ᠮᠤᠯᠤᠷ ᠡᠷᠳᠡᠨᠢ
ᠨᠡᠶᠢᠲᠡᠯᠡᠭᠰᠡᠨ ᠴᠠᠭ᠄
2016/4/14
      ᠬᠤᠷᠤᠭᠤᠨ ᠴᠢᠨᠡᠭᠡ ᠪᠠᠶᠢᠬᠤ ᠠᠴᠠ ᠪᠠᠨ ᠯᠡ ᠪᠢ ᠡᠷᠳᠡᠮ ᠲᠠᠢ ᠭᠥᠮᠤᠨ ᠪᠤᠯᠬᠤ ᠴᠡᠪᠡᠷ ᠲᠤᠩᠭᠠᠯᠠᠭ ᠭᠥᠰᠡᠯ ᠲᠠᠢ ᠪᠠᠶᠢᠭᠰᠠᠨ ᠶᠤᠮ᠃ ᠡᠷᠳᠡᠮ ᠲᠠᠢ ᠭᠥᠮᠤᠨ ᠢ ᠠᠯᠳᠠ ᠪᠠᠷ ᠥᠨᠡᠯᠡᠭᠦ ᠴᠠᠭ ᠢᠷᠡᠨ᠎ᠡ ᠭᠡᠳᠡᠭ ᠲᠤ ᠥᠷᠯᠥᠬᠡ ᠪᠥᠷᠢ ᠨᠠᠷᠠ ᠮᠠᠨᠳᠤᠳᠠᠭ ᠤᠨ ᠨᠢᠭᠡᠨ ᠠᠳᠠᠯᠢ ᠪᠠᠷ ᠢᠳᠡᠭᠡᠳᠡᠭ ᠪᠠᠶᠢᠭᠰᠠᠨ ᠶᠤᠮ᠃           ᠤᠷᠴᠢᠯᠠᠩ ᠤᠷᠴᠢᠭᠰᠠᠭᠠᠷ ᠪᠠᠶᠢᠭ᠎ᠠ ᠨᠢ ᠥᠨᠡᠨ ᠶᠤᠮ᠃ ᠭᠥᠰᠡᠯ ᠳᠤ ᠪᠠᠨ ᠭᠥᠳᠥᠯᠥᠭᠳᠡᠵᠤ ᠶᠠᠪᠤᠭᠰᠠᠭᠠᠷ ᠲᠥᠴᠢ ᠶᠢᠨ ᠲᠠᠪᠠᠭ᠎ᠠ ᠲᠠᠪᠠᠭ᠋ᠤ ᠳᠤ ᠯᠡ ︽ᠡᠷᠳᠡᠮ︾ ᠲᠠᠢ ᠭᠥᠮᠤᠨ ᠪᠤᠯᠬᠤ ᠵᠠᠶᠠᠭ᠎ᠠ ᠲᠥᠭᠡᠷᠭᠡ ᠮᠢᠨᠢ ᠲᠤᠳᠤᠷᠬᠠᠢ ᠪᠤᠯᠤᠯ᠎ᠠ᠃ ᠡᠨᠡ ᠪᠤᠯ ᠲᠡᠭᠷᠢ ᠶᠢᠨ ᠰᠠᠨᠠᠭ᠎ᠠ᠃              ᠰᠠᠨᠠᠭᠠᠨ ᠳᠤ ᠦᠭᠡᠢ ᠲᠤᠭᠢᠶᠠᠯᠳᠤᠯ᠃ ᠰᠠᠯᠬᠢ ᠥᠵᠡᠭᠦ ᠭᠥᠰᠡᠯ ᠲᠠᠢ ᠠᠭᠤᠯᠠᠨ ᠳᠤ ᠶᠠᠪᠤᠵᠤ ᠪᠠᠶᠢᠭᠰᠠᠨ ᠴᠢᠨᠢ ᠬᠠᠳᠠᠨ ᠤ ᠠᠡᠭ ᠠᠴᠠ ᠨᠢᠬᠡ ᠶᠠᠭᠤᠮ᠎ᠠ ᠨᠠᠷᠠᠨ ᠳᠤ ᠬᠢᠯᠪᠠᠯ᠎ᠠ᠃ ᠤᠶᠢᠷᠠᠳᠤᠵᠤ ᠤᠴᠢᠭᠠᠳ ᠥᠵᠡᠪᠡᠯ ᠠᠮᠢᠳᠠᠨ  ᠤ ᠲᠤᠯᠤᠭᠠᠢ ᠶᠢᠨ ᠶᠠᠰᠤ᠃ ᠥᠭᠦᠭᠰᠡᠨ ᠬᠤᠶᠢᠨ᠎ᠠ ᠨᠢ ᠶᠠᠰᠤ ᠨᠢ ᠴᠠᠶᠢᠭ᠃ ᠮᠢᠨᠤ ᠬᠤᠶᠢᠬ᠎ᠠ ᠶᠢᠨ ᠥᠰᠥ ᠤᠷᠪᠤᠰᠬᠢᠯ᠎ᠠ᠃ ᠵᠤᠷᠢᠭᠯᠠᠨ ᠠᠪᠴᠤ ᠥᠵᠡᠪᠡᠯ ᠤᠬᠤᠷᠬᠠᠢ ᠨᠢ ᠬᠤᠨᠭ᠍ᠬᠤᠶᠢᠭᠠᠳ ᠭᠠᠯ ᠮᠠᠩᠨᠠᠢ ᠪᠠᠷ ᠢᠶᠠᠨ ᠵᠠᠳᠠ ᠥᠰᠥᠷᠴᠠᠢ᠃            ᠡᠵᠡᠭᠦᠢ ᠪᠠᠯᠠᠷ ᠠᠭᠤᠯᠠᠨ ᠳᠤ ᠶᠠᠭᠤ ᠶᠠᠭᠤ ᠴᠤ ᠡᠭᠦᠰᠴᠤ ᠮᠡᠳᠡᠭᠦ ᠶᠤᠮ᠃ ᠶᠡᠷᠤ ᠠᠴᠠ ᠪᠠᠨ ᠮᠢᠨᠤ ᠤᠭᠳᠤ ᠠᠴᠠ ᠥᠵᠡᠭᠡ ᠦᠭᠡᠢ ᠭᠠᠪᠠᠯᠠ ᠶᠢᠨ ᠶᠠᠰᠤ᠃ ᠶᠠᠮᠠᠷ ᠠᠮᠢᠳᠠᠨ ᠤ ᠬᠢ ᠪᠤᠯᠬᠤ ᠶᠢ ᠨᠢ ᠮᠡᠳᠡᠭᠦ ᠠᠴᠠ ᠨᠠᠭᠠᠰᠢ ᠪᠢ ᠥᠭᠦᠵᠤ ᠪᠤᠯᠬᠤ ᠦᠭᠡᠢ ᠶᠤᠮ᠃ ᠥᠯᠥ ᠮᠡᠳᠡᠭᠦ ᠶᠢᠨ ᠬᠠᠷᠠᠩᠭᠤᠢ ᠶᠢ ᠰᠡᠭᠦᠵᠤ᠂ ᠮᠢᠨᠤ ᠬᠤᠪᠢ ᠪᠡᠶᠡᠨ  ᠳᠤ ᠲᠡᠳᠤᠢ ᠦᠭᠡᠢ ᠭᠥᠮᠤᠨ ᠲᠥᠷᠥᠯᠬᠢᠳᠡᠨ ᠤ ᠲᠡᠤᠭᠡᠨ ᠳᠠᠬᠢ ᠭᠠᠶᠢᠬᠠᠮᠰᠢᠭ ᠢ ᠠᠭᠤᠳᠠᠯᠠᠬᠤ ᠳᠤ ᠭᠡᠳᠤᠭᠡᠨ ᠬᠤᠷᠤᠮ ᠯᠡ ᠥᠯᠡᠳᠡᠯ᠎ᠡ᠃            ᠶᠡᠷᠤ ᠨᠢ ᠠᠷᠪᠠᠭᠠᠳ ᠵᠢᠯ ᠠᠪᠤᠷᠭᠤ ᠭᠥᠷᠪᠡᠯ ᠰᠤᠳᠤᠯᠵᠤ᠂ ᠲᠠᠨᠢᠬᠤ ᠲᠠᠨᠢᠬᠤ ᠦᠭᠡᠢ ᠭᠥᠮᠤᠰ ᠲᠤ ︽ᠭᠥᠷᠪᠡᠯ︾ ᠭᠡᠵᠤ ᠬᠤᠴᠢᠯᠠᠭᠤᠯᠵᠤ ᠶᠠᠪᠤᠭᠰᠠᠨ ᠢᠶᠠᠨ ᠪᠤᠳᠤᠬᠤ ᠳᠤ ᠰᠤᠳᠠᠰᠤ ᠪᠠᠷ ᠮᠢᠨᠢ ᠬᠠᠯᠠᠭᠤᠨ ᠴᠢᠰᠤ ᠴᠤᠶᠢᠯᠤᠨ ᠪᠠᠶᠢᠯ᠎ᠠ᠃ ᠨᠢᠶᠥᠲ᠋ᠥᠨ ᠶᠢᠷᠳᠢᠨᠴᠤᠰ ᠤᠨ ᠲᠠᠳᠠᠯᠴᠠᠬᠤ ᠭᠥᠴᠥ ᠶᠢ ᠢᠯᠡᠷᠡᠭᠦᠯᠥᠭᠡ ᠦᠭᠡᠢ ᠰᠠᠨ ᠪᠤᠯ ᠪᠢ ᠯᠡ ᠲᠡᠷᠡ ᠨᠢᠭᠤᠴᠠ ᠶᠢ ᠲᠠᠶᠢᠯᠥᠵᠤ ᠴᠢᠳᠠᠨ᠎ᠠ ᠭᠡᠳᠡᠭ ᠳᠤ ᠤᠭᠳᠤ ᠲᠠᠳᠠᠭᠠᠯᠵᠠᠳᠠᠭ ᠦᠭᠡᠢ ᠶᠤᠮ᠃  ︽ᠡᠷᠳᠡᠮ︾  ᠲᠠᠢ ᠭᠥᠮᠤᠨ ᠭᠡᠳᠡᠭ ᠢᠶᠠᠨ ᠵᠥᠡᠭ ᠪᠢᠯᠢᠭ ᠢᠶᠠᠷ ᠢᠶᠠᠨ ᠮᠡᠳᠡᠷᠴᠤ ᠪᠠᠶᠢᠭᠰᠠᠨ ᠶᠤᠮ᠃            ᠨᠠᠳᠠ ᠶᠢ ︽ᠡᠷᠳᠡᠮ︾ ᠲᠠᠢ ᠭᠥᠮᠤᠨ ᠪᠤᠯᠭᠠᠭᠠᠵᠤ ᠲᠥᠡᠭᠭᠡᠭᠦ ᠡᠷᠳᠡᠨᠢ ᠪᠠᠨ ᠠᠪᠴᠤ  ᠪᠤᠴᠠᠯ᠎ᠠ᠃ ᠡᠨᠡ ᠪᠤᠯ ᠠᠪᠤᠷᠭᠤ ᠭᠥᠷᠪᠡᠯ ᠤᠨ ᠲᠤᠯᠤᠭᠠᠢ ᠶᠢᠨ ᠶᠠᠰᠤ ᠭᠡᠵᠤ ᠭᠥᠮᠤᠨ ᠲᠥᠷᠥᠯᠬᠢᠳᠡᠨ ᠲᠠᠢ ᠭᠥᠷᠡᠶᠢᠬᠦ ᠪᠠᠷ ᠲᠠᠰᠤ ᠰᠢᠢᠳᠥᠯ᠎ᠡ᠃ ᠥᠵᠡᠯ ᠪᠤᠳᠤᠯ ᠢᠶᠠᠨ ᠴᠢᠩᠭ᠎ᠠ ᠪᠠᠷᠢᠮᠳᠠᠯᠠᠳᠠᠭ ᠨᠢ ᠮᠢᠨᠤ ᠲᠥᠷᠥᠯᠬᠢ ᠴᠢᠨᠠᠷ ᠶᠤᠮ᠃ ᠬᠡᠨ ᠭᠥᠮᠤᠨ ᠴᠤ ᠠᠪᠤᠷᠭᠤ ᠭᠥᠷᠪᠡᠯ ᠢ ᠨᠢᠳᠤ ᠪᠠᠷ ᠢᠶᠠᠨ ᠬᠠᠷᠠᠵᠤ ᠪᠠᠶᠢᠭᠰᠠᠨ ᠶᠤᠮ ᠪᠢᠰᠢ ᠳ᠋ᠠ᠃ ᠪᠢ ᠶᠠᠭᠤ ᠯᠡ ᠭᠡᠪᠡᠯ ᠲᠡᠷᠡ ᠯᠡ ᠪᠢᠵᠠ᠃ ︽ᠡᠷᠳᠡᠮ︾ ᠲᠠᠢ ᠭᠥᠮᠤᠨ ᠤ ᠴᠠᠭᠠᠨ᠎ᠠ ᠭᠡᠨ ᠤ ᠴᠤ ᠭᠥᠤ ᠭᠠᠷᠴᠤ ᠪᠠᠶᠢᠭᠰᠠᠨ ᠤᠳᠠᠭ᠎ᠠ ᠦᠭᠡᠢ ᠪᠢᠯᠡ ᠁            ᠲᠤᠩ ᠤᠳᠠᠯ ᠦᠭᠡᠢ ᠮᠢᠨᠤ ᠰᠤᠳᠤᠯᠭᠠᠨ ᠤ ᠥᠭᠦᠯᠡᠯ ᠥᠨᠥᠬᠢ ᠠᠪᠤᠷᠭᠤ ᠭᠥᠷᠪᠡᠯ ᠤᠨ ᠲᠤᠯᠤᠭᠠᠢ ᠶᠢᠨ ᠶᠠᠰᠤᠨ ᠤ ᠵᠢᠷᠤᠭ ᠰᠡᠭᠦᠳᠡᠷ ᠤᠨ ᠬᠠᠮᠳᠤ ᠭᠡᠪᠯᠡᠯ ᠮᠡᠳᠡᠭᠡᠯᠡᠯ ᠢᠶᠠᠷ ᠪᠥᠭᠦ ᠲᠡᠯᠡᠬᠡᠢ ᠳᠤ ᠬᠢᠵᠢᠭ ᠮᠡᠳᠤ ᠲᠠᠷᠬᠠᠯ᠎ᠠ᠃ ᠲᠡᠯᠡᠭᠡᠢ ᠲᠡᠭᠡᠷ᠎ᠡ ᠠᠮᠢᠳᠤᠷᠠᠵᠤ ᠪᠠᠶᠢᠭ᠎ᠠ ᠭᠥᠮᠤᠨ ᠪᠥᠭᠦᠨ ᠨᠠᠳᠠ ᠶᠢ ᠲᠠᠨᠢᠳᠠᠭ ᠪᠤᠯᠵᠤ ᠪᠢ ᠭᠡᠳᠤᠭᠡᠨ ᠬᠤᠨᠤᠭ ᠲᠤ ᠨᠡᠷ᠎ᠡ ᠮᠠᠨᠳᠤᠭᠠᠳ ︽ᠤᠳᠤ ᠭᠥᠷᠪᠡᠯ︾ ᠪᠤᠯᠤᠯ᠎ᠠ᠃ ᠡᠨᠡ ᠪᠤᠯ ᠤᠷᠢᠳᠤ ᠡᠮᠤᠨ᠎ᠡ ᠨᠢ ᠭᠠᠷᠴᠤ ᠪᠠᠶᠢᠭ᠎ᠠ ᠦᠭᠡᠢ ᠶᠡᠭᠡ‌ᠠᠮᠵᠢᠯᠳᠠ ᠶᠤᠮ᠃ ᠨᠠᠳᠠ ᠰᠢᠭ᠋ ︽ᠡᠷᠳᠡᠮ︾ ᠲᠠᠢ ᠭᠥᠮᠤᠨ ᠭᠥᠮᠤᠨ ᠤ ᠭᠡᠪᠡᠯᠢ ᠠᠴᠠ ᠲᠠᠬᠢᠵᠤ ᠤᠨᠠᠬᠤ ᠦᠭᠡᠢ ᠶᠤᠮ᠃            ᠭᠡᠳᠤᠢ ︽ᠤᠳᠤ ᠭᠥᠷᠪᠡᠯ︾ ᠪᠤᠯᠤᠭᠰᠠᠨ ᠴᠤ ᠭᠥᠮᠤᠨ ᠤ ᠬᠠᠷ᠎ᠠ ᠴᠠᠭᠠᠨ ᠭᠡᠯᠡ ᠠᠮᠠᠨ ᠠᠴᠠ ᠬᠤᠯᠠ ᠪᠠᠶᠢᠵᠤ ᠴᠢᠳᠠᠭᠰᠠᠨ ᠦᠭᠡᠢ᠃ ᠬᠠᠮᠢᠭ᠎ᠠ ᠠᠴᠠ ᠴᠤ ᠶᠤᠮ ᠪᠤᠢ ᠨᠠᠳᠠ ᠤᠷᠤᠭᠤ ᠤᠳᠠᠰᠤ ᠪᠠᠷ ᠶᠠᠷᠢᠵᠤ ᠪᠠᠶᠢᠨ᠎ᠠ᠃            — ᠰᠠᠶᠢᠨ ᠤᠤ︖ ᠲᠠ ︽ᠭᠥᠷᠪᠡᠯ︾ ᠮᠥᠨ ᠤᠤ︖            — ᠲᠠᠶᠢᠮᠤ ᠡ᠂ ᠪᠢ ᠪᠤᠯ ︽ᠤᠳᠤ ᠭᠥᠷᠪᠡᠯ︾ ᠁            — ᠡᠷᠭᠢᠮ ᠲᠠᠨ ᠤ ᠠᠪᠤᠷᠭᠤ ᠭᠥᠷᠪᠡᠯ ᠤᠨ ᠲᠤᠬᠠᠢ ᠰᠤᠳᠤᠯᠭᠠᠨ ᠤ ᠥᠭᠦᠯᠡᠯ ᠢ ᠢᠨᠳᠢᠶᠠᠨ ᠬᠡᠯᠡ ᠪᠠᠷ ᠤᠡᠭᠰᠢᠯ᠎ᠠ᠃ ᠲᠠ ᠶᠠᠭᠤ ᠪᠠᠷ ᠢᠶᠠᠨ ᠲᠡᠷᠡ ᠪᠤᠯ ᠠᠪᠤᠷᠭᠤ ᠭᠥᠷᠪᠡᠯ ᠤᠨ ᠲᠤᠯᠤᠭᠠᠢ ᠶᠢᠨ ᠶᠠᠰᠤ ᠭᠡᠳᠡᠭ ᠢ ᠪᠠᠳᠤᠯᠠᠬᠤ ᠪᠤᠢ︖            — ᠵᠥᠭᠡᠷ ᠯᠡ ᠨᠢᠳᠤ ᠪᠠᠷ ᠢᠶᠠᠨ ᠬᠠᠷᠠᠭᠠᠳ ᠁            — ᠪᠢ ᠲᠠᠪᠢᠨ ᠵᠢᠯ ᠠᠪᠤᠷᠭᠤ ᠭᠥᠷᠪᠡᠯ ᠰᠤᠳᠤᠯᠤᠭᠠᠳ ᠲᠠᠨ ᠤ ᠬᠢ ᠰᠢᠭ ᠲᠡᠶᠢᠮᠤ ᠪᠥᠷᠢᠨ ᠢᠶᠠᠷ ᠢᠶᠠᠨ ᠥᠯᠡᠳᠡᠭᠰᠡᠨ ᠠᠪᠤᠷᠭᠤ ᠭᠥᠷᠪᠡᠯ ᠤᠨ ᠶᠠᠰᠤ ᠬᠠᠷᠠᠭ᠎ᠠ ᠦᠭᠡᠢ᠃ ᠴᠢᠯᠠᠭᠤᠵᠢᠭ᠎ᠠ ᠦᠭᠡᠢ ᠪᠠᠶᠢᠨ᠎ᠠ ᠭᠡᠳᠡᠭ ᠪᠤᠯ ᠬᠤᠳᠠᠯ ᠶᠤᠮ ᠭᠡᠵᠤ ᠬᠡᠭᠵᠢᠭᠦᠷᠭᠡᠯ᠎ᠡ᠃ ᠨᠠᠳᠠ ᠳᠤ ᠤᠯᠳᠠᠳᠠᠭ ᠨᠢ ᠵᠠᠪᠠᠯ ᠴᠢᠯᠠᠭᠤᠵᠢᠭᠰᠠᠨ ᠪᠠᠶᠢᠬᠤ ᠠᠯᠪᠠ ᠲᠠᠢ ᠪᠢᠰᠢ ᠪᠤᠯᠬᠤᠷ ᠪᠢ ᠴᠤ ᠮᠥᠴᠡᠭᠡ ᠪᠠᠨ ᠥᠭᠭᠦᠯ ᠦᠭᠡᠢ᠄            — ᠲᠡᠭᠡᠭᠡᠳ ᠲᠠ ᠶᠠᠭ ᠠᠪᠤᠷᠭᠤ ᠭᠥᠷᠪᠡᠯ ᠢ ᠨᠢᠳᠤ ᠪᠠᠷ ᠢᠶᠠᠨ ᠬᠠᠷᠠᠵᠤ ᠪᠠᠶᠢᠭᠰᠠᠨ ᠤᠤ︖ ᠬᠡᠭᠦ ᠳᠤ ᠯᠡ ᠨᠥᠭᠦᠭᠡ ᠬᠥᠮᠤᠨ ᠴᠢᠨᠢ ᠭᠡᠯᠡᠭᠦ ᠥᠭᠡ ᠦᠭᠡᠢ ᠪᠤᠯᠵᠤ ᠬᠤᠭᠤᠯᠠᠢ ᠨᠢ ᠵᠠᠩᠭᠢᠷᠠᠭᠠᠳ ᠨᠠᠮᠤᠷ ᠤᠨ ᠬᠢᠷᠠᠭᠤᠨ ᠳᠤ ᠲᠠᠭᠠᠷᠢᠭᠳᠠᠭᠰᠠᠨ ᠡᠪᠡᠰᠤ ᠰᠢᠭ ᠨᠠᠮ ᠲᠠᠯᠪᠢᠭᠤᠯᠴᠢᠬᠠᠵᠤ ᠪᠠᠶᠢᠭ᠎ᠠ ᠶᠤᠮ᠃              ᠁ ᠡᠨᠡ ᠨᠥᠭᠦᠷ ᠴᠢᠨᠢ ᠨᠢᠳᠤ ᠪᠠᠨ ᠭᠥᠷᠳᠡᠯ᠎ᠡ ᠢᠳᠡᠭᠡᠭᠦ ᠪᠠᠨ ᠪᠠᠶᠢᠴᠢᠬᠠᠵᠠᠢ᠃ ᠨᠢᠳᠤ ᠪᠤᠯ ᠨᠢᠳᠤ ᠰᠢᠤ ᠳ᠋ᠠ︕        ᠰᠡᠭᠦᠯᠴᠢ ᠶᠢᠨ ᠡᠳᠤᠷ ᠤᠳ ᠲᠤ ᠡᠶᠢᠮᠤᠷᠭᠦᠤ ᠶᠢᠰᠤᠨ ᠲᠠᠮᠤ ᠪᠠᠷ ᠰᠢᠷᠭᠠᠭᠠᠭᠰᠠᠨ ᠤᠳᠠᠰᠤ ᠤᠯᠠᠨ ᠲᠤᠰᠳᠠᠭ ᠪᠤᠯᠤᠯ᠎ᠠ᠃ ᠭᠡᠭᠦ ᠳᠡᠭᠡᠨ ᠮᠢᠨᠤ ︽ᠲᠡᠭᠡᠭᠡᠳ ᠲᠠ ᠶᠠᠭ ᠠᠪᠤᠷᠭᠤ ᠭᠥᠷᠪᠡᠯ ᠢ ᠨᠢᠳᠤ ᠪᠠᠷ ᠢᠶᠠᠨ ᠬᠠᠷᠠᠵᠤ ᠪᠠᠶᠢᠭᠰᠠᠨ ᠤᠤ︖︾ ᠭᠡᠭᠦ ᠲᠠᠷᠬᠠᠨ ᠮᠡᠭᠡ ᠶᠢ ᠲᠠᠪᠠᠵᠤ ᠭᠠᠷᠤᠭᠰᠠᠨ ᠨᠢ ᠨᠢᠭᠡ ᠴᠤ ᠦᠭᠡᠢ᠃ ᠮᠢᠨᠤ ᠤᠢ ᠪᠢᠯᠢᠭ ᠶᠠᠰᠤᠨ ᠤ ᠬᠢ ᠶᠤᠮ᠃            ᠶᠠᠪᠤᠵᠤ ᠥᠡᠭᠭᠡᠷᠡᠭᠰᠡᠨ ᠵᠠᠮ ᠪᠠᠯᠠᠷᠠᠬᠤ ᠦᠭᠡᠢ ᠤᠯᠠᠮ ᠢᠶᠠᠷ ᠰᠢᠯᠥᠭᠤᠳᠬᠤ ᠲᠡᠳᠤᠢ ᠦᠭᠡᠢ ᠲᠡᠭᠦᠨ ᠤ ᠮᠥᠷ ᠢᠶᠠᠷ ᠲᠠᠷᠠᠭᠠᠴᠢ ᠶᠢᠨ ᠠᠮᠵᠢᠯᠳᠠ ᠲᠤᠭᠳᠠᠭᠠᠭᠳᠠᠳᠠᠭ ᠶᠤᠮ᠃ ᠲᠤᠯᠤᠭᠠᠢ ᠵᠠᠯᠭᠠᠵᠤ ᠠᠮᠠᠨ ᠭᠥᠵᠥᠭᠦᠤ ᠪᠠᠶᠢᠳᠠᠭ  ᠤᠨ ᠤᠴᠢᠷ ᠬᠤᠶᠠᠷᠳᠡᠭᠢ ᠠᠪᠤᠷᠭᠤ ᠭᠥᠷᠪᠡᠯ ᠤᠨ ᠲᠤᠯᠤᠭᠠᠢ ᠶᠢ ᠡᠷᠢᠵᠤ ᠤᠯᠬᠤ᠂ ᠪᠥᠷ ᠢᠯᠡᠭᠦᠤ ᠠᠯᠳᠠᠷ ᠴᠤᠤ ᠮᠠᠨᠳᠤᠬᠤ ᠶᠢᠨ ᠲᠤᠯᠠᠳᠠ ᠠᠭᠤᠯᠠ ᠬᠠᠳᠠ ᠬᠠᠶᠢᠬᠤ ᠪᠠᠷ ᠮᠤᠷᠳᠠᠯ᠎ᠠ᠃ ᠪᠡᠶ᠎ᠡ ᠪᠠᠨ ᠲᠠᠭᠠᠭᠠᠭᠰᠠᠨ  ︽ᠡᠷᠳᠡᠮᠳᠡᠨ︾ ᠪᠤᠯᠬᠤᠷ ᠡᠨᠡ ᠮᠥᠴᠡ ᠳᠤ ᠬᠡᠨ ᠴᠤ  ᠨᠠᠳᠠ ᠲᠠᠢ ᠬᠠᠮᠳᠤ ᠶᠠᠪᠤᠬᠤ ᠶᠢ ᠭᠥᠰᠡᠭᠦ ᠦᠭᠡᠢ ᠪᠠᠶᠢᠯ᠎ᠠ᠃ ᠰᠢᠨᠤᠯ ᠵᠠᠷᠢᠮ  ᠳᠤ ᠪᠠᠨ ᠭᠥᠮᠤᠨ ᠢ ᠰᠠᠶᠢᠨ ᠰᠠᠶᠢᠬᠠᠨ ᠳᠤ ᠭᠥᠷᠭᠡᠭᠦ ᠲᠠᠯ᠎ᠠ ᠲᠠᠢ            ᠠᠩᠬᠠᠨ ᠤ ᠡᠳᠤᠷ ᠤᠳ ᠲᠤ ᠮᠠᠯᠴᠢᠨ ᠠᠶᠢᠯ ᠢᠶᠠᠷ ᠡᠷᠢᠵᠤ ᠰᠤᠷᠪᠤᠯᠵᠢᠯᠠᠵᠤ᠂ ᠠᠶᠢᠷᠠᠭ ᠴᠠᠭ᠎ᠠ ᠡᠷᠭᠢᠬᠦᠯᠵᠤ ᠶᠠᠪᠤᠯ᠎ᠠ᠃ ᠤᠭ ᠨᠢ ᠮᠤᠩᠭᠤᠯᠴᠤᠳ ᠠᠪᠤᠷᠭᠤ ᠭᠥᠷᠪᠡᠯ ᠮᠠᠯᠵᠢᠵᠤ ᠪᠠᠶᠢᠭᠰᠠᠨ ᠴᠤ ᠪᠠᠶᠢᠵᠤ ᠮᠡᠳᠡᠭᠦ ᠶᠤᠮ᠃ ᠲᠤᠯᠤᠭ᠎ᠠ ᠬᠤᠨᠤᠭ ᠲᠡᠬᠡᠷ᠎ᠡ ᠪᠠᠨ ᠬᠤᠳᠠ ᠶᠢᠨ ᠴᠡᠮᠴᠡᠭᠡᠷ ᠠᠮᠢᠳᠠᠨ ᠤᠯᠠᠨ ᠠᠳᠤᠭᠤ ᠲᠠᠢ ᠠᠶᠢᠯ ᠳᠤ ᠪᠠᠭᠤᠯ᠎ᠠ᠃ ᠮᠡᠨᠳᠤ ᠤᠰᠤ ᠪᠠᠨ ᠮᠡᠳᠡᠯᠴᠡᠭᠡᠳ ᠴᠡᠭᠡ ᠵᠠᠯᠬᠢᠯᠠᠵᠤ ᠰᠠᠭᠤᠬᠤ ᠵᠠᠭᠤᠷ᠎ᠠ ᠥᠨᠥᠬᠢ ᠭᠥᠷᠪᠡᠯ ᠤᠨ ᠰᠡᠭᠦᠳᠡᠷ  ᠢᠶᠠᠨ ᠭᠠᠷᠭᠠᠵᠤ ᠬᠤᠳᠠᠯ ᠥᠨᠡᠨ ᠵᠠᠯᠠᠵᠤ ᠤᠷᠭᠢᠪᠠᠯ ᠭᠡᠨ ᠨᠢ ᠴᠤ ᠬᠠᠷᠢᠭᠤ ᠥᠴᠢᠭᠰᠡᠨ ᠦᠭᠡᠢ᠃ ᠠᠮᠠᠨ ᠳᠤ ᠪᠠᠨ ᠠᠯᠳᠠ ᠡᠮᠭᠦᠴᠢᠭᠡᠭᠰᠡᠨ ᠠᠶᠢᠯ ᠲᠠᠭᠠᠷᠠᠵᠤ ᠳ᠋ᠠ ᠭᠡᠵᠤ ᠪᠤᠳᠤᠭᠠᠳ᠄           — ᠪᠢ ᠡᠷᠳᠡᠮ ᠲᠠᠢ ᠭᠥᠮᠤᠨ ᠰᠢᠤ︕ ᠬᠡᠵᠤ ᠨᠡᠮᠡᠵᠤ ᠭᠡᠯᠡᠯ᠎ᠡ᠃ ᠮᠤᠳᠤ ᠲᠤᠯᠤᠭᠠᠢ ᠪᠠᠨ ᠤᠷᠤᠯᠳᠤᠵᠤ ᠰᠠᠭᠤᠭᠰᠠᠨ ᠠᠶᠢᠯ ᠤᠨ ᠠᠪᠤ᠄           — ᠪᠢᠯᠢᠭ ᠴᠢᠨᠢ ᠴᠤᠭᠤᠷᠴᠢᠬᠠᠵᠠᠢ ᠭᠡᠵᠤ ᠮᠠᠭᠳᠠᠭᠰᠠᠨ ᠶᠤᠵᠤᠯᠠᠭᠰᠠᠨ ᠠᠯᠢ ᠨᠢ ᠪᠤᠯᠬᠤ ᠨᠢ ᠮᠡᠳᠡᠭᠳᠡᠯ ᠦᠭᠡᠢ ᠭᠡᠯᠡᠯ᠎ᠡ᠃ ᠪᠢ ᠲᠡᠮᠡᠢ ᠯᠡ ᠲᠤᠯᠤᠭᠠᠢ ᠲᠤᠬᠢᠯ᠎ᠠ᠃             — ᠬᠥᠤ ᠮᠢᠨᠢ᠂ ᠠᠪᠤᠷᠭᠤ ᠭᠥᠷᠪᠡᠯ ᠭᠡᠵᠤ ᠭᠥᠮᠤᠨ ᠠᠮᠢᠳᠠᠨ ᠤ ᠲᠤᠯᠤᠭᠠᠢ ᠡᠷᠭᠢᠬᠦᠯᠵᠤ ᠶᠠᠪᠤᠭᠰᠠᠨ  ᠠᠴᠠ ᠠᠳᠤᠭᠤ ᠮᠠᠯ ᠢᠶᠠᠨ ᠮᠡᠳᠡᠵᠤ ᠪᠠᠶᠢᠪᠠᠯ ᠲᠡᠭᠡᠷ᠎ᠡ ᠪᠢᠰᠢ ᠤᠤ︖ ᠭᠡᠵᠤ ᠶᠤᠨᠳᠤᠨ ᠢ ᠮᠢᠨᠢ ᠴᠤᠭᠤᠯᠤᠯ᠎ᠠ᠃ ᠪᠢ ᠠᠩᠬ᠎ᠠ ᠤᠳᠠᠭ᠎ᠠ ᠭᠥᠮᠤᠨ ᠳᠤ ᠢᠡᠭᠭᠢᠳᠡᠯ᠎ᠡ ᠪᠠᠨ ᠭᠠᠷᠳᠠᠭᠠᠭᠳᠠᠵᠤ ᠪᠠᠶᠢᠭ᠎ᠠ ᠶᠤᠮ᠃         — ᠁           ᠶᠡᠭᠡ ᠬᠤᠳᠠ ᠶᠢᠨ ︽ᠡᠷᠳᠡᠮᠳᠡᠨ︾ ᠭᠥᠮᠤᠨ ᠶᠠᠭᠠᠬᠢᠨ ᠭᠥᠳᠡᠭᠡ ᠶᠢᠨ ᠬᠠᠳᠠᠩᠭᠢᠷ ᠡᠪᠤᠭᠡᠨ ᠳᠤ ᠭᠠᠷᠳᠠᠭᠠᠭᠳᠠᠵᠤ ᠪᠤᠯᠬᠤ ᠪᠢᠯᠡ ᠭᠡᠵᠤ ᠪᠤᠳᠤᠪᠠᠴᠤ ᠶᠠᠭᠤ ᠬᠡᠯᠡᠬᠦ ᠪᠠᠨ ᠤᠯᠬᠤ ᠦᠭᠡᠢ ᠲᠥᠭᠳᠡᠷᠡᠯ᠎ᠡ᠃ ᠡᠨᠡ ᠮᠥᠴᠡ  ᠳᠤ ᠰᠤᠷᠤᠮᠠᠭᠠᠢ ᠮᠡᠭᠡ ᠪᠠᠨ ᠬᠢᠭᠡᠳ ᠭᠡᠨᠡᠳᠡᠵᠤ ᠤᠨᠠᠭᠰᠠᠨ ᠪᠥᠭᠡ  ᠪᠢᠳᠡ ᠬᠤᠶᠠᠷ ᠤᠨ ᠪᠤᠳᠤᠯ ᠨᠢᠭᠡᠨ ᠠᠳᠠᠯᠢ ᠪᠠᠶᠢᠪᠠ᠃ ᠪᠤᠳᠤᠭᠠᠳ ᠪᠤᠳᠤᠭᠠᠳ ᠤᠴᠢᠷ ᠢ ᠨᠢ ᠡᠰᠡ ᠤᠯᠪᠠ᠃   ᠪᠤᠷᠬᠠᠨ ᠮᠢᠨᠢ︕ ᠮᠤᠷᠢᠨ ᠲᠤᠯᠤᠭᠠᠢ ᠮᠤᠯᠤᠷ ᠡᠷᠳᠡᠨᠢ ᠶᠤᠮ ᠪᠢᠯᠡ᠃               ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号