ᠰᠢᠨᠵᠢᠯᠡᠬᠦ ᠤᠬᠠᠭᠠᠨ ᠤ ᠰᠢᠨ᠎ᠡ ᠮᠡᠳᠡᠭᠡ ᠵᠠᠩᠭᠢ
ᠨᠡᠶᠢᠲᠡᠯᠡᠭᠰᠡᠨ ᠴᠠᠭ᠄
2016/12/27
   ᠤᠶᠤᠨᠴᠢ ᠰᠡᠮᠡᠲᠡᠰᠤᠨ ᠣᠷᠢᠶᠠᠯᠲᠠ    ᠣᠶᠢᠷ᠎ᠠ ᠳᠤ᠂ ᠠᠩᠭ᠍ᠯᠢ ᠶᠢᠨ ᠰᠢᠨᠵᠢᠯᠡᠬᠦ ᠤᠬᠠᠭᠠᠨᠲᠠᠨ ᠨᠢᠭᠡᠨ ᠵᠤᠶᠢᠯ ᠤᠨ ᠤᠶᠤᠨᠴᠢ ᠰᠠᠮᠠᠲᠠᠰᠤᠨ ᠤᠷᠢᠶᠠᠯᠲᠠ ︵绷带︶ ᠶᠢ ᠰᠣᠳᠤᠯᠤᠨ ᠪᠦᠲᠤᠭᠡᠭᠰᠡᠨ ᠪᠠᠶᠢᠨ᠎ᠠ᠃ ᠰᠢᠷᠬᠠᠨ ᠠᠮᠠᠰᠠᠷ ᠬᠡᠷᠪᠡ ᠬᠦᠨᠳᠦᠷᠡᠭᠰᠡᠨ ᠪᠠᠶᠢᠳᠠᠯ ᠲᠠᠢ ᠪᠠᠶᠢᠪᠠᠯ ᠰᠡᠮᠡᠳᠡᠰᠤᠨ ᠣᠷᠢᠶᠠᠯᠲᠠ ᠨᠢ ᠳᠠᠷᠤᠢ ᠤᠷᠢᠳᠴᠢᠯᠠᠨ ᠰᠡᠷᠡᠮᠵᠢᠯᠡᠭᠦᠯᠵᠦ᠂ ᠬᠢᠯᠠᠭᠠᠷ ᠰᠢᠷ᠎ᠠ ᠦᠩᠭᠡᠲᠡᠢ ᠪᠣᠯᠤᠨ᠎ᠠ᠃ ᠰᠢᠨᠵᠢᠯᠡᠬᠦ ᠤᠬᠠᠭᠠᠨᠲᠠᠨ ᠲᠤᠰ ᠰᠡᠮᠡᠳᠡᠰᠤᠨ ᠣᠷᠢᠶᠠᠯᠲᠠ ᠶᠢ ᠰᠣᠳᠤᠯᠤᠨ ᠪᠦᠲᠦᠭᠡᠭᠰᠡᠨ ᠤ ᠵᠣᠷᠢᠯᠭ᠎ᠠ  ᠨᠢ ᠬᠦᠨᠳᠦ ᠨᠣᠴᠢᠲᠠᠢ ᠰᠢᠷᠬᠠᠨ ᠠᠮᠠᠰᠠᠷ ᠤᠨ ᠬᠠᠯᠳᠠᠪᠦᠷᠢᠯᠠᠯ ᠢ ᠬᠤᠷᠢᠭᠯᠠᠨ ᠵᠣᠭᠰᠤᠭᠠᠵᠤ᠂ ᠰᠢᠷᠬ᠎ᠠ ᠰᠣᠷᠪᠢ ᠪᠣᠯᠬᠤ ᠶᠢ ᠪᠠᠭᠠᠰᠬᠠᠵᠤ᠂ ᠡᠪᠡᠳᠴᠢᠲᠡᠨ ᠢ ᠠᠯᠢ ᠲᠦᠷᠭᠡᠨ ᠢᠶᠠᠷ ᠡᠷᠡᠭᠦᠯᠵᠢᠭᠦᠯᠵᠦ᠂ ᠠᠩᠭ᠍ᠯᠢ ᠶᠢᠨ ᠤᠯᠤᠰ ᠠᠷᠠᠳ ᠤᠨ ᠡᠷᠡᠭᠦᠯ ᠮᠡᠨᠳᠦ ᠶᠢᠨ ᠳᠠᠭᠠᠳᠬᠠᠯ ᠤᠨ ᠵᠠᠷᠤᠯᠭ᠎ᠠ ᠶᠢ ᠠᠷᠪᠢᠯᠠᠬᠤ ᠶᠢᠨ ᠲᠦᠯᠦᠭᠡ ᠶᠤᠮ᠃    ᠳᠣᠷᠬᠢᠯᠲᠠ ᠶᠢ ᠬᠡᠮᠵᠢᠵᠦ ᠳᠡᠶᠢᠯᠬᠦ ᠮᠣᠳᠧᠯ    ᠠᠮᠧᠷᠢᠺᠠ ᠶᠢᠨ ᠮᠠᠷᠱᠧᠨ ᠪᠠᠶᠢᠭᠠᠯᠢ ᠶᠢᠨ ᠰᠢᠨᠵᠢᠯᠡᠬᠦ ᠤᠬᠠᠭᠠᠨ ᠤ ᠶᠡᠭᠡ ᠰᠤᠷᠭᠠᠭᠤᠯᠢ ᠶᠢᠨ  ᠰᠣᠳᠤᠯᠭᠠᠲᠠᠳ ᠨᠢᠭᠡᠨ ᠵᠤᠶᠢᠯ ᠤᠨ ᠬᠡᠮᠵᠢᠨ ᠪᠣᠳᠤᠬᠤ ᠮᠣᠳᠧᠯ ︵模块︶ ᠢ ᠰᠣᠳᠤᠯᠤᠨ ᠪᠦᠲᠤᠭᠡᠭᠰᠡᠨ ᠪᠠᠶᠢᠨ᠎ᠠ᠃ ᠲᠡᠷᠡ ᠨᠢ ᠪᠠᠷᠢᠯᠭ᠎ᠠ ᠶᠢᠨ ᠣᠷᠴᠢᠨ ᠲᠣᠭᠤᠷᠢᠨ ᠤ ᠳᠣᠷᠬᠢᠯᠲᠠ ᠶᠢᠨ ᠳ᠋ᠠᠶᠢᠲ᠋ᠠ ᠶᠢ ᠵᠠᠳᠠᠯᠤᠨ ᠰᠢᠨᠵᠢᠯᠡᠵᠦ᠂ ᠪᠠᠷᠢᠯᠭ᠎ᠠ ᠶᠢᠨ ᠡᠪᠳᠡᠷᠡᠵᠦ ᠬᠠᠭᠠᠷᠠᠭᠰᠠᠨ ᠬᠡᠮᠵᠢᠶ᠎ᠡ ᠪᠣᠶᠣ ᠮᠧᠬᠠᠨᠢᠭ ᠬᠤᠪᠢᠷᠠᠯ ᠤᠨ ᠬᠦᠴᠦᠯᠡᠴᠡ ᠶᠢ ᠪᠠᠶᠢᠴᠠᠭᠠᠨ ᠬᠡᠮᠵᠢᠵᠦ ᠴᠢᠳᠠᠳᠠᠭ ᠪᠠᠶᠢᠨ᠎ᠠ᠃ ᠲᠡᠷᠡ ᠨᠢ ᠶᠠᠮᠠᠷ ᠨᠢᠭᠡᠨ ᠪᠠᠷᠢᠯᠭ᠎ᠠ ᠡᠪᠳᠡᠷᠡᠵᠦ ᠬᠤᠬᠢᠷᠠᠮᠠᠭᠴᠠ ᠲᠡᠭᠦᠨ ᠤ ᠰᠢᠰᠲ᠋ᠧᠮ ᠳᠣᠳᠤᠷ᠎ᠠ ᠦᠳᠲᠡᠷ ᠲᠦᠷᠭᠡᠨ ᠢᠯᠡᠳᠭᠡᠨ ᠭᠠᠷᠭᠠᠳᠠᠭ ᠪᠠᠶᠢᠨ᠎ᠠ᠃ ᠡᠨᠡ ᠨᠢ ᠪᠠᠷᠢᠯᠭ᠎ᠠ ᠶᠢᠨ ᠪᠡᠶ᠎ᠡ ᠳᠤ ᠨᠢᠭᠡᠨ ︽ᠲᠠᠷᠢᠬᠢ︾ ᠲᠠᠭᠠᠷᠠᠭᠤᠯᠤᠭᠰᠠᠨ ᠲᠠᠢ ᠠᠳᠠᠯᠢ ᠪᠠᠶᠢᠵᠤ᠂ ᠲᠡᠭᠦᠨ ᠢ ᠦᠪᠡᠷ ᠢᠶᠠᠨ ᠳᠣᠳᠤᠭᠠᠳᠤ ᠬᠤᠪᠢᠷᠠᠯᠲᠠ ᠶᠢ ᠨᠢ ︽ᠰᠡᠷᠡᠨ‌ᠮᠡᠳᠡᠷᠡᠳᠡᠭ︾ ᠪᠠᠶᠢᠨ᠎ᠠ᠃    ᠰᠢᠨ᠎ᠡ ᠬᠡᠯᠪᠡᠷᠢ ᠶᠢᠨ ᠬᠤᠮᠵᠢᠶ᠎ᠠ    ᠠᠮᠧᠷᠢᠺᠠ ᠶᠢᠨ ᠰᠢᠨᠵᠢᠯᠡᠬᠦ ᠤᠬᠠᠭᠠᠨᠲᠠᠨ ᠨᠢᠭᠡᠨ ᠵᠤᠶᠢᠯ ᠤᠨ ᠰᠢᠨ᠎ᠡ ᠬᠡᠯᠪᠡᠷᠢ ᠮᠠᠶ᠋ᠢᠭ ᠤᠨ ᠡᠮᠲᠤ ᠪᠣᠳᠠᠰ ᠤᠨ ᠠᠴᠢᠶᠠᠯᠠᠪᠤᠷᠢ ᠶᠢ ᠰᠣᠳᠤᠯᠤᠨ ᠪᠦᠲᠤᠭᠡᠭᠰᠡᠨ ᠪᠠᠶᠢᠨ᠎ᠠ᠃ ᠲᠡᠭᠦᠨ ᠢ ᠤᠤᠭᠤᠵᠤ ᠣᠷᠤᠭᠤᠯᠤᠭᠰᠠᠨ ᠤ ᠬᠤᠶᠢᠨ᠎ᠠ ᠬᠤᠳᠤᠭᠤᠳᠤᠨ ᠳᠣᠲᠤᠷ᠎ᠠ ᠬᠤᠶᠠᠷ ᠭᠠᠷᠠᠭ ︽ᠠᠵᠢᠯᠯᠠᠵᠤ︾ ᠢᠳᠡᠭ ᠢᠳᠡᠭ ᠢᠶᠠᠷ ᠡᠮ ᠢ ᠲᠠᠯᠪᠢᠨ ᠭᠠᠷᠭᠠᠳᠠᠭ ᠪᠠᠶᠢᠨ᠎ᠠ᠃ ᠡᠨᠡᠬᠦ ᠵᠤᠶᠢᠯ ᠤᠨ ᠬᠤᠮᠵᠢᠶ᠎ᠠ ᠨᠢ ᠵᠢᠷᠭᠤᠭᠠᠨ ᠬᠤᠪᠢᠶᠠᠷᠢ ᠰᠠᠯᠠᠭ᠎ᠠ ᠪᠦᠬᠦᠢ ᠡᠮᠲᠤ ᠪᠣᠳᠠᠰ ᠤᠨ ᠠᠴᠢᠶᠠᠯᠠᠪᠤᠷᠢ ᠶᠢ ᠪᠠᠭᠲᠠᠭᠠᠳᠠᠭ ᠪᠠᠶᠢᠨ᠎ᠠ᠃    ᠬᠤᠮᠵᠢᠶ᠎ᠠ ᠨᠢ ᠬᠤᠳᠤᠭᠤᠳᠤᠨ ᠳᠣᠳᠤᠷ᠎ᠠ ᠣᠷᠤᠭᠠᠳ ᠬᠤᠳᠤᠭᠤᠳᠤᠨ ᠬᠦᠴᠢᠯ ᠳᠤ ᠵᠠᠳᠠᠷᠠᠭᠤᠯᠤᠭᠳᠠᠭᠰᠠᠨ ᠤ ᠬᠤᠶᠢᠨ᠎ᠠ᠂ ᠰᠠᠯᠪᠤᠷᠢ ᠰᠠᠯᠠᠭ᠎ᠠ ᠨᠢ ᠨᠢᠭᠡᠨ ᠣᠳᠤᠨ ᠤ ᠬᠡᠯᠪᠡᠷᠢ ᠪᠠᠷ ᠳᠡᠯᠭᠡᠭᠳᠡᠨ᠎ᠡ᠂ ᠲᠦᠯᠦᠪ ᠪᠠᠶᠢᠳᠠᠯ ᠨᠢ ᠵᠢᠷᠭᠤᠭᠠᠨ ᠦᠨᠴᠦᠭᠲᠦ ᠴᠠᠰᠤᠨ ᠯᠠᠪᠠᠢ ᠮᠡᠲᠤ ᠪᠠᠶᠢᠳᠠᠭ᠃ ᠲᠡᠭᠦᠨ ᠤ ᠶᠡᠭᠡ ᠪᠠᠭ᠎ᠠ ᠨᠢ ᠬᠡᠮᠵᠢᠶᠡᠨ ᠳᠡᠭᠡᠨ ᠰᠢᠩᠭᠡᠭᠡᠯᠲᠡ ᠶᠢᠨ ᠵᠠᠮ ᠳᠤ ᠤᠯᠠᠮ ᠨᠢᠭᠡ ᠠᠯᠬᠤᠮ ᠳᠠᠭᠠᠷᠢᠵᠤ ᠣᠷᠤᠬᠤ ᠦᠭᠡᠢ ᠮᠦᠷᠲᠡᠭᠡᠨ ᠪᠠᠰᠠ ᠰᠢᠩᠭᠡᠭᠡᠯᠲᠡ ᠶᠢᠨ ᠰᠢᠰᠲ᠋ᠧᠮ ᠳᠤ ᠬᠠᠷᠰᠢ ᠰᠠᠭᠠᠳ ᠪᠣᠯᠬᠤ ᠪᠠᠷ ᠦᠭᠡᠢ ᠪᠠᠶᠢᠳᠠᠭ᠃    ᠨᠢᠯᠬ᠎ᠠ ᠬᠡᠥᠭᠡᠳ ᠤᠨ ᠬᠤᠷᠤᠭᠤᠨ ᠣᠷᠤᠮ ᠢ ᠠᠪᠬᠤ ᠪᠠᠭᠠᠵᠢ    ᠶᠠᠫᠤᠨ ᠤ ᠴᠠᠬᠢᠯᠭᠠᠨ ᠬᠦᠴᠤᠨ ᠤ ᠬᠤᠪᠢ ᠣᠷᠤᠭᠤᠯᠤᠭᠰᠠᠨ ᠺᠣᠮᠫᠠᠨᠢ ᠶᠢᠨ ᠬᠢᠨ ᠳᠡᠯᠡᠭᠡᠢ ᠶᠢᠨ ᠠᠩᠬᠠᠳᠠᠭᠴᠢ ᠨᠢᠯᠬ᠎ᠠ ᠬᠡᠥᠭᠡᠳ ᠤᠨ ᠬᠤᠷᠤᠭᠤᠨ ᠣᠷᠤᠮ ︵ᠬᠡ᠂ ᠵᠢᠷᠤᠭᠠᠰᠤ ᠪᠠᠰᠠ ᠪᠣᠯᠤᠨ᠎ᠠ︶  ᠢ ᠬᠤᠷᠢᠶᠠᠨ ᠴᠤᠭᠯᠠᠭᠤᠯᠬᠤ ᠳᠦᠷᠰᠤ ᠰᠢᠩᠭᠡᠭᠡᠬᠦ ᠲᠣᠨᠤᠭᠯᠠᠯ ᠤᠨ ᠦᠯᠢᠭᠡᠷ ᠮᠠᠰᠢᠨ ᠢ ᠤᠶᠢᠯᠡᠳᠤᠨ ᠭᠠᠷᠭᠠᠭᠰᠠᠨ ᠪᠠᠶᠢᠨ᠎ᠠ᠃ ᠲᠤᠰ ᠲᠣᠨᠤᠭ ᠲᠦᠭᠦᠭᠡᠷᠤᠮᠵᠢ ᠶᠢᠨ ᠤᠷᠲᠤ ᠨᠢ 72 ᠮᠢᠯᠯᠢᠮᠧᠲᠷ᠂ GPU ᠴᠠᠬᠢᠯᠭᠠᠨ ᠬᠠᠩᠭᠠᠬᠤ ᠠᠷᠭ᠎ᠠ ᠶᠢ ᠬᠡᠷᠡᠭᠯᠡᠨ᠂ ᠪᠦᠬᠦ ᠬᠦᠨᠳᠦ ᠶᠢᠨ ᠬᠡᠮᠵᠢᠶ᠎ᠡ ᠨᠢ 50 ᠭᠷᠡᠮ ᠠᠴᠠ ᠬᠡᠲᠦᠷᠡᠬᠦ ᠦᠭᠡᠢ︔ ᠰᠢᠯᠭᠠᠬᠤ ᠬᠦᠮᠤᠰ ᠨᠢ ᠨᠢᠯᠬ᠎ᠠ ᠬᠡᠥᠭᠡᠳ ᠤᠨ ᠬᠤᠷᠤᠭᠤ ᠶᠢ ᠨᠦᠯᠦᠭᠡᠯᠡᠯᠴᠡᠭᠦᠷ ᠤᠨ ᠭᠠᠳᠠᠷᠭᠤ ᠳᠡᠭᠡᠷ᠎ᠡ ᠲᠠᠯᠪᠢᠪᠠᠯ᠂ ᠬᠤᠷᠤᠭᠤᠨ ᠣᠷᠤᠮ ᠢ ᠤᠷᠢᠳᠴᠢᠯᠠᠨ ᠦᠵᠡᠭᠦᠯᠬᠦ ᠵᠢᠷᠤᠭ ᠳᠦᠷᠰᠤ ᠨᠢ ᠳᠠᠷᠤᠢ ᠡᠯᠧᠺᠲᠷᠤᠨ ᠳᠡᠯᠭᠡᠴᠡ ᠳᠡᠭᠡᠷ᠎ᠡ ᠢᠯᠡᠳᠭᠡᠳᠡᠭ ᠪᠠᠶᠢᠨ᠎ᠠ᠃                                                            ᠲᠦᠮᠬᠠᠦ᠋ᠯᠵᠡᠢ  
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号