ᠬᠡᠥᠭᠡᠳ ᠪᠠᠭᠠᠴᠤᠳ ᠢ ᠬᠠᠷᠠᠬᠠᠨ ᠪᠠᠭ᠎ᠠ ᠠᠴᠠ ᠪᠠᠨ ᠨᠣᠮ ᠪᠢᠴᠢᠭ ᠣᠩᠰᠢᠬᠤ ᠳᠠᠳᠬᠠᠯ ᠲᠠᠢ ᠪᠣᠯᠭᠠᠬᠤ ᠨᠢ | ᠲᠤᠶᠢᠯ ᠤᠨ ᠴᠢᠬᠤᠯᠠ ᠭᠡᠳᠡᠭ ᠢ ᠭᠡᠷ ᠤᠨ ᠠᠬᠠᠮᠠᠳ ᠪᠣᠯᠭᠠᠨ ᠪᠦᠷ ᠮᠡᠳᠡᠳᠡᠭ ᠪᠣᠯᠪᠠᠴᠤ ᠲᠡᠳᠡᠨ ᠤ ᠶᠠᠮᠠᠷ ᠨᠣᠮ | ᠣᠩᠰᠢᠨ᠎ᠠ ᠭᠡᠳᠡᠭ ᠨᠣᠮ ᠪᠢᠴᠢᠭ ᠤᠨ ᠰᠤᠩᠭᠤᠯᠲᠠ ᠶᠢᠨ ᠠᠰᠠᠭᠤᠳᠠᠯ ᠨᠢ ᠨᠡᠩ ᠴᠢᠬᠤᠯᠠ ᠭᠡᠳᠡᠭ ᠢ ᠬᠠᠷᠢᠨ ᠣᠯᠠᠨ | ᠬᠦᠮᠤᠰ ᠤᠮᠳᠤᠭᠠᠶᠢᠯᠠᠭᠰᠠᠨ ᠪᠠᠶᠢᠵᠤ ᠮᠠᠭᠠᠳ᠃ | ᠣᠳᠤᠬᠠᠨ ᠳᠤ᠂ ᠣᠯᠠᠩᠬᠢ ᠭᠡᠷ ᠤᠨ ᠠᠬᠠᠮᠠᠳ ᠬᠡᠥᠭᠡᠳ ᠤᠨ ᠢᠶᠠᠨ ᠨᠣᠮ ᠣᠩᠰᠢᠵᠤ ᠪᠠᠶᠢᠬᠤ ᠶᠢ ᠦᠵᠡᠭᠰᠡᠭᠡᠷ | ᠯᠠ ᠰᠡᠳᠬᠢᠯ ᠪᠠᠶᠠᠰᠴᠤ᠂ ᠴᠣᠬᠤᠮ ᠶᠠᠮᠠᠷ ᠨᠣᠮ ᠪᠢᠴᠢᠭ ᠦᠵᠡᠵᠦ ᠪᠠᠶᠢᠬᠤ ᠶᠢ ᠨᠢ ᠳᠡᠮᠡᠢ ᠠᠵᠢᠶᠠᠷᠠᠳᠠᠭ ᠴᠤ ᠦᠭᠡᠢ | ᠃ ᠬᠡᠪᠯᠡᠯ ᠤᠨ ᠪᠣᠱᠤᠭ᠎ᠠ ᠮᠠᠰᠢ ᠳᠣᠣᠷ᠎ᠠ ᠪᠣᠯᠵᠤ᠂ ᠨᠣᠮ ᠪᠢᠴᠢᠭ ᠣᠯᠠᠰᠢᠷᠠᠭᠠᠳ ᠵᠠᠮᠪᠠᠷᠠᠭ᠎ᠠ ᠦᠭᠡᠢ ᠳᠡᠯᠭᠡᠷᠡᠭᠰᠡᠨ | ᠡᠨᠡ ᠴᠠᠭ ᠦᠶ᠎ᠡ ᠳᠤ ᠬᠡᠥᠭᠡᠳ ᠤᠨ ᠬᠦᠭᠵᠢᠯᠲᠡ ᠳᠤ ᠲᠤᠰᠠ ᠦᠭᠡᠢ᠂ ᠪᠣᠷᠤᠭᠤ ᠦᠷᠳᠡᠭ ᠤᠨ ᠦᠵᠡᠯᠲᠡ ᠶᠢ | ᠬᠦᠮᠦᠵᠢᠭᠦᠯᠬᠦ ᠨᠣᠮ ᠪᠢᠴᠢᠭ ᠵᠠᠬ᠎ᠠ ᠠᠴᠠ ᠪᠠᠨ ᠪᠠᠶᠢᠬᠤ ᠲᠤᠯᠠ ᠬᠡᠥᠭᠡᠳ ᠲᠤ ᠨᠣᠮ ᠪᠢᠴᠢᠭ ᠢ ᠦᠵᠡᠭᠦᠯᠬᠦ ᠳᠡᠭᠡᠨ | ᠭᠡᠷ ᠤᠨ ᠠᠬᠠᠮᠠᠳ ᠵᠢᠯᠤᠭᠤᠳᠤᠯᠭ᠎ᠠ ᠬᠢᠵᠤ᠂ ᠰᠤᠩᠭᠤᠯᠲᠠ ᠲᠠᠢ ᠪᠠᠷ ᠦᠵᠡᠭᠦᠯᠬᠦ ᠨᠢ ᠲᠤᠩ ᠴᠢᠬᠤᠯᠠ᠃ | ︽ᠮᠠᠨ ᠤ ᠤᠯᠤᠰ ᠤᠨ ᠬᠡᠥᠭᠡᠳ ᠤᠨ ᠨᠣᠮ ᠣᠩᠰᠢᠬᠤ ᠡᠷᠬᠡ ᠬᠡᠳᠤ ᠶᠡᠭᠡ᠂ ᠬᠡᠥᠭᠡᠳ ᠦᠪᠡᠷ ᠢᠶᠠᠨ ᠶᠠᠮᠠᠷ | ᠨᠣᠮ ᠣᠩᠰᠢᠬᠤ ᠰᠠᠨᠠᠭᠠᠲᠠᠢ ᠪᠣᠯ ᠭᠡᠷ ᠤᠨ ᠠᠬᠠᠮᠠᠳ ᠨᠢ ᠴᠦᠮ ᠪᠠᠷᠢᠨ ᠳᠣᠣᠷ᠎ᠠ ᠨᠢ ᠦᠨᠤ ᠨᠣᠮ ᠢ ᠨᠢ ᠠᠪᠴᠤ | ᠦᠭᠳᠡᠭ᠃ ᠡᠨᠡ ᠨᠢ ᠦᠨᠡᠨ ᠳᠡᠭᠡᠨ ᠮᠠᠰᠢ ᠡᠮᠵᠡᠭᠲᠡᠢ ᠦᠵᠡᠭᠳᠡᠯ ᠪᠣᠯᠬᠤ ᠶᠤᠮ᠃ ᠬᠡᠥᠭᠡᠳ ᠤᠨ ᠭᠤᠸ᠎ᠠ ᠰᠠᠶᠢᠬᠠᠨ | ᠤ ᠮᠠᠭᠠᠳᠯᠠᠯ ᠪᠣᠯᠤᠨ ᠮᠡᠳᠡᠷᠡᠮᠵᠢ ᠶᠢᠨ ᠴᠢᠳᠠᠪᠤᠷᠢ ᠨᠡᠶᠢᠲᠠᠪᠤᠷᠢ ᠦᠭᠡᠢ ᠲᠤᠯᠠ ᠨᠣᠮ ᠪᠢᠴᠢᠭ ᠤᠨ ᠰᠠᠶᠢᠨ ᠮᠠᠭᠤ᠂ | ᠬᠡᠷᠡᠭ ᠲᠠᠢ ᠬᠡᠷᠡᠭ ᠦᠭᠡᠢ ᠭᠡᠳᠡᠭ ᠢ ᠢᠯᠭᠠᠵᠤ ᠴᠢᠳᠠᠬᠤ ᠦᠭᠡᠢ ᠪᠠᠶᠢᠵᠤ᠂ ᠵᠦᠪᠬᠡᠨ ᠦᠩᠭᠡᠪᠴᠢ ᠲᠠᠯ᠎ᠠ ᠠᠴᠠ ᠨᠢ | ᠦᠵᠡᠵᠤ ᠰᠤᠩᠭᠤᠳᠠᠭ᠃ ᠡᠶᠢᠮᠦ ᠠᠴᠠ ᠭᠡᠷ ᠤᠨ ᠠᠬᠠᠮᠠᠳ ᠪᠣᠯᠤᠭᠰᠠᠳ ᠬᠡᠥᠭᠡᠳ ᠤᠨ ᠨᠣᠮ ᠣᠩᠰᠢᠬᠤ ᠡᠷᠬᠡ ᠶᠢ | ᠵᠠᠭᠤᠨ ᠤ ᠵᠠᠭᠤ ᠪᠠᠷ ᠬᠡᠥᠭᠡᠳ ᠲᠤ ᠦᠭᠴᠦ ᠪᠣᠯᠬᠤ ᠦᠭᠡᠢ᠂ ᠰᠠᠨᠠᠭᠠᠴᠢᠯᠠᠭ᠎ᠠ ᠲᠠᠢ ᠪᠠᠷ ᠬᠦᠲᠤᠯᠤᠨ ᠵᠢᠯᠤᠭᠤᠳᠪᠠᠯ | ᠵᠣᠬᠢᠨ᠎ᠠ︾ ᠭᠡᠵᠤ ᠣᠳᠣ ᠦᠶ᠎ᠡ ᠶᠢᠨ ᠠᠯᠳᠠᠷᠲᠤ ᠵᠣᠬᠢᠶᠠᠯᠴᠢ᠂ ᠳᠤᠮᠳᠠᠳᠤ ᠤᠯᠤᠰ ᠤᠨ ᠠᠯᠳᠠᠷᠳᠤ ᠬᠡᠥᠭᠡᠳ ᠤᠨ | ᠤᠷᠠᠨ ᠵᠣᠬᠢᠶᠠᠯᠴᠢ ᠽᠣᠣ ᠸᠧᠨ ᠰᠢᠥᠸᠠᠨ ᠦᠢ ᠣᠯᠠᠨ ᠭᠡᠷ ᠤᠨ ᠠᠬᠠᠮᠠᠳ ᠲᠤ ᠰᠠᠨᠠᠭᠤᠯᠤᠨ ᠶᠠᠷᠢᠭᠰᠠᠨ ᠪᠢᠯᠡ᠃ | ᠲᠡᠭᠡᠪᠡᠯ᠂ ᠬᠡᠥᠭᠡᠳ ᠲᠤ ᠴᠣᠬᠤᠮ ᠶᠠᠮᠠᠷ ᠨᠣᠮ ᠪᠢᠴᠢᠭ ᠦᠵᠡᠭᠦᠯᠵᠦ᠂ ᠬᠡᠷᠬᠢᠨ ᠲᠤᠰᠠᠲᠠᠢ ᠨᠣᠮ ᠪᠢᠴᠢᠭ ᠢ ᠨᠢ | ᠰᠤᠩᠭᠤᠵᠤ ᠦᠭᠬᠦ ᠪᠣᠢ︖ ᠡᠨᠡ ᠲᠣᠬᠠᠢ ᠮᠦᠨ ᠣᠳᠣ ᠦᠶ᠎ᠡ ᠶᠢᠨ ᠠᠯᠳᠠᠷᠲᠤ ᠵᠣᠬᠢᠶᠠᠯᠴᠢ ᠵᠸᠥ ᠳ᠋ᠠ ᠰᠢᠨ | ᠠᠪᠤᠭᠠᠢ ᠡᠶᠢᠮᠦᠷᠬᠦᠦ ᠬᠤᠶᠠᠷ ᠲᠠᠯ᠎ᠠ ᠶᠢᠨ ᠰᠠᠨᠠᠭᠤᠯᠭ᠎ᠠ ᠳᠡᠪᠰᠢᠭᠦᠯᠦᠭᠰᠡᠨ ᠪᠠᠶᠢᠨ᠎ᠠ᠃ | ᠬᠠᠮᠤᠭ ᠲᠦᠷᠤᠭᠦᠨ ᠳᠤ᠂ ᠬᠠᠶᠢᠷ᠎ᠠ ᠶᠢ ᠤᠯᠠᠮᠵᠢᠯᠠᠭᠰᠠᠨ ᠪᠠᠶᠢᠬᠤ᠃ ᠬᠡᠥᠭᠡᠳ ᠲᠤ ᠬᠠᠷᠠᠬᠠᠨ ᠪᠠᠭ᠎ᠠ ᠠᠴᠠ ᠨᠢ | ᠬᠠᠶᠢᠷ᠎ᠠ ᠶᠢ ᠮᠡᠳᠡᠷᠡᠭᠦᠯᠵᠦ᠂ ᠠᠮᠢᠲᠠᠨ ᠭᠤᠣᠯᠲᠠᠨ᠂ ᠡᠪᠡᠰᠤ ᠤᠷᠭᠤᠮᠠᠯ ᠭᠡᠰᠡᠨ ᠦᠭᠡᠢ ᠶᠠᠭᠤ ᠪᠦᠬᠦᠨ ᠳᠤ ᠬᠠᠶᠢᠷ᠎ᠠ | ᠰᠡᠳᠭᠢᠯᠭᠡ ᠲᠠᠢ ᠪᠣᠯᠭᠠᠨ ᠬᠦᠮᠦᠵᠢᠭᠦᠯᠬᠦ ᠨᠢ ᠬᠤᠵᠢᠮ ᠤᠨ ᠬᠦᠮᠦᠨ ᠪᠣᠯᠬᠤ ᠪᠠ ᠠᠮᠢᠳᠤᠷᠠᠯ ᠤᠨ ᠵᠠᠮ ᠳᠤᠨᠢ ᠴᠦᠮ | ᠲᠤᠰᠠ ᠬᠦᠷᠬᠦ ᠲᠤᠯᠠ ᠨᠣᠮ ᠪᠢᠴᠢᠭ ᠢ ᠰᠤᠩᠭᠤᠬᠤ ᠳᠠᠭᠠᠨ ᠬᠠᠮᠤᠭ ᠲᠦᠷᠤᠭᠦᠨ ᠳᠤ ᠬᠠᠶᠢᠷ᠎ᠠ ᠶᠢ ᠤᠯᠠᠮᠵᠢᠯᠠᠭᠰᠠᠨ | ᠡᠰᠡᠬᠦ ᠶᠢ ᠠᠩᠬᠠᠷᠬᠤ ᠴᠢᠬᠤᠯᠠᠲᠠᠢ᠃ | ᠳᠠᠷᠠᠭ᠎ᠠ ᠨᠢ᠂ ᠭᠤᠸ᠎ᠠ ᠰᠠᠶᠢᠬᠠᠨ ᠤ ᠬᠦᠮᠦᠵᠢᠯ ᠢ ᠬᠦᠷᠲᠡᠭᠡᠭᠰᠡᠨ ᠪᠠᠶᠢᠬᠤ᠃ ᠭᠤᠸ᠎ᠠ ᠰᠠᠶᠢᠬᠠᠨ ᠤ ᠬᠦᠮᠦᠵᠢᠯ | ᠪᠠᠶᠠᠯᠢᠭ ᠠᠭᠤᠯᠭ᠎ᠠ ᠲᠠᠢ ᠪᠠᠶᠢᠵᠤ᠂ ᠬᠡᠥᠭᠡᠳ ᠪᠠᠭᠠᠴᠤᠳ ᠤᠨ ᠵᠦᠪ ᠣᠨᠤᠪᠴᠢᠲᠠᠢ ᠦᠷᠳᠡᠭ ᠤᠨ ᠦᠵᠡᠯᠲᠡ᠂ | ᠨᠡᠶᠢᠭᠡᠮ ᠤᠨ ᠦᠵᠡᠯᠲᠡ ᠶᠢ ᠪᠦᠷᠢᠯᠳᠦᠭᠦᠯᠬᠦ ᠳᠤ ᠲᠤᠩ ᠴᠢᠬᠤᠯᠠ ᠪᠠᠶᠢᠳᠠᠭ ᠲᠤᠯᠠ ᠨᠣᠮ ᠪᠢᠴᠢᠭ ᠢ | ᠰᠤᠩᠭᠤᠬᠤ ᠳᠠᠭᠠᠨ ᠡᠨᠡ ᠲᠠᠯ᠎ᠠ ᠪᠠᠷ ᠠᠩᠬᠠᠷᠤᠯ ᠲᠠᠯᠪᠢᠬᠤ ᠨᠢ ᠪᠠᠰᠠ ᠤᠮᠳᠠᠭᠠᠶᠢᠯᠠᠵᠤ ᠪᠣᠯᠤᠰᠢ ᠦᠭᠡᠢ ᠪᠠᠶᠢᠳᠠᠭ | ᠭᠡᠵᠡᠢ᠃ ᠦᠰᠪᠦᠷᠢ ᠶᠢᠨ ᠬᠡᠥᠭᠡᠳ ᠲᠤ ᠨᠣᠮ ᠪᠢᠴᠢᠭ ᠣᠩᠰᠢᠬᠤ ᠳᠠᠳᠬᠠᠯ ᠪᠦᠷᠢᠯᠳᠦᠭᠦᠯᠬᠦ ᠨᠢ ᠴᠢᠬᠤᠯᠠ ᠴᠤ | ᠲᠡᠭᠦᠨ ᠤ ᠡᠷᠡᠭᠦᠯ ᠰᠠᠷᠠᠭᠤᠯ ᠬᠦᠭᠵᠢᠯᠲᠡ ᠳᠤ ᠲᠤᠰᠠᠲᠠᠢ ᠨᠣᠮ ᠪᠢᠴᠢᠭ ᠢ ᠨᠢ ᠰᠤᠩᠭᠤᠵᠤ ᠦᠵᠡᠭᠦᠯᠬᠦ ᠨᠢ ᠬᠠᠷᠢᠨ | ᠨᠡᠩ ᠴᠢᠬᠤᠯᠠ ᠶᠤᠮ᠃ |