ᠪᠠᠭᠠᠷᠢᠨ ᠳᠤ ᠮᠤᠷᠳᠠᠬᠰᠠᠨ ᠤᠡᠭᠨᠢᠭᠤᠳ ᠸᠠᠩ ᠤᠨ ᠦᠬᠢᠨ ᠬᠡᠰᠢᠮ᠎ᠠ ᠶᠢᠨ ᠲᠤᠬᠠᠢ ᠬᠠᠭᠤᠴᠢ
ᠨᠡᠶᠢᠲᠡᠯᠡᠭᠰᠡᠨ ᠴᠠᠭ᠄
2016/4/13
      ᠤᠡᠭᠨᠢᠭᠤᠳ ᠵᠡᠭᠦᠨ ᠬᠤᠰᠢᠭᠤ ᠶᠢᠨ ᠬᠠᠮᠤᠭ ᠰᠡᠭᠦᠯᠴᠢ ᠶᠢᠨ ᠸᠠᠩ ᠯᠾᠡᠴᠢᠨᠸᠠᠩᠴᠤᠭ ᠤᠨ ᠤᠭ ᠨᠡᠷ᠎ᠡ ᠨᠢ  ᠸᠠᠩᠳᠤᠳᠨᠠᠮᠵᠢᠯ᠂ ᠬᠢᠲᠠᠳ ᠨᠡᠷ᠎ᠡ ᠨᠢ ᠪᠤᠤ ᠬᠤᠨᠭ᠌ ᠡᠸ᠋ᠨ ᠬᠡᠨ᠎ᠡ᠃ ᠲᠡᠷᠡ ᠴᠢᠩ ᠤᠯᠤᠰ ᠤᠨ ᠪᠠᠳᠠᠷᠡᠭᠤᠯᠳᠤ ᠲᠦᠷᠦ  ᠶᠢᠨ 25 ᠤᠨ(1899 ᠤᠨ ) ᠳᠤ ᠲᠦᠷᠦᠵᠡᠢ᠃             ᠯᠾᠡᠴᠢᠨᠸᠠᠩᠴᠤᠭ ᠸᠠᠩ ᠠᠷᠪᠠᠨ ᠳᠤᠯᠤᠭᠠᠲᠠᠢ( ᠢᠷᠭᠡᠨ ᠤᠯᠤᠰ ᠤᠨ ᠭᠤᠷᠪᠠᠳᠤᠭᠠᠷ ᠤᠨ) ᠳᠤ ᠬᠠᠷᠠᠴᠢᠨ ᠪᠠᠷᠠᠭᠤᠨ ᠭᠠᠷ ᠤᠨ ᠬᠤᠰᠢᠭᠤᠨ ᠤ ᠸᠠᠩ ᠬᠦᠡᠭᠰᠡᠩᠨᠤᠷᠪᠤ ᠶᠢᠨ ᠳᠤᠯᠤᠳᠤᠭᠠᠷ ᠬᠡᠤᠬᠡᠨ ᠳᠡᠭᠦᠤ ᠡᠤ ᠰᠢᠶᠠᠩ ᠵᠧᠨ ᠲᠠᠢ ᠪᠡᠭᠡᠵᠢᠩ ᠳᠤ ᠤᠷᠤᠬᠯᠠᠪᠠ᠃ ᠲᠤᠬᠠᠢ ᠶᠢᠨ ᠦᠶ᠎ᠡ ᠳᠤ ᠡᠦ ᠰᠢᠶᠡᠩ ᠵᠧᠨ ᠪᠡᠭᠡᠵᠢᠩ ᠳᠠᠬᠢ  ᠮᠤᠩᠭᠤᠯ ᠲᠦᠪᠡᠳ ᠤᠨ ᠰᠤᠷᠭᠠᠭᠤᠯᠢ ᠳᠤ ᠪᠢᠴᠢᠭ ᠦᠵᠡᠵᠤ ᠪᠠᠶᠢᠵᠠᠢ᠃  ᠡᠦ ᠰᠢᠶᠠᠩ ᠵᠧᠨ ᠦᠨᠳᠤᠷ ᠰᠤᠶᠤᠯ  ᠲᠠᠢ  ᠂ ᠮᠤᠩᠭᠤᠯ ᠡᠮᠨᠡᠯᠭᠡ ᠳᠤ ᠪᠠᠰᠠ ᠰᠠᠶᠢᠨ ᠨᠡᠪᠲᠡᠷᠡᠭᠰᠡᠨ ᠬᠦᠮᠦᠨ ᠲᠤᠯᠠ ᠨᠡᠶᠢᠬᠡᠮ ᠤᠨ ᠬᠠᠷᠢᠯᠴᠠᠭᠠᠨ ᠳᠤ ᠤᠬᠠᠭᠠᠯᠢᠭ᠂  ᠤᠷᠳᠤᠨ ᠤ ᠤᠴᠢᠷ ᠶᠠᠪᠤᠳᠠᠯ ᠢ ᠪᠡᠶ᠎ᠡ ᠪᠠᠨ ᠲᠠᠭᠠᠭᠠᠵᠦ ᠰᠶᠢᠳᠪᠦᠷᠢᠯᠡᠵᠤ ᠴᠢᠳᠠᠳᠠᠭ ᠴᠢᠳᠠᠪᠦᠷᠢᠳᠠᠢ ᠡᠮᠡᠭᠲᠡᠢ ᠪᠠᠶᠢᠵᠡᠢ᠃ ᠲᠡᠭᠦᠨ ᠠᠴᠠ ᠬᠤᠶᠠᠷ ᠬᠦᠪᠡᠭᠦᠨ ᠭᠤᠷᠪᠠᠨ ᠬᠡᠤᠬᠡᠨ ᠲᠠᠢ᠃ ᠤᠤᠭᠠᠨ ᠬᠦᠪᠡᠭᠦᠨ ᠨᠢ ᠯᠾᠠᠸᠠᠩᠳᠤᠷᠵᠢ᠂ ᠬᠤᠶᠠᠳᠤᠭᠠᠷ ᠬᠦᠪᠡᠭᠦᠨ ᠨᠢ ᠴᠠᠭᠠᠨ ᠪᠦᠷᠢᠶ᠎ᠡ ᠰᠦᠮ᠎ᠡ ᠶᠢᠨ ᠬᠤᠸᠠᠷᠠᠭ ᠪᠤᠯᠵᠤ ᠠᠷᠪᠠᠨ ᠬᠡᠳᠤᠨ ᠨᠠᠰᠤᠨ ᠡᠴᠤᠰᠯᠡᠪᠡ᠃ ᠤᠤᠭᠠᠨ ᠬᠡᠤᠬᠡᠨ ᠢᠶᠠᠨ ᠪᠠᠷᠠᠭᠤᠨ ᠪᠠᠭᠠᠷᠢᠨ ᠤ ᠬᠤᠩᠬᠢᠷᠠᠳ ᠨᠠᠢᠮᠠᠨ ᠰᠤᠮᠤᠨ ᠳᠤ ᠬᠠᠷᠢᠯᠠᠭᠤᠯᠵᠠᠢ᠃ ᠬᠤᠶᠡᠳᠤᠭᠠᠷ ᠬᠡᠤᠬᠡᠨ ᠢᠶᠠᠨ ᠴᠡᠭᠡᠨ ᠳᠤ ᠮᠤᠷᠳᠠᠭᠤᠯᠵᠠᠢ᠃ ᠭᠤᠷᠪᠠᠳᠤᠭᠠᠷ ᠬᠡᠤᠬᠡᠨ ᠨᠢ ᠦᠨᠤ  ᠶᠢᠨ ᠬᠤᠨᠭ᠌ ᠱᠠᠨ  ᠳᠤᠭᠤᠷᠢᠭ ᠲᠤ ᠰᠠᠭᠤᠵᠤ ᠪᠠᠶᠢᠨ᠎ᠠ᠃             ᠠᠳᠡ ᠶᠠᠷᠢᠬᠤ ᠭᠡᠵᠤ ᠪᠠᠶᠢᠭ᠎ᠠ ᠬᠦᠮᠦᠨ ᠪᠤᠯ ᠤᠡᠭᠨᠢᠭᠤᠳ ᠵᠡᠭᠦᠨ ᠬᠤᠰᠢᠭᠤ ᠶᠢᠨ ᠬᠠᠮᠤᠭ ᠰᠡᠭᠦᠯᠴᠢ ᠶᠢᠨ  ᠸᠠᠩ ᠯᠾᠡᠴᠢᠨᠸᠠᠩᠴᠤᠭ ᠤᠨ ᠪᠠᠭᠠᠷᠢᠨ ᠳᠤ ᠮᠤᠷᠳᠠᠬᠰᠠᠨ ᠬᠡᠤᠬᠡᠨ ᠬᠡᠰᠢᠮ᠎ᠠ ᠪᠤᠯᠤᠨ᠎ᠠ᠃           ᠢᠷᠭᠡᠨ ᠤᠯᠤᠰ ᠤᠨ ᠳᠤᠮᠳᠠᠴᠢ ᠦᠶ᠎ᠡ ᠪᠠᠷ ᠬᠡᠰᠢᠮ᠎ᠠ ᠪᠠᠭᠠᠷᠢᠨ ᠪᠡᠷᠡᠭᠤᠨ ᠬᠤᠰᠢᠭᠤᠨ ᠤ ᠵᠡᠭᠦᠨ ᠨᠠᠢᠮᠠᠨ ᠰᠤᠮᠤ ᠶᠢᠨ ᠬᠤᠨᠭ᠍ᠭᠤᠷ ᠤᠨ ᠭᠤᠤᠯ ᠤᠨ ᠪᠠᠶᠠᠨᠪᠤᠯᠠᠭ ᠤᠨ ᠠᠶᠢᠯ ᠳᠤ ᠨᠤᠳᠤᠭ ᠲᠠᠢ ᠪᠠᠭᠠᠷᠢᠨ ᠤ ᠵᠡᠭᠦᠨ ᠭᠠᠷ ᠤᠨ  ᠮᠡᠶᠢᠷᠡᠨ ᠳᠠᠸᠠᠭᠠᠷᠪᠤ ᠶᠢᠨ ᠪᠠᠭ᠎ᠠ ᠬᠦᠪᠡᠭᠦᠨ ᠭᠤᠨᠴᠤᠬᠰᠤᠨᠢᠷᠠᠢ ᠶᠢᠨ ᠶᠡᠭᠡ ᠭᠦᠤ ᠡᠷᠳᠡᠨᠢᠮᠠᠩᠯᠠᠢ ᠲᠠᠢ ᠤᠷᠤᠬᠯᠠᠪᠠ᠃ ᠲᠡᠷᠡ ᠦᠶ᠎ᠡ ᠳᠤ ᠪᠠᠶᠠᠳ ᠨᠤᠶᠠᠳ ᠤᠨ ᠬᠡᠤᠬᠡᠳ ᠤᠷᠤᠬᠴᠠᠭᠠᠬᠤ ᠳᠠᠭᠠᠨ ᠡᠬᠦᠳᠡ ᠡᠷᠦᠬᠡ ᠲᠡᠩᠴᠡᠭᠦ᠂ ᠤᠳᠤᠮ ᠰᠠᠶᠢᠲᠠᠢ ᠠᠶᠢᠯ ᠤᠨ ᠬᠡᠤᠬᠡᠨ ᠢ ᠰᠤᠩᠭᠤᠵᠤ᠂ ᠬᠦᠨᠳᠡᠯᠡᠨ ᠭᠠᠵᠠᠷ ᠬᠠᠷᠢ ᠬᠤᠰᠢᠭᠤᠨ ᠠᠴᠠ ᠪᠡᠷᠢ ᠪᠠᠭᠤᠯᠭᠠᠳᠠᠭ ᠨᠢ  ᠵᠦᠡᠭᠳᠡᠭᠡᠨ ᠪᠠᠶᠢᠪᠡ᠃ ᠡᠬᠦᠨ ᠳᠤ᠂ ᠪᠠᠭᠠᠷᠢᠨ ᠪ᠊ ᠪᠤᠷᠵᠢᠭᠢᠨ ᠪᠡ ᠵᠡᠭᠦᠨ ᠨᠠᠢᠮᠠᠨ ᠰᠤᠮᠤ ᠶᠢᠨ ᠪᠤᠷᠵᠢᠭᠢᠳ ᠬᠤᠭᠤᠷᠤᠨᠳᠦ ᠪᠠᠨ ᠤᠷᠤᠭᠯᠠᠳᠠᠭ ᠦᠭᠡᠢ᠂ ᠤᠴᠢᠷ ᠨᠢ ᠲᠦᠷᠦᠯ ᠭᠡᠳᠡᠭ᠃ ᠵᠡᠭᠦᠨ ᠨᠠᠢᠮᠠᠨ ᠰᠤᠮᠤ ᠶᠢᠨ ᠪᠤᠷᠵᠢᠭᠢᠨ ᠤᠪᠤᠬᠳᠤ ᠪᠤᠯᠤᠨ ᠠᠤᠬᠠᠨ ᠤ ᠪᠤᠷᠵᠢᠭᠢᠳ ᠮᠦᠨ ᠤᠷᠤᠬᠴᠠᠭᠠᠳᠠᠭ ᠦᠭᠡᠢ᠃ ᠪᠠᠭᠠᠷᠢᠨ ᠪᠤᠯᠤᠨ ᠠᠷᠤ ᠬᠤᠷᠴᠢᠨ᠂ ᠤᠡᠭᠨᠢᠭᠤᠳ ᠬᠤᠰᠢᠭᠤᠨ ᠤ ᠪᠤᠷᠵᠢᠭᠢᠳ ᠬᠠᠷᠢᠯᠴᠡᠨ ᠤᠷᠤᠬᠴᠠᠭᠠᠵᠤ ᠪᠤᠯᠳᠠᠭ᠂ ᠡᠭᠦᠨ ᠢ ᠤᠷᠤᠭ ᠬᠤᠰᠢᠭᠤ ᠭᠡᠳᠡᠭ  ᠃ ᠡᠷᠳᠡᠨᠢᠮᠠᠩᠯᠠᠢ ᠪᠤᠯᠤᠨ ᠬᠡᠰᠢᠮ᠎ᠠ ᠶᠢᠨ ᠤᠷᠤᠭ ᠨᠢ ᠲᠡᠳᠡᠨ ᠤ ᠬᠤᠶᠡᠷ ᠶᠡᠭᠡ ᠠᠶᠢᠯ ᠳᠤ ᠠᠪᠴᠤ ᠬᠡᠯᠡᠪᠡᠯ ᠠᠩᠬ᠎ᠠ ᠡᠬᠦᠰᠦᠭᠰᠡᠨ ᠶᠠᠪᠤᠳᠠᠯ ᠪᠢᠰᠢ᠂ ᠬᠠᠷᠢᠨ ᠳᠡᠭᠡᠷ᠎ᠡ ᠦᠶ᠎ᠡ ᠠᠴᠠ ᠪᠠᠨ ᠤᠷᠤᠬᠴᠠᠭᠠᠵᠤ ᠶᠠᠪᠤᠯᠴᠠᠵᠤ ᠪᠠᠶᠢᠬᠰᠠᠨ ᠬᠠᠭᠤᠴᠢᠨ ᠤᠷᠤᠭ ᠬᠤᠳᠠ ᠪᠠᠶᠢᠵᠠᠢ᠃ ᠲᠠᠷᠤᠢ ᠡᠷᠳᠡᠨᠢᠮᠠᠩᠯᠠᠢ ᠶᠢᠨ ᠠᠪᠠᠭ᠎ᠠ ᠠᠪᠤ ᠲᠤᠪᠳᠤᠨ ᠮᠡᠶᠢᠷᠡᠨ ᠤ ᠬᠠᠳᠤᠨ  ᠨᠢ ᠴᠦ ᠤᠩᠨᠢᠭᠤᠳ ᠸᠠᠩ ᠤᠨ ᠦᠶᠡᠯᠢᠳ ᠦᠬᠢᠨ ᠲᠡᠬᠦᠤ ᠨᠢ ᠪᠠᠶᠢᠵᠠᠢ᠃ ᠡᠷᠳᠡᠨᠢᠮᠠᠩᠯᠠᠢ ᠶᠢᠨ ᠳᠡᠭᠡᠳᠤᠰ ᠨᠢ ᠬᠡᠳᠦ᠋ᠢᠪᠡᠷ ᠬᠤᠩᠬᠢᠷᠠᠳ ᠨᠠᠢᠮᠠᠨ ᠰᠤᠮᠤᠨ ᠳᠠᠭᠠᠨ ᠭᠤᠷᠪᠠᠨ ᠦᠶ᠎ᠡ ᠲᠤᠰᠠᠯᠠᠬᠴᠢ᠂ ᠶᠢᠰᠤᠨ ᠦᠶ᠎ᠡ ᠮᠡᠶᠢᠷᠡᠨ ᠰᠠᠠᠭᠤᠬᠰᠠᠨ ᠪᠠᠶᠠᠨ ᠨᠤᠶᠠᠨ ᠤᠳᠤᠮᠳᠤ ᠠᠶᠢᠯ ᠭᠡᠳᠡᠭ ᠴᠤ ᠢᠷᠭᠡᠨ ᠤᠯᠤᠰ ᠤᠨ ᠳᠤᠮᠳᠠᠴᠢ ᠦᠶ᠎ᠡ ᠪᠤᠯᠬᠤ ᠳᠤ  ᠶᠠᠳᠠᠭᠤᠷᠠᠬᠤ ᠬᠠᠨᠳᠤᠰᠢ ᠭᠠᠷᠴᠤ᠂ ᠲᠡᠭᠦᠨ ᠤ ᠠᠪᠠᠭ᠎ᠠ ᠳᠤᠪᠳᠤᠨ ᠨᠢ ᠴᠤ ᠬᠠᠶᠢᠷ᠎ᠡ ᠶᠢᠨ ᠮᠡᠶᠢᠷᠡᠨ ᠳᠡᠳᠤᠢ ᠪᠤᠯᠵᠠᠢ᠃ ᠭᠡᠪᠡᠴᠤ ᠲᠡᠳᠡᠨ ᠤ ᠬᠢᠨ ᠤᠡᠭᠨᠢᠭᠤᠳ ᠸᠠᠩ ᠯᠤᠭ᠎ᠠ ᠶᠢᠨ ᠬᠠᠷᠢᠴᠠᠭ᠎ᠠ ᠠᠮᠢᠳᠤᠷᠠᠯ ᠤᠨ ᠪᠠᠶᠠᠨ ᠪᠡ ᠶᠡᠳᠠᠭᠤ ᠶᠢᠨ  ᠬᠤᠪᠢᠷᠠᠯᠳᠠ ᠪᠤᠯᠤᠨ ᠲᠦᠷᠦ ᠬᠦᠷᠦᠨ ᠤ ᠬᠤᠪᠢᠰᠤᠯ ᠢᠶᠠᠷ ᠭᠠᠵᠢᠬᠰᠠᠨ ᠦᠬᠡᠢ᠂ ᠮᠦᠨ ᠯᠡ ᠮᠤᠩᠭᠤᠯ ᠵᠠᠩ ᠢᠶᠠᠷ ᠢᠶᠠᠨ ᠰᠠᠶᠢᠬᠠᠨ ᠶᠠᠪᠤᠯᠴᠠᠬᠰᠠᠭᠠᠷ ᠢᠷᠡᠵᠠᠢ᠃ ᠡᠷᠳᠡᠨᠢᠮᠠᠩᠯᠠᠢ ᠶᠢ ᠤᠷᠤᠭ ᠪᠠᠷᠢᠯᠳᠤᠬᠤ ᠦᠶ᠎ᠡ ᠳᠤ ᠲᠡᠭᠦᠨ  ᠤ ᠡᠴᠢᠭᠡ ᠭᠤᠨᠴᠤᠬᠰᠤᠨᠢᠷᠠᠢ ᠨᠢ ᠵᠡᠭᠦᠨ ᠪᠠᠭᠠᠷᠢᠨ ᠤ ᠴᠠᠭᠠᠬᠤᠰᠤ ᠳᠤ ᠬᠠᠳᠠᠮ ᠤᠨ ᠳᠠᠭᠠᠨ ᠤᠴᠢᠬᠤ ᠳᠤ ᠯᠢᠤ ᠬᠦᠢ ᠲᠡᠩ   ᠤᠨ ᠳᠡᠭᠡᠷᠡᠮ ᠢᠷᠡᠬᠦ ᠲᠠᠢ ᠬᠠᠷᠭᠤᠵᠦ᠂ ᠪᠤᠯᠢᠶᠠᠬᠳᠠᠬᠤ ᠪᠤᠯᠤᠬᠰᠠᠨ ᠮᠤᠷᠢᠨ ᠤ ᠪᠠᠨ ᠡᠮᠡᠭᠡᠯ ᠬᠠᠵᠠᠭᠠᠷ ᠢ  ᠨᠢ  ᠮᠤᠯᠳᠤᠯᠤᠨ ᠲᠡᠯᠪᠢᠵᠤ ᠶᠠᠪᠤᠭᠤᠯᠤᠬᠰᠠᠨ ᠳᠤ ᠤᠯᠠᠩᠭᠠᠰᠤᠬᠰᠠᠨ ᠳᠡᠭᠡᠷᠡᠮ ᠳᠤ ᠫᠤᠤᠳᠠᠬᠳᠠᠨ ᠠᠯᠠᠬᠳᠠᠭᠠᠳ ᠪᠠᠶᠢᠬᠰᠠᠨ ᠶᠤᠮ᠃ ᠡᠴᠢᠭᠡ ᠨᠢ ᠦᠭᠡᠢ ᠪᠤᠯᠤᠬᠰᠠᠨ ᠳᠤᠯᠠ ᠠᠪᠠᠭ᠎ᠠ ᠠᠪᠤ ᠨᠢ ᠳᠤᠪᠳᠤᠨ ᠮᠡᠶᠢᠷᠡᠨ ᠠᠴᠢ ᠬᠦᠤ   ᠶᠢᠨ ᠢᠶᠠᠨ ᠤᠷᠤᠭ ᠢ ᠰᠠᠶᠢᠬᠠᠨ ᠪᠦᠳᠤᠭᠡᠬᠦ ᠶᠢᠨ ᠲᠦᠯᠦᠭᠡ ᠲᠡᠳᠡᠨ ᠤ ᠭᠡᠷ ᠤᠨ ᠬᠠᠷᠢᠶᠠᠳᠤ ᠨᠠᠯᠦ᠋ᠢᠳ ᠤᠪᠤᠭ ᠲᠠᠢ ᠮᠠᠰᠢᠪᠠᠶᠠᠷ ᠢ ᠵᠠᠭᠤᠴᠢ ᠳᠤ ᠶᠠᠪᠤᠭᠤᠯᠵᠤ᠂ ᠬᠤᠷᠢᠮ ᠤᠨ ᠶᠠᠪᠤᠳᠠᠯ ᠢ ᠪᠦᠳᠦᠬᠡᠯᠬᠡᠵᠠᠢ᠃ ᠮᠠᠰᠢᠪᠠᠶᠠᠷ ᠲᠤᠰ ᠬᠤᠶᠡᠷ ᠭᠡᠷ ᠤᠨ ᠤᠴᠢᠷ ᠶᠠᠪᠤᠳᠠᠯ ᠳᠤ ᠤᠯᠠᠨ ᠤᠳᠠᠭ᠎ᠠ ᠶᠠᠪᠤᠵᠤ ᠦᠡᠭᠭᠡᠷᠡᠭᠰᠡᠨ ᠬᠤᠶᠠᠷ ᠲᠠᠯ᠎ᠠ ᠳᠤ ᠢᠲᠡᠭᠡᠯ ᠲᠠᠢ ᠬᠦᠮᠦᠨ  ᠪᠤᠯᠬᠤᠷ ᠲᠡᠳᠡᠨ ᠤ ᠡᠮᠦᠨ᠎ᠠ ᠠᠴᠠ ᠤᠯᠠᠨᠳᠠ ᠶᠠᠪᠤᠵᠦ ᠤᠷᠤᠭ ᠬᠤᠷᠢᠮ ᠢ ᠰᠠᠶᠢᠬᠠᠨ ᠪᠦᠳᠦᠭᠡᠵᠠᠢ᠃ ᠡᠷᠳᠡᠨᠢᠮᠠᠩᠯᠠᠢ   ᠶᠢᠨ ᠤᠷᠤᠭ ᠬᠤᠷᠢᠮ ᠳᠤ ᠬᠤᠷᠢ ᠰᠢᠬᠠᠮ ᠬᠦᠮᠦᠨ ᠮᠤᠷᠢᠳ ᠢᠶᠠᠷ ᠶᠠᠪᠤᠵᠤ᠂ ᠨᠤᠳᠤᠭ ᠤᠨ ᠨᠡᠷᠡᠳᠤ ᠪᠠᠶᠠᠨ ᠳᠧᠷᠳᠠᠭ  ᠮᠤᠭᠤᠨᠳᠠ ᠲᠦᠷᠦᠭᠦᠤ ᠨᠤᠶᠠᠨ ᠢᠶᠠᠷ᠂ ᠨᠠᠯᠦ᠋ᠢᠳ ᠠᠶᠢᠮᠠᠭ ᠤᠨ ᠴᠦᠢᠵᠢᠯᠵᠠᠪ ᠵᠠᠯᠠᠨ ᠬᠤᠷᠢᠮ ᠲᠦᠬᠦᠬᠡᠷᠴᠦ  ᠶᠠᠪᠤᠵᠠᠢ᠃ ᠤᠩᠨᠢᠭᠤᠳ ᠸᠠᠩ ᠤᠨ ᠲᠤᠷᠠᠳᠤᠯᠭ᠎ᠠ ᠪᠠᠷ ᠬᠡᠰᠢᠮ᠎ᠠ ᠶᠢ ᠳᠧᠷᠳᠠᠭ ᠪᠡᠶᠡᠨ ᠳᠤ ᠮᠦᠷᠭᠦᠭᠦᠯᠵᠡᠢ᠃ ᠳᠧᠷᠳᠠᠭ ᠮᠤᠭᠤᠨᠳᠠ ᠮᠦᠷᠭᠦᠭᠦᠯᠦᠭᠰᠡᠨ ᠦᠬᠢᠨ ᠳᠡᠭᠡᠨ ᠦᠬᠡᠷ ᠤᠨ ᠡᠷᠭᠢᠯᠲᠡ ᠭᠦᠢᠴᠡᠳᠬᠡᠵᠡᠢ᠃ ᠬᠤᠷᠢᠮ ᠤᠨ ᠳᠠᠷᠠᠭ᠎ᠠ ᠨᠢ ᠳᠧᠷᠳᠠᠭ ᠤᠨ ᠬᠦᠭᠰᠢᠨ ᠶᠢᠨᠳᠡᠷᠮ᠎ᠠ ᠨᠢ ︽ᠪᠤᠷᠵᠢᠭᠢᠨ ᠤ ᠪᠡᠷᠢ ᠶᠢ ᠪᠤᠷᠵᠢᠭᠢᠨ ᠳᠤ ᠮᠦᠷᠭᠦᠭᠦᠯᠤᠯ᠎ᠡ︾ ᠬᠡᠮᠡᠨ ᠶᠡᠬᠡᠲᠡ ᠠᠭᠤᠷᠰᠠᠵᠤ᠂ ᠪᠠᠷᠢᠬᠰᠠᠨ ᠠᠷᠢᠬᠢ ᠶᠢ ᠨᠢ ᠠᠯᠠᠭᠠᠳᠠᠨ ᠶᠠᠪᠤᠭᠤᠯᠵᠤ᠄ ︽ᠳᠤᠪᠳᠤᠨ ᠮᠡᠶᠢᠷᠡᠨ   ᠳᠠᠭᠠᠨ ᠬᠡᠯᠡᠵᠤ ᠦᠭ᠂ ᠭᠠᠨᠵᠤᠤᠷ ︵ᠲᠡᠬᠦᠨ ᠤ ᠬᠦᠪᠡᠬᠦᠨ︶ ᠤᠨ ᠦᠬᠢᠨ ᠢ ᠬᠦᠤ ᠳᠡᠭᠡᠨ ᠭᠤᠶᠤ ᠬᠡ  ︾ ᠬᠡᠵᠦ ᠵᠠᠩᠨᠠᠵᠠᠢ ᠃ ᠡᠷᠳᠡᠨᠢᠮᠠᠩᠯᠠᠢ ᠬᠦᠴᠤᠨ ᠬᠦᠷᠭᠡᠨ ᠨᠢ ᠪᠤᠯᠵᠤ ᠤᠡᠭᠨᠢᠭᠤᠳ ᠸᠠᠩ  ᠤᠨ ᠤᠷᠳᠤᠨ ᠳᠤ ᠠᠮᠢᠳᠤᠷᠠᠵᠠᠢ᠃ ᠬᠤᠷᠢᠮ ᠤᠨ ᠲᠠᠷᠠᠭ᠎ᠠ ᠤᠡᠭᠨᠢᠭᠤᠳ ᠸᠠᠩ ᠴᠤ ᠦᠬᠢᠨ ᠬᠡᠰᠢᠮ᠎ᠠ ᠪᠠᠨ ᠮᠠᠰᠢᠪᠠᠶᠠᠷ ᠲᠤ ᠬᠡᠤᠬᠡᠨ ᠲᠠᠨᠢᠭᠤᠯᠵᠠᠢ᠃ ᠡᠷᠳᠡᠨᠢᠮᠠᠩᠯᠠᠢ ᠦᠨᠳᠤᠷ ᠲᠤᠮᠳᠠ ᠶᠢᠨ ᠪᠡᠶ᠎ᠡ ᠲᠠᠢ᠂ ᠪᠤᠰᠤᠭ᠎ᠠ ᠳᠦᠷᠪᠡᠯᠵᠢᠨ ᠴᠢᠷᠠᠢ ᠲᠠᠢ᠂ ᠵᠢᠪᠬᠤᠭᠠᠯᠢᠭ ᠲᠦᠷᠦᠭᠰᠡᠨ ᠬᠦᠮᠦᠨ ᠪᠦᠭᠡᠳ ᠤᠬᠰᠠᠭᠠᠳᠤ ᠠᠶᠢᠯ ᠤᠨ ᠦᠷᠡᠳᠦᠰ ᠪᠤᠯᠬᠤᠷ ᠰᠤᠶᠤᠯ ᠪᠢᠴᠢᠭ ᠲᠠᠢ᠂ ᠶᠤᠰᠤ ᠤᠴᠢᠷ  ᠮᠡᠳᠡᠳᠡᠭ᠂ ᠳᠠᠷᠤᠤᠬᠠᠨ ᠤᠬᠠᠭᠠᠯᠢᠭ ᠬᠦᠮᠦᠨ ᠪᠠᠶᠢᠵᠠᠢ᠃           ᠲᠦᠷᠦᠭᠦᠦ ᠵᠠᠭᠤᠨ ᠤ ᠲᠦᠴᠢᠭᠡᠳ ᠤᠨ ᠤ ᠰᠡᠭᠦᠯᠴᠢ ᠪᠠᠷ ᠦᠷᠨᠢᠭᠰᠡᠨ ︽ᠭᠠᠵᠠᠷ ᠰᠢᠷᠤᠢ ᠶᠢᠨ ᠦᠭᠡᠷᠡᠴᠢᠯᠡᠯᠳᠡ︾ ᠶᠢᠨ ᠬᠦᠳᠡᠯᠭᠡᠭᠡᠨ ᠤ ᠦᠶ᠎ᠡ ᠳᠤ ᠤᠡᠭᠨᠢᠭᠤᠳ ᠸᠠᠩ ᠤᠨ ᠤᠬᠰᠠᠭ᠎ᠠ ᠶᠢᠨ ᠬᠤᠪᠢ ᠵᠠᠶᠠᠭ᠎ᠠ  ᠯᠤᠭ᠎ᠠ ᠠᠳᠠᠯᠢ ᠵᠤᠳᠤᠬᠳᠠᠨ ᠴᠤᠬᠢᠬᠳᠠᠬᠤ᠂ ᠬᠤᠷᠢᠬᠳᠠᠨ ᠬᠢᠵᠠᠭᠠᠷᠯᠠᠬᠳᠠᠬᠤ ᠬᠤᠪᠢ ᠵᠠᠶᠠᠭ᠎ᠠ ᠠᠴᠠ ᠪᠠᠨ ᠬᠡᠯᠳᠦᠷᠢᠵᠦ ᠴᠢᠳᠠᠬᠰᠠᠨ ᠦᠬᠡᠢ ᠲᠡᠮᠡᠴᠡᠯ ᠤᠨ ᠬᠠᠯᠠ ᠶᠢ ᠰᠦᠷᠡᠬᠡᠢ ᠠᠮᠰᠠᠵᠠᠢ᠃ 1947 ᠤᠨ ᠤ ᠦᠶ᠎ᠡ ᠪᠠᠷ ᠭᠡᠷ ᠤᠨ ᠬᠢᠨ ᠲᠡᠭᠦᠨ ᠤ ᠪᠡᠶ᠎ᠡ ᠬᠦᠨᠳᠤ ᠰᠦᠷᠡᠭᠡᠢ ᠭᠡᠮᠳᠤᠯ ᠤᠯᠵᠤ ᠬᠡᠪᠲᠡᠭᠡ ᠪᠤᠯᠵᠡᠢ ᠭᠡᠬᠦ ᠰᠤᠷᠠᠭ ᠢ ᠰᠤᠨᠤᠰᠤᠭᠠᠳ ᠲᠡᠭᠦᠨ ᠤ ᠲᠡᠭᠦᠤ ᠪᠠᠶᠠᠷᠮᠠᠩᠯᠠᠢ ᠨᠢ ᠠᠶᠢᠯ ᠤᠨ ᠬᠦᠮᠦᠨ ᠮᠤᠤᠡᠦ᠋ᠬᠢᠨ ᠲᠠᠢ ᠬᠠᠮᠳᠤ ᠦᠬᠡᠷ ᠲᠡᠷᠭᠡ ᠪᠠᠷ ᠤᠡᠭᠨᠢᠭᠤᠳ ᠲᠤ ᠶᠠᠪᠤᠵᠤ ᠵᠡᠮᠳᠡᠭ ᠪᠤᠯᠤᠭᠠᠳ ᠬᠡᠪᠳᠡᠷᠢ  ᠳᠤ ᠤᠷᠤᠬᠰᠠᠨ ᠠᠬ᠎ᠠ ᠡᠷᠳᠡᠨᠢᠮᠠᠩᠯᠠᠢ ᠪᠠᠨ ᠭᠡᠷ ᠲᠡᠭᠡᠨ ᠲᠤᠰᠵᠦ ᠠᠪᠴᠢᠷᠠᠵᠠᠢ ᠃ ᠲᠡᠷᠡ ᠦᠶ᠎ᠡ ᠳᠤ ᠬᠡᠰᠢᠮ᠎ᠠ ᠡᠷᠳᠡᠨᠢᠮᠠᠩᠯᠠᠢ ᠯᠤᠭ᠎ᠠ ᠬᠠᠮᠳᠤ ᠪᠠᠶᠢᠬᠰᠠᠨ ᠦᠭᠡᠢ ᠲᠤᠯᠠ ᠬᠠᠮᠳᠤ ᠢᠷᠡᠵᠤ ᠴᠢᠳᠠᠬᠰᠠᠨ ᠦᠭᠡᠢ᠃ ᠰᠡᠭᠦᠯᠡᠷ ᠨᠢ ᠬᠡᠰᠢᠮ᠎ᠠ ᠶᠢᠨ ᠰᠤᠷᠠᠭ ᠢ ᠤᠯᠵᠤ ᠳᠠᠬᠢᠨᠳᠠ ᠤᠡᠭᠨᠢᠭᠤᠳ ᠲᠤ ᠤᠴᠢᠵᠤ ᠬᠡᠰᠢᠮ᠎ᠠ ᠶᠢ ᠲᠤᠰᠴᠤ ᠠᠪᠴᠢᠷᠠᠵᠠᠢ᠃  ᠬᠡᠰᠢᠮ᠎ᠠ ᠡᠷᠳᠡᠨᠢᠮᠠᠩᠯᠠᠢ ᠶᠢᠨ ᠵᠠᠬ᠎ᠠ ᠳᠤ ᠢᠷᠡᠭᠡᠳ ᠨᠢᠭᠡ ᠪᠦᠬᠦᠯᠢ ᠵᠢᠯ ᠠᠷᠠᠢ ᠪᠤᠯᠤᠭᠠᠳᠤᠢ   ᠪᠠᠷ ᠡᠷᠳᠡᠨᠢᠮᠠᠩᠯᠠᠢ ᠵᠠᠯᠠᠭᠤ ᠪᠠᠷ ᠢᠶᠠᠨ ᠨᠠᠰᠤ ᠪᠠᠷᠠᠪᠡ᠃             ᠵᠠᠯᠠᠭᠤ ᠨᠠᠰᠤᠨ ᠳᠠᠭᠠᠨ ᠠᠪᠤ ᠡᠵᠢ᠂ ᠡᠷ᠎ᠡ ᠨᠦᠭᠦᠷ᠂ ᠠᠬ᠎ᠠ ᠲᠡᠬᠦᠤ ᠰᠠᠳᠤᠨ ᠠᠴᠠ ᠪᠠᠨ ᠰᠠᠯᠤᠬᠰᠠᠨ  ᠬᠡᠰᠢᠮ᠎ᠠ ᠶᠢᠨ ᠬᠠᠳᠠᠮ ᠤᠨ ᠭᠡᠷ ᠤᠨ ᠬᠢᠨᠢ ᠬᠦᠮᠦᠨ ᠠᠮᠠ ᠤᠯᠠᠨ᠂ ᠠᠮᠢᠳᠤᠷᠠᠯ ᠴᠤ ᠡᠯᠪᠡᠭ ᠳᠡᠯᠪᠡᠭ ᠪᠢᠰᠢ ᠳᠤᠯᠠ ᠲᠡᠭᠦᠨ ᠤ ᠠᠮᠢᠳᠤᠷᠠᠯ ᠨᠡᠩ ᠬᠦᠴᠢᠷ ᠲᠠᠢ ᠪᠤᠯᠪᠠ᠃ ᠡᠨᠡ ᠦᠶ᠎ᠡ ᠳᠤ ᠳᠤᠮᠳᠠ ᠶᠢᠨ ᠠᠮᠢᠳᠤᠷᠠᠯᠭ᠎ᠠ ᠲᠠᠢ ᠲᠠᠨᠢᠬᠰᠠᠨ ᠠᠪᠤ ᠨᠢ ᠮᠠᠰᠢᠪᠠᠶᠠᠷ ᠭᠡᠷ ᠲᠡᠭᠡᠨ ᠲᠤᠰᠴᠤ ᠠᠪᠴᠢᠷᠠᠭᠠᠳ ᠬᠠᠭᠠᠰ ᠵᠢᠯ ᠰᠢᠬᠠᠮ ᠪᠤᠯᠤᠬᠰᠠᠨ ᠤ ᠳᠠᠷᠠᠭ᠎ᠠ ᠤᠨᠳᠤᠷᠤᠯᠭ᠎ᠠ ᠪᠠᠷ ᠳᠠᠪᠠᠭᠤ ᠰᠢᠭ᠋ ᠠᠶᠢᠯ ᠢ ᠡᠷᠢᠵᠤ᠂ ᠪᠠᠶᠠᠨᠰᠠᠷᠠᠭᠤᠯ ᠤᠨ ᠠᠶᠢᠯ ‍ᠤᠨ‌ᠡᠬᠡᠨᠠᠷ ᠨᠢ ᠦᠡᠭᠭᠡᠷᠡᠭᠰᠡᠨ  ᠪᠦᠷᠢᠨ᠎ᠡ ᠲᠠᠢ ᠬᠤᠷᠢᠮᠯᠠᠭᠤᠯᠵᠠᠢ᠃ ᠪᠦᠷᠢᠨ᠎ᠡ ᠮᠠᠨᠵᠤ ᠤᠯᠤᠰ ᠤᠨ ᠦᠶ᠎ᠡ  ᠳᠤ ᠠᠯᠪᠠ ᠬᠠᠭᠠᠵᠤ ᠪᠠᠶᠢᠬᠰᠠᠨ ᠲᠤᠯᠠ ᠳᠤᠬᠠᠢ ᠶᠢᠨ ᠦᠶ᠎ᠡ ᠳᠤ ᠮᠦᠨ ᠪᠤᠷᠤᠭᠤᠰᠢᠶᠠᠬᠳᠠᠬᠤ ᠡᠲᠡᠭᠡᠳ ᠪᠤᠯᠵᠤ ᠪᠠᠶᠢᠬᠰᠠᠨ ᠢᠶᠠᠨ ᠰᠡᠬᠦᠯᠡᠷ ᠨᠢ ᠡᠪᠡᠳᠴᠢᠨ ᠢᠶᠠᠷ ᠨᠠᠰᠤ ᠪᠠᠷᠠᠵᠠᠢ᠃ ᠬᠡᠰᠢᠮ᠎ᠠ ᠳᠠᠬᠢᠨ ᠪᠤᠷᠤᠡᠤᠰᠤ ᠶᠢᠨ ᠤᠪᠤᠭᠠᠳᠤ ᠶᠢᠨ ᠲᠡᠨᠵᠢ ᠶᠢᠨ ᠠᠶᠢᠯ ᠤᠨ ᠹᠦᠨᠢᠩᠭ᠎ᠠ ᠶᠢᠨ ᠬᠦᠤ ᠭᠤᠶᠢᠷᠤᠪ ᠲᠠᠢ ᠵᠠᠯᠭᠠᠵᠤ ᠰᠠᠭᠤᠵᠠᠢ᠃ ᠭᠤᠶᠢᠷᠤᠪ ᠴᠤ ᠡᠬᠡᠨᠠᠷ ᠦᠡᠭᠭᠡᠷᠡᠭᠦᠯᠦᠭᠰᠡᠨ ᠬᠦᠮᠦᠨ ᠳᠤᠯᠠ ᠲᠦᠷᠦᠭᠦᠤ ᠡᠬᠡᠨᠠᠷ ᠠᠴᠠ ᠨᠢ ᠭᠤᠷᠪᠠᠨ ᠬᠡᠦᠬᠡᠨ ᠲᠠᠢ ᠪᠠᠶᠢᠵᠠᠢ᠃ ᠬᠡᠰᠢᠮ᠎ᠠ ᠠᠴᠠ ᠬᠡᠦᠬᠡᠳ ᠦᠬᠡᠢ᠃           ᠪᠠᠶᠠᠨᠰᠠᠷᠠᠭᠤᠯ ᠪᠤᠯᠤᠨ ᠤᠪᠤᠭᠠᠳᠤ ᠶᠢᠨ ᠠᠶᠢᠯ ᠤᠨ ᠬᠦᠮᠦᠰ ᠤᠨ ᠬᠡᠯᠡᠬᠦ ᠪᠠᠷ ᠬᠡᠰᠢᠮ᠎ᠠ ᠬᠢᠲᠠᠳ ᠮᠤᠩᠭᠤᠯ  ᠪᠢᠴᠢᠭ ᠲᠠᠢ᠃ ᠲᠡᠷᠡ ᠦᠶ᠎ᠡ ᠳᠤ ᠦᠰᠦᠭ ᠪᠢᠴᠢᠭ ᠮᠡᠳᠡᠬᠦ ᠬᠦᠮᠦᠨ ᠴᠦᠬᠡᠨ ᠲᠤᠯᠠ ᠬᠦᠮᠦᠰ ᠳᠤᠩ ᠰᠤᠨᠢᠷᠬᠠᠵᠤ  ᠪᠠᠶᠢᠵᠠᠢ᠃ ᠦᠨᠡᠨ ᠳᠡᠭᠡᠨ ᠲᠡᠷᠡ ᠢᠵᠠᠭᠤᠷᠳᠠᠨ ᠤ ᠭᠦᠨ ᠤᠷᠳᠤᠨ ᠳᠤ ᠲᠦᠷᠦᠵᠦ ᠦᠰᠦᠭᠰᠡᠨ ᠬᠦᠮᠦᠨ ᠲᠤᠯᠠ ᠰᠤᠶᠤᠯ ᠪᠢᠴᠢᠭ ᠰᠤᠷᠬᠤ ᠨᠦᠭᠦᠴᠡᠯ ᠲᠠᠢ ᠪᠠᠶᠢᠭᠰᠠᠨ ᠨᠢ ᠡᠩ ᠤᠨ ᠤᠴᠢᠷ ᠶᠤᠮ᠃ ᠪᠠᠰᠠ ᠨᠢᠭᠡ ᠰᠤᠨᠢᠷᠬᠠᠳᠠᠭ ᠨᠢ ᠬᠤᠭᠤᠯᠠ ᠪᠤᠳᠠᠭ᠎ᠠ ᠬᠢᠬᠦ᠂ ᠮᠠᠯ ᠰᠦᠷᠦᠭ ᠡᠷᠭᠢᠴᠡᠭᠦᠯᠬᠦ ᠳᠤ ᠳᠤᠩ ᠤᠯᠳᠤᠢ ᠭᠡᠳᠡᠭ᠃ ᠡᠨᠡ ᠨᠢ ᠴᠤ ᠲᠡᠭᠦᠨ ᠤ ᠦᠰᠴᠤ ᠪᠤᠶᠢᠵᠢᠬᠰᠠᠨ ᠤᠷᠴᠢᠨ ᠲᠤᠭᠤᠷᠢᠨ ᠲᠠᠢ ᠬᠤᠯᠪᠤᠭ᠎ᠠ ᠲᠠᠢ ᠨᠢ ᠮᠡᠳᠡᠭᠡᠵᠢ᠃           ᠪᠠᠭᠠᠷᠢᠨ ᠳᠤ ᠠᠮᠢᠳᠤᠷᠠᠬᠰᠠᠨ ᠤᠡᠭᠨᠢᠭᠤᠳ ᠸᠠᠩ ᠤᠨ ᠦᠬᠢᠨ ᠬᠡᠰᠢᠮ᠎ᠠ ᠪᠠᠭᠠᠷᠢᠨ ᠳᠤ ᠢᠷᠡᠵᠦ ᠠᠷᠪᠠᠭᠠᠳ  ᠵᠢᠯ ᠠᠮᠢᠳᠤᠷᠠᠭᠠᠳ ᠡᠮᠦᠨ᠎ᠡ ᠵᠠᠭᠤᠨ ᠤ ᠵᠢᠷᠠᠭᠠᠳ ᠤᠨ ᠤ ᠡᠬᠢ ᠪᠠᠷ ᠨᠠᠰᠤ ᠪᠠᠷᠠᠵᠠᠢ᠃              ᠵᠡᠭᠦᠯᠲᠡ᠄  1. ᠤᠡᠭᠨᠢᠭᠤᠳ ᠬᠤᠰᠢᠭᠤᠨ ᠤ ᠰᠤᠶᠤᠯ ᠲᠡᠤᠬᠡ ︵1︶ ᠶᠢᠨ 241 ᠳ᠋ᠤᠭᠡᠷ ᠨᠢᠭᠤᠷ᠃      
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号