ᠴᠠᠰᠤ ᠮᠦᠰᠤᠨ ᠳᠤ ᠮᠠᠰᠢᠨ ᠲᠡᠷᠭᠡ ᠪᠠᠨ ᠬᠡᠷᠬᠢᠨ ᠠᠷᠠᠴᠢᠯᠠᠬᠤ ᠪᠣᠢ
ᠨᠡᠶᠢᠲᠡᠯᠡᠭᠰᠡᠨ ᠴᠠᠭ᠄
2016/12/27
    ᠡᠪᠤᠯ ᠤᠨ ᠴᠠᠭ ᠮᠠᠰᠢᠨ ᠲᠡᠷᠭᠡᠨ ᠤ ᠰᠢᠯ ᠳᠡᠭᠡᠷ᠎ᠡ ᠠᠮᠠᠷᠬᠠᠨ ᠮᠦᠰᠤ ᠬᠦᠯᠳᠡᠵᠦ᠂ ᠴᠡᠪᠡᠷᠯᠡᠵᠦ ᠠᠷᠢᠯᠭᠠᠬᠤ ᠳᠤ ᠬᠦᠴᠢᠷᠲᠡᠢ ᠪᠠᠶᠢᠳᠠᠭ᠂  ᠡᠭᠦᠨ ᠳᠤ ᠡᠮᠦᠨ᠎ᠡ ᠣᠷᠤᠢ ᠨᠢ ᠪᠦᠭᠡᠷᠡᠩᠬᠡᠢ ᠰᠤᠩᠬᠢᠨ᠎ᠠ ᠶᠢ ᠬᠡᠷᠴᠢᠭᠡᠳ  ᠬᠡᠷᠴᠢᠭᠰᠡᠨ ᠲᠠᠯ᠎ᠠ ᠪᠠᠷ ᠲᠡᠷᠭᠡᠨ ᠰᠢᠯ ᠢᠶᠠᠨ ᠵᠦᠯᠭᠦᠪᠡᠯ ᠴᠩᠳᠤᠬᠤ ᠠᠴᠠ ᠰᠡᠷᠭᠡᠶᠢᠯᠡᠵᠦ ᠴᠢᠳᠠᠨ᠎ᠠ᠃     ᠮᠠᠰᠢᠨ ᠲᠡᠷᠭᠡᠨ ᠤ ᠠᠷᠤ ᠬᠠᠷᠠᠭᠠᠨ ᠲᠣᠯᠢ ᠪᠠᠨ ᠰᠦᠯᠢᠶᠥᠦ ᠤᠭᠤᠲᠠ ᠪᠠᠷ ᠣᠷᠢᠶᠠᠵᠤ ᠪᠠᠬᠢᠯᠡᠨ ᠲᠣᠭᠲᠠᠭᠠᠨ ᠲᠠᠯᠪᠢᠪᠠᠯ ᠴᠠᠩᠳᠤᠬᠤ ᠠᠴᠠ ᠰᠡᠷᠭᠡᠶᠢᠯᠡᠵᠦ ᠴᠢᠳᠠᠨ᠎ᠠ᠃     ᠵᠦᠭᠡᠯᠡᠨ ᠪᠦᠰ ᠳᠡᠭᠡᠷ᠎ᠡ ᠭᠠᠳᠠᠷ ᠬᠡᠷᠡᠭᠯᠡᠬᠦ ᠰᠫᠢᠷᠲ ᠳᠤᠰᠤᠭᠠᠵᠤ ᠪᠣᠷᠤᠭᠠᠨ ᠤ ᠤᠰᠤ ᠶᠢᠨ ᠬᠤᠰᠤᠭᠤᠷ ᠢᠶᠠᠷ ᠵᠦᠯᠭᠦᠪᠡᠯ ᠲᠡᠷᠭᠡᠨ ᠰᠢᠯ ᠲᠠᠢ ᠪᠠᠷᠢᠯᠳᠤᠨ ᠬᠦᠯᠳᠡᠭᠦ ᠠᠴᠠ ᠰᠡᠷᠭᠡᠶᠢᠯᠡᠵᠦ ᠴᠢᠳᠠᠨ᠎ᠠ᠃     ᠲᠡᠷᠭᠡᠨ ᠣᠨᠢᠰᠤ ᠶᠢᠨ ᠨᠦᠬᠡ ᠳᠤ ᠮᠦᠰᠤ ᠪᠠᠷᠢᠯᠳᠤᠨ ᠬᠦᠯᠳᠡᠭᠰᠡᠨ ᠪᠠᠶᠢᠪᠠᠯ ᠲᠡᠷᠭᠡᠨ ᠲᠦᠯᠬᠢᠭᠦᠷ ᠢᠶᠠᠨ ᠬᠡᠳᠤ ᠬᠠᠯᠠᠭᠤᠯᠤᠭᠠᠳ ᠠᠯᠭᠤᠷ ᠢᠶᠠᠷ ᠲᠦᠯᠬᠢᠨ ᠣᠷᠤᠭᠤᠯᠪᠠᠯ ᠪᠣᠯᠴᠢᠬᠠᠨ᠎ᠠ᠃     ᠭᠠᠷ ᠲᠣᠷᠭᠤᠭᠤᠷ ᠬᠦᠯᠳᠡᠪᠡᠯ ᠨᠢᠭᠡᠳᠤᠭᠡᠷ ᠵᠠᠯᠭᠠᠯᠲᠠ ᠪᠣᠶᠤ ᠤᠬᠤᠷᠢᠬᠤ ᠵᠠᠯᠭᠠᠯᠲᠠ ᠶᠢ ᠵᠠᠯᠭᠠᠨ ᠲᠡᠷᠭᠡ ᠪᠠᠨ ᠠᠯᠭᠤᠷ ᠢᠶᠠᠷ ᠨᠠᠰᠢ ᠴᠠᠰᠢ ᠬᠦᠳᠡᠯᠭᠡᠨ᠎ᠡ᠂ ᠢᠩᠬᠢᠭᠡᠳ ᠪᠣᠯᠬᠤ ᠦᠭᠡᠢ ᠪᠣᠯ ᠦᠯᠢᠭᠦᠷ ᠢᠶᠠᠷ ᠲᠡᠷᠭᠡᠨ ᠤ ᠬᠤᠶᠢᠲᠤ ᠬᠤᠶᠠᠷ ᠬᠦᠷᠳᠤ ᠶᠢ ᠬᠦᠴᠤ ᠲᠠᠢ ᠬᠡᠳᠤ ᠢᠰᠭᠦᠯᠪᠡᠯ ᠪᠣᠯᠴᠢᠬᠠᠨ᠎ᠠ᠃     ᠲᠡᠷᠭᠡᠨ ᠬᠦᠷᠳᠤ ᠭᠠᠵᠠᠷ ᠲᠠᠢ ᠪᠠᠷᠢᠯᠳᠤᠨ ᠬᠦᠯᠳᠡᠭᠰᠡᠨ ᠦᠶ᠎ᠡ ᠳᠤ ᠬᠠᠷ᠎ᠠ ᠬᠦᠴᠤ ᠪᠠᠷ ᠲᠡᠷᠭᠡ ᠪᠠᠨ ᠬᠦᠳᠡᠯᠭᠡᠬᠦ ᠨᠢ ᠵᠣᠬᠢᠰ ᠦᠭᠡᠢ᠂ ᠬᠠᠷᠢᠨ ᠤᠷᠢᠳᠠᠪᠠᠷ ᠬᠦᠷᠵᠡ ᠪᠠᠷ ᠲᠡᠷᠭᠡᠨ ᠬᠦᠷᠲᠤ ᠶᠢᠨ ᠮᠦᠰᠤ ᠶᠢ ᠠᠷᠢᠯᠭᠠᠨ ᠴᠡᠪᠡᠷᠯᠡᠭᠰᠡᠨ ᠤ ᠳᠠᠷᠠᠭ᠎ᠠ ᠨᠢᠭᠡᠳᠤᠭᠡᠷ ᠵᠠᠯᠭᠠᠯᠲᠠ ᠪᠠ ᠤᠬᠤᠷᠢᠬᠤ ᠵᠠᠯᠭᠠᠯᠲᠠ ᠶᠢ ᠵᠠᠯᠭᠠᠵᠤ ᠲᠡᠷᠭᠡ ᠪᠠᠨ ᠠᠭᠠᠵᠢᠮᠬᠠᠨ ᠬᠦᠳᠡᠯᠭᠡᠬᠦ ᠬᠡᠷᠡᠭᠲᠡᠢ᠃
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号