠᠭᠤᠮ᠎ᠠ ᠪᠣᠶᠤ ᠬᠤᠭ ᠨᠣᠪᠰᠢ ᠬᠠᠶᠠᠪᠠᠯ ᠪᠣᠯᠠᠭ ᠤᠨ ᠤᠰᠤ ᠰᠢᠷᠬᠢᠨ᠎ᠡ ᠭᠡᠳᠡᠭ᠃    3. ᠳᠤᠷ᠎ᠠ ᠵᠣᠷᠢᠭ ᠢᠶᠠᠷ ᠢᠶᠠᠨ ᠭᠠᠵᠠᠷ ᠮᠠᠯᠲᠠᠵᠤ ᠰᠢᠷᠤᠢ ᠴᠢᠯᠠᠭᠤ ᠬᠦᠳᠡᠯᠭᠡᠪᠡᠯ ᠭᠠᠢ ᠪᠠᠷᠴᠢᠳ ᠪᠣᠯᠤᠨ᠎ᠠ ᠭᠡᠳᠡᠭ᠃    4. ᠭᠠᠭᠴᠠ ᠮᠣᠳᠤ ᠪᠣᠶᠤ ᠨᠢᠭᠡᠨ ᠦᠨᠳᠤᠰᠤ ᠲᠠᠢ ᠣᠯᠠᠨ ᠮᠣᠳᠣ ᠶᠢ ᠣᠭᠳᠤᠯᠪᠠᠯ ᠡᠪᠡᠳᠴᠢᠨ ᠣᠷᠢᠶᠠᠨ᠎ᠠ ᠭᠡᠳᠡᠭ᠃    5. ᠨᠢᠯᠬ᠎ᠠ ᠮᠣᠳᠤ ᠨᠠᠶᠢᠯᠵᠠᠭᠤᠷ ᠪᠣᠷᠭᠠᠰᠤ ᠶᠢ ᠬᠠᠳᠤᠪᠠᠯ ᠣᠷᠴᠢᠨ ᠲᠣᠭᠤᠷᠢᠨ ᠤ ᠮᠣᠳᠣ ᠪᠣᠷᠭᠠᠰᠤ ᠰᠢᠩᠭᠡᠷᠡᠨ᠎ᠡ ᠭᠡᠳᠡᠭ᠃    6. ᠡᠪᠡᠰᠤ ᠤᠷᠭᠤᠮᠠᠯ ᠤᠨ ᠦᠷ᠎ᠡ ᠵᠢᠮᠢᠰ ᠨᠢ ᠪᠣᠯᠪᠠᠰᠤᠷᠠᠭ᠎ᠠ ᠦᠭᠡᠢ ᠦᠶ᠎ᠡ ᠳᠤ ᠬᠠᠳᠤᠪᠠᠯ ᠲᠦᠷᠤᠯ ᠵᠤᠶᠢᠯ  ᠨᠢ ᠴᠦᠭᠡᠷᠡᠬᠦ ᠪᠣᠶᠣ ᠦᠨᠳᠤᠰᠤ ᠲᠠᠰᠤᠷᠠᠨ᠎ᠠ ᠭᠡᠳᠡᠭ᠃    7. ᠲᠣᠭᠲᠠᠮᠠᠯ ᠨᠠᠭᠤᠷ ᠤᠨ ᠤᠰᠤᠨ ᠳᠤ ᠪᠡᠶ᠎ᠡ ᠤᠬᠢᠶᠠᠬᠤ ᠪᠣᠶᠣ ᠬᠤᠪᠴᠠᠰᠤ ᠤᠬᠢᠶᠠᠪᠠᠯ ᠤᠰᠤ ᠪᠣᠬᠢᠷᠳᠤᠨ᠂ ᠠᠮᠢᠲᠠᠨ   ᠭᠤᠣᠯᠳᠠᠭ ᠬᠤᠣᠷᠳᠠᠭᠳᠠᠨ᠎ᠠ ᠭᠡᠳᠡᠭ᠃    8. ᠨᠠᠭᠤᠷ ᠪᠣᠯᠠᠭ ᠤᠨ ᠣᠶᠢᠷ᠎ᠠ ᠤᠳᠠᠭᠠᠨ ᠣᠨ ᠡᠪᠤᠯᠵᠢᠬᠦ ᠪᠣᠶᠣ ᠵᠤᠰᠠᠪᠠᠯ ᠨᠤᠲᠤᠭ ᠤᠰᠤ ᠴᠢᠯᠡᠨ᠎ᠡ ᠭᠡᠳᠡᠭ᠃    9. ᠠᠭᠤᠯᠠᠨ ᠤ ᠣᠷᠬᠢᠯ ᠰᠠᠷᠢᠳᠠᠭ ᠪᠣᠶᠣ ᠣᠨᠴᠠᠭᠠᠢ ᠬᠠᠳᠠ ᠴᠢᠯᠠᠭᠤ ᠶᠢ ᠨᠣᠷᠭᠠᠪᠠᠯ ᠨᠤᠲᠤᠭ ᠤᠰᠤ ᠰᠢᠯᠭᠡᠭᠡᠨ᠎ᠡ ᠭᠡᠳᠡᠭ᠃   10. ᠨᠠᠭᠤᠷ ᠪᠣᠯᠠᠭ ᠤᠨ ᠣᠶᠢᠷ᠎ᠠ ᠭᠡᠬᠦᠷ ᠣᠩᠭᠤᠨ ᠲᠠᠯᠪᠢᠪᠠᠯ ᠨᠤᠲᠤᠭ ᠤᠰᠤᠨ ᠳᠤ ᠬᠠᠷᠰᠢ ᠪᠣᠯᠤᠨ᠎ᠠ ᠭᠡᠳᠡᠭ᠃   11. ᠮᠣᠩᠭᠤᠯ ᠠᠶᠠᠨ ᠵᠢᠩᠴᠢᠳ ᠬᠦᠮᠦᠨ ᠤ ᠨᠤᠲᠤᠭ ᠲᠤ ᠳᠤᠷ᠎ᠠ ᠪᠠᠷ ᠢᠶᠠᠨ ᠵᠣᠤᠬ᠎ᠠ ᠵᠣᠭᠤᠷᠢ ᠶᠢᠨ ᠨᠦᠬᠡ ᠮᠠᠯᠲᠠᠬᠤ ᠶᠢ ᠴᠡᠭᠡᠷᠯᠡᠨ᠂ ᠵᠢᠯ ᠵᠢᠯ ᠵᠠᠪᠠᠯ ᠬᠠᠭᠤᠴᠢᠨ ᠦᠷᠲᠡᠭᠡ ᠪᠠᠭᠤᠴᠠ ᠳᠡᠭᠡᠷ᠎ᠡ ᠪᠠᠨ ᠬᠦᠷᠴᠤ ᠲᠣᠭᠤᠭᠠᠯᠠᠨ᠎ᠠ᠃   12. ᠨᠤᠲᠤᠭ   ᠪᠠᠭᠤᠴᠠ ᠳᠡᠭᠡᠷ᠎ᠡ ᠪᠠᠨ ᠵᠣᠤᠬ᠎ᠠ ᠵᠣᠭᠤᠷᠢ ᠪᠣᠶᠣ ᠪᠣᠯᠭᠠᠷᠢ ᠶᠢᠨ ᠨᠦᠬᠡ ᠮᠠᠯᠲᠠᠪᠠᠯ ᠨᠡᠭᠦᠬᠦ ᠳᠡᠭᠡᠨ ᠡᠷᠭᠡᠪᠰᠢ ᠪᠣᠯᠠᠵᠤ ᠲᠠᠯᠪᠢᠬᠤ ᠬᠡᠷᠡᠭᠲᠡᠢ᠂ ᠵᠠᠳᠠᠭᠠᠢ ᠬᠠᠶᠠᠬᠤ ᠶᠢ ᠴᠡᠭᠡᠷᠯᠡᠨ᠎ᠡ᠃   13. ᠡᠪᠡᠰᠤ ᠨᠣᠭᠤᠭ᠎ᠠ ᠶᠢᠨ ᠤᠷᠭᠤᠴᠠ ᠶᠢᠨ ᠴᠠᠭ ᠬᠤᠭᠤᠴᠠᠭᠠᠨ ᠳᠤ ᠲᠡᠷᠭᠡ ᠬᠦᠰᠬᠡ ᠪᠠᠷ ᠰᠢᠨ᠎ᠡ ᠵᠠᠮ ᠭᠠᠷᠭᠠᠬᠤ ᠶᠢ ᠴᠡᠭᠡᠷᠯᠡᠨ᠎ᠡ᠃   14. ᠭᠤᠣᠯ ᠤᠰᠤᠨ ᠤ ᠣᠶᠢᠷ᠎ᠠ ᠡᠷᠤᠢ ᠬᠤᠷᠤᠢ ᠦᠭᠡᠢ ᠪᠡᠶ᠎ᠡ ᠵᠠᠰᠠᠬᠤ ᠶᠢ ᠴᠡᠭᠡᠷᠯᠡᠨ᠎ᠡ᠃   15. ᠲᠠᠬᠢᠯᠭ᠎ᠠ ᠰᠢᠲᠤᠭᠡᠨ ᠲᠠᠢ ᠣᠪᠤᠭ᠎ᠠ ᠪᠣᠯᠠᠭ ᠤᠨ ᠳᠡᠷᠭᠡᠲᠡ ᠪᠠᠷ ᠬᠠᠷᠢᠶᠠᠯ ᠵᠦᠭᠡᠯ ᠲᠠᠯᠪᠢᠨ ᠦᠩᠭᠡᠷᠡᠬᠦ ᠶᠢ ᠴᠡᠭᠡᠷᠯᠡᠨ᠎ᠡ᠃   16. ᠨᠠᠭᠤᠷ ᠤᠰᠤᠨ ᠤ ᠬᠤᠵᠢᠷ᠂ ᠳᠠᠪᠤᠰᠤ ᠶᠢ ᠴᠠᠭ ᠬᠤᠭᠤᠴᠠᠭ᠎ᠠ ᠦᠭᠡᠢ᠂ ᠬᠡᠮᠵᠢᠶ᠎ᠡ ᠳᠣᠮᠵᠢᠶ᠎ᠠ ᠦᠭᠡᠢ ᠠᠪᠬᠤ ᠪᠣᠶᠣ ᠵᠦᠭᠡᠭᠡᠪᠤᠷᠢᠯᠡᠬᠦ ᠶᠢ ᠴᠡᠭᠡᠷᠯᠡᠨ᠎ᠡ᠃   17. ᠪᠣᠯᠠᠭ ᠤᠰᠤᠨ ᠤ ᠬᠦᠪᠡᠭᠡᠨ ᠳᠠᠬᠢ ᠮᠣᠳᠣ ᠰᠢᠭᠤᠢ ᠶᠢ ᠳᠤᠷ᠎ᠠ ᠪᠠᠷ ᠢᠶᠠᠨ ᠣᠭᠲᠤᠯᠬᠤ ᠶᠢ ᠴᠡᠭᠡᠷᠯᠡᠨ᠎ᠡ᠃       ︽ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ ᠠᠴᠠ︾
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ ᠤ ᠵᠣᠣ ᠤᠳᠠ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号