ᠰᠢᠨᠵᠢᠯᠡᠬᠦ ᠤᠬᠠᠭᠠᠨ ᠤ ᠰᠢᠨ᠎ᠡ ᠮᠡᠳᠡᠭᠡ ᠵᠠᠩᠭᠢ
ᠨᠡᠶᠢᠲᠡᠯᠡᠭᠰᠡᠨ ᠴᠠᠭ᠄
2016/12/7
      ᠤᠶᠤᠨᠴᠢ ᠮᠦᠷᠳᠡᠭᠦᠷ      ᠹᠷᠠᠨᠼᠢ ᠶᠢᠨ ᠨᠢᠭᠡᠨ ᠺᠣᠮᠫᠠᠨᠢ ᠶᠢᠨ ᠬᠢᠨ ᠣᠶᠢᠷ᠎ᠠ ᠳᠤ ᠨᠢᠭᠡᠨ ᠤᠶᠤᠨᠴᠢ ᠮᠦᠷᠳᠡᠭᠦᠷ ᠢ ᠡᠭᠦᠳᠤᠨ ᠪᠦᠲᠤᠭᠡᠭᠰᠡᠨ ᠪᠠᠶᠢᠨ᠎ᠠ᠃ ᠡᠨᠡᠬᠦ ᠤᠶᠢᠯᠡᠳᠬᠦᠨ ᠨᠢ ᠲᠣᠭᠤᠷᠢᠭ ᠬᠡᠯᠪᠡᠷᠢᠲᠡᠢ᠂ ᠳ᠋ᠢᠶᠠᠮᠧᠲᠷ ᠨᠢ ᠵᠦᠪᠬᠡᠨ 3.3 ᠰᠡᠨᠲ᠋ᠢᠮᠧᠲᠷ᠂ ᠵᠤᠵᠠᠭᠠᠨ ᠤ ᠬᠡᠮᠵᠢᠶ᠎ᠡ ᠨᠢ ᠵᠦᠪᠬᠡᠨ0.35 ᠰᠡᠨᠲ᠋ᠢᠮᠧᠲᠷ ᠪᠠᠶᠢᠬᠤ ᠶᠢᠨ ᠬᠠᠮᠲᠤ ᠪᠠᠰᠠ ᠲᠦᠯᠬᠢᠭᠦᠷ ᠤᠨ ᠴᠠᠭᠠᠷᠢᠭ ᠤᠨ ᠰᠡᠯᠪᠢᠭᠡᠰᠤ ᠲᠠᠢ ᠪᠠᠶᠢᠵᠤ᠂ ᠵᠣᠭᠤᠰᠤᠨ ᠪᠣᠭᠴᠣ᠂ ᠡᠭᠦᠷᠬᠦ ᠪᠣᠭᠴᠤᠨ ᠠᠴᠠ ᠪᠠᠨ ᠳᠡᠭᠦᠵᠢᠯᠡᠵᠦ ᠪᠣᠯᠳᠠᠭ᠃ ᠬᠤᠯᠪᠤᠭᠳᠠᠯ ᠪᠦᠬᠦᠢ ᠵᠦᠭᠡᠯᠡᠨ ᠲᠣᠨᠤᠭ ᠬᠢᠭᠡᠳ ᠬᠦᠬᠡ ᠰᠢᠳᠤᠨ ᠲᠣᠨᠤᠭ ︵蓝牙︶᠎ ᠢᠶᠠᠷ ᠳᠠᠮᠵᠢᠭᠤᠯᠪᠠᠯ᠂ ᠲᠡᠭᠦᠨ ᠤ ᠮᠦᠷᠳᠡᠬᠦ ᠵᠠᠢ ᠨᠢ 30.48 ᠮᠧᠲᠷ ᠲᠤ ᠬᠦᠷᠴᠤ᠂ ᠲᠠ ᠬᠡᠷᠪᠡ ᠨᠠᠨᠳᠢᠨ ᠵᠤᠶᠢᠯ ᠢᠶᠠᠨ ᠺᠣᠹᠧ ᠤᠨ ᠮᠣᠬᠤᠯᠠᠭ᠂ ᠬᠤᠭᠤᠯᠠᠨ ᠭᠡᠷ ᠪᠣᠶᠤ ᠬᠡᠳᠤ ᠳᠡᠯᠭᠡᠭᠦᠷ ᠲᠤ ᠮᠠᠷᠲᠠᠵᠤ ᠣᠷᠬᠢᠭᠰᠠᠨ ᠴᠤ ᠬᠠᠮᠢᠶ᠎ᠠ ᠦᠭᠡᠢ᠂ ᠲᠡᠶᠢᠮᠦ ᠬᠡᠳᠤ ᠬᠤᠯᠠ ᠶᠠᠪᠤᠭᠰᠠᠨ ᠦᠭᠡᠢ ᠪᠠᠶᠢᠳᠠᠯ ᠤᠨ ᠳᠣᠣᠷ᠎ᠠ᠂ ᠲᠠ ᠲᠡᠭᠦᠨ ᠤ ᠣᠨᠤᠪᠴᠢᠲᠠᠢ ᠪᠠᠶᠢᠷᠢ ᠰᠠᠭᠤᠷᠢ ᠶᠢ ᠮᠦᠷᠳᠡᠨ ᠣᠯᠵᠤ ᠪᠣᠯᠳᠠᠭ ᠪᠠᠶᠢᠨ᠎ᠠ᠃       ᠰᠣᠨᠢᠨ ᠵᠢᠭᠲᠡᠢ ︽ᠡᠯᠢᠭᠡᠪᠴᠢ︾      ᠠᠮᠧᠷᠢᠺᠠ ᠶᠢᠨ ᠪᠧᠷᠧ ᠡᠮᠨᠡᠯᠭᠡ ᠶᠢᠨ ᠳᠡᠭᠡᠳᠤ ᠰᠤᠷᠭᠠᠭᠤᠯᠢ ᠶᠢᠨ ᠰᠣᠳᠤᠯᠭᠠᠲᠠᠨ ᠨᠢᠭᠡᠨ VEST ᠬᠡᠮᠡᠬᠦ ᠨᠡᠷ᠎ᠡ ᠲᠠᠢ ᠨᠢᠭᠡᠨ ︽ᠡᠯᠢᠭᠡᠪᠴᠢ︾᠎ ᠶᠢ ᠬᠢᠵᠤ ᠪᠦᠲᠤᠭᠡᠭᠰᠡᠨ ᠪᠠᠶᠢᠨ᠎ᠠ᠃ ᠪᠢᠴᠢᠯ ᠬᠡᠯᠪᠡᠷᠢ ᠶᠢᠨ 32 ᠴᠠᠬᠢᠯᠭᠠᠨ ᠮᠠᠰᠢᠨ ᠢᠶᠠᠷ ᠳᠠᠮᠵᠢᠭᠤᠯᠤᠨ᠂ ᠲᠡᠷᠡ ᠨᠢ ᠳᠠᠭᠤᠨ ᠳᠣᠯᠭᠢᠶᠠᠨ ᠢ ᠵᠣ ᠨᠢᠷᠤᠭᠤ ᠶᠢᠨ ᠬᠡᠰᠡᠭ ᠲᠤ ᠰᠡᠷᠡᠭᠳᠡᠬᠦ ᠲᠣᠷᠬᠢᠯᠲᠠ ᠪᠣᠯᠭᠠᠨ ᠦᠭᠡᠷᠡᠴᠢᠯᠡᠳᠡᠭ ᠪᠠᠶᠢᠨ᠎ᠠ᠃ ᠪᠣᠯᠪᠠᠰᠤᠷᠠᠯ ᠢᠶᠠᠷ ᠳᠠᠮᠵᠢᠭᠤᠯᠤᠨ ᠶᠡᠭᠡ ᠲᠠᠷᠢᠬᠢ ᠨᠢ ᠦᠪᠡᠷ ᠤᠨ ᠡᠷᠬᠡ ᠦᠭᠡᠢ ᠢᠷᠡᠬᠦ ᠳᠣᠯᠬᠢᠶᠠᠨ ᠢ ᠳᠠᠭᠤ ᠪᠣᠯᠭᠠᠨ ᠣᠩᠰᠢᠨ ᠣᠶᠢᠯᠠᠭᠠᠳᠠᠭ ᠤᠨ ᠳᠠᠭᠠᠥ ᠳᠠᠭᠤ ᠶᠢ ᠳᠠᠬᠢᠨ ᠣᠩᠰᠢᠨ ᠲᠠᠶᠢᠯᠵᠤ ᠦᠭᠡ ᠶᠠᠷᠢᠶᠠᠨ ᠤ ᠳᠣᠳᠤᠷᠠᠬᠢ ᠳᠠᠩ ᠦᠭᠡᠰ ᠪᠣᠯᠭᠠᠨ ᠣᠩᠰᠢᠨ ᠲᠠᠶᠢᠯᠵᠤ ᠣᠶᠢᠯᠠᠭᠠᠳᠠᠭ ᠪᠠᠶᠢᠨ᠎ᠠ᠃ ᠡᠭᠦᠨ ᠤ ᠤᠯᠠᠮ ᠠᠴᠠ ᠰᠣᠨᠤᠷ ᠢᠶᠠᠨ ᠠᠯᠳᠠᠭᠰᠠᠨ ᠬᠦᠮᠦᠰ ᠢ ᠲᠤᠰᠠᠯᠠᠵᠤ ᠰᠣᠨᠤᠰᠴᠤ ᠲᠦᠭᠦᠭᠡᠷᠡᠭᠦᠯᠳᠡᠭ ᠪᠠᠶᠢᠨ᠎ᠠ᠃       ᠦᠨᠢᠶᠡᠨ ᠰᠦ ᠪᠠᠷ ᠦᠢᠯᠡᠳᠦᠭᠰᠡᠨ ᠰᠦᠯᠢᠶᠥᠦ ᠪᠦᠷᠬᠦᠭᠦᠯ      ᠠᠮᠧᠷᠢᠺᠠ ᠶᠢᠨ ᠰᠣᠳᠤᠯᠭᠠᠲᠠᠨ ᠶᠠᠭ ᠰᠠᠶᠢᠬᠠᠨ ᠨᠢᠭᠡᠨ ᠦᠨᠢᠶᠡᠨ ᠰᠦ ᠪᠠᠷ ᠤᠶᠢᠯᠡᠳᠤᠨ ᠭᠠᠷᠭᠠᠭᠰᠠᠨ ᠰᠢᠨ᠎ᠡ ᠰᠤᠷᠭᠤᠭ ᠢᠶᠠᠷ ᠬᠠᠳᠠᠭᠠᠯᠠᠬᠤ ᠰᠦᠯᠢᠶᠣᠣ ᠪᠦᠷᠬᠦᠭᠦᠯ ᠢ ᠵᠣᠬᠢᠶᠠᠵᠤ ᠪᠣᠢ᠃ ᠲᠡᠷᠡ ᠨᠢ ᠠᠮᠤᠷ ᠲᠦᠪᠰᠢᠨ᠂ ᠣᠷᠴᠢᠨ ᠲᠣᠭᠤᠷᠢᠨ ᠢ ᠬᠠᠮᠠᠭᠠᠯᠠᠬᠤ ᠪᠦᠭᠡᠳ ᠴᠢᠨᠠᠭᠰᠢᠯᠠᠪᠠᠯ ᠢᠳᠡᠵᠤ ᠪᠣᠯᠳᠠᠭ ᠪᠠᠶᠢᠨ᠎ᠠ᠃ ᠲᠡᠭᠦᠨ ᠤ ᠲᠦᠭᠦᠬᠡᠢ ᠮᠠᠲ᠋ᠧᠷᠢᠶᠠᠯ ᠎ ᠨᠢ ᠦᠨᠢᠶᠡᠨ ᠰᠦ ᠳᠣᠳᠤᠷ᠎ᠠ ᠲᠣᠨᠤᠵᠤ ᠪᠦᠷᠢᠯᠳᠦᠭᠰᠡᠨ ᠤᠭᠤᠷᠠᠭ ᠪᠣᠯᠤᠨ᠎ᠠ᠃ ᠲᠡᠭᠦᠨ ᠤ ᠬᠦᠴᠢᠯᠳᠦ᠋ᠷᠦᠭᠴᠢ ᠶᠢ ᠬᠦᠨᠳᠡᠶᠢᠷᠡᠭᠦᠯᠬᠦ ᠴᠢᠳᠠᠪᠤᠷᠢ ᠨᠢ ᠡᠩ ᠤᠨ ᠰᠢᠨ᠎ᠡ ᠰᠤᠷᠭᠤᠭ ᠢᠶᠠᠷ ᠬᠠᠳᠠᠭᠠᠯᠠᠬᠤ ᠰᠦᠯᠢᠶᠥᠦ ᠪᠦᠷᠬᠦᠭᠦᠯ ᠤᠨ 500 ᠳᠠᠬᠢᠨ ᠪᠠᠶᠢᠳᠠᠭ᠃       ︽ᠨᠢᠭᠤᠴᠠᠭᠠᠢ ᠠᠮᠠᠨ ᠪᠦᠲᠡᠭᠡᠯᠭᠡ︾      ᠣᠶᠢᠷ᠎ᠠ ᠳᠤ᠂ ᠪᠡᠭᠡᠵᠢᠩ ᠤᠨ ᠣᠯᠠᠨ ᠤᠯᠤᠰ ᠤᠨ ᠵᠢᠷᠤᠭ ᠲᠦᠯᠦᠪᠯᠡᠭᠡ ᠶᠢᠨ ᠭᠠᠷᠠᠭ ᠤᠨ ᠠᠵᠢᠯᠯᠠᠭᠠᠨ ᠳᠡᠭᠡᠷ᠎ᠡ ᠨᠢᠭᠡᠨ ︽ᠨᠢᠭᠤᠴᠠᠭᠠᠢ ᠠᠮᠠᠨ ᠪᠦᠲᠡᠭᠡᠯᠭᠡ︾ ᠬᠡᠮᠡᠭᠳᠡᠭᠰᠡᠨ ᠤᠲᠤᠭ᠎ᠠ ᠮᠠᠨᠠᠨ ᠢ ᠰᠡᠷᠭᠡᠶᠢᠯᠡᠬᠦ ᠬᠠᠮᠠᠷ ᠤᠨ ᠬᠦᠨᠳᠡᠢ ᠶᠢᠨ ᠱᠦᠭᠦᠭᠦᠷ ᠢ ᠳᠡᠯᠭᠡᠨ ᠦᠵᠡᠭᠦᠯᠦᠭᠰᠡᠨ ᠪᠠᠶᠢᠨ᠎ᠠ᠃ ᠲᠤᠰ ᠤᠶᠢᠯᠡᠳᠭᠦᠨ ᠨᠢ ᠴᠠᠬᠢᠭᠤᠷᠲᠤ ᠴᠠᠪᠠᠥ ᠪᠠᠷ ᠪᠠᠭᠯᠠᠵᠤ ᠪᠦᠬᠦᠢ ᠠᠭᠠᠷ ᠤᠨ ᠬᠤᠯᠢᠮᠠᠭ ᠪᠣᠳᠠᠰ ᠢ ᠱᠦᠬᠦᠬᠦ ᠰᠢᠨ᠎ᠡ ᠮᠠᠲ᠋ᠧᠷᠢᠶᠠᠯ ᠪᠣᠯᠤᠨ᠎ᠠ᠃ ᠲᠡᠭᠦᠨ ᠢ ᠰᠢᠭᠤᠳ ᠬᠠᠮᠠᠷ ᠤᠨ ᠬᠦᠨᠳᠡᠢ ᠳᠤ ᠬᠢᠵᠤ ᠣᠷᠤᠭᠤᠯᠵᠤ ᠪᠣᠯᠬᠤ ᠶᠢᠨ ᠬᠠᠮᠲᠤ ᠪᠠᠰᠠ ᠰᠢᠭᠤᠳ ᠰᠢᠯᠤᠭᠤᠨ ᠰᠠᠭᠠᠳ ᠦᠭᠡᠢ ᠠᠮᠢᠰᠬᠤᠭ᠎ᠠ ᠠᠪᠤᠭᠤᠯᠵᠤ᠂ ᠪᠠᠺᠲ᠋ᠧᠷᠢ ᠶᠢᠨ ᠦᠯᠡᠳᠡᠭᠳᠡᠯ ᠢ ᠪᠠᠭᠠᠰᠬᠠᠳᠠᠭ ᠪᠠᠶᠢᠨ᠎ᠠ᠃                                                                 ᠲᠦᠮᠬᠠᠦ᠋ᠯᠵᠡᠢ
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号