ᠮᠢᠨᠤ ᠡᠵᠢ
ᠨᠡᠶᠢᠲᠡᠯᠡᠭᠰᠡᠨ ᠴᠠᠭ᠄
2016/12/21
                ᠪᠦ᠊  ᠬᠤᠪᠢᠰᠬᠠᠯᠲᠤ        ᠵᠤᠶᠢᠲᠡᠢ ᠦᠭᠡ ᠪᠠᠷ ᠦᠰᠭᠡᠭᠰᠡᠨ    ᠮᠢᠨᠦ ᠡᠵᠢ    ᠵᠢᠵᠢᠭᠬᠡᠨ  ᠬᠦᠷᠡᠩ ᠠᠪᠳᠠᠷ᠎ᠠ ᠲᠠᠢ    ᠵᠢᠵᠢᠭᠬᠡᠨ ᠬᠦᠷᠡᠩ ᠠᠪᠳᠠᠷ᠎ᠠ ᠳᠤᠨᠢ    ᠮᠦᠰᠦᠨ ᠰᠢᠬᠢᠷ ᠲᠠᠢ ᠪᠣᠯᠬᠤᠷ    ᠪᠢᠳᠡ ᠭᠤᠷᠢᠯᠠᠳᠠᠭ    ᠪᠣᠭᠤᠷᠤᠯ ᠡᠵᠢ ᠶᠢ ᠮᠢᠨᠢ ᠡᠷᠬᠢᠬᠦ ᠪᠠᠷ    ᠪᠣᠷᠠᠮ᠂ ᠰᠢᠬᠢᠷ᠂ ᠦᠵᠤᠮ ᠲᠠᠢ ᠢᠷᠡᠨ᠎ᠡ    ᠠᠶᠢᠯ ᠠᠶᠢᠮᠠᠭ ᠤᠨ ᠬᠢᠨ    ᠬᠡᠥᠭᠡᠳ ᠤᠳ ᠠᠴᠠ ᠪᠠᠨ ᠨᠢᠭᠤᠵᠤ    ᠬᠦᠷᠡᠩ ᠠᠪᠳᠠᠷ᠎ᠠ ᠳᠠᠭᠠᠨ ᠬᠠᠳᠠᠭᠠᠯᠠᠨ᠎ᠠ    ᠮᠦᠰᠦᠨ ᠰᠢᠬᠢᠷ ᠢᠶᠠᠨ    ᠵᠢᠭᠠᠬᠠᠨ ᠪᠣᠭᠤᠷᠤᠯ ᠡᠵᠢ ᠮᠢᠨᠢ    ᠵᠢᠵᠢᠭᠬᠡᠨ ᠬᠦᠷᠡᠩ ᠠᠪᠳᠠᠷ᠎ᠠ ᠲᠠᠢ    ᠵᠢᠵᠢᠭᠬᠡᠨ ᠬᠦᠷᠡᠩ ᠠᠪᠳᠠᠷ᠎ᠠ  ᠎ ᠳᠤᠨᠢ    ᠮᠦᠰᠦᠨ ᠰᠢᠬᠢᠷ ᠬᠠᠳᠠᠭᠠᠯᠠᠰᠤᠲᠠᠢ    ᠬᠦᠮᠦᠨ ᠤ ᠬᠡᠥᠭᠡᠳ ᠢᠷᠡᠪᠡᠯ    ᠬᠦᠨᠡᠶᠢᠷᠭᠡᠵᠦ ᠶᠡᠷᠦᠨᠢ ᠴᠢᠳᠠᠳᠠᠭ ᠦᠭᠡᠢ    ᠬᠦᠷᠡᠩ ᠠᠪᠳᠠᠷ᠎ᠠ ᠲᠠᠢ ᠰᠢᠬᠢᠷ ᠠᠴᠠ ᠪᠠᠨ    ᠬᠦᠷᠲᠡᠭᠡᠯ ᠪᠣᠯᠭᠠᠨ ᠲᠦᠭᠡᠭᠡᠨ᠎ᠡ ᠳ᠋ᠠ᠃
 
ᠢᠷᠡᠯᠲᠡ᠄ ᠦᠪᠤᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号