ᠲᠦᠪ ᠤᠨ ᠬᠠᠮᠢᠶᠠᠷᠴᠤ  ᠪᠠᠶᠢᠬᠤ ᠤᠷᠤᠨ  ᠰᠠᠭᠤᠴᠠ ᠪᠠ  ᠬᠤᠳᠠ  ᠬᠦᠳᠡᠭᠡ ᠎ ᠶᠢᠨ ᠪᠦᠳᠦᠭᠡᠨ  ᠪᠠᠶᠢᠭᠤᠯᠤᠯᠳᠠ ᠶᠢᠨ ᠰᠠᠯᠠᠭ᠎ᠠ ᠮᠥᠴᠢᠷ ᠤᠨ ᠵᠠᠰᠠᠭ ᠵᠠᠬᠢᠷᠭᠠᠨ ᠠᠵᠢᠯ ᠤᠶᠢᠯᠠᠰ ᠤᠨ ᠴᠢᠨᠠᠷᠳᠠᠢ ᠰᠦᠢᠳᠭᠡᠯ ᠬᠤᠷᠢᠶᠠᠬᠤ ᠲᠦᠷᠦᠯ ᠵᠦᠢᠯ ᠢ ᠲᠠᠬᠢᠨ ᠨᠠᠶᠢᠳᠠᠯᠠᠬᠦ ᠲᠤᠬᠠᠢ ᠮᠠᠳᠡᠭᠳᠡᠯ
ᠨᠡᠶᠢᠲᠡᠯᠡᠭᠰᠡᠨ ᠴᠠᠭ᠄
2016/4/12
      ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠶᠠᠮᠤᠨ᠂ ᠡᠯ᠎ᠡ ᠮᠤᠵᠢ᠂ ᠦᠪᠠᠷᠳᠡᠭᠡᠨ ᠵᠠᠰᠠᠬᠤ ᠤᠷᠤᠨ᠂ ᠰᠢᠭᠤᠳ ᠬᠠᠷᠢᠶ᠎ᠠ ᠬᠤᠳᠠ ᠶᠢᠨ ᠡᠳ᠋ ᠤᠨ ᠵᠠᠰᠠᠭ ᠤᠨ ᠲᠢᠩᠬᠢᠮ ︵ᠲᠤᠪᠴᠢᠶ᠎ᠠ︶᠂ ᠬᠦᠭᠵᠢᠬᠦᠯᠦᠯᠳᠠ ᠦᠭᠡᠷᠠᠴᠢᠯᠠᠯᠳᠠ ᠶᠢᠨ ᠵᠦᠪᠯᠠᠯ᠂ ᠪᠠᠷᠠᠭᠠᠨ ᠤ ᠦᠨ᠎ᠠ ᠶᠢᠨ ᠲᠤᠪᠴᠢᠶ᠎ᠠ ᠳᠤ᠄       ᠲᠦᠷᠦ ᠶᠢᠨ ᠶᠠᠪᠤᠳᠠᠯ ᠤᠨ ᠬᠤᠷᠢᠶᠠᠨ ᠤ ᠰᠦᠢᠳᠭᠡᠯ ᠬᠤᠷᠢᠶᠠᠬᠤ ᠶᠢ ᠲᠢᠭᠯᠡᠵᠤ ᠦᠭᠡᠷᠠᠴᠢᠯᠠᠬᠦ ᠶᠢ ᠲᠦᠯᠬᠢᠨ ᠠᠬᠢᠭᠤᠯᠬᠤ ᠲᠤᠬᠠᠢ ᠱᠠᠭᠠᠷᠳᠠᠯᠭ᠎ᠠ ᠶᠢ ᠦᠨᠳᠤᠰᠤᠯᠠᠵᠤ᠂ ᠵᠠᠰᠠᠭ ᠵᠠᠬᠢᠷᠭᠠᠨ ᠠᠵᠤ ᠤᠶᠢᠯᠠᠰ ᠤᠨ ᠴᠢᠨᠠᠷᠳᠠᠢ ᠰᠦᠢᠳᠭᠡᠯ ᠬᠤᠷᠢᠶᠠᠬᠤ ᠬᠠᠮᠢᠶᠠᠷᠤᠯᠳᠠ ᠶᠢ ᠤᠯᠠᠮ ᠨᠢᠭᠡ ᠠᠯᠬᠤᠮ ᠲᠦᠷᠢᠮᠵᠢᠬᠦᠯᠬᠦ ᠶᠢᠨ ᠲᠦᠯᠦᠭᠡ ᠡᠳᠦᠭᠡ ᠲᠠᠬᠢᠨ ᠬᠢᠨᠠᠨ ᠬᠠᠷᠭᠤᠭᠤᠯᠤᠬᠰᠠᠨ ᠤ ᠲᠠᠷᠠᠭ᠎ᠠ ᠲᠦᠪ ᠤᠨ ᠬᠠᠮᠢᠶᠠᠷᠴᠤ ᠪᠠᠶᠢᠬᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠪᠤᠷᠢ ᠶᠢᠨ ᠵᠠᠰᠠᠭ ᠵᠠᠬᠢᠷᠭᠠᠨ ᠠᠵᠢᠯ ᠤᠶᠢᠯᠠᠰ ᠤᠨ ᠴᠢᠨᠠᠷᠳᠠᠢ ᠰᠦᠢᠳᠭᠡᠯ ᠬᠤᠷᠢᠶᠠᠬᠤ ᠲᠦᠷᠦᠯ ᠵᠦᠢᠯ ᠵᠢᠴᠢ ᠬᠤᠯᠪᠤᠬᠳᠠᠯ ᠪᠦᠬᠦᠢ ᠠᠰᠠᠭᠤᠳᠠᠯ ᠢ  ᠮᠡᠳᠡᠭᠳᠡᠬᠦ ᠨᠢ ᠲᠤᠤᠷᠠᠬᠢ ᠮᠠᠳᠤ᠄       ᠨᠢᠭᠡ᠂ ᠬᠤᠳᠠ ᠶᠢᠨ ᠵᠠᠮ ᠢ ᠡᠵᠡᠯᠠᠨ ᠬᠡᠷᠡᠭᠯᠠᠬᠦ ᠵᠠᠷᠤᠳᠠᠯ᠄       ᠰᠢᠶᠠᠨ ᠤ ᠲᠠᠰ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠠᠭ᠎ᠠ ᠮᠥᠴᠢᠷ ᠠᠴᠠ ᠬᠦᠭᠵᠢᠬᠦᠯᠵᠤ ᠪᠠᠶᠢᠭᠤᠯᠬᠤ ᠠᠴᠠ ᠪᠤᠯᠤᠬᠰᠠᠨ ᠡᠯ᠎ᠡ ᠵᠦᠢᠯ ᠎ ᠤᠨ ᠬᠡᠷ ᠪᠠᠷᠢᠯᠭ᠎ᠠ᠂ ᠦᠨᠳᠤᠰᠤᠨ ᠪᠦᠳᠦᠭᠡᠨ ᠪᠠᠶᠢᠭᠤᠯᠤᠯᠳᠠ ᠶᠢᠨ ᠪᠠᠷᠢᠯᠭ᠎ᠠ ᠪᠠᠷᠢᠬᠤ᠂ ᠡᠳ᠋ ᠪᠤᠳᠠᠰ ᠤᠪᠤᠭᠠᠯᠠᠬᠤ᠂ ᠲᠠᠷᠭᠡ ᠵᠤᠬᠰᠤᠬᠤ ᠤᠷᠤ ᠪᠠᠶᠢᠷᠢᠯᠠᠭᠤᠯᠬᠤ᠂ ᠫᠧᠩ ᠲᠢᠩᠰᠠ ᠪᠤᠰᠬᠠᠬᠤ᠂ ᠲᠠᠯᠭᠡᠬᠦᠷ ᠲᠤᠬᠢᠷᠠᠭᠤᠯᠬᠤ᠂ ᠵᠠᠷ ᠤᠨ ᠲᠠᠮᠳᠡᠭ ᠢ ᠪᠠᠶᠢᠷᠢᠯᠠᠭᠤᠯᠬᠤ ᠵᠠᠷᠭᠡ ᠬᠤᠳᠠ ᠶᠢᠨ ᠲᠦᠯᠦᠪᠵᠢᠬᠦᠯᠭᠡ ᠶᠢᠨ ᠲᠤᠭᠤᠷᠢᠭ ᠲᠤᠳᠤᠷᠠᠬᠢ ᠵᠠᠮ ᠢ ᠡᠵᠡᠯᠠᠨ ᠬᠡᠷᠡᠭᠯᠠᠬᠦ ᠨᠢᠭᠡᠴᠠ ᠪᠠ ᠬᠤᠪᠢ ᠬᠦᠮᠦᠨ ᠠᠴᠠ ᠬᠤᠷᠢᠶᠠᠨ᠎ᠠ᠃       ᠬᠤᠶᠠᠷ᠂ ᠬᠤᠳᠠ ᠶᠢᠨ ᠵᠠᠮ ᠢ ᠤᠬᠤᠵᠤ ᠰᠠᠯᠪᠢᠨ ᠵᠠᠰᠠᠬᠤ ᠵᠠᠷᠤᠳᠠᠯ᠃ ᠰᠢᠶᠠᠨ ᠤ ᠲᠠᠰ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠠᠭ᠎ᠠ ᠮᠥᠴᠢᠷ ᠪᠠᠷᠢᠯᠭ᠎ᠠ ᠪᠠᠷᠢᠬᠤ᠂ ᠭᠠᠵᠠᠷ ᠲᠤᠤᠷᠠᠬᠢ ᠬᠤᠭᠤᠯᠠᠢ ᠱᠤᠭᠤᠮ ᠢ ᠱᠠᠯᠠᠪᠳᠠᠨ ᠵᠠᠰᠠᠬᠤ ᠵᠠᠷᠭᠡ ᠬᠤᠳᠠ ᠶᠢᠨ ᠲᠦᠯᠦᠪᠵᠢᠬᠦᠯᠭᠡ ᠶᠢᠨ ᠲᠤᠭᠤᠷᠢᠭ ᠲᠤᠳᠤᠷᠠᠬᠢ ᠵᠠᠮ ᠢ ᠤᠬᠤᠬᠤ ᠨᠢᠭᠡᠴᠡ ᠪᠠ ᠬᠤᠪᠢ ᠬᠦᠮᠦᠨ ᠠᠴᠠ ᠬᠤᠷᠢᠶᠠᠨ᠎ᠠ᠃       ᠭᠤᠷᠪᠠ᠂ ᠴᠠᠭᠠᠨ ᠰᠢᠷᠭᠤᠯᠵᠢ ᠶᠢ ᠰᠠᠷᠭᠡᠶᠢᠯᠠᠨ ᠵᠠᠰᠠᠬᠤ ᠵᠠᠷᠤᠳᠠᠯ᠃ ᠰᠢᠶᠠᠨ ᠤ ᠲᠠᠰ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ  ᠰᠠᠯᠠᠭ᠎ᠠ ᠮᠥᠴᠢᠷ ᠲᠤ ᠬᠠᠷᠢᠶᠠᠯᠠᠬᠳᠠᠬᠤ ᠴᠠᠭᠠᠨ ᠰᠢᠷᠭᠤᠯᠵᠢ ᠶᠢ ᠰᠠᠷᠭᠡᠶᠢᠯᠠᠨ ᠵᠠᠰᠠᠬᠤ ᠪᠠᠶᠢᠭᠤᠯᠤᠮᠵᠢ ᠠᠴᠠ ᠬᠠᠤᠯᠢ ᠶᠤᠰᠤ ᠎ ᠪᠠᠷ ᠴᠠᠭᠠᠨ ᠰᠢᠷᠭᠤᠯᠵᠢ ᠶᠢ ᠤᠷᠢᠳᠴᠢᠯᠠᠨ ᠰᠠᠷᠭᠡᠶᠢᠯᠠᠬᠦ ᠶᠢ ᠬᠡᠷᠡᠭᠵᠢᠬᠦᠯᠪᠠᠯ ᠵᠤᠬᠢᠬᠤ ᠬᠡᠷ ᠪᠠᠶᠢᠰᠢᠩ ᠪᠠᠶᠢᠭᠤᠯᠤᠬᠰᠠᠨ ᠨᠢᠭᠡᠴᠡ ᠪᠠ ᠬᠤᠪᠢ ᠬᠦᠮᠦᠨ ᠠᠴᠠ ᠬᠤᠷᠢᠶᠠᠨ᠎ᠠ᠃       ᠲᠦᠷᠪᠠ᠂ ᠬᠡᠷ ᠪᠠᠶᠢᠰᠢᠩ ᠢ ᠰᠢᠯᠵᠢᠬᠦᠯᠦᠨ ᠦᠭᠬᠦ ᠭᠠᠷ ᠬᠦᠢᠴᠡᠳᠭᠡᠯ ᠤᠨ ᠵᠠᠷᠤᠳᠠᠯ᠃ ᠰᠢᠶᠠᠨ ᠤ ᠲᠠᠰ ᠎ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠪᠤᠷᠢ ᠳᠤ ᠬᠠᠷᠢᠶᠠᠯᠠᠬᠳᠠᠬᠤ ᠬᠡᠷ ᠪᠠᠶᠢᠰᠢᠩ ᠭᠠᠵᠠᠷ ᠬᠦᠷᠦᠩᠭᠡ ᠠᠷᠠᠯᠵᠢᠶᠠᠯᠠᠬᠤ ᠪᠠᠶᠢᠭᠤᠯᠤᠮᠵᠢ ᠬᠡᠷ ᠪᠠᠶᠢᠰᠢᠩ ᠰᠢᠯᠵᠢᠬᠦᠯᠦᠨ ᠦᠭᠬᠦ ᠭᠠᠷ ᠬᠦᠢᠴᠡᠳᠭᠡᠯ ᠢ ᠰᠢᠢᠳᠪᠤᠷᠢᠯᠠᠬᠦ ᠦᠶ᠎ᠠ ᠳᠤ ᠬᠤᠷᠢᠶᠠᠨ᠎ᠠ᠃ ᠡᠬᠦᠨ ᠤ ᠲᠤᠳᠤᠷ᠎ᠠ ᠰᠢᠨ᠎ᠠ ᠎ ᠪᠠᠷ ᠪᠠᠶᠢᠭᠤᠯᠤᠬᠰᠠᠨ ᠤᠷᠤᠨ ᠰᠠᠭᠤᠴᠠ ᠶᠢ ᠰᠢᠯᠵᠢᠬᠦᠯᠦᠨ ᠦᠭᠬᠦ ᠭᠠᠷ ᠬᠦᠢᠴᠡᠳᠭᠡᠯ ᠤᠨ ᠵᠠᠷᠤᠳᠠᠯ ᠢ ᠰᠢᠯᠵᠢᠬᠦᠯᠦᠨ ᠦᠭᠬᠦ ᠲᠠᠯ᠎ᠠ ᠲᠤᠰᠢᠶᠠᠨ᠎ᠠ᠃ ᠬᠠᠳᠠᠭᠠᠯᠠᠬᠳᠠᠵᠤ ᠪᠠᠶᠢᠬᠤ ᠤᠷᠤᠨ ᠰᠠᠭᠤᠴᠠ ᠶᠢ ᠰᠢᠯᠵᠢᠬᠦᠯᠦᠨ ᠦᠭᠬᠦ ᠭᠠᠷ ᠬᠦᠢᠴᠡᠳᠭᠡᠯ ᠤᠨ ᠵᠠᠷᠤᠳᠠᠯ ᠢ ᠰᠢᠯᠵᠢᠬᠦᠯᠦᠨ ᠦᠭᠬᠦ ᠪᠠ ᠬᠦᠯᠢᠶᠠᠨ ᠠᠪᠬᠤ ᠬᠤᠶᠠᠷ ᠲᠠᠯ᠎ᠠ ᠲᠤᠰ ᠪᠦᠷᠢ 50%᠎ ᠶᠢ ᠬᠠᠷᠢᠭᠤᠴᠠᠨ᠎ᠠ᠃ ᠤᠷᠤᠨ ᠰᠠᠭᠤᠴᠠ ᠶᠢᠨ ᠪᠤᠰᠤ ᠰᠢᠯᠵᠢᠬᠦᠯᠦᠨ ᠦᠭᠬᠦ ᠵᠠᠷᠤᠳᠠᠯ ᠤᠨ ᠬᠤᠷᠢᠶᠠᠬᠤ ᠬᠡᠪᠴᠢᠶ᠎ᠠ᠂ ᠡᠳᠡᠭᠡᠳ ᠪᠠ ᠠᠷᠭ᠎ᠠ ᠬᠡᠯᠪᠠᠷᠢ ᠶᠢ ᠮᠤᠵᠢ ᠶᠢᠨ ᠲᠠᠰ ᠤᠨ ᠡᠳ᠋ ᠤᠨ ᠵᠠᠰᠠᠭ᠂ ᠦᠨ᠎ᠠ ᠬᠠᠩᠰᠢ ᠶᠢ ᠭᠤᠤᠯ ᠬᠠᠮᠢᠶᠠᠷᠬᠤ ᠰᠠᠯᠠᠭ᠎ᠠ ᠮᠦᠴᠢᠷ ᠤᠨ ᠬᠠᠮᠢᠶ᠎ᠠ ᠪᠦᠬᠦᠢ ᠲᠤᠬᠳᠠᠭᠠᠯ ᠢ ᠦᠨᠳᠤᠰᠤᠯᠠᠵᠤ ᠬᠡᠷᠡᠭᠵᠢᠬᠦᠯᠦᠨ᠎ᠠ᠃       ᠲᠠᠪᠤ᠂ ᠬᠡᠷ ᠪᠠᠶᠢᠰᠢᠩ ᠢ ᠲᠠᠩᠰᠠᠯᠠᠵᠤ ᠲᠠᠮᠳᠡᠭᠯᠠᠬᠦ ᠵᠠᠷᠤᠳᠠᠯ᠃ ᠰᠢᠶᠠᠨ ᠤ ᠲᠠᠰ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠰᠠᠯᠠᠭ᠎ᠠ ᠮᠦᠴᠢᠷ ᠲᠤ ᠬᠠᠷᠢᠶᠠᠯᠠᠬᠳᠠᠬᠤ ᠬᠡᠷ ᠪᠠᠶᠢᠰᠢᠩ ᠭᠠᠵᠠᠷ ᠬᠦᠷᠦᠩᠭᠡ ᠲᠠᠩᠰᠠᠯᠠᠬᠤ ᠪᠠᠶᠢᠭᠤᠯᠤᠮᠵᠢ ᠬᠠᠤᠯᠢ ᠶᠤᠰᠤᠭᠠᠷ ᠬᠡᠷ ᠪᠠᠶᠢᠰᠢᠩ ᠎ ᠤᠨ ᠡᠷᠭᠡ ᠬᠠᠷᠢᠶ᠎ᠠ ᠶᠢ ᠲᠠᠩᠰᠠᠯᠠᠬᠤ ᠶᠠᠪᠤᠴᠠ ᠲᠤᠮᠳᠠ ᠲᠠᠩᠰᠠᠯᠠᠬᠤ ᠶᠢ ᠭᠤᠶᠤᠴᠢᠯᠠᠬᠰᠠᠨ ᠬᠦᠮᠦᠨ ᠠᠴᠠ ᠬᠤᠷᠢᠶᠠᠨ᠎ᠠ᠃ ᠬᠡᠷ ᠪᠠᠶᠢᠰᠢᠩ ᠭᠠᠵᠠᠷ ᠬᠦᠷᠦᠩᠭᠡ ᠶᠢ ᠲᠠᠩᠰᠠᠯᠠᠬᠤ ᠪᠠᠶᠢᠭᠤᠯᠤᠮᠵᠢ ᠲᠤᠬᠳᠠᠭᠠᠯ ᠶᠤᠰᠤᠭᠠᠷ ᠬᠡᠷ ᠪᠠᠶᠢᠰᠢᠩ ᠤᠨ ᠡᠷᠭᠡ ᠬᠠᠷᠢᠶᠠᠨ ᠤ ᠦᠨᠠᠮᠯᠠᠯ ᠲᠠᠷᠬᠠᠭᠠᠵᠤ᠂ ᠦᠨᠠᠮᠯᠠᠯ ᠤᠨ ᠬᠦᠯᠦᠰᠤ ᠦᠷᠳᠡᠭ ᠤᠨ ᠵᠠᠷᠤᠳᠠᠯ ᠬᠤᠷᠢᠶᠠᠬᠤ ᠦᠭᠡᠢ᠃ ᠨᠢᠭᠡ ᠠᠴᠠ ᠲᠠᠭᠡᠭᠰᠢ ᠬᠡᠷ ᠪᠠᠶᠢᠰᠢᠩ ᠤᠨ ᠡᠷᠭᠡ ᠲᠠᠢ ᠬᠦᠮᠦᠨ ᠳᠤ ᠬᠡᠷ ᠪᠠᠶᠢᠰᠢᠩ ᠤᠨ ᠡᠷᠭᠡ ᠬᠠᠷᠢᠶᠠᠨ ᠤ ᠦᠨᠠᠮᠯᠠᠯ ᠢ ᠲᠠᠷᠬᠠᠭᠠᠬᠤ ᠦᠶ᠎ᠡ ᠳᠤ᠂ ᠨᠢᠭᠡ ᠦᠨᠠᠮᠯᠠᠯ ᠨᠠᠮᠡᠭᠳᠡᠬᠦ ᠪᠦᠷᠢ ᠦᠨᠠᠮᠯᠠᠯ ᠤᠨ ᠬᠦᠯᠦᠰᠤ ᠦᠷᠳᠡᠭ ᠤᠨ ᠵᠠᠷᠤᠳᠠᠯ ᠢ ᠨᠠᠮᠠᠵᠤ ᠬᠤᠷᠢᠶᠠᠨ ᠠᠪᠴᠤ ᠪᠤᠯᠤᠨ᠎ᠠ᠃       ᠲᠤᠬᠳᠠᠮᠠᠯ ᠬᠦᠷᠦᠩᠭᠡ ᠶᠢ ᠲᠠᠩᠰᠠᠯᠠᠬᠤ ᠵᠠᠷᠤᠳᠠᠯ ᠬᠤᠷᠢᠶᠠᠬᠤ ᠲᠦᠷᠦ ᠶᠢᠨ ᠪᠤᠳᠤᠯᠭ᠎ᠠ ᠲᠤᠳᠤᠷᠬᠠᠢ ᠪᠤᠯᠤᠬᠰᠠᠨ ᠤ ᠰᠠᠬᠦᠯᠠᠷ ᠬᠡᠷ ᠪᠠᠶᠢᠰᠢᠩ ᠢ ᠲᠠᠩᠰᠠᠯᠠᠬᠤ ᠵᠠᠷᠤᠳᠠᠯ ᠬᠤᠷᠢᠶᠠᠬᠤ ᠨᠢ ᠨᠢᠭᠡᠳᠦᠯᠳᠠᠢ ᠪᠠᠷ ᠲᠤᠬᠳᠠᠮᠠᠯ ᠬᠦᠷᠦᠩᠭᠡ ᠶᠢ ᠲᠠᠩᠰᠠᠯᠠᠬᠤ ᠵᠠᠷᠤᠳᠠᠯ ᠬᠤᠷᠢᠶᠠᠬᠤ ᠲᠦᠷᠦ ᠶᠢᠨ ᠪᠤᠳᠤᠯᠭ᠎ᠠ ᠶᠢ ᠦᠨᠳᠤᠰᠤᠯᠠᠵᠤ ᠬᠡᠷᠡᠭᠵᠢᠬᠦᠯᠦᠨ᠎ᠠ᠃       ᠵᠢᠷᠭᠤᠭ᠎ᠠ᠂ ᠰᠢᠯᠭᠠᠯᠳᠠ᠂ ᠰᠢᠯᠭᠠᠯᠳᠠ ᠶᠢᠨ ᠶᠠᠪᠤᠳᠠᠯ ᠤᠨ ᠵᠠᠷᠤᠳᠠᠯ᠃ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠬᠤᠯᠪᠤᠬᠳᠠᠯ ᠪᠦᠬᠦᠢ ᠲᠤᠰᠬᠠᠢ ᠮᠠᠷᠭᠡᠵᠢᠯ ᠤᠨ ᠠᠵᠢᠯᠳᠠᠨ ᠤ ᠬᠢᠷᠢ ᠬᠡᠮ ᠤᠨ ᠰᠢᠯᠭᠠᠯᠳᠠ ᠶᠢ ᠵᠤᠬᠢᠶᠠᠨ ᠪᠠᠶᠢᠭᠤᠯᠵᠤ ᠬᠡᠷᠡᠭᠵᠢᠬᠦᠯᠬᠦ ᠦᠶ᠎ᠠ ᠳᠤ᠂ ᠬᠠᠷᠢᠶᠠᠯᠠᠬᠳᠠᠬᠤ ᠠᠵᠢᠯ ᠡᠷᠬᠢᠯᠠᠬᠦ ᠬᠢᠷᠢ ᠬᠡᠮ ᠲᠠᠩᠰᠠᠯᠠᠭᠤᠯᠬᠤ ᠲᠦᠪ ᠠᠴᠠ ᠭᠠᠵᠠᠷ ᠤᠷᠤᠨ ᠤ ᠬᠤᠯᠪᠤᠬᠳᠠᠯ ᠪᠦᠬᠦᠢ ᠰᠢᠯᠭᠠᠯᠳᠠ ᠶᠢᠨ ᠪᠠᠶᠢᠭᠤᠯᠤᠮᠵᠢ ᠎ ᠠᠴᠠ ᠬᠤᠷᠢᠶᠠᠬᠤ ᠰᠢᠯᠭᠠᠯᠳᠠ ᠶᠢᠨ ᠶᠠᠪᠤᠳᠠᠯ ᠤᠨ ᠵᠠᠷᠤᠳᠠᠯ᠂ ᠭᠠᠵᠠᠷ ᠤᠷᠤᠨ ᠤ ᠬᠤᠯᠪᠤᠬᠳᠠᠯ ᠪᠦᠬᠦᠢ ᠰᠢᠯᠭᠠᠯᠳᠠ ᠎ ᠶᠢᠨ ᠪᠠᠶᠢᠭᠤᠯᠤᠮᠵᠢ ᠠᠴᠠ ᠰᠢᠯᠭᠠᠯᠳᠠ ᠳᠤ ᠤᠷᠤᠯᠴᠠᠬᠤ ᠪᠠᠷ ᠨᠠᠷ᠎ᠠ ᠮᠡᠳᠡᠬᠦᠯᠦᠭᠰᠡᠨ ᠬᠦᠮᠦᠰ ᠠᠴᠠ ᠬᠤᠷᠢᠶᠠᠬᠤ ᠰᠢᠯᠭᠠᠯᠳᠠ ᠶᠢᠨ ᠵᠠᠷᠤᠳᠠᠯ᠃       ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠠᠴᠠ ᠵᠤᠬᠢᠶᠠᠨ ᠪᠠᠶᠢᠭᠤᠯᠵᠤ ᠬᠡᠷᠡᠭᠵᠢᠬᠦᠯᠦᠭᠰᠡᠨ ᠲᠤᠰᠬᠠᠢ ᠮᠠᠷᠭᠡᠵᠢᠯ ᠤᠨ ᠠᠵᠢᠯᠳᠠᠨ ᠤ ᠬᠢᠷᠢ ᠬᠡᠮ ᠤᠨ ᠰᠢᠯᠭᠠᠯᠳᠠ ᠶᠢᠨ ᠲᠦᠷᠦᠯ ᠵᠦᠢᠯ ᠲᠠᠭᠠᠯᠳᠤᠭᠤᠯᠤᠯ ᠢ ᠦᠵᠠ᠃       ᠲᠤᠯᠤᠭ᠎ᠠ᠂ ᠲᠠᠭᠡᠷᠡᠬᠢ ᠰᠦᠢᠳᠭᠡᠯ ᠬᠤᠷᠢᠶᠠᠬᠤ ᠲᠦᠷᠦᠯ ᠵᠦᠢᠯ ᠤᠨ ᠰᠦᠢᠳᠭᠡᠯ ᠬᠤᠷᠢᠶᠠᠬᠤ ᠪᠤᠳᠠᠳᠠᠢ ᠪᠠᠷᠢᠮᠵᠢᠶ᠎ᠠ ᠶᠢ ᠤᠯᠤᠰ ᠤᠨ ᠦᠭᠡᠷᠡᠴᠢᠯᠠᠯᠳᠠ ᠬᠦᠭᠵᠢᠬᠦᠯᠦᠯᠳᠠ ᠶᠢᠨ ᠵᠦᠪᠯᠠᠯ᠂ ᠡᠳ᠋ ᠤᠨ ᠵᠠᠰᠠᠭ ᠤᠨ ᠬᠡᠯᠳᠡᠰ ᠪᠠ ᠮᠤᠵᠢ ᠶᠢᠨ ᠲᠠᠰ ᠤᠨ ᠦᠨ᠎ᠠ ᠬᠠᠩᠰᠢ᠂ ᠡᠳ᠋ ᠤᠨ ᠵᠠᠰᠠᠭ ᠤᠨ ᠬᠡᠯᠳᠡᠰ ᠪᠠ ᠮᠤᠵᠢ ᠶᠢᠨ ᠲᠠᠰ ᠤᠨ ᠦᠨ᠎ᠠ ᠬᠠᠩᠰᠢ᠂ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠡᠷᠭᠡ ᠶᠢᠨ ᠬᠡᠪᠴᠢᠶ᠎ᠠ ᠪᠠᠨ ᠦᠨᠳᠤᠰᠤᠯᠠᠵᠤ ᠠᠰᠳᠠᠭᠠᠨ ᠲᠤᠬᠳᠠᠭᠠᠨ᠎ᠠ᠃       ᠨᠠᠢᠮᠠ᠂ ᠰᠦᠢᠳᠭᠡᠯ ᠬᠤᠷᠢᠶᠠᠬᠤ ᠪᠠᠶᠢᠭᠤᠯᠤᠯᠭ᠎ᠠ ᠬᠠᠷᠢᠶᠠᠯᠠᠬᠳᠠᠬᠤ ᠬᠠᠷᠢᠴᠠᠭ᠎ᠠ ᠪᠠᠷ ᠢᠶᠠᠨ ᠲᠤᠰ ᠪᠦᠷᠢ ᠡᠳ᠋ ᠤᠨ ᠵᠠᠰᠠᠭ ᠤᠨ ᠬᠡᠯᠳᠡᠰ ᠪᠠ ᠮᠤᠵᠢ ᠶᠢᠨ ᠲᠠᠰ ᠤᠨ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠨᠢᠭᠡᠳᠦᠯᠳᠠᠢ ᠲᠠᠷᠤᠮᠠᠯᠯᠠᠬᠰᠠᠨ ᠪᠠᠷᠢᠮᠳᠠ ᠶᠢ ᠬᠡᠷᠡᠭᠯᠠᠨ᠎ᠠ᠃       ᠶᠢᠰᠤ᠂ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠲᠤ ᠬᠠᠷᠢᠶᠠᠯᠠᠬᠳᠠᠬᠤ ᠠᠵᠢᠯ ᠡᠷᠬᠢᠯᠠᠬᠦ ᠬᠢᠷᠢ ᠬᠡᠮ ᠢ ᠲᠠᠩᠰᠠᠯᠠᠬᠤ ᠲᠦᠪ ᠤᠨ ᠬᠤᠷᠢᠶᠠᠬᠰᠠᠨ ᠲᠤᠰᠬᠠᠢ ᠮᠠᠷᠭᠡᠵᠢᠯ ᠤᠨ ᠠᠵᠢᠯᠳᠠᠨ ᠤ ᠬᠢᠷᠢ ᠬᠡᠮ ᠤᠨ ᠰᠢᠯᠭᠠᠬᠤ ᠰᠢᠯᠭᠠᠯᠳᠠ ᠶᠢᠨ ᠶᠠᠪᠤᠳᠠᠯ  ᠎ ᠤᠨ ᠵᠠᠷᠤᠳᠠᠯ ᠢ ᠪᠦᠬᠦᠨ ᠢᠶᠠᠷ ᠲᠦᠪ ᠤᠨ ᠤᠯᠤᠰ ᠤᠨ ᠰᠠᠩ ᠳᠤ ᠲᠤᠰᠢᠶᠠᠵᠤ᠂ ᠲᠦᠪ ᠤᠨ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠳᠠ ᠳᠤ ᠤᠷᠤᠭᠤᠯᠤᠨ᠎ᠠ᠃ ᠪᠤᠳᠠᠳᠠᠢ ᠬᠤᠷᠢᠶᠠᠬᠤ ᠠᠷᠭ᠎ᠠ ᠨᠢ ᠡᠳ᠋ ᠤᠨ ᠵᠠᠰᠠᠭ ᠤᠨ ᠤᠯᠤᠰ ᠤᠨ ᠰᠠᠩ ᠤᠨ ᠨᠢᠭᠡᠳᠦᠯᠳᠠᠢ ᠪᠠᠷ ᠬᠤᠷᠢᠶᠠᠬᠤ ᠬᠤᠯᠪᠤᠬᠳᠠᠯ ᠪᠦᠬᠦᠢ ᠲᠤᠬᠳᠠᠭᠠᠯ  ᠎ ᠢ ᠬᠡᠷᠡᠭᠵᠢᠬᠦᠯᠦᠨ᠎ᠠ᠃ ᠰᠢᠶᠠᠨ ᠤ ᠲᠠᠰ ᠠᠴᠠ ᠲᠠᠭᠡᠭᠰᠢ ᠭᠠᠵᠠᠷ ᠤᠷᠤᠨ ᠤ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠵᠢᠴᠢ ᠭᠠᠵᠠᠷ ᠤᠷᠤᠨ ᠤ ᠬᠤᠯᠪᠤᠬᠳᠠᠯ ᠪᠦᠬᠦᠢ ᠲᠤᠰᠬᠠᠢ ᠮᠠᠷᠭᠡᠵᠢᠯ ᠤᠨ ᠠᠵᠢᠯᠳᠠᠨ ᠤ ᠬᠢᠷᠢ ᠬᠡᠮ ᠤᠨ ᠰᠢᠯᠭᠠᠯᠳᠠ ᠶᠢᠨ ᠪᠠᠶᠢᠭᠤᠯᠤᠮᠵᠢ ᠬᠤᠷᠢᠶᠠᠬᠰᠠᠨ ᠰᠦᠢᠳᠭᠡᠯ ᠤᠨ ᠤᠷᠤᠯᠭ᠎ᠠ ᠶᠢ ᠪᠦᠬᠦᠨ ᠢᠶᠠᠷ ᠭᠠᠵᠠᠷ ᠤᠷᠤᠨ ᠤ ᠤᠯᠤᠰ ᠤᠨ ᠰᠠᠩ ᠎ ᠳᠤ ᠲᠤᠰᠢᠶᠠᠵᠤ᠂ ᠭᠠᠵᠠᠷ ᠤᠷᠤᠨ ᠤ ᠡᠳ᠋ ᠤᠨ ᠵᠠᠰᠠᠭ ᠤᠨ ᠲᠦᠰᠦᠪ ᠤᠨ ᠬᠠᠮᠢᠶᠠᠷᠤᠯᠳᠠ ᠳᠤ ᠤᠷᠤᠭᠤᠯᠤᠨ᠎ᠠ᠃ ᠪᠤᠳᠠᠳᠠᠢ ᠬᠤᠷᠢᠶᠠᠨ ᠠᠪᠬᠤ ᠠᠷᠭ᠎ᠠ ᠶᠢ ᠮᠤᠵᠢ ᠶᠢᠨ ᠲᠠᠰ ᠤᠨ ᠡᠳ᠋ ᠤᠨ ᠵᠠᠰᠠᠭ ᠤᠨ ᠰᠠᠯᠠᠭ᠎ᠠ ᠮᠦᠴᠢᠷ ᠤᠨ ᠬᠤᠯᠪᠤᠬᠳᠠᠯ ᠪᠦᠬᠦᠢ ᠲᠦᠷᠢᠮ ᠲᠤᠬᠳᠠᠭᠠᠯ ᠢ ᠦᠨᠳᠤᠰᠤᠯᠠᠵᠤ ᠬᠡᠷᠡᠭᠵᠢᠬᠦᠯᠦᠨ᠎ᠠ᠃ ᠰᠦᠢᠳᠭᠡᠯ ᠬᠤᠷᠢᠶᠠᠬᠤ ᠪᠠᠶᠢᠭᠤᠯᠤᠯᠭ᠎ᠠ ᠬᠤᠯᠪᠤᠬᠳᠠᠯ ᠪᠦᠬᠦᠢ ᠠᠵᠢᠯ ᠢ ᠦᠷᠨᠢᠬᠦᠯᠬᠦ ᠳᠤ ᠬᠡᠷᠡᠭᠰᠠᠬᠦ ᠵᠠᠷᠤᠳᠠᠯ ᠢ ᠲᠤᠰ ᠲᠠᠰ ᠤᠨ ᠡᠳ᠋ ᠤᠨ ᠵᠠᠰᠠᠭ ᠨᠢᠭᠡᠳᠦᠯᠳᠠᠢ ᠲᠤᠬᠢᠷᠠᠭᠤᠯᠤᠨ᠎ᠠ᠃       ᠠᠷᠪᠠ᠂ ᠰᠦᠢᠳᠭᠡᠯ ᠬᠤᠷᠢᠶᠠᠬᠤ ᠪᠠᠶᠢᠭᠤᠯᠤᠯᠭ᠎ᠠ ᠲᠠᠭᠡᠷᠡᠬᠢ ᠬᠡᠯᠡᠭᠰᠡᠨ ᠲᠤᠬᠳᠠᠭᠠᠯ ᠢ ᠡᠷᠠᠰ ᠬᠡᠷᠡᠭᠵᠢᠬᠦᠯᠬᠦ ᠬᠡᠷᠡᠭᠳᠡᠢ᠃ ᠲᠤᠷ᠎ᠠ ᠪᠠᠷ ᠰᠦᠢᠳᠭᠡᠯ ᠬᠤᠷᠢᠶᠠᠬᠤ ᠲᠦᠷᠦᠯ ᠵᠦᠢᠯ ᠢ ᠨᠡᠮᠡᠭᠳᠠᠬᠦᠯᠵᠤ᠂ ᠰᠦᠢᠳᠭᠡᠯ ᠬᠤᠷᠢᠶᠠᠬᠤ ᠬᠡᠪᠴᠢᠶ᠎ᠠ ᠶᠢ ᠦᠷᠭᠡᠳᠭᠡᠵᠤ ᠪᠤᠯᠬᠤ ᠦᠭᠡᠢ ᠪᠦᠭᠡᠳ ᠤᠬᠠᠮᠰᠠᠷ ᠠᠴᠠ ᠪᠠᠨ ᠡᠳ᠋ ᠤᠨ ᠵᠠᠰᠠᠭ᠂ ᠦᠨ᠎ᠠ ᠬᠠᠩᠰᠢ᠂ ᠬᠢᠨᠠᠨ ᠪᠤᠳᠤᠯᠳᠠ ᠵᠠᠷᠭᠡ ᠰᠠᠯᠪᠤᠷᠢ ᠶᠢᠨ ᠬᠢᠨᠠᠨ ᠪᠠᠶᠢᠴᠠᠭᠠᠯᠳᠠ ᠶᠢ ᠬᠦᠯᠢᠶᠠᠨ᠎ᠠ᠃ ᠲᠤᠬᠳᠠᠭᠠᠯ ᠢ ᠵᠦᠷᠢᠴᠠᠵᠤ ᠢᠯᠠᠬᠦᠦ ᠲᠠᠳᠠᠪᠤᠷᠢᠯᠠᠬᠤ᠂ ᠲᠠᠳᠠᠪᠤᠷᠢ ᠶᠢ ᠬᠠᠰᠤᠬᠤ᠂ ᠲᠠᠳᠠᠪᠤᠷᠢ ᠠᠴᠠ ᠬᠡᠯᠳᠤᠷᠢᠬᠦᠯᠬᠦ ᠪᠠ ᠲᠠᠳᠠᠪᠤᠷᠢ ᠶᠢ ᠬᠤᠶᠢᠰᠢᠯᠠᠭᠤᠯᠵᠤ ᠰᠦᠢᠳᠭᠡᠯ ᠬᠤᠷᠢᠶᠠᠬᠤ ᠠᠵᠢᠯᠯᠠᠭ᠎ᠠ ᠳᠤ ︽ᠲᠦᠰᠦᠪ ᠤᠨ ᠬᠠᠤᠯᠢ︾᠂ ︽ᠡᠳ᠋ ᠤᠨ ᠵᠠᠰᠠᠭ ᠤᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠳᠤ ᠲᠤᠷᠭᠤᠭᠤᠯᠢ ᠰᠢᠳᠭᠡᠯ ᠦᠭᠬᠦ ᠲᠦᠷᠢᠮ ᠲᠤᠬᠳᠠᠭᠠᠯ︾ ᠵᠠᠷᠭᠡ ᠬᠠᠤᠯᠢ ᠴᠠᠭᠠᠵᠠ ᠲᠦᠷᠢᠮ ᠲᠤᠬᠳᠠᠭᠠᠯ ᠢ ᠦᠨᠳᠤᠰᠤᠯᠠᠵᠤ ᠬᠠᠤᠯᠢ ᠶᠤᠰᠤᠭᠠᠷ ᠰᠢᠢᠳᠪᠤᠷᠢᠯᠠᠨ᠎ᠠ᠃       ᠠᠷᠪᠠᠨ ᠨᠢᠭᠡ᠂ ᠲᠤᠰ ᠮᠡᠳᠡᠭᠳᠠᠯ ᠢ ᠨᠠᠶᠢᠳᠠᠯᠡᠭᠰᠡᠨ ᠡᠳᠦᠷ ᠠᠴᠠ ᠡᠬᠢᠯᠠᠵᠤ ᠬᠡᠷᠡᠭᠵᠢᠬᠦᠯᠦᠨ᠎ᠠ᠃ ᠡᠬᠦᠨ ᠎ ᠠᠴᠠ ᠡᠮᠤᠨᠡᠬᠢ ᠬᠤᠯᠪᠤᠬᠳᠠᠯ ᠪᠦᠬᠦᠢ ᠲᠤᠬᠳᠠᠭᠠᠯ ᠨᠢ ᠲᠤᠰ ᠮᠡᠳᠡᠭᠳᠡᠯ ᠲᠠᠢ ᠨᠢᠭᠡᠳᠦᠯ ᠦᠭᠡᠢ ᠲᠠᠯ᠎ᠠ ᠪᠠᠶᠢᠪᠠᠯ ᠲᠤᠰ ᠮᠡᠳᠡᠭᠳᠡᠯ ᠢᠶᠠᠷ ᠪᠠᠷᠢᠮᠵᠢᠶ᠎ᠠ ᠪᠤᠯᠭᠠᠨ᠎ᠠ᠃       ᠲᠠᠭᠠᠯᠳᠤᠭᠤᠯᠤᠯ᠄ ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠎ ᠤᠨ ᠵᠤᠬᠢᠶᠠᠨ ᠪᠠᠶᠢᠭᠤᠯᠵᠤ ᠬᠡᠷᠡᠭᠵᠢᠬᠦᠯᠦᠭᠰᠡᠨ ᠲᠤᠰᠬᠠᠢ ᠮᠠᠷᠭᠡᠵᠢᠯ ᠤᠨ ᠬᠢᠷᠢ ᠬᠡᠮ ᠤᠨ ᠰᠢᠯᠭᠠᠯᠳᠠ ᠶᠢᠨ ᠲᠦᠷᠦᠯ ᠵᠦᠢᠯ       ᠡᠳ᠋ ᠤᠨ ᠵᠠᠰᠠᠭ ᠤᠨ ᠬᠡᠯᠳᠡᠰ᠂ ᠤᠯᠤᠰ ᠤᠨ ᠬᠦᠭᠵᠢᠬᠦᠯᠦᠯᠳᠠ ᠦᠭᠡᠷᠡᠴᠢᠯᠠᠯᠳᠠ ᠶᠢᠨ ᠵᠦᠪᠯᠠᠯ                       2015 ᠤᠨ  ᠎ ᠤ 9 ᠰᠠᠷ᠎ᠠ ᠶᠢᠨ 8᠎ ᠤ ᠡᠳᠦᠷᠲᠠᠭᠠᠯᠳᠤᠭᠤᠯᠤᠯ      ᠤᠷᠤᠨ ᠰᠠᠭᠤᠴᠠ ᠪᠠ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠬᠡᠯᠳᠡᠰ ᠵᠤᠬᠢᠶᠠᠨ ᠪᠠᠶᠢᠭᠤᠯᠵᠤ ᠬᠡᠷᠡᠭᠵᠢᠬᠦᠯᠦᠭᠰᠡᠨ ᠲᠤᠰᠬᠠᠢ ᠮᠠᠷᠭᠡᠵᠢᠯ ᠤᠨ ᠠᠵᠢᠯᠳᠠᠨ ᠤ ᠬᠢᠷᠢ ᠬᠡᠮ ᠤᠨ ᠰᠢᠯᠭᠠᠯᠳᠠ ᠶᠢᠨ ᠲᠦᠷᠦᠯ ᠵᠦᠢᠯ      ᠨᠢᠭᠡ᠂ ᠬᠡᠷ ᠪᠠᠶᠢᠰᠢᠩ ᠭᠠᠵᠠᠷ ᠬᠦᠷᠦᠩᠭᠡ ᠶᠢ ᠪᠠᠷᠤᠬᠯᠠᠵᠤ ᠦᠨᠠᠯᠡᠭᠴᠢ ᠶᠢᠨ ᠰᠢᠯᠭᠠᠯᠳᠠ      ᠬᠤᠶᠠᠷ᠂ ᠬᠠᠶᠢᠨ ᠪᠠᠶᠢᠴᠠᠭᠠᠵᠤ ᠲᠦᠯᠦᠪᠯᠠᠬᠦ ᠢᠨᠵᠧᠨᠧᠷᠢᠭ ᠤᠨ ᠠᠵᠢᠯ ᠡᠷᠬᠢᠯᠠᠬᠦ ᠬᠢᠷᠢ ᠬᠡᠮ ᠤᠨ ᠰᠢᠯᠭᠠᠯᠳᠠ      ︵ᠨᠢᠭᠡ︶ ᠲᠠᠩᠰᠠᠯᠠᠭᠤᠯᠬᠤ ᠰᠢᠷᠦᠢ ᠮᠤᠳᠤᠨ ᠤ ᠪᠠᠷᠢᠯᠭ᠎ᠠ ᠶᠢᠨ ᠢᠨᠵᠧᠨᠧᠷᠢᠭ ᠠᠵᠢᠯ ᠡᠷᠬᠢᠯᠠᠬᠦ ᠬᠢᠷᠢ ᠬᠡᠮ ᠎ ᠤᠨ ᠰᠢᠯᠭᠠᠯᠳᠠ      ︵ᠬᠤᠶᠠᠷ︶ ᠲᠠᠩᠰᠠᠯᠠᠭᠤᠯᠬᠤ ᠰᠢᠷᠦᠢ ᠮᠤᠳᠤᠨ ᠤ ᠪᠠᠷᠢᠯᠭ᠎ᠠ ᠶᠢᠨ ᠢᠨᠵᠧᠨᠧᠷᠢᠭ ︵ᠭᠠᠷᠠᠮ ᠪᠠ ᠠᠭᠠᠷ ᠤᠨ ᠵᠠᠮ ᠤᠨ ᠢᠨᠵᠧᠨᠧᠷᠢᠭ᠂ ᠤᠰᠤᠨ ᠠᠰᠢᠬᠯᠠᠯᠳᠠ ᠤᠰᠤᠨ ᠴᠠᠬᠢᠯᠭᠠᠨ ᠤ ᠢᠨᠵᠧᠨᠧᠷᠢᠭ᠂ ᠵᠠᠮ ᠤᠨ ᠢᠨᠵᠧᠨᠧᠷᠢᠭ ᠢ ᠪᠠᠭᠳᠠᠭᠠᠨ᠎ᠠ︶᠎ ᠤᠨ ᠠᠵᠢᠯ ᠡᠷᠬᠢᠯᠠᠬᠦ ᠬᠢᠷᠢ ᠬᠡᠮ ᠤᠨ ᠦᠨᠳᠤᠰᠤᠨ ᠰᠢᠯᠭᠠᠯᠳᠠ      ︵ᠭᠤᠷᠪᠠ︶ ᠲᠠᠩᠰᠠᠯᠠᠭᠤᠯᠬᠤ ᠬᠢᠮᠢ ᠶᠢᠨ ᠢᠨᠵᠧᠨᠧᠷᠢᠭ ᠤᠨ ᠠᠵᠢᠯ ᠡᠷᠬᠢᠯᠠᠬᠦ ᠬᠢᠷᠢ ᠬᠡᠮ ᠤᠨ ᠦᠨᠳᠤᠰᠤᠨ ᠰᠢᠯᠭᠠᠯᠳᠠ      ︵ᠲᠦᠷᠪᠠ︶ ᠲᠠᠩᠰᠠᠯᠠᠭᠤᠯᠬᠤ ᠨᠠᠶᠢᠳᠠ ᠶᠢᠨ ᠬᠡᠷᠡᠭᠯᠠᠬᠦ ᠲᠦᠬᠦᠭᠡᠷᠦᠮᠵᠢ ᠶᠢᠨ ᠢᠨᠵᠧᠨᠧᠷᠢᠭ ᠤᠨ ᠠᠵᠢᠯ ᠡᠷᠬᠢᠯᠠᠬᠦ ᠬᠢᠷᠢ ᠬᠡᠮ  ᠎ ᠤᠨ ᠦᠨᠳᠤᠰᠤᠨ ᠰᠢᠯᠭᠠᠯᠳᠠ      ︵ᠲᠠᠪᠤ︶ ᠲᠠᠩᠰᠠᠯᠠᠭᠤᠯᠬᠤ ᠴᠠᠬᠢᠯᠭᠠᠨ ᠤ ᠢᠨᠵᠧᠨᠧᠷᠢᠭ ᠤᠨ ᠠᠵᠢᠯ ᠤᠨ ᠬᠢᠷᠢ ᠬᠡᠮ ᠤᠨ ᠦᠨᠳᠤᠰᠤᠨ ᠰᠢᠯᠭᠠᠯᠳᠠ      ︵ᠵᠢᠷᠭᠤᠭ᠎ᠠ︶ ᠨᠢᠭᠡᠳᠦᠭᠡᠷ ᠲᠠᠰ᠂ ᠬᠤᠶᠠᠳᠤᠭᠠᠷ ᠲᠠᠰ ᠤᠨ ᠲᠠᠩᠰᠠᠯᠠᠭᠤᠯᠬᠤ ᠪᠦᠳᠦᠴᠠ ᠶᠢᠨ ᠢᠨᠵᠧᠨᠧᠷᠢᠭ ᠎ ᠤᠨ ᠦᠨᠳᠤᠰᠤᠨ ᠰᠢᠯᠭᠠᠯᠳᠠ      ︵ᠲᠤᠯᠤᠭ᠎ᠠ︶ ᠲᠠᠩᠰᠠᠯᠠᠭᠤᠯᠬᠤ ᠮᠠᠰᠢᠨ ᠤ ᠢᠨᠵᠧᠨᠧᠷᠢᠭ`᠎ ᠤᠨ ᠠᠵᠢᠯ ᠤᠨ ᠬᠢᠷᠢ ᠬᠡᠮ ᠤᠨ ᠦᠨᠳᠤᠰᠤᠨ ᠰᠢᠯᠭᠠᠯᠳᠠ      ︵ᠨᠠᠢᠮᠠ︶ ᠲᠠᠩᠰᠠᠯᠠᠭᠤᠯᠬᠤ ᠤᠷᠴᠢᠨ ᠲᠤᠭᠤᠷᠢᠨ ᠢ ᠬᠠᠮᠠᠭᠠᠯᠠᠬᠤ ᠢᠨᠵᠧᠨᠧᠷᠢᠭ ᠤᠨ ᠠᠵᠢᠯ ᠡᠷᠬᠢᠯᠠᠬᠦ ᠬᠢᠷᠢ ᠬᠡᠮ ᠤᠨ ᠦᠨᠳᠤᠰᠤᠨ ᠰᠢᠯᠭᠠᠯᠳᠠ      ︵ᠶᠢᠰᠤ︶ ᠲᠠᠩᠰᠠᠯᠠᠭᠤᠯᠬᠤ ᠲᠠᠮᠦᠷᠯᠢᠭ ᠬᠠᠶᠢᠯᠤᠭᠤᠯᠬᠤ ᠢᠨᠵᠧᠨᠧᠷᠢᠭ ᠤᠨ ᠠᠵᠢᠯ ᠤᠨ ᠬᠢᠷᠢ ᠬᠡᠮ ᠤᠨ ᠦᠨᠳᠤᠰᠤᠨ ᠰᠢᠯᠭᠠᠯᠳᠠ      ︵ᠠᠷᠪᠠ︶ ᠲᠠᠩᠰᠠᠯᠠᠭᠤᠯᠬᠤ ᠠᠭᠤᠷᠬᠠᠢ ᠮᠠᠯᠳᠠᠬᠤ᠂ ᠠᠭᠤᠷᠬᠠᠢ ᠶᠢᠨ ᠡᠳ᠋ ᠪᠤᠳᠠᠰ ᠤᠨ ᠢᠨᠵᠧᠨᠧᠷᠢᠭ ᠤᠨ ᠠᠵᠢᠯ ᠡᠷᠬᠢᠯᠠᠬᠦ ᠬᠢᠷᠢ ᠬᠡᠮ ᠤᠨ ᠦᠨᠳᠤᠰᠤᠨ ᠰᠢᠯᠭᠠᠯᠳᠠ      ︵ᠠᠷᠪᠠᠨ ᠨᠢᠭᠡ︶ ᠲᠠᠩᠰᠠᠯᠠᠭᠤᠯᠬᠤ ᠴᠢᠯᠠᠭᠤᠨ ᠲᠤᠰᠤ᠂ ᠪᠠᠶᠢᠭᠠᠯᠢ ᠶᠢᠨ ᠰᠢᠳᠠᠮᠠᠬᠠᠢ ᠬᠡᠢ ᠶᠢᠨ ᠢᠨᠵᠧᠨᠧᠷᠢᠭ ᠎ ᠤᠨ ᠠᠵᠢᠯ ᠡᠷᠬᠢᠯᠠᠬᠦ ᠬᠢᠷᠢ ᠬᠡᠮ ᠤᠨ ᠦᠨᠳᠤᠰᠤᠨ ᠰᠢᠯᠭᠠᠯᠳᠠ      ᠭᠤᠷᠪᠠ᠂ ᠲᠠᠩᠰᠠᠯᠠᠭᠤᠯᠬᠤ ᠪᠠᠶᠢᠭᠤᠯᠤᠬᠴᠢ ᠶᠢᠨ ᠠᠵᠢᠯ ᠤᠨ ᠬᠢᠷᠢ ᠬᠡᠮ ᠤᠨ ᠰᠢᠯᠭᠠᠯᠳᠠ      ᠲᠦᠷᠪᠠ᠂ ᠨᠢᠭᠡᠳᠦᠭᠡᠷ ᠲᠠᠰ᠂ ᠬᠤᠶᠠᠳᠤᠭᠠᠷ ᠲᠠᠰ ᠤᠨ ᠲᠠᠩᠰᠠᠯᠠᠭᠤᠯᠬᠤ ᠪᠠᠷᠢᠯᠭᠠᠴᠢᠨ ᠤ ᠰᠢᠯᠭᠠᠯᠳᠠ    
 
ᠢᠷᠡᠯᠲᠡ᠄ ᠣᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠣᠷᠳᠣᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号