ᠮᠤᠩᠭᠤᠯ ᠤᠯᠤᠰ ᠢᠶᠠᠷ ᠠᠶᠠᠯᠠᠭᠰᠠᠨ ᠲᠡᠮᠳᠡᠭᠯᠡᠯ
ᠨᠡᠶᠢᠲᠡᠯᠡᠭᠰᠡᠨ ᠴᠠᠭ᠄
2016-04-13
      ᠮᠠᠨ ᠤ ᠤᠯᠤᠰ ᠤᠷᠤᠨ ᠦᠭᠡᠷᠡᠴᠢᠯᠡᠯᠳᠡ ᠬᠢᠵᠤ ᠴᠢᠯᠤᠭᠡᠳᠠᠢ ᠶᠠᠪᠤᠯᠴᠠᠬᠤ ᠪᠤᠯᠤᠭᠰᠠᠨ ᠤ ᠳᠠᠷᠠᠭ᠎ᠠ ᠳᠤᠮᠳᠠᠳᠤ ᠮᠤᠩᠭᠤᠯ ᠬᠤᠶᠠᠷ ᠤᠯᠤᠰ ᠤᠨ ᠰᠤᠶᠤᠯ ᠤᠨ ᠰᠤᠯᠢᠯᠴᠠᠭ᠎ᠠ ᠴᠢᠯᠦᠭᠡᠳᠠᠢ ᠪᠤᠯᠤᠭᠰᠠᠨ ᠡᠨᠡ ᠰᠠᠶᠢᠬᠠᠨ ᠳᠠᠰᠢᠷᠠᠮ ᠢᠶᠠᠷ ᠬᠠᠯᠬ᠎ᠠ ᠮᠤᠩᠭᠤᠯ ᠳᠤ ᠬᠦᠷᠴᠦ᠂ ᠲᠡᠳᠡᠨ ᠤ ᠤᠩᠭᠤᠨ ᠪᠠᠶᠢᠭᠠᠯᠢ ᠨᠡᠭᠦᠳᠡᠯ ᠮᠤᠩᠭᠤᠯ ᠠᠮᠢᠳᠤᠷᠠᠯ ᠢ ᠨᠢ ᠦᠵᠡᠬᠦ ᠶᠤᠮᠰᠠᠨ ᠭᠡᠰᠡᠨ ᠪᠤᠳᠤᠯ ᠲᠦᠷᠦᠭᠰᠡᠨ ᠶᠤᠮ ᠡ︕            ᠲᠡᠨᠳᠡ ᠮᠢᠨᠦ ᠲᠠᠨᠢᠯ ᠳᠠᠰᠤᠯ ᠤᠯᠤᠰ ᠭᠡᠵᠦ ᠪᠠᠶᠢᠬᠤ ᠦᠭᠡᠢ᠂ ᠪᠢ ᠬᠡᠨ ᠢ ᠪᠠᠨ ᠲᠦᠰᠢᠵᠦ ᠤᠴᠢᠬᠤ ᠪᠢᠯᠡ ᠭᠡᠵᠦ ᠰᠠᠨᠠᠭ᠎ᠠ ᠵᠤᠪᠠᠵᠤ ᠪᠠᠶᠢᠲᠠᠯ᠎ᠠ᠂ ᠡᠨᠡ ᠵᠢᠯ ᠤᠨ ᠲᠠᠪᠤᠨ ᠰᠠᠷ᠎ᠠ ᠶᠢᠨ ᠦᠶ᠎ᠡ ᠪᠠᠷ ᠰᠠᠶᠢᠨ ᠨᠠᠶᠢᠵᠠ ᠠ᠊ · ᠴᠢᠯᠠᠭᠤᠨᠪᠠᠭᠠᠳᠤᠷ ᠭᠤᠸᠠᠢ ᠲᠠᠢ ᠠᠭᠤᠯᠵᠠᠬᠤ ᠳᠤ ᠲᠡᠷᠡ ᠮᠠᠨᠢ ᠬᠠᠷᠢᠨ ᠡᠨᠡ ᠵᠤᠨ ᠬᠡᠲᠦᠭᠦᠯᠡ ᠨᠢᠭᠡ ᠪᠦᠯᠬᠦᠮ ᠪᠠᠶᠢᠭᠤᠯᠵᠦ᠂ ᠮᠤᠩᠭᠤᠯ ᠤᠯᠤᠰ ᠤᠨ ᠨᠠᠭᠠᠳᠤᠮ ︽ᠲᠤᠷᠤᠨᠠᠳᠦ ᠠᠶᠢᠮᠠᠭ ᠤᠨ ᠬᠦᠯᠦᠨ ᠪᠤᠶᠢᠷ ᠰᠤᠮᠤᠨ ᠤ 70 ᠵᠢᠯ ᠤᠨ ᠤᠢ ᠶᠢᠨ ᠪᠠᠶᠠᠷ︾ ᠤᠨ ᠦᠶ᠎ᠡ ᠪᠠᠷ ᠮᠤᠩᠭᠤᠯ ᠢᠶᠠᠷ ᠲᠤᠭᠤᠷᠢᠵᠦ ᠶᠠᠪᠤᠶ᠎ᠠ ᠭᠡᠯ᠎ᠡ᠃ ᠢᠩᠬᠢᠭᠡᠳ ᠪᠢᠳᠡ ᠬᠢᠯᠢ ᠭᠠᠷᠬᠤ ᠫᠠᠰᠫᠤᠷᠲ ᠢᠶᠠᠨ ᠬᠢᠯᠭᠡᠵᠦ ᠲᠤᠯᠤᠭᠠᠨ ᠰᠠᠷ᠎ᠠ ᠶᠢᠨ ᠶᠢᠰᠦᠨ ᠤ ᠡᠳᠦᠷ ᠠᠮᠤᠭᠤᠯᠠᠩ ᠪᠠᠯᠭᠠᠰᠤᠨ ᠠᠴᠠ ᠮᠠᠨ ᠤ ᠠᠷᠪᠠᠭᠤᠯᠠ ᠠᠯᠳ᠋ᠬᠠᠮᠡᠭᠡᠯ ᠬᠦᠷᠴᠦ᠂ ᠲᠡᠡᠲᠡ ᠮᠡᠨ ᠢ ᠬᠦᠯᠢᠶᠡᠵᠤ ᠪᠠᠶᠢᠬᠰᠠᠨ ᠲᠠᠮᠢᠷ᠂ ᠲᠤᠯᠭ᠎ᠠ ᠭᠡᠳᠡᠭ ᠮᠤᠩᠭᠤᠯ ᠤᠨ ᠬᠤᠶᠠᠷ ᠵᠠᠯᠠᠭᠤ ᠲᠠᠢ ᠠᠭᠤᠯᠵᠠᠵᠤ᠂ ᠡᠳᠤᠷ ᠲᠡᠭᠡᠨ ᠪᠢᠳᠡ ᠠᠷᠤᠬᠠᠰᠢᠶᠠᠳᠦ ᠬᠠᠪᠢᠷᠭ᠎ᠠ ᠪᠤᠭᠤᠮᠳᠠ ᠶᠢᠨ ᠬᠢᠯᠢ ᠶᠢᠨ ᠪᠠᠶᠢᠴᠠᠭᠠᠯᠳᠠ ᠶᠢ ᠰᠢᠯᠦᠭᠤᠬᠠᠨ ᠳᠠᠪᠠᠵᠦ᠂ ᠤᠷᠤᠢ ᠶᠢᠨ ᠨᠠᠢᠮᠠᠨ ᠴᠠᠭ ᠤᠨ ᠦᠶ᠎ᠡ ᠪᠠᠷ ᠲᠤᠷᠤᠨᠠᠳᠦ ᠠᠶᠢᠮᠠᠭ ᠤᠨ ᠲᠦᠪ ᠴᠦᠢᠪᠠᠯᠰᠠᠩ ᠬᠦᠷᠴᠦ᠂ ᠲᠠᠮᠢᠷ ᠳᠡᠭᠦᠦ ᠶᠢᠨ ᠳᠡᠭᠡᠨ ᠬᠤᠨᠤᠭᠯᠠᠪᠠ᠃ ᠲᠡᠳᠡ ᠲᠤᠷᠤᠨᠠᠳᠦ ᠳᠠᠭᠠᠨ ᠨᠡᠯᠢᠶᠡᠳ ᠴᠢᠨᠡᠭᠡᠯᠢᠭ ᠠᠮᠢᠳᠤᠷᠠᠯ ᠲᠠᠢ ᠡᠷᠦᠭᠡ ᠶᠢᠨ ᠨᠢᠭᠡ ᠪᠠᠶᠢᠯ᠎ᠠ᠂ ᠲᠡᠳᠡᠨ ᠤ ᠬᠢ ᠭᠡᠵᠤ ᠬᠤᠶᠠᠷ ᠲᠠᠪᠬᠤᠷ ᠤᠷᠤᠰ ᠮᠠᠶ᠋ᠢᠭ ᠤᠨ ᠮᠤᠳᠤᠨ ᠠᠰᠠᠷ ᠲᠠᠢ ᠴᠡᠪᠡᠷ ᠴᠡᠮᠴᠡᠭᠡᠷ ᠠᠮᠢᠳᠤᠷᠠᠳᠠᠭ ᠠᠶᠢᠯ᠂ ᠲᠡᠳᠡ ᠪᠢᠳᠡᠨ ᠳᠤ ᠲᠤᠰᠬᠠᠢ ᠭᠡᠷ ᠰᠤᠯᠠᠯᠠᠨ ᠦᠭᠴᠦ᠂ ᠬᠠᠯᠠᠭᠤᠮᠰᠤᠭ ᠢᠶᠠᠷ ᠬᠦᠯᠢᠶᠠᠨ ᠠᠪᠤᠪᠠ᠂ ᠤᠷᠤᠢ ᠨᠢ ᠪᠢᠳᠡᠨ ᠳᠤ ᠦᠷᠦᠮ᠎ᠡ ᠠᠭᠠᠷᠤᠤᠯ ᠲᠠᠢ ᠰᠦ ᠲᠠᠢ ᠴᠠᠢ ᠪᠠᠨ ᠪᠠᠷᠢᠵᠦ᠂ ᠲᠠᠯᠬ᠎ᠠ ᠵᠦᠭᠡᠭᠡᠢ᠂ ᠰᠢᠬᠢᠷ ᠪᠤᠤᠪᠤ ᠰᠢᠷᠡᠭᠡ ᠲᠦᠬᠦᠷᠡᠩ ᠦᠷᠦᠵᠦ᠂ ᠮᠤᠩᠭᠤᠯ ᠪᠤᠤᠵᠠ ᠪᠠᠷ ᠲᠠᠶᠢᠯᠠᠨ ᠬᠦᠨᠳᠦᠯᠡᠪᠡ᠃ ᠳᠠᠷᠠᠭ᠎ᠠ ᠨᠢ ᠭᠡᠷ ᠤᠨ ᠡᠵᠡᠨ ᠲᠠᠮᠢᠷ ᠳᠡᠭᠦᠦ ᠮᠢᠨᠢ ᠴᠢᠩᠬᠢᠰ ᠠᠷᠢᠬᠢ ᠵᠠᠳᠠᠯᠵᠦ ᠂ ᠪᠢᠳᠡ ᠪᠦᠬᠦᠨ ᠤ ᠠᠶᠠᠨ ᠵᠠᠮ ᠤᠨ ᠶᠠᠳᠠᠷᠠᠭ᠎ᠠ ᠴᠢᠯᠡᠭᠡ ᠶᠢ ᠲᠠᠶᠢᠯᠵᠦ ᠬᠦᠨᠳᠦᠯᠡᠪᠡ᠃ ᠲᠠᠮᠢᠷ ᠤᠨ ᠨᠠᠶᠢᠵᠠ ᠲᠤᠯᠭ᠎ᠠ ᠭᠡᠳᠡᠭ ᠦᠨᠳᠦᠷ ᠴᠠᠭᠠᠨ ᠵᠠᠯᠠᠭᠤ ᠳᠠᠭᠤᠤ ᠰᠢᠯᠦᠭ ᠲᠠᠢ ᠬᠤᠨᠳᠠᠭ᠎ᠠ ᠪᠠᠷᠢᠵᠤ᠂ ᠨᠡᠯᠢᠶᠡᠳ ᠤᠷᠤᠢ ᠪᠤᠯᠳᠠᠯ᠎ᠠ ᠨᠠᠶᠢᠷᠯᠠᠯ᠎ᠠ᠃             ᠮᠠᠷᠭᠠᠰᠢ ᠨᠢ ᠮᠤᠩᠭᠤᠯ ᠠᠶᠢᠯ ᠤᠨ ᠵᠠᠩᠰᠢᠯ ᠶᠤᠰᠤᠭᠠᠷ ᠡᠷᠳᠡ ᠶᠢᠨ ᠴᠠᠢ ᠪᠠᠨ ᠳᠠᠪᠠᠳᠠᠶᠢᠬᠠᠨ ᠤᠤᠭᠤᠵᠦ᠂ ᠴᠦᠢᠪᠠᠯᠰᠠᠩ ᠬᠤᠳᠠ ᠳᠤ ᠰᠦᠨᠳᠡᠷᠯᠡᠵᠦ ᠪᠠᠶᠢᠭ᠎ᠠ ᠬᠠᠯᠬ᠎ᠠ ᠭᠤᠤᠯ ᠤᠨ ᠳᠠᠶᠢᠨ ᠳᠤ ᠪᠡᠶ᠎ᠡ ᠦᠷᠡᠭᠳᠡᠭᠰᠡᠨ ᠤᠷᠤᠰ ᠤᠨ ᠤᠯᠠᠭᠠᠨ ᠴᠡᠷᠢᠭ ᠤᠨ ᠪᠠᠭᠠᠳᠤᠷᠴᠦᠳ ᠢ ᠳᠤᠷᠠᠰᠬᠠᠵᠦ ᠬᠢᠭᠰᠡᠨ ᠢᠯᠠᠯᠳᠠ ᠳᠤᠷᠠᠰᠬᠠᠯ ᠤᠨ ᠬᠦᠰᠢᠶᠡᠨ ᠳᠤ ᠪᠠᠷᠠᠳᠠᠨ ᠵᠢᠷᠤᠭ ᠰᠡᠭᠦᠳᠡᠷ ᠠᠪᠴᠦ ᠳᠤᠷᠠᠰᠬᠠᠯ ᠦᠯᠡᠳᠡᠭᠡᠪᠡ᠃                8 - 9 ᠴᠠᠭ ᠤᠨ ᠦᠶ᠎ᠡ ᠪᠠᠷ᠂ ᠲᠤᠷᠤᠨᠠᠳᠦ ᠠᠶᠢᠮᠠᠭ ᠤᠨ ᠨᠠᠭᠠᠳᠤᠮ ᠦᠵᠡᠬᠦ ᠪᠠᠷ ᠬᠤᠳᠠ ᠶᠢᠨ ᠪᠠᠷᠠᠭᠤᠨ ᠡᠮᠦᠨ᠎ᠡ ᠵᠦᠭ ᠢ ᠴᠢᠭᠯᠡᠨ ᠬᠦᠳᠡᠯᠪᠡ᠃ ᠡᠨᠡ ᠡᠳᠦᠷ ᠨᠠᠭᠠᠳᠤᠮ ᠡᠬᠢᠯᠡᠭᠰᠡᠨ ᠪᠤᠯᠬᠤᠷ ᠬᠦᠮᠦᠨ ᠵᠤᠨ ᠤᠯᠠᠨ᠂ ᠲᠤᠭ ᠳᠠᠯᠪᠠᠭ᠎ᠠ ᠨᠠᠮᠢᠷᠠᠭᠤᠯᠤᠭᠰᠠᠨ ᠮᠠᠰᠢᠨ ᠮᠤᠲ᠋ᠤᠷ᠂ ᠮᠤᠷᠢ ᠲᠠᠢ ᠬᠦᠮᠦᠰ ᠵᠠᠢ ᠵᠠᠪᠰᠠᠷ ᠦᠭᠡᠢ ᠳᠠᠪᠬᠢᠯᠳᠤᠨ᠎ᠠ᠂ ᠪᠢᠳᠡ ᠮᠤᠷᠢ ᠲᠤᠰᠬᠤ ᠲᠠᠯᠠᠪᠠᠢ ᠳᠤ ᠬᠦᠷᠬᠦ ᠳᠤ ᠮᠠᠰᠢᠨ ᠮᠤᠲ᠋ᠤᠷ ᠲᠠᠢ ᠬᠡᠳᠦᠨ ᠮᠢᠩᠭᠠᠨ ᠨᠠᠭᠠᠳᠤᠮᠴᠢᠳ ᠪᠠᠷᠢᠶᠠᠨ ᠤ ᠭᠠᠵᠠᠷ ᠲᠣ ᠲᠦᠬᠦᠷᠡᠭᠡᠳ ᠲᠡᠷᠭᠡ ᠵᠤᠭᠰᠤᠬᠤ ᠵᠠᠢ ᠦᠭᠡᠢ ᠨᠢ ᠭᠡᠴᠡᠭᠦᠦ᠃ ᠪᠢᠳᠡ ᠠᠷᠠᠢ ᠨᠢᠭᠡ ᠵᠠᠢ ᠤᠯᠵᠦ ᠲᠡᠷᠭᠡ ᠤᠨᠤᠭ᠎ᠠ ᠪᠠᠨ ᠲᠠᠯᠪᠢᠭᠠᠳ ᠮᠤᠷᠢ ᠦᠵᠡᠵᠡᠭᠡᠪᠡ᠃ ᠪᠢᠳᠡᠨ ᠤ ᠤᠴᠢᠬᠤ ᠳᠤ ᠲᠡᠷᠢᠭᠦᠨ ᠮᠤᠷᠢ ᠲᠦᠩᠭᠡᠵᠤ ᠢᠷᠡᠭᠰᠡᠨ ᠪᠠᠶᠢᠪᠠ᠂ ᠮᠤᠷᠢ ᠲᠠᠶᠢᠯᠪᠤᠷᠢᠯᠠᠭᠴᠢ ᠠᠴᠠ ᠰᠦᠬᠡᠪᠠᠭᠠᠳᠤᠷ ᠠᠶᠢᠮᠠᠭ ᠤᠨ ᠡᠩᠬᠡᠵᠢᠷᠭᠠᠯ ᠤᠨ ᠬᠤᠸᠠ ᠬᠤᠩᠭᠤᠷ ᠮᠤᠷᠢ ᠲᠡᠷᠢᠭᠦᠯᠡᠵᠦ ᠢᠷᠡᠯ᠎ᠡ ᠭᠡᠵᠦ ᠮᠡᠳᠡᠭᠡᠯᠡᠵᠦ ᠪᠠᠶᠢᠯ᠎ᠠ᠂ ᠳᠠᠬᠢᠨ ᠴᠠᠰᠢ ᠳᠡᠰ ᠳᠠᠷᠠᠭ᠎ᠠ ᠶᠢ ᠨᠢ ᠶᠡᠷᠦ ᠮᠡᠳᠡᠬᠦ ᠪᠠᠨ ᠪᠤᠯᠢᠪᠠ᠃   ᠢᠩᠬᠢᠭᠡᠳ ᠪᠢᠳᠡ ᠨᠠᠭᠠᠳᠤᠮ ᠤᠨ ᠲᠠᠯᠠᠪᠠᠢ ᠵᠦᠭ ᠪᠤᠴᠠᠵᠦ ᠨᠠᠶᠢᠷ ᠤᠨ ᠲᠠᠯᠠᠪᠠᠢ ᠳᠤ ᠤᠷᠤᠬᠤ ᠳᠤ ᠨᠠᠭᠠᠳᠤᠮᠴᠢᠳ ᠲᠠᠯᠠᠪᠠᠢ ᠲᠦᠬᠦᠷᠡᠩ ᠰᠠᠭᠤᠵᠦ ᠬᠦᠮᠦᠨ ᠪᠤᠯᠭᠠᠨ ᠪᠠᠶᠠᠷ ᠪᠠᠶᠠᠰᠬᠤᠯᠠᠩ ᠲᠠᠢ᠂ ᠲᠡᠷᠢᠭᠦᠯᠡᠭᠴᠢ ᠶᠢᠨ ᠲᠠᠶᠢᠰᠠᠨ ᠠᠴᠠ ᠨᠠᠭᠠᠳᠤᠮ ᠡᠬᠢᠯᠡᠬᠦ ᠶᠤᠰᠤᠯᠠᠯ ᠶᠠᠪᠤᠭᠤᠯᠬᠤ ᠶᠢ ᠬᠠᠮᠤᠭ ᠤᠨ ᠲᠡᠷᠢᠭᠦᠨ ᠳᠤ ᠵᠠᠷᠯᠠᠬᠤ ᠳᠤ ᠪᠠᠭᠠᠴᠦᠳ ᠵᠠᠯᠠᠭᠤᠴᠦᠳ ᠤᠨ ᠡᠩᠨᠡᠭᠡ᠂ ᠭᠠᠪᠢᠶᠠᠳᠦ ᠮᠠᠯᠴᠢᠳ ᠤᠨ ᠪᠦᠯᠬᠦᠮ ᠭᠡᠳ ᠮᠠᠰᠢ ᠤᠯᠠᠨ ᠪᠦᠯᠬᠦᠮ ᠨᠢᠭᠡᠴᠡ ᠶᠢᠨ ᠡᠩᠨᠡᠭᠡ ᠲᠤᠭ ᠳᠠᠯᠪᠠᠭ᠎ᠠ ᠪᠠᠨ ᠨᠠᠮᠢᠷᠠᠭᠤᠯᠵᠦ ᠬᠦᠷ ᠬᠦᠭᠵᠢᠶᠡᠨ ᠲᠠᠢ ᠲᠠᠯᠠᠪᠠᠢ ᠳᠤ ᠤᠷᠤᠵᠠᠭᠠᠨ᠎ᠠ᠃                ᠮᠠᠨ ᠳᠤ ᠬᠠᠮᠤᠭ ᠤᠨ ᠰᠤᠨᠢᠷᠬᠠᠯᠳᠠᠢ ᠰᠠᠨᠠᠭᠳᠠᠭᠰᠠᠨ ᠨᠢ ᠮᠠᠰᠢᠨ ᠲᠡᠷᠭᠡᠨ ᠤ ᠵᠢᠬᠰᠠᠭᠠᠯ ᠪᠠᠶᠢᠯ᠎ᠠ᠃ ᠮᠠᠰᠢ ᠬᠠᠭᠤᠴᠢᠷᠠᠭᠰᠠᠨ ᠡᠷᠳᠡᠨ ᠤ ᠮᠠᠶ᠋ᠢᠭ ᠤᠨ ᠤᠷᠤᠰ ᠮᠠᠰᠢᠨ ᠨᠤᠭᠤᠳ ᠬᠤᠶᠢᠨ᠎ᠠ ᠬᠤᠶᠢᠨ᠎ᠠ ᠠᠴᠠ ᠪᠠᠨ ᠰᠤᠨᠵᠢᠷᠠᠵᠦ᠂ ᠶᠡᠷᠦᠨᠢ ᠦᠵᠡᠵᠦ ᠬᠠᠷᠠᠭ᠎ᠠ ᠦᠭᠡᠢ ᠨᠡᠷ᠎ᠡ ᠤᠰᠤ ᠶᠢ ᠨᠢ ᠲᠠᠭ ᠮᠡᠳᠡᠬᠦ ᠦᠭᠡᠢ ᠲᠤᠮᠤ ᠵᠢᠵᠢᠭ ᠲᠡᠷᠭᠡ ᠨᠦᠭᠦᠳ ᠵᠢᠬᠰᠠᠭᠠᠯ ᠳᠤ ᠤᠷᠤᠬᠤ ᠨᠢ ᠪᠦᠷ ᠰᠤᠨᠢᠷᠬᠠᠯ ᠲᠠᠢ᠃                  ᠡᠨᠡ ᠲᠤᠯᠤᠭᠠᠨ ᠦᠶ᠎ᠡ ᠶᠢᠨ ᠮᠠᠰᠢᠨ ᠲᠡᠷᠭᠡ ᠶᠢ ᠬᠠᠮᠢᠭ᠎ᠠ ᠠᠴᠠ ᠠᠪᠤᠭᠠᠳ ᠢᠷᠡᠳᠡᠭ ᠤᠯᠤᠰ ᠤᠳ ᠪᠤᠢ︖ ᠡᠨᠡ ᠨᠢ ᠪᠠᠰᠠ ᠲᠡᠭᠡᠭᠡᠳ ᠦᠨᠦ ᠪᠤᠯᠳᠠᠯ᠎ᠠ ᠵᠢᠯᠤᠭᠤᠳᠪᠠᠯ ᠬᠦᠳᠡᠯᠳᠡᠭ ᠪᠠᠶᠢᠨ᠎ᠠ ᠰᠢᠤ ᠭᠡᠵᠦ ᠶᠡᠭᠡ ᠰᠤᠨᠢᠷᠬᠠᠯ ᠲᠦᠷᠦᠪᠡ᠃                  ᠪᠢᠳᠡ ᠬᠡᠷᠦᠯᠦᠨ ᠭᠤᠤᠯ ᠤᠨ ᠬᠦᠬᠦᠷᠭᠡᠨ ᠳᠤ ᠲᠦᠷ ᠠᠮᠠᠷᠠᠵᠦ ᠭᠤᠤᠯ ᠳᠤ ᠤᠷᠤᠵᠦ ᠵᠢᠭᠠᠬᠠᠨ ᠨᠠᠭᠠᠳᠴᠦ᠂ ᠠᠮᠤᠰᠬᠢᠬᠦ ᠳᠤ ᠬᠦᠭᠦᠷᠭᠡᠨ ᠤ ᠳᠡᠷᠭᠡᠳᠡ ᠤᠯᠠᠨ ᠬᠡᠤᠬᠡᠳ ᠨᠠᠭᠠᠳᠴᠦ᠂ ᠲᠤᠮᠤᠴᠦᠳ ᠨᠢ ᠤᠶᠠᠭ᠎ᠠ ᠮᠤᠷᠢ ᠪᠠᠨ ᠤᠰᠤᠨ ᠳᠤ ᠤᠷᠤᠭᠤᠯᠵᠦ ᠤᠬᠢᠶᠠᠵᠦ ᠠᠷᠴᠢᠵᠦ ᠪᠠᠶᠢᠪᠠ᠃                  ᠭᠤᠴᠢᠭᠠᠳ ᠨᠠᠰᠤᠨ ᠤ ᠨᠢᠭᠡᠨ ᠵᠠᠯᠠᠭᠤ ᠲᠠᠢ ᠶᠠᠷᠢᠯᠴᠠᠬᠤ ᠳᠤ ᠲᠡᠷᠡ ᠵᠠᠯᠠᠭᠤ ᠮᠤᠷᠢ ᠪᠠᠨ ᠠᠶᠢᠷᠠᠭ ᠤᠨ ᠲᠠᠪᠤ ᠳᠤ ᠢᠷᠡᠭᠰᠡᠨ ᠮᠠᠶ᠋ᠢᠭ ᠲᠠᠢ ᠭᠡᠳ ᠰᠡᠳᠬᠢᠯ ᠳᠤᠮᠳᠠᠭᠤᠷ ᠶᠠᠷᠢᠵᠦ ᠪᠠᠶᠢᠯ᠎ᠠ᠂ ᠢᠩᠭᠢᠭᠡᠳ ᠪᠢᠳᠡ ᠮᠤᠷᠢ ᠶᠢ ᠴᠢᠨᠢ ᠤᠨᠤᠵᠦ ᠰᠡᠭᠦᠳᠡᠷ ᠠᠪᠬᠤ ᠤᠤ︖ ᠭᠡᠰᠡᠨ ᠳᠤ ᠪᠤᠯᠤᠯ ᠦᠭᠡᠢ ᠶᠠᠭᠠᠬᠢᠬᠤᠪ ᠭᠡᠳ ᠪᠢᠳᠡᠨ ᠳᠤ ᠤᠶᠠᠭ᠎ᠠ ᠮᠤᠷᠢ ᠪᠠᠨ ᠡᠮᠡᠭᠡᠯᠯᠡᠵᠦ ᠦᠭᠭᠦᠯ᠎ᠡ᠂ ᠲᠡᠷᠡ ᠮᠤᠷᠢ ᠨᠢ ᠤᠶᠠᠭ᠎ᠠ ᠰᠦᠢᠯᠭ᠎ᠠ ᠳᠤ ᠬᠡᠳᠦᠨ ᠡᠳᠦᠷ ᠰᠢᠪᠬᠠᠷᠠᠭᠰᠠᠨ ᠪᠤᠯᠬᠤᠷ ᠵᠢᠪ ᠵᠢᠩᠬᠢᠨᠢ ᠵᠢᠷᠤᠭ ᠤᠨ ᠮᠤᠷᠢ ᠰᠢᠭ᠋ ᠬᠤᠯᠠᠨ ᠵᠡᠭᠡᠷ᠎ᠡ ᠶᠢᠨ ᠤᠳᠤᠮ ᠴᠦ ᠶᠤᠮ ᠤᠤ ᠬᠡᠮᠡᠷ ᠨᠢᠳᠦ ᠴᠢᠬᠢ ᠨᠢ ᠰᠡᠷᠳᠡᠯᠵᠡᠵᠦ᠂ ᠳᠡᠭᠡᠷ᠎ᠡ ᠠᠴᠠ ᠨᠢ ᠬᠠᠯᠬ᠎ᠠ ᠡᠮᠡᠭᠡᠯ ᠲᠤᠬᠤᠭᠰᠠᠨ ᠴᠢᠨᠢ ᠤᠯᠠᠮ ᠴᠦ ᠭᠤᠶᠢᠳᠠ ᠰᠠᠶᠢᠬᠠᠨ ᠬᠠᠷᠠᠭᠳᠠᠨ᠎ᠠ ᠃ ᠲᠡᠷᠡ ᠵᠠᠯᠠᠭᠤ ᠡᠮᠡᠭᠡᠯ ᠢᠶᠠᠨ ᠲᠤᠬᠤᠬᠤ ᠵᠠᠭᠤᠷ᠎ᠡ᠂ ᠡᠨᠡ ᠮᠤᠷᠢ ᠪᠤᠯ ᠳᠠᠷᠢᠭᠠᠩᠭ᠎ᠠ ᠶᠢᠨ ᠤᠨᠠᠭᠠᠨ ᠠᠳᠤᠭᠤ ᠶᠤᠮ᠂ ᠮᠢᠨᠦ ᠬᠦᠪᠡᠭᠦᠨ ᠤ ᠠᠷᠪᠠᠨ ᠭᠤᠷᠪᠠᠨ ᠨᠠᠰᠤᠨ ᠤ ᠤᠢ ᠳᠤ ᠨᠠᠭᠠᠴᠦ ᠡᠪᠦᠭᠡ ᠨᠢ ᠪᠡᠯᠡᠭ ᠦᠭᠭᠦᠭᠰᠡᠨ ᠶᠤᠮ ᠭᠡᠪᠡ᠃ ᠦᠨᠡᠨ ᠳᠡᠭᠡᠨ ᠬᠦᠶᠦᠬᠦ ᠯᠠ ᠶᠤᠰᠤᠳᠠᠢ ᠶᠤᠮ ᠳ᠋ᠠ᠂ ᠤᠶᠠᠭ᠎ᠠ ᠰᠦᠢᠯᠭ᠎ᠠ ᠨᠢ ᠳᠠᠭᠠᠷᠠᠭᠰᠠᠨ ᠦᠭᠡᠢ ᠭᠡᠵᠦ ᠰᠡᠳᠬᠢᠯ ᠳᠤᠮᠳᠠᠭᠤᠷ ᠨᠢ ᠢᠯᠡᠭᠡᠨ ᠶᠠᠷᠢᠵᠤ ᠪᠠᠶᠢᠯ᠎ᠠ᠂ ᠵᠠ ᠪᠢᠳᠡ ᠵᠠᠯᠠᠭᠤ ᠶᠢᠨ ᠢᠶᠠᠨ ᠬᠡᠶᠢᠮᠦᠷᠢ ᠰᠦᠯᠳᠡ ᠲᠠᠢ ᠪᠠᠶᠢᠬᠤ ᠶᠢ ᠨᠢ ᠢᠷᠦᠭᠡᠵᠦ ᠵᠠᠮ ᠢᠶᠠᠨ ᠡᠯᠭᠦᠨ ᠬᠦᠳᠡᠯᠪᠡ᠃ ᠪᠢᠳᠡ ᠬᠡᠷᠦᠯᠦᠨ ᠭᠤᠤᠯ ᠤᠨ ᠬᠦᠬᠦᠷᠭᠡ ᠪᠠᠷ ᠦᠩᠭᠡᠷᠡᠬᠦ ᠳᠡᠭᠡᠨ ᠴᠠᠴᠤᠯᠢ ᠶᠤ ᠪᠠᠨ ᠡᠷᠬᠦᠵᠦ᠂ ᠬᠡᠷᠦᠯᠦᠨ ᠭᠤᠤᠯ ᠤᠨ ᠤᠷᠤᠰᠬᠠᠯ ᠦᠭᠰᠦᠨ ᠪᠠᠷᠠᠭᠤᠨ ᠡᠮᠦᠨ᠎ᠡ ᠵᠦᠭ ᠢ ᠪᠠᠷᠢᠨ ᠨᠡᠯᠢᠶᠡᠳ ᠭᠠᠵᠠᠷ ᠶᠠᠪᠤᠬᠤ ᠳᠤ ᠡᠪᠡᠰᠦ ᠨᠤᠭᠤᠭ᠎ᠠ ᠰᠠᠬᠤᠯᠢᠭ ᠵᠤᠵᠠᠭᠠᠨ ᠪᠤᠯᠵᠦ᠂ ᠭᠤᠤᠯ ᠤᠨ ᠲᠤᠬᠤᠢ ᠪᠠᠷ ᠠᠳᠤᠭᠤ ᠦᠭᠡᠷ ᠲᠠᠪᠠᠳᠠᠢ ᠰᠠᠶᠢᠬᠠᠨ ᠢᠳᠡᠰᠢᠯᠡᠨ᠎ᠡ᠃ ᠪᠠᠶᠢᠨ ᠪᠠᠶᠢᠨ ᠤᠯᠠᠨ ᠲᠤᠭᠠᠨ ᠤ ᠬᠤᠨᠢᠨ ᠢᠮᠠᠭ᠎ᠠ ᠦᠵᠡᠭᠳᠡᠬᠦ ᠶᠤᠮ᠃ ᠤᠯᠠᠩᠬᠢ ᠨᠢ ᠪᠦᠷ ᠤᠯᠠᠭᠠᠨ ᠪᠤᠶᠤ ᠬᠦᠬᠡ ᠠᠯᠠᠭ ᠦᠩᠭᠡᠳᠠᠢ᠂ ᠬᠤᠯᠠ ᠠᠴᠠ ᠬᠠᠷᠠᠬᠤ ᠳᠤ ᠶᠠᠭ ᠯᠠ ᠦᠭᠡᠷ ᠠᠳᠤᠭᠤ ᠴᠦ ᠶᠤᠮ ᠤᠤ ᠬᠡᠮᠡᠷ ᠦᠵᠡᠭᠳᠡᠬᠦ ᠨᠢ ᠭᠠᠶᠢᠬᠠᠯᠳᠠᠢ᠃                ᠪᠢᠳᠡ ᠦᠳᠡ ᠶᠢᠨ ᠬᠤᠶᠢᠨ᠎ᠠ ᠶᠢᠨ ᠭᠤᠷᠪᠠᠨ ᠴᠠᠭ ᠤᠨ ᠦᠶ᠎ᠡ ᠪᠠᠷ ᠬᠦᠯᠦᠨ ᠪᠤᠶᠢᠷ ᠰᠤᠮᠤᠨ ᠳᠤ ᠬᠦᠷᠤᠯ᠎ᠡ᠃ ᠵᠠᠰᠠᠮᠠᠯ ᠵᠠᠮ ᠤᠨ ᠠᠷᠤ ᠪᠠᠷ ᠵᠢᠭᠳᠡᠷᠡᠨ ᠬᠠᠷᠠᠭᠳᠠᠬᠤ ᠤᠯᠠᠭᠠᠨ ᠨᠤᠭᠤᠭᠠᠨ ᠳᠡᠭᠡᠪᠦᠷᠢ ᠲᠠᠢ ᠰᠤᠮᠤᠨ ᠤ ᠵᠠᠰᠠᠭ ᠤᠨ ᠭᠠᠵᠠᠷ ᠤᠨ ᠪᠠᠷᠠᠭᠤᠨ ᠡᠮᠦᠨ᠎ᠡ ᠨᠢ ᠪᠠᠶᠢᠭ᠎ᠠ ᠬᠡᠳᠦᠨ ᠮᠤᠩᠭᠤᠯ ᠭᠡᠷ ᠤᠨ ᠡᠭᠦᠳᠡᠨ ᠳᠤ ᠵᠤᠭᠰᠤᠭᠠᠳ᠂ ᠭᠡᠷ ᠲᠤ ᠤᠷᠤᠨ ᠬᠤᠭᠤᠯᠠ ᠤᠮᠳᠠ ᠢᠳᠡᠨ ᠠᠮᠠᠷᠠᠭᠠᠳ ᠮᠤᠷᠳᠠᠪᠠ᠃               ᠤᠷᠤᠢ ᠶᠢᠨ ᠰᠡᠷᠢᠭᠦᠦ ᠪᠠᠷ ᠰᠠᠭᠠᠯᠢᠴᠢᠨ ᠪᠦᠰᠡᠭᠦ᠋ᠢᠴᠦᠳ ᠦᠨᠢᠶ᠎ᠡ ᠪᠠᠨ ᠰᠠᠭᠠᠵᠦ ᠶᠠᠭᠠᠷᠠᠯᠳᠤᠨ᠎ᠠ᠃ ᠠᠷᠪᠠᠭᠠᠳ ᠨᠠᠰᠤᠨ ᠤ ᠵᠢᠭᠠᠬᠠᠨ ᠬᠦᠪᠡᠭᠦᠳ ᠮᠤᠷᠢ ᠤᠨᠤᠨ ᠳᠠᠪᠬᠢᠯᠳᠤᠵᠦ ᠬᠤᠨᠢ ᠬᠤᠷᠠᠭ᠎ᠠ ᠪᠠᠨ ᠡᠷᠬᠢᠭᠦᠯᠵᠦ ᠪᠠᠶᠢᠬᠤ ᠨᠢ ᠮᠤᠩᠭᠤᠯ ᠤᠷᠤᠨ ᠤ ᠬᠦᠳᠡᠭᠡ ᠶᠢᠨ ᠠᠮᠢᠳᠤᠷᠠᠯ ᠶᠠᠭᠤᠳᠠᠢ ᠵᠢᠷᠭᠠᠯᠳᠠᠢ ᠰᠠᠶᠢᠬᠠᠨ ᠠᠵᠢ᠂ ᠪᠢᠳᠡ ᠬᠦᠯᠦᠨ ᠪᠤᠶᠢᠷ ᠰᠤᠮᠤᠨ ᠠᠴᠠ ᠭᠠᠷᠤᠭᠠᠳ ᠳᠠᠭᠤᠤ ᠲᠠᠢ ᠬᠦᠷ ᠲᠠᠢ ᠲᠠᠪᠬᠢᠭᠤᠯᠵᠦ ᠶᠠᠪᠤᠭᠰᠠᠨ ᠢᠶᠠᠨ ᠵᠢᠯᠤᠭᠤᠴᠢ ᠮᠠᠨᠢ ᠬᠡᠨᠡᠳᠳᠡ᠄ ᠡᠮᠦᠨ᠎ᠡ ᠨᠢᠭᠡ ᠵᠢᠵᠢᠭ ᠲᠡᠷᠭᠡ ᠤᠷᠪᠠᠭᠰᠠᠨ ᠪᠠᠶᠢᠨ᠎ᠠ ᠰᠢᠤ ᠭᠡᠬᠦ ᠳᠤ ᠪᠢᠳᠡ ᠨᠢᠭᠡ ᠵᠡᠷᠭᠡ ᠰᠤᠴᠢᠰᠬᠢᠵᠦ ᠠᠪᠤᠪᠠ᠃ ᠲᠡᠷᠭᠡᠳᠡ ᠨᠢ ᠬᠦᠷᠬᠦ ᠳᠤ ᠲᠡᠷᠭᠡᠨ ᠤ ᠲᠡᠷᠭᠡᠳᠡ ᠭᠤᠷᠪᠡ ᠳᠦᠷᠪᠡᠨ ᠬᠦᠮᠦᠨ ᠭᠠᠷ ᠳᠠᠯᠠᠯᠤᠨ ᠵᠤᠭᠰᠤᠵᠦ ᠪᠠᠶᠢᠯ᠎ᠠ᠃ ᠨᠢᠭᠡ ᠵᠢᠭᠠᠬᠠᠨ ᠪᠤᠷᠤ ᠵᠠᠯᠠᠭᠤ ᠰᠠᠨᠳᠤᠷᠴᠦ ᠲᠦᠪᠳᠡᠭᠰᠡᠨ ᠪᠠᠶᠢᠳᠠᠯ ᠲᠠᠢ ᠨᠢᠳᠦ ᠪᠦᠯᠳᠡᠭᠡᠨᠡᠨ ᠵᠤᠭᠰᠤᠵᠦ ᠪᠠᠶᠢᠨ᠎ᠠ᠃ ᠲᠡᠭᠡᠭᠡᠳ ᠪᠢᠳᠡ ᠲᠡᠷᠭᠡ ᠶᠢ ᠨᠢ ᠡᠷᠭᠦᠨ ᠪᠤᠰᠬᠠᠵᠦ ᠦᠭᠪᠡ᠂ ᠲᠡᠷᠭᠡᠨ ᠤ ᠬᠠᠵᠠᠭᠤ ᠳᠤ ᠪᠠᠶᠢᠭᠰᠠᠨ ᠬᠤᠶᠠᠷ ᠵᠠᠯᠠᠭᠤ ᠪᠠᠶᠠᠷᠯᠠᠵᠦ ᠲᠠᠯᠠᠷᠬᠠᠨ ᠪᠢᠳᠡᠨ ᠲᠠᠢ ᠭᠠᠷ ᠪᠠᠷᠢᠯᠴᠠᠨ ᠰᠠᠯᠬᠤ ᠶᠤᠰᠤ ᠬᠢᠪᠡ᠃ ᠬᠦᠭᠡᠷᠦᠬᠦᠢ ᠡᠨᠡ ᠵᠠᠯᠠᠭᠤ ᠮᠤᠩᠭᠤᠯ ᠭᠠᠵᠠᠷ ᠤᠨ ᠢᠶᠠᠨ ᠠᠭᠤᠯᠠ ᠤᠰᠤᠨ ᠳᠤ ᠮᠦᠷᠭᠦᠵᠦ ᠶᠠᠪᠤᠭᠰᠠᠨ ᠤ ᠰᠠᠶᠢᠨ ᠢᠶᠠᠷ ᠲᠡᠷᠭᠡᠨ ᠳᠠᠬᠢ ᠬᠦᠮᠦᠰ ᠨᠢ ᠨᠢᠭᠡ ᠴᠦ ᠪᠡᠷᠳᠡᠵᠦ ᠰᠢᠷᠬᠠᠳᠠᠭᠰᠠᠨ ᠦᠭᠡᠢ ᠠᠮᠤᠷ ᠮᠡᠨᠳᠦ ᠭᠠᠷᠤᠭᠰᠠᠨ ᠪᠠᠶᠢᠨ᠎ᠠ ᠰᠢᠤ᠂ ᠮᠤᠩᠭᠤᠯ ᠭᠠᠵᠠᠷ ᠤᠨ ᠠᠭᠤᠯᠠ ᠤᠰᠤ᠂ ᠤᠪᠤᠭ᠎ᠠ ᠯᠤᠤᠰ ᠦᠨᠡᠭᠡᠷ ᠠᠪᠤᠷᠠᠯ ᠶᠡᠬᠡᠳᠠᠢ ᠪᠤᠷᠬᠠᠨ ᠰᠢᠳᠦᠭᠡᠨ ᠪᠠᠶᠢᠨ᠎ᠠ ᠭᠡᠵᠦ ᠪᠢ ᠲᠤᠳᠤᠷ᠎ᠠ ᠪᠠᠨ ᠪᠤᠳᠤᠭᠠᠳ ᠨᠠᠮᠠᠨᠴᠢᠯᠠᠨ ᠮᠦᠷᠭᠦᠭᠡᠳ ᠵᠠᠮ ᠢᠶᠠᠨ ᠬᠦᠭᠡᠭᠡᠪᠡ᠃ ᠪᠢᠳᠡ ᠠᠳᠡ ᠠᠴᠠ ᠨᠡᠯᠢᠶᠡᠳ ᠭᠠᠵᠠᠷ ᠠᠶᠠᠯᠠᠭᠠᠳ ᠵᠠᠮ ᠤᠨ ᠬᠠᠵᠠᠭᠤ ᠪᠠᠷ ᠮᠢᠩᠭᠠᠭᠠᠳ ᠲᠤᠭᠠᠨ ᠤ ᠬᠤᠨᠢ ᠪᠡᠯᠴᠢᠵᠦ ᠪᠠᠶᠢᠬᠤ ᠲᠠᠢ ᠲᠠᠭᠠᠷᠠᠪᠠ᠃ ᠤᠯᠠᠭᠠᠨ ᠲᠤᠯᠤᠭᠠᠶᠢᠳᠦ ᠬᠤᠨᠢ ᠤᠯᠠᠨ ᠬᠠᠷᠠᠭᠳᠠᠬᠤ ᠶᠤᠮ᠂ ᠮᠠᠨ ᠤ ᠰᠡᠭᠦᠳᠡᠷᠯᠡᠭᠴᠢ ᠨᠠᠶᠢᠵᠠ ᠬᠤᠷᠴᠡ ᠲᠡᠷᠭᠡ ᠪᠠᠨ ᠵᠤᠭᠰᠤᠭᠠᠵᠦ ᠰᠡᠭᠦᠳᠡᠷ ᠠᠪᠤᠭᠠᠳ ᠮᠤᠷᠳᠡᠪᠠ᠃ ᠲᠠᠮᠢᠷ ᠳᠡᠭᠦᠦ ᠮᠢᠨᠢ ᠲᠡᠷᠡ ᠬᠤᠯᠠ ᠬᠠᠷᠠᠭᠳᠠᠬᠤ ᠬᠦᠬᠡ ᠠᠭᠤᠯᠠᠰ ᠢ ᠵᠢᠭᠠᠵᠤ᠂ ᠡᠨᠡ ᠪᠤᠯ ᠮᠠᠨ ᠤ ᠬᠦᠯᠦᠨ ᠪᠤᠶᠢᠷᠴᠦᠤᠯ ᠤᠨ ᠲᠠᠬᠢᠳᠠᠭ ︽ᠪᠠᠳᠤᠬᠠᠨ ᠠᠭᠤᠯᠠ︾᠂ ︽ᠦᠯᠵᠡᠶᠢᠳᠦ ᠠᠭᠤᠯᠠ︾᠂ ︽ᠪᠠᠶᠠᠠᠭᠤᠯᠠ︾ ᠭᠡᠪᠡ᠂ ᠤᠳᠠᠯ ᠦᠭᠡᠢ ᠵᠠᠮ ᠤᠨ ᠬᠠᠵᠠᠭᠤ ᠳᠤ ᠬᠤᠨᠢᠨ ᠤ ᠱᠤᠭᠤᠮᠠᠯ ᠲᠤᠳᠤᠷᠠᠪᠠ᠃  1945 ᠤᠨ ᠤ ᠳᠦᠷᠪᠡᠭᠡᠨ ᠠᠴᠠ ᠵᠠᠶᠢᠯᠠᠵᠦ ᠮᠠᠨ ᠤ ᠳᠡᠭᠡᠳᠦᠤᠯ ᠠᠳᠡ ᠢᠷᠡᠵᠦ ᠨᠤᠳᠤᠭᠰᠢᠭᠰᠠᠨ ᠶᠤᠮ ᠭᠡᠨ᠎ᠡ ᠯᠠᠢ᠂ ᠪᠠᠰᠠ ᠪᠠᠷᠭᠤ ᠶᠢᠨ ᠨᠢᠭᠡ ᠪᠠᠶᠠᠨ ᠠᠶᠢᠯ ᠠᠳᠡ ᠨᠡᠭᠦᠵᠦ ᠢᠷᠡᠬᠦ ᠳᠡᠭᠡᠨ ᠲᠦᠮᠡᠭᠡᠳ ᠤᠯᠠᠭᠠᠨ ᠲᠤᠯᠤᠭᠠᠢ ᠲᠠᠢ ᠬᠤᠨᠢ ᠲᠠᠢ ᠢᠷᠡᠯ᠎ᠡ ᠭᠡᠰᠡᠨ ᠬᠠᠭᠤᠴᠢ ᠲᠤᠮᠤᠭ ᠪᠤᠢ᠂ ᠢᠩᠭᠢᠭᠡᠳ ᠰᠡᠭᠦᠯᠡᠷ ᠨᠢ ᠡᠨᠡ ᠱᠤᠭᠤᠮᠠᠯ ᠢ ᠪᠤᠰᠬᠠᠭᠰᠠᠨ ᠭᠡᠳᠡᠭ ᠶᠤᠮ ᠭᠡᠳ ᠦᠨᠦ ᠪᠤᠯᠳᠠᠯ᠎ᠠ ᠲᠡᠷᠡ ᠬᠤᠨᠢᠨ ᠤ ᠤᠳᠤᠮ ᠤᠭᠰᠠᠭ᠎ᠠ ᠡᠨᠡ ᠨᠤᠲᠤᠭ ᠲᠣ ᠪᠤᠢ ᠭᠡᠵᠦ ᠠᠪᠤ ᠡᠵᠢ ᠮᠢᠨᠢ ᠶᠠᠷᠢᠳᠠᠭ ᠪᠠᠶᠢᠭᠰᠠᠨ ᠭᠡᠪᠡ᠃                  ᠢᠩᠭᠢᠭᠡᠳ ᠪᠢᠳᠡ ᠠᠷᠪᠠᠨ ᠤ ᠤᠷᠤᠢ ᠨᠠᠷᠠ ᠤᠷᠤᠬᠤ ᠶᠢᠨ ᠦᠶ᠎ᠡ ᠪᠠᠷ ᠬᠡᠨᠳᠡᠢ ᠠᠶᠢᠮᠠᠭ ᠤᠨ ︽ᠴᠡᠩᠭᠡᠷ ᠮᠠᠨᠳᠤᠯ︾ ᠰᠤᠮᠤᠨ ᠤ ᠲᠦᠪ ᠲᠣ ᠬᠦᠷᠴᠦ᠂ ᠤᠷᠤᠢ ᠶᠢᠨ ᠬᠤᠭᠤᠯᠠ ᠢᠳᠡᠭᠡᠳ ᠬᠦᠳᠡᠯᠦᠭᠰᠡᠨ᠃ ᠪᠢᠳᠡ ᠪᠦᠬᠦᠯᠢ ᠡᠳᠦᠷ ᠤᠨ ᠵᠠᠮ ᠬᠦᠭᠡᠭᠡᠨ ᠠᠯᠵᠢᠶᠠᠷᠠᠵᠦ ᠶᠠᠳᠠᠷᠠᠭᠰᠠᠨ ᠤ ᠬᠢ ᠶᠤᠮ ᠤᠤ ᠮᠤᠩᠭᠤᠯ ᠬᠤᠨᠢᠨ ᠤ ᠱᠦᠯᠦ ᠤᠤᠭᠤᠭᠠᠳ ᠬᠡᠢ ᠬᠤᠢ ᠳᠠᠷᠤᠭᠳᠠᠭᠰᠠᠨ ᠴᠦ ᠶᠤᠮ ᠤᠤ ᠨᠢᠭᠡ ᠤᠷᠤᠢ ᠶᠢᠨ ᠵᠠᠮ ᠢ ᠪᠢᠳᠡ ᠤᠨᠳᠠᠭᠠᠳ ᠦᠩᠭᠡᠷᠡᠭᠡᠪᠡ᠃ ᠨᠢᠭᠡ ᠮᠡᠳᠡᠬᠦ ᠳᠤ ᠯᠠ ᠵᠠᠮ ᠤᠨ ᠬᠠᠵᠠᠭᠤ ᠳᠤ ᠠᠳᠡ ᠲᠡᠨᠳᠡ ᠳ᠋ᠧᠩ ᠵᠤᠯᠠ ᠬᠢᠯᠠᠯᠵᠠᠵᠦ᠂ ᠵᠢᠯᠤᠭᠤᠴᠢ ᠳᠡᠭᠦᠦ ᠮᠢᠨᠢ ᠪᠢᠳᠡᠨ ᠤ ᠨᠦᠢᠷ ᠠᠴᠠ ᠰᠡᠷᠭᠦᠭᠡᠬᠦ ᠶᠢᠨ ᠲᠦᠯᠦᠭᠡ ᠳᠠᠭᠤᠤ ᠬᠦᠭᠵᠢᠮ ᠲᠠᠯᠪᠢᠬᠤ ᠳᠤ ᠤᠳᠤ ᠪᠢᠳᠡ ᠤᠯᠠᠭᠠᠨᠪᠠᠭᠠᠳᠤᠷ ᠬᠦᠷᠳᠡᠯ᠎ᠡ ᠬᠡᠳᠦᠢ ᠬᠤᠯᠠ ᠪᠠᠶᠢᠭ᠎ᠠ ᠪᠤᠢ ᠭᠡᠬᠦ ᠳᠤ ᠤᠳᠤ ᠴᠦᠢᠨᠵᠠ ᠶᠢᠨ ᠪᠤᠯᠠᠭ ᠬᠦᠷᠴᠦ ᠪᠠᠶᠢᠨ᠎ᠠ᠂ ᠳᠠᠬᠢᠨ ᠴᠠᠭ ᠭᠠᠷᠤᠢ ᠶᠠᠪᠤᠪᠠᠯ ᠬᠦᠷᠴᠢᠭᠡᠨ᠎ᠡ ᠭᠡᠯ᠎ᠡ᠃ ᠴᠠᠭ ᠭᠠᠷᠤᠢ ᠲᠠᠪᠬᠢᠭᠠᠳ ᠤᠯᠠᠭᠠᠨᠪᠠᠭᠠᠳᠤᠷ ᠬᠤᠳᠠ ᠶᠢᠨ ᠵᠠᠬ᠎ᠠ ᠳᠤ ᠬᠦᠷᠦᠭᠰᠡᠨ ᠮᠠᠶ᠋ᠢᠭᠳᠠᠢ ᠤᠳᠤᠨ ᠮᠡᠴᠢᠳ ᠰᠢᠭ ᠦᠩᠭᠡ ᠶᠠᠩᠵᠦ ᠶᠢᠨ ᠳ᠋ᠧᠩ ᠰᠤᠯᠤᠩᠭᠠᠷᠠᠨ ᠬᠢᠯᠠᠯᠵᠠᠵᠦ ᠦᠨᠳᠦᠷ ᠲᠤᠮᠤ ᠠᠰᠠᠷ ᠲᠠᠭᠳᠦ ᠰᠦᠨᠳᠡᠷᠯᠡᠭᠰᠡᠨ ᠦᠵᠡᠰᠭᠦᠯᠡᠩᠳᠦ ᠬᠤᠳᠠ ᠶᠢᠨ ᠳᠤᠮᠳᠠ ᠤᠷᠤᠭᠠᠳ ᠢᠷᠡᠪᠡ᠃ ᠲᠠᠮᠢᠷ ᠳᠡᠭᠦᠦ ᠮᠢᠨᠢ ᠵᠢᠯᠤᠭᠤᠴᠢ ᠳᠠᠭᠠᠨ᠂ ᠪᠢᠳᠡ ᠬᠤᠳᠠ ᠶᠢᠨ ᠲᠦᠪ ᠵᠡᠭᠡᠯᠢ ᠪᠠᠷ ᠶᠠᠪᠤᠶ᠎ᠠ︕ ᠲᠡᠨᠳᠡ ᠰᠦᠭᠡᠪᠠᠭᠠᠳᠤᠷ ᠤᠨ ᠲᠠᠯᠠᠪᠠᠢ ︽ᠳ᠋᠊ · ᠨᠠᠴᠤᠭᠳᠤᠷᠵᠢ︾ ᠶᠢᠨ ᠬᠦᠰᠢᠶ᠎ᠡ᠂ ︽ᠤᠯᠤᠰ ᠤᠨ ᠬᠤᠷᠠᠯ ᠤᠨ ᠲᠠᠩᠬᠢᠮ︾ ︽ᠳᠡᠯᠡᠭᠡᠢ ᠶᠢᠨ ᠵᠢᠭᠤᠴᠢᠯᠠᠭᠴᠢ ᠮᠠᠷᠺᠦ ᠫᠤᠯᠤ︾ ᠶᠢᠨ ᠱᠤᠭᠤᠮᠠᠯ ᠵᠡᠷᠭᠡ ᠪᠤᠢ᠂ ᠠᠳᠡ ᠠᠴᠠ ᠤᠯᠠᠭᠠᠨᠪᠭᠠᠳᠤᠷ ᠤᠨ ᠰᠦᠨᠢ ᠶᠢᠨ ᠦᠵᠡᠮᠵᠢ ᠶᠢ ᠰᠤᠨᠢᠷᠬᠠᠬᠤ ᠳᠤ ᠶᠡᠭᠡ ᠰᠠᠶᠢᠬᠠᠨ ᠪᠠᠶᠢᠳᠠᠭ ᠶᠤᠮ ᠡ ᠭᠡᠨ᠎ᠡ᠃                ᠪᠢᠳᠡ ᠲᠡᠷᠭᠡᠨ ᠠᠴᠠ ᠪᠠᠭᠤᠵᠦ ᠰᠦᠨᠢ ᠶᠢᠨ ᠦᠵᠡᠮᠵᠢ ᠳᠤ ᠰᠤᠭᠳᠤᠭᠤᠷᠠᠵᠦ ᠤᠯᠠᠭᠠᠨᠪᠠᠭᠠᠳᠤᠷ ᠲᠣ ᠠᠩᠬ᠎ᠠ ᠤᠳᠠᠭ᠎ᠠ ᠬᠦᠯ ᠬᠢᠰᠬᠢᠵᠦ ᠪᠠᠶᠢᠭ᠎ᠠ ᠪᠤᠯᠬᠤᠷ ᠪᠠᠷ ᠪᠦᠬᠦᠳᠡ ᠳᠤᠷᠠᠰᠬᠠᠯ ᠤᠨ ᠰᠡᠭᠦᠳᠡᠷ ᠠᠪᠴᠦ ᠰᠡᠳᠬᠢᠯ ᠢᠶᠠᠨ ᠨᠢᠭᠡ ᠭᠦᠢᠴᠡᠳᠬᠡᠪᠡ᠃ ᠠᠳᠡ ᠮᠠᠰᠢ ᠤᠯᠠᠨ ᠵᠠᠯᠠᠭᠤᠴᠦᠳ ᠰᠦᠨᠢ ᠶᠢᠨ ᠦᠵᠡᠮᠵᠢ ᠳᠤ ᠲᠠᠯᠠᠪᠠᠢ ᠲᠦᠬᠦᠷᠡᠩ ᠪᠦᠵᠢᠭᠯᠡᠬᠦ ᠪᠤᠶᠤ ᠢᠨᠠᠭᠯᠠᠵᠦ ᠪᠠᠶᠢᠭ᠎ᠠ ᠵᠠᠯᠠᠭᠤᠴᠦᠳ ᠰᠦᠨᠢᠵᠢᠨ ᠳᠠᠭᠤᠤ ᠪᠦᠵᠢᠭ ᠲᠣ ᠰᠤᠭᠳᠤᠭᠤᠷᠠᠵᠦ᠂ ᠦᠷᠭᠡᠨ ᠬᠦᠰᠢᠭᠳᠦ ᠲᠧᠯᠧᠢᠰ ᠲᠣ ᠰᠡᠷᠴᠢᠮ᠎ᠠ᠂ ᠰᠠᠷᠠᠨᠳᠤᠶᠠᠭ᠎ᠠ ᠨᠠᠷ ᠤᠨ ᠳᠠᠭᠤᠯᠠᠵᠦ ᠪᠠᠶᠢᠬᠤ ᠶᠢ ᠬᠦᠮᠦᠰ ᠰᠤᠨᠢᠷᠬᠠᠨ ᠦᠵᠡᠵᠡᠭᠡᠵᠦ ᠪᠠᠶᠢᠨ᠎ᠠ᠃                    ᠪᠢᠳᠡ 12 ᠤ ᠡᠳᠦᠷ ᠤᠨ ᠦᠳᠡ ᠶᠢᠨ ᠬᠤᠶᠢᠨ᠎ᠠ᠂ ᠤᠯᠠᠭᠠᠨᠪᠠᠭᠠᠳᠤᠷ ᠤᠨ ᠪᠦᠬᠦ ᠦᠵᠡᠮᠵᠢ ᠶᠢ ᠰᠤᠨᠢᠷᠬᠠᠬᠤ ᠪᠠᠷ ᠵᠠᠶᠢᠰᠠᠩ ᠲᠤᠯᠤᠭᠠᠢ ᠳᠤ ᠭᠠᠷᠬᠤ ᠳᠤ᠂ ᠲᠤᠤᠯᠠ ᠭᠤᠤᠯ ᠤᠨ ᠲᠤᠷᠭᠠᠨ ᠨᠤᠭᠤᠭᠠᠨ ᠲᠡᠨᠵᠢ ᠪᠠᠷ ᠭᠤᠤᠯ ᠤᠨ ᠬᠦᠪᠡᠭᠡᠨ ᠤ ᠪᠤᠷᠭᠠᠰᠤᠨ ᠤ ᠵᠠᠪᠰᠠᠷ ᠡᠷᠢᠶᠡᠨ ᠮᠠᠶᠢᠬᠠᠨ ᠢᠶᠠᠨ ᠪᠤᠰᠬᠠᠴᠢᠬᠠᠭᠰᠠᠨ᠂ ᠮᠠᠰᠢᠨ ᠲᠡᠷᠭᠡ ᠪᠠᠨ ᠵᠤᠭᠰᠤᠭᠠᠴᠢᠬᠠᠭᠰᠠᠨ ᠴᠠᠭ ᠦᠶ᠎ᠡ ᠶᠢᠨ ᠭᠠᠩᠭᠠᠩ ᠵᠠᠯᠠᠭᠤ ᠬᠤᠤᠰ ᠤᠳ ᠶᠤᠰᠤᠳᠠᠢ ᠯᠠ ᠴᠡᠩᠭᠡᠯ ᠤᠨ ᠤᠷᠳᠤᠨ ᠳᠤ ᠲᠡᠭᠷᠢ ᠶᠢᠨ ᠵᠢᠷᠭᠠᠯ ᠢ ᠡᠳ᠋ᠯᠡᠵᠦ ᠪᠠᠶᠢᠭ᠎ᠠ ᠰᠢᠬ ᠰᠠᠨᠠᠭᠳᠠᠪᠠ᠃                ᠡᠨᠡ ᠬᠡᠳᠦᠨ ᠡᠳᠦᠷ ᠤᠨ ᠠᠶᠠᠯᠠᠯ ᠳᠤ ᠨᠠᠳᠠ ᠳᠤ ᠰᠠᠨᠠᠭᠳᠠᠭᠰᠠᠨ ᠵᠦᠢᠯ ᠭᠡᠪᠡᠯ ᠤᠯᠠᠭᠠᠨᠪᠠᠭᠠᠳᠤᠷ ᠤᠨ ᠤᠯᠤᠰ ᠤᠳ ᠤᠨ ᠤᠯᠠᠩᠬᠢ ᠨᠢ ᠴᠠᠭ ᠢ ᠠᠷᠪᠢᠯᠠᠵᠦ ᠠᠰᠢᠭᠯᠠᠬᠤ ᠲᠠᠯ᠎ᠠ ᠪᠠᠷ ᠵᠢᠭᠠᠬᠠᠨ ᠠᠨᠠᠶᠢᠬᠠᠨ ᠰᠢᠭ᠋ ᠰᠠᠨᠠᠭᠳᠠᠬᠤ ᠶᠤᠮ᠂ ᠪᠢᠳᠡᠨ ᠤ ᠶᠠᠪᠤᠭᠰᠠᠨ ᠭᠠᠵᠠᠷ ᠬᠢᠭᠡᠳ ᠨᠢᠳᠦᠨ ᠳᠤ ᠦᠵᠡᠭᠳᠡᠭᠰᠡᠨ ᠵᠠᠷᠢᠮ ᠵᠦᠢᠯ ᠢᠶᠠᠨ ᠠᠩᠬᠠᠷᠬᠤ ᠳᠤ ᠤᠯᠤᠰ ᠤᠨ ᠨᠠᠭᠠᠳᠤᠮ ᠤᠨ ᠬᠡᠳᠦᠨ ᠡᠳᠦᠷ ᠲᠣ ᠤᠯᠤᠰ ᠤᠨ ᠶᠡᠭᠡ ᠳᠡᠯᠭᠡᠭᠦᠷ ᠬᠤᠳᠠᠯᠳᠤᠭ᠎ᠠ ᠪᠤᠶᠤ ᠪᠤᠰᠤᠳ ᠠᠷᠠᠯᠵᠢᠶ᠎ᠠ ᠬᠤᠳᠠᠯᠳᠤᠭ᠎ᠠ ᠦᠢᠯᠡᠴᠢᠯᠡᠭᠡᠨ ᠤ ᠭᠠᠵᠠᠷ ᠪᠦᠷ 2- 3 ᠡᠳᠦᠷ ᠡᠭᠦᠳᠡ ᠪᠠᠨ ᠬᠠᠭᠠᠭᠠᠳᠠᠭ ᠶᠤᠮ ᠭᠡᠵᠦ ᠲᠡᠳᠡ ᠬᠡᠯᠡᠬᠦ ᠶᠤᠮ᠃                ᠡᠨᠡ ᠨᠢ ᠵᠢᠭᠤᠯᠴᠢᠯᠠᠯ ᠤᠨ ᠤᠯᠤᠰ ᠤᠳ ᠲᠣ ᠲᠤᠩ ᠲᠦᠪᠡᠭ ᠲᠠᠢ ᠰᠢᠭ ᠰᠠᠨᠠᠭᠳᠠᠭᠰᠠᠨ᠃              ᠬᠠᠷᠢᠨ ᠰᠡᠳᠬᠢᠯ ᠳᠤ ᠳᠠᠭᠠᠯᠠᠭᠳᠠᠭᠰᠠᠨ ᠨᠢᠭᠡ ᠵᠦᠢᠯ ᠭᠡᠪᠡᠯ ᠤᠯᠠᠭᠠᠨᠪᠠᠭᠠᠳᠤᠷ ᠤᠨ ᠬᠦᠮᠦᠨ ᠠᠷᠠᠳ ᠨᠢᠭᠡᠪᠦᠷᠢ ᠨᠢ ᠦᠪᠡᠷ ᠤᠨ ᠤᠬᠠᠮᠰᠠᠷ ᠠᠴᠠ ᠪᠠᠨ ᠤᠷᠴᠢᠨ ᠠᠬᠤᠢ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠲᠠᠯ᠎ᠠ ᠪᠠᠷ ᠲᠤᠩ ᠤᠬᠠᠮᠰᠠᠷ ᠲᠠᠢ᠂ ᠲᠡᠳᠡ ᠴᠡᠪᠡᠷ ᠲᠡᠭᠰᠢ ᠡᠮᠦᠰᠬᠦ ᠮᠦᠷᠳᠡᠭᠡᠨ ᠬᠤᠭᠤᠯᠠ ᠤᠮᠳᠠ ᠢᠳᠡᠬᠦ ᠠᠴᠠ ᠡᠬᠢᠯᠡᠭᠡᠳ ᠪᠤᠰᠤᠳ ᠲᠠᠢ ᠬᠠᠷᠢᠯᠴᠠᠬᠤ ᠲᠠᠯ᠎ᠠ ᠪᠠᠷ ᠲᠤᠩ ᠰᠤᠶᠤᠯ ᠪᠤᠯᠪᠠᠰᠤᠷᠠᠯ ᠲᠠᠢ᠂ ᠪᠤᠯᠪᠠᠰᠤᠨ ᠰᠤᠷᠳᠠᠯ ᠲᠠᠢ︕  ᠲᠡᠳᠡ ᠠᠩᠭ᠍ᠯᠢ᠂ ᠤᠷᠤᠰ ᠬᠡᠯᠡ ᠶᠢ ᠠᠮᠢᠳᠤᠷᠠᠯ ᠳᠠᠭᠠᠨ ᠪᠠᠶᠢᠩᠭᠤ ᠬᠡᠷᠡᠭᠯᠡᠳᠡᠭ ᠶᠠᠩᠵᠦ ᠲᠠᠢ᠃                ᠪᠢᠳᠡᠨ ᠲᠠᠢ ᠶᠠᠷᠢᠯᠴᠠᠬᠤ ᠳᠤᠮᠳᠠ ᠪᠠᠨ ᠬᠠᠶᠠ ᠨᠢᠭᠡ ᠨᠡᠷ᠎ᠡ ᠦᠭᠡ ᠪᠤᠶᠤ ᠵᠠᠷᠢᠮ ᠵᠦᠢᠯ ᠢ ᠤᠷᠤᠰ ᠠᠩᠭ᠍ᠯᠢ ᠬᠤᠳᠬᠤᠭᠠᠳ ᠶᠠᠷᠢᠭᠠᠳ ᠪᠠᠶᠢᠬᠤ ᠶᠤᠮ᠂ ᠵᠠ ᠪᠤᠯᠢᠶ᠎ᠠ︕ ᠬᠦᠮᠦᠨ ᠤ ᠭᠠᠵᠠᠷ ᠤᠨ ᠬᠦᠷᠦᠰᠦ ᠰᠢᠷᠤᠢ ᠳᠡᠭᠡᠷ᠎ᠡ ᠠᠯᠬᠤᠵᠦ ᠪᠠᠶᠢᠭᠠᠳ ᠠᠯᠢ ᠪᠤᠯᠭᠠᠨ ᠢ ᠨᠢ ᠭᠠᠶᠢᠬᠠᠭᠠᠳ ᠪᠠᠶᠢᠬᠤ ᠪᠤᠢ︕ ᠠᠯᠢ ᠭᠠᠵᠠᠷ ᠴᠦ ᠭᠡᠳ ᠡᠶᠢᠮᠦᠷᠬᠦᠦ ᠡᠮᠵᠢᠭ ᠲᠠᠯ᠎ᠠ ᠪᠠᠶᠢᠯᠭᠦᠢ ᠶᠠᠭᠠᠬᠢᠬᠤᠪ᠂ ︽ᠦᠬᠡ ᠤᠯᠠᠳᠠᠵᠦ᠂ ᠦᠭᠡᠷ ᠬᠤᠯᠠᠳᠠᠵᠦ︾ ᠪᠠᠶᠢᠨ᠎ᠠ               ᠤᠯᠠᠭᠠᠨᠪᠠᠭᠠᠳᠤᠷ ᠲᠤ ᠬᠦᠷᠦᠭᠰᠡᠨ ᠤ ᠬᠤᠶᠠᠳᠤᠭᠠᠷ ᠡᠳᠤᠷ ᠨᠢ ᠬᠠᠳᠠᠮ ᠠᠬ᠎ᠠ ᠮᠠᠨᠢ ᠠᠳᠡ ᠪᠠᠶᠢᠭ᠎ᠠ ᠰᠠᠳᠤᠨ ᠳᠠᠭᠠᠨ ᠤᠳᠠᠰᠤ ᠠᠪᠬᠤ ᠴᠤ ᠶᠤᠮ ᠤᠤ︖ ᠭᠡᠳ ᠨᠢᠭᠡ ᠲᠡᠪᠳᠡᠷ ᠪᠠᠷᠢᠭᠠᠳ ᠳ᠋ᠤᠭᠠᠷ ᠡᠷᠢᠵᠤ ᠰᠠᠭᠤᠬᠤ ᠶᠤᠮ᠃               ᠲᠡᠮᠡᠢ ᠤᠳᠠᠯ ᠦᠭᠡᠢ ᠤᠳᠠᠰᠤ ᠨᠢ ᠨᠡᠪᠳᠡᠷᠡᠵᠤ ᠶᠡᠬᠡᠯ᠎ᠡ ᠪᠠᠶᠠᠷᠳᠠᠢ ᠶᠠᠷᠢᠯᠴᠠᠯ᠎ᠠ᠃               ᠵᠠ᠂ ᠨᠡᠪᠳᠡᠷᠡᠭᠰᠡᠨ᠂ ᠨᠡᠪᠳᠡᠷᠡᠭᠰᠡᠨ ᠨᠠᠮᠠᠢᠢ ᠲᠡᠳᠡ ᠮᠤᠳᠳᠤ ᠢᠷᠡᠵᠤ ᠲᠤᠰᠤᠨ᠎ᠠ ᠬᠡᠨ ᠭᠡᠳ ᠪᠦᠭᠡᠮ ᠪᠠᠶᠠᠷ ᠃             ᠪᠢᠳᠡ ᠡᠷᠳᠡ ᠶᠢᠨ ᠴᠠᠢ ᠬᠤᠭᠤᠯᠠ ᠪᠠᠨ ᠢᠳᠡᠵᠤ ᠪᠠᠷᠠᠭᠠᠳ ︽ᠤᠯᠤᠰ ᠤᠨ ᠨᠠᠭᠠᠳᠤᠮ︾ ᠢ ᠲᠧᠯᠸᠢᠰ ᠢᠶᠠᠷ ᠰᠤᠨᠢᠷᠬᠠᠵᠤ ᠰᠠᠭᠤᠳᠠᠯ᠎ᠠ᠂ ᠡᠭᠦᠳᠡ ᠲᠤᠭᠰᠢᠵᠤ ᠨᠢᠭᠡ ᠪᠦᠳᠤᠭᠦᠨ ᠬᠠᠷ᠎ᠠ ᠡᠪᠤᠭᠡᠨ ᠲᠤᠮᠳᠠ ᠨᠠᠰᠤᠨ ᠤ ᠡᠬᠡᠴᠢᠮᠡᠳ ᠪᠠᠶᠢᠷᠢ ᠶᠢᠨ ᠬᠤᠶᠠᠷ ᠬᠦᠮᠤᠨ ᠤᠷᠤᠵᠤ ᠢᠷᠡᠭᠡᠳ ᠪᠢᠳᠡᠨ ᠲᠠᠢ ᠮᠡᠨᠳᠤᠯᠡᠪᠡ᠃             ᠪᠢ ᠬᠠᠳᠠᠮ ᠠᠬ᠎ᠠ ᠶᠢ ᠪᠠᠨ ᠲᠠᠭᠠᠵᠤ ᠪᠠᠷᠭᠤ ᠮᠤᠩᠭᠤᠯ ᠶᠤᠰᠤ ᠪᠠᠷ ᠰᠠᠭᠤᠯᠭᠠᠵᠤ ᠪᠠᠶᠢᠭᠠᠳ ᠬᠠᠳᠠᠭ ᠪᠠᠷᠢᠨ ᠵᠤᠯᠭᠠᠯᠳᠠ ᠬᠢᠪᠡ᠃               ᠢᠡᠭᠭᠢᠭᠡᠳ ᠲᠡᠳᠡ ᠡᠰᠢᠪᠠᠶᠠᠷ ᠭᠡᠳᠡᠭ ᠲᠡᠭᠦᠤ ᠶᠢᠨ ᠪᠠᠨ ᠲᠡᠷᠭᠡ ᠪᠠᠷ ᠪᠢᠳᠡᠨ ᠢ ᠭᠡᠷ ᠲᠡᠭᠡᠨ ᠠᠪᠠᠴᠢᠵᠤ᠂ ᠪᠦᠬᠦ ᠰᠠᠳᠤᠨ ᠲᠦᠷᠤᠯ ᠢᠶᠠᠷ ᠢᠶᠠᠨ ᠴᠤᠭᠯᠠᠷᠠᠵᠤ᠂ ᠰᠠᠶᠢᠬᠠᠨ ᠴᠤ ᠬᠦᠨᠳᠤᠯᠡᠨ ᠵᠤᠴᠢᠯᠠᠪᠠ᠃ ᠲᠠᠷᠠᠭ᠎ᠠ ᠨᠢ ᠲᠡᠳᠡ ᠮᠠᠨᠤᠰ ᠢ ᠤᠯᠤᠰ ᠤᠨ ᠨᠠᠭᠠᠳᠤᠮ ᠤᠨ ᠪᠦᠬᠡ ᠶᠢᠨ ᠲᠠᠯᠠᠪᠠᠢ ᠳᠤ ᠤᠷᠤᠭᠤᠯᠵᠤ᠂ ᠤᠯᠤᠰ ᠤᠨ ᠨᠡᠷᠡᠳᠤ ᠠᠪᠤᠷᠭᠤ ᠨᠤᠭᠤᠳ ᠤᠨ ᠪᠠᠷᠢᠯᠳᠤᠭᠠᠨ ᠢ ᠰᠤᠨᠢᠷᠬᠠᠭᠤᠯᠪᠠ᠃           ᠪᠢᠳᠡᠨ ᠤ ᠤᠷᠢᠭᠰᠠᠨ ᠭᠡᠷ ᠤᠨ ᠡᠵᠡᠨ ᠡᠰᠢᠵᠠᠮᠰᠤ ᠭᠡᠳᠡᠭ ᠦᠨᠳᠤᠷ ᠪᠡᠶ᠎ᠡ ᠲᠠᠢ ᠵᠢᠷᠪᠡᠭᠡᠷ ᠰᠠᠬᠠᠯ ᠲᠠᠢ ᠴᠡᠷᠢᠭ ᠭᠠᠷᠤᠯ ᠲᠠᠢ ᠪᠠᠷᠠᠭᠤᠨ ᠠᠶᠢᠮᠠᠭ ᠤᠨ ᠬᠦᠮᠤᠨ᠂ ᠵᠡᠭᠦᠨ ᠬᠢᠵᠠᠭᠠᠷ ᠲᠤ ᠬᠢᠯᠢ ᠶᠢᠨ ᠪᠤᠭᠤᠮᠳᠠ ᠳᠤ ᠤᠯᠠᠨ ᠵᠢᠯ ᠠᠯᠪᠠᠯᠠᠭᠠᠳ ᠦᠨᠤ ᠨᠢᠭᠡᠨᠳᠡ ᠠᠵᠢᠯ ᠠᠴᠠ ᠲᠠᠷᠬᠠᠯᠠᠭᠳᠠᠭᠰᠠᠨ ᠡᠪᠤᠭᠡᠨ ᠴᠡᠷᠢᠭ ᠶᠤᠮ ᠪᠠᠶᠢᠨ᠎ᠠ᠃                 ᠤᠳᠤ ᠲᠡᠷᠡ ᠨᠢᠭᠡ ᠵᠢᠵᠢᠭ ᠺᠤᠮᠫᠠᠨᠢ ᠳᠤ ᠲᠤᠰᠠᠯᠠᠭᠴᠢ ᠶᠢᠨ ᠠᠵᠢᠯ ᠬᠢᠳᠡᠭ ᠭᠡᠨ᠎ᠡ᠃ ᠠᠪᠠᠭᠠᠢ ᠨᠢ ᠭᠡᠵᠤ ᠪᠠᠭᠰᠢ ᠶᠢᠨ ᠠᠵᠢᠯ ᠲᠠᠢ᠃ ᠤᠷᠤᠰ ᠠᠩᠭ᠍ᠯᠢ ᠬᠡᠯᠡ ᠪᠠᠷ ᠵᠢᠭᠳᠡᠢ ᠰᠠᠶᠢᠬᠠᠨ ᠤᠷᠤᠰᠬᠠᠭᠠᠳ ᠨᠡᠯᠢᠶᠡᠳ ᠰᠤᠶᠤᠯ ᠪᠤᠯᠪᠠᠰᠤᠷᠠᠯ ᠲᠠᠢ ᠬᠦᠮᠤᠨ ᠤ ᠶᠠᠩᠵᠤᠳᠠᠢ᠃               ᠲᠡᠳᠡᠨ ᠤ ᠶᠡᠭᠡ ᠬᠡᠤᠬᠡᠨ ᠨᠢ ᠰᠤᠯᠤᠩᠭᠤᠰ ᠠᠴᠠ ᠬᠦᠷᠭᠡᠨ ᠲᠠᠢ ᠪᠤᠯᠤᠭᠠᠳ ᠲᠡᠨᠳᠡ ᠪᠠᠨ ᠠᠵᠢᠯᠯᠠᠵᠤ ᠠᠮᠢᠳᠤᠷᠠᠵᠤ ᠪᠠᠶᠢᠭ᠎ᠠ ᠭᠡᠨ᠎ᠡ᠃ ᠪᠠᠭ᠎ᠠ ᠦᠬᠢᠨ ᠨᠢ ᠮᠠᠨ ᠤ ᠦᠪᠤᠷ ᠮᠤᠩᠭᠤᠯ ᠤᠨ ᠡᠷᠢᠶᠡᠨ ᠬᠤᠳᠠᠨ ᠤ ᠲᠤᠮᠳᠠᠳᠤ ᠰᠤᠷᠭᠠᠭᠤᠯᠢ ᠳᠤ ᠬᠢᠳᠠᠳ ᠬᠡᠯᠡ ᠰᠤᠷᠴᠤ ᠪᠠᠶᠢᠭ᠎ᠠ ᠶᠤᠮ ᠪᠠᠶᠢᠨ᠎ᠠ᠃             ᠡᠳᠡᠨᠡᠶᠢᠬᠢ ᠶᠤᠰᠤᠳᠠᠢ ᠲᠡᠯᠡᠬᠡᠶᠢᠴᠢᠯᠡᠭᠰᠡᠨ ᠮᠠᠶ᠋ᠢᠭᠳᠠᠢ ᠬᠠᠯᠬ᠎ᠠ ᠠᠶᠢᠯ ᠶᠤᠮ ᠪᠠᠶᠢᠨ᠎ᠠ᠃ ᠢᠡᠭᠭᠢᠭᠡᠳ ᠪᠢ ᠲᠡᠨᠡᠶᠢᠬᠢ ᠶᠡᠷᠤ ᠨᠢ ᠬᠤᠵᠢᠮ ᠳᠠᠭᠠᠨ ᠤᠯᠠᠭᠠᠨᠪᠠᠭᠠᠳᠤᠷ ᠲᠠᠭᠠᠨ ᠭᠠᠳᠠᠭᠠᠳᠤ ᠶᠢᠨ ᠮᠡᠷᠭᠡᠵᠢᠯᠳᠡᠨ ᠤ ᠪᠡᠯᠡ ᠤᠷᠤᠭᠤᠯᠤᠯᠳᠠ ᠲᠠᠢ ᠲᠤᠮᠤ ᠺᠤᠮᠫᠠᠨᠢ ᠲᠠᠢ ᠪᠤᠯᠬᠤ ᠶᠤᠮ ᠪᠠᠶᠢᠨ᠎ᠠ ᠭᠡᠬᠦ ᠳᠤ ᠲᠡᠳᠡ ᠰᠡᠳᠭᠢᠯ ᠲᠦᠭᠦᠷᠡᠩ ᠨᠢ ᠢᠯᠡᠬᠡᠨ ᠂ ᠬᠠᠳᠠᠮ ᠠᠬ᠎ᠠ ᠶᠢᠨ ᠲᠦᠷᠤᠯ ᠤᠨ ᠨᠢᠭᠡ ᠠᠬ᠎ᠠ ᠨᠢ ︽ᠨᠡᠯᠠᠶᠢᠬᠤ︾ ᠳᠤ ᠤᠯᠠᠨ ᠵᠢᠯ ᠠᠮᠢᠳᠤᠷᠠᠵᠤ ᠰᠠᠭᠤᠭᠰᠠᠨ ᠶᠤᠮ ᠪᠠᠶᠢᠨ᠎ᠠ᠃ ᠲᠡᠷᠡ ᠬᠡᠯᠡᠬᠦ ᠳᠡᠭᠡᠨ᠄                 ᠠᠳᠡ 1920 — 1930 ᠊ᠭᠠᠳ ᠤᠨ ᠤ ᠦᠶ᠎ᠡ ᠪᠠᠷ ᠲᠡᠨᠠᠢ ᠬᠢᠳᠠᠳ ᠬᠦᠮᠤᠨ ᠠᠳᠡ ᠢᠷᠡᠵᠤ ᠬᠠᠷ᠎ᠠ ᠬᠦᠴᠤᠨ ᠤ ᠠᠵᠢᠯ ᠬᠢᠵᠤ ᠠᠮᠢ ᠭᠤᠤᠯ ᠢᠶᠠᠨ ᠲᠡᠵᠢᠭᠡᠵᠤ ᠠᠮᠢᠳᠤᠷᠠᠯ ᠢᠶᠠᠨ ᠠᠷᠭᠠᠴᠠᠬᠤ ᠶᠢᠨ ᠲᠦᠯᠤᠭᠡ ᠶᠠᠮᠠᠷᠴᠤ ᠬᠠᠷ᠎ᠠ ᠪᠤᠷᠤ ᠠᠵᠢᠯ ᠢ ᠭᠤᠯᠤᠯ ᠦᠭᠡᠢ ᠬᠢᠵᠤ ᠠᠵᠤ ᠲᠦᠷᠤᠵᠤ ᠠᠮᠢᠳᠤᠷᠠᠵᠤ ᠪᠠᠶᠢᠭᠰᠠᠨ ᠭᠡᠵᠤ ᠮᠢᠨᠤ ᠲᠡᠭᠡᠳᠤᠤᠯ ᠬᠡᠯᠡᠳᠡᠭ         ᠲᠡᠳᠡ ᠶᠠᠮᠠᠷᠴᠤ ᠨᠦᠭᠦᠴᠡᠯ ᠮᠠᠭᠤᠳᠠᠢ ᠤᠷᠴᠢᠨ ᠳᠤ ᠪᠦᠷ ᠲᠡᠰᠴᠤ ᠴᠢᠳᠠᠨ᠎ᠠ᠃ ᠮᠠᠰᠢ ᠲᠡᠰᠪᠤᠷᠢ ᠲᠠᠢ ᠤᠯᠤᠰ ᠤᠳ ᠳ᠋ᠠ᠃       ᠲᠡᠳᠡ ᠶᠠᠭᠤ ᠴᠤ ᠪᠦᠷ ᠬᠢᠨ᠎ᠡ᠃ ᠨᠡᠭᠦᠷᠡᠰᠤ ᠴᠢᠯᠠᠭᠤ ᠮᠠᠯᠳᠠᠬᠤ᠂ ᠪᠠᠷᠢᠯᠭ᠎ᠠ ᠪᠠᠶᠢᠰᠢᠩ ᠪᠠᠷᠢᠬᠤ ᠠᠴᠠ ᠡᠬᠢᠯᠡᠭᠡᠳ᠂ ᠮᠤᠳᠤ ᠲᠡᠮᠤᠷ ᠨᠤᠤᠰᠤ᠂ ᠢᠰᠡᠭᠡᠢ ᠬᠢᠨ᠎ᠡ ᠠᠯᠳᠠ ᠮᠦᠡᠭᠭᠦ ᠡᠳ᠋ᠰᠢᠯᠡᠭᠦᠯᠬᠦ ᠵᠡᠷᠭᠡ ᠲᠤᠩ ᠨᠠᠷᠢᠨ ᠰᠢᠷᠢᠨ ᠵᠦᠢᠯ ᠢ ᠮᠠᠰᠢ ᠭᠤᠶᠤ ᠴᠡᠪᠡᠷᠬᠡᠨ ᠬᠢᠨ᠎ᠡ᠂ ᠶᠡᠭᠡ ᠯᠡ ᠭᠠᠷ ᠤᠷᠠᠨ ᠤᠯᠤᠰ ᠤᠳ ᠡ︕               1930 ᠤᠨ ᠤ ᠦᠶ᠎ᠡ ᠪᠠᠷ ᠬᠢᠳᠠᠳ ᠬᠦᠮᠤᠨ ᠡᠨᠡ ᠭᠠᠵᠠᠷ ᠠᠴᠠ ᠮᠤᠷᠢᠨ ᠲᠡᠷᠭᠡ ᠪᠠᠷ ᠨᠡᠭᠦᠷᠡᠰᠤ ᠲᠡᠭᠡᠭᠡᠵᠤ ᠤᠯᠠᠭᠠᠨᠪᠠᠭᠠᠳᠤᠷ ᠲᠤ ᠠᠪᠠᠴᠢᠨ ᠬᠤᠳᠠᠯᠳᠤᠵᠤ ᠠᠮᠢᠳᠤᠷᠠᠵᠤ ᠪᠠᠶᠢᠭᠰᠠᠨ ᠭᠡᠵᠤ ᠲᠡᠷᠡ ᠠᠬ᠎ᠠ ᠮᠠᠨ ᠳᠤ ᠬᠠᠭᠤᠴᠢᠯᠠᠪᠠ᠃ ᠰᠡᠭᠦᠯ ᠢᠶᠠᠷ ᠨᠢ ᠤᠯᠤᠰ ᠠᠴᠠ ᠡᠵᠡᠩᠨᠡᠯᠳᠡ ᠬᠢᠵᠤ ᠲᠡᠳᠡᠨᠠᠷ ᠤᠨ ᠨᠡᠭᠦᠷᠡᠰᠤ ᠮᠠᠯᠳᠠᠬᠤ ᠭᠠᠷ ᠢ ᠨᠢ ᠬᠤᠭᠤᠯᠵᠤ ᠤᠷᠬᠢᠭᠰᠠᠨ ᠠᠴᠠ ᠲᠡᠳᠡ ᠠᠷᠭ᠎ᠠ ᠪᠤᠰᠤ ᠦᠭᠡᠷ᠎ᠡ ᠵᠠᠮ ᠡᠷᠢᠭᠰᠡᠨ᠃                 ᠤᠯᠤᠰ ᠠᠴᠠ ᠲᠡᠮᠤᠷ ᠵᠠᠮ ᠲᠡᠪᠢᠰᠴᠤ ︽ᠨᠠᠯᠠᠶᠢᠬᠤ︾ ᠶᠢᠨ ᠨᠡᠭᠦᠷᠡᠰᠤᠨ ᠠᠭᠤᠷᠬᠠᠢ ᠭᠡᠵᠤ ᠨᠡᠷᠡᠯᠡᠬᠦ ᠪᠤᠯᠤᠭᠰᠠᠨ ᠠᠴᠠ ᠬᠤᠶᠢᠰᠢ ᠶᠡᠭᠡ ᠬᠦᠴᠤ ᠤᠷᠤᠭᠤᠯᠤᠨ ᠦᠷᠭᠡᠳᠭᠡᠵᠤ ᠪᠦᠬᠦ ᠬᠤᠳᠠ ᠶᠢᠨ ᠨᠡᠭᠦᠷᠡᠰᠤ ᠶᠢ ᠤᠯᠠᠨ ᠵᠢᠯ ᠬᠠᠨᠭ᠍ᠭᠠᠵᠤ ᠪᠠᠶᠢᠭᠰᠠᠨ ᠭᠡᠨ᠎ᠡ᠃                 ᠤᠳᠤ ᠲᠡᠨᠳᠡ ᠨᠡᠭᠦᠷᠡᠰᠤ ᠲᠡᠮᠡᠢ ᠭᠠᠷᠬᠤ ᠪᠠᠨ ᠪᠤᠯᠢᠭᠰᠠᠨ ᠶᠤᠮ ᠤᠤ︖ ᠡᠰᠡᠪᠡᠯ ᠮᠠᠯᠳᠠᠭᠤᠯᠬᠤ ᠪᠠᠨ ᠪᠠᠶᠢᠭᠰᠠᠨ ᠶᠤᠮ ᠤᠤ ᠪᠤᠤ ᠮᠡᠳᠡ᠃           ᠴᠢᠩᠭᠢᠰ ᠬᠠᠭᠠᠨ ᠤ ᠮᠤᠷᠢᠳᠠᠢ ᠱᠤᠭᠤᠮᠠᠯ ᠢ ᠪᠠᠷᠠᠳᠠᠭᠰᠠᠨ ᠨᠢ᠄               ᠪᠢᠳᠡ ᠲᠦᠪ ᠠᠶᠢᠮᠠᠭ ᠤᠨ ᠡᠷᠳᠡᠨᠢ ᠰᠤᠮᠤᠨ ᠤ ᠨᠤᠳᠤᠭ ᠲᠤ ᠪᠠᠶᠢᠬᠤ ︽ᠱᠦᠢᠵᠢᠨ ᠪᠤᠯᠳᠠᠭ︾ ᠭᠡᠳᠡᠭ ᠭᠠᠵᠠᠷ ᠲᠤ ᠬᠦᠷᠴᠤ᠂ ᠴᠢᠩᠭᠢᠰ ᠬᠠᠭᠠᠨ 1178 ᠤᠨ ᠳᠤ ᠦᠪᠡᠷ ᠤᠨ ᠲᠡᠭᠦᠤ ᠬᠠᠰᠠᠷ ᠪᠡᠯᠭᠦᠳᠠᠢ ᠨᠠᠷ ᠤᠨ ᠬᠠᠮᠳᠤ ᠬᠡᠷᠡᠶᠢᠳ ᠤᠨ ᠸᠠᠩ ᠬᠠᠨ ᠳᠤ ᠪᠤᠯᠠᠭᠠᠨ ᠲᠡᠪᠡᠯ ᠢᠶᠠᠨ ᠪᠡᠯᠡᠭᠯᠡᠵᠤ ᠲᠤᠰᠠᠯᠠᠮᠵᠢ ᠭᠤᠶᠤᠭᠠᠳ ᠪᠤᠴᠠᠬᠤ ᠵᠠᠮ ᠳᠠᠭᠠᠨ ᠡᠨᠡᠬᠦ ᠱᠦᠢᠵᠢᠨ ᠪᠤᠯᠳᠠᠭ ᠭᠡᠳᠡᠭ ᠭᠠᠵᠠᠷ ᠠᠴᠠ ᠨᠢᠭᠡ ᠰᠤᠮᠤᠨ ᠲᠠᠰᠢᠭᠤᠷ ᠤᠯᠤᠭᠰᠠᠨ ᠭᠡᠳᠡᠭ ᠲᠤᠮᠤᠭ ᠪᠤᠢ︕               ᠡᠨᠡ ᠨᠢ ᠬᠤᠵᠢᠮ ᠶᠢᠨ ᠢᠯᠠᠯᠳᠠ ᠤᠯᠬᠤ ᠶᠢᠨ ᠪᠡᠯᠭᠡ ᠲᠡᠮᠳᠡᠭ ᠪᠤᠯᠤᠭᠰᠠᠨ ᠢᠶᠠᠷ ᠪᠠᠷᠠᠬᠤ ᠦᠭᠡᠢ ᠮᠤᠩᠭᠤᠯ ᠲᠦᠮᠡᠨ ᠢᠶᠠᠨ ᠨᠢᠭᠡᠳᠭᠡᠵᠤ ᠬᠠᠭᠠᠨ ᠰᠠᠭᠤᠬᠤ ᠳᠤᠨᠢ ᠶᠡᠬᠡᠬᠡᠨ ᠨᠦᠯᠤᠭᠡ ᠦᠵᠡᠭᠦᠯᠦᠭᠰᠡᠨ ᠲᠤᠯᠠ ︽ᠲᠡᠯᠡᠬᠡᠢ ᠶᠢᠨ ᠬᠢᠨᠢᠰ ᠤᠨ ᠲᠡᠮᠳᠡᠭᠯᠡᠯ︾ ᠢ ᠡᠭᠦᠳᠦᠭᠰᠡᠨ ᠡᠨᠡᠬᠦ 40 ᠮᠧᠲᠷ ᠦᠨᠳᠤᠷ ᠲᠤᠮᠤ ᠰᠦᠷᠯᠢᠭ ᠰᠠᠶᠢᠬᠠᠨ ᠬᠦᠰᠢᠶ᠎ᠡ ᠱᠤᠭᠤᠮᠠᠯ ᠢ 2008 ᠤᠨ ᠤ 9 ᠰᠠᠷᠠᠶᠢᠨ 26 ᠤ ᠡᠳᠤᠷ ᠪᠠᠷᠢᠵᠤ ᠲᠠᠭᠤᠰᠬᠠᠨ ᠨᠡᠭᠡᠭᠡᠯᠳᠡ ᠬᠢᠭᠰᠡᠨ ᠶᠤᠮ ᠪᠠᠶᠢᠨ᠎ᠠ ᠃                 ᠪᠢᠳᠡ ᠴᠢᠩᠭᠢᠰ ᠬᠠᠭᠠᠨ ᠤ ᠠᠪᠤᠷᠭᠤ ᠲᠤᠮᠤ ᠮᠤᠷᠢᠳᠠᠢ ᠱᠤᠭᠤᠮᠠᠯ ᠢᠶᠠᠷ ᠲᠤᠭᠤᠷᠢᠬᠤ ᠳᠤ ᠤᠯᠠᠨ ᠬᠦᠮᠤᠰ ᠮᠦᠷᠭᠦᠯ ᠲᠠᠭᠠᠳᠬᠠᠯ ᠬᠢᠵᠤ ᠰᠡᠭᠦᠳᠡᠷ ᠵᠢᠷᠤᠭ ᠠᠪᠴᠤ᠂ ᠪᠡᠯᠡᠭ ᠲᠤᠷᠠᠰᠬᠠᠯ ᠤᠨ ᠪᠤᠳᠠᠰ ᠠᠪᠴᠤ ᠪᠠᠶᠢᠪᠠ᠃                 ᠪᠢᠳᠡ ᠬᠠᠮᠳᠤ ᠶᠢᠨ ᠰᠡᠭᠦᠳᠡᠷ ᠠᠪᠴᠤ ᠪᠠᠶᠢᠬᠤ ᠳᠤ ᠭᠠᠳᠠᠭᠠᠳᠤ ᠶᠢᠨ ᠬᠤᠶᠠᠷ ᠵᠠᠯᠠᠭᠤ᠂ ᠮᠤᠩᠭᠤᠯ ᠤᠨ ᠨᠢᠭᠡ ᠤᠷᠴᠢᠭᠤᠯᠤᠭᠴᠢ ᠬᠡᠤᠬᠡᠨ ᠤ ᠬᠠᠮᠳᠤ ᠪᠢᠳᠡᠨ ᠲᠠᠢ ᠬᠠᠷᠭᠤᠵᠤ ᠲᠠᠨᠠᠷ ᠬᠠᠮᠢᠭ᠎ᠠ ᠠᠴᠠ ᠢᠷᠡᠭᠡ ᠪᠤᠢ︖ ᠶᠠᠮᠠᠷ ᠭᠤᠶᠤ ᠬᠤᠪᠴᠠᠰᠤ ᠵᠠᠰᠠᠯ ᠲᠠᠢ ᠠᠬ᠎ᠠ ᠨᠠᠷ ᠪᠤᠢ︖ ᠭᠡᠵᠤ ᠪᠢᠳᠡᠨ ᠢ ᠶᠡᠬᠡᠯ᠎ᠡ ᠱᠤᠬᠤᠭᠤᠷᠬᠠᠨ ᠪᠠᠭ᠋ᠠᠷᠬᠠᠬᠤ ᠳᠤ ᠪᠢᠳᠡ ᠦᠪᠤᠷ ᠮᠤᠩᠭᠤᠯ ᠠᠴᠠ ᠢᠷᠡᠯ᠎ᠡ᠃ ︽ᠮᠤᠩᠭᠤᠯ ᠤᠯᠤᠰ ᠤᠨ ᠨᠠᠭᠠᠳᠤᠮ︾ ᠦᠵᠡᠭᠡᠳ ᠪᠤᠴᠠᠵᠤ ᠪᠠᠶᠢᠨ᠎ᠠ᠃ ᠭᠡᠬᠦ ᠳᠤ ᠲᠡᠳᠡ ᠮᠠᠨ ᠲᠠᠢ ᠬᠠᠮᠳᠤ ᠰᠡᠭᠦᠳᠡᠷ ᠠᠪᠬᠤᠭᠤᠯᠬᠤ ᠰᠠᠨᠠᠭ᠎ᠠ ᠲᠠᠢ ᠭᠤᠶᠤᠴᠢᠯᠠᠬᠤ ᠳᠤ ᠪᠢᠳᠡ ᠲᠤᠷᠠᠳᠠᠢ ᠬᠦᠯᠢᠶᠡᠨ ᠵᠦᠪᠰᠢᠶᠡᠷᠡᠯ᠎ᠡ᠃ ᠲᠡᠳᠡᠨ ᠤ ᠤᠷᠴᠢᠭᠤᠯᠤᠭᠴᠢ ᠮᠤᠩᠭᠤᠯ ᠤᠨ ᠬᠡᠤᠬᠡᠨ ᠲᠠᠨᠠᠷ ᠲᠤ ᠲᠠᠯᠠᠷᠬᠠᠵᠤ ᠪᠠᠶᠢᠨ᠎ᠠ᠃ ᠲᠡᠨᠠᠢ ᠦᠪᠤᠷ ᠮᠤᠩᠭᠤᠯ ᠤᠨ ᠬᠦᠮᠤᠨ ᠶᠡᠭᠡ ᠰᠠᠶᠢᠬᠠᠨ ᠵᠠᠩ ᠲᠠᠢ᠂ ᠰᠤᠶᠤᠯᠴᠢ ᠪᠤᠯᠪᠠᠰᠤᠨ ᠤᠯᠤᠰ ᠤᠳ ᠪᠠᠶᠢᠨ᠎ᠠ ᠭᠡᠳ ᠪᠢᠳᠡᠨ ᠲᠠᠢ ᠭᠠᠷ ᠪᠠᠷᠢᠯᠴᠠᠨ ᠰᠠᠯᠠᠬᠤ ᠶᠤᠰᠤ ᠬᠢᠭᠡᠳ ᠮᠤᠷᠳᠠᠪᠠ᠃                 ᠲᠠᠳᠠᠯ ᠰᠤᠮᠤᠨ ᠳᠤ ᠦᠵᠡᠵᠤ ᠬᠠᠷᠠᠭᠰᠠᠨ ᠵᠦᠢᠯ               ᠪᠢᠳᠡ ᠤᠨᠤᠨ ᠮᠦᠷᠡᠨ ᠠᠴᠠ ᠮᠤᠷᠳᠠᠵᠤ ᠠᠭᠤᠯᠠ ᠨᠢᠷᠤᠭᠤ᠂ ᠬᠦᠳᠤᠯ ᠲᠠᠪᠠᠭ᠎ᠠ ᠶᠢ ᠦᠭᠰᠤᠵᠤ ᠪᠢᠳᠡᠭᠦᠤ ᠤᠢ ᠨᠠᠷᠠᠰᠤᠨ ᠰᠢᠭᠤᠢ ᠶᠢᠨ ᠲᠤᠮᠳᠠᠭᠤᠷ ᠴᠠᠭ ᠭᠠᠷᠤᠢ ᠲᠠᠪᠬᠢᠭᠤᠯᠵᠤ᠂ ᠲᠠᠳᠠᠯ ᠰᠤᠮᠤᠨ ᠤ ᠡᠮᠤᠨ᠎ᠡ ᠡᠭᠦᠳᠡᠨ ᠳᠤ ᠬᠦᠷᠬᠦ ᠳᠤ ᠵᠢᠯᠤᠭᠤᠴᠢ ᠲᠡᠭᠦᠤ ᠮᠠᠨᠢ ᠤᠳᠤ ᠲᠠᠨᠠᠷ ᠤᠨ ᠬᠦᠰᠡᠭᠡᠳ ᠪᠠᠶᠢᠳᠠᠭ ︽ᠴᠢᠩᠭᠢᠰ ᠬᠠᠭᠠᠨ︾  ᠤ ᠲᠦᠷᠦᠭᠰᠡᠨ ᠭᠠᠵᠠᠷ ︽ᠲᠡᠯᠢᠭᠦᠨ ᠪᠤᠯᠳᠠᠭ︾ ᠲᠤ ᠪᠠᠶᠢᠳᠠᠭ ᠲᠠᠳᠠᠯ ᠰᠤᠮᠤᠨ ᠳᠤ ᠮᠦᠳᠳᠤ ᠬᠦᠷᠤᠨ᠎ᠡ ᠭᠡᠯ᠎ᠡ᠃               ᠲᠡᠮᠡᠢ ᠴᠤ ᠤᠳᠠᠯ ᠦᠭᠡᠢ ᠪᠢᠳᠡᠭᠦᠤ ᠨᠠᠷᠠᠰᠤᠨ ᠤᠢ ᠶᠢᠨ ᠲᠤᠮᠳᠠ ᠨᠡᠯᠢᠶᠡᠳ ᠤᠯᠠᠨ ᠤᠯᠠᠭᠠᠨ ᠨᠤᠭᠤᠭᠠᠨ ᠲᠡᠭᠡᠪᠤᠷᠢ ᠲᠠᠢ ᠠᠶᠢᠯ ᠤᠳ ᠬᠠᠷᠠᠭᠳᠠᠯ᠎ᠠ᠃ ᠲᠡᠨᠳᠡ ᠬᠦᠷᠬᠦ ᠳᠤ ᠮᠤᠩᠭᠤᠯ ᠭᠡᠷ ᠭᠡᠵᠤ ᠨᠢᠭᠡᠴᠤ ᠦᠵᠡᠭᠳᠡᠬᠦ ᠦᠭᠡᠢ ᠪᠦᠷ ᠯᠡ ᠪᠦᠳᠤᠭᠦᠨ ᠲᠦᠡᠭᠽᠸᠠ ᠮᠤᠳᠤᠨ ᠤᠷᠤᠰ ᠮᠠᠶ᠋ᠢᠭ ᠤᠨ ᠭᠡᠷ ᠤᠳ ᠬᠠᠷᠠᠭᠳᠠᠵᠤ ᠪᠠᠶᠢᠯ᠎ᠠ᠃       ᠡᠨᠡ ᠭᠠᠵᠠᠷ ᠶᠤᠰᠤᠳᠠᠢ ᠯᠡ ᠤᠢ ᠬᠦᠪᠴᠢ ᠶᠢᠨ ᠲᠤᠮᠳᠠ ᠠᠮᠢᠳᠤᠷᠠᠵᠤ ᠪᠠᠶᠢᠭ᠎ᠠ ᠨᠢ ᠢᠯᠡᠬᠡᠨ᠂ ᠮᠤᠳᠤ ᠮᠤᠭᠠᠢ ᠪᠠᠷ ᠶᠡᠭᠡ ᠡᠯᠪᠡᠭ ᠲᠡᠯᠪᠡᠭ ᠠᠮᠢᠳᠤᠷᠠᠵᠤ ᠪᠠᠶᠢᠳᠠᠭ ᠤᠯᠤᠰ ᠤᠳ ᠪᠠᠶᠢᠨ᠎ᠠ ᠳ᠋ᠠ᠃                 ᠲᠡᠨᠳᠡ ᠪᠢᠳᠡ ᠨᠢᠭᠡ ᠠᠬᠢᠮᠠᠭ ᠨᠠᠰᠤᠨ ᠤ ᠪᠤᠷᠢᠶᠠᠳ ᠡᠭᠡᠴᠢ ᠶᠢᠨ ᠬᠤᠭᠤᠯᠠᠨ ᠭᠡᠷ ᠲᠤ ᠪᠠᠭᠤᠪᠠ᠃ ᠲᠡᠳᠡ ᠪᠢᠳᠡᠨ ᠳᠤ ᠦᠪᠡᠷ ᠢᠶᠠᠨ ᠬᠢᠭᠰᠡᠨ ᠲᠠᠯᠬ᠎ᠠ᠂ ᠰᠢᠷ᠎ᠠ ᠲᠤᠰᠤ᠂ ᠰᠦ ᠲᠠᠢ ᠴᠠᠢ ᠪᠠᠨ ᠪᠠᠷᠢᠵᠤ ᠪᠤᠷᠢᠶᠠᠳ ᠪᠤᠤᠵᠠ ᠪᠠᠷ ᠵᠤᠴᠢᠯᠠᠪᠠ᠃               ᠲᠡᠷᠡ ᠡᠭᠡᠴᠢ ᠶᠡᠭᠡ ᠶᠠᠷᠢᠶ᠎ᠠ ᠬᠦᠭᠡᠷᠤᠭᠡ ᠲᠠᠢ ᠬᠦᠮᠤᠨ ᠪᠠᠶᠢᠯ᠎ᠠ᠃ ᠪᠢ ᠲᠠᠨᠠᠢ ᠬᠠᠶᠢᠯᠠᠷ ᠬᠤᠳᠠᠨ ᠳᠤ ᠬᠦᠷᠴᠤ ᠦᠡᠭᠭᠡᠷᠡᠭᠰᠡᠨ᠂ ᠡᠸᠡᠩᠬᠢ ᠬᠤᠰᠢᠭᠤᠨ ᠤ ᠪᠤᠷᠢᠶᠠᠳ ᠰᠤᠮᠤᠨ ᠳᠤ ᠮᠢᠨᠤ ᠲᠦᠷᠤᠯ ᠰᠠᠳᠤᠨ ᠤᠯᠠᠨ ᠪᠠᠶᠢᠳᠠᠭ ᠭᠡᠳ ᠶᠠᠷᠢᠬᠤ ᠶᠢᠨ ᠲᠠᠭᠠᠤ᠄               ᠲᠡᠨᠠᠢ ᠠᠮᠤᠭᠤᠯᠠᠩᠪᠠᠭᠠᠳᠤᠷ ᠤᠨ ᠵᠠᠯᠠᠭᠤ ᠪᠠᠭᠰᠢ ᠤᠶᠤᠨᠪᠢᠯᠢᠡᠡ ᠭᠡᠳᠡᠭ ᠬᠦᠮᠤᠨ ᠮᠠᠨᠠᠢ ᠠᠳᠡ ᠨᠡᠯᠢᠶᠡᠳ ᠬᠡᠳᠤ ᠤᠳᠠᠭ᠎ᠠ ᠢᠷᠡᠭᠰᠡᠨ ᠡ᠂ ᠲᠡᠷᠡ ᠶᠡᠬᠡᠯ᠎ᠡ ᠡᠷᠳᠡᠮᠳᠠᠢ ᠵᠠᠯᠠᠭᠤ ᠳ᠋ᠠ᠃                 ᠲᠡᠨᠠᠢ ᠠᠮᠤᠭᠤᠯᠠᠩ ᠳᠤ ᠬᠦᠷᠪᠡᠯ ᠲᠡᠷᠡ ᠲᠡᠭᠦᠤ ᠮᠢᠨᠢ ᠪᠢᠳᠡᠨ ᠢ ᠬᠦᠯᠢᠶᠡᠨ ᠠᠪᠴᠤ ᠶᠡᠭᠡ ᠲᠤᠰᠠᠯᠠᠳᠠᠭ ᠪᠠᠶᠢᠭᠰᠠᠨ ᠭᠡᠳ ᠪᠢᠳᠡᠨ ᠢ ᠰᠠᠶᠢᠬᠠᠨ ᠮᠤᠷᠳᠠᠭᠤᠯᠪᠠ᠃               ᠲᠡᠳᠡᠯ ᠰᠤᠮᠤ ᠳᠤ ᠪᠠᠶᠢᠭ᠎ᠠ ᠴᠢᠩᠭᠢᠰ ᠤᠨ ᠲᠦᠷᠦᠭᠰᠡᠨ ᠭᠠᠵᠠᠷ ︽ᠲᠡᠯᠢᠭᠦᠨ ᠪᠤᠯᠳᠠᠭ︾ ᠲᠤ ᠬᠦᠷᠴᠤ ᠰᠦᠰᠦᠭ ᠶᠤᠭᠠᠨ ᠲᠠᠭᠠᠳᠬᠠᠵᠤ ᠮᠦᠷᠭᠦᠭᠡᠳ ᠪᠤᠴᠠᠬᠤ ᠵᠠᠮ ᠳᠠᠭᠠᠨ ︽ᠬᠠᠵᠢᠭᠤ ᠪᠤᠯᠠᠭ︾ ᠲᠤ ᠬᠦᠷᠴᠤ᠂ ᠪᠤᠯᠠᠭ ᠤᠨ ᠤᠰᠤᠨ ᠠᠴᠠ ᠨᠢ ᠠᠮᠰᠠᠵᠤ᠂ ᠰᠠᠪᠠ ᠰᠠᠭᠤᠯᠠᠭ᠎ᠠ ᠳᠠᠭᠠᠨ ᠰᠠᠪᠠᠯᠠᠵᠤ ᠵᠠᠮ ᠤᠨ ᠤᠮᠳᠠ ᠪᠤᠯᠭᠠᠵᠤ ᠠᠪᠤᠪᠠ ᠃                 ᠪᠠᠰᠠ ᠨᠢᠭᠡ ᠰᠤᠨᠢᠷᠬᠠᠭᠰᠠᠨ ᠵᠦᠢᠯ᠄               ᠲᠡᠳᠡᠯ ᠰᠤᠮᠤ ᠳᠤ ᠮᠤᠩᠭᠤᠯ ᠭᠡᠷ ᠨᠢᠭᠡᠴᠤ ᠬᠠᠷᠠᠭᠳᠠᠬᠤ ᠦᠭᠡᠢ᠂ ᠭᠤᠶᠤ ᠶᠠᠩᠵᠤᠳᠠᠢ ᠤᠷᠤᠰ ᠮᠤᠳᠤᠨ ᠪᠠᠶᠢᠰᠢᠩ ᠪᠠᠶᠢᠬᠤ ᠯᠡ ᠪᠤᠶᠠᠨ᠂ ᠪᠢᠳᠡᠨ ᠤ ᠪᠠᠭᠤᠭᠰᠠᠨ ᠬᠤᠭᠤᠯᠠᠨ ᠭᠡᠷ ᠤᠨ ᠠᠷᠤ ᠳᠤ ᠵᠠᠯᠠᠭᠤᠴᠤᠳ ᠨᠢᠭᠡ ᠲᠤᠮᠤ ᠤᠯᠠᠭᠠᠨ ᠲᠤᠭᠤᠰᠬᠠᠨ ᠭᠡᠷ ᠪᠠᠷᠢᠵᠤ ᠶᠠᠭᠠᠷᠠᠯᠳᠤᠨ᠎ᠠ᠃               ᠪᠢ ᠲᠡᠳᠡᠨ ᠠᠴᠠ ᠡᠶᠢᠮᠤ ᠲᠤᠮᠤ ᠭᠡᠷ ᠢ ᠦᠪᠡᠷ ᠲᠡᠭᠡᠨ ᠪᠠᠷᠢᠵᠤ ᠴᠢᠳᠠᠬᠤ ᠤᠤ ᠭᠡᠰᠡᠨ ᠳᠤ᠄               ᠮᠠᠨ ᠤ ᠬᠡᠳᠤ ᠶᠢᠨ ᠲᠤᠮᠳᠠ ᠨᠢᠭᠡ ᠰᠠᠶᠢᠨ ᠲᠤᠮᠤ ᠪᠠᠭᠰᠢ ᠪᠤᠢ᠂ ᠪᠢᠳᠡ ᠪᠦᠷ ᠲᠡᠭᠦᠨ ᠢ ᠲᠠᠭᠠᠭᠠᠳ ᠠᠵᠢᠯᠯᠠᠪᠠᠯ ᠪᠤᠯᠴᠢᠬᠠᠨ᠎ᠠ᠃ ᠲᠠᠷᠠᠭ᠎ᠠ ᠤᠳᠠᠭ᠎ᠠ ᠲᠠᠨᠠᠷ ᠢ ᠢᠷᠡᠬᠦ ᠳᠤ ᠡᠨᠡ ᠭᠡᠷ ᠲᠡᠭᠡᠨ ᠲᠠᠪᠳᠠᠶᠢᠬᠠᠨ ᠵᠤᠴᠢᠯᠠᠨ᠎ᠠ ᠰᠢᠤ ᠭᠡᠳ ᠨᠢᠭᠡ ᠠᠯᠢᠶ᠎ᠠ ᠵᠠᠯᠠᠭᠤ ᠪᠢᠳᠡᠨ ᠲᠠᠢ ᠬᠦᠭᠵᠢᠶᠡᠨᠳᠠᠢ ᠵᠤᠭᠤᠭ ᠲᠡᠯᠭᠡᠬᠦ ᠶᠤᠮ᠃᠃ ᠰᠤᠮᠤᠨ ᠤ ᠲᠦᠪ ᠠᠴᠠ 2 ᠺᠢᠯᠤᠮᠧᠲᠷ ᠭᠠᠵᠠᠷ ᠲᠤ ᠭᠤᠷᠪᠠᠨ ᠨᠠᠭᠤᠷ ᠭᠡᠳᠡᠭ ᠭᠠᠵᠠᠷ ᠪᠤᠢ︖                 ᠠᠳᠡ ︽ᠴᠢᠩᠭᠢᠰ ᠬᠠᠭᠠᠨ︾ ᠤ ᠰᠦᠷᠯᠢᠭ ᠲᠤᠮᠤ ᠴᠢᠯᠠᠭᠤᠨ ᠬᠦᠰᠢᠶ᠎ᠡ ᠪᠠᠶᠢᠬᠤ ᠪᠦᠭᠡᠳ ᠡᠨᠡ ᠭᠠᠵᠠᠷ ᠵᠤᠨ ᠤ ᠰᠠᠶᠢᠬᠠᠨ ᠤᠯᠠᠷᠢᠯ ᠳᠤ ᠬᠤᠳᠠ ᠶᠢᠨ ᠬᠢᠨ ᠵᠤᠰᠠᠯᠠᠩ ᠳᠤ ᠢᠷᠡᠵᠤ ᠪᠡᠶ᠎ᠡ ᠰᠡᠳᠭᠢᠯ ᠢᠶᠠᠨ ᠰᠤᠪᠢᠯᠠᠵᠤ ᠠᠮᠠᠷᠠᠯᠳᠠ ᠬᠢᠳᠡᠭ ᠭᠡᠵᠤ ᠪᠠᠶᠢᠨ᠎ᠠ᠃               ᠠᠳᠡᠬᠢ ᠮᠤᠩᠭᠤᠯ ᠭᠡᠷ ᠮᠤᠳᠤᠨ ᠪᠠᠶᠢᠰᠢᠩ ᠳᠤ ᠠᠮᠠᠷᠠᠯᠳᠠ ᠰᠤᠪᠢᠯᠠᠯᠳᠠ ᠶᠢᠨ ᠤᠯᠤᠰ ᠤᠳ ᠨᠡᠯᠢᠶᠡᠳ ᠤᠯᠠᠨ ᠪᠠᠶᠢᠬᠤ ᠶᠤᠮ ᠪᠢᠯᠡ᠃             ᠨᠤᠮ ᠵᠠᠯᠠᠬᠤ ᠳᠤ ᠬᠠᠷᠭᠤᠭᠰᠠᠨ ᠤᠴᠠᠷᠠᠯ᠄         ᠤᠯᠠᠭᠠᠨᠪᠠᠭᠠᠳᠤᠷ ᠲᠤ ᠬᠦᠷᠦᠭᠰᠡᠨ ᠤ ᠪᠠᠨ ᠭᠤᠷᠪᠠᠳᠤᠭᠠᠷ ᠡᠳᠤᠷ ᠤᠨ ᠡᠷᠳᠡ ᠶᠢᠨ 9 ᠴᠠᠭ ᠤᠨ ᠦᠶ᠎ᠡ ᠪᠠᠷ ᠬᠤᠷᠴᠠ ᠲᠡᠭᠦᠤ ᠬᠠᠷᠠᠬᠦᠤ ᠪᠢᠳᠡ ᠬᠤᠷᠪᠠᠭᠤᠯᠠ ᠤᠯᠠᠭᠠᠨᠪᠠᠭᠠᠳᠤᠷ ᠤᠨ ᠤᠯᠤᠰ ᠤᠨ ᠶᠡᠭᠡ ᠬᠤᠳᠠᠯᠳᠤᠭᠠᠨ ᠤ ᠠᠰᠠᠷ ᠲᠤ ᠤᠴᠢᠬᠤ ᠳᠤ 10 ᠴᠠᠭ ᠪᠤᠯᠬᠤ ᠪᠠᠷ ᠡᠭᠦᠳᠡ ᠢᠶᠠᠨ ᠰᠠᠶ᠋ᠢ ᠨᠡᠭᠡᠭᠡᠬᠦ ᠶᠤᠮ ᠭᠡᠨ᠎ᠡ᠃           ᠭᠤᠷᠪᠠᠨ ᠲᠠᠯ᠎ᠠ ᠶᠢᠨ ᠲᠤᠮᠤ ᠡᠭᠦᠳᠡ ᠳᠤᠨᠢ ᠤᠯᠠᠨ ᠬᠦᠮᠤᠰ ᠴᠠᠭ ᠬᠦᠯᠢᠶᠡᠨ ᠵᠤᠭᠰᠤᠬᠠᠭᠠᠨ᠎ᠠ᠃ ᠬᠤᠷᠴᠠ ᠲᠡᠭᠦᠤ ᠮᠢᠨᠢ ᠮᠤᠩᠭᠤᠯ ᠤᠨ ᠨᠢᠭᠡ ᠭᠤᠶᠤ ᠬᠡᠤᠬᠡᠨ ᠲᠠᠢ ᠶᠡᠬᠡᠯ᠎ᠡ ᠬᠦᠭᠵᠢᠶᠡᠨᠳᠠᠢ ᠶᠠᠷᠢᠶ᠎ᠠ ᠵᠤᠭᠤᠭ ᠲᠠᠭᠠᠷᠠᠨ ᠶᠠᠷᠢᠯᠴᠠᠵᠤ ᠪᠠᠶᠢᠯ᠎ᠠ᠃                 ᠲᠡᠷᠡ ᠪᠦᠰᠡᠭᠦᠢ ᠶᠠᠭ ᠯᠡ ᠬᠤᠷᠢᠮ ᠤᠨ ᠶᠤᠰᠤᠯᠠᠯ ᠳᠤ ᠡᠮᠤᠰᠳᠡᠭ ᠬᠠᠭᠤᠴᠢᠨ ᠤ ᠲᠡᠷᠡ ᠬᠠᠪᠴᠢᠭ ᠲᠠᠳᠠᠭᠤᠷ ᠵᠡᠷᠭᠡ ᠶᠢᠨ ᠵᠠᠰᠠᠯ ᠵᠢᠮᠰᠡᠭ ᠢᠶᠠᠨ ᠡᠮᠤᠰᠤᠴᠢᠭᠰᠡᠨ ᠪᠠᠶᠢᠪᠠ                 ᠲᠡᠳᠡ ᠬᠤᠶᠠᠭᠤᠯᠠ ᠶᠠᠷᠢᠶ᠎ᠠ ᠵᠤᠭᠤᠭ ᠲᠠᠭᠠᠷᠠᠵᠤ ᠮᠠᠨᠠᠢ ᠬᠦᠮᠤᠨ ᠢ ᠲᠠᠭᠠᠭᠤᠯᠵᠤ 6 ᠳ᠋ᠤᠭᠠᠷ ᠲᠠᠪᠬᠤᠷ ᠲᠤ ᠭᠠᠷᠭᠠᠵᠤ᠂ ᠪᠦᠬᠦᠯᠢ ᠴᠤᠭᠴᠠᠳᠤ ᠨᠤᠮ ᠤᠨ ᠲᠠᠩᠬᠢᠮ ᠳᠤ ᠨᠤᠮ ᠰᠤᠳᠤᠷ ᠤᠨ ᠲᠠᠯᠠᠢ ᠳᠤ ᠱᠤᠮᠪᠠᠭᠤᠯᠵᠤ ᠨᠢᠳᠤ ᠶᠢ ᠨᠢ ᠶᠤᠰᠤᠳᠠᠢ ᠨᠢᠭᠡ ᠰᠠᠶᠢᠬᠠᠨ ᠬᠤᠵᠢᠷᠯᠠᠵᠤ ᠦᠭᠭᠦᠭᠰᠡᠨ ᠳ᠋ᠠ᠃               ᠬᠤᠷᠴᠠ ᠮᠠᠨᠢ ᠲᠡᠭᠦᠨ ᠳᠤ ᠡᠨᠡ ᠤᠳᠠᠭ᠎ᠠ ᠪᠢ ᠤᠯᠠᠭᠠᠨᠪᠠᠭᠠᠳᠤᠷ ᠲᠤ ᠢᠷᠡᠭᠰᠡᠨ ᠢ ᠭᠤᠤᠯ ᠵᠤᠷᠢᠯᠭ᠎ᠠ ᠪᠤᠯ ᠨᠢᠳᠤ ᠢᠶᠠᠷ ᠢᠶᠠᠨ ᠦᠵᠡᠵᠤ ᠪᠠᠶᠢᠭᠠᠳ ᠮᠤᠩᠭᠤᠯ ᠤᠨ ᠰᠢᠯᠢᠳᠡᠭ ᠤᠷᠠᠨ ᠵᠤᠬᠢᠶᠠᠯ ᠤᠨ ᠲᠡᠭᠦᠪᠤᠷᠢ ᠠᠪᠬᠤ ᠰᠠᠨᠠᠭ᠎ᠠ ᠲᠠᠢ ᠭᠡᠯ᠎ᠡ᠃               ᠬᠤᠷᠴᠠ ᠲᠡᠭᠦᠤ ᠦᠪᠤᠷ ᠮᠤᠩᠭᠤᠯ ᠤᠨ ᠤᠳᠬ᠎ᠠ ᠵᠤᠬᠢᠶᠠᠯ ᠰᠤᠳᠤᠯᠬᠤ ᠠᠩᠭᠢ ᠳᠤ ᠤᠷᠴᠢᠭᠤᠯᠭ᠎ᠠ ᠶᠢᠨ ᠰᠠᠯᠪᠤᠷᠢ ᠠᠴᠠ ᠲᠡᠭᠦᠰᠦᠭᠰᠡᠨ ᠤᠷᠠᠨ ᠵᠤᠬᠢᠶᠠᠯ ᠤᠨ ᠬᠤᠷᠤᠬᠠᠢᠢᠳᠠᠨ ᠪᠦᠭᠡᠳ ︽ᠰᠢᠪᠠᠭᠤᠨ ᠤ ᠰᠡᠭᠦᠳᠡᠷ︾ ᠭᠡᠰᠡᠨ ᠵᠤᠬᠢᠶᠠᠯ ᠤᠨ ᠲᠡᠭᠦᠪᠤᠷᠢ ᠲᠠᠢ ᠶᠤᠮ᠃                 ᠡᠨᠡ ᠤᠳᠠᠭ᠎ᠠ ᠲᠡᠷᠡ ᠬᠤᠷᠢ ᠭᠤᠴᠢᠨ ᠤᠷᠠᠨ ᠵᠤᠬᠢᠶᠠᠯ ᠤᠨ ᠲᠡᠭᠦᠪᠤᠷᠢ ᠲᠡᠪᠳᠡᠷ ᠠᠪᠴᠤ ᠰᠡᠳᠭᠢᠯ ᠢᠶᠠᠨ ᠨᠢᠭᠡ ᠰᠠᠶᠢᠬᠠᠨ ᠭᠦᠢᠴᠡᠳᠭᠡᠵᠤ ᠭᠠᠨᠵᠤᠭ᠎ᠠ ᠲᠦᠭᠦᠷᠡᠩ ᠪᠤᠴᠠᠵᠤ ᠢᠷᠡᠬᠦ ᠳᠡᠭᠡᠨ ᠤᠳᠤ ᠪᠢ ᠪᠦᠬᠦᠯᠢ ᠨᠢᠭᠡ ᠵᠢᠯ ᠬᠢᠬᠦ ᠠᠵᠢᠯ ᠲᠠᠢ ᠪᠤᠯᠤᠯ᠎ᠠ᠃ ᠲᠠᠷᠠᠭ᠎ᠠ ᠵᠢᠯ ᠠᠴᠠ ᠦᠪᠤᠷ ᠮᠤᠩᠭᠤᠯ ᠤᠨ ᠠᠷᠠᠳ ᠲᠦᠮᠡᠨ ᠬᠢᠭᠡᠳ ᠰᠢᠨ᠎ᠡ ᠲᠠᠨᠢᠯᠴᠠᠭᠰᠠᠨ ᠡᠨᠡ ᠬᠠᠯᠬ᠎ᠠ ᠪᠦᠰᠡᠭᠦᠢ ᠳᠤ ᠦᠭᠭᠦ ᠪᠡᠯᠡᠭ ᠲᠠᠢ ᠪᠤᠯᠤᠯ᠎ᠠ ᠭᠡᠳ ᠤᠯᠵᠠᠷᠬᠠᠵᠤ ᠪᠠᠶᠢᠪᠠ᠃                   ᠲᠡᠷᠡ ᠪᠦᠰᠡᠭᠦᠢ ᠪᠢᠳᠡᠨ ᠢ ᠲᠡᠷᠭᠡᠨ ᠳᠤ ᠰᠠᠭᠤᠯᠭᠠᠵᠤ ᠦᠭᠭᠦᠨ᠎ᠡ ᠭᠡᠳ ᠲᠡᠭᠦᠨ ᠢ ᠠᠪᠤᠭᠰᠠᠨ ᠨᠤᠮ ᠲᠡᠪᠳᠡᠷ ᠢ ᠨᠢ ᠬᠠᠪᠰᠤᠷᠠᠨ ᠪᠠᠷᠢᠯᠴᠠᠵᠤ ᠪᠢᠳᠡᠨ ᠲᠠᠢ ᠰᠠᠯᠬᠤ ᠶᠤᠰᠤ ᠬᠢᠬᠦ ᠵᠠᠭᠤᠷ᠎ᠠ ᠬᠤᠷᠴᠠ᠄               ᠵᠠ ᠨᠠᠶᠢᠵᠠ ᠲᠠᠨ ᠳᠤ ᠲᠠᠯᠠᠷᠬᠠᠯ᠎ᠠ ᠭᠡᠳ ᠭᠠᠷ ᠪᠠᠷᠢᠨ ᠰᠠᠯᠬᠤ ᠶᠤᠰᠤ ᠬᠢᠭᠰᠡᠨ ᠢᠶᠠᠨ ᠪᠢ ᠲᠠᠨ ᠲᠠᠢ ᠲᠠᠨᠢᠯᠴᠠᠭᠰᠠᠨ ᠢᠷᠤᠭᠡᠯ ᠪᠡᠯᠡᠭ ᠶᠢ ᠪᠤᠳᠤᠵᠤ ᠲᠠᠨ ᠤ ᠰᠡᠭᠦᠳᠡᠷ ᠵᠢᠷᠤᠭ ᠢ ᠴᠢᠨᠢ ᠠᠪᠴᠤ ᠲᠤᠷᠠᠰᠬᠠᠯ ᠪᠤᠯᠭᠠᠵᠤ ᠪᠤᠯᠬᠤ ᠤᠤ ᠭᠡᠰᠡᠨ ᠳᠤ ᠲᠡᠷᠡ ᠪᠦᠰᠡᠭᠦᠢ ᠮᠤᠩᠭᠤᠯ ᠬᠦᠮᠤᠨ ᠤ ᠴᠡᠪᠡᠷ ᠴᠠᠶᠢᠯᠭᠠᠨ ᠵᠠᠩ ᠢᠶᠠᠷ ᠢᠯᠳᠠᠮᠬᠠᠨ ᠢᠨᠢᠶᠡᠮᠰᠦᠭᠯᠡᠵᠤ ᠪᠤᠯᠤᠯᠭᠦᠢ ᠶᠠᠭᠠᠬᠢᠬᠤ ᠪᠤᠢ ᠭᠡᠳ ᠰᠡᠭᠦᠳᠡᠷ ᠵᠢᠷᠤᠭ ᠢᠶᠠᠨ ᠲᠠᠳᠠᠭᠤᠯᠤᠯ᠎ᠠ᠄                 ᠪᠢ ᠲᠠᠨ ᠤ ᠰᠡᠭᠦᠳᠡᠷ ᠢ ︽ᠬᠦᠯᠤᠨ ᠪᠤᠶᠢᠷ ᠤᠨ ᠡᠳᠤᠷ ᠤᠨ ᠰᠤᠨᠢᠨ︾ ︽ᠬᠦᠯᠤᠨ ᠪᠤᠶᠢᠷ ᠰᠡᠳᠭᠦᠯ︾  ᠳᠡᠭᠡᠨ ᠨᠡᠶᠢᠳᠡᠯᠡᠵᠤ ᠲᠠ ᠪᠢᠳᠡᠨ ᠤ ᠲᠠᠨᠢᠯᠴᠠᠭᠰᠠᠨ ᠲᠤᠷᠠᠰᠬᠠᠯ ᠪᠤᠯᠭᠠᠨ᠎ᠡ ᠰᠢᠤ ᠭᠡᠳ ᠪᠢᠳᠡ ᠲᠡᠭᠦᠨ ᠲᠠᠢ ᠰᠠᠯᠬᠤ ᠶᠤᠰᠤ ᠬᠢᠭᠰᠡᠨ ᠪᠢᠯᠡ᠃                                           ᠬᠦᠯᠦᠨ ᠪᠣᠶᠢᠷ ᠮᠣᠩᠭᠤᠯ ᠰᠥᠯᠵᠢᠶ᠎ᠡ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号