ᠬᠤᠷᠴᠢᠨ ᠤ ᠦᠯᠢᠭᠡᠷᠳᠤ ᠲᠠᠭᠤᠤ ︽ᠳ᠋ᠠᠨᠠᠪᠠᠯ︾ ᠤᠨ ᠦᠯᠢᠭᠡᠷ ᠤᠴᠢᠷ ᠢ ᠲᠤᠷᠠᠰᠬᠤᠢ
ᠨᠡᠶᠢᠲᠡᠯᠡᠭᠰᠡᠨ ᠴᠠᠭ᠄
2016-04-13
      ᠬᠤᠷᠴᠢᠨ ᠨᠤᠳᠤᠭ ᠪᠤᠯ ᠦᠯᠢᠭᠡᠷᠳᠤ ᠲᠠᠭᠤᠤ ᠪᠠᠷ ᠦᠨᠢᠷ ᠪᠠᠶᠠᠯᠢᠭ ᠨᠤᠳᠤᠭ ᠶᠤᠮ᠃ ᠡᠭᠦᠨ ᠳᠤ ᠮᠤᠩᠭᠤᠯ ᠦᠨᠳᠤᠰᠤᠳᠡᠨ ᠤ ︽ᠷᠦᠮᠢᠧᠤ᠋ ᠬᠢᠭᠡᠳ ᠵᠦᠯᠢᠶᠧᠲ︾ ᠬᠡᠮᠡᠭᠳᠡᠭᠰᠡᠨ ᠦᠯᠢᠭᠡᠷᠳᠤ ᠠᠷᠠᠳ ᠤᠨ ᠲᠠᠭᠤᠤ ︽ᠳ᠋ᠠᠨᠠᠪᠠᠯ︾  ᠨᠢ ᠦᠶ᠎ᠠ ᠤᠯᠠᠮᠵᠢᠯᠠᠬᠳᠠᠨ ᠲᠠᠭᠤᠯᠠᠬᠳᠠᠨ᠂ ᠬᠦᠮᠤᠰ ᠤᠨ ᠰᠡᠳᠬᠢᠯ ᠳᠤ ᠬᠠᠳᠠᠩᠰᠢᠵᠤ᠂ ︽ᠭᠠᠳᠠ ᠮᠠᠶᠢᠷᠠᠨ︾᠂ ︽ ᠬᠠᠨ ᠰᠢᠤ ᠶᠢᠩ︾ ᠲᠠᠢ ᠬᠠᠮᠳᠤᠪᠠᠷ ᠦᠪᠤᠷ ᠮᠤᠩᠭᠤᠯ ᠤᠷᠤᠨ ᠤ ᠲᠦᠯᠦᠭᠡᠯᠡᠭᠴᠢ ᠭᠤᠷᠪᠠᠨ ᠶᠡᠭᠡ ᠦᠯᠢᠭᠡᠷᠳᠤ ᠠᠷᠠᠳ ᠤᠨ ᠲᠠᠭᠤᠤ ᠶᠢᠨ ᠨᠢᠭᠡ ᠨᠢ ᠪᠤᠯᠵᠤ ᠠᠯᠳᠠᠷᠰᠢᠵᠠᠢ᠃         ᠬᠤᠷᠴᠢᠨ ᠦᠯᠢᠭᠡᠷᠳᠤ ᠠᠷᠠᠳ ᠤᠨ ᠲᠠᠭᠤᠤ ︽ᠳ᠋ᠠᠨᠠᠪᠠᠯ︾ ᠪᠤᠯ ᠪᠦᠸᠧ ᠸᠠᠩ ᠤᠨ ᠬᠤᠰᠢᠭᠤ᠂ ᠤᠳᠤ ᠶᠢᠨ ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠶᠢᠨ ᠦᠨᠡᠨ ᠬᠦᠮᠤᠨ ᠦᠨᠡᠨ ᠬᠡᠷᠡᠭ ᠠᠴᠠ ᠡᠭᠦᠰᠦᠭᠰᠡᠨ ᠲᠠᠭᠤᠤ ᠪᠤᠯᠤᠨ᠎ᠠ᠃ ᠲᠠᠭᠤᠤ ᠶᠢᠨ ᠬᠡᠷᠡᠭ ᠤᠴᠢᠷ ᠤᠨ ᠲᠤᠬᠠᠢ ᠦᠨᠡᠨ ᠪᠤᠳᠠᠳᠤ ᠬᠡᠷᠡᠴᠢ ᠪᠠᠷᠢᠮᠳᠠ ᠤᠯᠬᠤ ᠬᠦᠰᠡᠯ ᠢ ᠡᠪᠤᠷᠯᠡᠨ ᠪᠢᠳᠠ ᠳ᠋ᠠᠨᠠᠪᠠᠯ᠂ ᠵᠢᠨᠰᠢᠶᠠᠩ ᠤᠨ ᠲᠦᠷᠦᠭᠰᠡᠨ ᠨᠤᠳᠤᠭ ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠶᠢᠨ ᠲᠠᠯᠤ ᠶᠢᠨ ᠠᠶᠢᠯ᠂ ᠤᠪᠤᠭᠠᠨ ᠠᠶᠢᠯ ᠪᠤᠯᠤᠨ ᠴᠢᠯᠠᠭᠤᠳᠤ ᠶᠢᠨ ᠠᠶᠢᠯ ᠳᠤ ᠬᠦᠷᠴᠤ ᠲᠤᠰ ᠲᠤᠰ ᠰᠤᠷᠪᠤᠯᠵᠢᠯᠠᠭ᠎ᠠ ᠬᠢᠭᠰᠡᠨ ᠪᠠᠶᠢᠨ᠎ᠠ᠃           ᠲᠠᠭᠤᠤ ᠳᠤ ᠭᠠᠷᠤᠬᠰᠠᠨ ᠳ᠋ᠠᠨᠠᠪᠠᠯ ᠤᠨ ᠲᠦᠷᠦᠭᠰᠡᠨ ᠨᠤᠳᠤᠭ ᠨᠢ ᠪᠤᠯ ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠠᠭᠤᠯᠠ ᠪᠠᠯᠭᠠᠰᠤᠨ ᠤ ᠲᠠᠯᠤ ᠶᠢᠨ ᠠᠶᠢᠯ ᠪᠤᠯᠤᠨ᠎ᠠ᠃ ᠬᠤᠵᠢᠮ ᠨᠢ ᠵᠢᠯᠳᠤ ᠶᠢᠨ ᠠᠶᠢᠯ ᠳᠤ ᠨᠠᠬᠦᠨ ᠤᠴᠢᠵᠤ ᠨᠤᠳᠤᠬᠰᠢᠨ ᠰᠠᠭᠤᠪᠠ᠃   ᠲᠡᠭᠡᠭᠰᠡᠨ ᠢᠶᠠᠷ ᠵᠢᠨᠰᠢᠶᠠᠩ ᠤᠨ ᠦᠰᠴᠤ ᠲᠦᠷᠦᠭᠰᠡᠨ ᠨᠤᠳᠤᠭ ᠤᠪᠤᠭᠠᠨ ᠠᠶᠢᠯ ᠲᠠᠢ ᠪᠡᠯᠴᠢᠭᠡᠷ ᠤᠰᠤ ᠨᠢ ᠨᠡᠶᠢᠯᠡᠭᠰᠡᠨ ᠬᠦᠷᠰᠢ ᠠᠶᠢᠯ ᠪᠤᠯᠵᠠᠢ᠃ ᠲᠠᠯᠤ ᠶᠢᠨ ᠠᠶᠢᠯ ᠤᠨ ᠨᠠᠶᠢᠳᠠᠨᠵᠠᠪ ᠨᠠᠰᠤᠳᠠᠨ ᠤ ᠳᠤ ᠰᠤᠷᠪᠤᠯᠵᠢᠯᠠᠬᠤ ᠪᠠᠷ ᠬᠦᠷᠭᠦ ᠳᠤ᠂ ᠨᠠᠰᠤᠳᠠᠨ ᠦᠪᠡᠷ ᠤᠨ ᠪᠢᠴᠢᠭᠰᠡᠨ ︽ᠬᠤᠷᠴᠢᠨ ᠵᠡᠭᠦᠨ ᠭᠠᠷᠤᠨ ᠬᠤᠶᠢᠳᠤ ᠬᠤᠰᠢᠭᠤᠨ ᠤ ᠠᠭᠤᠯᠠ ᠪᠠᠯᠭᠠᠰᠤᠨ ᠤ ᠲᠠᠯᠤ ᠶᠢᠨ ᠠᠶᠢᠯ ᠳᠠᠬᠢ ᠪᠤᠷᠵᠢᠬᠢᠨ ᠤᠪᠤᠬᠳᠠᠨ ᠤ ᠤᠬᠰᠠᠭ᠎ᠠ ᠲᠦᠷᠦᠯ ᠢ ᠲᠡᠮᠳᠡᠭᠯᠡᠭᠰᠡᠨ ᠪᠢᠴᠢᠭ︾ ᠢᠶᠠᠨ ᠭᠠᠷᠭᠠᠵᠤ ᠳ᠋ᠠᠨᠠᠪᠠᠯ ᠤᠨ ᠲᠤᠬᠠᠢ ᠶᠠᠷᠢᠵᠤ ᠦᠭᠪᠠ᠃ ᠳ᠋ᠠᠨᠠᠪᠠᠯ ᠪᠤᠯ ᠨᠡᠶᠢᠳᠠᠨᠵᠠᠪ ᠤᠨ ᠭᠤᠷᠪᠠᠳᠤᠭᠠᠷ ᠡᠪᠦᠭᠡ ᠮᠠᠨ ᠬᠦᠢ ᠡᠮᠴᠢ ᠶᠢᠨ ᠬᠢᠨᠢ ᠬᠤᠶᠠᠳᠤᠭᠠᠷ ᠬᠦᠤ ᠪᠤᠯᠤᠨ᠎ᠠ᠃ ᠳ᠋ᠠᠨᠠᠪᠠᠯ ᠪᠠᠶ᠎ᠠ ᠦᠨᠳᠤᠷ᠂ ᠪᠠᠭ᠎ᠠ ᠠᠴᠠ ᠪᠠᠨ ᠤᠨᠤᠭ᠎ᠠ ᠮᠤᠷᠢᠨ ᠳᠠᠭᠠᠨ ᠴᠢᠳᠠᠮᠠᠭᠠᠢ᠂ ᠬᠠᠷᠪᠤᠵᠤ ᠨᠠᠮᠨᠠᠬᠤ ᠳᠠᠭᠠᠨ ᠮᠠᠷᠬᠡᠨ ᠪᠠᠶᠢᠵᠤ᠂ ᠤᠢᠢᠷ᠎ᠠ ᠤᠷᠴᠢᠮ ᠳᠠᠭᠠᠨ ᠠᠯᠳᠠᠷ ᠨᠠᠷ᠎ᠠ ᠮᠠᠨᠳᠤᠪᠠ᠃ ᠲᠤᠬᠠᠢ ᠶᠢᠨ ᠦᠶ᠎ᠠ ᠳᠤ ᠱᠤᠩᠬᠤᠷ ᠤᠨ ᠰᠦᠮ᠎ᠠ ᠶᠢᠨ ᠴᠤᠬᠯᠠᠭᠠᠨ ᠳᠤ ᠤᠪᠤᠭᠠᠨ ᠠᠶᠢᠯ ᠤᠨ ᠵᠢᠨᠰᠢᠶᠠᠩ ᠲᠠᠢ ᠲᠠᠨᠢᠯᠴᠠᠨ ᠪᠠᠶ᠎ᠠ ᠪᠠᠶ᠎ᠠ ᠪᠠᠨ ᠲᠤᠭᠤᠵᠤ ᠬᠠᠶᠢᠷ᠎ᠠ ᠰᠡᠳᠬᠢᠯᠭᠡ ᠲᠠᠢ ᠪᠤᠯᠤᠯᠴᠠᠪᠠ᠃ ᠵᠢᠨᠰᠢᠶᠠᠩ ᠤᠨ ᠲᠤᠬᠠᠢ ᠤᠪᠤᠭᠠᠨ ᠠᠶᠢᠯ ᠤᠨ ᠬᠠᠰᠪᠠᠭᠠᠨ᠎ᠠ ᠨᠠᠰᠤᠳᠠᠨ ᠠᠴᠠ᠄ ︽ ᠵᠢᠨᠰᠢᠶᠠᠩ ᠪᠤᠯ ᠮᠢᠨᠤ ᠠᠪᠤ ᠶᠢᠨ ᠢᠨᠢᠶᠠᠩ᠂ ᠮᠠᠨ ᠤ ᠳᠤ ᠢᠷᠡᠵᠤ ᠶᠠᠪᠤᠵᠤ ᠪᠠᠶᠢᠵᠠᠢ᠃ ᠬᠤᠨᠢᠨ ᠵᠢᠯ ᠲᠠᠢ᠂ 1967 ᠤᠨ ᠪᠤᠶᠤ 1968 ᠤᠨ ᠤ ᠦᠶ᠎ᠠ ᠳᠤ ᠲᠦᠴᠢᠭᠡᠳ ᠵᠢᠯ ᠤᠨ ᠡᠮᠤᠨ᠎ᠠ ᠨᠠᠰᠤ ᠪᠠᠷᠠᠵᠠᠢ᠃ ᠲᠤᠮᠳᠠ ᠶᠢᠨ ᠪᠠᠶ᠎ᠠ ᠲᠠᠢ ᠂ ᠡᠷᠡᠤ ᠱᠤᠪᠳᠤᠭᠤᠷ ᠰᠠᠶᠢᠬᠠᠨ ᠲᠦᠷᠦᠭᠰᠡᠨ ᠬᠦᠮᠤᠨ᠃ ᠳ᠋ᠠᠨᠠᠪᠠᠯ ᠬᠢᠭᠡᠳ ᠵᠢᠨᠰᠢᠶᠡᠩ ᠬᠤᠶᠠᠭᠤᠯᠠ ᠦᠪᠡᠷᠳᠡᠭᠡᠨ ᠬᠡᠯᠡᠯᠴᠠᠵᠤ ᠤᠷᠤᠭ ᠲᠤᠬᠢᠷᠠᠵᠠᠢ︾ ᠬᠡᠵᠤ ᠶᠠᠷᠢᠬᠰᠠᠨ ᠪᠠᠶᠢᠨ᠎ᠠ᠃             ᠳ᠋ᠠᠨᠠᠪᠠᠯ ᠵᠢᠨᠰᠢᠶᠠᠩ ᠤᠨ ᠬᠠᠶᠢᠷ᠎ᠠ ᠰᠡᠳᠬᠢᠯᠭᠡ ᠲᠠᠢ ᠪᠤᠯᠤᠬᠰᠠᠨ ᠴᠠᠭ ᠦᠶ᠎ᠠ ᠨᠢ ᠶᠠᠭ ᠰᠠᠶᠢᠬᠠᠨ ᠮᠠᠨᠵᠤ ᠴᠢᠩ ᠤᠨ ᠰᠡᠭᠦᠯᠴᠢ ᠶᠢᠨ ᠦᠶ᠎ᠠ ᠶᠢᠨ ᠤᠷᠤᠭ᠎ᠠ ᠪᠤᠰᠬᠠᠭ᠎ᠠ ᠴᠠᠭ ᠦᠶ᠎ᠠ ᠪᠠᠶᠢᠪᠠ᠃ ᠡᠶᠡᠪᠠᠷ ᠵᠠᠰᠠᠬᠴᠢ ᠶᠢᠨ ᠲᠤᠯᠤᠳᠤᠭᠠᠷ ︵1650︶ ᠤᠨ ᠳᠤ ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠵᠠᠰᠠᠭ ᠪᠠᠶᠢᠭᠤᠯᠬᠤ ᠦᠶᠡᠰ᠂ ᠭᠤᠷᠪᠠᠭ᠋ᠠᠨ ᠰᠤᠮᠤ ᠲᠠᠢ ᠪᠠᠶᠢᠵᠤ᠂ ᠬᠤᠰᠢᠭᠤᠨ ᠤ ᠴᠡᠷᠢᠭ ᠤᠨ ᠶᠠᠪᠤᠳᠠᠯ ᠢ ᠲᠡᠭᠡᠷ᠎ᠠ ᠵᠠᠰᠠᠭ ᠠᠴᠠ ᠨᠢᠭᠡᠳᠤᠯᠳᠠᠢ ᠬᠠᠮᠢᠶᠠᠷᠴᠤ ᠪᠠᠶᠢᠵᠠᠢ᠃ ᠴᠢᠩ ᠤᠯᠤᠰ ᠠᠴᠠ ᠬᠢᠵᠠᠭᠠᠷ ᠤᠷᠤᠨ ᠢ ᠪᠢᠳᠡᠭᠦᠮᠵᠢᠯᠡᠭᠦ ᠬᠢᠯᠢ ᠶᠢᠨ ᠵᠠᠭᠠᠭ ᠲᠤᠬᠳᠠᠭᠠᠬᠤ ᠦᠶᠡᠰ᠂ ᠡᠯ᠎ᠠ ᠬᠤᠰᠢᠭᠤ ᠶᠢᠨ ᠨᠤᠶᠠᠳ ᠠᠷᠠᠳ ᠲᠤᠷ᠎ᠠ ᠪᠠᠷ ᠢᠶᠠᠨ ᠬᠢᠯᠢ ᠲᠠᠪᠠᠵᠤ ᠮᠠᠯ ᠮᠠᠯᠵᠢᠬᠤ ᠡᠰᠡᠭᠦᠯ᠎ᠠ ᠨᠡᠭᠦᠵᠤ ᠪᠤᠯᠬᠤ ᠦᠭᠡᠢ ᠪᠠᠶᠢᠵᠤ᠂ ᠵᠠᠰᠠᠭ ᠠᠴᠠ ᠵᠡᠭᠦᠨ ᠪᠠᠷᠠᠭᠤᠨ ᠬᠤᠶᠠᠷ ᠭᠠᠷ ᠬᠤᠪᠢᠶᠠᠵᠤ ᠴᠠᠬᠳᠠᠨ ᠰᠡᠷᠭᠡᠶᠢᠯᠡᠭᠦ ᠴᠡᠷᠢᠭ ᠵᠠᠭᠤᠨ ᠬᠦᠮᠤᠨ ᠲᠤᠮᠢᠯᠠᠵᠤ᠂ ᠴᠠᠭ ᠲᠤᠬᠠᠢ ᠳᠤᠨᠢ ᠴᠠᠬᠳᠠᠨ ᠲᠤᠭᠤᠷᠢᠵᠤ ᠬᠤᠰᠢᠭᠤᠨ ᠤ ᠬᠢᠯᠢ ᠵᠠᠭᠠᠭ ᠢᠶᠠᠷ ᠬᠦᠮᠤᠨ ᠭᠠᠷᠴᠤ ᠤᠷᠤᠬᠤ ᠶᠢ ᠰᠡᠷᠭᠡᠶᠢᠯᠡᠵᠤ ᠪᠠᠶᠢᠪᠠ᠃ ᠴᠢᠩ ᠤᠯᠤᠰ ᠤᠨ ᠰᠡᠭᠦᠯᠴᠢ ᠶᠢᠨ ᠦᠶ᠎ᠠ ᠳᠤ᠂ ᠬᠤᠷᠴᠢᠨ ᠵᠡᠭᠦᠨ ᠭᠠᠷᠤᠨ ᠬᠤᠶᠢᠳᠤ ᠬᠤᠰᠢᠭᠤ ᠶᠢᠨ ᠬᠢᠯᠢ ᠶᠢᠨ ᠲᠤᠳᠤᠷ᠎ᠠ ᠬᠤᠯᠠᠭᠠᠢᠢᠴᠢ ᠰᠠᠮᠠᠭᠤᠷᠠᠬᠰᠠᠨ ᠠᠴᠠ ᠴᠠᠬᠳᠠᠨ ᠰᠡᠷᠭᠡᠶᠢᠯᠡᠭᠦ ᠴᠡᠷᠢᠭ ᠢ 250 ᠬᠦᠮᠤᠨ ᠪᠤᠯᠭᠠᠨ ᠨᠡᠮᠡᠭᠳᠡᠭᠦᠯᠤᠨ᠂ ᠲᠠᠪᠤᠨ ᠢᠡᠭ ︵ᠦᠷᠦᠭᠡ︶ ᠬᠤᠪᠢᠶᠠᠵᠠᠢ᠃ 1904 ᠤᠨ ᠠᠴᠠ᠂ ᠲᠠᠪᠤᠨ ᠦᠷᠦᠭᠡ ᠴᠡᠷᠢᠭ ᠢ ᠨᠢᠭᠡ ᠲᠦᠡᠭᠯᠢᠩ ᠬᠠᠮᠢᠶᠠᠷᠬᠤ ᠪᠤᠯᠭᠠᠪᠠ᠃ 1911 ᠤᠨ ᠳᠤ ᠪᠤᠤ ᠱᠠᠨ ᠢ ︵ᠮᠤᠩᠭᠤᠯ ᠨᠠᠷ᠎ᠠ ᠨᠢ ᠡᠷᠳᠡᠨᠢᠪᠢᠯᠢᠭ︶ ᠬᠤᠰᠢᠭᠤᠨ ᠤ ᠴᠠᠬᠳᠠᠨ ᠰᠡᠷᠭᠡᠶᠢᠯᠡᠭᠦ ᠴᠡᠷᠢᠭ ᠤᠨ ᠲᠦᠡᠭᠯᠢᠩ ᠪᠤᠯᠵᠤ ᠴᠠᠬᠳᠠᠨ ᠰᠡᠷᠭᠡᠶᠢᠯᠡᠭᠦ ᠴᠡᠷᠢᠭ ᠢ ᠲᠠᠭᠠᠭᠤᠯᠵᠤ ᠲᠡᠭᠡᠷᠡᠮ ᠢ ᠤᠰᠠᠳᠬᠠᠵᠤ ᠪᠠᠶᠢᠪᠠ᠃ ᠳ᠋ᠠᠨᠠᠪᠠᠯ ᠡᠨᠡᠭᠦ ᠲᠤᠨᠤᠭ᠎ᠠ ᠲᠡᠭᠡᠷᠡᠮ ᠢ ᠤᠰᠠᠳᠬᠠᠬᠤ ᠡᠷᠳᠡᠨᠢᠪᠢᠯᠢᠭ ᠤᠨ ᠴᠠᠬᠳᠠᠨ ᠰᠡᠷᠭᠡᠶᠢᠯᠡᠭᠦ ᠬᠤᠰᠢᠭᠤᠨ ᠴᠡᠷᠢᠭ ᠲᠤ ᠠᠯᠪᠠ ᠪᠠᠷ ᠡᠯᠰᠡᠭᠳᠡᠵᠠᠢ ᠃ ︽ᠳ᠋ᠠᠨᠠᠪᠠᠯ︾ ᠬᠡᠭᠦ ᠡᠨᠡᠭᠦ ᠦᠯᠢᠭᠡᠷᠳᠤ ᠠᠷᠠᠳ ᠤᠨ ᠲᠠᠭᠤᠤ ᠶᠢ ᠲᠠᠭᠤᠯᠠᠬᠤ ᠪᠦᠷᠢ᠂ ᠬᠠᠮᠤᠭ ᠠᠴᠠ ᠢᠯᠡᠭᠦᠦ ᠬᠦᠮᠤᠰ ᠤᠨ ᠰᠡᠳᠬᠢᠯ ᠢ ᠬᠦᠳᠡᠯᠭᠡᠭᠦ‍ ᠨᠢᠭᠡ ᠬᠡᠰᠡᠭ ᠨᠢ ᠲᠠᠷᠤᠢ᠂ ᠳ᠋ᠠᠨᠠᠪᠠᠯ ᠪᠤᠯᠤᠨ ᠠᠮᠠᠷᠠᠭ ᠬᠠᠶᠢᠷᠠᠳᠤ ᠵᠢᠨᠰᠢᠶᠠᠩ ᠲᠠᠢ ᠪᠠᠨ ᠰᠠᠯᠬᠤ ᠦᠶ᠎ᠠ ᠳᠤ ᠲᠠᠭᠤᠯᠠᠬᠰᠠᠨ ᠬᠡᠰᠡᠭ ᠪᠤᠯᠤᠨ᠎ᠠ᠄         ᠲᠦᠡᠭᠱᠤ ᠮᠤᠳᠤ ᠴᠢᠨᠢ ᠦᠤᠭᠡᠳ ᠯᠡ ᠤᠨᠠᠪᠠᠯ ᠡ ᠬᠦᠢ \ ᠦᠳᠤᠨ ᠵᠢᠭᠦᠷᠳᠡᠢ ᠢᠡᠭᠬᠡᠷ ᠰᠢᠪᠠᠭᠤ ᠴᠢᠨᠢ ᠬᠠᠮᠢᠭ᠎ᠠ ᠪᠠᠨ ᠰᠠᠭᠤᠵᠤ ᠯᠡ ᠲᠤᠩᠭᠤᠳᠤᠶ᠎ᠠ ᠬᠦᠢ \ ᠦᠶᠡᠷᠭᠡᠵᠤ ᠰᠠᠨᠠᠬᠰᠠᠨ ᠳ᠋ᠠᠨᠠᠪᠠᠯ ᠭᠡ ᠭᠡ ᠮᠢᠨᠢ ᠦᠵᠤᠧᠡᠩ ᠤᠨ ᠴᠡᠷᠢᠭ ᠲᠤ ᠮᠤᠷᠳᠠᠪᠠᠯ ᠳ᠋ᠠ ᠠ ᠬᠦᠢ \ ᠦᠯᠡᠳᠡᠵᠤ ᠰᠠᠭᠤᠬᠰᠠᠨ ᠵᠢᠨᠰᠢᠶᠠᠩ ᠴᠢᠨᠢ ᠬᠡᠨ ᠶᠦᠭᠡᠨ ᠬᠠᠷᠠᠵᠤ ᠰᠠᠭᠤᠶ᠎ᠠ ᠳ᠋ᠠ᠃ ᠬᠠᠶᠢᠯᠠᠰᠤ ᠮᠠᠶᠢᠯᠠᠰᠤ ᠮᠤᠳᠤ ᠴᠢᠨᠢ ᠬᠤᠪᠠᠭ᠋ᠠᠶᠢᠷᠠᠭᠠᠳ ᠤᠨᠠᠪᠠᠯ ᠡ ᠬᠦᠢ \ ᠬᠠᠶᠢᠴᠢᠨ ᠵᠢᠭᠦᠷᠳᠡᠢ ᠢᠡᠭᠭᠡᠷ ᠰᠢᠪᠠᠭᠤ ᠴᠢᠨᠢ ᠬᠠᠮᠢᠭ᠎ᠠ ᠪᠠᠨ ᠰᠠᠭᠤᠵᠤ ᠯᠡ ᠲᠤᠩᠭᠤᠳᠤᠶ᠎ᠠ ᠬᠦᠢ \ ᠬᠠᠶᠢᠷᠠᠯᠠᠵᠤ ᠰᠠᠨᠠᠬᠰᠠᠨ ᠳ᠋ᠠᠨᠠᠪᠠᠯ ᠭᠡ ᠭᠡ ᠮᠢᠨᠢ ᠬᠠᠭᠠᠨ ᠤ ᠴᠡᠷᠢᠭ ᠲᠤ ᠮᠤᠷᠳᠠᠪᠠᠯ ᠳ᠋ᠠ ᠠ ᠬᠦᠢ \ ᠬᠤᠴᠤᠷᠴᠤ ᠰᠠᠭᠤᠬᠰᠠᠨ ᠵᠢᠨᠰᠢᠶᠡᠩ ᠴᠢᠨᠢ ᠭᠡᠨ ᠶᠦᠭᠡᠨ ᠬᠠᠷᠠᠵᠤ ᠰᠠᠭᠤᠶ᠎ᠠ ᠬᠦᠢ ᠬᠡᠵᠤ ᠵᠢᠨᠰᠢᠶᠠᠩ ᠠᠩᠭ᠎ᠠ ᠡᠪᠭᠡᠷᠡᠳᠠᠯ᠎ᠠ ᠤᠬᠢᠯᠠᠨ ᠲᠠᠭᠤᠯᠠᠬᠤ ᠳᠤ ᠳ᠋ᠠᠨᠠᠪᠠᠯ ᠡᠯᠭᠦᠵᠤ ᠠᠪᠤᠭᠠᠳ ᠲᠠᠭᠤᠯᠠᠵᠤ ᠪᠠᠶᠢᠨ᠎ᠠ᠄   ᠦ᠋ ᠲᠦᠡᠭᠱᠤ ᠮᠤᠳᠤ ᠨᠢ ᠦᠤᠭᠡᠳ ᠯᠡ ᠤᠨᠠᠪᠠᠯ ᠡ ᠬᠦᠢ \ ᠦᠳᠤᠨ ᠵᠢᠭᠦᠷᠳᠤ ᠢᠡᠭᠭᠡᠷ ᠰᠢᠪᠠᠭᠤ ᠨᠢ ᠦᠨᠳᠤᠰᠤᠨ ᠳᠤᠨᠢ ᠰᠠᠭᠤᠭᠠᠳ ᠲᠤᠩᠭᠤᠳᠬᠤ ᠦᠭᠡᠢ ᠤᠤ \ ᠦᠶᠡᠷᠭᠡᠵᠤ ᠲᠠᠰᠤᠬᠰᠠᠨ ᠳ᠋ᠠᠨᠠᠪᠠᠯ ᠭᠡ ᠭᠡ ᠨᠢ ᠦᠵᠤᠸᠠᠩ ᠤᠨ ᠴᠡᠷᠢᠭ ᠲᠡᠭᠡᠨ ᠮᠤᠷᠳᠠᠪᠠᠯ ᠳ᠋ᠠ ᠠ ᠬᠦᠢ \ ᠡᠷᠬᠢᠭᠦ ᠵᠢᠯ ᠤᠨ ᠭᠤᠷᠪᠠᠨ ᠰᠠᠷ᠎ᠠ ᠳᠠᠭᠠᠨ ᠴᠢᠯᠦᠭᠡ ᠪᠠᠨ ᠠᠪᠤᠭᠠᠳ ᠢᠷᠡᠭᠦ ᠦᠭᠡᠢ ᠤᠤ ᠳ᠋ᠠ᠃ ᠬᠠᠶᠢᠯᠠᠰᠤ ᠮᠠᠶᠢᠯᠠᠰᠤ ᠮᠤᠳᠤ ᠨᠢ ᠬᠤᠪᠠᠭ᠋ᠠᠶᠢᠷᠠᠭᠠᠳ ᠯᠠ ᠤᠨᠠᠪᠠᠯ ᠡ ᠬᠦᠢ \ ᠬᠠᠶᠢᠴᠢᠨ ᠵᠢᠭᠦᠷ ᠲᠠᠢ ᠢᠡᠭᠭᠡᠷ ᠰᠢᠪᠠᠭᠤ ᠨᠢ ᠲᠡᠭᠡᠷ᠎ᠠ ᠨᠢ ᠰᠠᠭᠤᠭᠠᠳ ᠲᠤᠩᠭᠤᠳᠬᠤ ᠦᠭᠡᠢ ᠤᠤ \ ᠬᠠᠶᠢᠷᠠᠯᠠᠵᠤ ᠰᠠᠨᠠᠬᠰᠠᠨ ᠳ᠋ᠠᠨᠠᠪᠠᠯ ᠭᠡ ᠭᠡ ᠨᠢ ᠬᠠᠭᠠᠨ ᠤ ᠴᠡᠷᠢᠭ ᠲᠤ ᠮᠤᠷᠳᠠᠪᠠᠯ ᠳ᠋ᠠ ᠠ ᠬᠦᠢ \ ᠬᠤᠶᠢᠳᠤ ᠶᠢᠨ ᠵᠢᠯ ᠤᠨ ᠭᠤᠷᠪᠠᠨ ᠰᠠᠷ᠎ᠠ ᠳᠠᠭᠠᠨ ᠴᠢᠯᠦᠭᠡ ᠪᠠᠨ ᠭᠤᠶᠤᠭᠠᠳ ᠢᠷᠡᠭᠦ ᠦᠭᠡᠢ ᠤᠤ ᠬᠡᠵᠤ ᠲᠠᠭᠤᠯᠠᠳᠠᠭ᠃ ᠳ᠋ᠠᠨᠠᠪᠠᠯ ᠠᠮᠠᠷᠠᠭ ᠬᠤᠨᠭ᠍ᠭᠤᠷ ᠵᠢᠨᠰᠢᠶᠠᠩ ᠠᠴᠠ ᠪᠠᠨ ᠰᠠᠯᠵᠤ ᠠᠯᠪᠠᠨ ᠴᠡᠷᠢᠭ ᠲᠤ ᠮᠤᠷᠳᠠᠭᠠᠳ ᠰᠤᠷᠠᠭ ᠴᠢᠮᠡᠭᠡ ᠲᠠᠰᠤᠷᠠᠨ ᠨᠢᠭᠡ ᠮᠡᠳᠡᠭᠦᠨ᠎ᠠ ᠪᠦᠳᠤᠨ ᠭᠤᠷᠪᠠᠨ ᠵᠢᠯ ᠪᠤᠯᠴᠢᠬᠠᠬᠰᠠᠨ ᠪᠠᠶᠢᠪᠠ᠃ ︽ᠡᠨᠡ ᠬᠤᠭᠤᠷᠤᠨᠳᠤ ᠵᠢᠨᠰᠢᠶᠠᠩ ᠤᠨ ᠡᠴᠢᠭᠡ ᠡᠭᠡ ᠨᠢ ᠡᠷᠭᠡ ᠮᠠᠳᠠᠵᠤ ᠪᠠᠶᠢᠭᠠᠳ ᠬᠡᠤᠭᠡᠨ ᠢᠶᠠᠨ ᠭᠤᠤᠯᠳᠤ ᠳᠤ ᠬᠤᠯᠪᠤᠨ ᠦᠭᠴᠠᠢ᠃ ᠭᠤᠤᠯᠳᠤ ᠶᠢᠨ ᠠᠪᠤ ᠨᠢ ᠪᠤᠶ᠋ᠬᠠᠦ᠋ᠯᠵᠠᠢ᠂ ᠡᠪᠦᠭᠡ ᠨᠢ ᠪᠡᠯᠳᠠᠨᠫᠧᠷᠯᠠᠢ᠂ ᠡᠮᠡᠭᠡ ᠨᠢ ᠵᠢᠨᠰᠡᠷᠮ᠎ᠠ ᠪᠤᠯᠤᠨ᠎ᠠ︾ ᠬᠡᠵᠤ ᠤᠪᠤᠭᠠᠨ ᠠᠶᠢᠯ ᠤᠨ ᠬᠠᠰᠪᠠᠭᠠᠨ᠎ᠠ ᠨᠠᠰᠤᠳᠠᠨ ᠠᠴᠠ ᠰᠤᠷᠪᠤᠯᠵᠢᠯᠠᠭ᠎ᠠ ᠬᠦᠯᠢᠶᠡᠭᠦ ᠳᠡᠭᠡᠨ ᠶᠠᠷᠢᠵᠤ ᠪᠠᠶᠢᠯ᠎ᠠ᠃ ᠳ᠋ᠠᠨᠠᠪᠠᠯ ᠠᠯᠪᠠ ᠪᠠᠷ ᠡᠷᠳᠡᠨᠢᠪᠢᠯᠢᠭ ᠲᠦᠡᠭᠯᠢᠩ ᠤᠨ ᠬᠤᠰᠢᠭᠤᠨ ᠴᠡᠷᠢᠭ ᠲᠤ ᠤᠷᠤᠬᠰᠠᠨ ᠭᠤᠷᠪᠠᠨ ᠵᠢᠯ ᠳᠤ ᠠᠪᠤ ᠡᠵᠢ ᠪᠠᠨ ᠦᠵᠡᠵᠤ ᠠᠮᠠᠷᠠᠭ ᠵᠢᠨᠰᠢᠶᠠᠩ ᠲᠠᠢ ᠪᠠᠨ ᠠᠭᠤᠯᠵᠠᠬᠤ ᠪᠠᠷ ᠬᠤᠶᠠᠷ ᠤᠳᠠᠭ᠎ᠠ ᠴᠢᠯᠦᠭᠡ ᠭᠤᠶᠤᠬᠰᠠᠨ ᠳᠤ᠂ ᠲᠤᠬᠠᠢ ᠶᠢᠨ ᠦᠶ᠎ᠠ ᠳᠤ ᠴᠡᠷᠢᠭ ᠤᠨ ᠶᠠᠪᠤᠳᠠᠯ ᠪᠠᠴᠢᠮ ᠪᠠᠶᠢᠬᠰᠨ ᠪᠤᠯᠬᠤᠷ ᠴᠢᠯᠦᠭᠡ ᠦᠭᠭᠦᠭᠰᠡᠨ ᠦᠭᠡᠢ᠂ ᠲᠡᠭᠡᠭᠡᠳ ᠳ᠋ᠠᠨᠠᠪᠠᠯ ᠰᠦᠨᠢ ᠪᠠᠷ ᠲᠤᠳᠠᠭᠠᠵᠤ ᠭᠠᠷᠴᠤ ᠢᠷᠡᠵᠠᠢ᠃ ᠨᠤᠳᠤᠭ ᠲᠠᠭᠠᠨ ᠪᠤᠴᠠᠨ ᠢᠷᠡᠭᠰᠡᠨ ᠳ᠋ᠠᠨᠠᠪᠠᠯ ᠵᠢᠨᠰᠢᠶᠠᠩ ᠤᠨ ᠢᠶᠠᠨ ᠪᠤᠰᠤᠳ ᠲᠠᠢ ᠬᠤᠷᠢᠮᠯᠠᠬᠰᠠᠨ ᠴᠢᠮᠡᠭᠡ ᠶᠢ ᠰᠤᠨᠤᠰᠴᠤ ᠶᠡᠭᠡᠳᠠ ᠰᠡᠳᠬᠢᠯ ᠡᠪᠭᠡᠷᠡᠵᠤ᠂ ᠵᠢᠨᠰᠢᠶᠠᠩ ᠴᠤ ᠳ᠋ᠠᠨᠠᠪᠠᠯ ᠤᠨ ᠬᠠᠷᠢᠵᠤ ᠢᠷᠡᠭᠰᠡᠨ ᠴᠢᠮᠡᠭᠡ ᠶᠢ ᠰᠤᠨᠤᠰᠴᠤ ᠡᠯᠢᠭᠡ ᠵᠢᠷᠤᠭᠡ ᠨᠢ ᠡᠮᠳᠠᠷᠠᠮ᠎ᠠ ᠵᠤᠪᠠᠵᠠᠢ᠂ ᠬᠡᠳᠠᠯ᠎ᠠ ᠤᠯᠠᠮᠵᠢᠯᠠᠯᠳᠤ ᠦᠵᠠᠯ ᠰᠠᠨᠠᠭᠠᠨ ᠤ ᠬᠦᠯᠢᠶᠠᠰᠤᠯᠠᠯ ᠲᠤᠤᠷ᠎ᠠ ᠬᠤᠶᠠᠷ ᠵᠠᠯᠠᠭᠤ ᠶᠢᠨ ᠴᠡᠪᠠᠷ ᠠᠷᠢᠭᠤᠨ ᠢᠨᠠᠭ ᠬᠠᠶᠢᠷ᠎ᠠ ᠨᠢ ᠭᠤᠨᠢᠬᠳᠤ ᠳ᠋ᠦᠡᠭ ᠢᠶᠠᠷ ᠲᠡᠭᠦᠰᠦᠭᠰᠡᠨ ᠪᠠᠶᠢᠨ᠎ᠠ᠃             ᠮᠤᠩᠭᠤᠯ ᠦᠨᠳᠤᠰᠤᠳᠡᠨ ᠤ ︽ᠷᠦᠮᠢᠧᠤ᠋ ᠬᠢᠭᠡᠳ ᠵᠦᠯᠢᠶᠧᠲ︾᠂ ᠲᠠᠯ᠎ᠠ ᠨᠤᠳᠤᠭ ᠤᠨ ︽ᠯᠢᠶᠠᠩ ᠱᠠᠨ ᠪᠦᠸᠧ ᠬᠢᠬᠡᠳ ᠵᠦ ᠶᠢᠩ ᠲᠠᠢ︾ ᠬᠡᠮᠡᠭᠳᠡᠭᠰᠡᠨ ︽ᠳ᠋ᠠᠨᠠᠪᠠᠯ︾ ᠲᠠᠭᠤᠤ ᠶᠢᠨ ᠭᠤᠤᠯ ᠪᠠᠭᠠᠳᠤᠷ᠂ ᠦᠢᠯᠡ ᠶᠠᠪᠤᠳᠠᠯ ᠨᠢ ᠢᠡᠭᠬᠢᠵᠤ ᠦᠷᠨᠢᠯ ᠬᠦᠭᠵᠢᠯ᠂ ᠲᠠᠪᠠᠯᠭᠠᠨ ᠲᠤᠯᠬᠢᠶᠠᠨ ᠢᠶᠠᠷ ᠲᠦᠭᠦᠷᠴᠤ᠂ ᠭᠤᠨᠢᠭ ᠤᠶᠠᠷᠠᠯᠳᠤ ᠬᠦᠭ ᠠᠶᠠᠯᠭᠤ ᠪᠠᠷ ᠢᠶᠠᠨ ᠬᠦᠮᠤᠰ ᠤᠨ ᠰᠡᠳᠬᠢᠯ ᠢ ᠴᠢᠩᠭ᠎ᠠ ᠬᠦᠨᠳᠡᠭᠰᠡᠨ ᠪᠠᠶᠢᠨ᠎ᠠ᠃       ᠳ᠋ᠠᠨᠠᠪᠠᠯ ᠨᠤᠳᠤᠭ ᠲᠠᠭᠠᠨ ᠪᠤᠴᠠᠵᠤ ᠢᠷᠡᠭᠡᠳ ᠲᠠᠮᠠᠢ ᠤᠳᠠᠯ ᠦᠭᠡᠢ ᠨᠠᠰᠤ ᠪᠠᠷᠠᠬᠰᠠᠨ ᠪᠠᠶᠢᠨ᠎ᠠ᠃ ᠳ᠋ᠠᠨᠠᠪᠠᠯ ᠤᠨ ᠨᠠᠰᠤ ᠪᠠᠷᠠᠬᠰᠠᠨ ᠰᠢᠯᠳᠠᠭᠠᠨ ᠨᠢ ᠶᠠᠭ ︽ᠳ᠋ᠠᠨᠠᠪᠠᠯ︾ ᠤᠨ ᠲᠠᠭᠤᠤ ᠶᠢᠨ ᠤᠯᠠᠨ ᠬᠤᠪᠢᠯᠪᠤᠷᠢ ᠳᠤ ᠠᠳᠠᠯᠢ ᠪᠤᠰᠤ ᠪᠠᠷ ᠲᠠᠭᠤᠯᠠᠬᠳᠠᠵᠤ ᠪᠠᠶᠢᠭ᠎ᠠ ᠰᠢᠬ ᠢᠶᠠᠷ ᠠᠷᠠᠳ ᠤᠨ ᠲᠤᠮᠳᠠ ᠠᠳᠠᠯᠢ ᠪᠤᠰᠤ ᠪᠠᠷ ᠶᠠᠷᠢᠬᠳᠠᠵᠤ ᠪᠠᠶᠢᠳᠠᠭ᠃ ᠮᠠᠨ ᠤ ᠰᠤᠷᠪᠤᠯᠵᠢᠯᠠᠭ᠎ᠠ ᠳᠤ᠂ ᠲᠠᠯᠤ ᠶᠢᠨ ᠠᠶᠢᠯ ᠤᠨ ᠪᠠᠢ ᠬᠡᠤ ᠪᠠᠭᠰᠢ ᠠᠴᠠ᠄ ︽ᠳ᠋ᠠᠨᠠᠪᠠᠯ ᠪᠤᠭᠤᠳᠤ ᠶᠢᠨ ᠠᠶᠢᠯ ᠤᠨ ᠬᠦᠮᠤᠨ ᠤ ᠬᠤᠷᠢᠮ ᠳᠤ ᠤᠴᠢᠭᠠᠳ ᠮᠤᠷᠢᠨ ᠠᠴᠠ ᠪᠠᠨ ᠬᠠᠶᠠᠬᠳᠠᠨ ᠴᠢᠷᠦᠭᠳᠡᠵᠤ ᠦᠭᠡᠢ ᠪᠤᠯᠵᠠᠢ᠃ ᠲᠤᠬᠠᠢ ᠶᠢᠨ ᠦᠶ᠎ᠠ ᠳᠤ ᠮᠠᠨ ᠬᠦᠢ ᠬᠤᠰᠢᠭᠤᠨ ᠤ ᠵᠡᠭᠦᠨ ᠨᠤᠶᠠᠨ ᠳᠤ ᠤᠴᠢᠵᠤ ᠵᠠᠭᠠᠯᠳᠤᠭᠠᠨ ᠬᠢᠵᠠᠢ᠃ ᠵᠠᠭᠠᠯᠳᠤᠭᠠᠨ ᠤ ᠳ᠋ᠦᠡᠭ ᠳᠤ ᠠᠮᠢ ᠶᠢᠨ ᠲᠦᠯᠦᠭᠡᠰᠤ ᠬᠡᠳᠤᠨ ᠦᠭᠡᠷ ᠮᠠᠯ ᠤᠯᠵᠠᠢ︾ ᠬᠡᠭᠦ ᠳᠤ᠂ ᠲᠠᠯᠤ ᠶᠢᠨ ᠠᠶᠢᠯ ᠤᠨ ᠲᠡᠮᠷᠢᠨᠵᠡᠪ ᠨᠠᠰᠤᠳᠠᠨ ᠤ ᠶᠠᠷᠢᠬᠤ ᠪᠠᠷ᠄ ︽ᠳ᠋ᠠᠨᠠᠪᠠᠯ ᠤᠨ ᠠᠯᠠᠬᠳᠠᠬᠰᠠᠨ ᠤᠴᠢᠷ ᠢ ᠪᠢ ᠬᠠᠳᠠᠮ ᠨᠠᠭᠠᠴᠤ ᠡᠪᠦᠭᠡ ᠲᠠᠷᠢᠩᠭ᠎ᠠ ᠠᠴᠠ ᠪᠠᠨ ᠰᠤᠨᠤᠰᠴᠠᠢ᠃   ᠳ᠋ᠠᠨᠠᠪᠠᠯ ᠤᠨ ᠤᠨᠤᠬᠰᠠᠨ ᠬᠦᠯᠦᠭ ᠮᠤᠷᠢ ᠪᠤᠯ ᠬᠤᠯᠠ ᠬᠦᠭᠡ ᠮᠤᠷᠢ ᠪᠤᠯᠤᠨ᠎ᠠ᠃           ᠪᠤᠭᠤᠳᠤ ᠶᠢᠨ ᠨᠤᠮᠢᠨᠳᠠᠯᠠᠢ ᠶᠢᠨ ᠬᠦᠤ ᠷᠠᠰᠢ ᠶᠢᠨ ᠪᠠᠭᠤᠯᠭᠠᠬᠰᠠᠨ ᠪᠡᠷᠢ ᠨᠢ ᠵᠢᠮᠢᠰ᠃ ᠬᠤᠷᠢᠮ ᠤᠨ ᠲᠦᠷᠦᠭᠦᠦ ᠨᠤᠶᠠᠨ ᠵᠠᠪᠠᠯ ᠲᠠᠶᠢᠵᠢ ᠪᠠᠶᠢᠬᠤ ᠬᠡᠷᠡᠭᠳᠡᠢ᠃ ᠳ᠋ᠠᠨᠠᠪᠠᠯ ᠬᠦᠤ ᠶᠢᠨ ᠲᠠᠯ᠎ᠠ ᠶᠢᠨ ᠲᠦᠷᠦᠭᠦᠦ ᠨᠤᠶᠠᠨ ᠢᠶᠠᠷ ᠵᠠᠯᠠᠬᠳᠠᠵᠤ ᠪᠢᠯᠢᠭ ᠤᠨ 1916 ᠤᠨ ᠤ 2 ᠰᠠᠷ᠎ᠠ ᠶᠢᠨ 4 ᠤ ᠡᠳᠤᠷ ᠠᠯᠠᠬᠳᠠᠵᠠᠢ᠃ ᠵᠠᠩ ᠤᠪᠤᠬᠳᠤ ᠨᠤᠮᠢᠨᠳᠠᠯᠠᠢ ᠶᠢᠨ ᠷᠠᠰᠢ ᠶᠢᠨ ᠬᠤᠷᠢᠮ ᠳᠤ ᠵᠠᠯᠠᠬᠳᠠᠵᠤ ᠨᠠᠰᠤ ᠪᠠᠷᠠᠬᠰᠠᠨ ᠪᠤᠯᠬᠤᠷ᠂ ᠨᠤᠮᠢᠨᠳᠠᠯᠠᠢ ᠶᠢ ᠮᠠᠨ ᠬᠦᠢ ᠵᠠᠭᠠᠯᠳᠤᠵᠤ᠂ ᠵᠠᠭᠠᠯᠳᠤᠭᠠᠨ ᠤ ᠳ᠋ᠦᠡᠭ ᠳᠤ 5 ᠮᠠᠯ ᠤᠯᠵᠠᠢ᠃ ᠳ᠋ᠠᠨᠠᠪᠠᠯ ᠤᠨ ᠨᠢᠷᠤᠭᠤᠨ ᠭᠤᠤᠯ ᠨᠢ ᠴᠤᠬᠢᠬᠳᠠᠬᠰᠠᠨ ᠠᠴᠠ ᠲᠤᠳᠤᠷ ᠪᠦᠭᠡᠷ᠎ᠠ ᠨᠢ ᠬᠡᠮᠳᠤᠵᠤ᠂ ᠵᠢᠯᠳᠤ ᠶᠢᠨ ᠠᠶᠢᠯ ᠳᠤ ᠠᠪᠠᠴᠢᠬᠤ ᠳᠤ ᠨᠢᠭᠡᠨᠳᠠ ᠨᠠᠰᠤ ᠪᠠᠷᠠᠵᠠᠢ᠃   ᠳ᠋ᠠᠨᠠᠪᠠᠯ ᠤᠨ ᠤᠡᠭᠭᠤᠨ ᠵᠢᠯᠳᠤ ᠶᠢᠨ ᠠᠶᠢᠯ ᠤᠨ ᠠᠷᠤ ᠮᠠᠩᠬ᠎ᠠ᠂ ᠤᠪᠤᠭᠠᠨ ᠠᠶᠢᠯ ᠤᠨ ᠡᠮᠤᠨ᠎ᠠ ᠡᠭᠡ ᠶᠢᠨ ᠬᠢᠨᠢ ᠤᠡᠭᠭᠤᠨ ᠲᠠᠢ ᠪᠠᠨ ᠬᠠᠮᠳᠤ ᠪᠠᠶᠢᠨ᠎ᠠ︾ ᠬᠡᠵᠠᠢ᠃ ᠤᠪᠤᠭᠠᠨ ᠠᠶᠢᠯ ᠤᠨ ᠬᠠᠰᠪᠠᠭᠠᠨ᠎ᠠ ᠨᠠᠰᠤᠳᠠᠨ ᠠᠴᠠ᠄ ︽ᠳ᠋ᠠᠨᠠᠪᠠᠯ ᠰᠦᠭᠡᠭ ᠤᠨ ᠠᠶᠢᠯ ᠤᠨ ᠢᠷᠦᠭᠡᠯᠳᠤ ᠪᠤᠭᠤᠳᠤ ᠠᠴᠠ ᠪᠠᠷᠢ ᠪᠠᠭᠤᠯᠭᠠᠬᠤ ᠳᠤ ᠲᠦᠷᠦᠭᠦᠦ ᠨᠤᠶᠠᠨ ᠢᠶᠠᠷ ᠵᠠᠯᠠᠬᠳᠠᠵᠠᠢ᠃ ᠤᠷᠤᠭ ᠮᠤᠷᠳᠠᠵᠤ ᠭᠠᠷᠬᠤ ᠳᠤ ᠬᠦᠷᠭᠡᠨ ᠪᠠᠷᠢ ᠬᠤᠶᠠᠭᠤᠯᠠ ᠠᠷᠢᠬᠢ ᠪᠠᠷᠢᠵᠤ᠂ ᠳ᠋ᠠᠨᠠᠪᠠᠯ ᠭᠤᠷᠪᠠᠨ ᠬᠤᠨᠳᠠᠭᠠᠨ ᠤ ᠬᠤᠶᠠᠷ ᠬᠤᠨᠳᠠᠭ᠎ᠠ ᠶᠢ ᠮᠤᠷᠢᠨ ᠤ ᠲᠠᠯ ᠳᠤ ᠰᠠᠴᠤᠵᠤ᠂ ᠰᠡᠭᠦᠯ ᠤᠨ ᠨᠢᠭᠡ ᠶᠢ ᠨᠢ ᠦᠪᠡᠷ ᠢᠶᠠᠨ ᠲᠤᠬᠳᠠᠭᠠᠪᠠ᠃ ᠵᠢᠯᠤᠭᠤ ᠠᠳᠬᠤᠮᠠᠬᠴᠠ ᠮᠤᠷᠢᠨ ᠳᠤ ᠮᠤᠷᠳᠠᠵᠤ ᠮᠠᠯᠠᠭᠠᠢ ᠪᠤᠯᠢᠶᠠᠯᠳᠤᠵᠠᠢ ᠃ ᠮᠤᠷᠢᠨ ᠤ ᠡᠮᠡᠭᠡᠯ ᠤᠨ ᠤᠯᠤᠩ ᠢ ᠨᠢ ᠪᠤᠰᠤᠳ ᠬᠦᠮᠤᠨ ᠲᠠᠰᠤᠯᠤᠭᠠᠳ ᠪᠠᠶᠢᠵᠠᠢ᠃ ᠲᠡᠭᠡᠭᠡᠳ ᠮᠤᠷᠢᠨ ᠠᠴᠠ ᠪᠠᠨ ᠬᠠᠶᠠᠬᠳᠠᠵᠤ᠂ ᠬᠦᠯ ᠨᠢ ᠲᠦᠷᠦᠭᠡᠨ ᠳᠤ ᠤᠷᠤᠵᠤ ᠴᠢᠷᠦᠭᠳᠠᠵᠤ ᠦᠭᠡᠢ ᠪᠤᠯᠵᠠᠢ︾ ᠬᠡᠵᠤ ᠶᠠᠷᠢᠵᠤ ᠦᠭᠭᠦᠭᠰᠡᠨ ᠳᠤ᠂ ᠴᠢᠯᠠᠭᠤᠳᠤ ᠠᠶᠢᠯ ᠤᠨ ᠹᠦᠰᠢᠩᠭ᠎ᠠ ᠨᠠᠰᠤᠳᠠᠨ ︵ᠳ᠋ᠠᠨᠠᠪᠠᠯ ᠤᠨ ᠠᠴᠢ ᠬᠦᠤ︶᠄ ︽ᠳ᠋ᠠᠨᠠᠪᠠᠯ ᠪᠤᠭᠤᠳᠤ ᠳᠤ ᠯᠢᠩᠰᠧᠷ ᠬᠡᠳᠡᠭ ᠨᠠᠷ᠎ᠠ ᠲᠠᠢ ᠬᠡᠤᠭᠡᠨ ᠢ ᠬᠦᠷᠭᠡᠵᠤ ᠤᠴᠢᠵᠠᠢ᠃ ᠬᠦᠷᠭᠡᠨ ᠨᠢ ᠢᠷᠦᠭᠡᠯᠳᠤ ᠬᠡᠳᠡᠭ᠃ ᠲᠤᠬᠠᠢ ᠶᠢᠨ ᠦᠶ᠎ᠠ ᠳᠤ ᠦᠪᠡᠷ ᠢᠶᠠᠨ ᠪᠤᠳᠠᠭ᠎ᠠ ᠪᠠᠷ ᠨᠠᠷᠡᠭᠰᠡᠨ ᠠᠷᠢᠬᠢ ᠤᠤᠭᠤᠳᠠᠭ᠃ ᠮᠤᠷᠢ ᠨᠢ ᠲᠤᠯᠬᠢᠨ᠂ ᠬᠦᠮᠤᠨ ᠨᠢ ᠴᠤ ᠰᠤᠬᠳᠤᠭᠤ ᠠᠴᠠ ᠬᠤᠷᠢᠮ ᠲᠡᠭᠡᠷ᠎ᠠ ᠮᠠᠯᠠᠭᠠᠢ ᠪᠤᠯᠢᠶᠠᠯᠳᠤᠵᠤ ᠪᠠᠶᠢᠭᠠᠳ ᠮᠤᠷᠢ ᠠᠴᠠ ᠪᠠᠨ ᠤᠢᠢᠴᠢᠵᠤ ᠨᠠᠰᠤ ᠪᠠᠷᠠᠵᠠᠢ ᠃ ᠦᠰᠢᠶ᠎ᠠ ᠲᠠᠢ ᠬᠦᠮᠤᠨ ᠪᠠᠶᠢᠬᠰᠠᠨ ᠮᠠᠭᠠᠳ︾ ᠬᠡᠵᠤ ᠬᠤᠶᠢᠳᠤ ᠬᠤᠰᠢᠭᠤ ᠶᠢᠨ ᠨᠠᠰᠤᠳᠠᠳ ᠦᠪᠡᠷ ᠤᠨ ᠮᠡᠳᠠᠵᠤ ᠰᠤᠨᠤᠰᠤᠬᠰᠠᠨ ᠢᠶᠠᠨ ᠮᠠᠨ ᠳᠤ ᠶᠠᠷᠢᠵᠤ ᠦᠭᠭᠦᠭᠰᠡᠨ ᠶᠤᠮ᠃ ᠰᠤᠷᠪᠤᠯᠵᠢᠯᠠᠭ᠎ᠠ ᠠᠴᠠ ᠦᠵᠡᠪᠠᠯ᠂ ᠳ᠋ᠠᠨᠠᠪᠠᠯ ᠴᠡᠷᠢᠭ ᠠᠴᠠ ᠪᠠᠨ ᠬᠠᠯᠠᠬᠳᠠᠨ ᠭᠡᠷ ᠲᠡᠭᠡᠨ ᠢᠷᠠᠵᠤ ᠲᠠᠮᠠᠢ ᠤᠳᠠᠯ ᠦᠭᠡᠢ ᠪᠤᠭᠤᠳᠤ ᠶᠢᠨ ᠠᠶᠢᠯ ᠤᠨ ᠬᠤᠷᠢᠮ ᠲᠡᠭᠡᠷ᠎ᠠ ᠲᠦᠷᠦᠭᠦᠦ ᠨᠤᠶᠠᠨ ᠢᠶᠠᠷ ᠵᠠᠯᠠᠬᠳᠠᠵᠤ ᠮᠠᠯᠠᠭᠠᠢ ᠪᠤᠯᠢᠶᠠᠯᠳᠤᠬᠤ ᠶᠠᠪᠤᠴᠠ ᠳᠤ ᠡ᠊ᠨᠳᠠᠵᠤ ᠨᠠᠰᠤ ᠪᠠᠷᠠᠬᠰᠠᠨ ᠪᠠᠶᠢᠨ᠎ᠠ᠃ ᠲᠡᠭᠡᠭᠡᠳ ᠳ᠋ᠠᠨᠠᠪᠠᠯ ᠤᠨ ᠠᠪᠤ ᠮᠠᠨ ᠬᠦᠢ ᠵᠠᠷᠭᠤ ᠵᠠᠭᠠᠯᠳᠤᠭᠠᠨ ᠬᠦᠭᠡᠭᠡᠵᠤ᠂ ᠬᠠᠷᠢᠭᠤ ᠳᠤᠨᠢ ᠠᠮᠢ ᠶᠢᠨ ᠲᠦᠯᠦᠭᠡᠰᠤᠨ ᠤ ᠬᠡᠳᠤᠨ ᠮᠠᠯ ᠤᠯᠵᠠᠢ ᠬᠡᠰᠡᠨ ᠢ ᠮᠠᠳᠠᠵᠤ ᠪᠤᠯᠤᠨ᠎ᠠ᠃             ᠨᠢᠭᠡ ᠰᠠᠶᠢᠬᠠᠨ ᠠᠷᠠᠳ ᠤᠨ ᠲᠠᠭᠤᠤ ᠶᠢᠨ ᠪᠦᠳᠦᠭᠡᠯ ᠡᠭᠦᠰᠤᠮᠡᠭᠴᠡ ᠠᠭᠠᠵᠢᠮ ᠢᠶᠠᠷ ᠤᠯᠠᠮᠵᠢᠯᠠᠨ ᠲᠡᠯᠭᠡᠷᠡᠵᠤ᠂ ᠠᠳᠠᠯᠢ ᠪᠤᠰᠤ ᠶᠢᠨ ᠴᠠᠭ ᠦᠶ᠎ᠠ᠂ ᠠᠳᠠᠯᠢ ᠪᠤᠰᠤ ᠶᠢᠨ ᠤᠷᠤᠨ ᠨᠤᠳᠤᠭ ᠤᠨ ᠬᠦᠮᠤᠰ ᠤᠨ ᠪᠤᠯᠪᠠᠰᠤᠷᠠᠭᠤᠯᠤᠯᠳᠠ᠂ ᠨᠦᠭᠦᠯᠳᠡ ᠵᠠᠰᠠᠯᠳᠠ ᠶᠢ ᠦᠡᠭᠭᠡᠷᠡᠭᠡᠭᠡᠳ ᠲᠡᠭᠦᠯᠳᠡᠷᠵᠢᠨ ᠴᠢᠨᠠᠷᠵᠢᠵᠤ᠂ ᠡᠴᠤᠰ ᠲᠡᠭᠡᠨ ᠬᠦᠮᠤᠰ ᠤᠨ ᠰᠡᠳᠬᠢᠯ ᠳᠤ ᠬᠠᠳᠠᠩᠰᠢᠨ ᠰᠤᠩᠭᠤᠳᠠᠬᠵᠢᠬᠤ ᠵᠠᠮ ᠢᠶᠠᠷ ᠵᠠᠮᠨᠠᠵᠤ ᠪᠤᠯᠬᠤ ᠶᠤᠮ᠃ ᠦᠯᠢᠭᠡᠷᠳᠤ ᠲᠠᠭᠤᠤ ︽ᠳ᠋ᠠᠨᠠᠪᠠᠯ︾ ᠪᠤᠯ ᠬᠤᠷᠢᠳᠤᠭᠠᠷ ᠵᠠᠭᠤᠨ ᠤ ᠡᠬᠢᠨ ᠳᠤ ᠵᠤᠬᠢᠶᠠᠬᠳᠠᠬᠰᠠᠨ ᠲᠠᠭᠤᠤ ᠪᠤᠯᠤᠨ᠎ᠠ᠃ ᠲᠠᠷᠠ ᠨᠢ ᠲᠡᠤᠭᠡᠨ ᠤᠷᠳᠤ ᠤᠳᠠᠭᠠᠨ ᠬᠦᠭᠵᠢᠯᠳᠡ ᠶᠢᠨ ᠶᠠᠪᠤᠴᠠ ᠳᠤ᠂ ᠠᠮᠢᠯᠠᠯ ᠤᠨ ᠬᠦᠴᠤᠨ ᠢᠶᠠᠨ ᠠᠯᠳᠠᠬᠰᠠᠨ ᠦᠭᠡᠢ ᠮᠦᠷᠳᠡᠭᠡᠨ ᠲᠠᠰᠤᠷᠠᠯᠳᠠ ᠦᠭᠡᠢ ᠲᠡᠭᠦᠯᠳᠡᠷᠵᠢᠨ ᠴᠢᠨᠠᠷᠵᠢᠵᠤ ᠢᠷᠡᠭᠰᠡᠨ ᠰᠤᠩᠭᠤᠳᠠᠭ ᠪᠦᠳᠦᠭᠡᠯ ᠪᠤᠯᠤᠨ᠎ᠠ᠃ ᠢᠡᠭᠬᠢᠭᠡᠳ ᠤᠳᠤ ᠡᠷᠠᠨ ᠤ ᠬᠦᠭᠵᠢᠯᠳᠡ ᠶᠢᠨ ᠠᠬᠢᠴᠠ ᠶᠢ ᠲᠠᠭᠠᠯᠳᠤᠨ ᠨᠠᠩ ᠴᠢᠨᠠᠬᠰᠢᠳᠠ ᠬᠦᠭᠵᠢᠭᠦ ᠨᠦᠭᠦᠴᠠᠯ ᠪᠤᠯᠤᠮᠵᠢ ᠲᠠᠢ ᠪᠤᠯᠵᠤ ᠂ ᠤᠯᠠᠨ ᠵᠢᠯ ᠤᠨ ᠲᠤᠷᠰᠢ ᠤᠷᠠᠯᠢᠭ ᠤᠨ ᠲᠠᠶᠢᠰᠠᠨ ᠳᠤ ᠤᠯᠠᠨ ᠬᠡᠯᠪᠠᠷᠢ ᠮᠠᠶ᠋ᠢᠭ ᠢᠶᠠᠷ ᠲᠤᠬᠯᠠᠬᠳᠠᠵᠤ᠂ ᠠᠷᠠᠳ ᠤᠨ ᠲᠤᠮᠳᠠ ᠦᠷᠭᠡᠨ ᠲᠡᠯᠭᠡᠷ ᠤᠯᠠᠮᠵᠢᠯᠠᠬᠳᠠᠨ ᠦᠷᠭᠡᠨ ᠤᠯᠠᠨ ᠰᠤᠨᠤᠰᠤᠬᠴᠢᠳ ᠦᠵᠡᠭᠴᠢᠳ ᠤᠨ ᠰᠤᠶᠤᠯ ᠤᠷᠠᠯᠢᠭ ᠤᠨ ᠠᠮᠢᠳᠤᠷᠠᠯ ᠳᠠᠬᠢ ᠰᠠᠯᠵᠤ ᠪᠤᠯᠤᠰᠢ ᠦᠭᠡᠢ ᠤᠶᠤᠨ ᠰᠠᠨᠠᠭᠠᠨ ᠤ ᠠᠮᠤ ᠬᠦᠨᠡᠰᠤ ᠨᠢ ᠪᠤᠯᠵᠤ ᠬᠠᠨᠢᠰᠤᠬᠰᠠᠨ ᠪᠠᠶᠢᠨ᠎ᠠ᠃                     ᠳᠤᠮᠳᠠᠳᠤ ᠤᠯᠤᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号