ᠭᠠᠳᠠᠭᠠᠳᠤ ᠭᠦᠷᠤᠨ ᠤ ᠭᠡᠷ ᠤᠨ ᠰᠤᠷᠭᠠᠯ ᠤᠳ ᠠᠴᠠ
ᠨᠡᠶᠢᠲᠡᠯᠡᠭᠰᠡᠨ ᠴᠠᠭ᠄
2016/12/21
   1.ᠤᠴᠠᠷᠠᠭᠰᠠᠨ ᠬᠦᠮᠦᠨ ᠲᠠᠢ ᠪᠠᠨ ᠤᠷᠢᠳᠠᠪᠠᠷ ᠠᠮᠤᠷ ᠮᠡᠨᠳᠦ ᠠᠰᠠᠭᠤᠬᠤ᠂ ᠪᠣᠰᠤᠳ ᠤᠨ ᠬᠠᠪᠰᠤᠷᠤᠯᠭ᠎ᠠ ᠪᠠ ᠬᠠᠷᠠᠭᠠᠯᠵᠠᠯ ᠢ ᠬᠦᠷᠲᠡᠪᠡᠯ ᠡᠷᠬᠡᠪᠰᠢ ᠠᠮᠠ ᠪᠠᠷ ᠢᠶᠠᠨ ᠪᠣᠶᠣ ᠪᠢᠴᠢᠭ ᠤᠨ ᠬᠡᠯᠪᠡᠷᠢ ᠪᠠᠷ ᠲᠠᠯᠠᠷᠬᠠᠯ ᠢᠶᠠᠨ ᠳᠡᠪᠰᠢᠭᠦᠯᠬᠦ ᠂ ᠪᠣᠰᠤᠳ ᠲᠤ ᠶᠠᠷᠰᠢᠭ ᠲᠠᠲᠠᠪᠠᠯ ᠡᠷᠬᠡᠪᠰᠢ ᠳᠣᠣᠷ᠎ᠠ ᠨᠢ ᠤᠰᠦᠯ ᠬᠦᠯᠢᠶᠡᠨ᠎ᠡ᠃    2.ᠣᠯᠠᠨ ᠨᠡᠶᠢᠲᠡ ᠶᠢᠨ ᠲᠠᠯᠠᠪᠠᠢ ᠳᠤ ᠳᠣᠣᠷ᠎ᠠ ᠳᠠᠭᠤ ᠪᠠᠷ ᠦᠭᠡ ᠶᠠᠷᠢᠵᠤ᠂ ᠭᠤᠷᠪᠠᠳᠤᠭᠠᠷ ᠡᠲᠡᠭᠡᠳ ᠲᠤ ᠰᠣᠨᠤᠰᠳᠠᠬᠤ ᠦᠭᠡᠢ ᠪᠠᠶᠢᠬᠤ ᠬᠡᠷᠡᠭᠲᠡᠢ᠃    3.ᠠᠪᠤ ᠳᠠᠭᠠᠨ ᠬᠡᠯᠡᠬᠦ ᠳᠤᠷ᠎ᠠ ᠦᠭᠡᠢ ᠤᠴᠢᠷ ᠢ ᠡᠵᠢ ᠳᠡᠭᠡᠨ ᠬᠡᠯᠡᠬᠦ᠂ ᠡᠵᠢ ᠳᠡᠭᠡᠨ ᠬᠡᠯᠡᠬᠦ ᠳᠤᠷ᠎ᠠ ᠦᠭᠡᠢ ᠦᠭᠡ ᠶᠢ ᠠᠪᠤ ᠳᠠᠭᠠᠨ ᠬᠡᠯᠡᠨ᠎ᠡ᠃ ᠬᠤᠶᠠᠭᠤᠯᠠ ᠶᠢᠨ ᠠᠯᠢᠨ ᠳᠤᠨᠢ ᠬᠡᠯᠡᠬᠦ ᠦᠭᠡᠢ ᠪᠠᠶᠢᠵᠤ ᠪᠣᠯᠬᠤ ᠦᠭᠡᠢ᠃    4.ᠬᠤᠳᠠᠯ ᠬᠡᠯᠡᠵᠤ ᠬᠦᠮᠦᠨ ᠮᠡᠬᠡᠯᠡᠵᠦ ᠪᠣᠯᠬᠤ ᠦᠭᠡᠢ᠂ ᠡᠰᠡ ᠲᠡᠶᠢᠮᠦ ᠪᠣᠯ ᠴᠢ ᠨᠠᠶᠢᠵᠠ ᠨᠦᠬᠦᠳ ᠪᠠ ᠭᠡᠷ ᠤᠨ ᠬᠦᠮᠦᠰ ᠤᠨ ᠢᠶᠠᠨ ᠬᠠᠮᠤᠭ ᠤᠨ ᠡᠷᠬᠢᠮ ᠢᠲᠡᠭᠡᠯ ᠢ ᠠᠯᠳᠠᠵᠤ᠂ ᠨᠠᠰᠤᠨ ᠲᠣᠷᠰᠢᠲᠠ ᠬᠠᠷᠠᠮᠰᠠᠬᠤ ᠳᠤ ᠬᠦᠷᠤᠨ᠎ᠡ᠃    5.ᠬᠡᠷᠪᠡ ᠵᠠᠶᠢᠯᠠᠵᠤ ᠳᠡᠶᠢᠯᠬᠦ ᠦᠭᠡᠢ ᠵᠣᠳᠤᠭᠠᠨ ᠨᠦᠳᠤᠭᠡᠨ ᠳᠤ ᠲᠤᠯᠭᠠᠷᠠᠪᠠᠯ ᠪᠠᠭᠠᠵᠢ ᠬᠡᠷᠡᠭᠯᠡᠵᠦ ᠪᠣᠶᠣ ᠬᠠᠵᠠᠵᠤ ᠪᠣᠯᠬᠤ ᠦᠭᠡᠢ᠂ ᠨᠢᠳᠦ ᠶᠢ ᠨᠢ ᠴᠢᠴᠢᠵᠦ ᠪᠣᠯᠬᠤ ᠦᠭᠡᠢ᠂ ᠬᠡᠷᠪᠡ ᠡᠨᠡ ᠬᠡᠳᠤᠨ ᠲᠠᠯ᠎ᠠ ᠶᠢ ᠪᠡᠶᠡᠯᠡᠭᠦᠯᠵᠦ ᠳᠡᠶᠢᠯᠬᠦ ᠳᠤ ᠬᠦᠷᠪᠡᠯ ᠵᠣᠳᠤᠯᠴᠠᠵᠤ ᠪᠣᠯᠤᠨ᠎ᠠ᠃ ᠲᠡᠷᠡ ᠮᠦᠷᠲᠡᠭᠡᠨ ᠠᠪᠤ ᠨᠢ ᠴᠢᠨᠦ ᠢᠯᠠᠬᠤ ᠶᠢ ᠴᠢᠨᠢ ᠢᠲᠡᠭᠡᠵᠦ ᠪᠠᠶᠢᠨ᠎ᠠ᠃    6.ᠬᠡᠷᠪᠡ ᠪᠣᠰᠤᠳ ᠬᠦᠮᠦᠨ ᠴᠢᠮᠠᠶᠢ ᠬᠠᠯᠠᠭᠤᠮᠰᠤᠭ ᠢᠶᠠᠷ ᠬᠤᠭᠤᠯᠠᠨ ᠳᠤ ᠵᠣᠴᠢᠯᠠᠬᠤ ᠳᠤ ᠬᠦᠷᠪᠡᠯ ᠴᠢ ᠢᠳᠡᠬᠦ ᠳᠤᠷ᠎ᠠ ᠦᠭᠡᠢ ᠪᠣᠯ ᠢᠳᠡᠭᠡᠳ ᠴᠠᠳᠤᠭᠰᠠᠨ ᠭᠡᠵᠤ ᠬᠡᠯᠡᠨ᠎ᠡ᠃ ᠬᠠᠷᠢᠨ ︽ᠠᠮᠲᠠ ᠦᠭᠡᠢ︾ ᠭᠡᠵᠦ ᠬᠡᠯᠡᠵᠦ ᠶᠠᠭᠠᠬᠢᠭᠰᠠᠨ ᠴᠤ ᠪᠣᠯᠬᠤ ᠦᠭᠡᠢ᠃    7.ᠭᠠᠵᠠᠷ ᠤᠨᠠᠭᠰᠠᠨ ᠵᠣᠭᠤᠰ ᠢ ᠲᠡᠭᠦᠵᠦ ᠠᠪᠤᠭᠠᠳ ᠭᠡᠷ ᠲᠡᠭᠡᠨ ᠠᠪᠠᠴᠢᠵᠤ ᠬᠠᠳᠠᠭᠠᠯᠠᠵᠤ ᠪᠣᠯᠤᠨ᠎ᠠ᠃ ᠭᠡᠪᠡᠴᠤ ᠵᠣᠭᠤᠰᠤᠨ ᠪᠣᠭᠴᠣ ᠶᠢ ᠶᠠᠭᠠᠬᠢᠭᠰᠠᠨ ᠴᠤ ᠠᠪᠴᠤ ᠪᠣᠯᠬᠤ ᠦᠭᠡᠢ᠃    8.ᠶᠠᠮᠠᠷᠪᠠ ᠢᠳᠡᠭᠡᠨ ᠪᠠ ᠪᠣᠳᠠᠰ ᠴᠦᠮ ᠠᠮᠢ ᠨᠠᠰᠤ ᠲᠠᠢ᠂ ᠢᠳᠡᠬᠦ ᠰᠠᠨᠠᠭ᠎ᠠ ᠲᠠᠢ ᠪᠣᠯ ᠢᠳᠡᠵᠤ᠂ ᠢᠳᠡᠬᠦ ᠳᠤᠷ᠎ᠠ ᠦᠭᠡᠢ ᠪᠣᠯ ᠴᠣᠬᠢᠵᠤ ᠶᠠᠭᠠᠬᠢᠭᠰᠠᠨ ᠴᠤ ᠪᠣᠯᠬᠤ ᠦᠭᠡᠢ᠃    9.ᠵᠣᠬᠢᠰᠲᠠᠢ ᠦᠶ᠎ᠡ ᠳᠤ ᠬᠠᠮᠲᠤ ᠨᠡᠶᠢᠲᠡ ᠶᠢᠨ ᠰᠠᠨᠠᠯ ᠪᠠ ᠡᠷᠬᠡ ᠰᠦᠷᠲᠦ ᠰᠠᠨᠠᠯ ᠢ ᠰᠣᠨᠤᠰᠤᠨ᠎ᠠ᠃ ᠭᠡᠪᠡᠴᠤ ᠳᠣᠲᠤᠷ᠎ᠠ ᠪᠠᠨ ᠵᠠᠪᠠᠯ ᠦᠪᠡᠷ ᠤᠨ ᠢᠶᠠᠨ ᠪᠣᠳᠤᠯ ᠲᠠᠢ ᠪᠠᠶᠢᠬᠤ ᠬᠡᠷᠡᠭᠲᠡᠢ᠃   10.ᠬᠦᠮᠦᠨ ᠪᠦᠬᠦᠨ ᠴᠢᠮ᠎ᠠ ᠲᠠᠢ ᠨᠡᠷ᠎ᠡ ᠠᠳᠠᠯᠢ ᠦᠭᠡᠢ᠂  ᠵᠢᠰᠦ ᠴᠢᠷᠠᠢ ᠠᠳᠠᠯᠢ ᠦᠭᠡᠢ᠂ ᠡᠶᠢᠮᠦ ᠠᠴᠠ ᠪᠣᠰᠤᠳ ᠲᠠᠢ ᠪᠡᠶ᠎ᠡ ᠪᠠᠨ ᠠᠳᠠᠯᠢᠳᠬᠠᠬᠤ ᠬᠡᠷᠡᠭ ᠦᠭᠡᠢ᠃   11.ᠬᠡᠷᠪᠡ ᠠᠮᠢ ᠨᠠᠰᠤᠨ ᠳᠤ ᠴᠢᠨᠢ ᠠᠶᠤᠯ ᠲᠤᠯᠭᠠᠷᠠᠭᠰᠠᠨ ᠦᠶ᠎ᠡ ᠳᠤ ᠨᠦᠭᠦᠭᠡ ᠡᠲᠡᠭᠡᠳ ᠤᠷᠤᠭᠤ ᠶᠡᠭᠡ ᠳᠠᠭᠤᠨ ᠢᠶᠠᠷ ᠬᠠᠰᠭᠢᠷᠴᠤ ᠪᠣᠯᠤᠨ᠎ᠠ᠂ ᠬᠤᠳᠠᠯ ᠬᠡᠯᠡᠵᠦ ᠪᠣᠯᠤᠨ᠎ᠠ᠂ ᠬᠠᠵᠠᠵᠤ ᠪᠣᠯᠤᠨ᠎ᠠ᠂ ᠨᠢᠳᠦ ᠶᠢ ᠨᠢ ᠴᠢᠴᠢᠵᠦ ᠪᠣᠯᠣᠨ᠎ᠠ᠂ ᠦᠨ᠎ᠡ ᠦᠷᠳᠡᠭ ᠲᠠᠢ ᠶᠠᠭᠤᠮ᠎ᠠ ᠶᠢ ᠨᠢ ᠴᠣᠬᠢᠵᠤ ᠪᠠᠯᠪᠠᠵᠤ ᠪᠣᠯᠤᠨ᠎ᠠ᠂ ᠶᠠᠮᠠᠷᠪᠠ ᠶᠣᠰᠤ ᠳᠦᠷᠢᠮ ᠢ ᠴᠦᠮ ᠳᠠᠭᠠᠬᠤ ᠦᠭᠡᠢ ᠪᠠᠶᠢᠵᠤ ᠪᠣᠯᠤᠨ᠎ᠠ᠃ ᠤᠴᠢᠷ ᠨᠢ ᠴᠢᠨᠦ ᠠᠮᠢ ᠨᠠᠰᠤ ᠶᠠᠭᠤᠨ ᠠᠴᠠ ᠴᠤ ᠡᠷᠬᠢᠮ ᠶᠤᠮ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号