ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠨᠠᠨ ᠵᠸᠡ ᠬᠤ᠋ ᠰᠢᠨᠬᠤᠸᠠ ᠰᠦᠯᠵᠢᠶᠡᠨ ᠳᠤ ᠤᠷᠢᠭᠳᠠᠨ ᠵᠠᠬᠢᠳᠠᠯ ᠰᠣᠷᠪᠤᠯᠵᠢᠯᠠᠭ᠎ᠠ ᠶᠢ ᠶᠠᠷᠢᠪᠠ
ᠨᠡᠶᠢᠲᠡᠯᠡᠭᠰᠡᠨ ᠴᠠᠭ᠄
2016-12-21
                   
     8 ᠰᠠᠷ᠎ᠠ ᠶᠢᠨ 25 ᠤ ᠡᠳᠦᠷ᠂ ᠤᠯᠤᠰ ᠤᠨ ᠵᠠᠬᠢᠳᠠᠯ ᠰᠣᠷᠪᠤᠯᠵᠢᠯᠠᠭ᠎ᠠ ᠶᠢᠨ ᠲᠣᠪᠴᠢᠶ᠎ᠠ᠂ ᠰᠢᠨᠬᠤᠸᠠ ᠰᠦᠯᠵᠢᠶ᠎ᠡ ᠬᠤᠯᠪᠤᠭᠠᠯᠠᠨ ᠭᠠᠷᠭᠠᠭᠰᠠᠨ ︽ᠰᠢᠶᠠᠨ ᠤ ᠨᠠᠮ ᠤᠨ ᠬᠤᠷᠢᠶ᠎ᠠ ᠶᠢᠨ ᠱᠦᠵᠢ ᠵᠠᠬᠢᠳᠠᠯ ᠰᠣᠷᠪᠤᠯᠵᠢᠯᠠᠭ᠎ᠠ ᠶᠢ ᠶᠠᠷᠢᠬᠤ︾ ᠰᠢᠷᠢᠰ ᠰᠣᠷᠪᠤᠯᠵᠢᠯᠠᠭ᠎ᠠ ᠶᠠᠷᠢᠯᠴᠠᠭ᠎ᠠ ᠠᠷᠪᠠᠨ ᠭᠤᠷᠪᠠᠳᠤᠭᠠᠷ ᠬᠤᠭᠤᠴᠠᠭᠠᠨ ᠤ ᠰᠣᠷᠪᠤᠯᠵᠢᠯᠠᠨ ᠶᠠᠷᠢᠯᠴᠠᠬᠤ ᠶᠢ ᠶᠠᠪᠤᠭᠳᠠᠭᠤᠯᠵᠤ᠂ ᠦᠪᠤᠷ ᠮᠣᠩᠭᠤᠯ ᠤᠨ ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠨᠠᠨ ᠵᠸᠡ ᠬᠤ᠋ ᠨᠦᠬᠦᠷ ᠢ ᠤᠷᠢᠵᠤ᠂ ᠣᠩᠨᠢᠭᠤᠳ ᠬᠤᠰᠢᠭᠤᠨ ᠤ ᠦᠨᠳᠤᠰᠤᠨ ᠱᠠᠲᠤᠨ ᠤ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠣᠯᠤᠭᠰᠠᠨ ᠭᠤᠣᠯ ᠦᠷ᠎ᠡ ᠪᠦᠲᠤᠮᠵᠢ ᠪᠠ ᠲᠣᠷᠰᠢᠯᠭ᠎ᠠ ᠬᠢᠳᠡᠯ ᠤᠨ ᠲᠣᠬᠠᠢ ᠰᠦᠯᠵᠢᠶᠡᠨ ᠤ ᠠᠨᠳᠠ ᠲᠠᠢ ᠨᠢᠭᠤᠷᠲᠡᠵᠦ ᠶᠠᠷᠢᠯᠴᠠᠪᠠ᠃      ﹇ᠡᠷᠬᠢᠯᠡᠭᠴᠢ﹈      ᠰᠦᠯᠵᠢᠶᠡᠨ ᠤ ᠠᠨᠳᠠ ᠨᠠᠷ ᠰᠠᠶᠢᠨᠦ᠂ ᠲᠠᠨ ᠨᠠᠷ ᠤᠨ ᠤᠯᠤᠰ ᠤᠨ ᠵᠠᠬᠢᠳᠠᠯ ᠰᠣᠷᠪᠤᠯᠵᠢᠯᠠᠭ᠎ᠠ ᠶᠢᠨ ᠲᠣᠪᠴᠢᠶ᠎ᠠ ᠪᠠ ᠰᠢᠨᠬᠤᠸᠠ ᠰᠦᠯᠵᠢᠶ᠎ᠡ ᠬᠤᠯᠪᠤᠭᠠᠯᠠᠨ ᠭᠠᠷᠭᠠᠭᠰᠠᠨ ︽ᠰᠢᠶᠠᠨ ᠤ ᠨᠠᠮ ᠤᠨ ᠬᠤᠷᠢᠶ᠎ᠠ ᠶᠢᠨ ᠱᠦᠵᠢ ᠵᠠᠬᠢᠳᠠᠯ ᠰᠣᠷᠪᠤᠯᠵᠢᠯᠠᠭ᠎ᠠ ᠶᠢ ᠶᠠᠷᠢᠬᠤ︾ ᠰᠢᠷᠢᠰ ᠰᠣᠷᠪᠤᠯᠵᠢᠯᠠᠭ᠎ᠠ ᠶᠠᠷᠢᠯᠴᠠᠭ᠎ᠠ ᠶᠢ ᠬᠦᠯᠢᠶᠡᠨ ᠠᠪᠴᠤ ᠦᠵᠡᠬᠦ ᠶᠢ ᠪᠠᠶᠠᠷᠯᠠᠨ ᠤᠭᠲᠤᠶ᠎ᠠ᠃ ᠡᠨᠡ ᠡᠳᠦᠷ ᠪᠢᠳᠡᠨ ᠤ ᠤᠷᠢᠭᠰᠠᠨ ᠡᠷᠬᠢᠮ ᠵᠣᠴᠢᠨ ᠪᠣᠯ ᠦᠪᠤᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠨᠠᠨ ᠵᠧᠨ ᠬᠤ᠋  ᠪᠣᠯᠤᠨ᠎ᠠ᠃  ᠨᠠᠨ ᠱᠦᠵᠢ᠂ ᠲᠠᠨ ᠢ ᠪᠠᠶᠠᠷᠯᠠᠨ ᠤᠭᠲᠤᠶ᠎ᠠ᠃      ﹇ᠦᠪᠤᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠨᠠᠨ ᠵᠸᠡ ᠬᠤ᠋﹈      ᠡᠷᠬᠢᠯᠡᠭᠴᠢ ᠰᠠᠶᠢᠨᠦ᠂ ᠰᠦᠯᠵᠢᠶᠡᠨ ᠤ ᠠᠨᠳᠠ ᠨᠠᠷ ᠪᠦᠭᠦᠳᠡᠭᠡᠷ ᠰᠠᠶᠢᠨᠦ᠂ ᠡᠨᠡ ᠡᠳᠦᠷ ᠤᠨ ᠰᠣᠷᠪᠤᠯᠵᠢᠯᠠᠭ᠎ᠠ ᠶᠠᠷᠢᠯᠴᠠᠭ᠎ᠠ ᠳᠤ ᠣᠷᠤᠯᠴᠠᠭᠰᠠᠨ ᠳᠠᠭᠠᠨ ᠲᠤᠩ ᠪᠠᠶᠠᠷᠯᠠᠵᠤ ᠪᠠᠶᠢᠨ᠎ᠠ᠃      ﹇ᠡᠷᠬᠢᠯᠡᠭᠴᠢ﹈      ᠣᠩᠨᠢᠭᠤᠳ ᠬᠤᠰᠢᠭᠤ ᠭᠡᠭᠰᠡᠭᠡᠷ᠂ ᠮᠠᠰᠢ ᠣᠯᠠᠨ ᠰᠦᠯᠵᠢᠶᠡᠨ ᠤ ᠠᠨᠳᠠ ᠪᠦᠷ ᠣᠶᠢᠯᠠᠭᠠᠬᠤ ᠮᠠᠭᠠᠳ᠂ 2014 ᠣᠨ ᠳᠤ ᠣᠩᠨᠢᠭᠤᠳ ᠬᠤᠰᠢᠭᠤ ᠯᠢ ᠺᠧ ᠴᠢᠶᠠᠩ ᠶᠡᠷᠤᠩᠭᠡᠢ ᠰᠠᠶᠢᠳ ᠤᠨ ᠣᠯᠠᠨ ᠲᠦᠮᠡᠨᠴᠢ ᠱᠤᠭᠤᠮ  ᠤᠨ ᠬᠦᠮᠦᠵᠢᠯ ᠤᠶᠢᠯᠡᠳᠦᠯᠭᠡ ᠶᠢᠨ ᠠᠵᠢᠯᠯᠠᠭᠠᠨ ᠤ ᠨᠢᠭᠡ ᠬᠠᠷᠢᠯᠴᠠᠬᠤ ᠴᠡᠭ ᠪᠣᠯᠤᠭᠰᠠᠨ ᠤ ᠬᠤᠪᠢ ᠳᠤ᠂ ᠮᠠᠰᠢ ᠣᠯᠠᠨ ᠰᠠᠶᠢᠨ ᠬᠢᠳᠡᠯ ᠠᠷᠭ᠎ᠠ ᠶᠢ ᠪᠦᠬᠦ ᠤᠯᠤᠰ ᠤᠨ ᠡᠯ᠎ᠡ ᠰᠣᠨᠢᠨ ᠮᠡᠳᠡᠭᠡᠨ ᠤ ᠵᠠᠭᠤᠴᠢ ᠮᠡᠳᠡᠭᠡᠯᠡᠵᠦ ᠦᠩᠭᠡᠷᠡᠪᠡ  ᠂ ᠪᠦᠬᠦᠳᠡᠭᠡᠷ ᠠᠩᠬᠠᠨ ᠤ ᠰᠠᠭᠤᠭᠳᠠᠯ ᠲᠠᠢ᠃ ᠨᠠᠨ ᠱᠦᠵᠢ᠂ ᠲᠠ ᠣᠩᠨᠢᠭᠤᠳ ᠬᠤᠰᠢᠭᠤᠨ ᠤ ᠦᠨᠳᠤᠰᠤᠨ ᠪᠠᠶᠢᠳᠠᠯ ᠢ ᠳᠦᠭᠦᠮ ᠲᠠᠨᠢᠯᠴᠠᠭᠤᠯᠤᠭᠠᠳ ᠦᠭᠨᠦ︖      ﹇ᠨᠠᠨ ᠵᠧᠨ ᠬᠤ᠋﹈      ᠪᠣᠯᠤᠨ᠎ᠠ᠂ ᠡᠷᠬᠢᠯᠡᠭᠴᠢ᠃ ᠬᠤᠶᠠᠳᠤᠭᠠᠷ ᠪᠦᠯᠦᠭ ᠤᠨ ᠨᠠᠮ ᠤᠨ ᠣᠯᠠᠨ ᠲᠦᠮᠡᠨᠴᠢ ᠱᠤᠭᠤᠮ ᠤᠨ ᠬᠦᠮᠦᠵᠢᠯ ᠤᠶᠢᠯᠡᠳᠤᠯᠭᠡ ᠶᠢᠨ ᠠᠵᠢᠯᠯᠠᠭᠠᠨ ᠳᠤᠮᠳᠠ᠂ ᠣᠩᠨᠢᠭᠤᠳ ᠬᠤᠰᠢᠭᠤ ᠵᠤᠯ ᠢᠶᠠᠷ ᠯᠢ ᠺᠧ ᠴᠢᠶᠠᠩ ᠶᠡᠷᠤᠩᠭᠡᠢ ᠰᠠᠶᠢᠳ ᠤᠨ ᠬᠠᠷᠢᠯᠴᠠᠬᠤ ᠴᠡᠭ ᠪᠣᠯᠵᠤ᠂ ᠶᠡᠷᠤᠩᠭᠡᠢ ᠰᠠᠶᠢᠳ ᠡᠮᠦᠨ᠎ᠡ ᠬᠤᠶᠢᠨ᠎ᠠ ᠬᠤᠶᠠᠷ ᠤᠳᠠᠭ᠎ᠠ ᠦᠪᠡᠷ ᠤᠨ ᠪᠡᠶ᠎ᠡ ᠪᠠᠷ ᠢᠶᠠᠨ ᠣᠩᠨᠢᠭᠤᠳ ᠬᠤᠰᠢᠭᠤᠨ ᠳᠤ ᠬᠦᠷᠴᠤ ᠢᠷᠡᠨ ᠠᠵᠢᠯ ᠢ ᠰᠣᠳᠤᠯᠤᠨ ᠵᠢᠯᠤᠭᠤᠳᠴᠤ᠂ ᠭᠤᠷᠪᠠᠨ ᠤᠳᠠᠭ᠎ᠠ ᠠᠵᠢᠯ ᠤᠨ ᠮᠡᠳᠡᠭᠦᠯᠦᠯᠲᠡ ᠶᠢ ᠰᠣᠨᠤᠰᠴᠤ᠂ ᠮᠠᠨ ᠤ ᠠᠵᠤ ᠠᠬᠤᠢ ᠨᠡᠶᠢᠭᠡᠮ ᠤᠨ ᠬᠦᠭᠵᠢᠯᠲᠡ ᠳᠤ ᠬᠦᠴᠦᠨ ᠲᠠᠢ ᠵᠢᠯᠤᠭᠤᠳᠤᠯᠭ᠎ᠠ ᠪᠠ ᠳᠡᠮᠵᠢᠯᠭᠡ ᠦᠵᠡᠭᠦᠯᠪᠡ᠂ ᠡᠨᠡ ᠨᠢ ᠶᠡᠷᠤ ᠪᠢᠳᠡᠨ ᠤ ᠲᠤᠩ ᠰᠠᠶᠢᠨ ᠠᠵᠠ ᠵᠠᠪᠰᠢᠶᠠᠨ ᠪᠠ ᠣᠮᠤᠭᠰᠢᠯ ᠪᠣᠯᠤᠨ᠎ᠠ᠃ ︽ᠣᠩᠨᠢᠭᠤᠳ︾ ᠭᠡᠳᠡᠭ ᠨᠢ ᠮᠣᠩᠭᠤᠯ ᠦᠭᠡ᠂ ︽ᠸᠠᠩ ᠤᠳ︾ ᠭᠡᠳᠡᠭ ᠤᠳᠬ᠎ᠠ ᠲᠠᠢ᠃ ᠦᠪᠤᠷ ᠮᠣᠩᠭᠤᠯ ᠤᠨ ᠤᠯᠠᠭᠠᠨᠬᠠᠳᠠ ᠬᠤᠲᠠ ᠶᠢᠨ ᠳᠤᠮᠳᠠ ᠬᠡᠰᠡᠭ ᠲᠤ ᠪᠠᠶᠢᠷᠢᠯᠠᠵᠤ ᠬᠤᠷᠴᠢᠨ ᠤ ᠮᠠᠩᠬᠠᠨ ᠭᠠᠵᠠᠷ ᠲᠠᠢ ᠪᠠᠷᠠᠭᠤᠨ ᠲᠠᠯ᠎ᠠ ᠪᠠᠷ ᠵᠠᠯᠭᠠᠯᠳᠤᠵᠤ᠂ ᠶᠡᠷᠤᠩᠭᠡᠢ ᠨᠤᠲᠤᠭ ᠳᠡᠪᠢᠰᠭᠡᠷ ᠤᠨ ᠲᠠᠯᠠᠪᠠᠢ ᠨᠢ 1.2 ᠲᠦᠮᠡᠨ ᠲᠡᠭᠰᠢ ᠳᠦᠷᠪᠡᠯᠵᠢᠨ ᠺᠢᠯᠤᠮᠧᠲᠷ ᠪᠠᠶᠢᠵᠤ᠂ ᠶᠡᠷᠤᠩᠭᠡᠢ ᠬᠦᠮᠤᠨ ᠠᠮᠠ 48.6 ᠲᠦᠮᠡ᠂ ᠡᠭᠦᠨ ᠤ ᠳᠣᠳᠤᠷ᠎ᠠ ᠬᠦᠳᠡᠭᠡ ᠲᠤᠰᠬᠤᠨ ᠮᠠᠯᠵᠢᠬᠤ ᠣᠷᠤᠨ ᠤ ᠬᠦᠮᠦᠨ ᠠᠮᠠ 42 ᠲᠦᠮᠡ᠂ ᠮᠣᠩᠭᠤᠯ ᠦᠨᠳᠤᠰᠤᠲᠡᠨ 7.3 ᠲᠦᠮᠡ ᠪᠠᠶᠢᠨ᠎ᠠ᠂ ᠮᠣᠩᠭᠤᠯ ᠦᠨᠳᠤᠰᠤᠲᠡᠨ ᠢᠶᠠᠷ ᠭᠤᠣᠯ ᠴᠣᠭᠴᠠ ᠪᠣᠯᠭᠠᠵᠤ᠂ ᠬᠢᠲᠠᠳ ᠦᠨᠳᠤᠰᠤᠲᠡᠨ ᠣᠯᠠᠩᠬᠢ ᠲᠤᠭ᠎ᠠ ᠶᠢ ᠡᠵᠡᠯᠡᠭᠰᠡᠨ ᠣᠯᠠᠨ ᠦᠨᠳᠤᠰᠤᠲᠡᠨ ᠲᠦᠪᠯᠡᠷᠡᠨ ᠰᠠᠭᠤᠷᠢᠰᠢᠭᠰᠠᠨ ᠣᠷᠤᠨ ᠪᠣᠯᠤᠨ᠎ᠠ᠃      ﹇ᠡᠷᠬᠢᠯᠡᠭᠴᠢ﹈      ᠲᠠᠨ ᠤ ᠬᠡᠯᠡᠬᠦ ᠶᠢ ᠰᠣᠨᠤᠰᠪᠠᠯ᠂ ᠣᠩᠨᠢᠭᠤᠳ ᠬᠤᠰᠢᠭᠤ ᠪᠣᠯ ᠣᠯᠠᠨ ᠦᠨᠳᠤᠰᠤᠲᠡᠨ ᠲᠦᠪᠯᠡᠷᠡᠨ ᠰᠠᠭᠤᠷᠢᠰᠢᠭᠰᠠᠨ ᠣᠷᠤᠨ᠂ ᠪᠠᠰᠠᠴᠤ ᠠᠭᠯᠠᠭ ᠪᠣᠶᠢᠲᠠ ᠪᠦᠭᠯᠡᠭᠦᠦ ᠭᠠᠵᠠᠷ ᠪᠠᠶᠢᠬ᠎ᠠ︖      ﹇ᠨᠠᠨ ᠵᠧᠨ ᠬᠤ᠋﹈      ᠮᠠᠰᠢ ᠣᠯᠠᠨ ᠬᠦᠮᠦᠨ ᠪᠦᠷ ᠢᠩᠬᠢᠵᠦ ᠦᠵᠡᠨ᠎ᠡ᠂ ᠦᠨᠡᠨ ᠳᠡᠭᠡᠨ ᠲᠡᠶᠢᠮᠦ ᠪᠢᠰᠢ᠃ ᠣᠩᠨᠢᠭᠤᠳ ᠬᠤᠰᠢᠭᠤ ᠵᠠᠮ ᠬᠠᠷᠢᠯᠴᠠᠭ᠎ᠠ ᠮᠠᠰᠢ ᠳᠦᠭᠦᠮ᠃ ᠬᠤᠰᠢᠭᠤ ᠵᠠᠰᠠᠭ ᠤᠨ ᠣᠷᠳᠣᠨ ᠤ ᠰᠠᠭᠤᠭ᠎ᠠ ᠭᠠᠵᠠᠷ ᠪᠡᠭᠡᠵᠢᠩ᠂ ᠲᠢᠶᠠᠨᠵᠢᠨ ᠱᠧᠨᠶᠠᠩ ᠵᠡᠷᠭᠡ ᠬᠤᠲᠠ ᠠᠴᠠ 500 ᠭᠠᠷᠤᠢ ᠺᠢᠯᠤᠮᠧᠲᠷ ᠤᠨ ᠵᠠᠢ ᠲᠠᠢ᠂ ᠵᠢᠨᠵᠸᠣ᠂ ᠴᠢᠨ ᠬᠤᠸᠠᠩ ᠳ᠋ᠣᠣ ᠵᠡᠷᠭᠡ ᠭᠠᠷᠠᠮ ᠤᠨ ᠬᠤᠲᠠ ᠠᠴᠠ 300 ᠢᠯᠡᠭᠦᠦ ᠺᠢᠯᠤᠮᠧᠲᠷ ᠵᠠᠢ ᠲᠠᠢ᠂ ᠪᠦᠬᠦᠨ ᠢᠶᠠᠷ ᠲᠦᠷᠭᠡᠨ ᠬᠤᠷᠳᠤᠴᠠᠲᠤ ᠵᠠᠰᠠᠮᠠᠯ ᠵᠠᠮ᠂ ᠲᠡᠷᠭᠡ ᠵᠢᠯᠤᠭᠤᠳᠪᠠᠯ ᠪᠠᠷᠤᠭ 5 ᠴᠠᠭ ᠲᠠᠢ ᠪᠣᠯ ᠪᠡᠭᠡᠵᠢᠩ ᠳᠤ ᠬᠦᠷᠴᠢᠭᠡᠨ᠎ᠡ᠂ ᠦᠪᠡᠷ ᠢᠶᠠᠨ ᠲᠡᠷᠭᠡ ᠵᠢᠯᠤᠭᠤᠳᠴᠤ ᠣᠩᠨᠢᠭᠤᠳ ᠲᠤ ᠨᠠᠭᠠᠳᠬᠤ ᠪᠠᠷ ᠢᠷᠡᠬᠦ ᠬᠦᠮᠦᠨ ᠮᠠᠰᠢ ᠣᠯᠠᠨ᠃ ᠣᠩᠨᠢᠭᠤᠳ ᠬᠤᠰᠢᠭᠤ ᠠᠴᠠ ᠬᠠᠰ ᠯᠣᠣ ᠨᠢᠰᠭᠡᠯ ᠤᠨ ᠲᠠᠯᠠᠪᠤᠷ ᠲᠤ ᠬᠦᠷᠬᠦ ᠵᠠᠢ ᠨᠢ ᠪᠠᠷᠤᠭ 50 ᠮᠢᠨᠦ᠋ᠲ ᠤᠨ ᠵᠠᠮ᠂ ᠪᠠᠰᠠ ᠣᠳᠤᠪᠠᠷ ᠪᠦᠲᠤᠭᠡᠨ ᠪᠠᠶᠢᠭᠤᠯᠵᠤ ᠪᠠᠶᠢᠬᠤ ᠵᠢᠩ ᠱᠧᠨ ᠲᠦᠷᠭᠡᠨ ᠬᠤᠷᠲᠤᠴᠠᠲᠤ ᠵᠠᠮ ᠤᠯᠠᠭᠠᠨᠬᠠᠳᠠ ᠠᠴᠠ ᠬᠠᠷᠠᠴᠢᠨ ᠬᠤᠰᠢᠭᠤᠨ ᠤ ᠵᠡᠭᠦᠨ ᠬᠦᠷᠬᠦ ᠬᠡᠰᠡᠭ ᠨᠢ 2019 ᠣᠨ ᠳᠤ ᠬᠡᠷᠡᠭᠯᠡᠭᠡᠨ ᠳᠤ ᠣᠷᠤᠭᠰᠠᠨ ᠤ ᠳᠠᠷᠠᠭ᠎ᠠ᠂ ᠪᠡᠭᠡᠵᠢᠩ ᠪᠠ ᠱᠧᠨᠶᠠᠩ ᠳᠤ ᠬᠦᠷᠬᠦ ᠳᠤ ᠵᠦᠪᠬᠡᠨ 100 ᠮᠢᠨᠦ᠋ᠲ ᠬᠡᠷᠡᠭᠰᠡᠵᠦ᠂ ᠭᠠᠳᠠᠭᠰᠢ ᠶᠠᠪᠤᠬᠤ ᠳᠤ ᠤᠯᠠᠮ ᠳᠦᠭᠦᠮ ᠪᠣᠯᠤᠨ᠎ᠠ᠃      ﹇ᠡᠷᠬᠢᠯᠡᠭᠴᠢ﹈      ᠤᠭ ᠨᠢ ᠮᠠᠨ ᠤ ᠪᠣᠳᠤᠭᠰᠠᠨ ᠲᠠᠢ ᠠᠳᠠᠯᠢ ᠦᠭᠡᠢ᠃ ᠲᠠ ᠰᠠᠶ᠋ᠢ ᠦᠪᠡᠷ ᠢᠶᠠᠨ ᠲᠡᠷᠭᠡ ᠵᠢᠯᠤᠭᠤᠳᠴᠤ ᠵᠣᠭᠠᠴᠠᠬᠤ ᠶᠢ ᠳᠤᠷᠠᠳᠤᠭᠰᠠᠨ᠂ ᠲᠡᠭᠡᠪᠡᠯ᠂ ᠲᠠ ᠪᠢᠳᠡᠨ ᠳᠤ ᠣᠩᠨᠢᠭᠤᠳ ᠬᠤᠰᠢᠭᠤ ᠶᠠᠮᠠᠷ ᠶᠠᠮᠠᠷ ᠲᠡᠷᠭᠡ ᠵᠢᠯᠤᠭᠤᠳᠴᠤ ᠵᠣᠭᠠᠴᠠᠬᠤ ᠭᠠᠵᠠᠷ ᠪᠠᠶᠢᠬᠤ ᠶᠢ ᠬᠡᠯᠡᠭᠡᠳ ᠦᠭᠨᠦ︖      ﹇ᠨᠠᠨ ᠵᠸᠡ ᠬᠤ᠋﹈      ᠮᠢᠨᠤ ᠪᠣᠳᠤᠬᠤ ᠪᠠᠷ ᠡᠭᠦᠨ ᠢ ᠣᠩᠨᠢᠭᠤᠳ ᠬᠤᠰᠢᠭᠤᠨ ᠤ ᠰᠣᠶᠣᠯ ᠪᠠ ᠵᠣᠭᠠᠴᠠᠯ ᠡᠨᠡ ᠬᠤᠶᠠᠷ ᠦᠪᠡᠷᠮᠢᠴᠡ ᠣᠨᠴᠠᠯᠢᠭ ᠠᠴᠠ ᠡᠬᠢᠯᠡᠵᠦ ᠶᠠᠷᠢᠵᠤ ᠪᠣᠯᠤᠨ᠎ᠠ᠃ ᠨᠢᠭᠡᠳᠤᠭᠡᠷ ᠣᠨᠴᠠᠯᠢᠭ ᠨᠢ ᠦᠨᠢ ᠤᠳᠠᠭᠠᠨ ᠲᠡᠥᠭᠡ ᠲᠠᠢ᠂ ᠣᠨᠴᠠᠭᠠᠶᠢᠯᠠᠨ ᠬᠤᠩ ᠱᠠᠨ ᠰᠣᠶᠣᠯ ᠪᠣᠯ ᠲᠦᠯᠦᠭᠡᠯᠡᠭᠴᠢ ᠴᠢᠨᠠᠷ ᠲᠠᠢ᠃ 1971 ᠣᠨ ᠳᠤ ᠮᠠᠨ ᠤ ᠬᠤᠰᠢᠭᠤᠨ  ᠤ ᠰᠠᠴᠢᠨᠲᠠᠯ᠎ᠠ ᠭᠠᠴᠠᠭ᠎ᠠ ᠠᠴᠠ ᠮᠠᠯᠲᠠᠵᠤ ᠭᠠᠷᠭᠠᠭᠰᠠᠨ ᠶᠡᠭᠡ ᠬᠡᠯᠪᠡᠷᠢ ᠶᠢᠨ ︽ᠨᠣᠭᠤᠭᠠᠨ ᠬᠠᠰ ᠯᠤᠤ︾ ᠨᠢ ᠬᠤᠩ ᠱᠠᠨ ᠰᠣᠶᠣᠯ ᠤᠨ ᠲᠦᠯᠦᠭᠡᠯᠡᠭᠴᠢ ᠴᠢᠨᠠᠷ ᠲᠠᠢ ᠪᠠᠭᠠᠵᠢ ᠬᠡᠷᠡᠭᠰᠡᠯ ᠤᠨ ᠨᠢᠭᠡ ᠪᠣᠯᠤᠨ᠎ᠠ᠃ ᠳᠤᠮᠳᠠᠳᠤ ᠶᠢᠨ ᠦᠨᠳᠤᠰᠤᠲᠡᠨ ᠤ 5000 ᠵᠢᠯ ᠤᠨ ᠪᠣᠯᠪᠠᠰᠤᠨ ᠲᠡᠥᠭᠡ ᠶᠢ ᠡᠮᠦᠨᠡᠰᠢ 1000 ᠵᠢᠯ ᠨᠡᠬᠡᠮᠵᠢᠯᠡᠵᠦ᠂ ᠲᠡᠥᠭᠡ ᠰᠣᠳᠤᠯᠤᠭᠴᠢᠳ ᠤᠨ ᠡᠩᠨᠡᠭᠡ ᠪᠠ ᠬᠠᠭᠤᠴᠢᠨ ᠢ ᠰᠣᠳᠤᠯᠤᠭᠴᠢᠳ ᠤᠨ ᠡᠩᠨᠡᠭᠡᠨ ᠳᠤ ︽ᠳᠤᠮᠳᠠᠳᠤ ᠶᠢᠨ ᠠᠩᠬᠠᠳᠠᠭᠴᠢ ᠯᠣᠣ︾ ᠪᠠᠷ ᠲᠣᠭᠲᠠᠭᠠᠬᠳᠠᠵᠤ᠂ ᠣᠩᠨᠢᠭᠤᠳ ᠬᠤᠰᠢᠭᠤ ᠮᠦᠨ ︽ᠬᠠᠰ ᠯᠣᠣ ᠶᠢᠨ ᠨᠤᠲᠤᠭ︾ ᠭᠡᠵᠦ ᠨᠡᠷᠡᠯᠡᠭᠳᠡᠪᠡ᠃ ᠡᠨᠡ ︽ᠨᠣᠭᠤᠭᠠᠨ ᠬᠠᠰ ᠯᠤᠤ︾ ᠪᠣᠯ ᠳᠠᠷᠤᠢ ᠬᠤᠸᠠᠰᠢᠶᠠ ᠪᠠᠩᠭᠢ ᠶᠢᠨ ᠪᠠᠩᠭᠢ ᠶᠢᠨ ᠰᠢᠨᠵᠢ ᠲᠡᠮᠲᠡᠭ ᠪᠠᠶᠢᠵᠦ᠂ ᠣᠳᠤ ᠤᠯᠤᠰ ᠤᠨ ᠮᠦᠽᠧᠢ ᠳᠤ ᠬᠠᠳᠠᠭᠠᠯᠠᠭᠳᠠᠵᠤ ᠪᠣᠢ᠃      ﹇ᠨᠠᠨ ᠵᠸᠡ ᠬᠤ᠋﹈      ᠬᠤᠶᠠᠳᠤᠭᠠᠷ ᠦᠪᠡᠷᠮᠢᠴᠡ ᠣᠨᠴᠠᠯᠢᠭ ᠪᠣᠯ ᠳᠠᠷᠤᠢ ᠵᠣᠭᠠᠴᠠᠯ ᠤᠨ ᠡᠬᠢ ᠪᠠᠶᠠᠯᠢᠭ ᠣᠨᠴᠠᠭᠠᠢ ᠡᠯᠪᠡᠭ᠃ ᠣᠩᠨᠢᠭᠤᠳ ᠬᠤᠰᠢᠭᠤᠨ ᠤ ᠭᠠᠵᠠᠷ ᠤᠨ ᠪᠠᠶᠢᠴᠠ ᠨᠠᠷᠢᠨ ᠤᠷᠲᠤ᠂ ᠵᠡᠭᠦᠨ ᠪᠠᠷᠠᠭᠤᠨᠰᠢ 256 ᠺᠢᠯᠤᠮᠧᠲᠷ᠂ ᠡᠮᠦᠨ᠎ᠡ ᠬᠤᠶᠢᠰᠢ ᠦᠷᠭᠡᠨ ᠢᠶᠠᠷ ᠢᠶᠠᠨ 84 ᠺᠢᠯᠤᠮᠧᠲᠷ᠂ ᠲᠠᠯ᠎ᠠ ᠭᠠᠵᠠᠷ᠂ ᠣᠢ ᠰᠢᠭᠤᠢ᠂ ᠡᠯᠡᠰᠤᠨ ᠭᠠᠵᠠᠷ᠂ ᠨᠠᠭᠤᠷ ᠴᠦᠭᠦᠷᠤᠮ ᠵᠡᠷᠭᠡ ᠦᠵᠡᠮᠵᠢ ᠪᠦᠷ ᠲᠤᠩ ᠨᠡᠶᠢᠲᠡᠯᠢᠭ᠂ ᠦᠪᠤᠷ ᠮᠣᠩᠭᠤᠯ ᠤᠨ ᠮᠠᠰᠢ ᠠᠮᠢᠳᠤᠯᠢᠭ ᠬᠤᠷᠢᠶᠠᠩᠭᠤᠢ ᠳᠦᠷᠰᠤ ᠮᠦᠨ᠃ ᠣᠨᠴᠠᠭᠠᠶᠢᠯᠠᠨ ᠮᠠᠨ ᠤ ᠬᠠᠰ ᠯᠣᠣ ᠮᠠᠩᠬᠠᠨ ᠨᠠᠭᠤᠷ ᠤᠨ ᠦᠵᠡᠮᠵᠢ ᠶᠢᠨ ᠣᠷᠤᠨ  ᠨᠢ ᠪᠡᠭᠡᠵᠢᠩ ᠠᠴᠠ ᠬᠠᠮᠤᠭ ᠣᠶᠢᠷ᠎ᠠ᠂ ᠬᠠᠮᠤᠭ ᠰᠠᠶᠢᠬᠠᠨ ᠮᠠᠩᠬᠠᠨ ᠵᠣᠭᠠᠴᠠᠯ ᠤᠨ ᠣᠷᠤᠨ ᠢᠶᠠᠷ ᠨᠡᠷᠡᠯᠡᠭᠳᠡᠵᠦ᠂ ᠵᠢᠯ ᠪᠦᠷᠢ ︽ᠳᠤᠮᠳᠠᠳᠤ ᠤᠯᠤᠰ ᠤᠨ ᠳᠡᠰ ᠠᠴᠠ ᠳᠠᠪᠠᠭᠰᠠᠨ ᠫᠢᠺᠠ ᠲᠡᠷᠭᠡ ᠶᠢᠨ ᠶᠡᠭᠡ ᠤᠷᠤᠯᠳᠤᠭᠠᠨ︾᠂ ︽ᠳᠤᠮᠳᠠᠳᠤ  ᠤᠯᠤᠰ ᠤᠨ ᠬᠠᠰ ᠯᠣᠣ ᠮᠠᠩᠬᠠᠨ ᠨᠠᠭᠤᠷ ᠤᠨ ᠭᠡᠭᠡᠷᠯᠡᠨ ᠦᠷᠢᠰᠤᠯᠳᠦᠬᠦ ᠤᠷᠤᠯᠳᠤᠭᠠᠨ︾ ᠵᠡᠷᠭᠡ ᠨᠦᠯᠦᠭᠡ ᠬᠦᠴᠤᠨ ᠲᠠᠢ ᠤᠷᠤᠯᠳᠤᠭᠠᠨ ᠶᠢ ᠳᠠᠭᠠᠭᠠᠴᠢᠯᠠᠵᠤ ᠡᠷᠬᠢᠯᠡᠪᠡ᠃ ︽ᠠᠭᠤᠯᠵᠠᠬᠤ ᠢᠷᠤᠭᠡᠯ ᠦᠭᠡᠢ︾᠂ ︽ᠲᠦᠮᠡᠨ ᠪᠣᠳᠠᠰ ᠦᠰᠦᠨ ᠪᠣᠶᠢᠵᠢᠬᠤ︾ ᠵᠡᠷᠭᠡ ᠬᠦᠷ ᠬᠦᠭᠵᠢᠶᠡᠨ ᠲᠠᠢ ᠨᠡᠪᠲᠡᠷᠡᠭᠦᠯᠦᠭᠰᠡᠨ ᠺᠢᠨᠣ᠋ ᠪᠣᠯ ᠪᠦᠷ ᠲᠤᠰ ᠦᠵᠡᠮᠵᠢ ᠶᠢᠨ ᠣᠷᠤᠨ ᠳᠤ ᠵᠢᠷᠤᠭ ᠲᠠᠲᠠᠵᠤ᠂ ᠣᠯᠠᠨ ᠵᠣᠭᠠᠴᠠᠭᠰᠠᠳ ᠤᠨ ᠲᠣᠭᠤᠷᠢᠵᠤ ᠵᠣᠭᠠᠴᠠᠬᠤ ᠪᠠᠷ ᠢᠷᠡᠬᠦ ᠶᠢ ᠲᠠᠲᠠᠭᠰᠠᠨ ᠪᠠᠶᠢᠨ᠎ᠠ᠃ ᠵᠣᠭᠠᠴᠠᠯ ᠤᠨ ᠬᠦᠮᠦᠨ ᠤ ᠲᠤᠭ᠎ᠠ ᠨᠢ 2011 ᠣᠨ ᠤ 1 ᠲᠦᠮᠡᠨ ᠬᠦᠮᠦᠨ ᠤᠳᠠᠭ᠎ᠠ ᠠᠴᠠ ᠨᠡᠮᠡᠭᠳᠡᠭᠡᠳ 2015 ᠣᠨ ᠤ 25.8 ᠲᠦᠮᠡᠨ ᠬᠦᠮᠦᠨ ᠤᠳᠠᠭ᠎ᠠ ᠪᠣᠯᠵᠤ᠂ ᠤᠷᠢᠳᠴᠢᠯᠠᠨ ᠲᠦᠰᠦᠪᠯᠡᠪᠡᠯ ᠡᠨᠡ ᠵᠢᠯ 30 ᠲᠦᠮᠡᠨ ᠬᠦᠮᠦᠨ ᠤᠳᠠᠭ᠎ᠠ ᠶᠢ ᠳᠠᠪᠠᠨ᠎ᠠ᠂ ᠡᠭᠦᠨ ᠤ ᠳᠣᠲᠤᠷ᠎ᠠ ᠪᠡᠭᠡᠵᠢᠩ ᠤᠨ ᠵᠣᠭᠠᠴᠠᠭᠰᠠᠳ ᠬᠠᠮᠤᠭ ᠣᠯᠠᠨ᠂ ᠪᠦᠬᠦ ᠵᠣᠭᠠᠴᠠᠭᠰᠠᠳ ᠤᠨ ᠶᠡᠷᠤᠩᠭᠡᠢ ᠲᠣᠭᠠᠨ ᠤ 40% ᠣᠷᠴᠢᠮ ᠢ ᠡᠵᠡᠯᠡᠨ᠎ᠡ᠃      ﹇ᠡᠷᠬᠢᠯᠡᠭᠴᠢ﹈      ᠰᠣᠨᠤᠰᠬᠤ ᠳᠤ ᠦᠨᠡᠭᠡᠷ ᠪᠠᠭ᠋ᠠᠷᠬᠠᠯ ᠢ ᠲᠠᠲᠠᠨ᠎ᠠ᠂ ᠪᠢᠳᠡ ᠪᠠᠰᠠ ᠵᠠᠪᠰᠢᠶᠠᠨ ᠪᠠᠶᠢᠪᠠᠯ ᠪᠡᠶ᠎ᠡ ᠪᠠᠷ ᠢᠶᠠᠨ ᠣᠴᠢᠵᠤ ᠣᠷᠤᠯᠴᠠᠬᠤ ᠶᠢ ᠬᠦᠰᠡᠮᠵᠢᠯᠡᠨ᠎ᠡ᠃      ﹇ᠨᠠᠨ ᠵᠸᠡ ᠬᠤ᠋﹈      ᠲᠤᠩ ᠪᠠᠶᠠᠷᠯᠠᠨ ᠣᠭᠲᠤᠨ᠎ᠠ᠂ ᠡᠷᠬᠢᠯᠡᠭᠴᠢ ᠪᠠ ᠰᠦᠯᠵᠢᠶᠡᠨ ᠤ ᠠᠨᠳᠠ ᠨᠠᠷ ᠣᠩᠨᠢᠭᠤᠳ ᠬᠤᠰᠢᠭᠤᠨ ᠳᠤ ᠬᠦᠷᠴᠦ ᠲᠣᠭᠤᠷᠢᠨ ᠵᠣᠭᠠᠴᠠᠬᠤ᠂ ᠰᠡᠯᠡᠭᠦᠴᠡᠵᠤ ᠠᠮᠠᠷᠠᠬᠤ ᠶᠢ ᠴᠢᠩ ᠰᠡᠳᠬᠢᠯ ᠠᠴᠠ ᠪᠠᠨ ᠤᠷᠢᠵᠤ᠂ ᠮᠣᠩᠭᠤᠯ ᠦᠨᠳᠤᠰᠤᠲᠡᠨ ᠤ ᠠᠷᠠᠳ ᠲᠦᠮᠡᠨ ᠤ ᠬᠠᠯᠠᠭᠤᠨ ᠵᠣᠴᠢᠨᠰᠠᠭ ᠢ ᠬᠦᠷᠲᠡᠭᠡᠷᠡᠢ᠃      ﹇ᠡᠷᠬᠢᠯᠡᠭᠴᠢ﹈      ᠨᠠᠨ ᠱᠦᠵᠢ ᠳᠤ ᠲᠠᠯᠠᠷᠬᠠᠯ᠎ᠠ᠂ ᠳᠣᠣᠷ᠎ᠠ ᠲᠠ ᠮᠠᠨ ᠳᠤ ᠣᠩᠨᠢᠭᠤᠳ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠯᠲᠡ ᠶᠢᠨ ᠶᠠᠮᠠᠷ ᠪᠠᠶᠢᠳᠠᠯ ᠪᠣᠯᠬᠤ ᠶᠢ ᠲᠠᠨᠢᠯᠴᠠᠭᠤᠯᠤᠭᠠᠳ ᠦᠭᠨᠦ︖      ﹇ᠨᠠᠨ ᠵᠸᠡ ᠬᠤ᠋﹈      ᠣᠩᠨᠢᠭᠤᠳ ᠬᠤᠰᠢᠭᠤᠨ ᠤ ᠣᠷᠴᠢᠮ ᠤᠨ ᠵᠢᠯ ᠤᠨ ᠬᠦᠭᠵᠢᠯᠲᠡ ᠨᠡᠯᠢᠶᠡᠳ ᠲᠦᠷᠭᠡᠨ᠂ ᠬᠡᠳᠤᠨ ᠦᠪᠡᠷᠮᠢᠴᠡ ᠤᠶᠢᠯᠡᠰ ᠨᠢᠭᠡᠨᠲᠡ ᠲᠤᠯᠭᠠᠭᠤᠷ ᠪᠦᠷᠢᠯᠳᠤᠪᠡ᠃ ᠵᠢᠱᠢᠶᠡᠯᠡᠪᠡᠯ᠄ ᠲᠠᠷᠢᠶᠠᠯᠠᠩ ᠮᠠᠯ ᠠᠵᠤ ᠠᠬᠤᠢ ᠶᠢᠨ ᠪᠦᠲᠤᠭᠡᠭᠳᠡᠭᠦᠨ ᠢ ᠪᠣᠯᠪᠠᠰᠤᠷᠠᠭᠤᠯᠬᠤ ᠤᠶᠢᠯᠡᠰ᠂ ᠣᠩᠨᠢᠭᠤᠳ ᠬᠤᠰᠢᠭᠤ 450 ᠲᠦᠮᠡᠨ ᠮᠦ ᠲᠠᠷᠢᠶᠠᠨ ᠭᠠᠵᠠᠷ᠂ 756 ᠲᠦᠮᠡᠨ ᠮᠦ ᠪᠠᠶᠢᠭᠠᠯᠢᠯᠢᠭ ᠪᠡᠯᠴᠢᠭᠡᠷ ᠬᠠᠳᠤᠯᠠᠩ ᠤᠨ ᠲᠠᠯᠠᠪᠤᠷ ᠲᠠᠢ᠂ ᠵᠢᠯ ᠪᠦᠷᠢ ᠠᠮᠤ ᠪᠣᠳᠠᠭᠠᠨ ᠤ ᠤᠨᠠᠯᠲᠠ 20 ᠳ᠋ᠦᠩᠰᠢᠭᠤᠷ ᠵᠢᠩ ᠠᠴᠠ ᠳᠡᠭᠡᠭᠰᠢ᠂ ᠮᠠᠯ ᠤᠨᠤᠭ᠎ᠠ ᠶᠢᠨ ᠲᠡᠵᠢᠭᠡᠵᠤ ᠪᠠᠶᠢᠭ᠎ᠠ ᠲᠤᠭ᠎ᠠ 260 ᠲᠦᠮᠡ ᠭᠠᠷᠤᠢ ᠬᠦᠷᠴᠦ᠂ ᠡᠳᠡᠭᠡᠷ ᠪᠦᠬᠦᠨ ᠨᠢ ᠴᠦᠮ ᠪᠠᠶᠢᠭᠠᠯᠢᠯᠢᠭ᠂ ᠪᠣᠬᠢᠷᠳᠤᠯ ᠦᠭᠡᠢ᠃ ᠣᠳᠣ᠂ ᠨᠢᠭᠡ ᠪᠦᠯᠦᠭ ᠲᠣᠮᠣ ᠤᠯᠤᠰ ᠤᠨ ᠠᠵᠤ ᠠᠬᠤᠶᠢᠯᠠᠯ᠂ ᠵᠠᠬ᠎ᠠ ᠳᠡᠯᠭᠡᠭᠦᠷ ᠲᠤ ᠭᠠᠷᠤᠭᠰᠠᠨ ᠺᠣᠮᠫᠠᠨᠢ ᠨᠢ ᠪᠦᠷ ᠮᠠᠨ ᠤ ᠡᠨᠡ ᠬᠡᠰᠡᠭ ︽ᠬᠡᠰᠢᠭᠲᠦ ᠭᠠᠵᠠᠷ︾ ᠢ ᠣᠨᠢᠯᠠᠵᠤ᠂ ᠣᠩᠨᠢᠭᠤᠳ ᠬᠤᠰᠢᠭᠤᠨ ᠳᠤ ᠬᠦᠷᠴᠤ ᠳᠠᠪᠠᠭᠤᠯᠢᠭ ᠲᠠᠷᠢᠶᠠᠯᠠᠩ ᠮᠠᠯ ᠠᠵᠤ ᠠᠬᠤᠢ ᠶᠢᠨ ᠪᠦᠲᠤᠭᠡᠭᠳᠡᠭᠦᠨ ᠤ ᠡᠬᠢ ᠪᠠᠶᠠᠯᠢᠭ ᠢ ᠨᠡᠭᠡᠭᠡᠪᠡ᠃ ᠵᠦᠩ ᠯᠢᠶᠠᠩ ᠪᠦᠯᠦᠭᠯᠡᠯ᠂ ᠮᠦ ᠶᠤᠸᠠᠨ ᠬᠤᠪᠢ ᠣᠷᠤᠭᠤᠯᠤᠯᠲᠠ ᠶᠢᠨ ᠭᠠᠭ᠋ᠠᠢ᠂ ᠡᠾᠧᠩ ᠳ᠋ᠦ᠋ ᠦᠬᠡᠷ ᠤᠨ ᠤᠶᠢᠯᠡᠰ᠂ ᠢᠦᠢ ᠷᠦᠨ ᠪᠦᠯᠦᠭᠯᠡᠯ ᠤᠨ ᠠᠯᠠᠰᠢᠨ ᠦᠬᠡᠷ᠂ ᠮᠧᠩ ᠳ᠋ᠦ᠋ ᠬᠤᠨᠢᠨ ᠤ ᠤᠶᠢᠯᠡᠰ ᠤᠨ ᠠᠯᠠᠰᠢᠨ ᠬᠤᠨᠢ᠂ ᠡᠳᠡᠭᠡᠷ ᠨᠢ ᠪᠦᠷ ᠦᠷᠡᠵᠢᠭᠦᠯᠬᠦ᠂ ᠲᠡᠵᠢᠭᠡᠬᠦ᠂ ᠠᠯᠠᠵᠤ ᠪᠣᠯᠪᠠᠰᠤᠷᠠᠭᠤᠯᠬᠤ ᠶᠢ ᠨᠢᠭᠡ ᠴᠣᠭᠴᠠᠵᠢᠯᠠᠭᠰᠠᠨ ᠪᠦᠬᠦ ᠠᠵᠤ ᠤᠶᠢᠯᠡᠰ ᠤᠨ ᠭᠢᠨᠵᠢ ᠶᠢᠨ ᠲᠦᠷᠤᠯ ᠵᠤᠶᠢᠯ ᠮᠦᠨ᠃ ᠯᠢᠩ ᡁᠢ ᠪᠡᠯᠡ ᠣᠷᠤᠭᠤᠯᠤᠯᠲᠠ ᠶᠢᠨ ᠲᠦᠮᠦᠰᠤ ᠶᠢᠨ ᠨᠤᠨᠳᠠᠭ ᠪᠠ ᠲᠦᠮᠦᠰᠤ ᠶᠢᠨ ᠵᠦᠰᠦᠮ ᠪᠣᠯᠪᠠᠰᠤᠷᠠᠭᠤᠯᠬᠤ᠂ ᠠᠨ ᠴᠢ ᠢᠰᠭᠡᠭᠦᠷ ᠤᠨ ᠰᠢᠬᠢᠷ ᠯᠣᠣᠪᠠᠩ ᠢᠶᠠᠷ ᠰᠢᠬᠢᠷ ᠤᠶᠢᠯᠡᠳᠬᠦ ᠪᠠ ᠢᠰᠭᠡᠭᠦᠷ ᠤᠶᠢᠯᠡᠳᠪᠤᠷᠢᠯᠡᠬᠦ ᠨᠢ ᠪᠠᠰᠠ ᠪᠦᠷ ᠪᠦᠬᠦ ᠤᠶᠢᠯᠡᠰ ᠤᠨ ᠭᠢᠨᠵᠢ᠃ ᠪᠠᠰᠠ ᠠᠷᠢᠭᠤᠨ ᠴᠡᠪᠡᠷ ᠡᠨᠧᠷᠬᠢ᠂ ᠮᠠᠰᠢᠨ ᠲᠣᠨᠤᠭ ᠪᠣᠯᠪᠠᠰᠤᠷᠠᠭᠤᠯᠵᠤ ᠤᠶᠢᠯᠡᠳᠬᠦ᠂ ᠠᠭᠤᠷᠬᠠᠢ᠂ ᠪᠣᠳᠠᠰ ᠤᠨ ᠭᠦᠢᠯᠭᠡᠭᠡᠨ᠂ ᠰᠣᠶᠤᠯ ᠵᠣᠭᠠᠴᠠᠯ ᠵᠡᠷᠭᠡ ᠤᠶᠢᠯᠡᠰ ᠪᠠᠰᠠ ᠪᠦᠷ ᠠᠯᠭᠤᠮ ᠢᠶᠠᠷ ᠬᠦᠴᠦᠷᠭᠡᠭᠵᠢᠵᠦ ᠪᠠᠶᠢᠨ᠎ᠠ᠃ ︽12.5︾ ᠶᠢᠨ ᠬᠤᠭᠤᠴᠠᠭᠠᠨ ᠤ ᠴᠢᠷᠮᠠᠶᠢᠯᠭ᠎ᠠ ᠪᠠᠷ ᠳᠠᠮᠵᠢᠭᠠᠳ᠂ ᠪᠦᠬᠦ ᠬᠤᠰᠢᠭᠤᠨ ᠤ ᠤᠶᠢᠯᠡᠳᠪᠤᠷᠢᠯᠡᠯ ᠤᠨ ᠶᠡᠷᠤᠩᠭᠡᠢ ᠦᠷᠳᠡᠭ᠂ ᠡᠳ᠋ ᠤᠨ ᠵᠠᠰᠠᠭ ᠤᠨ ᠣᠷᠤᠯᠭ᠎ᠠ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠡᠵᠡᠮᠳᠡᠵᠦ ᠪᠣᠯᠬᠤ ᠣᠷᠤᠯᠭ᠎ᠠ ᠦᠨᠳᠤᠰᠤᠨ ᠳᠡᠭᠡᠨ ᠪᠦᠷ ︽11.5︾ ᠤᠨ ᠬᠤᠭᠤᠴᠠᠭ᠎ᠠ ᠠᠴᠠ ᠬᠤᠶᠠᠷ ᠳᠠᠬᠢᠨᠲᠠᠪᠠ᠃      ﹇ᠡᠷᠬᠢᠯᠡᠭᠴᠢ﹈      ᠡᠶᠢᠮᠦ ᠪᠣᠯ ᠨᠡᠯᠢᠶᠡᠳ ᠰᠠᠶᠢᠨ ᠬᠢᠷᠢ ᠪᠦᠲᠤᠮᠵᠢ ᠲᠠᠢ᠂ ᠡᠨᠡ ᠬᠢᠷᠢ ᠪᠦᠲᠤᠮᠵᠢ ᠶᠢ ᠣᠯᠬᠤ ᠳᠤ ᠯᠠᠪᠲᠠᠢ ᠪᠠᠰᠠ ᠬᠢᠯᠪᠡᠷ ᠪᠣᠰᠤ᠂ ᠲᠡᠶᠢᠮᠦ ᠪᠠ︖      ﹇ᠨᠠᠨ ᠵᠧᠨ ᠬᠤ᠋﹈      ᠲᠡᠶᠢᠮᠦ ᠡ᠂ ᠮᠢᠨᠦ ᠪᠣᠳᠤᠬᠤ ᠪᠠᠷ᠂ ᠡᠨᠡ ᠨᠢ ᠪᠦᠬᠦ ᠬᠤᠰᠢᠭᠤ ᠳᠡᠭᠡᠷ᠎ᠡ ᠳᠣᠣᠷ᠎ᠠ ᠪᠠᠨ ᠨᠢᠭᠡ ᠰᠡᠳᠬᠢᠯ ᠢᠶᠠᠷ ᠬᠦᠭᠵᠢᠬᠦ ᠶᠢ ᠪᠣᠳᠤᠯᠬᠢᠯᠠᠭᠰᠠᠨ ᠤ ᠦᠷ᠎ᠡ ᠳ᠋ᠦᠩ ᠪᠦᠭᠡᠳ ᠨᠡᠩ ᠢᠯᠡᠭᠦᠦ ᠡᠶ᠎ᠡ ᠵᠣᠬᠢᠴᠠᠯ ᠲᠣᠭᠲᠠᠭᠤᠨ ᠬᠦᠭᠵᠢᠯᠲᠡ ᠶᠢᠨ ᠣᠷᠴᠢᠨ ᠲᠣᠭᠤᠷᠢᠨ ᠪᠠᠶᠢᠬᠤ ᠦᠭᠡᠢ ᠪᠣᠯ ᠶᠠᠮᠠᠷ ᠰᠠᠶᠢᠨ ᠬᠦᠭᠵᠢᠯᠲᠡ ᠶᠢᠨ ᠠᠷᠭ᠎ᠠ ᠪᠠᠷᠢᠯ᠂ ᠶᠠᠮᠠᠷ ᠬᠦᠴᠤᠨ ᠲᠠᠢ ᠦᠭᠡᠷᠡᠴᠢᠯᠡᠯᠲᠡ ᠶᠢᠨ ᠠᠷᠭ᠎ᠠ ᠬᠡᠮᠵᠢᠶ᠎ᠡ ᠴᠤ ᠪᠦᠷ ᠬᠡᠷᠡᠭᠯᠡᠭᠳᠡᠵᠦ ᠳᠡᠶᠢᠯᠬᠦ ᠦᠭᠡᠢ  ᠃      ﹇ᠨᠠᠨ ᠵᠧᠨ ᠬᠤ᠋﹈      ᠲᠡᠭᠡᠪᠡᠯ ᠣᠩᠨᠢᠭᠤᠳ ᠬᠤᠰᠢᠭᠤᠨ ᠳᠤ ᠠᠪᠴᠤ ᠬᠡᠯᠡᠪᠡᠯ᠂ ᠨᠡᠶᠢᠭᠡᠮ ᠤᠨ ᠲᠣᠭᠲᠠᠭᠤᠨ ᠪᠠᠰᠠ ᠦᠩᠭᠡᠷᠡᠭᠰᠡᠨ  ᠳᠤ ᠭᠤᠷᠪᠠᠨ ᠲᠠᠯ᠎ᠠ ᠶᠢᠨ ᠠᠰᠠᠭᠤᠳᠠᠯ ᠲᠤᠯᠭᠠᠷᠠᠵᠤ ᠪᠠᠶᠢᠪᠠ᠃ ᠨᠢᠭᠡ ᠳᠤ᠂ ᠣᠩᠨᠢᠭᠤᠳ ᠬᠤᠰᠢᠭᠤ ᠨᠢ ᠪᠦᠬᠦ ᠣᠷᠤᠨ ᠤ ᠪᠣᠰᠤᠳ ᠬᠤᠰᠢᠭᠤ ᠰᠢᠶᠠᠨ ᠲᠠᠢ ᠠᠳᠠᠯᠢ᠂ ᠠᠵᠤ ᠠᠬᠤᠢ ᠲᠦᠷᠭᠡᠨ ᠬᠦᠭᠵᠢᠬᠦ ᠶᠢᠨ ᠵᠡᠷᠭᠡᠪᠡᠷ ᠪᠠᠰᠠ ᠵᠠᠷᠢᠮ ᠠᠰᠠᠭᠤᠳᠠᠯ ᠲᠤᠯᠭᠠᠷᠠᠨ᠎ᠠ  ᠂ ᠣᠯᠠᠩᠬᠢ ᠵᠦᠷᠢᠴᠠᠯ ᠨᠢ ᠵᠠᠬᠢᠳᠠᠯ ᠰᠣᠷᠪᠤᠯᠵᠢᠯᠠᠭ᠎ᠠ ᠶᠢᠨ ᠠᠷᠭ᠎ᠠ ᠵᠠᠮ ᠢᠶᠠᠷ ᠳᠤᠰᠬᠠᠭᠳᠠᠨ᠎ᠠ᠂ ᠶᠡᠷᠤ ᠳᠡᠭᠡᠨ ᠬᠠᠭᠤᠴᠢᠨ ᠵᠦᠷᠢᠴᠠᠯ ᠢ ᠰᠢᠢᠳᠪᠤᠷᠢᠯᠡᠵᠦ ᠪᠠᠷᠠᠭ᠎ᠠ ᠦᠭᠡᠢ ᠰᠢᠨ᠎ᠡ ᠵᠦᠷᠢᠴᠡᠯ ᠳᠠᠭᠠᠥ  ᠳᠤᠨᠢ ᠡᠭᠦᠰᠦᠨ᠎ᠡ᠃ ᠬᠤᠶᠠᠷ ᠲᠤ ᠠᠵᠤ ᠠᠬᠤᠢ ᠶᠢᠨ ᠪᠠᠶᠢᠭᠤᠯᠤᠯ᠂ ᠨᠡᠶᠢᠭᠡᠮ ᠤᠨ ᠪᠦᠲᠤᠴᠡ ᠶᠢᠨ ᠭᠦᠨᠵᠡᠭᠡᠢ ᠬᠤᠪᠢᠰᠬᠠᠯᠲᠠ ᠪᠠ ᠲᠣᠬᠢᠷᠠᠭᠤᠯᠤᠯᠲᠠ ᠶᠢ ᠳᠠᠭᠠᠯᠳᠤᠨ᠂ ᠠᠰᠢᠭ ᠲᠤᠰᠠ ᠶᠢᠨ ᠮᠦᠷᠭᠦᠯᠳᠤᠭᠡᠨ ᠪᠠᠰᠠ ᠡᠳᠦᠷ ᠳᠣᠳᠤᠮ ᠰᠢᠷᠦᠭᠦᠰᠴᠦ᠂ ᠭᠠᠵᠠᠷ ᠰᠢᠷᠤᠢ᠂ ᠪᠠᠶᠢᠭᠠᠯᠢᠯᠢᠭ ᠪᠡᠯᠴᠢᠭᠡᠷ ᠬᠠᠳᠤᠯᠠᠩ ᠵᠡᠷᠭᠡ ᠵᠠᠷᠢᠮ ᠵᠦᠷᠢᠴᠠᠯ ᠢ ᠠᠮᠠᠷᠬᠠᠨ ᠡᠭᠦᠰᠭᠡᠬᠦ ᠪᠣᠯᠭᠠᠪᠠ᠃ ᠭᠤᠷᠪᠠ ᠲᠤ᠂ ᠣᠩᠨᠢᠭᠤᠳ ᠬᠤᠰᠢᠭᠤᠨ ᠤ ᠪᠣᠳᠠᠳᠠᠢ ᠪᠠᠶᠢᠳᠠᠯ ᠠᠴᠠ ᠠᠪᠴᠤ ᠬᠡᠯᠡᠪᠡᠯ᠂ ᠲᠡᠥᠬᠡᠨ ᠠᠴᠠ ᠦᠯᠡᠳᠡᠭᠳᠡᠵᠦ ᠢᠷᠡᠭᠰᠡᠨ ᠠᠰᠠᠭᠤᠳᠠᠯ ᠬᠠᠷᠢᠴᠠᠩᠭᠤᠢ ᠠᠷᠪᠢᠨ᠂ ᠰᠢᠢᠳᠪᠦᠷᠢᠯᠡᠬᠦ ᠳᠤ ᠮᠠᠰᠢ ᠬᠦᠴᠢᠷ᠃ ᠠᠵᠤ ᠠᠬᠤᠶᠢᠴᠢᠯᠠᠯᠲᠠ᠂ ᠬᠤᠳᠠᠴᠢᠯᠠᠯᠲᠠ ᠶᠢᠨ ᠠᠬᠢᠴᠠ ᠲᠦᠷᠭᠡᠳᠬᠦ ᠶᠢ ᠳᠠᠭᠠᠯᠳᠤᠨ᠂ ᠶᠡᠭᠡ ᠬᠡᠮᠵᠢᠶᠡᠨ ᠤ ᠰᠠᠭᠤᠷᠢ ᠲᠦᠭᠦᠭᠡᠷᠤᠮᠵᠢ ᠶᠢᠨ ᠪᠦᠲᠤᠭᠡᠨ ᠪᠠᠶᠢᠭᠤᠯᠤᠯᠲᠠ᠂ ᠦᠷᠬᠦᠯᠵᠢ ᠭᠠᠵᠠᠷ ᠲᠠᠲᠠᠪᠤᠷᠢᠯᠠᠬᠤ᠂ ᠨᠤᠷᠠᠭᠠᠵᠤ ᠨᠡᠭᠦᠯᠭᠡᠬᠦ ᠵᠡᠷᠭᠡ ᠠᠰᠠᠭᠤᠳᠠᠯ ᠳᠤ ᠬᠤᠯᠪᠤᠭᠳᠠᠵᠤ᠂ ᠬᠡᠷᠪᠡ ᠣᠨᠤᠪᠴᠢ ᠦᠭᠡᠢ ᠰᠢᠢᠳᠪᠤᠷᠢᠯᠡᠪᠡᠯ᠂ ᠠᠷᠠᠳ ᠲᠦᠮᠡᠨ  ᠤ ᠠᠰᠢᠭ ᠲᠤᠰᠠ ᠲᠠᠢ ᠬᠤᠯᠪᠤᠭᠳᠠᠬᠤ ᠵᠦᠷᠢᠴᠠᠯ ᠮᠦᠷᠭᠦᠯᠳᠤᠭᠡᠨ ᠡᠭᠦᠰᠦᠨ᠎ᠡ᠃ ᠡᠳᠡᠭᠡᠷ ᠰᠢᠯᠲᠠᠭᠠᠨ ᠠᠴᠠ ᠪᠣᠯᠵᠤ ᠵᠠᠬᠢᠳᠠᠯ ᠰᠣᠷᠪᠤᠯᠵᠢᠯᠠᠭ᠎ᠠ ᠶᠢᠨ ᠬᠡᠮᠵᠢᠶ᠎ᠡ ᠶᠡᠭᠡ᠂ ᠪᠡᠭᠡᠵᠢᠩ᠂ ᠦᠪᠡᠷᠲᠡᠭᠡᠨ ᠵᠠᠰᠠᠬᠤ ᠣᠷᠤᠨ ᠳᠤ ᠬᠦᠷᠴᠤ ᠱᠠᠲᠤ ᠠᠯᠤᠰᠯᠠᠵᠤ ᠰᠣᠷᠪᠤᠯᠵᠢᠯᠠᠭ᠎ᠠ ᠬᠢᠬᠦ ᠠᠰᠠᠭᠤᠳᠠᠯ ᠨᠡᠯᠢᠶᠡᠳ ᠳᠣᠪᠤᠶᠢᠮ᠎ᠠ᠂ ᠣᠩᠨᠢᠭᠤᠳ ᠬᠤᠰᠢᠭᠤ ᠦᠩᠭᠡᠷᠡᠭᠰᠡᠨ ᠳᠤ ᠪᠦᠬᠦ ᠦᠪᠡᠷᠲᠡᠭᠡᠨ ᠵᠠᠰᠠᠬᠤ ᠣᠷᠤᠨ᠂ ᠪᠦᠬᠦ ᠬᠤᠲᠠ ᠶᠢᠨ ᠵᠠᠬᠢᠳᠠᠯ ᠰᠣᠷᠪᠤᠯᠵᠢᠯᠠᠭ᠎ᠠ ᠶᠢᠨ ᠶᠡᠭᠡ ᠬᠤᠰᠢᠭᠤ ᠪᠠᠶᠢᠪᠠ᠃ ᠡᠳᠡᠭᠡᠷ ᠠᠰᠠᠭᠤᠳᠠᠯ ᠢ ᠰᠢᠢᠳᠪᠤᠷᠢᠯᠡᠬᠦ ᠦᠭᠡᠢ ᠪᠣᠯ᠂ ᠣᠯᠠᠨ ᠢᠶᠠᠷ ᠢᠶᠠᠨ ᠬᠦᠭᠵᠢᠯᠲᠡ ᠳᠡᠭᠡᠷ᠎ᠡ᠂ ᠠᠷᠠᠳ ᠤᠨ ᠠᠮᠢᠳᠤᠷᠠᠯ ᠳᠡᠭᠡᠷ᠎ᠡ ᠰᠡᠳᠬᠢᠯ ᠲᠠᠯᠪᠢᠬᠤ ᠳᠤ ᠬᠦᠴᠢᠷ᠃      ﹇ᠡᠷᠬᠢᠯᠡᠭᠴᠢ﹈      ᠲᠡᠭᠡᠪᠡᠯ ᠣᠳᠣ ᠵᠠᠬᠢᠳᠠᠯ ᠰᠣᠷᠪᠤᠯᠵᠢᠯᠠᠭ᠎ᠠ ᠶᠢᠨ ᠪᠠᠶᠢᠳᠠᠯ ᠶᠠᠮᠠᠷ ᠵᠡᠷᠭᠡ ᠪᠣᠢ︖      ﹇ᠨᠠᠨ ᠵᠧᠨ ᠬᠤ᠋﹈      ᠣᠳᠤᠪᠠᠷ ᠪᠢᠳᠡ ᠮᠦᠨ ᠨᠡᠯᠢᠶᠡᠳ ᠢᠲᠡᠭᠡᠯ ᠲᠠᠢ ᠪᠠᠶᠢᠨ᠎ᠠ᠂ ᠡᠳᠡᠭᠡᠷ ᠵᠢᠯ ᠳᠤ ᠪᠢᠳᠡ ᠨᠢᠭᠡ ᠪᠦᠯᠦᠭ ᠵᠣᠬᠢᠰᠲᠠᠢ᠂ ᠪᠦᠲᠤᠮᠵᠢᠲᠡᠢ ᠠᠷᠭ᠎ᠠ ᠬᠡᠮᠵᠢᠶ᠎ᠡ ᠶᠢ ᠬᠡᠷᠡᠭᠵᠢᠭᠦᠯᠵᠦ ᠦᠩᠭᠡ ᠦᠨᠳᠤᠰᠤ ᠶᠢ ᠨᠢ ᠬᠠᠮᠲᠤ ᠵᠠᠰᠠᠭᠰᠠᠨ ᠠᠴᠠ ᠵᠠᠬᠢᠳᠠᠯ ᠰᠣᠷᠪᠤᠯᠵᠢᠯᠠᠭ᠎ᠠ ᠶᠢᠨ ᠪᠠᠶᠢᠳᠠᠯ ᠦᠨᠳᠤᠰᠤᠨ ᠠᠴᠠ ᠪᠠᠨ ᠰᠠᠶᠢᠵᠢᠷᠠᠵᠠᠢ᠃      ﹇ᠡᠷᠬᠢᠯᠡᠭᠴᠢ﹈      ᠲᠡᠭᠡᠪᠡᠯ ᠲᠠ ᠡᠭᠦᠨ ᠤ ᠳᠤᠮᠳᠠᠬᠢ ᠠᠮᠵᠢᠯᠲᠠ ᠣᠯᠤᠭᠰᠠᠨ ᠲᠣᠷᠰᠢᠯᠭ᠎ᠠ ᠪᠠᠨ ᠮᠠᠨ ᠳᠤ ᠲᠠᠨᠢᠯᠴᠠᠭᠤᠯᠤᠭᠠᠳ ᠠᠯᠢ᠃      ﹇ᠨᠠᠨ ᠵᠧᠨ ᠬᠤ᠋﹈      ᠠᠮᠵᠢᠯᠲᠠ ᠣᠯᠤᠭᠰᠠᠨ ᠲᠣᠷᠰᠢᠯᠭ᠎ᠠ ᠭᠡᠵᠦ ᠬᠡᠯᠡᠵᠦ ᠲᠡᠶᠢᠯᠬᠦ ᠦᠭᠡᠢ᠂ ᠪᠢ ᠮᠠᠨ ᠤ ᠭᠤᠣᠯ ᠬᠢᠳᠡᠯ ᠢᠶᠠᠨ ᠲᠠᠨᠢᠯᠴᠠᠭᠤᠯᠤᠭᠠᠳ ᠦᠭᠭᠦᠶ᠎ᠡ᠃ ᠨᠢᠭᠡᠳᠤᠭᠡᠷ ᠠᠷᠭ᠎ᠠ ᠨᠢ ᠡᠭᠦᠳᠡ ᠪᠠᠨ ᠨᠡᠭᠡᠭᠡᠵᠦ᠂ ᠪᠦᠬᠦ ᠲᠠᠯ᠎ᠠ ᠪᠠᠷ ᠰᠠᠨᠠᠯ ᠬᠤᠷᠢᠶᠠᠵᠤ᠂ ᠠᠷᠠᠳ ᠲᠦᠮᠡᠨ ᠤ ᠰᠠᠨᠠᠯ᠂ ᠠᠰᠠᠭᠤᠯᠲᠠ ᠪᠠ ᠲᠣᠭᠠᠴᠠᠯᠲᠠ ᠶᠢ ᠨᠢᠭᠡᠯᠡ ᠤᠳᠠᠭ᠎ᠠ ᠪᠦᠬᠦᠨ ᠢ ᠬᠤᠷᠢᠶᠠᠨ ᠠᠪᠴᠤ᠂ ᠶᠠᠪᠤᠳᠠᠯ ᠳᠠᠷᠠᠭᠠᠯᠠᠨ ᠰᠢᠢᠳᠪᠤᠷᠢᠯᠡᠵᠦ᠂ ᠵᠣᠷᠪᠤᠰ ᠳᠠᠷᠠᠭᠠᠯᠠᠨ ᠳ᠋ᠤᠭᠠᠷ ᠬᠠᠰᠤᠨ᠎ᠠ᠃ ᠡᠨᠡ ᠠᠷᠭ᠎ᠠ ᠬᠡᠯᠪᠡᠷᠢ ᠶᠢ 2014 ᠣᠨ ᠠᠴᠠ ᠡᠬᠢᠯᠡᠵᠦ ᠭᠤᠣᠯ ᠰᠦᠪᠡᠭᠴᠢᠯᠡᠵᠦ ᠬᠡᠷᠡᠭᠵᠢᠭᠦᠯᠵᠡᠢ᠃ ᠨᠠᠮ ᠤᠨ ᠣᠯᠠᠨ ᠲᠦᠮᠡᠨᠴᠢ ᠱᠤᠭᠤᠮ ᠤᠨ ᠬᠦᠮᠦᠵᠢᠯ ᠤᠶᠢᠯᠡᠳᠤᠯᠭᠡ ᠶᠢᠨ ᠠᠵᠢᠯᠯᠠᠭᠠᠨ ᠳᠤᠮᠳᠠ᠂ ᠪᠢᠳᠡ ᠠᠷᠠᠳ ᠲᠦᠮᠡᠨ ᠤ ᠬᠤᠪᠢ ᠶᠢᠨ ᠪᠡᠶ᠎ᠡ ᠳᠤᠨᠢ ᠬᠤᠯᠪᠤᠭᠳᠠᠬᠤ ᠠᠰᠢᠭ ᠲᠤᠰᠠ ᠶᠢᠨ ᠠᠰᠠᠭᠤᠳᠠᠯ ᠢ ᠰᠢᠢᠳᠪᠤᠷᠢᠯᠡᠬᠦ ᠲᠣᠭᠤᠷᠢᠨ ᠳᠤ᠂ ᠬᠤᠰᠢᠭᠤ ᠰᠢᠶᠠᠩ ᠲᠤᠰᠬᠤᠨ ᠭᠤᠷᠪᠠᠨ ᠱᠠᠲᠤᠨ ᠤ ᠺᠠᠳ᠋ᠷᠴᠤᠳ ᠢ ᠵᠣᠬᠢᠶᠠᠨ ᠪᠠᠶᠢᠭᠤᠯᠵᠤ᠂ ᠰᠢᠶᠠᠩ ᠲᠤᠰᠬᠤᠨ ᠢ ᠭᠡᠭᠡᠭᠳᠡᠭᠦᠯᠬᠦ ᠦᠭᠡᠢ᠂ ᠲᠤᠰᠬᠤᠨ ᠳᠣᠭᠤᠶᠢᠯᠠᠩ ᠢ ᠭᠡᠭᠡᠭᠳᠡᠭᠦᠯᠬᠦ ᠦᠭᠡᠢ᠂ ᠳᠣᠭᠤᠶᠢᠯᠠᠩ ᠡᠷᠤᠬᠡ ᠶᠢ ᠭᠡᠭᠡᠭᠳᠡᠭᠦᠯᠬᠦ ᠦᠭᠡᠢ ᠠᠶᠢᠯ ᠡᠷᠤᠬᠡ ᠳᠠᠷᠠᠭᠠᠯᠠᠨ ᠰᠣᠳᠤᠯᠤᠨ ᠰᠣᠷᠪᠤᠯᠵᠢᠯᠠᠵᠤ᠂ ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ ᠰᠣᠨᠤᠰᠴᠤ᠂ ᠦᠷᠭᠡᠨ ᠣᠯᠠᠨ ᠠᠷᠠᠳ ᠲᠦᠮᠡᠨ ᠤ ᠬᠦᠷᠢᠶᠡᠯᠡᠯ ᠢ ᠣᠯᠪᠠ᠃      ﹇ᠡᠷᠬᠢᠯᠡᠭᠴᠢ﹈      ᠡᠨᠡ ᠨᠢ ᠨᠡᠯᠢᠶᠡᠳ ᠶᠡᠭᠡ ᠬᠡᠮᠵᠢᠶᠡᠨ ᠤ ᠠᠵᠢᠯᠯᠠᠭ᠎ᠠ ᠪᠣᠯᠤᠨ᠎ᠠ ᠪᠠ︖      ﹇ᠨᠠᠨ ᠵᠧᠨ ᠬᠤ᠋﹈      ᠲᠡᠶᠢᠮᠦ ᠡ᠂ ᠪᠢᠳᠡ ᠶᠡᠭᠡ ᠲᠦᠯᠦᠪ ᠭᠤᠷᠪᠠᠨ ᠠᠯᠬᠤᠮ ᠢᠶᠠᠷ ᠶᠠᠪᠤᠭᠳᠠᠭᠤᠯᠪᠠ᠃ ᠨᠢᠭᠡᠳᠤᠭᠡᠷ ᠠᠯᠬᠤᠮ ᠳᠤ ᠭᠦᠨᠵᠡᠭᠡᠢ ᠰᠣᠳᠤᠯᠵᠤ᠂ ᠪᠦᠬᠦ ᠲᠠᠯ᠎ᠠ ᠪᠠᠷ ᠰᠠᠨᠠᠯ ᠬᠤᠷᠢᠶᠠᠪᠠ᠃ 32 ᠭᠠᠵᠠᠷ ᠤᠨ ᠳᠡᠰ ᠤᠨ ᠤᠳᠤᠷᠢᠳᠤᠯᠭ᠎ᠠ ᠳᠣᠭᠤᠶᠢᠯᠠᠩ ᠳᠠᠭᠠᠭᠤᠯᠵᠤ᠂ 2000 ᠭᠠᠷᠤᠢ ᠬᠤᠰᠢᠭᠤ ᠰᠢᠶᠠᠩ ᠤᠨ ᠺᠠᠳ᠋ᠷᠴᠤᠳ ᠢ ᠵᠣᠬᠢᠶᠠᠨ ᠪᠠᠶᠢᠭᠤᠯᠵᠤ᠂ ᠠᠯᠢᠪᠠ ᠭᠠᠴᠠᠭ᠎ᠠ ᠲᠤᠰᠬᠤᠨ ᠪᠠ ᠨᠡᠶᠢᠭᠡᠮ ᠤᠨ ᠲᠣᠭᠤᠷᠢᠭ ᠲᠤ ᠭᠦᠨᠵᠡᠭᠡᠶᠢᠷᠡᠵᠤ᠂ ᠡᠷᠤᠬᠡ ᠳᠠᠷᠠᠭᠠᠯᠠᠨ ᠰᠣᠳᠤᠯᠤᠨ ᠰᠣᠷᠪᠤᠯᠵᠢᠯᠠᠵᠤ᠂ ᠨᠡᠶᠢᠲᠡ 28000 ᠢᠯᠡᠭᠦᠦ ᠰᠠᠨᠠᠯ ᠰᠠᠨᠠᠭᠤᠯᠭ᠎ᠠ ᠪᠠ ᠲᠣᠭᠠᠴᠠᠯᠲᠠ ᠶᠢ ᠬᠤᠷᠢᠶᠠᠪᠠ᠃ ᠬᠤᠶᠠᠳᠤᠭᠠᠷ ᠠᠯᠬᠤᠮ ᠳᠤ ᠡᠮᠬᠢᠯᠡᠨ ᠬᠤᠷᠢᠶᠠᠩᠭᠤᠶᠢᠯᠠᠵᠤ᠂ ᠳᠠᠩᠰᠠ ᠡᠪᠬᠡᠮᠡᠯ ᠪᠠᠶᠢᠭᠤᠯᠪᠠ᠃ ᠪᠢᠳᠡ ᠬᠤᠷᠢᠶᠠᠵᠤ ᠣᠯᠤᠭᠰᠠᠨ ᠰᠠᠨᠠᠯ ᠰᠠᠨᠠᠭᠤᠯᠭ᠎ᠠ ᠪᠠ ᠲᠣᠭᠠᠴᠠᠯᠲᠠ ᠶᠢ 14 ᠶᠡᠭᠡ ᠲᠦᠷᠤᠯ ᠤᠨ ᠰᠠᠨᠠᠯ ᠰᠠᠨᠠᠭᠤᠯᠭ᠎ᠠ ᠪᠠ ᠠᠰᠠᠭᠤᠳᠠᠯ ᠪᠣᠯᠭᠠᠨ ᠡᠮᠬᠢᠯᠡᠨ ᠬᠤᠷᠢᠶᠠᠩᠭᠤᠶᠢᠯᠠᠵᠤ᠂ ᠨᠡᠶᠢᠲᠡ 3412 ᠵᠣᠷᠪᠤᠰ ᠪᠣᠯᠭᠠᠪᠠ᠃ ᠲᠡᠶᠢᠮᠦ ᠮᠦᠷᠲᠡᠭᠡᠨ ᠲᠦᠷᠤᠯ ᠬᠤᠪᠢᠶᠠᠵᠤ ᠳᠠᠩᠰᠠ ᠡᠪᠬᠡᠮᠡᠯ ᠪᠠᠶᠢᠭᠤᠯᠵᠤ᠂ ᠨᠢᠭᠡ ᠠᠰᠠᠭᠤᠳᠠᠯ ᠨᠢᠭᠡ ᠠᠰᠠᠭᠤᠳᠠᠯ ᠢᠶᠠᠷ ᠵᠣᠷᠪᠤᠰ ᠳᠠᠷᠠᠭᠠᠯᠠᠨ ᠡᠭᠦᠰᠤᠭ᠍ᠰᠡᠨ ᠰᠢᠯᠲᠠᠭᠠᠨ ᠢ ᠵᠠᠳᠠᠯᠵᠤ᠂ ᠰᠢᠢᠳᠪᠤᠷᠢᠯᠡᠬᠦ ᠲᠦᠰᠤᠯ ᠢ ᠲᠣᠭᠲᠠᠭᠠᠵᠤ᠂ ᠰᠢᠢᠳᠪᠤᠷᠢᠯᠡᠬᠦ ᠠᠷᠭ᠎ᠠ ᠵᠠᠮ ᠢ ᠰᠣᠳᠤᠯᠵᠠᠢ᠃      ﹇ᠨᠠᠨ ᠵᠧᠨ ᠬᠤ᠋﹈      ᠭᠤᠷᠪᠠᠳᠤᠭᠠᠷ ᠠᠯᠬᠤᠮ ᠳᠤ᠂ ᠬᠠᠷᠢᠭᠤᠴᠠᠯᠭ᠎ᠠ ᠶᠢ ᠲᠣᠳᠤᠷᠬᠠᠶᠢᠯᠠᠵᠤ ᠲᠣᠭᠲᠠᠭᠰᠠᠨ ᠴᠠᠭ ᠲᠤ ᠰᠢᠢᠳᠪᠤᠷᠢᠯᠡᠨ᠎ᠡ᠃ ᠪᠢᠳᠡ ᠣᠯᠠᠨ ᠲᠦᠮᠡᠨ ᠤ ᠳᠤᠷᠠᠳᠤᠭᠰᠠᠨ ᠰᠠᠨᠠᠯ ᠰᠠᠨᠠᠭᠤᠯᠭ᠎ᠠ ᠪᠠ ᠠᠰᠠᠭᠤᠳᠠᠯ ᠢ ᠳᠠᠭᠠᠭᠤᠯᠵᠤ ᠪᠠᠶᠢᠭ᠎ᠠ ᠤᠳᠤᠷᠢᠳᠤᠯᠭ᠎ᠠ᠂ ᠬᠠᠷᠢᠭᠤᠴᠠᠯᠭᠠᠲᠤ ᠪᠠᠶᠢᠭᠤᠯᠤᠯᠭ᠎ᠠ ᠪᠠ ᠪᠣᠲᠠᠲᠠᠢ ᠬᠠᠷᠢᠭᠤᠴᠠᠬᠤ ᠬᠦᠮᠦᠨ ᠳᠤ ᠵᠣᠷᠪᠤᠰ ᠳᠠᠷᠠᠭᠠᠯᠠᠨ ᠨᠠᠶᠢᠲᠠᠪᠤᠷᠢᠵᠢᠭᠤᠯᠵᠤ᠂ ᠰᠢᠢᠳᠪᠤᠷᠢᠯᠡᠬᠦ ᠬᠤᠭᠤᠴᠠᠭ᠎ᠠ ᠶᠢ ᠲᠣᠳᠤᠷᠬᠠᠶᠢᠯᠠᠵᠤ᠂ ᠨᠢᠭᠡ ᠶᠢ ᠰᠢᠢᠳᠪᠤᠷᠢᠯᠡᠪᠡᠯ ᠨᠢᠭᠡ ᠶᠢ ᠳ᠋ᠤᠭᠠᠷ ᠬᠠᠰᠤᠨ᠎ᠠ᠃ ᠠᠮᠠᠷᠬᠠᠨ ᠰᠢᠢᠳᠪᠤᠷᠢᠯᠡᠭᠳᠡᠬᠦ 3120 ᠠᠰᠠᠭᠤᠳᠠᠯ ᠢ ᠲᠣᠬᠠᠢ ᠶᠢᠨ ᠵᠢᠯ ᠳᠤ ᠪᠦᠬᠦᠨ ᠢ ᠰᠢᠢᠳᠪᠤᠷᠢᠯᠡᠪᠡ᠃ ᠬᠦᠴᠢᠷᠳᠡᠯ ᠶᠡᠭᠡ᠂ ᠪᠡᠯᠡ ᠣᠷᠤᠭᠤᠯᠤᠯᠲᠠ ᠠᠷᠪᠢᠨ 195 ᠠᠰᠠᠭᠤᠳᠠᠯ ᠢ ᠵᠢᠯ ᠬᠤᠪᠢᠶᠠᠨ ᠰᠢᠢᠳᠪᠤᠷᠢᠯᠡᠵᠦ᠂ ᠡᠨᠡ ᠵᠢᠯ ᠤᠨ ᠡᠴᠤᠰ ᠲᠤ ᠪᠦᠬᠦᠨ ᠢ ᠰᠢᠢᠳᠪᠤᠷᠢᠯᠡᠨ᠎ᠡ᠃ ᠲᠦᠷᠤ ᠶᠢᠨ ᠪᠣᠳᠤᠯᠭ᠎ᠠ ᠵᠡᠷᠭᠡ ᠠᠴᠠ ᠪᠣᠯᠤᠭᠰᠠᠨ ᠦᠨᠡᠨᠬᠦ ᠰᠢᠢᠳᠪᠤᠷᠢᠯᠡᠵᠦ ᠳᠡᠶᠢᠯᠬᠦ ᠦᠭᠡᠢ 97 ᠠᠰᠠᠭᠤᠳᠠᠯ ᠢ ᠨᠢᠭᠲᠠ ᠬᠢᠨᠠᠮᠠᠭᠠᠢ ᠪᠠᠷ ᠣᠯᠠᠨ ᠲᠦᠮᠡᠨ ᠳᠤ ᠲᠠᠶᠢᠯᠪᠤᠷᠢᠯᠠᠬᠤ ᠠᠵᠢᠯ ᠬᠢᠭᠰᠡᠨ ᠠᠴᠠ ᠣᠯᠠᠨ ᠲᠦᠮᠡᠨ ᠪᠦᠭᠦᠳᠡᠭᠡᠷ ᠣᠶᠢᠯᠠᠭᠠᠬᠤ ᠪᠠᠨ ᠢᠯᠡᠳᠭᠡᠵᠡᠢ᠃ ᠡᠨᠡᠬᠦ ᠠᠷᠭ᠎ᠠ ᠪᠠᠷ ᠳᠠᠮᠵᠢᠭᠠᠳ᠂ ᠪᠦᠬᠦ ᠬᠤᠰᠢᠭᠤᠨ ᠤ ᠵᠦᠷᠢᠴᠡᠯ ᠤᠨ ᠠᠰᠠᠭᠤᠳᠠᠯ ᠦᠨᠳᠤᠰᠤᠨ  ᠳᠡᠭᠡᠨ ᠨᠢᠭᠡ ᠤᠳᠠᠭ᠎ᠠ ᠶᠢᠨ ᠴᠢᠨᠠᠷᠲᠠᠢ ᠰᠠᠩ ᠬᠦᠮᠦᠷᠭᠡ ᠪᠠᠨ ᠪᠦᠷᠢᠳᠭᠡᠨ ᠰᠠᠭᠤᠷᠢ ᠨᠢ ᠬᠠᠷᠠᠭᠳᠠᠬᠤ ᠶᠢ ᠪᠡᠶᠡᠯᠡᠭᠦᠯᠵᠦ ᠂ ᠣᠯᠠᠨ ᠲᠦᠮᠡᠨ ᠤ ᠬᠠᠨᠤᠮᠵᠢ ᠶᠢᠨ ᠬᠡᠮᠵᠢᠶ᠎ᠡ ᠶᠡᠭᠡ ᠬᠡᠮᠵᠢᠶ᠎ᠡ ᠪᠠᠷ ᠳᠡᠭᠡᠭᠰᠢᠯᠡᠵᠦ᠂ ᠪᠦᠬᠦ ᠬᠤᠰᠢᠭᠤᠨ ᠤ ᠵᠠᠬᠢᠳᠠᠯ ᠰᠣᠷᠪᠤᠯᠵᠢᠯᠠᠭ᠎ᠠ ᠶᠢᠨ ᠪᠠᠶᠢᠳᠠᠯ ᠴᠢᠨᠠᠷ ᠤᠨ ᠬᠤᠪᠢᠷᠠᠯᠲᠠ ᠡᠭᠦᠰᠪᠡ᠃      ﹇ᠡᠷᠬᠢᠯᠡᠭᠴᠢ﹈      ᠡᠨᠡ ᠨᠢ ᠦᠨᠡᠭᠡᠷ ᠰᠠᠶᠢᠨ ᠠᠷᠭ᠎ᠠ ᠬᠡᠮᠵᠢᠶ᠎ᠡ ᠪᠠᠶᠢᠨ᠎ᠠ᠂ ᠮᠦᠨᠴᠤ ᠣᠩᠨᠢᠭᠤᠳ ᠬᠤᠰᠢᠭᠤᠨ ᠤ ᠨᠠᠮ ᠤᠨ ᠬᠤᠷᠢᠶ᠎ᠠ ᠵᠢᠨ‌‍ᠬᠦ᠋ᠴᠢᠷ ᠢ ᠰᠢᠢᠳᠪᠤᠷᠢᠯᠡᠵᠦ ᠦᠭᠬᠦ ᠰᠦᠰᠤ ᠵᠣᠷᠢᠭ ᠪᠠ ᠡᠷᠡᠰ ᠵᠣᠷᠢᠭ ᠢ ᠬᠠᠷᠠᠭᠤᠯᠵᠤ ᠪᠠᠶᠢᠨ᠎ᠠ᠃      ﹇ᠨᠠᠨ ᠵᠧᠨ ᠬᠤ᠋﹈      ᠲᠠᠯᠠᠷᠬᠠᠯ᠎ᠠ᠃ ᠮᠠᠨ ᠤ ᠬᠤᠶᠠᠳᠤᠭᠠᠷ ᠠᠷᠭ᠎ᠠ ᠬᠡᠮᠵᠢᠶ᠎ᠡ ᠪᠣᠯ ᠳᠠᠷᠤᠢ ᠬᠤᠰᠢᠭᠤ ᠰᠢᠶᠠᠩ ᠲᠤᠰᠬᠤᠨ ᠭᠤᠷᠪᠠᠨ ᠱᠠᠲᠤᠨ ᠤ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠵᠣᠬᠢᠴᠠᠮᠵᠢ ᠶᠢ ᠪᠠᠶᠢᠭᠤᠯᠤᠨ ᠲᠡᠭᠦᠯᠳᠡᠷᠵᠢᠭᠦᠯᠵᠦ᠂ ᠨᠢᠭᠡ ᠲᠠᠯ᠎ᠠ ᠪᠠᠷ ᠣᠯᠠᠨ ᠲᠦᠮᠡᠨ ᠤ ᠠᠰᠠᠭᠤᠳᠠᠯ ᠲᠤᠰᠬᠠᠬᠤ ᠭᠠᠵᠠᠷ ᠲᠠᠢ ᠪᠠᠶᠢᠬᠤ ᠶᠢ ᠪᠠᠲᠤᠯᠠᠵᠤ᠂ ᠨᠦᠭᠦᠭᠡ ᠲᠠᠯ᠎ᠠ ᠪᠠᠷ ᠵᠠᠬᠢᠳᠠᠯ ᠰᠣᠷᠪᠤᠯᠵᠢᠯᠠᠭ᠎ᠠ ᠶᠢᠨ ᠠᠵᠢᠯ ᠢ ᠳᠠᠪᠬᠤᠷ ᠳᠠᠪᠬᠤᠷ ᠠᠳᠬᠤᠬᠤ ᠬᠦᠮᠦᠨ ᠲᠠᠢ᠂ ᠬᠠᠮᠢᠶᠠᠷᠬᠤ ᠬᠦᠮᠦᠨ ᠲᠠᠢ ᠪᠠᠶᠢᠬᠤ ᠶᠢ ᠪᠠᠲᠤᠯᠠᠪᠠ᠃ ᠬᠤᠰᠢᠭᠤᠨ ᠤ ᠳᠡᠰ ᠲᠤ᠂ ᠪᠢᠳᠡ 2012 ᠣᠨ ᠳᠤ ᠬᠤᠰᠢᠭᠤᠨ ᠤ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠬᠦ ᠲᠦᠪ ᠢ ᠪᠠᠶᠢᠭᠤᠯᠵᠤ᠂ ︽ᠦᠷᠲᠡᠭᠡ ᠮᠠᠶ᠋ᠢᠭ ᠢᠶᠠᠷ ᠬᠦᠯᠢᠶᠡᠨ ᠠᠪᠴᠤ᠂ ᠬᠡᠯᠬᠢᠶᠡᠵᠢᠭᠦᠯᠦᠨ ᠡᠷᠬᠢᠯᠡᠵᠦ᠂ ᠪᠣᠭᠤᠵᠤ ᠰᠢᠢᠳᠪᠤᠷᠢᠯᠡᠬᠦ︾ ᠠᠵᠢᠯ ᠤᠨ ᠵᠠᠭᠪᠤᠷ ᠢ ᠬᠡᠷᠡᠭᠵᠢᠭᠦᠯᠵᠦ᠂ ᠬᠠᠮᠤᠭ ᠤᠨ ᠶᠡᠭᠡ ᠬᠡᠮᠵᠢᠶ᠎ᠡ ᠪᠠᠷ ᠠᠷᠠᠳ ᠲᠦᠮᠡᠨ ᠳᠤ ᠳᠦᠭᠦᠮ ᠦᠵᠡᠭᠦᠯᠵᠦ᠂ ᠬᠠᠮᠤᠭ ᠤᠨ ᠶᠡᠭᠡ ᠬᠡᠮᠵᠢᠶ᠎ᠡ ᠪᠠᠷ ᠣᠯᠠᠨ ᠲᠦᠮᠡᠨ  ᠤ ᠶᠣᠰᠤᠨ ᠳᠤ ᠨᠡᠶᠢᠴᠡᠭᠰᠡᠨ ᠲᠣᠭᠠᠴᠠᠯᠲᠠ ᠶᠢ ᠰᠢᠢᠳᠪᠤᠷᠢᠯᠡᠨ᠎ᠡ᠃ ᠣᠳᠤ ᠶᠢᠨ ᠶᠠᠪᠤᠭᠳᠠᠵᠤ ᠪᠠᠶᠢᠬᠤ ᠪᠠᠶᠢᠳᠠᠯ ᠠᠴᠠ ᠦᠵᠡᠪᠡᠯ᠂ ᠬᠤᠯᠪᠤᠭᠠᠯᠠᠨ ᠬᠦᠯᠢᠶᠡᠨ ᠠᠪᠬᠤ ᠲᠦᠪ ᠤᠨ ᠠᠮᠵᠢᠯᠲᠠ ᠲᠠᠢ ᠪᠠᠷ ᠦᠭᠡᠶᠢᠰᠭᠡᠭᠰᠡᠨ ᠨᠤᠷᠮ᠎ᠠ 90% ᠠᠴᠠ ᠳᠡᠭᠡᠭᠰᠢ ᠬᠦᠷᠴᠦ᠂ ᠨᠢᠭᠡᠨᠲᠡ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠰᠢᠢᠳᠪᠤᠷᠢᠯᠡᠬᠦ ᠭᠤᠣᠯ ᠪᠠᠬᠢᠯᠡᠯᠲᠡ ᠶᠢᠨ ᠭᠠᠵᠠᠷ ᠪᠣᠯᠵᠠᠢ᠃      ﹇ᠡᠷᠬᠢᠯᠡᠭᠴᠢ﹈      ᠬᠤᠯᠪᠤᠭᠠᠯᠠᠨ ᠬᠦᠯᠢᠶᠡᠨ ᠠᠪᠬᠤ ᠲᠦᠪ᠂ ᠠᠯᠢ ᠬᠡᠳᠤᠨ ᠴᠢᠳᠠᠪᠬᠢ ᠲᠠᠢ ᠪᠣᠢ︖ ᠲᠠ ᠮᠠᠨ ᠳᠤ ᠲᠠᠨᠢᠯᠴᠠᠭᠤᠯᠤᠭᠠᠳ ᠦᠭᠭᠦᠭᠡᠷᠡᠢ᠃      ﹇ᠨᠠᠨ ᠵᠸᠡ ᠬᠤ᠋﹈      ᠮᠠᠨ ᠤ ᠬᠤᠯᠪᠤᠭᠠᠯᠠᠨ ᠬᠦᠯᠢᠶᠡᠨ ᠠᠪᠬᠤ ᠲᠦᠪ᠂ ᠭᠤᠣᠯ ᠨᠢ ᠰᠣᠷᠪᠤᠯᠵᠢᠯᠠᠭ᠎ᠠ ᠶᠢ ᠬᠦᠯᠢᠶᠡᠨ ᠠᠪᠬᠤ ᠶᠡᠷᠤᠩᠭᠡᠢ ᠭᠡᠷ᠂ ᠬᠠᠥᠯᠢ ᠵᠠᠷᠭᠤ ᠳᠤ ᠬᠤᠯᠪᠤᠭᠳᠠᠬᠤ ᠵᠠᠬᠢᠳᠠᠯ ᠰᠣᠷᠪᠤᠯᠵᠢᠯᠠᠭ᠎ᠠ ᠶᠢ ᠬᠦᠯᠢᠶᠡᠨ ᠠᠪᠬᠤ ᠭᠡᠷ᠂ ᠭᠤᠷᠪᠠᠳᠤᠭᠠᠷ ᠡᠲᠡᠭᠡᠳ ᠤᠨ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠭᠡᠷ᠂ ᠭᠤᠣᠯᠳᠠᠯᠭ᠎ᠠ ᠲᠠᠢ ᠰᠠᠯᠪᠤᠷᠢ ᠶᠢᠨ ᠵᠠᠬᠢᠳᠠᠯ ᠰᠣᠷᠪᠤᠯᠵᠢᠯᠠᠭ᠎ᠠ ᠶᠢ ᠬᠦᠯᠢᠶᠡᠨ ᠠᠪᠬᠤ ᠭᠡᠷ᠂ ᠬᠦᠴᠢᠷ ᠲᠦᠪᠡᠭᠲᠡᠢ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠬᠠᠥᠯᠢ ᠶᠢᠨ ᠲᠦᠷᠤ ᠶᠢᠨ ᠪᠣᠳᠤᠯᠭ᠎ᠠ ᠶᠢᠨ ᠰᠣᠳᠤᠯᠬᠤ ᠲᠦᠪ᠂ ᠬᠠᠥᠯᠢ ᠪᠠᠷ ᠳᠡᠮᠵᠢᠬᠦ ᠲᠦᠪ ᠵᠡᠷᠭᠡ 6 ᠴᠢᠬᠤᠯᠠ ᠴᠢᠳᠠᠪᠬᠢ ᠭᠡᠷ ᠢ ᠪᠠᠶᠢᠭᠤᠯᠵᠤ᠂ ᠵᠡᠷᠭᠡᠪᠡᠷ ᠪᠢᠳᠡ ᠪᠠᠰᠠ ᠴᠠᠭᠳᠠᠭᠠᠨ ᠤ ᠶᠠᠪᠤᠳᠠᠯ ᠤᠨ ᠭᠡᠷ ᠪᠠ ᠡᠮᠨᠡᠯᠭᠡ ᠶᠢᠨ ᠶᠠᠪᠤᠳᠠᠯ ᠤᠨ ᠭᠡᠷ ᠭᠡᠬᠦ 2 ᠬᠠᠮᠵᠢᠯᠴᠠᠬᠤ ᠰᠠᠯᠠᠭ᠎ᠠ ᠲᠠᠰᠤᠭ ᠢ ᠪᠠᠶᠢᠭᠤᠯᠪᠠ᠃ ᠡᠨᠡ ᠬᠡᠳᠤᠨ ᠴᠢᠳᠠᠪᠬᠢ ᠭᠡᠷ ᠬᠠᠷᠢᠯᠴᠠᠨ ᠬᠠᠮᠲᠤᠷᠠᠯᠴᠠᠵᠤ᠂ ᠬᠠᠷᠢᠯᠴᠠᠨ ᠨᠦᠬᠦᠪᠦᠷᠢᠯᠡᠵᠦ᠂ ᠣᠯᠠᠨ ᠲᠦᠮᠡᠨ ᠤ ᠬᠠᠥᠯᠢ ᠶᠣᠰᠤᠭᠠᠷ ᠡᠶᠢᠮᠦ ᠵᠠᠬᠢᠳᠠᠯ ᠰᠣᠷᠪᠤᠯᠵᠢᠯᠠᠭ᠎ᠠ ᠶᠢᠨ ᠲᠣᠭᠠᠴᠠᠯᠲᠠ ᠪᠠᠨ ᠢᠯᠡᠳᠭᠡᠬᠦ ᠶᠢ ᠳᠠᠭᠠᠭᠤᠯᠵᠤ᠂ ᠠᠷᠭ᠎ᠠ ᠪᠦᠬᠦᠨ ᠢ ᠰᠦᠪᠡᠭᠴᠢᠯᠡᠵᠦ ᠡᠯ᠎ᠡ ᠲᠦᠷᠤᠯ ᠤᠨ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠦᠭᠡᠶᠢᠰᠭᠡᠪᠡ᠃ ᠶᠡᠷᠤᠩᠭᠡᠢ ᠰᠣᠷᠪᠤᠯᠵᠢᠯᠠᠭ᠎ᠠ ᠬᠦᠯᠢᠶᠡᠨ ᠠᠪᠬᠤ ᠭᠡᠷ ᠨᠢ ᠭᠤᠣᠯ ᠨᠢ ᠡᠳᠦᠷ ᠲᠣᠳᠤᠮ ᠤᠨ ᠰᠣᠷᠪᠤᠯᠵᠢᠯᠠᠭ᠎ᠠ ᠬᠦᠯᠢᠶᠡᠨ ᠠᠪᠬᠤ ᠶᠢ ᠰᠠᠶᠢᠳᠤᠷ ᠬᠢᠨ᠎ᠡ ᠃ ᠭᠤᠣᠯᠳᠠᠯᠭ᠎ᠠ ᠲᠠᠢ ᠰᠠᠯᠪᠤᠷᠢ ᠶᠢᠨ ᠵᠠᠬᠢᠳᠠᠯ ᠰᠣᠷᠪᠤᠯᠵᠢᠯᠠᠭ᠎ᠠ ᠶᠢ ᠬᠦᠯᠢᠶᠡᠨ ᠠᠪᠬᠤ ᠭᠡᠷ ᠨᠢ ᠭᠤᠣᠯ ᠨᠢ ᠵᠠᠬᠢᠳᠠᠯ ᠰᠣᠷᠪᠤᠯᠵᠢᠯᠠᠭ᠎ᠠ ᠶᠢᠨ ᠬᠡᠮᠵᠢᠶ᠎ᠡ ᠣᠯᠠᠨ ᠠᠵᠢᠯ ᠲᠦᠷᠤᠯ ᠳᠤ ᠬᠠᠨᠳᠤᠭᠤᠯᠵᠤ᠂ ᠭᠤᠣᠯ ᠬᠠᠮᠢᠶᠠᠷᠬᠤ ᠰᠠᠯᠠᠭ᠎ᠠ ᠮᠦᠴᠢᠷ ᠠᠴᠠ ᠨᠢᠭᠡ ᠨᠡᠷ᠎ᠡ ᠠᠵᠢᠯ ᠳᠠᠭᠠᠨ ᠪᠣᠯᠪᠠᠰᠤᠷᠠᠩᠭᠤᠢ᠂ ᠬᠠᠷᠢᠭᠤᠴᠠᠯᠭᠠᠲᠤ ᠰᠡᠳᠬᠢᠯ ᠴᠢᠩᠭ᠎ᠠ ᠬᠦᠮᠦᠨ ᠢ ᠲᠣᠬᠢᠷᠠᠭᠤᠯᠵᠤ ᠲᠤᠰᠬᠠᠶᠢᠯᠠᠨ ᠬᠦᠯᠢᠶᠡᠨ ᠠᠪᠴᠤ ᠰᠢᠢᠳᠪᠤᠷᠢᠯᠡᠨ᠎ᠡ᠃      ﹇ᠨᠠᠨ ᠵᠧᠨ ᠬᠤ᠋﹈      ᠲᠡᠭᠡᠪᠡᠯ ᠬᠠᠥᠯᠢ ᠵᠠᠷᠭᠤ ᠲᠠᠢ ᠬᠤᠯᠪᠤᠭᠳᠠᠬᠤ ᠵᠠᠬᠢᠳᠠᠯ ᠰᠣᠷᠪᠤᠯᠵᠢᠯᠠᠭ᠎ᠠ ᠶᠢ ᠬᠦᠯᠢᠶᠡᠨ ᠠᠪᠬᠤ ᠭᠡᠷ ᠨᠢ ᠭᠤᠣᠯ ᠨᠢ ᠵᠠᠭᠠᠯᠳᠤᠬᠤ ᠪᠠ ᠵᠠᠬᠢᠳᠠᠯ ᠰᠣᠷᠪᠤᠯᠵᠢᠯᠠᠭ᠎ᠠ ᠶᠢ ᠰᠠᠯᠭᠠᠵᠤ᠂ ᠣᠯᠠᠨ ᠲᠦᠮᠡᠨ ᠤ ︽ᠰᠣᠷᠪᠤᠯᠵᠢᠯᠠᠭ᠎ᠠ ᠶᠢ ᠢᠲᠡᠭᠡᠵᠦ ᠬᠠᠥᠯᠢ ᠶᠢ ᠢᠲᠡᠭᠡᠬᠦ ᠦᠭᠡᠢ︾  ᠦᠵᠡᠯᠲᠡ ᠶᠢ ᠬᠤᠪᠢᠷᠭᠠᠵᠤ᠂ ᠣᠯᠠᠨ ᠲᠦᠮᠡᠨ ᠢ ᠵᠢᠯᠤᠭᠤᠳᠴᠤ ᠬᠠᠥᠯᠢ ᠵᠠᠷᠭᠤ ᠲᠠᠢ ᠬᠤᠯᠪᠤᠭᠳᠠᠬᠤ ᠬᠡᠷᠡᠭ ᠢ ᠬᠠᠥᠯᠢ ᠪᠠᠷ ᠰᠢᠢᠳᠪᠤᠷᠢᠯᠡᠨ᠎ᠡ᠃ ᠡᠨᠡ ᠠᠰᠠᠭᠤᠳᠠᠯ ᠳᠡᠭᠡᠷ᠎ᠡ᠂ ᠮᠠᠨ ᠤ ᠦᠵᠡᠬᠦ ᠪᠠᠷ ᠭᠠᠭᠴᠠ ᠵᠢᠯᠤᠭᠤᠳᠬᠤ ᠳᠤ ᠲᠦᠰᠢᠭᠯᠡᠪᠡᠯ ᠬᠦᠷᠤᠯᠴᠡᠬᠦ ᠦᠭᠡᠢ᠂ ᠤᠯᠠᠮ ᠴᠢᠬᠤᠯᠠ ᠨᠢ ᠣᠯᠠᠨ ᠲᠦᠮᠡᠨ ᠢᠶᠠᠷ ᠬᠠᠥᠯᠢ ᠴᠠᠭᠠᠵᠠ ᠶᠢ ᠢᠲᠡᠭᠡᠭᠦᠯᠦᠨ᠎ᠡ᠃ ᠡᠶᠢᠮᠦ ᠠᠴᠠ᠂ ᠪᠢᠳᠡ ᠪᠠᠰᠠ ᠬᠠᠥᠯᠢ ᠴᠠᠭᠠᠵᠠ ᠪᠠᠷ ᠳᠡᠮᠵᠢᠬᠦ ᠲᠦᠪ ᠢ ᠪᠠᠶᠢᠭᠤᠯᠵᠤ᠂ ᠬᠠᠥᠯᠢ ᠴᠠᠭᠠᠵᠠ ᠶᠢᠨ ᠲᠣᠪᠴᠢᠶ᠎ᠠ ᠪᠠ ᠬᠠᠥᠯᠢᠴᠢ ᠲᠣᠮᠢᠯᠠᠨ᠂ ᠳᠡᠭᠡᠭᠰᠢ ᠰᠣᠷᠪᠤᠯᠵᠢᠯᠠᠬᠤ ᠪᠠᠷ ᠢᠷᠡᠭᠰᠡᠨ ᠣᠯᠠᠨ ᠲᠦᠮᠡᠨ ᠳᠤ ᠰᠢᠭᠤᠳ ᠬᠠᠥᠯᠢ ᠴᠠᠭᠠᠵᠠ ᠶᠢ ᠯᠠᠪᠯᠠᠨ ᠠᠰᠠᠭᠤᠬᠤ ᠪᠠ ᠴᠢᠬᠤᠯᠠᠲᠠᠢ ᠬᠠᠥᠯᠢ ᠴᠠᠭᠠᠵᠠ ᠶᠢᠨ ᠳᠡᠮᠵᠢᠯᠭᠡ ᠬᠠᠩᠭᠠᠨ᠎ᠠ᠃ 2012 ᠣᠨ ᠤ ᠵᠢᠯ ᠤᠨ ᠡᠴᠤᠰ ᠠᠴᠠ ᠣᠳᠣ ᠪᠣᠯᠲᠠᠯ᠎ᠠ᠂ ᠳᠡᠭᠡᠭᠰᠢ ᠰᠣᠷᠪᠤᠯᠵᠢᠯᠠᠬᠤ ᠣᠯᠠᠨ ᠲᠦᠮᠡᠨ ᠢ ᠨᠡᠶᠢᠲᠡ 486 ᠬᠦᠮᠦᠨ ᠤᠳᠠᠭ᠎ᠠ ᠵᠢᠯᠤᠭᠤᠳᠴᠤ᠂ ᠦᠪᠡᠷ ᠤᠨ ᠳᠤᠷ᠎ᠠ ᠠᠴᠠ ᠪᠠᠨ ᠬᠠᠥᠯᠢ ᠴᠠᠭᠠᠵᠠ ᠶᠢᠨ ᠠᠷᠭ᠎ᠠ ᠵᠠᠮ ᠢᠶᠠᠷ ᠡᠷᠬᠡ ᠠᠰᠢᠭ ᠢᠶᠠᠨ ᠬᠠᠮᠠᠭᠠᠯᠠᠬᠤ ᠶᠢ ᠰᠤᠩᠭᠤᠪᠠ᠃ ᠵᠢᠱᠢᠶᠡᠯᠡᠪᠡᠯ᠄ ᠮᠠᠨ ᠤ ᠤᠳᠠᠨᠲᠤᠬᠤᠢ ᠪᠠᠯᠭᠠᠰᠤ ᠶᠢᠨ ᠨᠢᠭᠡ ᠳᠡᠭᠡᠭᠰᠢ ᠰᠣᠷᠪᠤᠯᠵᠢᠯᠠᠬᠤ ᠠᠷᠠᠳ᠂ ᠠᠪᠴᠠᠭ᠎ᠠ ᠦᠷᠢ ᠶᠢᠨ ᠮᠦᠷᠭᠦᠯᠳᠤᠭᠡᠨ ᠤ ᠠᠰᠠᠭᠤᠳᠠᠯ ᠠᠴᠠ ᠪᠣᠯᠵᠤ ᠵᠠᠪᠠᠯ ᠵᠠᠬᠢᠳᠠᠯ ᠰᠣᠷᠪᠤᠯᠵᠢᠯᠠᠭ᠎ᠠ ᠶᠢᠨ ᠠᠷᠭ᠎ᠠ ᠵᠠᠮ ᠢᠶᠠᠷ ᠰᠢᠢᠳᠪᠤᠷᠢᠯᠡᠨ᠎ᠡ ᠭᠡᠬᠦ ᠳᠤ ᠬᠠᠥᠯᠢ ᠴᠠᠭᠠᠵᠠ ᠲᠦᠷᠤ ᠶᠢᠨ ᠪᠣᠳᠤᠯᠭ᠎ᠠ ᠶᠢᠨ ᠰᠣᠳᠤᠯᠤᠯ ᠤᠨ ᠲᠦᠪ ᠤᠨ ᠠᠵᠢᠯᠲᠠᠨ ᠨᠢᠭᠲᠠ ᠬᠢᠨᠠᠮᠠᠭᠠᠢ ᠪᠠᠷ ᠬᠤᠯᠪᠤᠭᠳᠠᠯ ᠪᠦᠬᠦᠢ ᠬᠠᠥᠯᠢ ᠴᠠᠭᠠᠵᠠ ᠲᠦᠷᠤ ᠶᠢᠨ ᠪᠣᠳᠤᠯᠭ᠎ᠠ ᠶᠢ ᠲᠠᠶᠢᠯᠪᠤᠷᠢᠯᠠᠨ ᠬᠠᠷᠢᠭᠤᠯᠵᠤ᠂ ᠲᠡᠳᠡᠨ ᠢ ᠬᠠᠪᠰᠤᠷᠴᠤ ᠬᠤᠯᠪᠤᠭᠳᠠᠯ ᠪᠦᠬᠦᠢ ᠲᠦᠷᠤ ᠶᠢᠨ ᠪᠣᠳᠤᠯᠭ᠎ᠠ ᠶᠢᠨ ᠦᠨᠳᠤᠰᠤᠯᠡᠯ ᠢ ᠡᠷᠢᠵᠦ᠂ ᠵᠠᠭᠠᠯᠳᠤᠬᠤ ᠪᠢᠴᠢᠭ ᠢ ᠣᠷᠤᠯᠠᠨ ᠪᠢᠴᠢᠨ ᠦᠭᠴᠦ᠂ ᠣᠯᠠᠨ ᠲᠦᠮᠡᠨ ᠳᠤ ᠬᠠᠥᠯᠢ ᠴᠠᠭᠠᠵᠠ ᠶᠢᠨ ᠠᠷᠭ᠎ᠠ ᠵᠠᠮ ᠢᠶᠠᠷ ᠠᠰᠠᠭᠤᠳᠠᠯ ᠢ ᠰᠢᠢᠳᠪᠤᠷᠢᠯᠡᠬᠦ ᠬᠦᠰᠡᠯ ᠢ ᠣᠯᠵᠤ ᠬᠠᠷᠠᠭᠤᠯᠪᠠ᠃ ᠲᠡᠶᠢᠮᠦ ᠮᠦᠷᠲᠡᠭᠡᠨ ᠪᠢᠳᠡ ᠪᠠᠰᠠ ᠦᠨ᠎ᠡ ᠲᠦᠯᠦᠪᠦᠷᠢ ᠦᠭᠡᠢ ᠪᠠᠷ ᠲᠡᠳᠡᠨ ᠳᠤ ᠰᠢᠯᠢᠳᠡᠭ ᠬᠠᠥᠯᠢᠴᠢ ᠶᠢ ᠬᠠᠩᠭᠠᠨ ᠦᠭᠴᠦ ᠦᠮᠦᠭᠡᠯᠡᠵᠦ᠂ ᠬᠠᠮᠤᠭ ᠡᠴᠤᠰ ᠲᠤ ᠡᠨᠡᠬᠦ ᠠᠰᠠᠭᠤᠳᠠᠯ ᠢ ᠬᠠᠥᠯᠢ ᠴᠠᠭᠠᠵᠠ ᠵᠠᠷᠭᠤ ᠶᠢᠨ ᠠᠷᠭ᠎ᠠ ᠵᠠᠮ ᠢᠶᠠᠷ ᠰᠢᠢᠳᠪᠤᠷᠢᠯᠡᠪᠡ᠃      ﹇ᠨᠠᠨ ᠵᠧᠨ ᠬᠤ᠋﹈      ᠭᠤᠷᠪᠠᠳᠤᠭᠠᠷ ᠡᠲᠡᠭᠡᠳ ᠤᠨ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠭᠡᠷ ᠭᠤᠣᠯ ᠨᠢ ᠵᠠᠰᠠᠭ ᠤᠨ ᠣᠷᠳᠣᠨ ᠪᠡᠯᠡ ᠭᠠᠷᠭᠠᠵᠤ᠂ ᠨᠡᠷ᠎ᠡ ᠲᠦᠷᠤ ᠲᠠᠢ᠂ ᠲᠣᠷᠰᠢᠯᠭ᠎ᠠ ᠲᠠᠢ᠂ ᠦᠨᠳᠤᠰᠤᠨ ᠱᠠᠲᠤᠨ ᠤ ᠠᠵᠢᠯ ᠤᠨ ᠦᠩᠭᠡᠷᠡᠯᠲᠡ ᠲᠠᠢ᠂ ᠬᠠᠥᠯᠢ ᠴᠠᠭᠠᠵᠠ ᠲᠦᠷᠤ ᠶᠢᠨ ᠪᠣᠳᠤᠯᠭ᠎ᠠ ᠶᠢ ᠪᠣᠯᠪᠠᠰᠤᠷᠠᠩᠭᠤᠢ ᠮᠡᠳᠡᠬᠦ᠂ ᠵᠠᠬᠢᠳᠠᠯ ᠰᠣᠷᠪᠤᠯᠵᠢᠯᠠᠭ᠎ᠠ ᠶᠢᠨ ᠲᠣᠬᠠᠢ ᠶᠢᠨ ᠬᠦᠮᠦᠨ ᠲᠠᠢ ᠠᠰᠢᠭ ᠲᠤᠰᠠ ᠶᠢᠨ ᠬᠠᠷᠢᠴᠠᠭ᠎ᠠ ᠦᠭᠡᠢ ︽ᠭᠤᠷᠪᠠᠳᠤᠭᠠᠷ ᠡᠲᠡᠭᠡᠳ︾ ᠡᠶᠡᠳᠡᠭᠦᠯᠦᠭᠴᠢ ᠤᠷᠢᠨ ᠵᠠᠯᠠᠵᠤ᠂ ᠵᠠᠬᠢᠳᠠᠯ ᠰᠣᠷᠪᠤᠯᠵᠢᠯᠠᠭ᠎ᠠ ᠶᠢᠨ ᠬᠦᠮᠦᠨ ᠳᠤ ᠢᠳᠬᠠᠨ ᠲᠠᠶᠢᠳᠬᠤᠷᠠᠭᠤᠯᠬᠤ᠂ ᠵᠢᠭᠠᠨ ᠵᠢᠯᠤᠭᠤᠳᠬᠤ ᠪᠠ ᠶᠣᠰᠤ ᠶᠠᠷᠢᠵᠤ ᠬᠠᠥᠯᠢ ᠲᠣᠳᠤᠯᠠᠬᠤ ᠠᠵᠢᠯ ᠢᠶᠠᠷ᠂ ᠵᠠᠬᠢᠳᠠᠯ ᠰᠣᠷᠪᠤᠯᠵᠢᠯᠠᠭ᠎ᠠ ᠶᠢᠨ ᠠᠵᠢᠯ ᠢ ᠦᠭᠡᠶᠢᠰᠭᠡᠬᠦ ᠪᠠ ᠵᠠᠷᠭᠤ ᠶᠢ ᠨᠠᠮᠵᠢᠭᠤᠯᠬᠤ ᠶᠢ ᠲᠦᠯᠬᠢᠨ ᠠᠬᠢᠭᠤᠯᠤᠭᠰᠠᠨ ᠨᠢ ᠨᠡᠶᠢᠲᠡ 106 ᠬᠡᠷᠡᠭ ᠤᠳᠠᠭ᠎ᠠ ᠲᠤ ᠬᠦᠴᠤ᠂ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠦᠭᠡᠶᠢᠰᠭᠡᠬᠦ‍ ᠨᠢᠭᠡ ᠴᠢᠬᠤᠯᠠ ᠠᠷᠭ᠎ᠠ ᠵᠠᠮ ᠪᠣᠯᠵᠠᠢ᠃ ᠵᠢᠱᠢᠶᠡᠯᠡᠪᠡᠯ᠄ ᠮᠠᠨ ᠤ ᠰᠢᠨᠡᠰᠦ᠋ᠮ᠎ᠡ ᠰᠣᠮᠣ ᠶᠢᠨ ᠨᠢᠭᠡ ᠰᠠᠭᠤᠭᠠᠯᠢ ᠠᠷᠠᠳ ᠤᠨ ᠬᠡᠥᠭᠡᠳ ᠢ ᠰᠣᠯᠢᠶ᠎ᠠ ᠡᠪᠡᠳᠴᠢᠨ ᠲᠠᠢ ᠬᠦᠮᠦᠨ ᠴᠣᠬᠢᠨ ᠰᠢᠷᠬᠠᠳᠤᠭᠤᠯᠵᠤ᠂ ᠬᠡᠥᠭᠡᠳ ᠤᠨ ᠢᠶᠠᠨ ᠡᠪᠡᠳᠴᠢᠨ ᠢ ᠵᠠᠰᠠᠬᠤ ᠶᠢᠨ ᠲᠦᠯᠦᠭᠡ ᠲᠤᠰ ᠭᠡᠷ ᠪᠦᠯᠢ ᠦᠷ᠎ᠡ ᠰᠢᠷᠢ ᠳᠡᠭᠡᠨ ᠳᠠᠷᠤᠭᠳᠠᠪᠠ᠃ ᠲᠡᠨᠦᠭᠦᠯ ᠰᠣᠯᠢᠶ᠎ᠠ ᠬᠦᠮᠦᠨ ᠬᠠᠷᠠᠭᠠᠯᠵᠠᠨ ᠬᠠᠮᠠᠭᠠᠯᠠᠭᠴᠢ ᠦᠭᠡᠢ ᠤᠴᠢᠷ ᠠᠴᠠ ᠰᠢᠢᠳᠪᠤᠷᠢᠯᠡᠵᠦ ᠦᠭᠬᠦ ᠳᠤ ᠮᠠᠰᠢ ᠬᠦᠴᠢᠷ ᠲᠠᠢ᠂ ᠲᠡᠶᠢᠮᠦ ᠮᠦᠷᠲᠡᠭᠡᠨ ᠵᠠᠬᠢᠳᠠᠯ ᠰᠣᠷᠪᠤᠯᠵᠢᠯᠠᠭ᠎ᠠ ᠶᠢᠨ ᠬᠦᠮᠦᠨ ᠡᠶᠡᠲᠡᠭᠦᠯᠬᠦ ᠶᠢ ᠡᠷᠡᠰ ᠬᠦᠯᠢᠶᠡᠬᠦ ᠦᠭᠡᠢ᠂ ᠵᠠᠪᠠᠯ ᠳᠡᠭᠡᠭᠰᠢ ᠰᠣᠷᠪᠤᠯᠵᠢᠯᠠᠬᠤ ᠶᠢ ᠱᠠᠭᠠᠷᠳᠠᠪᠠ᠃ ᠪᠢᠳᠡ ︽ᠭᠤᠷᠪᠠᠳᠤᠭᠠᠷ ᠡᠲᠡᠭᠡᠳ︾ ᠤᠨ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠭᠡᠷ ᠢᠶᠠᠷ ᠳᠠᠮᠵᠢᠨ ᠵᠢᠭᠠᠨ ᠵᠢᠯᠤᠭᠤᠳᠴᠤ᠂ ᠵᠠᠬᠢᠳᠠᠯ ᠰᠣᠷᠪᠤᠯᠵᠢᠯᠠᠭ᠎ᠠ ᠶᠢᠨ ᠲᠣᠪᠴᠢᠶ᠎ᠠ ᠳᠠᠭᠠᠭᠤᠯᠵᠤ ᠨᠢᠭᠤᠷᠯᠠᠨ ᠲᠣᠬᠢᠷᠠᠭᠤᠯᠵᠤ᠂ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠲᠤᠰᠬᠠᠢ ᠰᠡᠳᠤᠪᠲᠤ ᠰᠣᠳᠤᠯᠤᠯᠲᠠ ᠬᠢᠵᠤ᠂ ᠠᠷᠠᠳ ᠤᠨ ᠶᠠᠪᠤᠳᠠᠯ ᠂ ᠣᠷᠤᠨ ᠰᠠᠭᠤᠴᠠ ᠬᠢᠭᠡᠳ ᠬᠤᠲᠠ ᠬᠦᠳᠡᠭᠡ ᠶᠢᠨ ᠪᠦᠲᠤᠭᠡᠨ ᠪᠠᠶᠢᠭᠤᠯᠤᠯᠲᠠ᠂ ᠠᠷᠠᠯᠵᠢᠶ᠎ᠠ ᠬᠤᠳᠠᠯᠳᠤᠭ᠎ᠠ ᠪᠣᠳᠠᠰ ᠤᠨ ᠭᠦᠢᠯᠭᠡᠭᠡᠨ ᠤ ᠲᠣᠭᠤᠷᠢᠭ ᠵᠡᠷᠭᠡ ᠰᠠᠯᠠᠭ᠎ᠠ ᠮᠦᠴᠢᠷ ᠠᠴᠠ ᠡᠭᠦᠷᠭᠡ ᠬᠠᠷᠢᠭᠤᠴᠠᠯᠭ᠎ᠠ ᠶᠢᠨ ᠬᠡᠪᠴᠢᠶᠡᠨ ᠳᠤ ᠳᠡᠮᠵᠢᠯᠭᠡ ᠲᠤᠰᠠᠯᠠᠮᠵᠢ ᠦᠵᠡᠭᠦᠯᠵᠦ᠂ ᠵᠠᠬᠢᠳᠠᠯ ᠰᠣᠷᠪᠤᠯᠵᠢᠯᠠᠬᠤ ᠬᠦᠮᠦᠨ ᠢ ᠤᠶᠠᠷᠠᠭᠤᠯᠵᠤ᠂ ᠲᠡᠭᠦᠨ ᠤ ᠵᠠᠷᠭᠤ ᠰᠣᠷᠪᠤᠯᠵᠢᠯᠠᠭ᠎ᠠ ᠶᠢ ᠵᠣᠭᠰᠤᠭᠠᠪᠠ  ᠂ ᠬᠡᠳᠤᠶᠢᠪᠡᠷ ᠭᠠᠭᠴᠠ ᠭᠡᠷ ᠪᠦᠯᠢ ᠶᠢ ᠠᠪᠤᠷᠠᠭᠰᠠᠨ ᠪᠣᠯᠪᠠᠴᠤ᠂ ᠮᠠᠰᠢ ᠮᠡᠳᠡᠭᠳᠡᠮ᠎ᠡ ᠨᠡᠶᠢᠭᠡᠮ ᠤᠨ ᠦᠷ᠎ᠡ ᠪᠦᠲᠤᠮᠵᠢ ᠶᠢ ᠣᠯᠪᠠ᠃      ﹇ᠨᠠᠨ ᠵᠧᠨ ᠬᠤ᠋﹈      ᠪᠢᠳᠡ ᠪᠠᠰᠠ ᠬᠦᠴᠢᠷ ᠲᠦᠪᠡᠭᠲᠡᠢ ᠵᠠᠬᠢᠳᠠᠯ ᠰᠣᠷᠪᠤᠯᠵᠢᠯᠠᠭ᠎ᠠ ᠶᠢᠨ ᠬᠠᠥᠯᠢ ᠴᠠᠭᠠᠵᠠ ᠲᠦᠷᠤ ᠶᠢᠨ ᠪᠣᠳᠤᠯᠭ᠎ᠠ ᠶᠢ ᠰᠣᠳᠤᠯᠬᠤ ᠲᠦᠪ ᠢ ᠪᠠᠶᠢᠭᠤᠯᠵᠤ᠂ ᠪᠦᠷᠢᠯᠳᠤᠭ᠍ᠰᠡᠨ ᠰᠢᠯᠲᠠᠭᠠᠨ ᠨᠢ ᠪᠣᠳᠤᠯᠢᠶᠠᠨᠲᠠᠢ᠂ ᠰᠢᠢᠳᠪᠤᠷᠢᠯᠡᠬᠦ  ᠳᠤ ᠬᠦᠴᠢᠷ᠂ ᠬᠤᠯᠪᠤᠭᠳᠠᠬᠤ ᠰᠠᠯᠠᠭ᠎ᠠ ᠮᠦᠴᠢᠷ ᠣᠯᠠᠨ ᠵᠠᠬᠢᠳᠠᠯ ᠰᠣᠷᠪᠤᠯᠵᠢᠯᠠᠭ᠎ᠠ ᠶᠢᠨ ᠵᠤᠶᠢᠯᠡᠰ ᠲᠤ᠂ ᠨᠦᠯᠦᠭᠡ ᠶᠡᠭᠡ ᠪᠦᠯᠦᠭᠯᠡᠵᠦ ᠰᠣᠷᠪᠤᠯᠵᠢᠯᠠᠬᠤ᠂ ᠣᠨᠴᠠᠭᠠᠢ ᠬᠦᠴᠢᠷ ᠲᠦᠪᠡᠭᠲᠡᠢ ᠪᠣᠳᠤᠯᠢᠶᠠᠨᠲᠠᠢ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠳᠤ ᠵᠠᠳᠠᠯᠤᠯᠲᠠ ᠬᠢᠵᠤ᠂ ᠬᠤᠯᠪᠤᠭᠳᠠᠯ ᠪᠦᠬᠦᠢ ᠰᠠᠯᠠᠭ᠎ᠠ ᠮᠦᠴᠷᠢ ᠶᠢᠨ ᠠᠵᠢᠯᠲᠠᠨ ᠢ ᠰᠤᠩᠭᠤᠨ ᠲᠣᠬᠢᠷᠠᠭᠤᠯᠵᠤ ︽ᠲᠤᠰᠬᠠᠢ ᠮᠡᠷᠭᠡᠵᠢᠯᠲᠡᠨ ᠤ ᠳᠣᠭᠤᠶᠢᠯᠠᠩ︾ ᠪᠠ ︽ᠤᠬᠠᠭᠠᠨᠲᠠᠨ ᠤ ᠪᠦᠯᠬᠦᠮ︾ ᠢ ᠵᠣᠬᠢᠶᠠᠨ ᠪᠠᠶᠢᠭᠤᠯᠵᠤ᠂ ᠬᠤᠯᠪᠤᠭᠳᠠᠯ ᠪᠦᠬᠦᠢ ᠬᠠᠥᠯᠢ ᠴᠠᠭᠠᠵᠠ ᠲᠦᠷᠤ ᠶᠢᠨ ᠪᠣᠳᠤᠯᠭ᠎ᠠ ᠶᠢᠨ ᠦᠨᠳᠤᠰᠤᠯᠡᠯ ᠵᠢᠴᠢ ᠠᠰᠠᠭᠤᠳᠠᠯ ᠢ ᠰᠢᠢᠳᠪᠤᠷᠢᠯᠡᠬᠦ ᠰᠠᠨᠠᠯ ᠪᠠ ᠰᠠᠨᠠᠭᠤᠯᠭ᠎ᠠ ᠶᠢ ᠳᠤᠷᠠᠳᠴᠤ᠂ ᠬᠦᠨᠳᠦ ᠶᠡᠭᠡ ᠬᠦᠴᠢᠷ ᠲᠦᠪᠡᠭᠲᠡᠢ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠬᠠᠥᠯᠢ ᠶᠣᠰᠤᠭᠠᠷ ᠰᠢᠢᠳᠪᠤᠷᠢᠯᠡᠬᠦ ᠶᠢ ᠲᠦᠯᠬᠢᠨ ᠠᠬᠢᠭᠤᠯᠪᠠ᠃      ﹇ᠨᠠᠨ ᠵᠧᠨ ᠬᠤ᠋﹈      ᠵᠢᠱᠢᠶᠡᠯᠡᠪᠡᠯ᠂ ᠮᠠᠨ ᠤ ᠬᠤᠰᠢᠭᠤᠨ ᠤ 1974 ᠣᠨ ᠳᠤ ᠪᠠᠶᠢᠭᠤᠯᠤᠭᠳᠠᠭᠰᠠᠨ ᠪᠣᠷᠤᠬᠤᠲᠠ ᠶᠢᠨ ᠪᠠᠭ᠎ᠠ ᠮᠠᠰᠢᠨ ᠲᠡᠷᠭᠡ ᠶᠢᠨ ᠲᠡᠭᠡᠭᠡᠪᠦᠷᠢ ᠶᠢᠨ ᠠᠩᠭᠢ ᠪᠣᠯ ᠵᠠᠮ ᠬᠠᠷᠢᠯᠴᠠᠭ᠎ᠠ ᠶᠢᠨ ᠲᠣᠪᠴᠢᠶᠠᠨ ᠤ ᠬᠠᠮᠢᠶᠠᠷᠤᠯᠲᠠ ᠳᠤ ᠬᠠᠷᠢᠶᠠᠯᠠᠭᠳᠠᠬᠤ ᠬᠠᠮᠲᠤ ᠶᠢᠨ ᠲᠡᠭᠡᠭᠡᠪᠦᠷᠢ ᠶᠢᠨ ᠠᠵᠤ ᠠᠬᠤᠶᠢᠯᠠᠯ ᠪᠣᠯᠤᠨ᠎ᠠ᠃ ᠪᠣᠷᠤᠬᠤᠲᠠ ᠪᠠᠯᠭᠠᠰᠤ ᠳᠠᠬᠢ ᠣᠶᠢᠷ᠎ᠠ ᠵᠠᠮ ᠤᠨ ᠲᠡᠭᠡᠭᠡᠪᠦᠷᠢ ᠶᠢᠨ ᠠᠵᠢᠯ ᠢ ᠡᠭᠦᠷᠭᠡᠯᠡᠵᠦ᠂ ᠣᠯᠵᠤ ᠠᠯᠳᠠᠬᠤ ᠪᠠᠨ ᠦᠪᠡᠷ ᠢᠶᠠᠨ ᠬᠠᠷᠢᠭᠤᠴᠠᠬᠤ᠂ ᠲᠤᠰᠬᠠᠶᠢᠯᠠᠨ ᠳ᠋ᠦᠩᠨᠡᠨ ᠪᠣᠳᠤᠵᠤ ᠪᠠᠶᠢᠭᠰᠠᠨ ᠶᠤᠮ᠃ ᠰᠡᠭᠦᠯᠡᠷ ᠨᠢ ᠵᠠᠬ᠎ᠠ ᠳᠡᠯᠭᠡᠭᠦᠷ ᠠᠵᠤ ᠠᠬᠤᠢ ᠶᠢᠨ ᠬᠦᠭᠵᠢᠯᠲᠡ ᠶᠢ ᠳᠠᠭᠠᠯᠳᠤᠨ᠂ ᠲᠡᠷᠭᠡᠨ ᠠᠩᠭᠢ ᠨᠢ ᠣᠳᠤᠬᠢ ᠠᠵᠤ ᠠᠬᠤᠢ ᠶᠢᠨ ᠬᠦᠭᠵᠢᠯᠲᠡ ᠶᠢᠨ ᠬᠡᠷᠡᠭᠴᠡᠭᠡ ᠳᠤ ᠨᠡᠶᠢᠴᠡᠬᠦ ᠦᠭᠡᠢ ᠪᠣᠯᠵᠤ᠂ 1989 ᠣᠨ ᠳᠤ ᠪᠠᠶᠢᠭᠤᠯᠤᠮᠵᠢ ᠶᠢ ᠬᠠᠰᠤᠵᠤ ᠠᠵᠢᠯᠲᠠᠳ ᠢ ᠲᠠᠷᠬᠠᠭᠠᠪᠠ᠃ 2009 ᠣᠨ ᠠᠴᠠ ᠨᠠᠰᠢ᠂ ᠲᠡᠷᠭᠡᠨ ᠠᠩᠭᠢ ᠶᠢᠨ ᠤᠭ ᠤᠨ ᠠᠵᠢᠯᠲᠠᠳ ᠣᠯᠠᠨ ᠤᠳᠠᠭ᠎ᠠ ᠬᠤᠰᠢᠭᠤᠨ ᠳᠤ ᠬᠦᠷᠴᠦ ᠨᠠᠰᠤᠲᠠᠨ ᠢ ᠠᠰᠠᠷᠠᠬᠤ ᠨᠢᠭᠡᠳᠤᠯᠲᠡᠢ ᠲᠦᠯᠦᠪᠯᠡᠬᠦ ᠠᠰᠠᠭᠤᠳᠠᠯ ᠢ ᠨᠢ ᠰᠢᠢᠳᠪᠤᠷᠢᠯᠡᠵᠦ ᠦᠭᠬᠦ ᠶᠢ ᠱᠠᠭᠠᠷᠳᠠᠪᠠ᠃ ᠡᠨᠡ ᠠᠰᠠᠭᠤᠳᠠᠯ ᠬᠤᠯᠪᠤᠭᠳᠠᠬᠤ ᠬᠦᠮᠦᠨ ᠣᠯᠠᠨ᠂ ᠨᠠᠰᠤᠨ ᠤ ᠬᠡᠮᠵᠢᠶ᠎ᠡ ᠨᠡᠯᠢᠶᠡᠳ ᠦᠨᠳᠤᠷ᠂ ᠠᠮᠢᠳᠤᠷᠠᠯ᠂ ᠡᠪᠡᠳᠴᠢᠨ ᠲᠠᠬᠤᠯ ᠵᠡᠷᠭᠡ ᠪᠣᠲᠠᠲᠠᠢ ᠬᠦᠴᠢᠷ ᠠᠰᠠᠭᠤᠳᠠᠯ ᠠᠳᠠᠯᠢ ᠪᠣᠰᠤ ᠬᠡᠮᠵᠢᠶ᠎ᠡ ᠪᠠᠷ ᠣᠷᠤᠰᠢᠵᠤ᠂ ᠰᠢᠢᠳᠪᠤᠷᠢᠯᠡᠬᠦ ᠳᠤ ᠵᠣᠬᠢᠬᠤ ᠬᠡᠮᠵᠢᠶᠡᠨ ᠤ ᠬᠦᠴᠢᠷ ᠲᠠᠢ᠃ ᠡᠭᠦᠨ ᠳᠤ ᠬᠤᠰᠢᠭᠤ ᠣᠯᠠᠨ ᠤᠳᠠᠭ᠎ᠠ ᠵᠠᠬᠢᠳᠠᠯ ᠰᠣᠷᠪᠤᠯᠵᠢᠯᠠᠭ᠎ᠠ ᠶᠢᠨ ᠬᠤᠯᠪᠤᠭᠠᠨ ᠤ ᠬᠤᠷᠠᠯ ᠬᠤᠷᠠᠯᠳᠤᠵᠤ᠂ ᠠᠵᠢᠯᠲᠠᠨ ᠢ ᠬᠠᠮᠢᠶᠠᠷᠬᠤ᠂ ᠨᠡᠶᠢᠭᠡᠮ ᠤᠨ ᠪᠠᠲᠤᠯᠠᠭ᠎ᠠ᠂ ᠵᠠᠮ ᠬᠠᠷᠢᠯᠴᠠᠭ᠎ᠠ ᠵᠡᠷᠭᠡ ᠰᠠᠯᠠᠭ᠎ᠠ ᠮᠦᠴᠢᠷ ᠢᠶᠠᠷ ᠪᠦᠷᠢᠯᠳᠤᠭ᠍ᠰᠡᠨ ᠲᠤᠰᠬᠠᠢ ᠮᠡᠷᠭᠡᠵᠢᠯᠲᠡᠨ ᠤ ᠳᠣᠭᠤᠶᠢᠯᠠᠩ ᠢ ᠪᠠᠶᠢᠭᠤᠯᠵᠤ᠂ ᠬᠠᠭᠠᠰ ᠵᠢᠯ ᠢᠯᠡᠭᠦᠦ ᠬᠤᠭᠤᠴᠠᠭ᠎ᠠ ᠶᠢ ᠠᠰᠢᠭᠯᠠᠵᠤ᠂ ᠳᠠᠩᠰᠠ ᠡᠪᠬᠡᠮᠡᠯ ᠢ ᠰᠢᠯᠵᠢᠭᠦᠯᠦᠨ ᠦᠵᠡᠬᠦ᠂ ᠪᠠᠶᠢᠭᠤᠯᠤᠯᠭ᠎ᠠ ᠶᠢ ᠰᠣᠷᠪᠤᠯᠵᠢᠯᠠᠬᠤ᠂ ᠮᠡᠳᠡᠬᠦ ᠬᠦᠮᠤᠰ ᠠᠴᠠ ᠠᠰᠠᠭᠤᠬᠤ ᠪᠠᠷ ᠳᠠᠮᠵᠢᠨ ᠪᠠᠷᠢᠮᠳᠠ ᠶᠢ ᠪᠠᠶᠢᠴᠠᠭᠠᠨ ᠣᠯᠵᠤ᠂ ᠲᠣᠬᠠᠢ ᠶᠢᠨ ᠲᠦᠷᠤ ᠶᠢᠨ ᠪᠣᠳᠤᠯᠭ᠎ᠠ ᠶᠢ ᠨᠢᠭᠡ ᠵᠣᠷᠪᠤᠰ ᠨᠢᠭᠡ ᠵᠣᠷᠪᠤᠰ ᠢᠶᠠᠷ ᠰᠣᠳᠤᠯᠵᠤ᠂ ᠪᠠᠷᠢᠮᠲᠠ ᠡᠷᠢᠵᠦ᠂ ᠬᠠᠮᠤᠭ ᠰᠡᠭᠦᠯ  ᠳᠤ ᠬᠠᠥᠯᠢ ᠳᠦᠷᠢᠮ ᠶᠣᠰᠤᠭᠠᠷ ᠪᠠᠭ᠎ᠠ ᠲᠡᠷᠭᠡ ᠶᠢᠨ ᠠᠩᠭᠢ ᠶᠢᠨ ᠤᠭ ᠤᠨ ᠠᠵᠢᠯᠲᠠᠳ ᠳᠤ ᠬᠠᠮᠲᠤ ᠶᠢᠨ ᠠᠵᠤ ᠠᠬᠤᠶᠢᠯᠠᠯ ᠤᠨ ᠠᠵᠢᠯᠲᠠᠨ ᠢᠶᠠᠷ ᠨᠠᠰᠤᠲᠠᠨ ᠢ ᠠᠰᠠᠷᠠᠬᠤ ᠳᠠᠭᠠᠳᠬᠠᠯ ᠲᠤᠰᠢᠶᠠᠨ ᠦᠭᠴᠦ᠂ ᠡᠳᠡᠭᠡᠷ ᠬᠦᠮᠤᠰ ᠤᠨ ᠦᠲᠡᠯᠦᠭᠡ ᠨᠠᠰᠤᠨ ᠤ ᠠᠮᠢᠳᠤᠷᠠᠯ ᠢ ᠪᠠᠲᠤᠯᠠᠪᠠ᠃      ﹇ᠡᠷᠬᠢᠯᠡᠭᠴᠢ﹈      ᠦᠨᠡᠭᠡᠷ ᠰᠠᠶᠢᠨ᠂ ᠲᠡᠭᠡᠪᠡᠯ ᠬᠤᠰᠢᠭᠤᠨ ᠤ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠨ ᠠᠪᠬᠤ ᠲᠦᠪ ᠨᠢ ᠬᠡᠷᠬᠢᠨ ᠬᠦᠯᠢᠶᠡᠨ ᠠᠪᠬᠤ ᠪᠠ ᠠᠰᠠᠭᠤᠳᠠᠯ ᠢ ᠰᠢᠢᠳᠪᠤᠷᠢᠯᠡᠵᠦ ᠪᠠᠶᠢᠬᠤ ᠪᠣᠢ︖      ﹇ᠨᠠᠨ ᠵᠸᠡ ᠬᠤ᠋﹈      ︽ᠢᠯᠡ ᠵᠠᠬᠢᠳᠠᠯ ᠰᠣᠷᠪᠤᠯᠵᠢᠯᠠᠭ᠎ᠠ᠂ ᠬᠠᠷᠢᠭᠤᠴᠠᠯᠭᠠᠲᠤ ᠵᠠᠬᠢᠳᠠᠯ ᠰᠣᠷᠪᠤᠯᠵᠢᠯᠠᠭ᠎ᠠ᠂ ᠬᠠᠥᠯᠢ ᠪᠠᠷ ᠵᠠᠰᠠᠬᠤ ᠵᠠᠬᠢᠳᠠᠯ ᠰᠣᠷᠪᠤᠯᠵᠢᠯᠠᠭ᠎ᠠ︾ ᠭᠡᠬᠦ ᠠᠵᠢᠯ ᠤᠨ ᠱᠠᠭᠠᠷᠳᠠᠯᠭ᠎ᠠ ᠶᠢ ᠦᠨᠳᠤᠰᠤᠯᠡᠨ᠂ ︽ᠳᠦᠷᠪᠡᠨ ᠨᠠᠷᠢᠨ ᠳᠠᠩᠰᠠ ᠲᠣᠳᠤᠷᠬᠠᠢ︾ ᠵᠠᠬᠢᠳᠠᠯ ᠰᠣᠷᠪᠤᠯᠵᠢᠯᠠᠭ᠎ᠠ ᠶᠢᠨ ᠳᠣᠪᠤᠶᠢᠮ᠎ᠠ ᠠᠰᠠᠭᠤᠳᠠᠯ ᠢ ᠰᠢᠢᠳᠪᠤᠷᠢᠯᠡᠬᠦ ᠠᠵᠢᠯ ᠤᠨ ᠵᠣᠬᠢᠴᠠᠮᠵᠢ  ᠲᠠᠢ ᠤᠶᠠᠯᠳᠤᠭᠤᠯᠤᠨ᠂ ᠪᠢᠳᠡ ︽ᠬᠦᠯᠢᠶᠡᠨ ᠠᠪᠴᠤ ᠳᠠᠩᠰᠠᠯᠠᠬᠤ ᠴᠠᠭ ᠲᠣᠬᠠᠢ ᠳᠤᠨᠢ ᠬᠦᠯᠢᠶᠡᠨ ᠠᠪᠬᠤ᠂ ᠣᠯᠠᠨ ᠲᠠᠯ᠎ᠠ ᠪᠠᠷ ᠲᠣᠬᠢᠷᠠᠭᠤᠯᠵᠤ ᠰᠢᠢᠳᠪᠤᠷᠢᠯᠡᠬᠦ᠂ ᠰᠢᠯᠵᠢᠭᠦᠯᠦᠨ ᠲᠤᠰᠢᠶᠠᠵᠤ ᠰᠢᠢᠳᠪᠤᠷᠢᠯᠡᠬᠦ᠂ ᠬᠢᠨᠠᠨ ᠰᠢᠬᠠᠮᠳᠠᠭᠤᠯᠵᠤ ᠰᠢᠢᠳᠪᠤᠷᠢᠯᠡᠬᠦ᠂ ᠦᠨᠡᠯᠡᠵᠦ ᠪᠠᠶᠢᠴᠠᠭᠠᠬᠤ︾ ᠵᠡᠷᠭᠡ ᠵᠢᠷᠭᠤᠭᠠᠨ ᠠᠵᠢᠯ ᠤᠨ ᠠᠷᠭ᠎ᠠ ᠶᠢ ᠠᠪᠤᠪᠠ᠃ ᠠᠯᠬᠤᠮ ᠪᠦᠷᠢ ᠶᠢᠨ ᠠᠵᠢᠯ ᠤᠨ ᠡᠷᠬᠡ ᠲᠤᠰᠢᠶᠠᠯ ᠡᠭᠦᠷᠭᠡ ᠶᠢ ᠲᠣᠳᠤᠷᠬᠠᠶᠢᠯᠠᠵᠤ᠂ ᠡᠯ᠎ᠡ ᠶᠠᠪᠤᠴᠠ ᠳᠠᠬᠢ ᠠᠵᠢᠯ ᠤᠨ ᠳᠦᠷᠢᠮ ᠢ ᠲᠡᠭᠦᠯᠳᠡᠷᠵᠢᠭᠦᠯᠵᠦ᠂ ᠰᠣᠷᠪᠤᠯᠵᠢᠯᠠᠬᠤ ᠪᠠᠷ ᠢᠷᠡᠭᠰᠡᠨ ᠣᠯᠠᠨ ᠲᠦᠮᠡᠨ ᠳᠤ ᠲᠦᠷᠦᠯ ᠬᠤᠪᠢᠶᠠᠨ ᠬᠠᠨᠳᠤᠵᠤ᠂ ᠪᠣᠲᠠᠲᠠᠢ ᠠᠰᠠᠭᠤᠳᠠᠯ ᠢ ᠰᠠᠯᠭᠠᠵᠤ ᠰᠢᠢᠳᠪᠤᠷᠢᠯᠡᠨ᠎ᠡ᠃ ᠬᠦᠨᠳᠦ ᠶᠡᠭᠡ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠳᠤ ᠪᠢᠳᠡ ᠪᠠᠰᠠ ︽4+X︾ ᠠᠵᠢᠯ ᠤᠨ ᠠᠷᠭ᠎ᠠ ᠶᠢ ᠳᠡᠯᠭᠡᠷᠡᠭᠦᠯᠵᠦ ᠶᠠᠪᠤᠭᠳᠠᠭᠤᠯᠪᠠ᠃ ︽4︾ ᠭᠡᠳᠡᠭ ᠨᠢ᠄ ᠵᠠᠬᠢᠳᠠᠯ ᠰᠣᠷᠪᠤᠯᠵᠢᠯᠠᠭ᠎ᠠ ᠶᠢᠨ ᠲᠣᠪᠴᠢᠶ᠎ᠠ ᠳᠤᠷᠠᠳᠴᠤ᠂ ᠬᠤᠰᠢᠭᠤᠨ ᠤ ᠵᠠᠬᠢᠳᠠᠯ ᠰᠣᠷᠪᠤᠯᠵᠢᠯᠠᠭ᠎ᠠ ᠶᠢᠨ ᠬᠤᠯᠪᠤᠭᠠᠨ ᠤ ᠬᠤᠷᠠᠯ ᠵᠦᠪᠳᠡᠯᠴᠡᠵᠦ᠂ ᠦᠨᠡᠯᠡᠵᠦ ᠪᠠᠶᠢᠴᠠᠭᠠᠬᠤ ᠳᠣᠭᠤᠶᠢᠯᠠᠩ ᠵᠦᠪᠯᠡᠨ ᠲᠣᠭᠲᠠᠭᠠᠵᠤ ᠬᠠᠮᠤᠭ ᠡᠴᠤᠰ ᠲᠤ ᠵᠠᠰᠠᠭ ᠤᠨ ᠣᠷᠳᠣᠨ ᠤ ᠪᠠᠶᠢᠩᠭᠤ ᠶᠢᠨ ᠭᠡᠰᠢᠭᠦᠨ ᠤ  ᠬᠤᠷᠠᠯ ᠪᠠ ᠬᠤᠰᠢᠭᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ ᠤ ᠬᠤᠷᠠᠯ ᠰᠢᠢᠳᠪᠤᠷᠢ ᠭᠠᠷᠭᠠᠨ᠎ᠠ᠃ ︽X︾ ᠭᠡᠳᠡᠭ ᠨᠢ ᠳᠠᠷᠤᠢ ᠬᠡᠷᠡᠭ  ᠲᠤ ᠬᠤᠯᠪᠤᠭᠳᠠᠬᠤ ᠬᠠᠮᠢᠶ᠎ᠠ ᠪᠦᠬᠦᠢ ᠰᠠᠯᠠᠭ᠎ᠠ ᠮᠦᠴᠢᠷ ᠣᠷᠤᠯᠴᠠᠬᠤ ᠶᠢ ᠬᠡᠯᠡᠨ᠎ᠡ᠃ ᠣᠯᠠᠨ ᠰᠠᠯᠠᠭ᠎ᠠ ᠮᠦᠴᠢᠷ ᠬᠤᠯᠪᠤᠭᠠᠯᠠᠨ ᠬᠦᠳᠡᠯᠵᠤ᠂ ᠣᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠶᠢᠨ ᠲᠣᠭᠠᠴᠠᠯᠲᠠ ᠶᠢ ᠬᠠᠮᠲᠤ ᠪᠠᠷ ᠰᠢᠢᠳᠪᠤᠷᠢᠯᠡᠬᠦ ᠶᠢ ᠪᠡᠶᠡᠯᠡᠭᠦᠯᠪᠡ᠃ ᠡᠨᠡᠨᠬᠦ ᠰᠢᠷᠢᠰ ᠬᠢᠳᠡᠯ ᠨᠢ ᠮᠦᠨᠴᠤ ︽ᠬᠠᠷᠢᠭᠤᠴᠠᠯᠭᠠᠲᠤ ᠵᠠᠬᠢᠳᠠᠯ ᠰᠣᠷᠪᠤᠯᠵᠢᠯᠠᠭ᠎ᠠ᠂ ᠬᠠᠥᠯᠢ ᠪᠠᠷ ᠵᠠᠰᠠᠬᠤ ᠵᠠᠬᠢᠳᠠᠯ ᠰᠣᠷᠪᠤᠯᠵᠢᠯᠠᠭ᠎ᠠ︾ ᠶᠢᠨ ᠱᠠᠭᠠᠷᠳᠠᠯᠭ᠎ᠠ ᠪᠣᠯᠤᠨ᠎ᠠ᠃      ﹇ᠨᠠᠨ ᠵᠧᠨ ᠬᠤ᠋﹈      ᠵᠢᠱᠢᠶᠡᠯᠡᠪᠡᠯ᠄ ᠮᠠᠨ ᠤ ᠬᠤᠰᠢᠭᠤᠨ ᠤ 2002 ᠣᠨ ᠠᠴᠠ ᠡᠮᠦᠨ᠎ᠡ ᠰᠤᠷᠭᠠᠭᠤᠯᠢ ᠳᠤ ᠣᠷᠤᠭᠰᠠᠨ᠂ ᠪᠠᠭᠰᠢ ᠶᠢᠨ ᠲᠦᠷᠤᠯ ᠤᠨ ᠮᠣᠩᠭᠤᠯ ᠬᠢᠲᠠᠳ ᠢᠶᠠᠷ ᠬᠢᠴᠢᠶᠡᠯ ᠣᠷᠤᠬᠤ ᠳᠤᠮᠳᠠ ᠵᠡᠷᠭᠡ ᠶᠢᠨ ᠪᠠᠭᠰᠢ ᠶᠢᠨ ᠰᠤᠷᠭᠠᠭᠤᠯᠢ ᠶᠢᠨ ᠰᠤᠷᠤᠭᠴᠢ ᠪᠠ ᠪᠠᠭ᠎ᠠ ᠰᠤᠷᠭᠠᠭᠤᠯᠢ ᠶᠢᠨ ᠪᠠᠭᠰᠢ ᠶᠢᠨ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠤᠨ ᠠᠩᠭᠢ᠂ ᠲᠣᠬᠠᠢ ᠶᠢᠨ ᠴᠠᠭ ᠲᠤ 547 ᠬᠦᠮᠦᠨ ᠬᠤᠯᠪᠤᠭᠳᠠᠨ᠎ᠠ᠃ ᠰᠤᠷᠭᠠᠭᠤᠯᠢ ᠳᠤ ᠣᠷᠤᠬᠤ ᠦᠶ᠎ᠡ ᠳᠤ ᠳᠡᠭᠡᠳᠤ ᠱᠠᠲᠤᠨ ᠤ ︽ᠬᠡᠷᠡᠭᠴᠡᠭᠡ ᠶᠢ ᠦᠨᠳᠤᠰᠤᠯᠡᠵᠦ ᠬᠦᠮᠦᠵᠢᠭᠦᠯᠬᠦ᠂ ᠴᠢᠭᠯᠡᠯᠲᠦ ᠡᠯᠰᠡᠯᠲᠡ᠂ ᠲᠡᠭᠦᠰᠦᠭᠰᠡᠨ ᠤ ᠰᠡᠭᠦᠯᠡᠷ ᠲᠣᠬᠢᠷᠠᠭᠤᠯᠬᠤ︾ ᠱᠠᠭᠠᠷᠳᠠᠯᠭ᠎ᠠ ᠶᠢ ᠦᠨᠳᠦᠰᠦᠯᠡᠵᠦ᠂ ᠬᠤᠵᠢᠮ ᠨᠢ ᠲᠡᠭᠦᠰᠦᠭᠰᠡᠨ ᠤ ᠰᠡᠭᠦᠯᠡᠷ ᠲᠦᠷᠤ ᠶᠢᠨ ᠪᠣᠳᠤᠯᠭ᠎ᠠ ᠶᠢᠨ ᠲᠣᠬᠢᠷᠠᠭᠤᠯᠤᠯᠲᠠ ᠠᠴᠠ ᠪᠣᠯᠵᠤ ᠲᠣᠬᠢᠷᠠᠭᠤᠯᠬᠤ ᠶᠢᠨ ᠠᠷᠭ᠎ᠠ ᠦᠭᠡᠢ ᠪᠣᠯᠪᠠ  ᠃ ᠡᠳᠡᠭᠡᠷ ᠬᠦᠮᠤᠰ ᠣᠯᠠᠨ ᠤᠳᠠᠭ᠎ᠠ ᠬᠤᠰᠢᠭᠤ ᠬᠤᠲᠠ᠂  ᠦᠪᠡᠷᠲᠡᠭᠡᠨ ᠵᠠᠰᠠᠬᠤ ᠣᠷᠤᠨ ᠪᠠ ᠪᠡᠭᠡᠵᠢᠩ ᠳᠤ ᠬᠦᠷᠴᠤ ᠰᠣᠷᠪᠤᠯᠵᠢᠯᠠᠭ᠎ᠠ ᠬᠢᠪᠡ᠃ ᠬᠤᠯᠪᠤᠭᠳᠠᠬᠤ ᠬᠦᠮᠤᠨ ᠨᠢ ᠠᠷᠪᠢᠨ ᠮᠦᠷᠲᠡᠭᠡᠨ ᠬᠠᠮᠲᠤ ᠶᠢᠨ ᠴᠢᠨᠠᠷᠲᠠᠢ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠪᠣᠯᠬᠤᠷ᠂ ᠪᠢᠳᠡ ᠡᠨᠡᠬᠦ ᠵᠠᠬᠢᠳᠠᠯ ᠰᠣᠷᠪᠤᠯᠵᠢᠯᠠᠭ᠎ᠠ ᠶᠢᠨ ᠠᠵᠢᠯ ᠢ ᠮᠠᠰᠢ ᠴᠢᠬᠤᠯᠠᠴᠢᠯᠠᠵᠤ᠂ ᠣᠯᠠᠨ ᠤᠳᠠᠭ᠎ᠠ ᠬᠤᠷᠠᠯ ᠬᠤᠷᠠᠯᠳᠤᠵᠤ᠂ ᠣᠯᠠᠨ ᠤᠳᠠᠭ᠎ᠠ ᠰᠣᠳᠤᠯᠤᠯᠲᠠ ᠬᠢᠵᠤ᠂ ᠢᠳᠡᠪᠬᠢᠲᠡᠢ ᠪᠠᠷ ᠳᠡᠭᠡᠭᠰᠢ ᠮᠡᠳᠡᠭᠦᠯᠵᠦ᠂ ᠳᠡᠭᠡᠷ᠎ᠡ ᠱᠠᠲᠤᠨ ᠤ ᠮᠠᠲ᠋ᠧᠷᠢᠶᠠᠯ ᠤᠨ ᠵᠣᠷᠢᠭ ᠰᠠᠨᠠᠭ᠎ᠠ ᠲᠠᠢ ᠤᠶᠠᠯᠳᠤᠭᠤᠯᠤᠨ᠂ ᠡᠳᠡᠭᠡᠷ ᠬᠦᠮᠤᠰ ᠤᠨ ᠠᠵᠢᠯ ᠢ ᠲᠣᠬᠢᠷᠠᠭᠤᠯᠬᠤ ᠠᠰᠠᠭᠤᠳᠠᠯ ᠢ ᠰᠣᠳᠤᠯᠪᠠ᠃ ᠬᠠᠮᠤᠭ ᠰᠡᠭᠦᠯ ᠳᠤ ᠂ ᠪᠢᠳᠡ ᠠᠵᠢᠯᠲᠠᠨ ᠤ ᠣᠷᠤᠨ ᠲᠤᠭ᠎ᠠ᠂ ᠡᠳ᠋ ᠤᠨ ᠵᠠᠰᠠᠭ ᠤᠨ ᠪᠡᠯᠡ ᠮᠦᠩᠬᠦ᠂ ᠳᠠᠩᠰᠠ ᠡᠪᠬᠡᠮᠡᠯ ᠢ ᠬᠢᠨᠠᠨ ᠬᠠᠷᠭᠤᠭᠤᠯᠬᠤ ᠵᠡᠷᠭᠡ ᠳᠠᠪᠬᠤᠷ ᠳᠠᠪᠬᠤᠷ ᠬᠦᠴᠢᠷᠳᠡᠯ ᠪᠠ ᠳᠠᠷᠤᠭᠠᠰᠤ ᠶᠢ ᠢᠯᠡᠨ ᠳᠠᠪᠠᠵᠤ᠂ ᠲᠣᠬᠢᠷᠠᠭᠤᠯᠬᠤ ᠲᠦᠰᠤᠯ ᠢ ᠲᠣᠭᠲᠠᠭᠠᠬᠤ ᠪᠠ ᠨᠡᠶᠢᠲᠡᠯᠡᠵᠦ᠂ ᠪᠦᠯᠦᠭ ᠬᠤᠪᠢᠶᠠᠨ ᠢᠳᠡᠭ ᠢᠳᠡᠭ ᠢᠶᠠᠷ ᠲᠣᠬᠢᠷᠠᠭᠤᠯᠬᠤ ᠠᠷᠭ᠎ᠠ ᠬᠡᠮᠵᠢᠶ᠎ᠡ ᠶᠢ ᠠᠪᠬᠤ ᠪᠠᠷ ᠳᠠᠮᠵᠢᠨ ᠦᠨᠳᠤᠰᠤᠨ ᠳᠡᠭᠡᠨ ᠰᠢᠢᠳᠪᠤᠷᠢᠯᠡᠵᠦ᠂ ᠲᠡᠳᠡᠨᠡᠷ ᠤᠨ ᠪᠠᠭᠰᠢ ᠪᠣᠯᠬᠤ ᠬᠦᠰᠡᠯ ᠢ ᠪᠡᠶᠡᠯᠡᠭᠦᠯᠪᠡ᠃      ﹇ᠡᠷᠬᠢᠯᠡᠭᠴᠢ﹈      ᠤᠳᠠᠭ᠎ᠠ ᠪᠦᠷᠢ ᠡᠶᠢᠮᠦᠷᠬᠦ ᠵᠢᠱᠢᠶ᠎ᠡ ᠶᠢ ᠰᠣᠨᠤᠰᠤᠭᠰᠠᠨ ᠤ ᠳᠠᠷᠠᠭ᠎ᠠ ᠶᠡᠭᠡ ᠰᠠᠶᠢᠨ ᠰᠠᠨᠠᠭᠳᠠᠨ᠎ᠠ᠂ ᠲᠡᠭᠡᠪᠡᠯ ᠬᠤᠰᠢᠭᠤᠨ ᠤ ᠳᠡᠰ ᠤᠨ ᠵᠠᠬᠢᠳᠠᠯ ᠰᠣᠷᠪᠤᠯᠵᠢᠯᠠᠭ᠎ᠠ ᠶᠢ ᠬᠦᠯᠢᠶᠡᠨ ᠠᠪᠬᠤ ᠲᠦᠪ ᠤᠨ ᠤᠶᠢᠯᠡᠳᠤᠯ ᠮᠠᠰᠢ ᠳᠣᠪᠤᠶᠢᠮ᠎ᠠ ᠪᠠᠶᠢᠬᠤ ᠶᠢ ᠪᠢᠳᠡ ᠪᠠᠰᠠ ᠰᠡᠷᠡᠵᠤ ᠮᠡᠳᠡᠵᠦ ᠪᠠᠶᠢᠨ᠎ᠠ᠃ ᠲᠡᠭᠡᠪᠡᠯ ᠰᠢᠶᠠᠩ ᠤᠨ ᠳᠡᠰ ᠪᠠ ᠲᠤᠰᠬᠤᠨ ᠤ ᠳᠡᠰ ᠤᠨ ᠵᠠᠬᠢᠳᠠᠯ ᠰᠣᠷᠪᠤᠯᠵᠢᠯᠠᠭ᠎ᠠ ᠶᠢᠨ ᠵᠣᠬᠢᠶᠠᠨ ᠪᠠᠶᠢᠭᠤᠯᠤᠯᠲᠠ ᠶᠠᠮᠠᠷ ᠵᠡᠷᠭᠡ ᠪᠣᠯ︖      ﹇ᠨᠠᠨ ᠵᠸᠡ ᠬᠤ᠋﹈      ᠰᠢᠶᠠᠩ ᠤᠨ ᠳᠡᠰ ᠲᠤ᠂ ᠪᠢᠳᠡ ᠵᠠᠬᠢᠳᠠᠯ ᠰᠣᠷᠪᠤᠯᠵᠢᠯᠠᠭ᠎ᠠ ᠶᠢᠨ ᠠᠯᠪᠠᠨ ᠭᠡᠷ ᠢ ᠪᠠᠶᠢᠭᠤᠯᠵᠤ᠂ ᠶᠡᠷᠤᠩᠭᠡᠢ ᠬᠦᠯᠢᠶᠡᠨ ᠠᠪᠬᠤ ᠲᠦᠪ ᠢ ᠪᠠᠶᠢᠭᠤᠯᠵᠠᠢ᠂ ᠰᠢᠶᠠᠩ ᠤᠨ ᠳᠡᠰ ᠤᠨ ᠬᠠᠥᠯᠢ ᠴᠠᠭᠠᠵᠠ ᠶᠢᠨ ᠰᠠᠯᠪᠤᠷᠢ᠂ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠤ ᠲᠣᠮᠢᠯᠠᠭᠰᠠᠨ ᠰᠠᠯᠪᠤᠷᠢ᠂ ᠬᠠᠥᠯᠢ ᠶᠢᠨ ᠲᠠᠩᠬᠢᠮ᠂ ᠠᠷᠠᠳ ᠲᠦᠮᠡᠨ ᠤ ᠡᠶᠡᠲᠡᠭᠦᠯᠬᠦ ᠬᠦᠴᠦᠨ ᠢ ᠨᠢᠭᠡᠲᠦᠭᠦᠯᠵᠤ᠂ ᠲᠤᠰᠬᠠᠢ ᠬᠦᠯᠢᠶᠡᠨ ᠠᠪᠬᠤ ᠲᠠᠯᠠᠪᠠᠢ ᠶᠢ ᠪᠠᠶᠢᠭᠤᠯᠵᠤ᠂ ᠲᠤᠰᠬᠠᠢ ᠬᠦᠯᠢᠶᠡᠨ ᠠᠪᠬᠤ ᠠᠵᠢᠯᠲᠠᠨ ᠢ ᠲᠣᠬᠢᠷᠠᠭᠤᠯᠵᠤ᠂ ᠵᠠᠷᠤᠳᠠᠯ ᠤᠨ ᠪᠠᠲᠤᠯᠠᠭ᠎ᠠ ᠶᠢ ᠨᠠᠶᠢᠲᠠᠪᠤᠷᠢᠵᠢᠭᠤᠯᠵᠤ᠂ ᠦᠨᠳᠤᠰᠤᠨ ᠱᠠᠲᠤᠨ ᠳᠤ ᠬᠡᠷᠡᠭ ᠢ ᠬᠠᠮᠢᠶᠠᠷᠬᠤ ᠬᠦᠮᠦᠨ ᠲᠠᠢ᠂ ᠶᠠᠪᠤᠳᠠᠯ ᠢ ᠡᠷᠬᠢᠯᠡᠬᠦ ᠬᠦᠮᠦᠨ ᠲᠠᠢ ᠠᠰᠠᠭᠤᠳᠠᠯ ᠢ ᠲᠤᠶᠢᠯᠪᠤᠷᠢᠲᠠᠢ ᠰᠢᠢᠳᠪᠤᠷᠢᠯᠡᠵᠡᠢ᠃ ᠲᠤᠰᠬᠤᠨ ᠤ ᠳᠡᠰ ᠲᠤ᠂ ᠪᠢᠳᠡ ᠬᠡᠷᠡᠭ ᠶᠠᠪᠤᠳᠠᠯ ᠢ ᠲᠣᠬᠢᠷᠠᠭᠤᠯᠵᠤ ᠬᠠᠮᠢᠶᠠᠷᠬᠤ ᠭᠡᠰᠢᠭᠦᠨ ᠤ ᠵᠦᠪᠯᠡᠯ ᠢ ᠪᠠᠶᠢᠭᠤᠯᠵᠤ᠂ ᠲᠤᠰᠬᠤᠨ ᠤ ᠺᠠᠳ᠋ᠷ ᠪᠠ ᠠᠬᠠᠮᠠᠳ ᠺᠠᠳ᠋ᠷ᠂ ᠠᠬᠠᠮᠠᠳ ᠨᠠᠮ ᠤᠨ ᠭᠡᠰᠢᠭᠦᠨ  ᠂ ᠠᠬᠠᠮᠠᠳ ᠴᠡᠷᠢᠭ ᠠᠴᠠ ᠪᠠᠭᠤᠭᠰᠠᠳ᠂ ᠠᠬᠠᠮᠠᠳ ᠪᠠᠭᠰᠢ᠂ ᠠᠬᠠᠮᠠᠳ ᠵᠢᠱᠢᠶᠡᠴᠢ ᠪᠠᠷ ᠪᠦᠷᠢᠯᠳᠤᠵᠤ᠂ ᠣᠯᠠᠨ ᠲᠦᠮᠡᠨ ᠤ ᠬᠠᠵᠠᠭᠤ ᠳᠠᠬᠢ ᠤᠶᠢᠯᠡᠳᠪᠤᠷᠢᠯᠡᠯ ᠠᠮᠢᠳᠤᠷᠠᠯ ᠤᠨ ᠠᠰᠠᠭᠤᠳᠠᠯ ᠢ ᠡᠶᠡᠲᠡᠭᠦᠯᠬᠦ ᠶᠢ ᠬᠠᠷᠢᠭᠤᠴᠠᠨ᠎ᠠ᠃ ᠡᠨᠡ ᠪᠣᠯ ᠮᠠᠰᠢ ᠴᠢᠬᠤᠯᠠ᠂ ᠤᠴᠢᠷ ᠨᠢ ᠡᠳᠡᠭᠡᠷ ᠭᠡᠰᠢᠭᠦᠳ ᠪᠣᠯ ᠪᠦᠷ ᠵᠠᠬᠢᠳᠠᠯ ᠰᠣᠷᠪᠤᠯᠵᠢᠯᠠᠭ᠎ᠠ ᠬᠢᠬᠦ ᠣᠯᠠᠨ ᠲᠦᠮᠡᠨ ᠤ ᠣᠷᠴᠢᠮ ᠤᠨ ᠲᠦᠷᠤᠯ ᠰᠠᠲᠤᠨ᠂ ᠨᠠᠶᠢᠵᠠ ᠨᠦᠬᠦᠷ᠂ ᠲᠠᠨᠢᠯ ᠬᠦᠮᠦᠨ᠂ ᠵᠦᠷᠢᠴᠡᠯ ᠮᠦᠷᠭᠦᠯᠳᠤᠭᠡᠨ ᠤ ᠡᠭᠦᠰᠦᠭᠰᠡᠨ ᠰᠢᠯᠲᠠᠭᠠᠨ᠂ ᠠᠰᠠᠭᠤᠳᠠᠯ ᠤᠨ ᠮᠦᠨ ᠴᠢᠨᠠᠷ ᠪᠠ ᠪᠣᠲᠠᠲᠠᠢ ᠪᠠᠶᠢᠳᠠᠯ ᠢ ᠲᠡᠳᠡ ᠮᠠᠰᠢ ᠣᠶᠢᠯᠠᠭᠠᠨ᠎ᠠ  ᠂ ᠲᠦᠷᠭᠡᠨ ᠮᠦᠷᠲᠡᠭᠡᠨ ᠴᠠᠭ ᠲᠣᠬᠠᠢ ᠳᠤᠨᠢ ᠡᠶᠡᠲᠡᠭᠦᠯᠵᠦ ᠰᠢᠢᠳᠪᠤᠷᠢᠯᠡᠬᠦ ᠳᠤ ᠣᠷᠤᠯᠴᠠᠵᠤ᠂ ᠵᠦᠷᠢᠴᠡᠯ ᠮᠦᠷᠭᠦᠯᠳᠤᠭᠡᠨ ᠢ ᠴᠣᠬᠤᠶᠢᠬᠤ ᠪᠠᠶᠢᠳᠠᠯ ᠳᠤᠨᠢ ᠠᠮᠠᠷᠬᠠᠨ ᠦᠭᠡᠶᠢᠰᠭᠡᠨ᠎ᠡ᠃ ᠡᠨᠡ ᠶᠠᠩᠵᠤ ᠪᠠᠷ᠂ ᠭᠤᠷᠪᠠᠨ ᠳᠡᠰ ᠤᠨ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠵᠣᠬᠢᠴᠠᠮᠵᠢ ᠶᠢ ᠪᠠᠶᠢᠭᠤᠯᠬᠤ ᠪᠠ ᠲᠡᠭᠦᠯᠳᠡᠷᠵᠢᠭᠦᠯᠬᠦ ᠪᠠᠷ ᠳᠠᠮᠵᠢᠨ᠂ ︽ᠪᠠᠭ᠎ᠠ ᠬᠡᠷᠡᠭ ᠭᠠᠴᠠᠭ᠎ᠠ ᠲᠤᠰᠬᠤᠨ ᠠᠴᠠ ᠭᠠᠷᠬᠤ ᠦᠭᠡᠢ᠂ ᠶᠡᠭᠡ ᠬᠡᠷᠡᠭ ᠰᠣᠮᠣ ᠰᠢᠶᠠᠩ ᠪᠠᠯᠭᠠᠰᠤ ᠠᠴᠠ ᠭᠠᠷᠬᠤ ᠦᠭᠡᠢ᠂ ᠲᠦᠪᠡᠭᠲᠡᠢ ᠬᠡᠷᠡᠭ ᠬᠤᠰᠢᠭᠤᠨ ᠠᠴᠠ ᠭᠠᠷᠬᠤ ᠦᠭᠡᠢ᠂ ᠵᠦᠷᠢᠴᠡᠯ ᠮᠦᠷᠭᠦᠯᠳᠤᠭᠡᠨ ᠢ ᠳᠡᠭᠡᠭᠰᠢ ᠲᠤᠰᠢᠶᠠᠬᠤ ᠦᠭᠡᠢ︾ ᠬᠠᠷᠠᠯᠲᠠ ᠶᠢ ᠦᠨᠳᠤᠰᠤᠨ ᠳᠡᠭᠡᠨ ᠪᠡᠶᠡᠯᠡᠭᠦᠯᠪᠡ᠃ ᠣᠯᠠᠨ ᠠᠷᠪᠢᠨ ᠵᠠᠬᠢᠳᠠᠯ ᠰᠣᠷᠪᠤᠯᠵᠢᠯᠠᠭ᠎ᠠ ᠶᠢᠨ ᠵᠤᠶᠢᠯᠡᠰ ᠢ ᠲᠣᠬᠠᠢ ᠶᠢᠨ ᠭᠠᠵᠠᠷ ᠲᠤᠨᠢ ᠰᠢᠢᠳᠪᠤᠷᠢᠯᠡᠵᠦ᠂ 2013-2016 ᠣᠨ ᠤ ᠳᠡᠭᠡᠷ᠎ᠡ ᠬᠠᠭᠠᠰ ᠵᠢᠯ ᠳᠤ᠂ ᠬᠤᠰᠢᠭᠤ ᠰᠢᠶᠠᠩ ᠲᠤᠰᠬᠤᠨ ᠭᠤᠷᠪᠠᠨ ᠳᠡᠰ ᠵᠠᠬᠢᠳᠠᠯ ᠰᠣᠷᠪᠤᠯᠵᠢᠯᠠᠭ᠎ᠠ ᠶᠢᠨ ᠵᠤᠶᠢᠯᠡᠰ ᠢ ᠨᠡᠶᠢᠲᠡ 1200 ᠢᠯᠡᠭᠦᠦ ᠦᠭᠡᠶᠢᠰᠭᠡᠵᠦ᠂ ᠱᠠᠲᠤ ᠠᠯᠤᠰᠯᠠᠵᠤ ᠰᠣᠷᠪᠤᠯᠵᠢᠯᠠᠬᠤ ᠶᠡᠷᠤᠩᠬᠡᠢ ᠲᠤᠭ᠎ᠠ ᠠᠳᠠᠯᠢ ᠬᠤᠭᠤᠴᠠᠭᠠᠨ ᠠᠴᠠ 62% ᠢᠶᠠᠷ ᠳᠣᠷᠤᠭᠰᠢᠯᠠᠵᠤ᠂ ᠳᠠᠬᠢᠨ ᠳᠠᠪᠲᠠᠨ ᠰᠣᠷᠪᠤᠯᠵᠢᠯᠠᠬᠤ ᠶᠡᠷᠤᠩᠭᠡᠢ ᠲᠤᠭ᠎ᠠ ᠠᠳᠠᠯᠢ ᠬᠤᠭᠤᠴᠠᠭᠠᠨ ᠠᠴᠠ 78% ᠢᠶᠠᠷ ᠳᠣᠷᠤᠭᠰᠢᠯᠠᠵᠠᠢ᠃      ﹇ᠡᠷᠬᠢᠯᠡᠭᠴᠢ﹈      ᠭᠤᠷᠪᠠᠨ ᠱᠠᠲᠤᠨ ᠤ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠵᠣᠬᠢᠴᠠᠮᠵᠢ ᠶᠢ ᠤᠷᠲᠤᠳᠬᠠᠵᠤ ᠲᠤᠰᠬᠤᠨ  ᠤ ᠱᠠᠲᠤᠨ ᠳᠤ ᠬᠦᠷᠤᠭ᠍ᠰᠡᠨ ᠨᠢ ᠦᠨᠡᠬᠡᠷ ᠨᠢᠭᠡ ᠰᠢᠨ᠎ᠡ ᠶᠢ ᠡᠭᠦᠳᠦᠭᠰᠡᠨ ᠶᠠᠪᠤᠳᠠᠯ ᠪᠣᠯᠤᠨ᠎ᠠ᠂ ᠮᠦᠨᠴᠤ ᠪᠣᠲᠠᠲᠠᠢ  ᠲᠠᠢ ᠨᠡᠶᠢᠴᠡᠭᠰᠡᠨ ᠲᠤᠰᠠᠲᠠᠢ ᠶᠠᠪᠤᠳᠠᠯ ᠪᠣᠯᠤᠨ᠎ᠠ᠃ ᠪᠢ ᠨᠢᠭᠡᠨᠲᠡ ᠣᠯᠠᠨ ᠬᠤᠭᠤᠴᠠᠭᠠᠨ ᠤ ᠰᠣᠷᠪᠤᠯᠵᠢᠯᠠᠵᠤ ᠶᠠᠷᠢᠯᠴᠠᠬᠤ ᠶᠢ ᠬᠢᠭᠰᠡᠨ᠂ ᠪᠦᠭᠦᠳᠡᠭᠡᠷ ᠢᠶᠠᠨ ᠪᠦᠷ ᠨᠢᠭᠡ ᠬᠠᠮᠲᠤ ᠶᠢᠨ ᠲᠠᠨᠢᠯᠲᠠ ᠲᠠᠢ ᠶᠢ ᠰᠡᠷᠡᠵᠤ ᠮᠡᠳᠡᠪᠡ  ᠂ ᠲᠡᠷᠡ  ᠨᠢ ᠲᠠᠷᠤᠢ ︽ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠪᠣᠯ ᠪᠡᠷᠭᠡ ᠲᠦᠪᠡᠭᠲᠡᠢ᠂ ᠶᠡᠭᠡ ᠤᠳᠤᠷᠢᠳᠤᠯᠭ᠎ᠠ ᠭᠠᠷ ᠳᠦᠷᠤᠪᠡᠯ ᠬᠦᠴᠢᠷ ᠪᠢᠰᠢ︾  ᠨᠠᠨ ᠱᠦᠵᠢ ᠡᠨᠡ ᠠᠰᠠᠭᠤᠳᠠᠯ ᠢ ᠶᠠᠭᠠᠬᠢᠵᠤ ᠦᠵᠡᠵᠦ ᠪᠠᠶᠢᠬᠤ ᠶᠢ ᠮᠡᠳᠡᠬᠦ ᠦᠭᠡᠢ᠃      ﹇ᠨᠠᠨ ᠵᠸᠡ ᠬᠤ᠋﹈      ᠦᠨᠡᠭᠡᠷ ᠲᠡᠶᠢᠮᠦ ᠤᠴᠢᠷ᠂ ᠵᠠᠷᠢᠮ ᠠᠰᠠᠭᠤᠳᠠᠯ ᠢ ᠭᠤᠣᠯ ᠤᠳᠤᠷᠢᠳᠤᠯᠭ᠎ᠠ ᠴᠢᠬᠤᠯᠠᠴᠢᠯᠠᠪᠠᠯ᠂ ᠬᠤᠪᠢᠶᠠᠨ ᠬᠠᠮᠢᠶᠠᠷᠬᠤ ᠤᠳᠤᠷᠢᠳᠤᠯᠭ᠎ᠠ᠂ ᠰᠠᠯᠠᠭ᠎ᠠ ᠮᠦᠴᠢᠷ ᠮᠦᠨ ᠳᠠᠭᠠᠯᠳᠤᠨ ᠴᠢᠬᠤᠯᠠᠴᠢᠯᠠᠵᠤ᠂ ᠠᠰᠠᠭᠤᠳᠠᠯ ᠢ ᠬᠠᠷᠢᠴᠠᠩᠭᠤᠢ ᠨᠠᠷᠢᠨ ᠨᠢᠭᠲᠠ ᠲᠣᠬᠢᠷᠠᠭᠤᠯᠵᠤ᠂ ᠪᠣᠲᠠᠲᠠᠢ ᠰᠢᠢᠳᠪᠤᠷᠢᠯᠡᠨ᠎ᠡ᠃ ᠪᠠᠰᠠ ᠨᠢᠭᠡ ᠰᠢᠯᠲᠠᠭᠠᠨ ᠨᠢ ᠪᠣᠯ ᠵᠠᠬᠢᠳᠠᠯ ᠰᠣᠷᠪᠤᠯᠵᠢᠯᠠᠭ᠎ᠠ ᠬᠢᠬᠦ ᠬᠦᠮᠦᠨ ᠪᠣᠰᠤᠳ ᠬᠦᠮᠦᠨ ᠢ ᠢᠲᠡᠭᠡᠬᠦ ᠦᠭᠡᠢ᠂ ᠲᠡᠳᠡᠨ ᠤ ᠦᠵᠡᠬᠦ ᠪᠠᠷ ᠭᠠᠭᠴᠠ ︽ᠭᠤᠣᠯ ᠤᠳᠤᠷᠢᠳᠤᠯᠭ᠎ᠠ︾ ᠭᠠᠭᠴᠠ ᠬᠤᠰᠢᠭᠤᠨ ᠤᠳᠤᠷᠢᠳᠤᠯᠭ᠎ᠠ ᠰᠠᠶ᠋ᠢ ᠡᠵᠡᠨ ᠮᠡᠳᠡᠨ᠎ᠡ᠂ ᠵᠠᠬᠢᠳᠠᠯ ᠰᠣᠷᠪᠤᠯᠵᠢᠯᠠᠭ᠎ᠠ ᠶᠢᠨ ᠰᠠᠯᠠᠭ᠎ᠠ ᠮᠦᠴᠢᠷ ᠪᠠ ᠬᠤᠯᠪᠤᠭᠳᠠᠯ ᠪᠦᠬᠦᠢ ᠪᠠᠶᠢᠭᠤᠯᠤᠯᠭ᠎ᠠ ᠶᠢᠨ ᠬᠠᠷᠢᠭᠤᠴᠠᠯᠭᠠᠲᠠᠨ ᠠᠭᠤᠯᠵᠠᠬᠤ ᠦᠶ᠎ᠡ ᠳᠤ ᠵᠠᠷᠢᠮ ᠵᠠᠬᠢᠳᠠᠯ ᠰᠣᠷᠪᠤᠯᠵᠢᠯᠠᠭ᠎ᠠ ᠬᠢᠬᠦ ᠬᠦᠮᠦᠨ ᠣᠭᠲᠣ ᠶᠠᠷᠢᠯᠴᠠᠬᠤ ᠦᠭᠡᠢ᠃ ᠡᠨᠡ ᠨᠢ ᠮᠦᠨᠴᠤ ᠮᠠᠨ ᠤ ᠭᠤᠷᠪᠠᠳᠤᠭᠠᠷ ᠠᠷᠭ᠎ᠠ ᠬᠡᠮᠵᠢᠶ᠎ᠡ ᠪᠣᠯᠤᠨ᠎ᠠ᠂ ᠪᠢ ᠪᠣᠯᠤᠨ ᠬᠤᠰᠢᠭᠤᠨ ᠳᠠᠷᠤᠭ᠎ᠠ ᠳᠠᠭᠠᠭᠤᠯᠵᠤ᠂ ᠡᠯ᠎ᠡ ᠱᠠᠲᠤᠨ ᠤ ᠤᠳᠤᠷᠢᠳᠤᠯᠭ᠎ᠠ ᠡᠭᠡᠯᠵᠢᠯᠡᠨ ᠰᠣᠷᠪᠤᠯᠵᠢᠯᠠᠭ᠎ᠠ ᠶᠢ ᠬᠦᠯᠢᠶᠡᠨ ᠠᠪᠬᠤ ᠳᠦᠷᠢᠮ ᠢ ᠬᠡᠷᠡᠭᠵᠢᠭᠦᠯᠵᠦ ᠭᠤᠷᠪᠠᠨ ᠭᠤᠣᠯ ᠠᠷᠭ᠎ᠠ ᠬᠡᠯᠪᠡᠷᠢ ᠲᠠᠢ᠃ ᠨᠢᠭᠡᠳᠤᠭᠡᠷ ᠠᠷᠭ᠎ᠠ ᠬᠡᠯᠪᠡᠷᠢ ᠨᠢ ᠲᠣᠭᠲᠠᠭᠰᠠᠨ ᠬᠤᠭᠤᠴᠠᠭ᠎ᠠ ᠲᠠᠢ ᠰᠣᠷᠪᠤᠯᠵᠢᠯᠠᠭ᠎ᠠ ᠬᠦᠯᠢᠶᠡᠨ᠎ᠡ᠂ ᠡᠳᠦᠷ ᠪᠦᠷᠢ ᠨᠢᠭᠡ ᠨᠡᠷ᠎ᠡ ᠬᠤᠰᠢᠭᠤᠨ ᠳᠡᠰ ᠤᠨ ᠤᠳᠤᠷᠢᠳᠤᠯᠭ᠎ᠠ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠨ ᠠᠪᠬᠤ ᠲᠦᠪ ᠲᠤ ᠬᠦᠷᠴᠤ ᠡᠭᠡᠯᠵᠢᠯᠡᠨ ᠰᠣᠷᠪᠤᠯᠵᠢᠯᠠᠭ᠎ᠠ ᠬᠦᠯᠢᠶᠡᠨ ᠠᠪᠤᠨ᠎ᠠ᠂ ᠵᠠᠬᠢᠳᠠᠯ ᠰᠣᠷᠪᠤᠯᠵᠢᠯᠠᠭ᠎ᠠ ᠶᠢᠨ ᠰᠠᠯᠠᠭ᠎ᠠ ᠮᠦᠴᠷᠢ ᠵᠠᠬᠢᠳᠠᠯ ᠰᠣᠷᠪᠤᠯᠵᠢᠯᠠᠭ᠎ᠠ ᠬᠢᠬᠦ ᠣᠯᠠᠨ ᠲᠦᠮᠡᠨ ᠤ ᠲᠣᠭᠠᠴᠠᠯᠲᠠ ᠶᠢ ᠦᠨᠳᠤᠰᠤᠯᠡᠨ ᠵᠠᠷᠢᠮ ᠰᠢᠢᠳᠪᠤᠷᠢᠯᠡᠬᠦ ᠳᠤ ᠬᠦᠴᠢᠷ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠳᠤ᠂ ᠰᠣᠷᠪᠤᠯᠵᠢᠯᠠᠭ᠎ᠠ ᠶᠢ ᠬᠦᠯᠢᠶᠡᠨ ᠠᠪᠬᠤ ᠠᠴᠠ ᠡᠮᠦᠨ᠎ᠡ᠂ ᠤᠷᠢᠳᠠᠪᠠᠷ ᠬᠤᠯᠪᠤᠭᠳᠠᠯ ᠪᠦᠬᠦᠢ ᠪᠠᠶᠢᠳᠠᠯ ᠢ ᠬᠤᠪᠢᠶᠠᠨ ᠬᠠᠮᠢᠶᠠᠷᠬᠤ ᠤᠳᠤᠷᠢᠳᠤᠯᠭ᠎ᠠ ᠳᠤ ᠬᠠᠩᠭᠠᠨ ᠦᠭᠭᠦᠨ᠎ᠡ᠂ ᠢᠩᠬᠢᠪᠡᠯ ᠰᠢᠢᠳᠪᠤᠷᠢᠯᠡᠬᠦ ᠳᠤ ᠮᠠᠰᠢ ᠴᠢᠭᠯᠡᠯ ᠲᠠᠢ᠃ ᠪᠠᠰᠠ ᠨᠢᠭᠡ ᠵᠤᠶᠢᠯ ᠨᠢ ᠬᠦᠯᠢᠶᠡᠨ ᠠᠪᠤᠭᠰᠠᠨ ᠤᠳᠤᠷᠢᠳᠤᠯᠭ᠎ᠠ ᠨᠢ ᠬᠤᠪᠢᠶᠠᠨ ᠬᠠᠮᠢᠶᠠᠷᠬᠤ ᠦᠭᠡᠢ᠂ ᠪᠠᠰᠠ ᠲᠣᠬᠠᠢ ᠶᠢᠨ ᠭᠠᠵᠠᠷ ᠲᠤ ᠨᠢ ᠰᠢᠢᠳᠪᠤᠷᠢᠯᠡᠵᠦ ᠳᠡᠶᠢᠯᠬᠦ ᠦᠭᠡᠢ ᠬᠡᠷᠡᠭ ᠤᠴᠢᠷ ᠢ ᠨᠠᠷᠢᠨ ᠨᠢᠭᠲᠠ ᠲᠡᠮᠲᠡᠭᠯᠡᠵᠦ᠂ ᠬᠤᠪᠢᠶᠠᠨ ᠬᠠᠮᠢᠶᠠᠷᠬᠤ ᠤᠳᠤᠷᠢᠳᠤᠯᠭ᠎ᠠ ᠳᠤ ᠰᠢᠯᠵᠢᠭᠦᠯᠵᠦ ᠦᠭᠬᠦ ᠪᠣᠶᠣ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠬᠤᠯᠪᠤᠭᠠᠯᠠᠭᠰᠠᠨ ᠬᠤᠷᠠᠯ ᠳᠤ ᠲᠤᠰᠢᠶᠠᠵᠤ ᠰᠢᠢᠳᠪᠤᠷᠢᠯᠡᠨ᠎ᠡ᠃ ᠨᠦᠭᠦᠭᠡ ᠨᠢᠭᠡ ᠠᠷᠭ᠎ᠠ ᠬᠡᠯᠪᠡᠷᠢ ᠨᠢ ᠬᠦᠳᠡᠭᠡ ᠪᠠᠭᠤᠵᠤ ᠲᠣᠭᠤᠷᠢᠵᠤ ᠰᠣᠷᠪᠤᠯᠵᠢᠯᠠᠨ᠎ᠠ᠃ ᠮᠠᠨ ᠤ ᠬᠤᠰᠢᠭᠤᠨ ᠳᠡᠰ ᠤᠨ ᠤᠳᠤᠷᠢᠳᠤᠯᠭ᠎ᠠ ᠪᠦᠷᠢ ᠨᠢᠭᠡ ᠰᠣᠮᠣ ᠰᠢᠶᠠᠩ ᠪᠠᠯᠭᠠᠰᠤ ᠲᠠᠢ ᠬᠠᠷᠢᠯᠴᠠᠵᠤ᠂ ᠶᠠᠳᠠᠭᠤ ᠶᠢ ᠲᠡᠳᠭᠦᠵᠦ ᠪᠣᠭᠤᠮᠳᠠ ᠰᠢᠪᠲᠤᠯᠬᠤ᠂ ︽ᠠᠷᠪᠠ ᠶᠢ ᠪᠦᠷᠬᠦᠭᠦᠯᠬᠦ ︾ ᠢᠨᠵᠧᠨᠧᠷᠢᠩ ᠵᠡᠷᠭᠡ ᠠᠵᠢᠯ ᠢ ᠦᠷᠨᠢᠭᠦᠯᠬᠦ ᠲᠠᠢ ᠤᠶᠠᠯᠳᠤᠭᠤᠯᠵᠤ᠂ ᠡᠳᠡᠭᠡᠷ ᠬᠦᠮᠤᠰ ᠭᠤᠷᠪᠠᠨ ᠤ ᠨᠢᠭᠡ ᠬᠤᠪᠢ ᠴᠠᠭ ᠲᠤ ᠪᠦᠷ ᠰᠢᠶᠠᠩ ᠪᠠᠯᠭᠠᠰᠤ ᠪᠠ ᠭᠠᠴᠠᠭ᠎ᠠ ᠲᠤᠰᠬᠤᠨ ᠳᠤ ᠪᠠᠶᠢᠵᠤ ᠠᠷᠠᠳ ᠲᠦᠮᠡᠨ ᠲᠠᠢ ᠰᠢᠭᠤᠳ ᠨᠢᠭᠤᠷᠲᠡᠨ᠂ ᠣᠯᠠᠨ ᠲᠦᠮᠡᠨ ᠤ ᠲᠠᠭᠠᠷᠠᠯᠳᠤᠭᠰᠠᠨ ᠤᠶᠢᠯᠡᠳᠪᠤᠷᠢᠯᠡᠯ ᠠᠮᠢᠳᠤᠷᠠᠯ ᠤᠨ ᠠᠰᠠᠭᠤᠳᠠᠯ ᠢ ᠨᠢᠭᠤᠷ ᠳᠡᠭᠡᠷ᠎ᠡ  ᠨᠢ ᠡᠶᠡᠲᠡᠭᠦᠯᠵᠦ᠂ ᠶᠡᠭᠡ ᠬᠡᠮᠵᠢᠶᠡᠨ ᠤ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠦᠨᠳᠤᠰᠤᠨ ᠱᠠᠲᠤ ᠪᠠ ᠴᠣᠬᠤᠶᠢᠬᠤ ᠪᠠᠶᠢᠳᠠᠯ ᠳᠤᠨᠢ ᠰᠢᠢᠳᠪᠤᠷᠢᠯᠡᠪᠡ᠃      ﹇ᠨᠠᠨ ᠵᠸᠡ ᠬᠤ᠋﹈      ᠲᠡᠭᠡᠪᠡᠯ ᠪᠠᠰᠠ ᠨᠢᠭᠡ ᠵᠤᠶᠢᠯ ᠤᠨ ᠠᠷᠭ᠎ᠠ ᠬᠡᠯᠪᠡᠷᠢ ᠨᠢ ᠲᠣᠭᠤᠷᠢᠨ ᠰᠣᠷᠪᠤᠯᠵᠢᠯᠠᠭ᠎ᠠ ᠬᠦᠯᠢᠶᠡᠬᠦ ᠪᠣᠯᠤᠨ᠎ᠠ᠃ ᠪᠢᠳᠡ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠤᠳᠤᠷᠢᠳᠤᠯᠭ᠎ᠠ ᠪᠠ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠬᠤ ᠬᠦᠮᠦᠨ ᠢ ᠰᠤᠩᠭᠤᠨ ᠲᠣᠬᠢᠷᠠᠭᠤᠯᠵᠤ᠂ ︽ᠲᠣᠭᠤᠷᠢᠨ ᠶᠠᠪᠤᠵᠤ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠬᠦ ᠪᠦᠯᠬᠦᠮ︾ ᠢ ᠵᠣᠬᠢᠶᠠᠨ ᠪᠠᠶᠢᠭᠤᠯᠵᠤ᠂ ᠬᠠᠮᠢᠭ᠎ᠠ ᠠᠰᠠᠭᠤᠳᠠᠯ ᠲᠠᠢ ᠪᠣᠯ ᠬᠠᠮᠢᠭ᠎ᠠ ᠣᠴᠢᠵᠤ᠂ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠨ ᠠᠪᠬᠤ ᠲᠦᠪ ᠢ ᠬᠦᠳᠡᠭᠡ ᠲᠤᠰᠬᠤᠨ ᠳᠤ ︽ᠨᠡᠭᠦᠯᠭᠡᠵᠦ︾ ᠠᠪᠠᠴᠢᠪᠠ᠃ ᠵᠢᠱᠢᠶᠡᠯᠡᠪᠡᠯ  ᠄ 2014 ᠣᠨ ᠤ 4 ᠰᠠᠷ᠎ᠠ ᠳᠤ᠂ ᠨᠢᠭᠡ ᠤᠯᠤᠰ ᠤᠨ ᠮᠠᠯᠵᠢᠯ ᠤᠨ ᠲᠠᠯᠠᠪᠠᠢ ᠶᠢᠨ 70 ᠭᠠᠷᠤᠢ ᠣᠯᠠᠨ ᠲᠦᠮᠡᠨ ᠪᠠᠶᠢᠭᠠᠯᠢᠯᠢᠭ ᠬᠠᠳᠤᠯᠠᠩ ᠪᠡᠯᠴᠢᠭᠡᠷ ᠲᠤ ᠮᠠᠯ ᠮᠠᠯᠵᠢᠬᠤ ᠮᠦᠷᠭᠦᠯᠳᠤᠭᠡᠨ ᠤ ᠠᠰᠠᠭᠤᠳᠠᠯ ᠤᠨ ᠲᠦᠯᠦᠭᠡ᠂ 2 ᠲᠣᠮᠣ ᠠᠶᠠᠨᠴᠢᠳ ᠤᠨ ᠮᠠᠰᠢᠨ ᠳᠦᠷᠢᠶᠡᠰᠤᠯᠡᠵᠦ᠂ ᠬᠤᠰᠢᠭᠤᠨ ᠳᠤ ᠢᠷᠡᠵᠦ ᠳᠡᠭᠡᠭᠰᠢ ᠰᠣᠷᠪᠤᠯᠵᠢᠯᠠᠬᠤ ᠪᠠᠷ ᠪᠣᠯᠪᠠ᠃ ᠪᠢᠳᠡ ᠡᠨᠡᠬᠦ ᠪᠠᠶᠢᠳᠠᠯ ᠢ ᠣᠶᠢᠯᠠᠭᠠᠭᠰᠠᠨ ᠤ ᠰᠡᠭᠦᠯᠡᠷ ᠲᠦᠷ ᠬᠤᠯᠪᠤᠭᠠᠯᠠᠨ ᠰᠣᠷᠪᠤᠯᠵᠢᠯᠠᠭ᠎ᠠ ᠬᠦᠯᠢᠶᠡᠨ ᠠᠪᠴᠤ ᠲᠣᠭᠤᠷᠢᠬᠤ ᠪᠦᠯᠬᠦᠮ ᠢ ᠵᠣᠬᠢᠶᠠᠨ ᠪᠠᠶᠢᠭᠤᠯᠵᠤ ᠳᠣᠷᠤᠭᠰᠢ ᠰᠣᠷᠪᠤᠯᠵᠢᠯᠠᠭᠤᠯᠵᠤ ᠂ ᠲᠣᠬᠠᠢ ᠶᠢᠨ ᠭᠠᠵᠠᠷ ᠠᠵᠢᠯᠯᠠᠬᠤ᠂ ᠬᠤᠯᠪᠤᠭᠠᠯᠠᠨ ᠬᠦᠯᠢᠶᠡᠨ ᠠᠪᠬᠤ ᠶᠢ ᠶᠠᠪᠤᠭᠳᠠᠭᠤᠯᠵᠤ᠂  ᠣᠯᠠᠨ ᠲᠦᠮᠡᠨ ᠳᠤ ᠲᠦᠷᠤ ᠶᠢᠨ ᠪᠣᠳᠤᠯᠭ᠎ᠠ ᠶᠢ ᠲᠣᠳᠤᠷᠬᠠᠶᠢᠯᠠᠵᠤ᠂ ᠲᠣᠭᠠᠴᠠᠯᠲᠠ ᠶᠢ ᠳᠠᠷᠠᠭᠠᠯᠠᠨ ᠨᠠᠶᠢᠲᠠᠪᠤᠷᠢᠵᠢᠭᠤᠯᠵᠤ᠂ ᠠᠰᠠᠭᠤᠳᠠᠯ ᠢ ᠲᠣᠬᠠᠢ ᠶᠢᠨ ᠴᠠᠭ ᠲᠤ ᠰᠢᠢᠳᠪᠤᠷᠢᠯᠡᠵᠡᠢ᠃      ﹇ᠡᠷᠬᠢᠯᠡᠭᠴᠢ﹈      ᠢᠩᠭᠢᠬᠦ ᠨᠢ ᠤᠳᠤᠷᠢᠳᠤᠯᠭ᠎ᠠ ᠶᠢᠨ ᠵᠠᠬᠢᠳᠠᠯ ᠰᠣᠷᠪᠤᠯᠵᠢᠯᠠᠭ᠎ᠠ ᠶᠢᠨ ᠡᠭᠦᠳᠡ ᠨᠡᠭᠡᠭᠡᠭᠳᠡᠵᠦ᠂ ᠠᠷᠠᠳ ᠲᠦᠮᠡᠨ  ᠤ ᠲᠣᠭᠠᠴᠠᠯᠲᠠ ᠶᠢᠨ ᠠᠷᠭ᠎ᠠ ᠵᠠᠮ ᠨᠡᠪᠲᠡᠷᠡᠵᠦ᠂ ᠠᠷᠠᠳ ᠲᠦᠮᠡᠨ ᠤ ᠬᠡᠷᠡᠭ ᠢ ᠬᠠᠮᠢᠶᠠᠷᠬᠤ ᠬᠦᠮᠦᠨ ᠲᠠᠢ ᠪᠣᠯᠵᠤ᠂ ᠪᠠᠭ᠎ᠠ ᠠᠰᠠᠭᠤᠳᠠᠯ ᠶᠡᠭᠡ ᠠᠰᠠᠭᠤᠳᠠᠯ ᠪᠣᠯᠵᠤ ᠬᠤᠪᠢᠷᠠᠬᠤ ᠠᠴᠠ ᠵᠠᠶᠢᠯᠠᠵᠤ ᠴᠢᠳᠠᠨ᠎ᠠ᠃      ﹇ᠨᠠᠨ ᠵᠸᠡ ᠬᠤ᠋﹈      ᠦᠨᠡᠬᠡᠷ ᠲᠡᠶᠢᠮᠦ ᠡ᠂ ᠨᠢᠳᠦᠨᠤᠨ ᠠᠴᠠ ᠡᠬᠢᠯᠡᠭᠡᠳ ᠪᠢᠳᠡ ᠰᠢᠨ᠎ᠡ ᠲᠣᠷᠰᠢᠯᠲᠠ ᠶᠠᠪᠤᠭᠤᠯᠵᠤ᠂ ᠬᠠᠷᠠᠭᠠᠨ ᠳᠠᠪᠲᠠᠮᠵᠢ ᠶᠢᠨ ᠰᠣᠷᠪᠤᠯᠵᠢᠯᠠᠭ᠎ᠠ ᠶᠢ ᠬᠦᠯᠢᠶᠡᠨ ᠠᠪᠬᠤ ᠵᠠᠭᠪᠤᠷ ᠢ ᠬᠡᠷᠡᠭᠵᠢᠭᠦᠯᠪᠡ᠂ ᠡᠨᠡ ᠨᠢ ᠳᠠᠷᠤᠢ ᠳᠦᠷᠪᠡᠳᠤᠭᠡᠷ ᠠᠷᠭ᠎ᠠ ᠬᠡᠮᠵᠢᠶ᠎ᠡ ᠪᠣᠯᠤᠨ᠎ᠠ᠃ ᠴᠢᠮᠡᠭᠡ ᠵᠠᠩᠭᠢ ᠶᠢᠨ ᠴᠠᠭ ᠦᠶ᠎ᠡ ᠶᠢᠨ ᠬᠦᠭᠵᠢᠯᠲᠡ ᠳᠤ ᠵᠣᠬᠢᠴᠠᠭᠤᠯᠵᠤ᠂ ᠴᠢᠮᠡᠭᠡ ᠵᠠᠩᠭᠢ ᠣᠯᠠᠨ ᠲᠦᠮᠡᠨ ᠳᠤ ᠤᠶᠢᠯᠡᠴᠢᠯᠡᠬᠦ ᠬᠠᠮᠤᠭ ᠰᠡᠭᠦᠯᠴᠢ ᠶᠢᠨ ᠨᠢᠭᠡ ᠺᠢᠯᠤᠮᠧᠲᠷ ᠤᠨ ᠠᠰᠠᠭᠤᠳᠠᠯ ᠢ ᠰᠠᠶᠢᠳᠤᠷ ᠰᠢᠢᠳᠪᠤᠷᠢᠯᠡᠬᠦ ᠶᠢᠨ ᠲᠦᠯᠦᠭᠡ᠂ ᠪᠢᠳᠡ ᠰᠦᠯᠵᠢᠶ᠎ᠡ ᠬᠤᠯᠪᠤᠭᠠᠨ ᠤ ᠲᠠᠪᠴᠠᠩ ᠢ ᠲᠦᠰᠢᠭᠯᠡᠵᠦ᠂ ᠤᠷᠢᠳᠴᠢᠯᠠᠨ ᠭᠤᠶᠤᠴᠢᠯᠠᠬᠤ ᠬᠠᠷᠠᠭᠠᠨ ᠳᠠᠪᠲᠠᠮᠵᠢ ᠪᠠᠷ ᠶᠠᠷᠢᠯᠴᠠᠬᠤ᠂ ᠡᠯᠧᠺᠲᠷᠤᠨ ᠲᠡᠮᠲᠡᠭᠯᠡᠯ᠂ ᠪᠠᠷᠢᠮᠳᠠ ᠶᠢᠨ ᠦᠵᠡᠭᠦᠯᠦᠯᠭᠡ ᠵᠡᠷᠭᠡ ᠴᠢᠳᠠᠪᠬᠢ ᠲᠠᠢ ᠠᠯᠤᠰ ᠠᠴᠠ ᠬᠠᠷᠠᠭᠠᠨ ᠳᠠᠪᠲᠠᠮᠵᠢ ᠪᠠᠷ ᠬᠦᠯᠢᠶᠡᠨ ᠠᠪᠬᠤ ᠰᠢᠰᠲ᠋ᠧᠮ ᠢ ᠨᠡᠪᠲᠡᠷᠡᠭᠦᠯᠵᠦ᠂ ᠵᠠᠬᠢᠳᠠᠯ ᠰᠣᠷᠪᠤᠯᠵᠢᠯᠠᠭ᠎ᠠ ᠶᠢᠨ ᠣᠯᠠᠨ ᠲᠦᠮᠡᠨ ᠭᠠᠴᠠᠭ᠎ᠠ ᠲᠤᠰᠬᠤᠨ ᠤ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠦᠷᠲᠡᠭᠡ ᠶᠢᠨ ᠬᠠᠷᠠᠭᠠᠨ ᠳᠠᠪᠲᠠᠮᠵᠢ ᠶᠢᠨ ᠰᠢᠰᠲ᠋ᠧᠮ ᠢᠶᠠᠷ ᠳᠠᠮᠵᠢᠪᠠᠯ ᠳᠠᠷᠤᠢ ᠦᠵᠡᠭᠳᠡᠮᠡᠯ ᠬᠦᠯᠢᠶᠡᠨ ᠠᠪᠬᠤ ᠲᠦᠪ ᠲᠤ ᠤᠴᠠᠷᠠᠬᠤ ᠭᠡᠵᠤ ᠪᠣᠳᠤᠵᠤ ᠪᠠᠶᠢᠭᠰᠠᠨ ᠤᠳᠤᠷᠢᠳᠤᠯᠭ᠎ᠠ ᠪᠠ ᠬᠤᠯᠪᠤᠭᠳᠠᠯ ᠪᠦᠭᠦᠢ ᠰᠠᠯᠠᠭ᠎ᠠ ᠮᠦᠴᠢᠷ ᠤᠨ ᠬᠠᠷᠢᠭᠤᠴᠠᠬᠤ ᠬᠦᠮᠦᠨ ᠲᠠᠢ ᠤᠴᠠᠷᠠᠵᠤ᠂ ᠵᠠᠬᠢᠳᠠᠯ ᠰᠣᠷᠪᠤᠯᠵᠢᠯᠠᠭ᠎ᠠ ᠶᠢᠨ ᠣᠯᠠᠨ ᠲᠦᠮᠡᠨ ᠤ ᠲᠣᠭᠠᠴᠠᠯᠲᠠ ᠪᠠᠨ ᠢᠯᠡᠳᠭᠡᠬᠦ ᠳᠤ ᠳᠦᠭᠦᠮ ᠬᠠᠩᠭᠠᠵᠤ᠂ ᠣᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠬᠢᠬᠦ ᠦᠪᠡᠷ ᠤᠨ ᠦᠷᠳᠡᠭ ᠢ ᠪᠠᠭᠤᠷᠠᠭᠤᠯᠬᠤ ᠶᠢᠨ ᠵᠡᠷᠭᠡᠪᠡᠷ ᠱᠠᠲᠤ ᠠᠯᠤᠰᠯᠠᠬᠤ ᠰᠣᠷᠪᠤᠯᠵᠢᠯᠠᠭ᠎ᠠ ᠡᠭᠦᠰᠬᠦ ᠶᠢ ᠶᠡᠬᠡᠪᠡᠷ ᠪᠠᠭᠠᠰᠬᠠᠵᠠᠢ᠃      ﹇ᠡᠷᠬᠢᠯᠡᠭᠴᠢ﹈      ᠬᠠᠷᠠᠭᠠᠨ ᠳᠠᠪᠲᠠᠮᠵᠢ ᠪᠠᠷ ᠬᠦᠯᠢᠶᠡᠨ ᠠᠪᠬᠤ ᠨᠢ ᠨᠢᠭᠡ ᠰᠢᠨ᠎ᠡ ᠪᠠᠷ ᠡᠭᠦᠰᠦᠭᠰᠡᠨ ᠪᠣᠳᠠᠰ ᠪᠣᠯᠬᠤ ᠨᠢ ᠵᠣᠬᠢᠰᠲᠠᠢ᠂ ᠲᠡᠭᠡᠪᠡᠯ ᠲᠡᠭᠦᠨ ᠤ ᠠᠵᠢᠯᠯᠠᠬᠤ ᠳᠤᠮᠳᠠ ᠶᠠᠮᠠᠷ ᠣᠨᠴᠠᠭᠠᠢ ᠠᠵᠢᠯ ᠤᠨ ᠶᠠᠪᠤᠴᠠ ᠪᠠᠶᠢᠬᠤ ᠪᠣᠢ︖      ﹇ᠨᠠᠨ ᠵᠸᠡ ᠬᠤ᠋﹈      ᠡᠨᠡ ᠪᠣᠯ ᠭᠤᠣᠯ ᠨᠢ ᠲᠤᠰᠬᠤᠨ ᠤ ᠬᠡᠷᠡᠭ ᠶᠠᠪᠤᠳᠠᠯ ᠢ ᠲᠣᠬᠢᠷᠠᠭᠤᠯᠵᠤ ᠬᠠᠮᠢᠶᠠᠷᠬᠤ ᠵᠦᠪᠯᠡᠯ᠂ ᠬᠠᠷᠢᠶᠠᠨ  ᠳᠠᠬᠢ ᠣᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠶᠢᠨ ᠲᠣᠭᠠᠴᠠᠯᠲᠠ ᠶᠢ ᠦᠨᠳᠤᠰᠤᠯᠡᠨ᠂ ᠬᠤᠰᠢᠭᠤᠨ ᠤ ᠵᠠᠬᠢᠳᠠᠯ ᠰᠣᠷᠪᠤᠯᠵᠢᠯᠠᠭ᠎ᠠ ᠶᠢᠨ ᠰᠠᠯᠠᠭ᠎ᠠ ᠮᠦᠴᠢᠷ ᠲᠤ ᠪᠣᠯᠵᠤᠬᠤ ᠭᠤᠶᠤᠴᠢᠯᠠᠯ ᠢ ᠳᠤᠷᠠᠳᠴᠤ᠂ ᠵᠠᠬᠢᠳᠠᠯ ᠰᠣᠷᠪᠤᠯᠵᠢᠯᠠᠭ᠎ᠠ ᠶᠢᠨ ᠰᠠᠯᠠᠭ᠎ᠠ ᠮᠦᠴᠢᠷ ᠲᠣᠭᠠᠴᠠᠯᠲᠠ ᠶᠢᠨ ᠰᠢᠨᠵᠢ ᠴᠢᠨᠠᠷ ᠢ ᠦᠨᠳᠤᠰᠤᠯᠡᠨ᠂ ᠠᠳᠠᠯᠢ ᠪᠣᠰᠤ ᠠᠷᠭ᠎ᠠ ᠬᠡᠮᠵᠢᠶ᠎ᠡ ᠠᠪᠴᠤ ᠰᠢᠢᠳᠪᠤᠷᠢᠯᠡᠨ᠎ᠡ᠃ ᠨᠢᠭᠡ ᠳᠤ᠂ ᠲᠦᠷᠤ ᠶᠢᠨ ᠪᠣᠳᠤᠯᠭ᠎ᠠ ᠶᠢ ᠯᠠᠪᠯᠠᠨ ᠠᠰᠠᠭᠤᠬᠤ ᠠᠰᠠᠭᠤᠳᠠᠯ ᠳᠤ ᠂ ᠡᠷᠬᠡ ᠲᠤᠰᠢᠶᠠᠯ ᠤᠨ ᠰᠠᠯᠠᠭ᠎ᠠ ᠮᠦᠴᠢᠷ ᠢ ᠲᠣᠬᠢᠷᠠᠭᠤᠯᠵᠤ ᠬᠠᠷᠢᠭᠤᠯᠤᠨ᠎ᠠ᠃ ᠬᠤᠶᠠᠷ ᠲᠤ᠂ ᠳᠦᠭᠦᠮ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠳᠤ ᠲᠣᠬᠠᠢ ᠶᠢᠨ ᠭᠠᠵᠠᠷ ᠲᠤᠨᠢ ᠮᠠᠳᠠᠭ ᠲᠠᠶᠢᠯᠵᠤ ᠦᠭᠭᠦᠨ᠎ᠡ᠃ ᠭᠤᠷᠪᠠ ᠲᠤ᠂ ᠵᠠᠷᠢᠮ ᠪᠣᠳᠤᠯᠢᠶᠠᠨᠲᠠᠢ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠳᠤ ︽ᠵᠠᠬᠢᠳᠠᠯ ᠰᠣᠷᠪᠤᠯᠵᠢᠯᠠᠭ᠎ᠠ ᠶᠢᠨ ᠳᠦᠷᠢᠮ︾ ᠵᠡᠷᠭᠡ ᠬᠤᠯᠪᠤᠭᠳᠠᠯ ᠪᠦᠬᠦᠢ ᠲᠣᠭᠲᠠᠭᠠᠯ ᠶᠣᠰᠤᠭᠠᠷ᠂ ᠵᠠᠬᠢᠳᠠᠯ ᠰᠣᠷᠪᠤᠯᠵᠢᠯᠠᠭ᠎ᠠ ᠶᠢᠨ ᠶᠠᠪᠤᠴᠠ ᠶᠢ ᠣᠷᠤᠭᠤᠯᠵᠤ ᠰᠢᠢᠳᠪᠤᠷᠢᠯᠡᠨ᠎ᠡ᠃ ᠳᠥᠷᠪᠡ ᠳᠤ᠂ ᠵᠠᠬᠢᠳᠠᠯ ᠰᠣᠷᠪᠤᠯᠵᠢᠯᠠᠭ᠎ᠠ ᠬᠦᠯᠢᠶᠡᠨ ᠠᠪᠬᠤ ᠬᠡᠪᠴᠢᠶᠡᠨ ᠳᠤ ᠪᠠᠭᠲᠠᠬᠤ ᠦᠭᠡᠢ ᠠᠰᠠᠭᠤᠳᠠᠯ ᠳᠤ᠂ ᠢᠳᠡᠪᠬᠢᠲᠡᠢ ᠵᠢᠯᠤᠭᠤᠳᠴᠤ᠂ ᠠᠰᠠᠭᠤᠳᠠᠯ ᠢ ᠰᠢᠢᠳᠪᠤᠷᠢᠯᠡᠬᠦ ᠪᠣᠲᠠᠲᠠᠢ ᠠᠷᠭ᠎ᠠ ᠵᠠᠮ ᠢ ᠲᠣᠳᠤᠷᠬᠠᠢ ᠮᠡᠳᠡᠭᠦᠯᠦᠨ᠎ᠡ᠃ ᠪᠢᠳᠡ ᠡᠨᠡᠬᠦ ᠬᠠᠷᠠᠭᠠᠨ ᠳᠠᠪᠲᠠᠮᠵᠢ ᠶᠢᠨ ᠬᠦᠯᠢᠶᠡᠨ ᠠᠪᠬᠤ ᠰᠢᠰᠲ᠋ᠧᠮ ᠢ ᠬᠡᠷᠡᠭᠵᠢᠭᠦᠯᠦᠭᠰᠡᠨ ᠠᠴᠠ ᠨᠠᠰᠢ᠂ ᠨᠡᠶᠢᠲᠡ 600 ᠢᠯᠡᠭᠦᠦ ᠬᠦᠮᠦᠨ ᠤᠳᠠᠭ᠎ᠠ ᠵᠠᠬᠢᠳᠠᠯ ᠰᠣᠷᠪᠤᠯᠵᠢᠯᠠᠭ᠎ᠠ ᠶᠢᠨ ᠣᠯᠠᠨ ᠲᠦᠮᠡᠨ ᠢ ᠬᠦᠯᠢᠶᠡᠵᠦ᠂ ᠬᠤᠰᠢᠭᠤᠨ ᠠᠴᠠ ᠳᠡᠭᠡᠭᠰᠢ ᠰᠠᠯᠠᠭ᠎ᠠ ᠮᠦᠴᠢᠷ ᠲᠤ ᠬᠦᠷᠴᠤ ᠲᠣᠭᠤᠷᠢᠨ ᠰᠣᠷᠪᠤᠯᠵᠢᠯᠠᠬᠤ ᠵᠤᠶᠢᠯᠡᠰ ᠠᠳᠠᠯᠢ ᠬᠤᠭᠤᠴᠠᠭᠠᠨ ᠠᠴᠠ 32% ᠬᠠᠰᠤᠭᠳᠠᠵᠠᠢ᠃      ﹇ᠡᠷᠬᠢᠯᠡᠭᠴᠢ﹈      ᠬᠠᠷᠠᠭᠠᠨ ᠳᠠᠪᠲᠠᠮᠵᠢ ᠪᠠᠷ ᠰᠣᠷᠪᠤᠯᠵᠢᠯᠠᠭ᠎ᠠ ᠬᠦᠯᠢᠶᠡᠬᠦ ᠨᠢ ᠮᠦᠨᠴᠤ ᠣᠯᠠᠨ ᠲᠦᠮᠡᠨ ᠳᠤ ᠨᠢᠭᠡ ᠴᠣ ᠰᠢᠨ᠎ᠡ ᠲᠣᠭᠠᠴᠠᠯᠲᠠ ᠪᠠᠨ ᠢᠯᠡᠳᠭᠡᠬᠦ ᠲᠠᠪᠴᠠᠩ ᠢ ᠬᠠᠩᠭᠠᠨ ᠦᠭᠴᠦ᠂  ᠪᠢᠳᠡ ᠣᠳᠣ ᠪᠠᠷ ᠡᠷᠬᠢᠮᠯᠡᠵᠦ ᠪᠠᠶᠢᠭ᠎ᠠ ︽ᠢᠨᠲ᠋ᠧᠷᠨᠧᠲ ᠰᠦᠯᠵᠢᠶ᠎ᠡ + ᠵᠠᠬᠢᠳᠠᠯ ᠰᠣᠷᠪᠤᠯᠵᠢᠯᠠᠭ᠎ᠠ︾ ᠶᠢᠨ ᠨᠢᠭᠡ ᠵᠤᠶᠢᠯ ᠤᠨ ᠰᠠᠶᠢᠨ ᠠᠷᠭ᠎ᠠ ᠬᠡᠯᠪᠡᠷᠢ ᠪᠣᠯᠤᠨ᠎ᠠ᠃      ﹇ᠨᠠᠨ ᠵᠸᠡ ᠬᠤ᠋﹈      ᠲᠡᠶᠢᠮᠦ᠂ ︽ᠢᠨᠲ᠋ᠧᠷᠨᠧᠲ ᠰᠦᠯᠵᠢᠶ᠎ᠡ + ᠵᠠᠬᠢᠳᠠᠯ ᠰᠣᠷᠪᠤᠯᠵᠢᠯᠠᠭ᠎ᠠ︾ ᠶᠢᠨ ᠲᠠᠯ᠎ᠠ ᠪᠠᠷ᠂ ᠪᠢᠳᠡ ᠪᠠᠰᠠ ᠰᠦᠯᠵᠢᠶᠡᠨ ᠳᠡᠭᠡᠷ᠎ᠡ ᠵᠠᠬᠢᠳᠠᠯ ᠰᠣᠷᠪᠤᠯᠵᠢᠯᠠᠭ᠎ᠠ ᠬᠢᠬᠦ ᠲᠠᠪᠴᠠᠩ ᠪᠠ ᠸᠡᠶᠢᠴᠠᠲ ᠨᠡᠶᠢᠲᠡ ᠶᠢᠨ ᠨᠣᠮᠧᠷ ᠵᠡᠷᠭᠡ ᠰᠢᠨ᠎ᠡ ᠵᠠᠭᠤᠴᠢᠯᠠᠭᠤᠷ ᠢ ᠬᠡᠷᠡᠭᠵᠢᠭᠦᠯᠵᠦ᠂ ᠣᠯᠠᠨ ᠲᠦᠮᠡᠨ ᠡᠭᠦᠳᠡ ᠪᠠᠨ ᠭᠠᠷᠬᠤ ᠦᠭᠡᠢ ᠪᠠᠷ ᠲᠣᠭᠠᠴᠠᠯᠲᠠ ᠪᠠᠨ ᠳᠤᠷᠠᠳᠬᠤ ᠂ ᠳᠠᠭᠠᠬᠤ᠂ ᠪᠠᠶᠢᠴᠠᠭᠠᠨ ᠠᠰᠠᠭᠤᠬᠤ᠂ ᠦᠨᠡᠯᠡᠬᠦ᠂ ᠴᠠᠭ ᠳᠤᠨᠢ ᠬᠢᠨᠠᠨ‌ᠡᠵᠡᠮᠰᠢᠵᠤ ᠪᠣᠯᠤᠨ᠎ᠠ᠂ ᠢᠯᠡ ᠪᠣᠯᠬᠤ ᠬᠡᠮᠵᠢᠶ᠎ᠡ ᠶᠢ ᠨᠡᠮᠡᠭᠳᠡᠭᠦᠯᠵᠦ᠂ ᠪᠦᠬᠦ ᠬᠦᠴᠤᠨ ᠢᠶᠠᠷ ︽ᠢᠯᠡ ᠵᠠᠬᠢᠳᠠᠯ ᠰᠣᠷᠪᠤᠯᠵᠢᠯᠠᠭ᠎ᠠ︾ ᠶᠢ ᠪᠠᠶᠢᠭᠤᠯᠤᠨ᠎ᠠ᠃ ᠡᠨᠡ  ᠨᠢ ᠤᠯᠠᠮᠵᠢᠯᠠᠯᠳᠤ  ᠵᠠᠬᠢᠳᠠᠯ ᠰᠣᠷᠪᠤᠯᠵᠢᠯᠠᠭ᠎ᠠ ᠶᠢᠨ ᠠᠷᠭ᠎ᠠ ᠬᠡᠯᠪᠡᠷᠢ ᠠᠳᠠᠯᠢᠳᠬᠠᠵᠤ ᠪᠣᠯᠤᠰᠢ ᠦᠭᠡᠢ ᠶᠤᠮ᠃      ﹇ᠡᠷᠬᠢᠯᠡᠭᠴᠢ﹈      ᠡᠮᠦᠨ᠎ᠡ ᠪᠢᠳᠡ ᠭᠤᠣᠯ ᠨᠢ ᠬᠡᠷᠬᠢᠨ ᠰᠣᠷᠪᠤᠯᠵᠢᠯᠠᠭ᠎ᠠ ᠶᠢ ᠬᠦᠯᠢᠶᠡᠨ ᠠᠪᠬᠤ᠂ ᠬᠡᠷᠬᠢᠨ ᠠᠰᠠᠭᠤᠳᠠᠯ ᠢ ᠰᠢᠢᠳᠪᠤᠷᠢᠯᠡᠬᠦ ᠶᠢ ᠶᠠᠷᠢᠵᠠᠢ᠂  ᠡᠳᠡᠭᠡᠷ ᠢ ᠦᠩᠭᠡᠨ ᠠᠴᠠ ᠨᠢ ᠵᠠᠰᠠᠵᠠᠢ ᠭᠡᠵᠤ ᠬᠡᠯᠡᠵᠤ ᠪᠣᠯᠤᠨ᠎ᠠ᠂ ᠲᠡᠭᠡᠪᠡᠯ ᠬᠡᠷᠬᠢᠨ ᠡᠬᠢ ᠠᠴᠠ ᠨᠢ ᠠᠰᠠᠭᠤᠳᠠᠯ ᠢ ᠰᠢᠢᠳᠪᠤᠷᠢᠯᠡᠬᠦ ᠪᠣᠢ︖      ﹇ᠨᠠᠨ ᠵᠸᠡ ᠬᠤ᠋﹈      ᠡᠷᠬᠢᠯᠡᠭᠴᠢ ᠶᠢᠨ ᠠᠰᠠᠭᠤᠭᠰᠠᠨ ᠮᠠᠰᠢ ᠰᠠᠶᠢᠨ᠂ ᠮᠠᠨ ᠤ ᠮᠡᠳᠡᠬᠦ ᠪᠠᠷ ᠠᠰᠠᠭᠤᠳᠠᠯ ᠡᠭᠦᠰᠦᠭᠰᠡᠨ ᠤ ᠳᠠᠷᠠᠭ᠎ᠠ ᠰᠠᠶ᠋ᠢ ᠰᠢᠢᠳᠪᠤᠷᠢᠯᠡᠬᠦ ᠨᠢ ᠮᠠᠰᠢ ᠬᠦᠳᠡᠯᠤᠩᠬᠦᠢ᠂ ᠦᠩᠭᠡᠨ ᠠᠴᠠ ᠨᠢ ᠵᠠᠰᠠᠬᠤ ᠠᠴᠠ ᠪᠢᠰᠢ ᠦᠨᠳᠤᠰᠤ ᠠᠴᠠ ᠨᠢ ᠵᠠᠰᠠᠵᠤ ᠳᠡᠶᠢᠯᠬᠦ ᠦᠭᠡᠢ᠂ ︽ᠡᠭᠦᠰᠬᠦ ᠠᠴᠠ ᠡᠮᠦᠨ᠎ᠡ ᠵᠠᠰᠠᠬᠤ︾ ᠶᠢ ᠪᠡᠶᠡᠯᠡᠭᠦᠯᠬᠦ ᠭᠡᠪᠡᠯ ᠵᠠᠪᠠᠯ ᠤᠯᠠᠮ ᠢᠳᠡᠪᠬᠢᠲᠡᠢ᠂ ᠤᠯᠠᠮ ᠰᠠᠨᠠᠭᠠᠴᠢᠯᠠᠭ᠎ᠠ ᠲᠠᠢ ᠠᠵᠢᠯ ᠢᠶᠠᠷ ᠳᠠᠮᠵᠢᠵᠤ᠂ ᠣᠯᠠᠨ ᠲᠦᠮᠡᠨ ᠤ ᠶᠣᠰᠤᠨ ᠳᠤ ᠨᠡᠶᠢᠴᠡᠭᠰᠡᠨ ᠲᠣᠭᠠᠴᠠᠯᠲᠠ ᠶᠢ ᠴᠢᠳᠠᠬᠤ ᠶᠢᠨ ᠬᠢᠷᠢ ᠪᠠᠷ ᠬᠠᠩᠭᠠᠵᠤ᠂ ᠵᠠᠬᠢᠳᠠᠯ ᠰᠣᠷᠪᠤᠯᠵᠢᠯᠠᠭ᠎ᠠ ᠶᠢᠨ ᠬᠡᠷᠡᠭ ᠡᠭᠦᠰᠬᠦ ᠶᠢ ᠦᠨᠳᠤᠰᠤᠨ ᠠᠴᠠ ᠨᠢ ᠰᠡᠷᠭᠡᠶᠢᠯᠡᠬᠦ ᠪᠣᠶᠣ ᠪᠠᠭᠠᠰᠬᠠᠨ᠎ᠠ᠃      ﹇ᠡᠷᠬᠢᠯᠡᠭᠴᠢ﹈      ᠲᠡᠭᠡᠪᠡᠯ ᠣᠩᠨᠢᠭᠤᠳ ᠬᠤᠰᠢᠭᠤ ᠪᠣᠲᠠᠲᠠᠢ ᠶᠠᠭᠠᠬᠢᠵᠤ ᠬᠢᠭᠰᠡᠨ ᠪᠣᠢ︖      ﹇ᠨᠠᠨ ᠵᠸᠡ ᠬᠤ᠋﹈      ᠮᠠᠨ ᠤ ᠮᠡᠳᠡᠬᠦ ᠪᠠᠷ ᠣᠯᠠᠨ ᠲᠦᠮᠡᠨ ᠤ ᠣᠯᠠᠩᠬᠢ ᠬᠠᠨᠤᠮᠵᠢ ᠦᠭᠡᠢ ᠪᠠᠶᠢᠬᠤ ᠨᠢ ᠭᠤᠣᠯ ᠨᠢ ᠲᠡᠭᠰᠢ ᠪᠣᠰᠤ ᠬᠠᠷᠠᠭᠠᠯᠵᠠᠯ ᠢ ᠰᠡᠷᠡᠵᠤ ᠮᠡᠳᠡᠭᠰᠡᠨ ᠠᠴᠠ ᠪᠣᠯᠵᠠᠢ᠃ ᠡᠶᠢᠮᠦ ᠠᠴᠠ ᠪᠢᠳᠡ ᠡᠷᠬᠡ ᠲᠡᠭᠰᠢ ᠶᠢᠨ ᠠᠰᠠᠭᠤᠳᠠᠯ ᠢ ᠰᠢᠢᠳᠪᠤᠷᠢᠯᠡᠬᠦ ᠠᠴᠠ ᠡᠬᠢᠯᠡᠨ᠎ᠡ᠃ ᠣᠩᠨᠢᠭᠤᠳ ᠬᠤᠰᠢᠭᠤ 1261 ᠡᠩ ᠤᠨ ᠲᠤᠰᠬᠤᠨ᠂ 42 ᠲᠦᠮᠡᠨ ᠮᠠᠯᠴᠢᠨ ᠲᠠᠷᠢᠶᠠᠴᠢᠨ ᠲᠠᠢ᠂ ᠪᠦᠬᠦ ᠬᠤᠰᠢᠭᠤᠨ ᠤ ᠶᠡᠷᠤᠩᠭᠡᠢ ᠬᠦᠮᠦᠨ ᠠᠮᠠ ᠶᠢᠨ ᠣᠯᠠᠩᠬᠢ ᠶᠢ ᠡᠵᠡᠯᠡᠨ᠎ᠡ᠃ ᠡᠳᠡᠭᠡᠷ ᠬᠦᠮᠤᠰ ᠤᠨ ᠤᠶᠢᠯᠡᠳᠪᠦᠷᠢᠯᠡᠯ ᠠᠮᠢᠳᠤᠷᠠᠯ ᠤᠨ ᠠᠰᠠᠭᠤᠳᠠᠯ ᠢ ᠰᠠᠶᠢᠳᠤᠷ ᠰᠢᠢᠳᠪᠤᠷᠢᠯᠡᠬᠦ ᠦᠭᠡᠢ ᠪᠣᠯ ᠬᠦᠳᠡᠭᠡ ᠲᠤᠰᠬᠤᠨ ᠮᠠᠯᠵᠢᠬᠤ ᠣᠷᠤᠨ ᠤ ᠲᠣᠭᠲᠠᠭᠤᠨ ᠢ ᠪᠠᠲᠤᠯᠠᠬᠤ ᠶᠢᠨ ᠠᠷᠭ᠎ᠠ ᠦᠭᠡᠢ᠂ ᠪᠢᠳᠡ ᠭᠤᠣᠯ ᠨᠢ ᠦᠪᠡᠷᠲᠡᠭᠡᠨ ᠵᠠᠰᠠᠬᠤ ᠣᠷᠤᠨ ᠤ ᠪᠠᠶᠢᠷᠢᠯᠠᠭᠤᠯᠵᠤ ᠬᠡᠷᠡᠭᠵᠢᠭᠦᠯᠦᠭᠰᠡᠨ ᠬᠦᠳᠡᠭᠡ ᠲᠤᠰᠬᠤᠨ ᠮᠠᠯᠵᠢᠬᠤ ᠣᠷᠤᠨ ᠤ ︽ᠠᠷᠪᠠ ᠶᠢ ᠪᠦᠷᠬᠦᠬᠦᠯᠬᠦ︾ ᠢᠨᠵᠧᠨᠧᠷᠢᠩ᠂ ᠬᠦᠳᠡᠭᠡ ᠲᠤᠰᠬᠤᠨ ᠮᠠᠯᠵᠢᠬᠤ ᠣᠷᠤᠨ ᠤ ᠦᠨᠳᠤᠰᠤᠨ ᠨᠡᠶᠢᠲᠡ ᠶᠢᠨ ᠤᠶᠢᠯᠡᠴᠢᠯᠡᠭᠡᠨ ᠤ ᠬᠦᠷᠤᠯᠴᠡᠬᠦ ᠦᠭᠡᠢ ᠲᠠᠯ᠎ᠠ ᠶᠢ ᠨᠦᠬᠦᠬᠦ ᠪᠠᠷ ᠳᠠᠮᠵᠢᠵᠤ᠂ ᠮᠠᠯᠴᠢᠨ ᠲᠠᠷᠢᠶᠠᠴᠢᠳ ᠳᠤ ᠬᠤᠲᠠ ᠶᠢᠨ ᠰᠠᠭᠤᠭᠠᠯᠢ ᠠᠷᠠᠳ ᠲᠠᠢ ᠬᠢᠷᠢ ᠵᠡᠷᠭᠡ ᠨᠡᠶᠢᠲᠡ ᠶᠢᠨ ᠤᠶᠢᠯᠡᠴᠢᠯᠡᠭᠡ ᠶᠢ ᠬᠦᠷᠲᠡᠭᠡᠨ᠎ᠡ᠃ ᠪᠢᠳᠡ 2014 ᠣᠨ ᠪᠠ 2015 ᠣᠨ ᠳᠤ 17.7 ᠳ᠋ᠦᠩᠰᠢᠭᠤᠷ ᠲᠦᠭᠦᠷᠢᠭ ᠣᠷᠤᠭᠤᠯᠵᠤ᠂ ᠡᠨᠡ ᠵᠢᠯ ᠪᠠᠰᠠ 40 ᠭᠠᠷᠤᠢ ᠳ᠋ᠦᠩᠰᠢᠭᠤᠷ ᠲᠦᠭᠦᠷᠢᠭ ᠣᠷᠤᠭᠤᠯᠵᠤ᠂ ᠨᠡᠶᠢᠲᠡ 1045 ᠪᠠᠶᠢᠭᠠᠯᠢᠯᠢᠭ ᠲᠤᠰᠬᠤᠨ ᠳᠤ ᠬᠡᠷᠡᠭᠵᠢᠭᠦᠯᠵᠦ᠂ ᠪᠦᠷᠬᠦᠭᠦᠯᠦᠭᠰᠡᠨ ᠡᠷᠤᠬᠡ ᠶᠢᠨ ᠲᠤᠭ᠎ᠠ ᠪᠠ ᠬᠦᠮᠦᠨ ᠤ ᠲᠤᠭ᠎ᠠ ᠪᠦᠷ 94% ᠢ ᠳᠠᠪᠠᠵᠠᠢ᠃ ᠣᠷᠤᠨ ᠰᠢᠯᠵᠢᠭᠦᠯᠵᠦ ᠶᠠᠳᠠᠭᠤ ᠶᠢ ᠲᠡᠳᠭᠦᠬᠦ ᠪᠠᠷ ᠲᠦᠯᠦᠪᠯᠡᠭᠰᠡᠨ 12 ᠲᠤᠰᠬᠤᠨ ᠠᠴᠠ ᠪᠣᠰᠤᠳ 201 ᠲᠤᠰᠬᠤᠨ᠂ ᠡᠨᠡ ᠵᠢᠯ ᠡᠮᠦᠨᠡᠬᠢ ᠰᠠᠭᠤᠷᠢ ᠠᠵᠢᠯ ᠢ ᠰᠠᠶᠢᠳᠤᠷ ᠬᠢᠵᠤ᠂ ᠳᠠᠷᠠᠭ᠎ᠠ ᠵᠢᠯ ᠪᠦᠬᠦᠨ ᠢ ᠬᠡᠷᠡᠭᠵᠢᠭᠦᠯᠦᠨ᠎ᠡ᠃      ﹇ᠨᠠᠨ ᠵᠸᠡ ᠬᠤ᠋﹈      ᠢᠩᠬᠢᠵᠤ ᠬᠡᠯᠡᠪᠡᠯ ᠨᠡᠯᠢᠶᠡᠳ ᠬᠡᠶᠢᠰᠪᠦᠷᠢ᠂ ᠪᠢ ᠬᠡᠳᠤᠨ ᠵᠢᠱᠢᠶ᠎ᠡ ᠲᠠᠲᠠᠶ᠎ᠠ᠃ ᠵᠢᠱᠢᠶᠡᠯᠡᠪᠡᠯ᠄ ᠡᠨᠡ ᠵᠢᠯ ᠪᠦᠬᠦ ᠬᠤᠰᠢᠭᠤ 3261 ᠺᠢᠯᠤᠮᠧᠲᠷ ᠲᠤᠰᠬᠤᠨ ᠳᠤ ᠨᠡᠪᠲᠡᠷᠡᠬᠦ ᠵᠠᠮ ᠪᠠ ᠵᠡᠭᠡᠯᠢ ᠭᠤᠲᠤᠮᠵᠢ ᠶᠢ ᠬᠠᠲᠠᠷᠠᠭᠤᠯᠬᠤ ᠶᠢ ᠰᠢᠨ᠎ᠡ ᠪᠠᠷ ᠵᠠᠰᠠᠵᠠᠢ᠂ ᠡᠨᠡ ᠨᠢ ᠶᠠᠮᠠᠷ ᠤᠬᠠᠭᠳᠠᠬᠤᠨ ᠪᠣᠢ︖ ᠦᠨᠳᠤᠰᠤᠨ ᠳᠡᠭᠡᠨ ᠤᠯᠤᠰ ᠪᠠᠶᠢᠭᠤᠯᠤᠭᠳᠠᠭᠰᠠᠨ ᠠᠴᠠ ᠨᠠᠰᠢ ᠪᠦᠬᠦ ᠬᠤᠰᠢᠭᠤᠨ ᠤ ᠵᠠᠰᠠᠭᠰᠠᠨ ᠵᠠᠰᠠᠮᠠᠯ ᠵᠠᠮ ᠤᠨ ᠶᠡᠷᠤᠩᠭᠡᠢ ᠲᠤᠭ᠎ᠠ ᠲᠠᠢ ᠲᠡᠩᠴᠡᠨ᠎ᠡ᠂ ᠪᠦᠬᠦ ᠬᠠᠷ᠎ᠠ ᠦᠩᠭᠡᠳᠤ ᠵᠠᠮ ᠤᠨ ᠨᠢᠭᠤᠷ ᠤᠨ ᠬᠤᠶᠠᠷ ᠳᠠᠬᠢᠨ᠃ ᠳᠠᠬᠢᠭᠠᠳ ᠵᠢᠱᠢᠶᠡᠯᠡᠪᠡᠯ᠄ ᠡᠨᠡ ᠵᠢᠯ ᠨᠢᠭᠡ ᠯᠠ ᠤᠳᠠᠭ᠎ᠠ ᠳᠤ ᠪᠦᠬᠦ ᠬᠤᠰᠢᠭᠤᠨ ᠤ ᠬᠦᠳᠡᠭᠡ ᠲᠤᠰᠬᠤᠨ ᠮᠠᠯᠵᠢᠬᠤ ᠣᠷᠤᠨ ᠤ 3.2 ᠲᠦᠮᠡᠨ ᠡᠷᠤᠬᠡ ᠠᠶᠤᠯᠲᠠᠢ ᠭᠡᠷ ᠢ ᠪᠦᠭᠦᠨ ᠢ ᠦᠭᠡᠷᠡᠴᠢᠯᠡᠨ ᠳᠠᠭᠤᠰᠬᠠᠵᠤ᠂ 2.6 ᠲᠦᠮᠡᠨ ᠡᠷᠤᠬᠡ C ᠳᠡᠰ ᠤᠨ ᠠᠶᠤᠯᠲᠠᠢ ᠭᠡᠷ ᠢ ᠰᠡᠯᠪᠢᠨ ᠵᠠᠰᠠᠵᠤ᠂ 8000 ᠢᠯᠡᠭᠦᠦ ᠡᠷᠤᠬᠡ D ᠳᠡᠰ ᠤᠨ ᠠᠶᠤᠯᠲᠠᠢ ᠭᠡᠷ ᠢ ᠲᠦᠯᠬᠢᠨ ᠤᠨᠠᠭᠠᠵᠤ ᠳᠠᠬᠢᠨ ᠪᠠᠷᠢᠪᠠ ᠃ ᠪᠠᠰᠠ ᠵᠢᠱᠢᠶᠡᠯᠡᠪᠡᠯ᠄ ᠪᠢᠳᠡ ᠲᠤᠰᠬᠤᠨ ᠤ ᠣᠷᠴᠢᠨ ᠲᠣᠭᠤᠷᠢᠨ ᠢ ᠪᠦᠷᠢᠮᠦᠰᠦᠨ ᠲᠢᠭᠯᠡᠨ ᠵᠠᠰᠠᠵᠤ᠂ ᠤᠯᠤᠰ ᠪᠠᠶᠢᠭᠤᠯᠤᠭᠳᠠᠭᠰᠠᠨ ᠠᠴᠠ ᠨᠠᠰᠢ ᠤᠷᠢᠳ ᠬᠤᠵᠢᠳ ᠴᠡᠪᠡᠷᠯᠡᠭᠡ ᠦᠭᠡᠢ ᠬᠤᠭ ᠨᠣᠪᠰᠢ ᠶᠢ ᠨᠢᠭᠡ ᠯᠠ ᠤᠳᠠᠭ᠎ᠠ ᠳᠤ ᠠᠷᠢᠯᠭᠠᠵᠤ᠂ ᠪᠦᠬᠦ ᠬᠤᠰᠢᠭᠤ ᠪᠠᠷᠤᠭ 657 ᠲᠦᠮᠡᠨ ᠺᠦᠪ ᠮᠧᠲᠷ ᠬᠤᠭ ᠨᠣᠪᠰᠢ ᠶᠢ ᠠᠷᠢᠯᠭᠠᠪᠠ᠃ ᠬᠦᠳᠡᠭᠡ ᠲᠤᠰᠬᠤᠨ ᠮᠠᠯᠵᠢᠬᠤ ᠣᠷᠤᠨ ᠤ ᠤᠤᠭᠤᠬᠤ ᠤᠰᠤᠨ ᠤ ᠠᠮᠤᠷ ᠲᠦᠪᠰᠢᠨ᠂ ᠴᠠᠬᠢᠯᠭᠠᠨ᠂ ᠡᠷᠡᠭᠦᠯ ᠬᠠᠮᠠᠭᠠᠯᠠᠯ ᠤᠨ ᠭᠡᠷ᠂ ᠰᠣᠶᠣᠯ ᠤᠨ ᠭᠡᠷ᠂ ᠰᠤᠷᠭᠠᠭᠤᠯᠢ ᠵᠡᠷᠭᠡ ᠲᠠᠯ᠎ᠠ ᠪᠠᠷ ᠨᠢᠭᠡᠨᠲᠡ ᠪᠦᠬᠦᠨ ᠢ ᠪᠦᠷᠬᠦᠭᠦᠯᠪᠡ᠃ ᠮᠠᠨ ᠤ ᠦᠵᠡᠬᠦ ᠪᠠᠷ᠂ ᠬᠦᠳᠡᠭᠡ ᠲᠤᠰᠬᠤᠨ ᠮᠠᠯᠵᠢᠬᠤ ᠣᠷᠤᠨ ᠤ ᠡᠨᠡᠬᠦ ᠰᠠᠭᠤᠷᠢ ᠶᠢ ᠪᠠᠲᠤ ᠪᠣᠯᠭᠠᠵᠤ᠂ ᠮᠠᠯᠴᠢᠨ ᠲᠠᠷᠢᠶᠠᠴᠢᠳ ᠢ ᠤᠯᠠᠮ ᠢᠯᠡᠭᠦᠦ ᠣᠯᠤᠯᠲᠠ ᠶᠢᠨ ᠰᠡᠷᠡᠯ ᠲᠠᠢ ᠪᠣᠯᠭᠠᠵᠤ᠂ ᠶᠠᠪᠤᠳᠠᠯ ᠪᠦᠷᠢ ᠰᠠᠨᠠᠭᠠᠨ ᠳᠤᠨᠢ ᠲᠠᠭᠠᠷᠠᠵᠤ ᠬᠠᠩᠭᠠᠮᠵᠢᠲᠠᠢ ᠪᠠᠶᠢᠪᠠᠯ᠂ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠡᠭᠦᠰᠬᠦ ᠤᠳᠠᠭ᠎ᠠ ᠪᠠᠭᠠᠰᠬᠤ ᠨᠢ ᠯᠠᠪᠲᠠᠢ᠃      ﹇ᠡᠷᠬᠢᠯᠡᠭᠴᠢ﹈      ᠡᠨᠡ ᠨᠢ ᠦᠨᠡᠭᠡᠷ ᠦᠨᠳᠤᠰᠤ ᠶᠢ ᠨᠢ ᠵᠠᠰᠠᠬᠤ ᠠᠷᠭ᠎ᠠ ᠪᠣᠯᠤᠨ᠎ᠠ᠃      ﹇ᠨᠠᠨ ᠵᠸᠡ ᠬᠤ᠋﹈      ᠲᠡᠶᠢᠮᠦ ᠡ᠂ ᠮᠠᠨ ᠤ ᠬᠤᠶᠠᠳᠤᠭᠠᠷ ᠠᠷᠭ᠎ᠠ ᠪᠠᠷᠢᠯ ᠪᠣᠯ ᠳᠠᠷᠤᠢ ᠰᠢ ᠶᠢᠨ ᠫᠢᠩ ᠶᠡᠷᠤᠩᠭᠡᠢ ᠱᠦᠵᠢ ᠶᠢᠨ ᠣᠨᠢᠨ ᠳᠡᠭᠡᠷ᠎ᠡ ᠨᠢ ᠶᠠᠳᠠᠭᠤ ᠶᠢ ᠲᠡᠳᠭᠦᠬᠦ᠂ ᠣᠨᠢᠨ ᠳᠡᠭᠡᠷ᠎ᠡ ᠨᠢ ᠶᠠᠳᠠᠭᠤ ᠠᠴᠠ ᠠᠩᠬᠢᠵᠢᠷᠠᠭᠤᠯᠬᠤ ᠦᠨᠳᠤᠰᠤᠨ ᠠᠷᠭ᠎ᠠ ᠪᠣᠳᠤᠯᠭ᠎ᠠ ᠶᠢ ᠬᠢᠨᠠᠮᠠᠭᠠᠢ ᠨᠠᠶᠢᠲᠠᠪᠤᠷᠢᠵᠢᠭᠤᠯᠵᠤ᠂ ᠶᠠᠳᠠᠭᠤ ᠠᠴᠠ ᠠᠩᠬᠢᠵᠢᠷᠠᠬᠤ ᠪᠣᠭᠤᠮᠳᠠ ᠰᠢᠪᠲᠤᠯᠬᠤ ᠪᠠᠶᠢᠯᠳᠤᠭᠠᠨ ᠢ ᠰᠠᠶᠢᠳᠤᠷ ᠬᠢᠵᠤ᠂ ᠨᠢᠭᠡ ᠶᠠᠳᠠᠭᠤ ᠬᠦᠮᠦᠨ ᠠᠮᠠ ᠶᠢ ᠴᠦ ᠪᠠᠶᠠᠵᠢᠯ ᠤᠨ ᠵᠠᠮ ᠠᠴᠠ ᠬᠤᠴᠤᠷᠠᠭᠤᠯᠬᠤ ᠦᠭᠡᠢ᠃ ᠣᠩᠨᠢᠭᠤᠳ ᠬᠤᠰᠢᠭᠤ ᠪᠣᠯ ᠤᠯᠤᠰ ᠤᠨ ᠳᠡᠰ ᠤᠨ ᠶᠠᠳᠠᠭᠤ ᠶᠢ ᠲᠡᠳᠭᠦᠬᠦ ᠠᠵᠢᠯ ᠤᠨ ᠭᠤᠣᠯᠳᠠᠯᠭ᠎ᠠ ᠲᠠᠢ ᠬᠤᠰᠢᠭᠤ ᠰᠢᠶᠠᠨ ᠮᠦᠨ᠂ 2013 ᠣᠨ ᠤ ᠰᠡᠭᠦᠯᠴᠢ ᠪᠣᠯᠲᠠᠯ᠎ᠠ᠂ ᠪᠦᠬᠦ ᠬᠤᠰᠢᠭᠤ 7.68 ᠲᠦᠮᠡᠨ ᠬᠦᠮᠦᠨ ᠶᠠᠳᠠᠭᠤ ᠬᠦᠴᠢᠷᠲᠡᠢ ᠱᠤᠭᠤᠮ ᠠᠴᠠ ᠳᠣᠷᠤᠭᠰᠢ ᠠᠮᠢᠳᠤᠷᠠᠯ ᠲᠠᠢ ᠪᠠᠶᠢᠵᠤ᠂ ᠶᠠᠳᠠᠭᠤ ᠬᠦᠴᠢᠷᠳᠡᠯ ᠡᠭᠦᠰᠬᠦ ᠨᠤᠷᠮ᠎ᠠ 18.5%᠃ ᠯᠢ ᠺᠧ ᠴᠢᠶᠠᠩ ᠶᠡᠷᠤᠩᠭᠡᠢ ᠰᠠᠶᠢᠳ ᠮᠠᠨ ᠤ ᠬᠤᠰᠢᠭᠤᠨ ᠳᠤ ᠰᠣᠳᠤᠯᠤᠨ ᠪᠠᠶᠢᠴᠠᠭᠠᠯᠲᠠ ᠬᠢᠬᠦ ᠦᠶ᠎ᠡ ᠳᠤ᠂  ᠮᠠᠨ ᠳᠤ ︽ᠤᠷᠢᠳᠠᠪᠠᠷ ᠶᠠᠳᠠᠭᠤ ᠠᠴᠠ ᠠᠩᠬᠢᠵᠢᠷᠠᠬᠤ︾ ᠵᠢᠭᠠᠪᠤᠷᠢ ᠦᠭᠪᠡ᠃ ᠶᠡᠷᠤᠩᠭᠡᠢ ᠰᠠᠶᠢᠳ ᠤᠨ ᠵᠢᠭᠠᠪᠤᠷᠢ ᠶᠢᠨ ᠵᠣᠷᠢᠭ ᠰᠠᠨᠠᠭ᠎ᠠ ᠶᠢ ᠰᠠᠶᠢᠳᠤᠷ ᠨᠠᠶᠢᠲᠠᠪᠤᠷᠢᠵᠢᠭᠤᠯᠬᠤ ᠶᠢᠨ ᠲᠦᠯᠦᠭᠡ᠂ ᠪᠢᠳᠡ ︽ᠣᠩᠨᠢᠭᠤᠳ ᠬᠤᠰᠢᠭᠤᠨ ᠤ ᠤᠷᠢᠳᠠᠪᠠᠷ ᠶᠠᠳᠠᠭᠤ ᠠᠴᠠ ᠠᠩᠬᠢᠵᠢᠷᠠᠵᠤ ᠬᠦᠭᠵᠢᠬᠦ ᠲᠦᠯᠦᠪᠵᠢᠭᠦᠯᠭᠡ︾ ᠶᠢ ᠨᠠᠶᠢᠷᠠᠭᠤᠯᠤᠨ ᠵᠣᠬᠢᠶᠠᠵᠤ᠂ 111 ᠠᠵᠢᠯ ᠤᠨ ᠠᠩᠭᠢ ᠶᠢ ᠵᠣᠬᠢᠶᠠᠨ ᠪᠠᠶᠢᠭᠤᠯᠵᠤ 111 ᠭᠤᠣᠯᠳᠠᠯᠭ᠎ᠠ ᠲᠠᠢ ᠶᠠᠳᠠᠭᠤ ᠬᠦᠴᠢᠷᠲᠡᠢ ᠭᠠᠴᠠᠭ᠎ᠠ ᠲᠤᠰᠬᠤᠨ ᠢ ᠲᠣᠭᠲᠠᠭᠰᠠᠨ ᠴᠡᠭ ᠲᠠᠢ ᠳᠠᠭᠠᠭᠠᠴᠢᠯᠠᠨ ᠲᠡᠳᠭᠦᠵᠦ᠂ 247 ᠨᠡᠷᠡᠰ ᠭᠠᠴᠠᠭ᠎ᠠ ᠲᠤᠰᠬᠤᠨ ᠤ ᠨᠢᠭᠡᠳᠤᠭᠡᠷ ᠱᠦᠵᠢ ᠶᠢ ᠲᠣᠮᠢᠯᠠᠵᠤ᠂ 12000 ᠭᠠᠷᠤᠢ ᠺᠠᠳ᠋ᠷᠴᠤᠳ ᠠᠵᠢᠯᠲᠠᠳ ᠢ ᠵᠣᠬᠢᠶᠠᠨ ᠪᠠᠶᠢᠭᠤᠯᠤᠨ ᠪᠦᠷᠬᠦᠭᠦᠯᠬᠦ ᠭᠠᠵᠠᠷ ᠬᠦᠷᠴᠤ ᠬᠤᠯᠪᠤᠭᠠᠯᠠᠭᠰᠠᠨ ᠶᠠᠳᠠᠭᠤ ᠬᠦᠴᠢᠷᠲᠡᠢ ᠡᠷᠤᠬᠡ ᠶᠢ ᠬᠠᠪᠰᠤᠷᠴᠠᠢ᠃ ᠶᠠᠳᠠᠭᠤ ᠬᠦᠴᠢᠷᠲᠡᠢ ᠲᠤᠰᠬᠤᠨ᠂ ᠶᠠᠳᠠᠭᠤ ᠬᠦᠴᠢᠷᠲᠡᠢ ᠡᠷᠤᠬᠡ ᠪᠦᠷᠢ ᠶᠢ ᠬᠠᠪᠰᠤᠷᠴᠤ ᠶᠠᠳᠠᠭᠤ ᠠᠴᠠ ᠠᠩᠬᠢᠵᠢᠷᠠᠬᠤ ᠲᠦᠯᠦᠪᠯᠡᠭᠡ ᠶᠢ ᠲᠣᠭᠲᠠᠭᠠᠵᠤ᠂ ᠨᠢᠭᠡ ᠡᠷᠤᠬᠡ ᠨᠢᠭᠡ ᠳᠠᠩᠰᠠ᠂ ᠨᠢᠭᠡ ᠡᠷᠤᠬᠡ ᠨᠢᠭᠡ ᠬᠠᠪᠰᠤᠷᠬᠤ ᠠᠷᠭ᠎ᠠ ᠪᠠᠷᠢᠯ᠂ ᠰᠠᠭᠤᠷᠢ ᠲᠤᠭ᠎ᠠ ᠲᠣᠳᠤᠷᠬᠠᠢ᠂ ᠪᠠᠷᠢᠮᠵᠢᠶ᠎ᠠ ᠲᠣᠳᠤᠷᠬᠠᠢ᠂ ᠠᠷᠭ᠎ᠠ ᠬᠡᠮᠵᠢᠶ᠎ᠡ ᠲᠣᠳᠤᠷᠬᠠᠢ᠂ ᠬᠠᠷᠢᠭᠤᠴᠠᠯᠭ᠎ᠠ ᠲᠣᠳᠤᠷᠬᠠᠢ ᠪᠠᠶᠢᠬᠤ ᠶᠢ ᠦᠨᠡᠨᠬᠦ ᠪᠡᠶᠡᠯᠡᠭᠦᠯᠪᠡ᠃ ᠵᠡᠷᠭᠡᠪᠡᠷ᠂ ᠬᠤᠰᠢᠭᠤ ᠰᠢᠶᠠᠩ ᠰᠣᠮᠣ ᠭᠤᠷᠪᠠᠨ ᠱᠠᠲᠤ ︽ᠵᠢᠷᠤᠭ ᠡᠯᠭᠦᠵᠦ ᠠᠵᠢᠯᠯᠠᠬᠤ︾ ᠶᠢ ᠬᠡᠷᠡᠭᠵᠢᠭᠦᠯᠵᠦ᠂ ᠶᠠᠳᠠᠭᠤ ᠬᠦᠴᠢᠷᠲᠡᠢ ᠬᠦᠮᠦᠨ ᠠᠮᠠ ᠶᠢᠨ ᠬᠡᠪᠴᠢᠶ᠎ᠡ᠂ ᠲᠠᠷᠬᠠᠯᠲᠠ᠂ ᠰᠠᠭᠤᠷᠢᠰᠢᠬᠤ ᠨᠦᠭᠦᠴᠡᠯ᠂ ᠶᠠᠳᠠᠭᠤ ᠪᠣᠯᠤᠭᠰᠠᠨ ᠰᠢᠯᠲᠠᠭᠠᠨ᠂ ᠶᠠᠳᠠᠭᠤ ᠠᠴᠠ ᠠᠩᠬᠢᠵᠢᠷᠠᠬᠤ ᠲᠦᠯᠦᠪᠯᠡᠭᠡ ᠵᠡᠷᠭᠡ ᠶᠢ ᠪᠦᠷ ᠵᠢᠷᠤᠭ ᠢᠶᠠᠷ ᠢᠯᠡᠳᠭᠡᠵᠤ᠂ ᠬᠦᠳᠡᠯᠦᠩᠭᠦᠢ ᠬᠠᠮᠢᠶᠠᠷᠴᠤ᠂ ᠨᠢᠭᠡ ᠡᠷᠤᠬᠡ ᠶᠠᠳᠠᠭᠤ ᠠᠴᠠ ᠠᠩᠬᠢᠵᠢᠷᠠᠪᠠᠯ ᠨᠢᠭᠡ ᠡᠷᠤᠬᠡ ᠶᠢ ᠬᠠᠰᠤᠬᠤ ᠶᠢ ᠪᠡᠶᠡᠯᠡᠭᠦᠯᠦᠨ᠎ᠡ᠃      ﹇ᠨᠠᠨ ᠵᠧᠨ ᠬᠤ᠋﹈      ᠶᠠᠳᠠᠭᠤ ᠠᠴᠠ ᠠᠩᠬᠢᠵᠢᠷᠠᠬᠤ ᠠᠷᠭ᠎ᠠ ᠪᠠᠷᠢᠯ ᠳᠡᠭᠡᠷ᠎ᠡ᠂ ᠪᠢᠳᠡ ︽ᠭᠤᠷᠪᠠ ᠲᠤᠰᠬᠤᠨ ᠳᠤ ᠬᠦᠷᠬᠦ ᠭᠤᠷᠪᠠ ᠡᠷᠤᠬᠡ ᠳᠤ ᠬᠦᠷᠬᠦ︾᠂ ᠮᠦᠩᠭᠦᠨ ᠭᠦᠢᠯᠭᠡᠭᠡ ᠪᠠᠷ ᠶᠠᠳᠠᠭᠤ ᠶᠢ ᠲᠡᠳᠭᠦᠵᠦ ᠠᠷᠠᠳ ᠢ ᠪᠠᠶᠠᠵᠢᠭᠤᠯᠬᠤ ᠵᠡᠷᠭᠡ ᠢᠨᠵᠧᠨᠧᠷᠢᠩ ᠢ ᠬᠡᠷᠡᠭᠵᠢᠭᠦᠯᠵᠦ᠂ ︽ᠤᠷᠢᠳᠠᠪᠠᠷ ᠪᠠᠶᠢᠭᠤᠯᠵᠤ ᠳᠠᠷᠠᠭ᠎ᠠ ᠨᠢ ᠨᠦᠬᠦᠪᠦᠷᠢᠯᠡᠬᠦ︾᠂ ︽ᠨᠢᠭᠡ ᠪᠠᠶᠠᠨ ᠡᠷᠤᠬᠡ ᠳᠦᠷᠪᠡᠨ ᠶᠠᠳᠠᠭᠤ ᠡᠷᠤᠬᠡ ᠶᠢ ᠳᠠᠭᠠᠭᠤᠯᠬᠤ︾᠂ ︽ᠭᠤᠷᠪᠠᠨ ᠬᠡᠯᠬᠢᠶ᠎ᠡ ᠬᠠᠷᠢᠯᠴᠠᠨ ᠬᠠᠮᠵᠢᠯᠴᠠᠬᠤ︾᠂ ︽ᠬᠤᠷᠰᠢᠨ ᠨᠠᠶᠢᠳᠠᠵᠤ ᠲᠡᠵᠢᠭᠡᠬᠦ︾᠂ ︽ᠵᠠᠬᠢᠶᠠᠯᠠᠭ᠎ᠠ ᠶᠢᠨ ᠬᠠᠭᠤᠳᠠᠰᠤ ᠪᠠᠷ ᠶᠠᠳᠠᠭᠤ ᠶᠢ ᠲᠡᠳᠬᠦᠬᠦ︾ ᠵᠡᠷᠭᠡ ᠶᠠᠳᠠᠭᠤ ᠶᠢ ᠲᠡᠳᠭᠦᠬᠦ ᠵᠠᠭᠪᠤᠷ ᠢ ᠰᠦᠪᠡᠭᠴᠢᠯᠡᠨ ᠬᠡᠷᠡᠭᠵᠢᠭᠦᠯᠵᠦ᠂ ᠬᠤᠶᠠᠷ ᠵᠢᠯ ᠤᠨ ᠲᠣᠷᠰᠢ ᠨᠢᠭᠡᠨᠲᠡ 4.68 ᠲᠦᠮᠡᠨ ᠶᠠᠳᠠᠭᠤ ᠬᠦᠴᠢᠷᠲᠡᠢ ᠬᠦᠮᠦᠨ ᠠᠮᠠ ᠶᠢ ᠲᠣᠭᠲᠠᠭᠤᠨ ᠢᠶᠠᠷ ᠶᠠᠳᠠᠭᠤ ᠠᠴᠠ ᠠᠩᠬᠢᠵᠢᠷᠠᠭᠤᠯᠵᠠᠢ  ᠃ 2015 ᠣᠨ ᠤ ᠰᠡᠭᠦᠯᠴᠢ᠂ ᠪᠢᠳᠡ ᠳᠠᠩᠰᠠ ᠪᠠᠶᠢᠭᠤᠯᠵᠤ ︽ᠡᠷᠬᠢᠵᠤ ᠬᠠᠷᠠᠬᠤ︾ ᠪᠠᠷ ᠳᠠᠮᠵᠢᠨ᠂ ᠪᠦᠬᠦ ᠬᠤᠰᠢᠭᠤᠨ ᠤ ᠶᠠᠳᠠᠭᠤ ᠬᠦᠴᠢᠷᠲᠡᠢ ᠬᠦᠮᠦᠨ ᠠᠮᠠ ᠶᠢ ᠳᠠᠬᠢᠨ ᠨᠢᠭᠡ ᠤᠳᠠᠭ᠎ᠠ ᠣᠨᠤᠪᠴᠢᠲᠠᠢ ᠢᠯᠭᠠᠵᠤ᠂ ᠤᠯᠤᠰ ᠤᠨ ᠪᠠᠷᠢᠮᠵᠢᠶ᠎ᠠ  ᠲᠠᠢ ᠶᠠᠳᠠᠭᠤ ᠬᠦᠴᠢᠷᠲᠡᠢ ᠬᠦᠮᠦᠨ ᠠᠮᠠ 3 ᠲᠦᠮᠡ ᠪᠠᠶᠢᠬᠤ ᠶᠢ ᠲᠣᠳᠤᠷᠬᠠᠶᠢᠯᠠᠵᠠᠢ᠃ ᠪᠢᠳᠡ ᠶᠠᠳᠠᠭᠤᠷᠠᠭᠰᠠᠨ ᠰᠢᠯᠲᠠᠭᠠᠨ ᠢ ᠢᠯᠭᠠᠵᠤ᠂ ︽ᠲᠠᠪᠤ ᠶᠢ ᠨᠢᠭᠡ ᠵᠦᠪᠰᠢᠶᠡᠷᠡᠬᠦ︾ ᠶᠢ ᠦᠨᠳᠤᠰᠤᠯᠡᠨ ᠲᠦᠷᠤᠯ ᠬᠤᠪᠢᠶᠠᠪᠠ᠄ ᠠᠵᠤ ᠤᠶᠢᠯᠡᠰ ᠬᠦᠭᠵᠢᠭᠦᠯᠵᠦ ᠶᠠᠳᠠᠭᠤ ᠠᠴᠠ ᠠᠩᠬᠢᠵᠢᠷᠠᠭᠰᠠᠨ 14200 ᠬᠦᠮᠦᠨ᠂ ᠣᠷᠤᠨ ᠰᠢᠯᠵᠢᠭᠦᠯᠦᠨ ᠶᠠᠳᠠᠭᠤ ᠶᠢ ᠲᠡᠳᠭᠦᠵᠦ ᠨᠡᠭᠦᠯᠭᠡᠭᠰᠡᠨ ᠨᠢ 5000 ᠬᠦᠮᠦᠨ᠂ ᠠᠮᠢ ᠠᠬᠤᠢ ᠶᠢ ᠬᠠᠮᠠᠭᠠᠯᠠᠵᠤ ᠶᠠᠳᠠᠭᠤ ᠠᠴᠠ ᠠᠩᠬᠢᠵᠢᠷᠠᠭᠰᠠᠨ ᠨᠢ 300 ᠬᠦᠮᠦᠨ᠂ ᠰᠤᠷᠭᠠᠨ ᠬᠦᠮᠦᠵᠢᠯ ᠢ ᠳᠡᠮᠵᠢᠬᠦ ᠪᠠᠷ ᠳᠠᠮᠵᠢᠵᠤ ᠶᠠᠳᠠᠭᠤ ᠠᠴᠠ ᠠᠩᠬᠢᠵᠢᠷᠠᠭᠰᠠᠨ ᠨᠢ 2000 ᠬᠦᠮᠦᠨ᠂ ᠲᠦᠷᠤ ᠶᠢᠨ ᠪᠣᠳᠤᠯᠭ᠎ᠠ ᠳᠠᠭᠠᠭᠠᠭᠰᠠᠨ ᠨᠢ 8500 ᠬᠦᠮᠦᠨ᠃ ᠪᠢᠳᠡ ᠵᠢᠯ ᠪᠦᠷᠢ 1 ᠲᠦᠮᠡᠨ ᠬᠦᠮᠦᠨ ᠢ ᠶᠠᠳᠠᠭᠤ ᠠᠴᠠ ᠠᠩᠬᠢᠵᠢᠷᠠᠭᠤᠯᠬᠤ ᠪᠠᠷ ᠲᠦᠯᠦᠪᠯᠡᠵᠦ᠂ 2018 ᠣᠨ ᠪᠣᠯᠲᠠᠯ᠎ᠠ  ᠂ ᠬᠦᠮᠦᠨ ᠶᠠᠳᠠᠭᠤ ᠠᠴᠠ ᠠᠩᠬᠢᠵᠢᠷᠠᠵᠤ᠂  ᠬᠤᠰᠢᠭᠤ ᠮᠠᠯᠠᠭᠠᠢ ᠲᠠᠶᠢᠯᠬᠤ ᠬᠠᠷᠠᠯᠲᠠ ᠶᠢ ᠪᠡᠶᠡᠯᠡᠭᠦᠯᠵᠦ᠂ 2019 ᠣᠨ ᠪᠠ 2020 ᠣᠨ ᠳᠤ ᠲᠣᠭᠲᠠᠭᠤᠨ ᠳᠡᠭᠡᠭᠰᠢᠯᠡᠭᠦᠯᠵᠦ᠂ ᠪᠦᠬᠦ ᠤᠯᠤᠰ ᠲᠠᠢ ᠬᠠᠮᠲᠤ ᠪᠠᠷ ᠪᠦᠬᠦ ᠲᠠᠯ᠎ᠠ ᠪᠠᠷ ᠴᠢᠨᠡᠭᠡᠯᠢᠭ ᠨᠡᠶᠢᠭᠡᠮ ᠳᠤ ᠣᠷᠤᠨ᠎ᠠ᠃ ᠮᠡᠳᠡᠵᠦ ᠪᠣᠯᠬᠤ ᠨᠢ᠂ ᠶᠠᠳᠠᠭᠤ ᠬᠦᠴᠢᠷᠲᠡᠢ ᠠᠰᠠᠭᠤᠳᠠᠯ ᠢ ᠰᠢᠢᠳᠪᠤᠷᠢᠯᠡᠴᠢᠭᠡᠪᠡᠯ᠂ ᠨᠡᠶᠢᠭᠡᠮ ᠳᠠᠷᠤᠢ ᠤᠯᠠᠮ ᠵᠣᠬᠢᠴᠠᠩᠭᠤᠢ ᠲᠣᠭᠲᠠᠭᠤᠨ ᠪᠣᠯᠤᠨ᠎ᠠ᠃      ﹇ᠡᠷᠬᠢᠯᠡᠭᠴᠢ﹈      ᠣᠩᠨᠢᠭᠤᠳ ᠬᠤᠰᠢᠭᠤ ᠶᠠᠳᠠᠭᠤ ᠠᠴᠠ ᠠᠩᠬᠢᠵᠢᠷᠠᠬᠤ ᠪᠣᠭᠤᠮᠲᠠ ᠰᠢᠪᠲᠤᠯᠬᠤ ᠪᠠᠶᠢᠯᠳᠤᠭᠠᠨ ᠢ ᠮᠠᠰᠢ ᠰᠠᠶᠢᠨ ᠬᠢᠵᠡᠢ ᠭᠡᠵᠦ ᠬᠡᠯᠡᠵᠦ ᠪᠣᠯᠤᠨ᠎ᠠ᠂ ᠬᠤᠶᠠᠷ ᠵᠢᠯ ᠳᠤ ᠬᠠᠭᠠᠰ ᠠᠴᠠ ᠳᠡᠭᠡᠭᠰᠢ ᠶᠠᠳᠠᠭᠤ ᠬᠦᠴᠢᠷᠲᠡᠢ ᠬᠦᠮᠦᠨ ᠠᠮᠠ ᠶᠠᠳᠠᠭᠤ ᠠᠴᠠ ᠠᠩᠬᠢᠵᠢᠷᠠᠬᠤ ᠠᠰᠠᠭᠤᠳᠠᠯ ᠢ ᠰᠢᠢᠳᠪᠤᠷᠢᠯᠡᠴᠢᠭᠡᠵᠡᠢ᠃      ﹇ᠨᠠᠨ ᠵᠸᠡ ᠬᠤ᠋﹈      ᠡᠷᠬᠢᠯᠡᠭᠴᠢ ᠳᠤ ᠲᠠᠯᠠᠷᠬᠠᠵᠤ ᠪᠠᠶᠢᠨ᠎ᠠ᠃ ᠮᠠᠨ ᠤ ᠭᠤᠷᠪᠠᠳᠤᠭᠠᠷ ᠠᠷᠭ᠎ᠠ ᠪᠠᠷᠢᠯ ᠪᠣᠯ ᠳᠠᠷᠤᠢ ᠡᠮᠦᠨ᠎ᠡ ᠬᠠᠷᠠᠭᠠᠨ ᠳᠠᠪᠲᠠᠮᠵᠢ ᠪᠠᠷ ᠰᠣᠷᠪᠤᠯᠵᠢᠯᠠᠭ᠎ᠠ ᠬᠦᠯᠢᠶᠡᠨ ᠠᠪᠬᠤ ᠳᠤᠮᠳᠠ ᠳᠤᠷᠠᠳᠤᠭᠰᠠᠨ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠦᠷᠲᠡᠭᠡ ᠪᠣᠯᠤᠨ᠎ᠠ᠂ ᠣᠯᠠᠨ ᠲᠦᠮᠡᠨ ᠬᠤᠯᠠ ᠶᠠᠪᠤᠬᠤ ᠦᠭᠡᠢ ᠪᠠᠷ ᠬᠡᠷᠡᠭ ᠤᠴᠢᠷ ᠰᠢᠢᠳᠪᠤᠷᠢᠯᠡᠵᠦ ᠳᠡᠶᠢᠯᠬᠦ ᠪᠣᠯᠵᠤ᠂ ᠣᠯᠠᠨ ᠲᠦᠮᠡᠨ ᠳᠤ ᠤᠶᠢᠯᠡᠴᠢᠯᠡᠬᠦ ︽ᠬᠠᠮᠤᠭ ᠡᠴᠦᠰ ᠤᠨ ᠨᠢᠭᠡ ᠺᠢᠯᠤᠮᠧᠲᠷ︾ ᠠᠰᠠᠭᠤᠳᠠᠯ ᠢ ᠪᠦᠲᠤᠮᠵᠢᠲᠡᠢ ᠰᠢᠢᠳᠪᠤᠷᠢᠯᠡᠵᠡᠢ᠃ ᠪᠢᠳᠡ ᠠᠯᠢᠪᠠ ᠭᠠᠴᠠᠭ᠎ᠠ ᠲᠤᠰᠬᠤᠨ ᠳᠤ ᠴᠦᠮ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠦᠷᠲᠡᠭᠡ ᠶᠢ ᠪᠠᠶᠢᠭᠤᠯᠵᠤ᠂ 118 ᠰᠦᠯᠵᠢᠶ᠎ᠡ ᠨᠡᠪᠲᠡᠷᠡᠭᠰᠡᠨ ᠭᠠᠴᠠᠭ᠎ᠠ ᠲᠤᠰᠬᠤᠨ 104 ᠵᠣᠷᠪᠤᠰ ᠤᠶᠢᠯᠡᠴᠢᠯᠡᠭᠡᠨ ᠤ ᠬᠡᠷᠡᠭ ᠵᠤᠶᠢᠯ ᠢ ᠡᠷᠬᠢᠯᠡᠵᠦ᠂ ᠰᠦᠯᠵᠢᠶ᠎ᠡ ᠨᠡᠪᠲᠡᠷᠡᠭᠡᠳᠤᠢ ᠲᠤᠰᠬᠤᠨ 56 ᠵᠣᠷᠪᠤᠰ ᠤᠶᠢᠯᠡᠴᠢᠯᠡᠭᠡᠨ ᠤ ᠬᠡᠷᠡᠭ ᠵᠤᠶᠢᠯᠡᠰ ᠢ ᠡᠷᠬᠢᠯᠡᠵᠦ ᠪᠣᠯᠤᠨ᠎ᠠ᠃ ᠭᠠᠴᠠᠭ᠎ᠠ ᠲᠤᠰᠬᠤᠨ ᠤ ᠺᠠᠳ᠋ᠷᠴᠤᠳ ᠯᠠᠩᠭᠦᠢ ᠬᠡᠯᠪᠡᠷᠢ ᠪᠠᠷ ᠠᠵᠢᠯᠯᠠᠬᠤ᠂ ᠡᠭᠡᠯᠵᠢᠯᠡᠵᠦ ᠠᠵᠢᠯᠯᠠᠬᠤ ᠵᠢᠵᠢᠭᠦᠷᠯᠡᠬᠦ ᠳᠦᠷᠢᠮ ᠢ ᠬᠡᠷᠡᠭᠵᠢᠭᠦᠯᠵᠦ᠂ ᠡᠭᠦᠳᠡ ᠦᠷᠬᠦᠯᠵᠢ ᠨᠡᠭᠡᠭᠡᠬᠦ᠂ ᠬᠦᠮᠦᠨ ᠦᠷᠬᠦᠯᠵᠢ ᠪᠠᠶᠢᠬᠤ᠂ ᠤᠶᠢᠯᠡᠴᠢᠯᠡᠭᠡ ᠲᠠᠰᠤᠷᠠᠬᠤ ᠦᠭᠡᠢ ᠶᠢ ᠪᠠᠲᠤᠯᠠᠵᠤ᠂ ᠣᠯᠠᠨ ᠲᠦᠮᠡᠨ ᠤ ᠬᠡᠷᠡᠭ ᠡᠷᠬᠢᠯᠡᠬᠦ ᠴᠠᠭ ᠪᠠ ᠦᠪᠡᠷ ᠤᠨ ᠦᠷᠳᠡᠭ ᠢ ᠠᠷᠪᠢᠯᠠᠵᠠᠢ᠃ ᠪᠣᠲᠠᠲᠠᠢ ᠠᠵᠢᠯᠯᠠᠬᠤ ᠳᠤᠮᠳᠠ᠂ ᠵᠠᠷᠢᠮ ᠲᠤᠰᠬᠠᠢ ᠴᠢᠨᠠᠷ ᠲᠠᠢ ᠠᠰᠠᠭᠤᠳᠠᠯ ᠢ ᠰᠢᠢᠳᠪᠤᠷᠢᠯᠡᠬᠦ ᠳᠤ ᠬᠦᠴᠢᠷ ᠢ ᠣᠯᠵᠤ ᠮᠡᠳᠡᠵᠡᠢ᠂ ᠡᠭᠦᠨ ᠳᠤ ᠪᠢᠳᠡ ᠣᠯᠠᠨ ᠲᠠᠯ᠎ᠠ ᠶᠢᠨ ᠰᠠᠨᠠᠯ ᠢ ᠶᠡᠷᠤᠩᠬᠡᠶᠢᠯᠡᠵᠦ᠂ ᠤᠲᠠᠰᠤ ᠪᠠᠷ ᠯᠠᠪᠯᠠᠨ ᠠᠰᠠᠭᠤᠬᠤ ᠴᠢᠳᠠᠪᠬᠢ ᠶᠢ ᠦᠷᠭᠡᠳᠭᠡᠵᠦ᠂ ᠡᠮ ᠡᠮᠨᠡᠯᠭᠡ᠂ ᠲᠠᠷᠢᠶᠠᠯᠠᠩ᠂ ᠮᠠᠯ ᠮᠠᠯᠵᠢᠯ ᠭᠤᠷᠪᠠᠨ ᠲᠤᠰᠬᠠᠢ ᠮᠡᠷᠭᠡᠵᠢᠯ ᠤᠨ ᠰᠠᠩ ᠢ ᠵᠣᠬᠢᠶᠠᠨ ᠪᠠᠶᠢᠭᠤᠯᠵᠤ ᠲᠠᠷᠢᠶᠠᠯᠠᠩ ᠂ ᠮᠠᠯ ᠮᠠᠯᠵᠢᠯ᠂ ᠣᠢ ᠰᠢᠭᠤᠢ᠂ ᠠᠷᠠᠳ ᠤᠨ ᠶᠠᠪᠤᠳᠠᠯ᠂ ᠨᠡᠶᠢᠭᠡᠮ ᠤᠨ ᠪᠠᠲᠤᠯᠠᠭ᠎ᠠ᠂ ᠡᠮ ᠡᠮᠨᠡᠯᠭᠡ ᠵᠡᠷᠭᠡ ᠠᠯᠤᠰ ᠠᠴᠠ ᠯᠠᠪᠯᠠᠨ ᠠᠰᠠᠭᠤᠬᠤ ᠤᠶᠢᠯᠡᠴᠢᠯᠡᠭᠡ ᠶᠢ ᠨᠡᠪᠲᠡᠷᠡᠭᠦᠯᠵᠦ᠂ ᠴᠠᠭ ᠲᠣᠬᠠᠢ ᠳᠤᠨᠢ ᠨᠢᠭᠤᠷ ᠲᠤᠯᠭᠠᠵᠤ᠂ ᠣᠯᠠᠨ ᠲᠦᠮᠡᠨ ᠤ ᠤᠶᠢᠯᠡᠳᠪᠤᠷᠢᠯᠡᠯ᠂ ᠠᠮᠢᠳᠤᠷᠠᠯ ᠳᠤᠮᠳᠠ ᠳᠣᠬᠢᠶᠠᠯᠳᠤᠬᠤ ᠬᠦᠴᠢᠷ ᠲᠦᠪᠡᠭᠲᠡᠢ ᠠᠰᠠᠭᠤᠳᠠᠯ ᠢ ᠰᠠᠶᠢᠳᠤᠷ ᠰᠢᠢᠳᠪᠦᠷᠢᠯᠡᠵᠦ᠂ ᠦᠷᠭᠡᠨ ᠣᠯᠠᠨ ᠠᠷᠠᠳ ᠲᠦᠮᠡᠨ ᠤ ᠨᠡᠶᠢᠳᠡᠮ ᠰᠠᠶᠢᠨ ᠦᠨᠡᠯᠡᠯ ᠢ ᠬᠦᠷᠲᠡᠪᠡ᠃      ﹇ᠨᠠᠨ ᠵᠸᠡ ᠬᠤ᠋﹈      ᠲᠤᠰᠬᠤᠨ ᠤ ᠳᠡᠰ ᠤᠨ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠦᠷᠲᠡᠭᠡ ᠬᠡᠷᠡᠭᠵᠢᠭᠦᠯᠦᠭᠰᠡᠨ ᠠᠴᠠ ᠨᠠᠰᠢ᠂ ᠬᠤᠰᠢᠭᠤᠨ ᠤ ᠵᠠᠰᠠᠭ ᠤᠨ ᠶᠠᠪᠤᠳᠠᠯ ᠤᠨ ᠤᠶᠢᠯᠡᠴᠢᠯᠡᠭᠡᠨ ᠤ ᠲᠦᠪ ᠲᠤ ᠬᠦᠷᠴᠦ ᠬᠡᠷᠡᠭ ᠡᠷᠬᠢᠯᠡᠬᠦ ᠬᠦᠮᠦᠨ 40% ᠢᠶᠠᠷ ᠬᠠᠰᠤᠭᠳᠠᠵᠤ ᠰᠢᠶᠠᠩ ᠪᠠᠯᠭᠠᠰᠤ ᠶᠢᠨ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠲᠦᠪ ᠲᠤ ᠬᠦᠷᠴᠤ ᠬᠡᠷᠡᠭ ᠡᠷᠬᠢᠯᠡᠬᠦ ᠬᠦᠮᠦᠨ 80% ᠢᠶᠠᠷ ᠬᠠᠰᠤᠭᠳᠠᠵᠠᠢ  ᠂ ᠪᠦᠬᠦ ᠬᠤᠰᠢᠭᠤᠨ ᠤ ᠠᠷᠠᠳ ᠲᠤ ᠳᠦᠭᠦᠮ ᠦᠵᠡᠭᠦᠯᠬᠦ ᠤᠶᠢᠯᠡᠴᠢᠯᠡᠭᠡᠨ ᠤ ᠦᠷᠲᠡᠭᠡ ᠶᠢᠨ ᠬᠦᠯᠢᠶᠡᠨ ᠠᠪᠤᠭᠰᠠᠨ ᠬᠦᠮᠦᠨ  ᠤ ᠲᠤᠭ᠎ᠠ ᠨᠡᠶᠢᠲᠡ 3 ᠲᠦᠮᠡ᠂ ᠡᠷᠬᠢᠯᠡᠭᠰᠡᠨ ᠬᠡᠷᠡᠭ ᠨᠡᠶᠢᠲᠡ 12400 ᠵᠣᠷᠪᠤᠰ᠂ 85 ᠲᠦᠮᠡᠨ ᠲᠦᠭᠦᠷᠢᠭ ᠬᠡᠷᠡᠭ ᠡᠷᠬᠢᠯᠡᠬᠦ ᠦᠪᠡᠷ ᠤᠨ ᠦᠷᠳᠡᠭ ᠢ ᠠᠷᠪᠢᠯᠠᠪᠠ᠃ ᠣᠳᠣ ᠣᠯᠠᠨ ᠲᠦᠮᠡᠨ ᠡᠭᠦᠳᠡᠨ ᠡᠮᠦᠨ᠎ᠡ ᠪᠠᠨ ᠬᠡᠷᠡᠭ ᠡᠷᠬᠢᠯᠡᠵᠦ ᠳᠡᠶᠢᠯᠬᠦ ᠪᠣᠯᠤᠭᠰᠠᠨ ᠮᠦᠷᠲᠡᠭᠡᠨ ᠬᠡᠷᠡᠭ ᠡᠷᠬᠢᠯᠡᠬᠦ ᠨᠢ ᠪᠦᠷ ᠲᠠᠨᠢᠯ ᠬᠦᠮᠦᠨ᠂ ᠠᠮᠠᠷᠬᠠᠨ ᠨᠡᠪᠲᠡᠷᠡᠯᠴᠡᠵᠦ᠂ ᠦᠷ᠎ᠡ ᠪᠦᠲᠤᠮᠵᠢ ᠦᠨᠳᠤᠷ᠂ ᠠᠶᠠᠨᠳᠠᠭᠠᠨ ᠬᠠᠩᠭᠠᠮᠵᠢᠲᠠᠢ ᠪᠣᠯᠤᠨ᠎ᠠ᠃      ﹇ᠨᠠᠨ ᠵᠸᠡ ᠬᠤ᠋﹈      ᠳᠦᠷᠪᠡᠳᠤᠭᠡᠷ ᠠᠷᠭ᠎ᠠ ᠪᠠᠷᠢᠯ ᠭᠡᠪᠡᠯ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ ᠭᠡᠰᠢᠭᠦᠨ ᠪᠣᠯᠬᠤ︾ ᠰᠤᠷᠤᠯᠴᠠᠯᠭ᠎ᠠ ᠬᠦᠮᠦᠵᠢᠯ ᠢ ᠦᠷᠨᠢᠭᠦᠯᠬᠦ ᠪᠠᠷ ᠳᠠᠮᠵᠢᠵᠤ᠂ ᠡᠪ ᠬᠠᠮᠲᠤ ᠨᠠᠮᠲᠠᠨ ᠤ ᠵᠢᠱᠢᠶᠡᠴᠢ ᠤᠶᠢᠯᠡᠳᠤᠯ ᠢ ᠪᠠᠳᠠᠷᠠᠭᠤᠯᠤᠨ᠎ᠠ᠃ ᠵᠢᠱᠢᠶᠡᠯᠡᠪᠡᠯ᠄ ᠪᠢᠳᠡ ︽ᠲᠤᠭᠴᠢ ᠠᠵᠢᠯᠯᠠᠵᠤ —— ᠮᠢᠩᠭ᠎ᠠ ᠭᠠᠷᠤᠢ ᠡᠪ ᠬᠠᠮᠲᠤ ᠨᠠᠮᠲᠠᠨ ᠵᠢᠱᠢᠶ᠎ᠡ ᠦᠵᠡᠭᠦᠯᠬᠦ ᠢᠨᠵᠧᠨᠧᠷᠢᠩ︾ ᠢᠶᠠᠷ ᠠᠴᠢᠶᠠᠯᠠᠭᠴᠢ ᠪᠣᠯᠭᠠᠵᠤ᠂ 1074 ᠨᠡᠷᠡᠰ ᠡᠪ ᠬᠠᠮᠲᠤ ᠨᠠᠮᠲᠠᠨ ᠲᠤᠭᠴᠢᠨ ᠢ ᠬᠦᠮᠦᠵᠢᠭᠦᠯᠵᠦ᠂ ᠡᠳᠡᠭᠡᠷ ᠡᠪ ᠬᠠᠮᠲᠤ ᠨᠠᠮᠲᠠᠨ ᠬᠦᠳᠡᠭᠡ ᠲᠤᠰᠬᠤᠨ ᠮᠠᠯᠵᠢᠬᠤ ᠣᠷᠤᠨ ᠤ ᠠᠵᠢᠯ ᠤᠨ ᠲᠣᠷᠰᠢᠯᠭ᠎ᠠ ᠮᠠᠰᠢ ᠡᠯᠪᠡᠭ᠂ ᠨᠢᠭᠡᠳᠤᠭᠡᠷ ᠹᠠᠷᠤᠨᠲ ᠳᠤ ᠣᠯᠠᠨ ᠲᠦᠮᠡᠨ ᠤ ᠵᠦᠷᠢᠴᠡᠯ ᠢ ᠢᠳᠡᠪᠬᠢᠲᠡᠢ ᠰᠢᠢᠳᠪᠤᠷᠢᠯᠡᠵᠦ᠂ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠢ ᠰᠢᠢᠳᠪᠤᠷᠢᠯᠡᠬᠦ ᠶᠢ  ᠬᠦᠴᠦᠨ ᠲᠠᠢ ᠲᠦᠯᠬᠢᠨ ᠠᠬᠢᠭᠤᠯᠪᠠ᠃      ﹇ᠡᠷᠬᠢᠯᠡᠭᠴᠢ﹈      ᠨᠠᠨ ᠱᠦᠵᠢ᠂ ᠡᠮᠦᠨ᠎ᠡ ᠪᠢᠳᠡ ᠮᠠᠰᠢ ᠣᠯᠠᠨ ᠣᠩᠨᠢᠭᠤᠳ ᠬᠤᠰᠢᠭᠤᠨ ᠤ ᠬᠡᠷᠡᠭᠵᠢᠭᠦᠯᠦᠭᠰᠡᠨ ᠰᠢᠨ᠎ᠡ ᠠᠷᠭ᠎ᠠ ᠪᠠᠷᠢᠯ ᠢ ᠶᠠᠷᠢᠯᠴᠠᠵᠠᠢ᠂ ᠲᠠᠨ ᠤ ᠳᠤᠷᠠᠳᠤᠭᠰᠠᠨ ᠰᠠᠨᠠᠯ ᠢ ᠬᠤᠷᠢᠶᠠᠬᠤ ᠶᠢ ᠪᠦᠷᠬᠦᠭᠦᠯᠬᠦ᠂ ᠭᠤᠷᠪᠠᠨ ᠱᠠᠲᠤᠨ ᠤ ᠵᠠᠬᠢᠳᠠᠯ ᠰᠣᠷᠪᠤᠯᠵᠢᠯᠠᠭ᠎ᠠ ᠶᠢᠨ ᠵᠣᠬᠢᠴᠠᠮᠵᠢ ᠶᠢ ᠪᠠᠶᠢᠭᠤᠯᠵᠤ ᠲᠡᠭᠦᠯᠳᠡᠷᠵᠢᠭᠦᠯᠬᠦ᠂ ᠪᠠᠰᠠ ᠤᠳᠤᠷᠢᠳᠤᠯᠭ᠎ᠠ ᠺᠠᠳ᠋ᠷ ᠡᠭᠦᠳᠡ ᠪᠠᠨ ᠨᠡᠭᠡᠭᠡᠵᠦ ᠰᠣᠷᠪᠤᠯᠵᠢᠯᠠᠭ᠎ᠠ ᠬᠦᠯᠢᠶᠡᠬᠦ᠂ ᠪᠠᠰᠠ ᠲᠠᠨ ᠤ ᠰᠠᠶ᠋ᠢ ᠶᠢᠨ ᠳᠤᠷᠠᠳᠤᠭᠰᠠᠨ ᠶᠠᠳᠠᠭᠤ ᠠᠴᠠ ᠠᠩᠬᠢᠵᠢᠷᠠᠬᠤ ᠪᠣᠭᠤᠮᠳᠠ ᠰᠢᠪᠲᠤᠯᠬᠤ᠂ ︽ᠬᠤᠶᠠᠷ ᠢ ᠰᠤᠷᠤᠯᠴᠠᠵᠤ ᠬᠢᠷᠢ ᠲᠡᠩᠴᠡᠭᠰᠡᠨ ᠨᠠᠮ ᠤᠨ ᠭᠡᠰᠢᠭᠦᠨ ᠪᠣᠯᠬᠤ ︾᠂ ᠪᠦᠷ ᠠᠯᠢ ᠪᠣᠯᠬᠤ ᠪᠠᠷ ᠣᠯᠠᠨ ᠲᠦᠮᠡᠨ ᠤ ᠠᠰᠠᠭᠤᠳᠠᠯ ᠢ ᠰᠢᠢᠳᠪᠤᠷᠢᠯᠡᠵᠦ᠂ ᠲᠡᠳᠡᠨ ᠤ ᠲᠣᠭᠠᠴᠠᠯᠲᠠ ᠶᠢ ᠰᠢᠢᠳᠪᠤᠷᠢᠯᠡᠵᠦ ᠪᠠᠶᠢᠨ᠎ᠠ᠂ ᠲᠡᠭᠡᠪᠡᠯ ᠣᠳᠣ ᠦᠵᠡᠬᠦ ᠪᠠᠷ ᠣᠩᠨᠢᠭᠤᠳ ᠬᠤᠰᠢᠭᠤᠨ ᠤ ᠵᠠᠬᠢᠳᠠᠯ ᠰᠣᠷᠪᠤᠯᠵᠢᠯᠠᠭ᠎ᠠ ᠶᠢᠨ ᠬᠠᠨᠳᠤᠰᠢ ᠶᠠᠮᠠᠷ ᠵᠡᠷᠭᠡ ᠪᠣᠢ︖      ﹇ᠨᠠᠨ ᠵᠸᠡ ᠬᠤ᠋﹈      ᠮᠠᠨ ᠤ ᠣᠷᠴᠢᠮ ᠤᠨ ᠬᠡᠳᠤᠨ ᠵᠢᠯ ᠳᠤ ᠴᠢᠷᠮᠠᠶᠢᠨ ᠠᠵᠢᠯᠯᠠᠵᠤ᠂ ᠣᠯᠠᠨ ᠲᠦᠮᠡᠨ ᠤ ᠪᠣᠳᠤᠬᠤ ᠶᠢ ᠪᠣᠳᠤᠵᠤ᠂ ᠣᠯᠠᠨ ᠲᠦᠮᠡᠨ ᠤ ᠬᠡᠷᠡᠭᠴᠡᠭᠡ ᠶᠢ ᠬᠠᠩᠭᠠᠬᠤ ᠪᠠᠷ ᠳᠠᠮᠵᠢᠭᠠᠳ᠂ ᠣᠩᠨᠢᠭᠤᠳ ᠬᠤᠰᠢᠭᠤ ᠦᠩᠭᠡᠷᠡᠭᠰᠡᠨ ᠤ ᠵᠠᠬᠢᠳᠠᠯ ᠰᠣᠷᠪᠤᠯᠵᠢᠯᠠᠭ᠎ᠠ ᠶᠢᠨ ᠶᠡᠭᠡ ᠬᠤᠰᠢᠭᠤ ᠠᠴᠠ ᠬᠤᠪᠢᠷᠠᠭᠠᠳ ᠣᠳᠣ ᠬᠠᠨᠳᠤᠰᠢ ᠰᠠᠶᠢᠵᠢᠷᠠᠵᠤ ᠲᠣᠭᠲᠠᠭᠤᠨ ᠡᠵᠡᠮᠳᠡᠵᠦ ᠪᠣᠯᠬᠤ᠂ ᠦᠩᠭᠡᠷᠡᠭᠰᠡᠨ ᠤ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠠᠷᠪᠢᠨ ᠡᠭᠦᠰᠴᠤ ᠱᠠᠲᠤ ᠠᠯᠤᠰᠯᠠᠵᠤ ᠰᠣᠷᠪᠤᠯᠵᠢᠯᠠᠬᠤ ᠳᠠᠷᠠᠭᠠᠯᠠᠯ ᠡᠮᠦᠨ᠎ᠡ ᠨᠡᠷᠡᠰ ᠲᠤ ᠪᠠᠶᠢᠭᠰᠠᠨ ᠠᠴᠠ ᠬᠤᠪᠢᠷᠠᠭᠠᠳ ᠣᠳᠣ ᠶᠢᠨ ᠵᠠᠬᠢᠳᠠᠯ ᠰᠣᠷᠪᠤᠯᠵᠢᠯᠠᠭ᠎ᠠ ᠶᠢᠨ ᠰᠢᠯᠢᠳᠡᠭ ᠬᠤᠰᠢᠭᠤ ᠰᠢᠶᠠᠨ ᠪᠣᠯᠵᠤ᠂ ᠬᠦᠨᠳᠦ ᠰᠦᠷᠡᠬᠡᠢ ᠵᠠᠬᠢᠳᠠᠯ ᠰᠣᠷᠪᠤᠯᠵᠢᠯᠠᠭ᠎ᠠ ᠶᠢᠨ ᠬᠠᠨᠳᠤᠰᠢ ᠶᠢ ᠦᠭᠡᠷᠡᠴᠢᠯᠡᠵᠦ᠂ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠬᠦᠳᠡᠯᠦᠩᠭᠦᠢ ᠪᠠᠶᠢᠳᠠᠯ ᠢ ᠡᠷᠬᠢᠭᠦᠯᠵᠦ᠂ ᠵᠠᠬᠢᠳᠠᠯ ᠰᠣᠷᠪᠤᠯᠵᠢᠯᠠᠭ᠎ᠠ ᠶᠢᠨ ᠠᠰᠠᠭᠤᠳᠠᠯ ᠠᠷᠪᠢᠨ ᠡᠭᠦᠰᠬᠦ᠂ ᠪᠡᠭᠡᠵᠢᠩ ᠳᠤ ᠣᠷᠤᠵᠤ ᠳᠡᠭᠡᠭᠰᠢ ᠰᠣᠷᠪᠤᠯᠵᠢᠯᠠᠬᠤ᠂ ᠣᠷᠤᠨ ᠳᠤ ᠬᠦᠷᠴᠤ ᠳᠡᠭᠡᠭᠰᠢ ᠰᠣᠷᠪᠤᠯᠵᠢᠯᠠᠬᠤ᠂ ᠬᠤᠲᠠ ᠳᠤ ᠬᠦᠷᠴᠤ ᠳᠡᠭᠡᠭᠰᠢ ᠰᠣᠷᠪᠤᠯᠵᠢᠯᠠᠬᠤ ᠳᠦᠷᠪᠡᠨ ᠭᠤᠣᠯ ᠭᠦᠢᠴᠡᠳᠭᠡᠯ ᠲᠤᠭ᠎ᠠ ᠶᠡᠭᠡ ᠬᠡᠮᠵᠢᠶ᠎ᠡ ᠪᠠᠷ ᠪᠠᠭᠤᠷᠠᠵᠤ᠂ ᠣᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠶᠢᠨ ᠡᠮᠬᠢ ᠳᠠᠷᠠᠭ᠎ᠠ ᠮᠡᠳᠡᠭᠳᠡᠮ᠎ᠡ ᠰᠠᠶᠢᠵᠢᠷᠠᠵᠤ ︽ᠳᠥᠷᠪᠡ ᠪᠠᠭᠤᠷᠠᠵᠤ᠂ ᠨᠢᠭᠡ ᠰᠠᠶᠢᠵᠢᠷᠠᠬᠤ︾ ᠰᠠᠶᠢᠨ ᠬᠠᠨᠳᠤᠰᠢ ᠲᠠᠢ ᠪᠣᠯᠵᠤ᠂ ᠪᠦᠬᠦ ᠬᠤᠲᠠ᠂ ᠪᠦᠬᠦ ᠣᠷᠤᠨ ᠤ ᠵᠠᠬᠢᠳᠠᠯ ᠰᠣᠷᠪᠤᠯᠵᠢᠯᠠᠭ᠎ᠠ ᠶᠢᠨ ᠲᠡᠷᠢᠭᠦᠨ ᠤ ᠡᠩᠨᠡᠭᠡᠨ ᠳᠤ ᠣᠷᠤᠵᠠᠢ᠃ 2015 ᠣᠨ ᠳᠤ  ᠂ ᠤᠯᠠᠭᠠᠨᠬᠠᠳᠠ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠳᠤ ᠲᠡᠷᠢᠭᠦᠨ ᠤ ᠣᠷᠤᠨ ᠪᠠ ᠵᠠᠬᠢᠳᠠᠯ ᠰᠣᠷᠪᠤᠯᠵᠢᠯᠠᠭ᠎ᠠ ᠶᠢᠨ ︽ᠭᠤᠷᠪᠠ ᠦᠭᠡᠢ︾ ᠰᠣᠮᠣ ᠰᠢᠶᠠᠩ ᠪᠠᠯᠭᠠᠰᠤ ᠶᠢᠨ ᠠᠵᠢᠯ ᠢ  ᠡᠭᠦᠳᠤᠨ ᠪᠠᠶᠢᠭᠤᠯᠬᠤ ᠲᠡᠷᠢᠭᠦᠨ ᠤ ᠣᠷᠤᠨ ᠢᠶᠠᠷ ᠦᠨᠡᠯᠡᠭᠳᠡᠪᠡ᠃      ﹇ᠡᠷᠬᠢᠯᠡᠭᠴᠢ﹈      ᠲᠡᠭᠡᠪᠡᠯ ᠫᠷᠦᠭᠷᠡᠮ ᠤᠨ ᠬᠠᠮᠤᠭ ᠰᠡᠭᠦᠯ ᠳᠤ᠂ ᠲᠠ ᠬᠡᠳᠤᠨ ᠰᠡᠳᠬᠢᠯ ᠤᠨ ᠦᠭᠡ ᠪᠠᠨ ᠬᠡᠯᠡᠵᠦ᠂ ᠲᠠᠨ ᠤ ᠵᠠᠬᠢᠳᠠᠯ ᠰᠣᠷᠪᠤᠯᠵᠢᠯᠠᠭ᠎ᠠ ᠶᠢᠨ ᠠᠵᠢᠯ ᠤᠨ ᠲᠣᠬᠠᠢ ᠣᠶᠢᠯᠠᠭᠠᠯᠲᠠ ᠪᠠᠨ ᠶᠠᠷᠢᠭᠠᠳ ᠦᠭᠨᠦ︖      ﹇ᠨᠠᠨ ᠵᠸᠡ ᠬᠤ᠋﹈      ᠮᠠᠨ ᠤ ᠶᠡᠷᠤ ᠳᠡᠭᠡᠨ ᠬᠡᠯᠡᠳᠡᠭ ︽ᠰᠣᠷᠪᠤᠯᠵᠢᠯᠠᠭ᠎ᠠ︾ ᠪᠣᠯ᠂ ᠪᠠᠭᠰᠢ ᠶᠢᠨ ᠭᠡᠷ ᠤᠨ ᠰᠣᠷᠪᠤᠯᠵᠢᠯᠠᠭ᠎ᠠ᠂ ᠲᠦᠷᠤᠯ ᠰᠠᠲᠤᠨ ᠨᠠᠶᠢᠵᠠ ᠨᠦᠬᠦᠷ ᠤᠨ ᠠᠭᠤᠯᠵᠠᠯᠭ᠎ᠠ᠂ ᠣᠷᠤᠨ ᠤ ᠬᠤᠭᠤᠷᠤᠨᠳᠤᠬᠢ ᠲᠣᠭᠤᠷᠢᠨ ᠰᠣᠷᠪᠤᠯᠵᠢᠯᠠᠬᠤ  ᠲᠠᠢ ᠠᠳᠠᠯᠢ᠂ ᠴᠦᠮ ᠢᠲᠡᠭᠡᠯ ᠠᠴᠠ ᠪᠣᠯᠵᠤ ᠰᠣᠯᠢᠯᠴᠠᠬᠤ᠂ ᠠᠰᠠᠭᠤᠳᠠᠯ ᠰᠢᠢᠳᠪᠤᠷᠢᠯᠡᠬᠦ᠂ ᠰᠠᠨᠠᠭ᠎ᠠ ᠰᠡᠳᠬᠢᠯᠭᠡ ᠪᠠᠨ ᠨᠡᠮᠡᠭᠳᠡᠭᠦᠯᠬᠦ ᠪᠠᠷ ᠵᠣᠷᠢᠯᠭ᠎ᠠ ᠪᠣᠯᠭᠠᠵᠠᠢ᠃ ᠵᠠᠬᠢᠳᠠᠯ ᠰᠣᠷᠪᠤᠯᠵᠢᠯᠠᠭ᠎ᠠ ᠶᠢᠨ ᠬᠦᠮᠦᠨ ᠵᠠᠬᠢᠳᠠᠯ ᠢᠷᠡᠭᠰᠡᠨ ᠴᠤ᠂ ᠢᠷᠡᠵᠤ ᠰᠣᠷᠪᠤᠯᠵᠢᠯᠠᠭᠰᠠᠨ ᠴᠤ᠂ ᠶᠠᠭᠤᠨ ᠤ ᠡᠮᠦᠨ᠎ᠡ ᠠᠴᠠ ᠵᠠᠰᠠᠭ ᠤᠨ ᠣᠷᠳᠣᠨ ᠳᠤ ᠢᠲᠡᠭᠡᠯ ᠡᠪᠤᠷᠯᠡᠵᠦ᠂ ᠮᠠᠨ ᠤ ᠳᠡᠲᠡᠨ ᠢ ᠬᠠᠪᠰᠤᠷᠴᠤ ᠠᠰᠠᠭᠤᠳᠠᠯ ᠰᠢᠢᠳᠪᠤᠷᠢᠯᠡᠬᠦ ᠶᠢ ᠬᠦᠰᠡᠨ᠎ᠡ᠃ ᠮᠠᠨ ᠤ ᠬᠢᠬᠦ ᠶᠠᠪᠤᠳᠠᠯ ᠪᠣᠯ ᠮᠠᠰᠢ ᠠᠮᠠᠷᠬᠠᠨ᠂ ᠨᠢᠭᠡ ᠨᠢ ᠠᠰᠠᠭᠤᠳᠠᠯ ᠰᠢᠢᠳᠪᠤᠷᠢᠯᠡᠨ᠎ᠡ᠂ ᠨᠦᠬᠦᠭᠡ ᠨᠢᠭᠡ ᠨᠢ ᠲᠦᠷᠤ ᠶᠢᠨ ᠪᠣᠳᠤᠯᠭ᠎ᠠ ᠶᠢ ᠲᠠᠶᠢᠯᠪᠤᠷᠢᠯᠠᠨ᠎ᠠ᠃ ᠠᠰᠠᠭᠤᠳᠠᠯ ᠰᠢᠢᠳᠪᠤᠷᠢᠯᠡᠬᠦ ᠳᠤ ᠭᠤᠣᠯ ᠨᠢ ᠰᠠᠨᠠᠭᠠᠴᠢᠯᠠᠭ᠎ᠠ ᠠᠴᠠ ᠤᠯᠠᠨ ᠢ ᠡᠷᠢᠵᠤ ᠳᠠᠭᠠᠭᠠᠨ ᠠᠪᠴᠤ ᠰᠢᠢᠳᠪᠤᠷᠢᠯᠡᠬᠦ᠂ ᠣᠯᠠᠨ ᠲᠦᠮᠡᠨ ᠤ ᠵᠠᠬᠢᠳᠠᠯ ᠰᠣᠷᠪᠤᠯᠵᠢᠯᠠᠭ᠎ᠠ ᠶᠢᠨ ᠠᠷᠭ᠎ᠠ ᠵᠠᠮ ᠢᠶᠠᠷ ᠳᠠᠮᠵᠢᠵᠤ ᠢᠯᠡᠳᠭᠡᠭᠰᠡᠨ ᠠᠰᠠᠭᠤᠳᠠᠯ ᠢ ᠴᠠᠭ ᠲᠣᠬᠠᠢ ᠳᠤᠨᠢ ᠰᠢᠢᠳᠪᠤᠷᠢᠯᠡᠬᠦ᠂ ᠨᠡᠶᠢᠲᠡ ᠶᠢᠨ ᠴᠢᠨᠠᠷ ᠲᠠᠢ ᠠᠰᠠᠭᠤᠳᠠᠯ ᠢ ᠶᠡᠭᠡ ᠬᠦᠴᠤ ᠣᠷᠤᠭᠤᠯᠵᠤ ᠰᠢᠢᠳᠪᠦᠷᠢᠯᠡᠬᠦ ᠪᠠᠷ ᠳᠠᠮᠵᠢᠪᠠᠯ᠂ ᠣᠯᠠᠩᠬᠢ ᠲᠣᠭᠠᠨ ᠤ ᠬᠦᠮᠦᠰ ᠬᠠᠩᠭᠠᠮᠵᠢᠲᠠᠢ ᠪᠠᠶᠢᠬᠤ ᠶᠢ ᠪᠠᠲᠤᠯᠠᠵᠤ ᠳᠡᠶᠢᠯᠦᠨ᠎ᠡ᠃ ᠲᠦᠷᠤ ᠶᠢᠨ ᠪᠣᠳᠤᠯᠭ᠎ᠠ ᠵᠡᠷᠭᠡ ᠰᠢᠯᠲᠠᠭᠠᠨ ᠠᠴᠠ ᠪᠣᠯᠵᠤ ᠰᠢᠢᠳᠪᠤᠷᠢᠯᠡᠬᠦ ᠳᠤ ᠬᠦᠴᠢᠷ ᠠᠰᠠᠭᠤᠳᠠᠯ ᠳᠤ᠂ ᠡᠷᠬᠡᠪᠰᠢ ᠶᠣᠰᠤᠨ ᠳᠤ ᠨᠡᠶᠢᠴᠡᠭᠰᠡᠨ ᠲᠠᠶᠢᠯᠪᠤᠷᠢ ᠬᠢᠵᠤ᠂ ᠤᠷᠮ᠎ᠠ ᠵᠣᠷᠢᠭ ᠢ ᠨᠢ ᠵᠢᠭᠠᠨ ᠵᠢᠯᠤᠭᠤᠳᠴᠤ᠂ ᠬᠠᠮᠲᠤ ᠶᠢᠨ ᠦᠵᠡᠯᠲᠡ ᠪᠣᠯᠵᠤ ᠲᠣᠬᠢᠷᠠᠯᠴᠠᠵᠤ᠂ ᠠᠵᠢᠯ ᠢᠶᠠᠨ ᠰᠠᠶᠢᠳᠤᠷ ᠬᠢᠳᠡᠭ ᠯᠠ ᠶᠤᠮ ᠪᠣᠯ᠂ ᠣᠯᠠᠨ ᠲᠦᠮᠡᠨ ᠣᠶᠢᠯᠠᠭᠠᠨ ᠬᠦᠯᠢᠶᠡᠨ ᠠᠪᠳᠠᠭ ᠶᠤᠮ᠃      ﹇ᠡᠷᠬᠢᠯᠡᠭᠴᠢ﹈      ᠲᠠ ᠮᠠᠨ ᠤ ᠰᠣᠷᠪᠤᠯᠵᠢᠯᠠᠭ᠎ᠠ ᠶᠢ ᠬᠦᠯᠢᠶᠡᠨ ᠠᠪᠤᠭᠰᠠᠨ ᠳᠤ ᠮᠠᠰᠢ ᠲᠠᠯᠠᠷᠬᠠᠵᠤ ᠪᠠᠶᠢᠨ᠎ᠠ᠂ ᠰᠦᠯᠵᠢᠶᠡᠨ ᠤ ᠠᠨᠳᠠ ᠨᠠᠷ ᠮᠠᠨ ᠳᠤ ᠠᠩᠬᠠᠷᠤᠯ ᠲᠠᠯᠪᠢᠭᠰᠠᠨ ᠳᠤ ᠲᠠᠯᠠᠷᠬᠠᠵᠤ ᠪᠠᠶᠢᠨ᠎ᠠ᠂ ᠪᠢᠳᠡ ᠳᠠᠷᠠᠭ᠎ᠠ ᠬᠤᠭᠤᠴᠠᠭᠠᠨ ᠤ ᠫᠷᠦᠭᠷᠡᠮ ᠳᠤ ᠠᠭᠤᠯᠵᠠᠶ᠎ᠠ᠃            
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号