ᠡᠬᠡ ᠬᠡᠯᠨ ᠮᠢᠨᠢ
ᠨᠡᠶᠢᠲᠡᠯᠡᠭᠰᠡᠨ ᠴᠠᠭ᠄
2016-04-13
ᠲᠠᠩᠳᠠ ᠪᠠᠨ ᠨᠤᠶᠢᠷᠤᠨ ᠲᠤᠮᠳᠠ ᠡᠪ ᠦᠬᠡᠢ ᠶᠠᠭᠤᠮ᠎ᠠ ᠦᠵᠡᠭᠳᠡᠬᠦ ᠪᠤᠯᠵᠤ ᠲᠠᠬᠢᠭᠠᠳ ᠯᠨ ᠤᠷᠢᠳᠦ ᠰᠦᠨᠢ ᠦᠪᠡᠷ ᠢ ᠪᠠᠨ ᠦᠬᠦᠯ᠎ᠡ ᠬᠡᠵᠦ ᠵᠡᠬᠦᠳᠦᠯᠡᠯ᠎ᠡ ᠴᠡᠯᠡᠭᠡᠷᠭᠡᠨ ᠳ᠋ᠡᠭᠧᠰᠲ᠋ᠠᠨ ᠤ ᠬᠦᠨᠳᠡᠢ ᠳᠤ ᠦᠳᠡ ᠶᠢᠨ ᠬᠠᠯᠠᠭᠤᠨ ᠰᠢᠳᠠᠵᠤ   ᠴᠡᠬᠡᠵᠢᠨ ᠳᠤ ᠪᠠᠨ ᠰᠤᠮᠤ ᠲᠠᠢ ᠪᠢ ᠬᠦᠳᠡᠯᠬᠦ ᠴᠦ ᠦᠬᠡᠢ ᠬᠡᠪᠳᠡᠨ᠎ᠡ   ᠬᠡᠴᠡ ᠠᠴᠠ ᠭᠠᠷᠤᠭᠰᠠᠨ ᠭᠤᠤᠯ ᠶᠠᠭᠤᠨ ᠳᠤ ᠴᠦ ᠲᠤᠷᠬᠤ ᠦᠬᠡᠢ ᠤᠷᠤᠰᠤᠨ᠎ᠠ ᠬᠡᠨ ᠳᠤ ᠴᠦ ᠶᠠᠭᠤᠨ ᠳᠤ ᠴᠦ ᠭᠡᠷᠡᠭ ᠦᠬᠡᠢ ᠮᠠᠷᠳᠠᠭᠳᠠᠵᠤ ᠬᠦᠢᠴᠡᠭᠰᠡᠨ ᠪᠢ   ᠬᠡᠵᠢᠶ᠎ᠡ ᠮᠦᠳᠳᠦ ᠦᠬᠡᠢ ᠭᠠᠵᠠᠷ ᠰᠢᠷᠤᠢ ᠪᠤᠯᠬᠤ ᠶᠢᠨ ᠢᠶᠠᠨ ᠡᠮᠦᠨ᠎ᠡ ᠬᠡᠳᠦ ᠠᠴᠠ ᠬᠠᠶᠢᠷᠠᠲᠠᠢ ᠨᠤᠳᠤᠭ ᠲᠤ ᠪᠠᠨ ᠲᠡᠷᠡᠶᠢᠳᠡᠭ ᠪᠠᠷ ᠢᠶᠠᠨ ᠲᠡᠷᠡᠶᠢᠨ ᠬᠡᠪᠳᠡᠨ᠎ᠡ ᠭᠠᠷᠴᠠᠭ᠎ᠠ ᠦᠬᠡᠢ ᠪᠢ ᠦᠬᠦᠯ᠎ᠡ᠂ ᠬᠡᠪᠡᠴᠦ ᠡᠨᠡ ᠲᠤᠬᠠᠢ ᠭᠠᠭᠴᠨ ᠴᠦ ᠬᠦᠮᠦᠨ ᠮᠡᠳᠡᠵᠦ᠂ ᠬᠡᠨ ᠴᠦ ᠨᠠᠳᠠ ᠳᠤ ᠬᠠᠷᠠᠭᠳᠠᠬᠤ ᠦᠬᠡᠢ ᠨᠢ   ᠬᠠᠷᠢᠨ ᠲᠡᠷᠳᠡᠭᠡ ᠦᠨᠳᠦᠷ ᠢ ᠨᠢ ᠨᠢᠬᠡᠨᠳᠡ ᠪᠦᠷᠬᠦᠳ ᠪᠦᠬᠡᠷᠴᠦ   ᠬᠠᠮᠢᠭ᠎ᠠ ᠴᠦ ᠶᠤᠮ ᠪᠤᠢ ᠲᠡᠷᠡᠤᠬᠡᠨ ᠳᠤ ᠬᠦᠷᠦᠬᠡᠰᠦ ᠪᠦᠤᠭᠡᠷᠡᠨ᠎ᠡ   ᠪᠤᠴᠠᠯᠤᠮ᠎ᠠ ᠵᠠᠯᠠᠭᠤ ᠨᠠᠰᠤᠨ ᠳᠤ ᠪᠠᠨ ᠨᠠᠮ᠎ᠠ ᠶᠢ ᠦᠬᠦᠯ᠎ᠡ ᠬᠡᠵᠦ ᠪᠤᠯᠠᠰᠢᠨ ᠲᠡᠭᠡᠷ᠎ᠡ ᠮᠢᠨᠢ ᠢᠷᠡᠵᠦ ᠨᠢᠯᠪᠤᠰᠤ ᠪᠠᠨ ᠴᠤᠪᠤᠭᠤᠯᠵᠤ   ᠬᠠᠶᠢᠷᠠᠲᠠᠢ ᠡᠵᠢ᠂ ᠠᠨᠳᠠ ᠨᠦᠬᠦᠳ᠂ ᠠᠮᠠᠷᠠᠭ ᠬᠡᠷᠭᠡᠢ   ᠬᠠᠶᠢᠯᠵᠤ ᠤᠬᠢᠯᠠᠬᠤ ᠨᠦᠬᠦᠬᠡ ᠬᠦᠮᠦᠰ ᠪᠠᠷᠠᠬᠤ ᠴᠦ ᠦᠬᠡᠢ   ᠲᠡᠩᠬᠡᠬᠡ ᠲᠠᠰᠤᠷᠠᠨ ᠬᠡᠪᠳᠡᠭᠰᠡᠭᠡᠷ ᠲᠦᠳᠡᠬᠡᠨ ᠪᠢ ᠠᠮᠢᠰᠬᠤᠯ ᠲᠠᠰᠤᠷᠠᠪᠠ   ᠲᠡᠬᠡᠲᠡᠯ᠎ᠡ ᠨᠢᠬᠡ ᠬᠤᠯᠨ ᠠᠴᠠ ᠪᠢ ᠴᠢᠮᠡᠭᠡ ᠭᠠᠷᠪᠠ   ᠬᠤᠶᠠᠷ ᠬᠦᠮᠦᠨ ᠶᠠᠪᠤᠭ᠎ᠠ ᠨᠢ ᠮᠡᠳᠡᠭᠳᠡᠵᠦ ᠲᠡᠳᠡ   ᠬᠤᠭᠤᠷᠤᠨᠳᠤ ᠪᠠᠨ᠂ ᠮᠢᠨᠦ ᠬᠠᠶᠢᠷᠠᠲᠠᠢ ᠠᠸᠠᠷ ᠬᠡᠯᠨ ᠪᠠᠷ ᠶᠠᠷᠢᠯᠴᠠᠪᠠ   ᠦᠳᠡ ᠶᠢᠨ ᠠᠭᠠᠬᠢᠮ᠎ᠠ ᠬᠠᠯᠠᠭᠤᠨ ᠳ᠋ᠡᠭᠧᠰᠲ᠋ᠠᠨ ᠤ ᠬᠦᠨᠳᠡᠢ ᠳᠤ ᠰᠢᠳᠠᠵᠤ   ᠦᠬᠦᠳᠡᠭ ᠢᠶᠠᠷ ᠢᠶᠠᠨ ᠪᠢ ᠦᠬᠦᠵᠦ᠂ ᠦᠨᠦ ᠬᠦᠮᠦᠰ ᠬᠤᠭᠤᠷᠤᠨᠳᠤ ᠪᠠᠨ ᠬᠦᠬᠡᠷᠦᠯᠳᠦᠵᠦ   ᠠᠯᠢ ᠨᠢᠬᠡ ᠭᠠᠰᠠᠩ ᠤᠪ ᠮᠡᠭᠡ ᠶᠢᠨ ᠲᠤᠬᠠᠢ   ᠠᠯᠢ ᠬᠡᠳᠡᠭ ᠨᠦᠬᠦᠬᠡ ᠨᠢ ᠠᠯᠢᠶ᠎ᠠ ᠲᠦᠷᠰᠦᠬᠦᠢ ᠶᠢᠨ ᠲᠤᠬᠠᠢ ᠶᠠᠷᠢᠵᠠᠭᠠᠪᠠ ᠤᠳᠠᠵᠤ ᠤᠳᠠᠵᠤ ᠡᠬᠡ ᠬᠡᠯᠨ ᠮᠢᠨᠢ ᠪᠦᠳᠡᠬᠡᠶᠢᠬᠡᠨ ᠰᠤᠨᠤᠰᠳᠠᠨ ᠤᠬᠠᠭᠠᠨ ᠤᠷᠤᠲᠠᠯ᠎ᠠ ᠴᠠᠭ ᠬᠤᠭᠤᠴᠠᠭ᠎ᠠ ᠦᠩᠭᠡᠷᠡᠵᠦ   ᠡᠨᠡ ᠪᠡᠶ᠎ᠡ ᠶᠢ ᠮᠢᠨᠢ ᠡᠪᠡᠳᠴᠢᠨ ᠵᠤᠪᠠᠯᠠᠩ ᠦᠬᠦᠯ ᠠᠴᠠ ᠴᠦ   ᠡᠮᠴᠢ ᠤᠳᠠᠴᠢ ᠪᠢᠰᠢ ᠡᠬᠡ ᠬᠡᠯᠨ ᠮᠢᠨᠢ ᠠᠪᠤᠷᠠᠳᠠᠭ ᠢ ᠤᠶᠢᠯᠠᠭᠠᠯ᠎ᠠ   ᠦᠭᠡᠷ᠎ᠡ ᠬᠦᠮᠦᠨ ᠢ ᠡᠪᠡᠳᠴᠢᠨ ᠠᠴᠠ ᠨᠢ ᠰᠠᠯᠭᠠᠬᠤ ᠳᠤ ᠦᠬᠡᠷ᠎ᠡ ᠨᠢᠬᠡ ᠬᠡᠯᠨ ᠲᠤᠰᠠᠲᠠᠢ ᠴᠦ ᠲᠡᠷᠨ ᠨᠠᠳᠠ ᠳᠤ ᠨᠡᠮᠡᠷᠢ ᠦᠬᠡᠢ ᠡᠬᠡ ᠬᠡᠯᠨ ᠮᠢᠨᠢ ᠬᠡᠷᠪᠡ ᠮᠠᠷᠭᠠᠰᠢ ᠮᠦᠬᠦᠬᠦ ᠶᠤᠮ ᠪᠤᠯ ᠡᠷᠡᠬᠡᠯᠵᠡᠭᠡ ᠦᠬᠡᠢ ᠪᠢ ᠦᠨᠦᠳᠦᠷ ᠦᠬᠦᠬᠦ ᠳᠤ ᠪᠡᠯᠡᠨ ᠪᠠᠶᠢᠨ᠎ᠠ ᠶᠠᠮᠠᠷᠴᠦ ᠴᠠᠭ ᠲᠤ ᠡᠬᠡ ᠬᠡᠯᠡᠨ ᠤ ᠪᠠᠨ ᠲᠦᠯᠦᠬᠡ ᠰᠡᠳᠬᠢᠯ ᠡᠪᠡᠳᠦᠨ᠎ᠡ ᠶᠠᠳᠠᠭᠤ ᠵᠢᠭᠠᠬᠠᠨ ᠬᠡᠵᠦ ᠬᠡᠯᠨ ᠶᠢ ᠮᠢᠨᠢ ᠴᠢᠮᠠᠯᠠᠳᠠᠭ ᠴᠦ ᠶᠠᠭᠠᠬᠢᠬᠤ ᠪᠤᠢ᠂ ᠮᠢᠨᠦ ᠬᠡᠯᠨ ᠪᠠᠷ ᠠᠰᠰᠠᠮᠪᠧᠯᠢ ᠶᠢᠨ ᠢᠨᠳᠡᠷ ᠠᠴᠠ ᠶᠠᠷᠢᠳᠠᠭ ᠦᠬᠡᠢ ᠴᠦ ᠢᠯᠭᠤᠮ ᠲᠦᠷᠦᠯᠬᠢ ᠬᠡᠯᠨ ᠮᠢᠨᠢ ᠮᠢᠨᠦ ᠬᠤᠪᠢ ᠳᠤ ᠠᠤᠭ᠎ᠠ ᠤᠶᠤᠨᠳᠤ ᠮᠦᠬᠠᠮᠦᠳ᠋ ᠶᠢ ᠮᠢᠨᠦ ᠬᠤᠶᠢᠴᠢ ᠦᠶ᠎ᠡ ᠤᠷᠴᠢᠭᠤᠯᠭ᠎ᠠ ᠪᠠᠷ ᠤᠩᠰᠢᠬᠤ ᠪᠤᠯᠵᠤ ᠪᠠᠶᠢᠨ᠎ᠠ ᠤᠤ︖   ᠡᠨᠡ ᠪᠡᠶ᠎ᠡ ᠮᠢᠨᠢ ᠲᠦᠷᠦᠯᠬᠢ ᠠᠸᠠᠷ ᠪᠠᠷ ᠢᠶᠠᠨ ᠪᠢᠴᠢᠳᠡᠭ᠂ ᠲᠠᠭᠤᠯᠠᠳᠠᠭ ᠡᠴᠦᠰ ᠤᠨ ᠵᠤᠬᠢᠶᠠᠯᠴᠢ ᠪᠤᠯᠵᠤ ᠪᠠᠶᠢᠨ᠎ᠠ ᠤᠤ︖   ᠠᠮᠢᠳᠤᠷᠠᠯ ᠢ ᠬᠠᠶᠢᠷᠠᠯᠠᠵᠤ᠂ ᠭᠠᠷᠠᠭ ᠲᠡᠯᠡᠬᠡᠢ ᠪᠠᠨ ᠬᠠᠶᠢᠷᠠᠯᠠᠵᠤ ᠠᠯᠤᠰ ᠤᠨ ᠵᠢᠭᠠᠬᠠᠨ ᠪᠤᠯᠤᠩ ᠲᠡᠯᠡᠬᠡᠢ ᠪᠦᠬᠦᠳᠡ ᠶᠢ ᠬᠠᠶᠢᠷᠠᠯᠠᠵᠤ ᠠᠯᠢᠪᠠ ᠪᠦᠬᠦᠨ ᠠᠴᠠ ᠢᠯᠡᠬᠦᠦ ᠵᠦᠪᠯᠡᠯᠳᠦ ᠤᠳ ᠤᠨ ᠤᠷᠤᠨ ᠢᠶᠠᠨ ᠬᠠᠶᠢᠷᠠᠯᠠᠵᠤ ᠠᠳᠠᠯᠢᠬᠠᠨ ᠪᠦᠬᠦᠳᠡ ᠶᠢ ᠨᠢ ᠠᠸᠠᠷ ᠢᠶᠠᠷ ᠢᠶᠠᠨ᠂ ᠪᠦᠬᠦ ᠴᠢᠳᠠᠯ ᠢᠶᠠᠷ ᠢᠶᠠᠨ ᠲᠠᠭᠤᠯᠠᠭᠰᠠᠨ ᠡ ᠪᠢ   ᠴᠡᠴᠡᠭᠯᠡᠨ ᠬᠦᠭᠵᠢᠵᠦ ᠪᠠᠶᠢᠭ᠎ᠠ᠂ ᠡᠷᠬᠡ ᠴᠢᠯᠦᠬᠡᠳᠦ ᠤᠷᠤᠨ ᠴᠡᠩᠭᠡᠷᠯᠡᠭᠴᠢ ᠪᠠᠯᠲ ᠲᠠᠩᠬᠢᠰ ᠠᠴᠠ ᠰᠠᠬᠠᠯᠢᠨ ᠬᠦᠷᠲᠡᠯᠡᠬᠢ ᠨᠤᠳᠤᠭ ᠮᠢᠨᠢ ᠭᠠᠷᠴᠠᠭ᠎ᠠ ᠦᠬᠡᠢ ᠭᠡᠷᠡᠭᠲᠡᠢ ᠴᠠᠭ ᠲᠤ ᠡᠬᠦᠨ ᠤ ᠪᠠᠨ ᠬᠠᠮᠢᠭ᠎ᠠ ᠨᠢ ᠴᠦ ᠬᠠᠮᠢᠶ᠎ᠠ ᠦᠬᠡᠢ ᠬᠦᠷᠦᠨ᠎ᠡ ᠭᠠᠭᠴᠨ ᠬᠦ ᠭᠠᠵᠠᠷ ᠬᠤᠩᠬᠤᠶᠢᠯᠠᠵᠤ᠂ ᠨᠢᠬᠡ ᠯᠨ ᠭᠠᠵᠠᠷ ᠤᠨᠳᠠᠭᠤᠯᠤᠭᠠᠷᠠᠢ   ᠬᠤᠳᠠ ᠠᠶᠢᠯ ᠠᠴᠠ ᠮᠢᠨᠢ ᠬᠤᠯᠨ ᠦᠬᠡᠢ ᠪᠤᠯᠠᠰᠢᠨ ᠤ ᠴᠢᠯᠠᠭᠤᠨ ᠲᠡᠭᠡᠷ᠎ᠡ ᠬᠤᠵᠢᠮ ᠠᠸᠠᠷᠴᠤᠳ ᠮᠢᠨᠢ ᠨᠠᠮ᠎ᠠ ᠶᠢ ᠬᠠᠶ᠋ᠨ ᠲᠤᠷᠠᠰᠴᠤ ᠴᠠᠳᠠ ᠬᠤᠳᠠ ᠠᠶᠢᠯ ᠤᠨ ᠭᠠᠮᠽᠠᠲ᠋ᠤᠸ᠋ ᠤᠨ ᠬᠦᠤ ᠷᠠᠰᠤᠯ — ᠬᠡᠵᠦ ᠴᠠᠭᠠᠰᠢ ᠨᠢ ᠲᠦᠷᠦᠯᠬᠢ ᠠᠸᠠᠷ ᠢᠶᠠᠷ ᠪᠢᠴᠢᠬᠡᠷᠡᠢ                                                                           ︵ᠳ᠋᠊ · ᠴᠣᠣᠳᠠᠯ ᠣᠷᠴᠢᠭᠤᠯᠪᠠ  ︶                                 ᠳᠤᠮᠳᠠᠳᠤ ᠤᠯᠤᠰ ᠤᠨ ᠰᠤᠨᠢᠨ ᠮᠡᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号