ᠬᠡᠥᠭᠡᠳ ᠤᠨ ᠮᠠᠭᠤ ᠳᠠᠳᠬᠠᠯ ᠢ ᠵᠠᠯᠠᠷᠠᠭᠤᠯᠬᠤ ᠲᠣᠬᠠᠢ
ᠨᠡᠶᠢᠲᠡᠯᠡᠭᠰᠡᠨ ᠴᠠᠭ᠄
2016/12/13
   ᠰᠡᠳᠬᠢᠴᠡ ᠶᠢᠨ ᠤᠬᠠᠭᠠᠨᠲᠠᠨ ᠠᠴᠠ ᠬᠡᠥᠭᠡᠳ ᠤᠨ ᠵᠠᠩ ᠴᠢᠨᠠᠷ ᠤᠨ ᠨᠠᠵᠠᠭᠠᠢ ᠲᠠᠯ᠎ᠠ ᠶᠢ ᠵᠠᠯᠠᠷᠠᠭᠤᠯᠬᠤ ᠳᠤ᠂ ᠬᠡᠳᠤ ᠡᠷᠲᠡ ᠪᠣᠯ ᠭᠡᠳᠣ ᠰᠠᠶᠢᠨ᠂ ᠰᠠᠶᠢᠨ ᠰᠠᠶᠢᠬᠠᠨ ᠵᠠᠩ ᠳᠠᠳᠬᠠᠯ ᠲᠠᠢ ᠪᠣᠯᠭᠠᠨ ᠬᠦᠮᠦᠵᠢᠭᠦᠯᠬᠦ ᠨᠢ ᠬᠡᠥᠭᠡᠳ ᠤᠨ ᠦᠰᠤᠨ ᠪᠣᠶᠢᠵᠢᠯᠲᠠ ᠳᠤ ᠮᠠᠰᠢ ᠴᠢᠬᠤᠯᠠ ᠬᠡᠵᠤ ᠵᠢᠭᠠᠵᠤ ᠭᠠᠷᠭᠠᠵᠠᠢ᠃    ᠮᠠᠭᠤ ᠵᠠᠩ ᠳᠠᠳᠬᠠᠯ ᠢ ᠬᠠᠷᠠᠬᠠᠨ ᠪᠠᠭ᠎ᠠ ᠠᠴᠠ ᠨᠢ ᠵᠠᠯᠠᠷᠠᠭᠤᠯᠬᠤ ᠬᠡᠷᠡᠭᠲᠡᠢ᠃    ᠣᠯᠠᠩᠬᠢ ᠡᠴᠢᠬᠡ ᠡᠬᠡ ᠪᠣᠯᠤᠭᠰᠠᠳ ᠬᠡᠥᠭᠡᠳ ᠤᠨ ᠢᠶᠠᠨ ᠵᠠᠩ ᠴᠢᠨᠠᠷ ᠤᠨ ᠨᠠᠵᠠᠭᠠᠢ ᠲᠠᠯ᠎ᠠ ᠶᠢ ᠴᠠᠭ ᠲᠣᠬᠠᠢ  ᠳᠤᠨᠢ ᠰᠡᠷᠡᠵᠤ ᠮᠡᠳᠡᠬᠦ ᠦᠭᠡᠢ ᠪᠦᠭᠡᠳ ᠰᠡᠷᠡᠵᠤ ᠮᠡᠳᠡᠭᠰᠡᠨ ᠴᠤ ᠶᠠᠭᠠᠬᠢᠵᠤ ᠵᠠᠯᠠᠷᠠᠭᠤᠯᠬᠤ ᠶᠢ ᠮᠡᠳᠡᠬᠦ ᠦᠭᠡᠢ ᠪᠠᠶᠢᠳᠠᠭ᠃ ᠠᠷᠠᠳ ᠤᠨ ᠦᠭᠡᠨ ᠳᠤ ︽  ᠰᠤᠷᠤᠭᠰᠠᠨ ᠵᠠᠩ ᠢ ᠰᠤᠷ ᠢᠶᠠᠷ ᠪᠣᠭᠤᠪᠠᠴᠤ ᠳᠡᠶᠢᠯᠬᠦ ᠦᠭᠡᠢ︾ ᠭᠡᠳᠡᠭ᠂ ᠭᠡᠶ᠎ᠡ ᠬᠡᠥᠭᠡᠳ ᠬᠡᠳᠤᠢ ᠪᠠᠭ᠎ᠠ ᠪᠣᠯᠬᠤ ᠲᠣᠰᠤᠮ ᠲᠡᠳᠤᠢ ᠵᠠᠩ ᠴᠢᠨᠠᠷ ᠨᠢ ᠲᠣᠭᠲᠠᠪᠤᠷᠢᠵᠢᠭᠠᠳᠤᠢ ᠪᠣᠯᠬᠤᠷ ᠬᠢᠯᠪᠠᠷᠬᠠᠨ ᠵᠠᠯᠠᠷᠠᠭᠤᠯᠵᠤ ᠳᠡᠶᠢᠯᠳᠡᠭ᠃ ᠨᠠᠵᠠᠭᠠᠢ ᠵᠠᠩ ᠴᠢᠨᠠᠷ ᠢ ᠵᠠᠯᠠᠷᠠᠭᠤᠯᠬᠤ ᠪᠣᠯ ᠤᠷᠲᠤ ᠬᠤᠭᠤᠴᠠᠭᠠᠨ ᠤ ᠠᠬᠢᠨ ᠳᠠᠬᠢᠨ ᠵᠠᠯᠠᠷᠠᠭᠤᠯᠬᠤ ᠶᠠᠪᠤᠴᠠ ᠪᠣᠯᠬᠤᠷ ᠡᠴᠢᠬᠡ ᠡᠬᠡ ᠪᠣᠯᠤᠭᠰᠠᠳ ᠵᠠᠪᠠᠯ ᠬᠦᠯᠢᠴᠡᠩᠭᠦᠢ ᠪᠠᠶᠢᠬᠤ ᠬᠡᠷᠡᠭᠲᠡᠢ᠃ ᠵᠢᠱᠢᠶᠡᠯᠡᠪᠡᠯ ᠬᠡᠥᠭᠡᠳ ᠴᠢᠨᠢ ᠪᠠᠭ᠎ᠠ ᠪᠠᠶᠢᠬᠤ ᠳᠤ ᠲᠠ ᠬᠡᠥᠭᠡᠳ ᠤᠨ ᠢᠶᠠᠨ ᠦᠭᠡ ᠳᠠᠭᠤᠨ ᠴᠦᠬᠡᠨ᠂ ᠵᠣᠷᠢᠭ ᠪᠠᠭ᠎ᠠ ᠪᠠᠶᠢᠵᠤ ᠪᠢᠴᠢᠬᠠᠨ ᠨᠠᠶᠢᠵᠠ ᠲᠠᠢ ᠪᠠᠨ ᠨᠠᠭᠠᠳᠬᠤ ᠠᠴᠠ ᠪᠠᠨ ᠵᠢᠷᠤᠬᠡᠰᠢᠶᠡᠳᠡᠭ᠂ ᠲᠠᠨᠢᠬᠤ ᠦᠭᠡᠢ ᠬᠦᠮᠦᠨ ᠲᠡᠭᠦᠨ  ᠲᠠᠢ ᠦᠭᠡ ᠶᠠᠷᠢᠬᠤ ᠳᠤ ᠠᠶᠤᠵᠤ ᠤᠬᠢᠯᠠᠳᠠᠭ᠂ ᠨᠠᠶᠢᠳᠠᠮᠠᠳᠠᠭᠠᠢ ᠴᠢᠨᠠᠷ ᠴᠢᠨᠰᠠᠭ᠎ᠠ᠂  ᠭᠡᠷ ᠤᠨ ᠠᠬᠠᠮᠠᠳ ᠠᠴᠠ ᠪᠠᠨ ᠰᠠᠯᠤᠭᠰᠠᠭᠠᠷ ᠬᠠᠭᠠᠰ ᠠᠯᠬᠤᠮ ᠴᠤ ᠠᠯᠬᠤᠵᠤ ᠴᠢᠳᠠᠬᠤ ᠦᠭᠡᠢ ᠵᠡᠷᠭᠡ ᠦᠵᠡᠭᠳᠡᠯ ᠲᠠᠢ ᠪᠣᠯ ᠠᠯᠢ ᠡᠷᠲᠡ ᠠᠴᠠ ᠨᠢ ᠵᠠᠯᠠᠷᠠᠭᠤᠯᠬᠤ ᠬᠡᠷᠡᠭᠲᠡᠢ᠃ ᠲᠡᠶᠢᠮᠦ ᠪᠣᠯ ᠬᠡᠥᠭᠡᠳ ᠢ ᠬᠡᠷᠬᠢᠨ ᠯᠠᠪᠳᠠᠭᠤᠨ ᠲᠦᠪᠯᠡᠭᠦᠨ᠂ ᠳᠡᠭᠵᠢᠨ ᠴᠣᠪᠤᠭᠤᠯᠢᠭ ᠪᠣᠯᠭᠠᠵᠤ ᠬᠤᠪᠢᠷᠠᠭᠠᠬᠤ ᠪᠣᠢ︖    ᠬᠡᠥᠭᠡᠳ ᠢᠶᠠᠨ ᠬᠡᠥᠭᠡᠳ ᠤᠨ ᠴᠡᠴᠡᠷᠯᠢᠭ ᠲᠤ ᠬᠦᠷᠭᠡᠨ᠎ᠡ᠃    ᠬᠡᠥᠭᠡᠳ ᠤᠨ ᠴᠡᠴᠡᠷᠯᠢᠭ ᠪᠣᠯ ᠨᠢᠭᠡᠨ ᠪᠢᠴᠢᠬᠠᠨ ᠨᠡᠶᠢᠭᠡᠮ ᠪᠣᠯᠤᠨ᠎ᠠ᠃ ᠲᠡᠨᠳᠡ ᠨᠢᠭᠡ ᠣᠯᠠᠨ ᠪᠢᠴᠢᠬᠠᠨ ᠨᠠᠶᠢᠵᠠ ᠪᠠᠶᠢᠬᠤ ᠮᠦᠷᠲᠡᠭᠡᠨ ᠪᠠᠰᠠ ᠲᠤᠰᠬᠠᠢ ᠪᠣᠯᠪᠠᠰᠤᠷᠠᠯ ᠬᠦᠷᠲᠡᠭᠡᠭᠰᠡᠨ ᠪᠠᠭᠰᠢ ᠪᠠᠶᠢᠳᠠᠭ᠃ ᠬᠡᠥᠭᠡᠳ ᠢᠶᠠᠨ ᠬᠡᠥᠭᠡᠳ ᠤᠨ ᠴᠡᠴᠡᠷᠯᠢᠭ ᠲᠤ ᠬᠦᠷᠭᠡᠪᠡᠯ ᠬᠡᠥᠭᠡᠳ ᠤᠨ ᠢᠶᠠᠨ ᠪᠣᠰᠤᠳ ᠲᠠᠢ ᠶᠠᠪᠤᠯᠴᠠᠬᠤ ᠴᠢᠳᠠᠪᠤᠷᠢ ᠶᠢ ᠪᠣᠯᠪᠠᠰᠤᠷᠠᠭᠤᠯᠵᠤ ᠴᠢᠳᠠᠬᠤ ᠪᠠᠷ ᠪᠠᠷᠠᠬᠤ ᠦᠭᠡᠢ ᠲᠤᠰᠠᠭᠠᠷᠯᠠᠬᠤ ᠴᠢᠳᠠᠪᠤᠷᠢ ᠶᠢ ᠴᠤ ᠬᠦᠮᠦᠵᠢᠭᠦᠯᠵᠦ ᠴᠢᠳᠠᠳᠠᠭ᠃ ᠨᠢᠭᠡ ᠨᠠᠰᠤ ᠬᠠᠭᠠᠰ ᠤᠨ ᠬᠡᠥᠭᠡᠳ ᠴᠡᠴᠡᠷᠯᠢᠭ ᠲᠤ ᠣᠴᠢᠵᠤ ᠪᠣᠯᠤᠨ᠎ᠠ᠂ ᠡᠨᠡ ᠦᠶᠡᠰ ᠬᠡᠥᠭᠡᠳ  ᠦᠭᠡ ᠬᠡᠯᠡᠨ ᠳᠡᠭᠡᠨ ᠠᠨᠠᠢ᠂ ᠶᠠᠪᠤᠵᠤ ᠰᠠᠭᠤᠬᠤ ᠳᠠᠭᠠᠨ ᠵᠦᠪ ᠪᠢᠰᠢ ᠪᠣᠯᠪᠠᠴᠤ ᠬᠡᠳᠤᠢ ᠪᠠᠭ᠎ᠠ ᠬᠡᠥᠭᠡᠳ ᠪᠣᠯ ᠵᠣᠬᠢᠴᠠᠬᠤ  ᠨᠢ ᠲᠡᠳᠤᠢ ᠲᠦᠷᠭᠡᠨ ᠪᠠᠶᠢᠵᠤ᠂ ᠳᠡᠮᠡᠢ ᠤᠳᠠᠯ ᠦᠭᠡᠢ ᠤᠬᠠᠭᠠᠨ ᠲᠦᠭᠦᠭᠡ ᠶᠢ ᠨᠢ ᠣᠯᠵᠤ᠂ ᠬᠡᠥᠭᠡᠳ ᠤᠨ ᠴᠡᠴᠡᠷᠯᠢᠭ ᠲᠡᠭᠡᠨ ᠪᠠᠭ᠋ᠠᠲᠠᠢ ᠪᠣᠯᠳᠠᠭ᠃ ᠬᠡᠳᠤᠶᠢᠪᠡᠷ ᠵᠢᠭᠠᠬᠠᠨ ᠠᠶᠤᠮᠠᠲᠠᠭᠠᠢ ᠪᠣᠯᠪᠠᠴᠤ ᠤᠳᠠᠭᠠᠨ ᠳᠠᠭᠠᠨ ᠪᠦᠷ ᠵᠦᠭᠰᠢᠷᠡᠳᠡᠭ ᠶᠤᠮ᠃     ᠬᠦᠮᠤᠨ ᠠᠷᠪᠢᠨ ᠭᠠᠵᠠᠷ ᠳᠠᠭᠠᠭᠤᠯᠵᠤ ᠬᠦᠷᠤᠨ᠎ᠡ᠃    ᠰᠤᠯᠠ ᠵᠠᠪ ᠴᠢᠯᠤᠭᠡ ᠪᠠᠨ ᠠᠰᠢᠭᠯᠠᠵᠤ᠂ ᠦᠷᠬᠦᠯᠵᠢᠲᠡ ᠬᠦᠮᠦᠨ ᠣᠯᠠᠨ ᠭᠠᠵᠠᠷ ᠣᠴᠢᠵᠤ᠂ ᠬᠡᠥᠭᠡᠳ ᠢᠶᠠᠨ ᠪᠣᠰᠤᠳ ᠲᠠᠢ ᠰᠠᠨᠠᠭᠠᠴᠢᠯᠠᠭ᠎ᠠ ᠠᠴᠠ ᠪᠠᠨ ᠨᠦᠬᠦᠷᠯᠡᠬᠦ ᠪᠠ ᠲᠠᠨᠢᠯ ᠪᠣᠰᠤ ᠬᠦᠮᠦᠨ ᠲᠠᠢ ᠬᠠᠷᠢᠯᠴᠠᠬᠤ ᠶᠢ ᠰᠤᠷᠭᠠᠨ᠎ᠠ᠃ ᠨᠠᠭᠠᠳᠤᠮ ᠤᠨ ᠲᠠᠯᠠᠪᠤᠷ᠂ ᠴᠡᠴᠡᠷᠯᠢᠭ ᠪᠣᠯ ᠪᠦᠷ ᠪᠣᠯᠤᠮᠠᠷ ᠭᠠᠵᠠᠷ ᠪᠢᠯᠡ᠂ ᠡᠴᠢᠭᠡ ᠡᠬᠡ ᠨᠢ ᠬᠠᠶᠢᠷ᠎ᠠ ᠶᠢᠨ ᠰᠡᠳᠭᠢᠯᠭᠡ ᠪᠠ ᠬᠦᠯᠢᠴᠡᠩᠭᠦᠢ ᠣᠪᠤᠷ ᠲᠠᠢ ᠪᠣᠯ ᠪᠠᠷᠢᠮᠳᠠᠯᠠᠭᠠᠳ ᠪᠠᠶᠢᠪᠠᠯ ᠪᠦᠷ ᠰᠠᠶᠢᠨ ᠦᠷ᠎ᠡ ᠳ᠋ᠦᠩ ᠣᠯᠵᠤ ᠴᠢᠳᠠᠨ᠎ᠠ᠃ ᠬᠡᠷᠪᠡ ᠨᠢᠭᠡᠳᠤᠭᠡᠷ ᠠᠯᠬᠤᠮ ᠢ ᠠᠯᠬᠤᠴᠢᠬᠠᠪᠠᠯ ᠬᠡᠥᠭᠡᠳ ᠳᠠᠷᠤᠢ ᠠᠯᠢᠪᠠ ᠪᠦᠬᠦᠨ ᠨᠢ ᠲᠡᠶᠢᠮᠦ ᠠᠶᠤᠮᠠᠷ ᠪᠢᠰᠢ ᠭᠡᠳᠡᠭ ᠢ ᠮᠡᠳᠡᠴᠢᠭᠡᠳᠡᠭ᠃ ᠲᠡᠭᠡᠬᠦ ᠳᠤ᠂ ᠬᠡᠥᠭᠡᠳ ᠤᠨ ᠢᠶᠠᠨ ᠦᠴᠤᠬᠡᠨ ᠴᠤ ᠭᠡᠰᠡᠨ ᠳᠠᠪᠰᠢᠯᠲᠠ ᠶᠢ ᠡᠴᠢᠭᠡ ᠡᠬᠡ ᠪᠣᠯᠤᠭᠰᠠᠳ ᠵᠣᠷᠢᠭᠵᠢᠭᠤᠯᠵᠤ ᠪᠠᠶᠢᠬᠤ ᠨᠢ ᠲᠤᠩ ᠴᠢᠬᠤᠯᠠ ᠶᠠᠪᠤᠳᠠᠯ ᠪᠣᠯᠤᠨ᠎ᠠ᠃              ︵ ︽ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ︾ ᠠᠴᠠ︶
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号