ᠰᠡᠳᠬᠢᠯ ᠤᠨ ᠳᠡᠩᠬᠡᠬᠡ
ᠨᠡᠶᠢᠲᠡᠯᠡᠭᠰᠡᠨ ᠴᠠᠭ᠄
2016-04-14
      ᠪᠢ ᠭᠠᠭᠴᠠ ᠦᠨᠦ ᠰᠦᠨᠢ ᠯᠡ ᠨᠤᠶᠢᠷ ᠬᠤᠯᠵᠢᠵᠤ ᠪᠠᠶᠢᠭ᠎ᠠ ᠪᠢᠰᠢ᠂ ᠨᠠᠳᠠ ᠲᠠᠢ ᠬᠠᠮᠳᠤ ᠠᠮᠢᠳᠤᠷᠠᠯ ᠤᠨ ᠠᠯᠬᠤᠭ᠎ᠠ ᠶᠢ ᠳᠠᠭᠠᠯᠴᠠᠭᠰᠠᠨ ᠰᠦᠨᠢ ᠪᠤᠯᠭᠠᠨ ᠢ ᠨᠤᠶᠢᠷ ᠦᠬᠡᠢ ᠶᠢᠨ ᠳᠤᠮᠳᠠ ᠦᠩᠬᠡᠷᠡᠬᠡᠳᠡᠭ᠃ ᠰᠦᠨᠢ ᠶᠢᠨ ᠠᠷᠪᠠᠨ ᠬᠤᠶᠠᠷ ᠴᠠᠭ᠂ ᠪᠢᠰᠢ︕ ᠬᠤᠶᠠᠷ ᠴᠠᠭ᠂ ᠳᠡᠷᠡ ᠴᠤ ᠪᠢᠰᠢ︕ ᠳᠡᠭᠷᠢ ᠭᠡᠶᠢᠷᠡᠬᠦ ᠶᠢᠨ ᠡᠮᠦᠨ᠎ᠡ ᠯᠡ ᠠᠮᠳᠠᠳᠤ ᠨᠤᠶᠢᠷ ᠬᠦᠷᠦᠬᠡᠳ ᠢᠷᠡᠭᠰᠡᠨ ᠴᠤ ᠶᠠᠭᠠᠬᠢᠬᠤ ᠪᠤᠢ᠃ ᠠᠮᠤᠭᠤᠯᠠᠩ ᠳᠠᠩᠰᠤᠭ ᠨᠤᠶᠢᠷ᠂ ᠬᠡᠰᠢᠭ ᠳᠠᠷᠭᠤᠨ ᠵᠡᠬᠦᠳᠤ ᠮᠢᠨᠢ ᠯᠡ ᠡᠰ ᠪᠦᠬᠦᠨ ᠳᠤ ᠨᠡᠪᠴᠢᠵᠤ᠂ ᠰᠦᠨᠢ ᠶᠢᠨ ᠤᠳᠤᠳ ᠤᠭᠳᠠᠷᠭᠤᠢ ᠶᠢᠨ ᠴᠡᠬᠡᠯ ᠢ ᠭᠠᠩᠭᠠᠩ ᠬᠡᠪ  ᠢᠶᠠᠷ ᠴᠢᠮᠡᠳᠡᠭ ᠰᠢᠭ ᠢᠶᠠᠨ ᠮᠠᠷᠠᠭᠠᠰᠢ᠂ ᠵᠠᠭᠤᠨ ᠵᠢᠯ ᠢᠶᠠᠷ ᠴᠤ ᠤᠶᠤᠨ ᠰᠠᠨᠠᠭ᠎ᠠ ᠶᠢ ᠮᠢᠨᠢ ᠬᠡᠬᠡᠨᠴᠢᠷ ᠳᠠᠶᠢᠪᠤᠩ ᠪᠠᠶᠢᠯᠭᠠᠭᠠᠰᠠᠢ᠃           ᠬᠡᠶᠢᠯᠡᠭᠰᠡᠨ ᠪᠦᠮᠪᠦᠭᠡ ᠰᠢᠭ ᠳᠠᠷᠭᠤᠨ ᠪᠡᠶ᠎ᠡ ᠦᠬᠢᠨ ᠵᠠᠶᠠᠭᠠᠨ ᠳᠤ ᠮᠢᠨᠢ ᠳᠠᠩᠴᠤ ᠳᠡᠩᠴᠡᠮ᠎ᠡ ᠦᠬᠡᠢ ᠨᠢᠬᠦᠯ ᠵᠤᠪᠠᠯᠠᠩ ᠪᠤᠯᠵᠤ ᠮᠢᠨᠤ ᠵᠠᠯᠠᠭᠤ ᠨᠠᠰᠤ᠂ ᠭᠤᠸ᠎ᠠ ᠰᠠᠶᠢᠬᠠᠨ᠂ ᠠᠯᠢᠪᠠ ᠶᠢ ᠳᠠᠷᠤᠯᠠᠨ ᠬᠡᠮᠬᠡᠴᠢᠨ᠎ᠡ᠃ ᠪᠢ ᠠᠵᠠ ᠦᠬᠡᠢ ᠵᠠᠶᠠᠭᠠᠨ ᠳᠠᠭᠠᠨ ᠭᠤᠮᠤᠷᠬᠠᠨ᠎ᠠ᠃ ᠠᠮᠢᠳᠤᠷᠠᠯ ᠤᠨ ᠠᠯᠢ ᠨᠢᠬᠡ ᠵᠢᠵᠢᠭᠬᠡᠨ ᠦᠷᠳᠡᠬᠡᠨ ᠳᠤ ᠴᠤ ᠴᠢᠮ᠎ᠠ ᠠᠴᠠ ᠰᠠᠯᠵᠤ ᠴᠢᠳᠠᠰᠢ ᠦᠬᠡᠢ᠂ ᠮᠢᠨᠤ ᠠᠯᠬᠤᠭᠰᠠᠨ ᠭᠠᠵᠠᠷ᠂ ᠰᠠᠭᠤᠭᠰᠠᠨ ᠤᠷᠤ᠂ ᠤᠨᠳᠠᠭᠰᠠᠨ ᠬᠦᠨᠵᠢᠯᠠ᠂ ᠰᠡᠬᠦᠳᠡᠷ  ᠤᠨ ᠬᠠᠪᠢᠰᠤᠨ ᠳᠤ᠂ ᠡᠳᠦᠷ ᠴᠤ ᠰᠦᠨᠢ ᠴᠤ᠂ ᠪᠤᠰᠤᠳ ᠤᠨ ᠨᠢᠳᠤᠨ ᠳᠤ᠂ ᠦᠪᠡᠷ ᠢᠶᠠᠨ ᠬᠠᠷᠠᠭᠰᠠᠨ ᠴᠤ᠂ ᠪᠤᠷᠬᠠᠨ ᠳᠤ ᠭᠤᠶᠤᠭᠰᠠᠨ ᠴᠤ ᠳᠡᠷᠡ ᠯᠡ ᠳᠦᠷᠦᠭᠰᠡᠨ ᠪᠡᠶ᠎ᠡ᠂ ᠮᠦᠩᠬᠡ ᠶᠢᠨ ᠳᠡᠷᠡ ᠬᠡᠪ ᠢᠶᠠᠷ ᠢᠶᠠᠨ᠃           ᠳᠡᠭᠵᠢᠨ ᠴᠤᠪᠤᠭᠤ ᠬᠡᠳᠤᠨ ᠨᠠᠶᠢᠵᠠ ᠮᠢᠨᠢ ᠨᠠᠮᠠᠢᠢ ᠪᠦᠵᠢᠭ ᠤᠨ ᠲᠠᠩᠬᠢᠮ ᠳᠤ ᠬᠠᠮᠳᠤ ᠶᠠᠪᠤᠬᠤ ᠶᠢ ᠱᠠᠯᠠᠭᠰᠠᠨ ᠠᠴᠠ ᠦᠤᠷ ᠰᠦᠨᠢ ᠶᠢᠨ ᠳᠤᠮᠳᠠ ᠳᠡᠰᠡᠷᠬᠦ ᠬᠠᠭᠠᠷᠠᠬᠤ ᠶᠢᠨ ᠪᠠᠷᠤᠭᠳᠠᠢ ᠯᠡ ᠠᠮᠢᠳᠤᠷᠠᠯ ᠦᠷᠬᠦᠯᠵᠢᠯᠡᠬᠦ  ᠶᠢᠨ ᠵᠡᠷᠬᠡᠳᠡ ᠰᠡᠳᠬᠢᠯ ᠮᠢᠨᠢ ᠦᠬᠦᠬᠦ ᠬᠡᠵᠤ ᠳᠡᠮᠡᠤᠯᠡᠭᠰᠡᠨ᠃ ᠦᠨᠡᠨ ᠳᠡᠭᠡᠨ ᠡᠳᠦᠷ ᠢᠶᠠᠷ ᠳᠤᠭᠤᠷᠢᠬᠤ ᠶᠢ ᠪᠤᠳᠤᠪᠠᠯ ᠰᠦᠨᠢ ᠭᠠᠷᠴᠤ ᠰᠡᠯᠡᠬᠦᠴᠡᠬᠦ ᠨᠢ ᠨᠠᠳᠠ ᠳᠤ ᠵᠤᠷᠢᠭ ᠤᠷᠮ᠎ᠠ ᠬᠠᠶᠢᠷᠠᠯᠠᠭᠠᠳ ᠪᠠᠶᠢᠳᠠᠭ᠃ ᠳᠡᠳᠡ ᠬᠡᠳᠦᠬᠦᠯᠡ ᠶᠢᠨ ᠱᠤᠭ ᠢᠨᠢᠶᠡᠳᠤᠮᠳᠤ ᠶᠠᠷᠢᠶ᠎ᠠ ᠬᠦᠬᠡᠷᠦᠬᠡ ᠶᠢ ᠰᠤᠨᠤᠰᠤᠨ ᠲᠠᠭᠠᠨ ᠪᠠᠶᠠᠰᠬᠤ ᠨᠢ ᠪᠤᠬᠢᠨᠢᠳᠤᠯ ᠢᠶᠠᠨ ᠳᠦᠷ ᠴᠤ ᠮᠠᠷᠳᠠᠨ᠎ᠠ ᠪᠢᠯᠠ᠃           ᠤᠯᠠᠨ ᠤ ᠨᠢᠳᠤᠨ ᠠᠴᠠ ᠵᠠᠶᠢᠯᠠᠭᠠᠳ ᠪᠠᠶᠢᠮᠠᠷ ᠦᠬᠡᠢ ᠶᠤᠮᠰᠠᠨ᠂ ᠨᠢᠭᠤᠷ ᠢᠶᠠᠨ ᠰᠢᠷᠢᠯᠡᠭᠡᠳ ᠪᠢᠰᠢ᠂ ᠳᠦᠷᠦᠭᠰᠡᠨ ᠪᠡᠶ᠎ᠡ ᠪᠠᠨ ᠭᠠᠶᠢᠬᠠᠭᠤᠯᠤᠭᠠᠳ ᠴᠤ ᠪᠢᠰᠢ᠂ ᠬᠠᠮᠤᠭ ᠤᠨ ᠰᠠᠶᠢᠬᠠᠨ ᠠᠵᠠ ᠵᠢᠷᠭᠠᠯ ᠮᠢᠨᠤᠬᠢ᠂ ᠡᠷᠬᠡ ᠴᠢᠯᠦᠬᠡ ᠪᠦᠬᠦᠨ ᠢ ᠬᠠᠷᠠᠬᠤ ᠬᠡᠵᠤ ᠪᠦᠵᠢᠭᠯᠡᠬᠦ ᠪᠠᠷ ᠶᠠᠪᠤᠨ᠎ᠠ᠃ ᠪᠦᠵᠢᠭᠯᠡᠵᠤ ᠦᠵᠡᠶ᠎ᠡ᠃ ᠠᠯᠢ ᠨᠢᠬᠡ ᠵᠠᠯᠠᠭᠤ ᠲᠠᠢ  ᠨᠢ ᠬᠤᠤᠰᠯᠠᠯ ᠪᠦᠵᠢᠭ ᠢᠶᠠᠷ ᠰᠤᠭᠳᠤᠵᠤ ᠦᠵᠡᠨ᠎ᠡ᠃ ᠷᠤᠮᠠᠨᠲ᠋ᠢᠭ ᠠᠶ᠎ᠠ ᠰᠦᠨᠢ ᠶᠢᠨ ᠴᠡᠬᠡᠯ ᠢ ᠤᠶᠠᠷᠠᠭᠤᠯᠤᠨ᠂ ᠨᠠᠶᠢᠵᠠ ᠨᠠᠷ᠂ ᠳᠡᠷᠡ ᠤᠯᠠᠨ ᠬᠦᠮᠦᠰ ᠪᠢᠳᠡ ᠬᠤᠶᠠᠷ ᠢ ᠳᠤᠭᠤᠷᠢᠨ ᠠᠯᠠᠭ᠎ᠠ ᠳᠠᠰᠢᠨ᠎ᠠ᠂ ᠢᠨᠢᠶᠡᠳᠤ ᠪᠡᠯᠡᠭᠯᠡᠨ᠎ᠡ᠃ ᠮᠢᠨᠤ ᠤᠶᠤᠨ ᠤᠬᠠᠭᠠᠨ ᠰᠦᠭ ᠰᠦᠨᠡᠰᠤ᠂ ᠶᠠᠭᠤ ᠪᠦᠬᠦᠨ ᠤᠭᠳᠠᠷᠭᠤᠢ ᠶᠢᠨ ᠮᠠᠨᠳᠤᠯ ᠳᠤ ᠬᠦᠪᠪᠦᠨ ᠳᠡᠭᠳᠡᠬᠦ ᠰᠢᠭ᠂ ᠠᠵᠠ ᠵᠢᠷᠭᠠᠯ ᠡᠨᠡ ᠯᠡ ᠦᠶ᠎ᠡ ᠳᠤ ᠬᠦᠷᠴᠤ ᠢᠷᠡᠳᠡᠭ ᠪᠠᠶᠢᠵᠠᠢ᠃ ᠪᠢ ᠳᠡᠷᠡ ᠰᠠᠶᠢᠬᠠᠨ ᠵᠠᠯᠠᠭᠤ ᠶᠢᠨ ᠬᠠᠮᠳᠤ ᠵᠦᠴᠦᠬᠡ ᠶᠢᠨ ᠭᠤᠤᠯ ᠳᠤᠭᠯᠠᠭᠴᠢ ᠪᠤᠯᠵᠤ ᠪᠦᠵᠢᠭ ᠤᠨ ᠳᠠᠯᠠᠪᠠᠢ ᠶᠢᠨ ᠳᠤᠮᠳᠠ ᠪᠦᠵᠢᠨ᠎ᠡ᠂ ᠳᠡᠬᠦᠨ ᠤ ᠬᠠᠷᠠᠴᠠ ᠢᠮᠠᠭᠳᠠ ᠨᠠᠳᠠ ᠳᠡᠬᠡᠷ᠎ᠡ ᠰᠢᠯᠵᠢᠯ ᠦᠬᠡᠢ ᠳᠤᠭᠳᠠᠨ᠎ᠠ᠂ ᠪᠡᠯᠬᠦᠬᠡᠰᠤ ᠪᠠᠷ ᠪᠡᠶ᠎ᠡ ᠤᠷᠤᠭᠤ ᠪᠠᠨ ᠪᠠᠶᠢᠨ ᠪᠠᠶᠢᠨ ᠳᠠᠳᠠᠨ᠎ᠠ᠃ ᠪᠢ ᠢᠴᠢᠬᠦ ᠳᠦᠷᠢᠯᠡᠭᠰᠡᠨ ᠴᠤ ᠶᠢᠷᠳᠢᠨᠴᠤ ᠶᠢᠨ ᠬᠦᠮᠦᠰ ᠤᠨ ᠠᠵᠠ ᠵᠢᠷᠭᠠᠯ ᠤᠨ ᠬᠤᠶᠢᠨ᠎ᠠ  ᠠᠴᠠ ᠴᠢᠷᠮᠠᠶᠢᠨ ᠪᠦᠵᠢᠭᠯᠡᠭᠰᠡᠭᠡᠷ ᠪᠠᠶᠢᠯ᠎ᠠ᠃ ᠳᠤᠯᠤᠭᠠᠨ ᠦᠩᠬᠡ ᠶᠢᠨ ᠰᠤᠯᠤᠩᠭᠠᠨ ᠳ᠋ᠧᠩ᠂ ᠡᠬᠡᠰᠢᠭ ᠷᠤᠮᠠᠨᠲ᠋ᠢᠭ ᠪᠦᠵᠢᠭ ᠤᠨ ᠠᠶ᠎ᠠ ᠪᠢᠳᠡᠬᠢ ᠯᠡ ᠳᠠᠰᠤᠷᠠᠭᠠᠴᠢ᠂ ᠤᠯᠠᠨ ᠬᠦᠮᠦᠰ ᠤᠨ ᠪᠠᠭ᠋ᠠᠷᠬᠠᠵᠤ ᠠᠳᠠᠭᠠᠷᠬᠠᠭᠰᠠᠨ ᠬᠠᠷᠠᠴᠠ ᠪᠢᠳᠡᠬᠢ ᠰᠠᠯᠤᠭᠠᠴᠢ ᠁           ᠪᠦᠵᠢᠭ ᠤᠨ ᠳᠠᠩᠬᠢᠮ ᠳᠤ ᠬᠦᠷᠦᠬᠦ ᠪᠤᠯᠤᠭ᠎ᠠ ᠦᠬᠡᠢ ᠪᠠᠶᠢᠯ᠎ᠠ᠃ ᠵᠠᠮ ᠤᠨ ᠳ᠋ᠧᠩ᠂ ᠦᠨᠳᠦᠷ ᠠᠰᠠᠷ᠂ ᠵᠢᠭᠳᠡᠷᠡᠭᠰᠡᠨ ᠮᠤᠳᠤᠳ᠂ ᠮᠢᠨᠤ ᠬᠡᠳᠤᠨ ᠨᠠᠶᠢᠵᠠ ᠨᠠᠷ ᠰᠦᠨᠢ ᠶᠢᠨ ᠶᠢᠷᠳᠢᠨᠴᠤ ᠶᠢ ᠴᠤᠭᠯᠢᠭ ᠴᠢᠮᠡᠨ᠎ᠡ᠃ ᠮᠢᠨᠤ ᠤᠶᠢᠳᠬᠠᠷ ᠬᠡᠵᠢᠶᠡᠳᠡ ᠳᠠᠶᠢᠯᠤᠭᠳᠠᠰᠢ ᠦᠬᠡᠢ᠂   ᠡᠵᠡᠬᠦᠢ ᠤᠷᠴᠢᠯᠠᠩ ᠳᠤ ᠭᠠᠭᠴᠠᠭᠠᠷ ᠤᠷᠭᠤᠭᠰᠠᠨ ᠮᠤᠳᠤ᠂ ᠨᠠᠮᠤᠷ ᠤᠨ ᠰᠠᠯᠬᠢᠨ ᠳᠤ ᠭᠠᠭᠴᠠᠭᠠᠷ ᠬᠡᠶᠢᠰᠤᠭᠰᠡᠨ ᠨᠠᠪᠴᠢ ᠴᠤ ᠮᠠᠭᠠᠳ᠂ ᠪᠢ ᠮᠦᠨ᠃ ᠦᠬᠡᠷ᠎ᠡ ᠬᠦᠮᠦᠨ ᠶᠠᠭᠠᠬᠢᠵᠤ ᠤᠶᠢᠯᠠᠭᠠᠬᠤ ᠪᠤᠢ᠂ ᠭᠠᠭᠴᠠᠭᠠᠷᠳᠠᠯ ᠳᠤ ᠬᠦᠮᠦᠨ ᠪᠤᠯᠭᠠᠨ ᠤᠨᠤᠭᠳᠠᠳᠠᠭ ᠪᠢᠰᠢ᠃   ᠬᠠᠮᠳᠤ ᠶᠠᠪᠤᠭ᠎ᠠ ᠨᠠᠶᠢᠵᠠ ᠨᠠᠷ ᠤᠨ ᠢᠶᠠᠨ ᠠᠵᠠ ᠵᠢᠷᠭᠠᠯ᠂ ᠪᠠᠶᠠᠷ ᠪᠠᠭ᠋ᠠᠳᠤᠯ ᠪᠦᠬᠦᠨ ᠢ ᠪᠢ ᠴᠤ ᠠᠳᠠᠯᠢᠬᠠᠨ ᠡᠳᠡᠯᠡᠬᠦ ᠶᠢ ᠬᠦᠰᠡᠨ᠎ᠡ᠃   ᠨᠠᠶᠢᠵᠠ ᠵᠠᠯᠠᠭᠤ ᠡᠷᠢᠬᠦ ᠬᠡᠵᠤ ᠵᠤᠪᠠᠯᠳᠠ ᠦᠬᠡᠢ᠂ ᠭᠤᠶᠤ ᠬᠡᠬᠡᠨᠴᠡᠷ ᠵᠢᠰᠤ ᠴᠢᠷᠠᠢ᠂ ᠭᠤᠪᠠᠢ ᠨᠠᠷᠢᠬᠠᠨ ᠪᠡᠶ᠎ᠡ ᠴᠤᠭᠴᠠᠰ ᠴᠢᠨᠢ ᠠᠯᠢ ᠵᠠᠯᠠᠭᠤ ᠳᠤ ᠨᠢ ᠳᠤᠭᠤᠭᠳᠠᠬᠤ ᠦᠬᠡᠢ ᠪᠢᠯᠡ᠃ ᠤᠳᠠᠯ ᠦᠬᠡᠢ ᠡᠪᠯᠢᠭ ᠵᠠᠯᠠᠭᠤᠴᠤᠳ ᠢᠶᠠᠨ ᠰᠤᠩᠭᠤᠨ ᠳᠠᠰᠤ ᠳᠡᠪᠡᠷᠢᠯᠳᠤᠨ ᠪᠦᠵᠢᠭᠯᠡᠨ᠎ᠡ᠃ ᠪᠢ ᠬᠠᠷᠠᠭᠠᠳ ᠵᠤᠭᠰᠤᠬᠤ ᠯᠡ ᠪᠠᠶᠢᠬ᠎ᠠ᠂ ᠠᠯᠢ ᠨᠢᠬᠡᠨ ᠳᠡᠬᠡᠷ᠎ᠡ  ᠨᠢ ᠨᠢᠳᠤ ᠳᠤᠭᠳᠠᠴᠢᠬᠠᠭᠠᠳ ᠮᠡᠯᠡᠷᠡᠵᠤ ᠴᠤ ᠮᠡᠳᠡᠨ᠎ᠡ᠃ ᠨᠠᠮᠠᠢᠢ ᠪᠦᠵᠢᠭᠯᠡᠬᠦ ᠪᠠᠷ ᠤᠷᠢᠬᠤ ᠵᠠᠯᠠᠭᠤ ᠭᠠᠷᠬᠤ ᠦᠬᠡᠢ ᠪᠠᠶᠢᠬ᠎ᠠ᠂ ᠶᠢᠷᠳᠢᠨᠴᠤ ᠶᠢᠨ ᠬᠠᠮᠤᠭ ᠬᠦᠭᠡᠷᠦᠬᠦᠶᠢᠯᠡᠯᠲᠡᠢ ᠨᠢ ᠪᠢ ᠮᠡᠳᠤ᠃ ᠬᠦᠨ ᠤᠶᠢᠳᠬᠠᠷ ᠬᠡᠵᠤ ᠡᠨᠡ ᠮᠦᠴᠡ ᠯᠡ ᠪᠠᠶᠢᠵᠤ ᠳᠠᠭᠠᠷᠠᠨ᠎ᠠ᠃           ᠡᠷᠡᠭᠳᠡᠢ ᠨᠠᠶᠢᠵᠠ ᠲᠠᠢ ᠪᠤᠯᠵᠤ ᠬᠤᠤᠰ ᠢᠶᠠᠷ ᠳᠤᠭᠤᠯᠬᠤ ᠬᠤᠷᠸ᠎ᠠ ᠶᠢ ᠪᠦᠳᠦᠨ ᠵᠢᠷᠭᠠᠭᠤᠯᠬᠤ ᠳᠤᠬᠢᠶᠠᠯ ᠨᠠᠳᠠ ᠠᠴᠠ ᠬᠤᠯᠠᠳᠠᠭᠰᠠᠭᠠᠷ᠃ ᠨᠠᠰᠤᠨ ᠤ ᠵᠠᠶᠠᠭᠠᠨ ᠳᠤ ᠳᠦᠨᠳᠦᠬᠡᠷ ᠬᠠᠷ᠎ᠠ᠂ ᠨᠢᠰᠤᠬᠠᠢ ᠪᠤᠷᠤ ᠶᠠᠮᠠᠷ ᠴᠤ ᠪᠤᠯᠤᠭ ᠡᠪ ᠢᠶᠠᠷ ᠨᠢ ᠬᠠᠷᠭᠤᠵᠤ ᠢᠷᠡᠬᠡᠰᠡᠢ᠃ ᠨᠠᠮᠠᠢᠢ ᠳᠤᠭᠤᠬᠤ ᠨᠢ ᠪᠤᠮᠠᠨ ᠬᠦᠮᠦᠨ ᠳᠤ ᠨᠢᠬᠡ ᠯᠡ ᠪᠠᠶᠢᠪᠠᠯ ᠬᠦᠢᠴᠡᠭᠡ᠂ ᠵᠠᠶᠠᠭ᠎ᠠ ᠮᠢᠨᠢ ᠳ᠋ᠧ︕ ᠬᠠᠶᠢᠷᠠᠯᠠᠵᠤ ᠬᠠᠶᠢᠷᠠᠯᠠᠭᠳᠠᠬᠤ ᠡᠷᠬᠡ ᠴᠢᠯᠦᠬᠡ ᠬᠢᠵᠠᠭᠠᠷ ᠦᠬᠡᠢ᠂ ᠬᠤᠶᠠᠷ ᠬᠦᠮᠦᠨ ᠤ ᠠᠮᠢᠳᠤᠷᠠᠯ ᠤᠨ ᠳᠠᠪᠢᠯᠠᠩ ᠬᠡᠳᠡᠭ ᠴᠢᠨᠢ ᠬᠤᠪᠢ ᠢᠷᠦᠬᠡᠯ ᠢᠶᠠᠷ ᠢᠷᠡᠳᠡᠭ ᠪᠠᠶᠢᠵᠤ ᠳᠠᠭᠠᠷᠠᠨ᠎ᠠ᠃ ᠪᠢ ᠴᠦᠬᠦᠷᠡᠵᠤ ᠴᠢᠳᠠᠬᠤ ᠦᠬᠡᠢ᠂ ᠬᠡᠨ ᠨᠢᠬᠡ ᠬᠦᠮᠦᠨ ᠢ ᠬᠦᠯᠢᠶᠡᠨ᠎ᠡ᠂ ᠠᠵᠠ ᠵᠢᠷᠭᠠᠯ ᠢ ᠬᠦᠰᠡᠨ᠎ᠡ᠃             ᠦᠨᠡᠨ ᠳᠡᠭᠡᠨ ᠮᠠᠷᠢᠶᠠᠯᠢᠭ ᠦᠬᠢᠳ ᠢ ᠦᠨᠡᠨ ᠰᠡᠳᠬᠢᠯ ᠠᠴᠠ ᠪᠠᠨ ᠬᠠᠶᠢᠷᠠᠯᠠᠵᠤ ᠴᠢᠳᠠᠭᠰᠠᠨ ᠡᠷᠡᠭᠳᠡᠢ ᠪᠤᠯ ᠬᠠᠮᠤᠭ ᠤᠨ ᠠᠭᠤᠤ ᠶᠡᠭᠡ᠂ ᠬᠦᠮᠦᠨ ᠪᠤᠯᠭᠠᠨ ᠳᠤ ᠡᠷᠬᠡ ᠳᠡᠭᠰᠢ ᠪᠠᠷ ᠬᠠᠨᠳᠤᠬᠤ ᠶᠢ ᠮᠡᠳᠡᠨ᠎ᠡ᠂ ᠬᠢᠵᠠᠭᠠᠷ ᠦᠬᠡᠢ ᠪᠠᠭᠳᠠᠭᠠᠮᠵᠢ ᠲᠠᠢ᠂ ᠬᠦᠮᠦᠨ ᠤ ᠰᠡᠳᠬᠢᠯ ᠤᠨ ᠬᠠᠮᠤᠭ ᠤᠨ ᠡᠮᠵᠡᠭ ᠨᠠᠷᠢᠨ ᠭᠠᠵᠠᠷ ᠢ ᠬᠦᠨᠳᠡᠵᠤ ᠴᠢᠳᠠᠳᠠᠭ ᠦᠬᠡᠢ ᠰᠠᠶᠢᠬᠠᠨ ᠰᠡᠳᠬᠢᠯ ᠲᠠᠢ ᠬᠦᠮᠦᠨ ᠳ᠋ᠠ᠃ ᠳᠡᠶᠢᠮᠤ ᠬᠦᠮᠦᠨ ᠪᠠᠶᠢᠬᠤ ᠳᠤ ᠬᠦᠷᠪᠡᠯ ᠪᠤᠷᠬᠠᠨ ᠴᠤ ᠢᠪᠡᠬᠡᠬᠦ ᠪᠠᠶᠢᠬ᠎ᠠ᠂ ᠬᠠᠷᠢᠨ ᠦᠨᠡᠬᠡᠷ ᠪᠠᠶᠢᠨ᠎ᠠ᠃       ᠨᠠᠶᠢᠵᠠ ᠨᠠᠷ ᠮᠢᠨᠢ ᠮᠠᠰᠢ ᠭᠤᠶᠤ ᠰᠠᠶᠢᠬᠠᠨ ᠵᠠᠰᠠᠵᠤ ᠴᠢᠮᠡᠵᠡᠢ᠃ ᠪᠦᠵᠢᠭ ᠤᠨ ᠳᠤ ᠤᠴᠢᠬᠤ ᠪᠡᠯᠡᠳᠬᠡᠯ ᠨᠦᠬᠦᠴᠡᠯ ᠶᠠᠭᠤ ᠴᠤ ᠪᠡᠯᠡᠬᠡᠨ᠃ ᠵᠠᠯᠠᠭᠤ ᠨᠠᠰᠤᠨ ᠤ ᠬᠡᠤᠬᠡᠨᠴᠤᠳ ᠢᠩᠬᠢᠵᠤ ᠯᠡ ᠴᠠᠭ ᠤᠨ ᠦᠩᠬᠡ ᠶᠢ ᠳᠠᠭᠠᠵᠤ ᠠᠮᠢᠳᠤᠷᠠᠯ ᠤᠨ ᠠᠯᠬᠤᠮ ᠪᠦᠷᠢ ᠪᠠᠨ ᠳᠤᠬᠢᠳᠠᠢ ᠴᠢᠮᠡᠵᠤ᠂ ᠠᠵᠠ ᠵᠢᠷᠭᠠᠯ ᠢᠶᠠᠨ ᠬᠠᠭᠠᠴᠠᠶᠢᠯᠠᠵᠤ ᠶᠠᠪᠤᠬᠤ ᠨᠢ ᠡᠷᠬᠢᠮ ᠳ᠋ᠠ᠃ ᠪᠦᠵᠢᠭ ᠤᠨ ᠳᠠᠩᠬᠢᠮ ᠴᠤ ᠵᠠᠯᠠᠭᠤ ᠦᠬᠢᠳ ᠤᠨ ᠦᠵᠡᠰᠬᠦᠯᠡᠩ ᠢᠶᠠᠷ ᠳᠠᠶᠢᠰᠠ ᠪᠠᠨ ᠴᠢᠮᠡᠭᠯᠡᠬᠦ ᠪᠠᠨ ᠪᠠᠶᠢᠵᠤ ᠴᠢᠳᠠᠬᠤ ᠦᠬᠡᠢ᠃ ᠪᠢ ᠨᠠᠶᠢᠵᠠ ᠨᠠᠷ ᠢᠶᠠᠨ ᠰᠢᠭ᠋ ᠶᠠᠩᠵᠤᠯᠠᠵᠤ ᠭᠤᠶᠤᠯᠠᠵᠤ ᠴᠢᠳᠠᠭ᠎ᠠ ᠦᠬᠡᠢ᠂ ᠦᠷᠬᠦᠯᠵᠢ ᠡᠮᠦᠰᠳᠡᠭ ᠳᠡᠷᠡ ᠯᠡ ᠵᠠᠬ᠎ᠠ ᠬᠤᠪᠴᠠᠰᠤ᠃ ᠬᠤᠪᠴᠠᠰᠤᠨ ᠳᠡᠯᠬᠡᠬᠦᠷ ᠨᠠᠮᠠᠢᠢ ᠭᠠᠳᠠᠭᠤᠷᠰᠢᠶᠠᠨ᠎ᠠ᠂ ᠪᠢ ᠴᠤ ᠡᠭᠦᠳᠡ  ᠪᠠᠷ ᠨᠢ ᠳᠤᠳᠤᠭᠰᠢ ᠪᠠᠨ ᠬᠠᠷᠠᠭᠠᠳ ᠰᠡᠳᠬᠢᠯ ᠴᠦᠬᠦᠳᠡᠭ᠃ ᠮᠤᠳᠧᠨ ᠵᠦᠢᠯᠡᠰ ᠬᠤᠯᠠᠳᠠᠨ᠎ᠠ᠂ ᠴᠠᠭ ᠤᠨ ᠦᠩᠬᠡ ᠰᠢᠭᠰᠢᠨ᠎ᠡ᠂ ᠠᠯᠢᠪᠠ ᠭᠤᠶᠤ ᠰᠠᠶᠢᠬᠠᠨ ᠵᠦᠢᠯᠡᠰ ᠨᠠᠳᠠ ᠲᠠᠢ ᠬᠤᠪᠢ ᠪᠠᠷᠢᠯᠳᠤᠯᠭ᠎ᠠ ᠪᠠᠨ ᠠᠯᠳᠠᠵᠤ ᠤᠷᠬᠢᠨ᠎ᠠ᠃         ᠠᠮᠢᠳᠤᠷᠠᠯ᠂ ᠰᠤᠷᠭᠠᠭᠤᠯᠢ ᠶᠢᠨ ᠬᠦᠷᠢᠶ᠎ᠡ ᠴᠤ ᠨᠠᠳᠠ ᠲᠠᠢ ᠬᠠᠳᠠᠭᠤᠬᠠᠨ ᠳᠤᠭᠯᠠᠭᠠᠮ ᠪᠤᠯᠵᠤ ᠬᠠᠯᠵᠠ ᠮᠦᠷᠬᠦᠨ᠎ᠡ᠃ ᠮᠠᠨ ᠤᠨ ᠠᠩᠬᠢ ᠶᠢᠨ ᠬᠢᠨ ᠤ ᠨᠢᠬᠡ ᠤᠳᠠᠭᠠᠨ ᠤ ᠰᠢᠨ᠎ᠡ ᠵᠢᠯ ᠢᠶᠠᠨ ᠤᠭᠳᠤᠬᠤ ᠬᠤᠭᠤᠯᠠᠨ ᠰᠢᠷᠡᠭᠡ  ᠪᠠᠨ ᠰᠠᠶᠢᠬᠠᠨ ᠪᠡᠯᠡᠳᠬᠡᠵᠤ ᠮᠠᠨᠠᠷᠠᠳᠠᠯ᠎ᠠ ᠤᠤᠭᠤᠵᠤ ᠨᠠᠶᠢᠷᠯᠠᠬᠤ ᠪᠠᠷ ᠳᠤᠭᠳᠠᠭᠰᠠᠨ ᠪᠠᠶᠢᠯ᠎ᠠ᠃ ᠦᠨᠡᠨᠳᠡᠭᠡᠨ ᠪᠤᠯ ᠡᠷᠡᠭᠳᠡᠢ ᠰᠤᠷᠤᠭᠴᠢᠳ ᠠᠴᠠ ᠡᠮᠡᠭᠳᠡᠢ ᠰᠤᠷᠤᠭᠴᠢᠳ ᠢ ᠰᠤᠭᠳᠤᠭᠠᠵᠤ ᠱᠢ ᠶᠢ ᠨᠢ ᠳᠠᠭᠤᠯᠠᠭᠤᠯᠬᠤ ᠬᠤᠤᠪᠢᠯᠳᠤᠯᠭ᠎ᠠ ᠪᠠᠶᠢᠵᠠᠢ᠃ ᠠᠩᠬᠢ ᠶᠢᠨ ᠳᠠᠷᠤᠭ᠎ᠠ ᠠᠴᠠ ᠨᠠᠶᠢᠷ ᠤᠨ ᠰᠢᠷᠡᠭᠡ ᠡᠬᠢᠯᠡᠬᠦ ᠭᠤᠷᠪᠠᠨ ᠬᠤᠨᠳᠠᠭ᠎ᠠ ᠶᠢ ᠱᠠᠯᠠᠪᠳᠠᠭᠤᠯᠤᠨ ᠶᠠᠪᠤᠭᠤᠯᠬᠤ ᠶᠢ ᠱᠠᠭᠠᠷᠳᠠᠯ᠎ᠠ᠃ ᠪᠢ ᠦᠪᠡᠷ ᠢ ᠪᠠᠨ ᠳᠠᠩᠴᠤ ᠡᠷᠡᠰ ᠪᠦᠳᠦᠭᠦᠯᠢᠭ ᠴᠤ ᠶᠤᠮ ᠤᠤ ᠳ᠋ᠠ ᠬᠡᠵᠤ ᠬᠠᠷᠠᠳᠠᠵᠤ ᠵᠢᠮᠡᠯᠡᠨ᠎ᠡ᠃ ᠳᠡᠮᠡᠢ ᠬᠡᠯᠡᠬᠦᠯᠦᠭᠰᠡᠨ ᠦᠬᠡᠢ ᠪᠠᠷ ᠭᠤᠷᠪᠠᠨ ᠰᠢᠯ ᠫᠢᠸᠤ᠋ ᠶᠢ ᠨᠢ ᠤᠤᠭᠤᠭᠠᠳ ᠤᠯᠠᠨ ᠤ ᠠᠩᠬᠠᠷᠤᠯ᠂ ᠬᠠᠷᠠᠴᠠ ᠶᠢ ᠳᠠᠳᠠᠭᠰᠠᠨ ᠪᠠᠶᠢᠵᠠᠢ᠃ ᠪᠢ ᠤᠯᠵᠤ ᠮᠡᠳᠡᠭᠰᠡᠨ ᠦᠬᠡᠢ ᠶᠤᠮ ᠰᠢᠭ ᠪᠡᠯᠡᠳᠬᠡᠭᠰᠡᠨ ᠳᠠᠭᠤᠨ ᠤ ᠦᠬᠡ ᠪᠠᠨ ᠰᠡᠮᠡᠬᠡᠷ ᠴᠡᠬᠡᠵᠢᠯᠡᠵᠤ᠂ ᠠᠮᠠᠨ ᠳᠠᠭᠠᠨ ᠬᠢᠩᠰᠢᠨ᠎ᠡ᠃ ᠦᠨᠡᠨ ᠳᠡᠭᠡᠨ ᠪᠢ ᠳᠤᠩ ᠢᠴᠢᠵᠡᠢ᠂ ᠨᠢᠬᠡ ᠬᠡᠤᠬᠡᠨ ᠬᠦᠮᠦᠨ ᠡᠷᠡᠭᠳᠡᠢ ᠰᠤᠷᠤᠭᠴᠢ ᠲᠠᠢ ᠬᠠᠮᠳᠤ ᠰᠢᠯ ᠲᠠᠢ ᠠᠷᠢᠬᠢ ᠪᠠᠨ ᠬᠤᠭᠤᠰᠤᠯᠠᠨ᠎ᠠ ᠬᠡᠵᠤ ᠪᠤᠳᠤᠬᠤ  ᠠᠴᠠ ᠳᠤᠳᠤᠷ᠎ᠠ ᠤᠯᠠᠮ ᠪᠠᠴᠢᠮᠳᠠᠨ᠎ᠠ᠃ ᠵᠠᠯᠭᠠᠭᠠᠳ ᠶᠠᠭᠠᠬᠢᠭᠰᠠᠨ ᠴᠤ ᠤᠤᠭᠤᠵᠤ ᠪᠤᠯᠬᠤ ᠦᠬᠡᠢ ᠬᠡᠵᠤ ᠪᠡᠶ᠎ᠡ  ᠳᠡᠭᠡᠨ ᠬᠠᠳᠠᠭᠤ ᠱᠠᠭᠠᠷᠳᠠᠯᠭ᠎ᠠ ᠳᠠᠯᠪᠢᠵᠤ ᠠᠮᠵᠢᠪᠠ᠃ ᠨᠠᠮᠠᠢᠢ ᠳᠠᠭᠠᠭᠠᠳ ᠪᠤᠰᠤᠳ ᠡᠮᠡᠭᠳᠡᠢ ᠨᠦᠬᠦᠳ ᠴᠤ ᠰᠢᠭᠤᠳᠮᠠᠭ ᠤᠤᠭᠤᠵᠤ᠂ ᠴᠤᠮᠤ ᠲᠠᠢ ᠠᠷᠢᠬᠢ ᠪᠠᠨ ᠬᠦᠨᠳᠦᠷᠦᠭᠰᠡᠨ ᠢᠶᠠᠨ ᠦᠵᠡᠬᠦᠯᠵᠤ ᠪᠠᠶᠢᠯ᠎ᠠ᠃ ᠪᠢ ᠳᠠᠭᠤᠷᠢᠶᠠᠯ ᠪᠤᠯᠤᠭᠰᠠᠨ ᠴᠤ ᠪᠠᠶᠢᠵᠤ ᠮᠡᠳᠡᠬᠦ ᠶᠤᠮ᠃ ᠨᠠᠶᠢᠷ ᠤᠨ ᠰᠢᠷᠡᠬᠡᠨ ᠤ ᠨᠢᠬᠡᠳᠤᠬᠡᠷ ᠨᠤᠭᠤᠯᠠᠭ᠎ᠠ ᠳᠠᠭᠤᠰᠤᠭᠰᠠᠨ ᠮᠡᠳᠤ ᠬᠡᠰᠡᠭ ᠨᠠᠮ ᠵᠢᠮ ᠪᠤᠯᠵᠤ᠂ ᠬᠡᠨ ᠨᠢᠬᠡᠨ ᠠᠴᠠ ᠨᠢ ᠠᠶ᠎ᠠ ᠳᠠᠭᠤᠤ᠂ ᠰᠢᠯᠦᠭ ᠨᠠᠶᠢᠷᠠᠭ ᠬᠦᠰᠡᠵᠤ ᠡᠬᠢᠯᠡᠯ᠎ᠡ᠃ ᠮᠢᠨᠤ ᠳᠤᠳᠤᠷ᠎ᠠ ᠰᠤᠴᠢᠰᠬᠢᠬᠤ ᠶᠢᠨ ᠵᠡᠷᠬᠡ ᠳᠤ ᠰᠡᠮ ᠪᠠᠶᠠᠷᠯᠠᠵᠤ ᠠᠪᠤᠪᠠ᠃ ᠰᠢᠨ᠎ᠡ ᠵᠢᠯ ᠢᠶᠠᠨ ᠤᠭᠳᠤᠬᠤ ᠨᠠᠶᠢᠷ ᠶᠤᠮ ᠪᠤᠯᠬᠤᠷ ᠳᠠᠭᠤᠯᠠᠵᠤ ᠨᠠᠶᠢᠷᠬᠤ ᠦᠬᠡᠢ ᠭᠠᠷᠤᠨ᠎ᠠ ᠬᠡᠵᠤ ᠪᠠᠶᠢᠬᠤ ᠦᠬᠡᠢ᠃ ᠨᠠᠳᠠ ᠳᠡᠬᠡᠷ᠎ᠡ ᠤᠨᠤᠭᠳᠠᠬᠤ ᠴᠤ ᠮᠠᠭᠠᠳ ᠬᠡᠵᠤ ᠬᠢᠴᠢᠶᠡᠬᠡᠳ ︽ᠬᠠᠮᠳᠤ ᠳᠠᠭᠠᠨ ᠳᠤᠭᠤᠯᠠᠶ᠎ᠠ︾ ᠬᠡᠰᠡᠨ ᠨᠢᠭᠤᠨ ᠪᠠᠶᠢᠵᠤ ᠰᠤᠷᠤᠭᠰᠠᠨ ᠳᠠᠭᠤᠤ ᠪᠠᠨ ᠪᠡᠯᠡᠳᠬᠡᠵᠤ ᠢᠷᠡᠭᠰᠡᠨ ᠶᠤᠮ᠃ ᠠᠪᠤ ᠡᠵᠢ ᠠᠴᠠ ᠮᠢᠨᠢ ᠪᠢ ᠰᠠᠶᠢᠬᠠᠨ ᠬᠤᠭᠤᠯᠠᠢ ᠲᠠᠢ ᠵᠠᠶᠠᠭᠠᠭᠰᠠᠨ ᠪᠤᠯᠪᠠᠴᠤ ᠶᠡᠷᠦ  ᠨᠢ ᠬᠦᠮᠦᠰ ᠲᠤ ᠮᠡᠳᠡᠷᠡᠬᠦᠯᠬᠦ ᠵᠠᠪᠰᠢᠶᠠᠨ ᠤᠯᠳᠠᠭ᠎ᠠ ᠦᠬᠡᠢ᠃ ᠠᠩᠬᠢ ᠶᠢᠨ ᠨᠦᠬᠦᠳ᠂ ᠪᠠᠶᠢᠷᠢ ᠶᠢᠨ ᠨᠠᠶᠢᠵᠠ ᠨᠠᠷ ᠮᠢᠨᠢ ᠴᠤ ᠮᠡᠳᠡᠭᠡ ᠦᠬᠡᠢ ᠪᠠᠶᠢᠭᠰᠠᠨ ᠪᠤᠯᠬᠤᠷ ᠡᠨᠡ ᠤᠳᠠᠭ᠎ᠠ ᠬᠤᠭᠤᠯᠠᠢ ᠶᠢᠨ ᠢᠶᠠᠨ ᠡᠷᠳᠡᠮ ᠢ ᠭᠠᠷᠭᠠᠴᠢᠬᠠᠬᠤ ᠶᠢ ᠰᠠᠨᠠᠵᠤ᠂ ᠬᠡᠨ ᠨᠢᠬᠡ ᠨᠢ ᠨᠠᠳᠠ ᠠᠴᠠ ᠳᠠᠭᠤᠤ ᠠᠪᠤᠶ᠎ᠠ ᠬᠡᠵᠤ ᠬᠡᠯᠡᠬᠦ ᠶᠢ   ᠬᠦᠰᠡᠨ ᠬᠦᠯᠢᠶᠡᠵᠤ ᠰᠠᠭᠤᠯ᠎ᠠ᠃ ᠤᠳᠠᠯ ᠦᠬᠡᠢ ᠠᠩᠬᠢ ᠶᠢᠨ ᠳᠠᠷᠤᠭ᠎ᠠ ᠠᠴᠠ ᠦᠪᠡᠷ ᠢᠶᠠᠨ ᠳᠠᠭᠤᠯᠠᠭᠠᠳ ᠡᠬᠢᠯᠡᠪᠡ᠃ ︽ᠪᠤᠭᠳᠠ ᠴᠢᠩᠬᠢᠰ︾ ᠢᠶᠠᠷ ᠬᠦᠩᠬᠢᠨᠡᠳᠡᠯ᠎ᠡ ᠤᠷᠳᠤᠯᠠᠭᠤᠯᠵᠤ ᠤᠯᠠᠨ ᠤ ᠪᠢᠰᠢᠷᠡᠯ ᠪᠠᠭ᠋ᠠᠷᠬᠠᠯ ᠢ ᠬᠦᠯᠢᠶᠡᠨ᠂ ᠨᠢᠵᠢᠬᠢᠨᠡᠳᠡᠯ᠎ᠡ ᠠᠯᠭ᠎ᠠ ᠳᠠᠰᠢᠯᠳᠠ ᠬᠦᠷᠳᠡᠬᠦ ᠶᠢᠨ ᠵᠡᠷᠬᠡ ᠳᠤ ᠰᠠᠶᠢᠬᠠᠨ ᠦᠬᠡ ᠪᠠᠨ ᠤᠷᠤᠰᠬᠠᠵᠤ ᠬᠢᠵᠠᠭᠠᠷ ᠦᠬᠡᠢ ᠰᠡᠳᠬᠢᠯ ᠳᠤᠭᠳᠤᠯᠤᠭᠰᠠᠨ ᠪᠠᠭᠠᠰᠢ ᠭᠠᠷᠭᠠᠨ ᠰᠢᠨ᠎ᠡ ᠵᠢᠯ ᠤᠨ ᠠᠷᠢᠬᠢ ᠬᠡᠮᠡᠨ ᠡᠷᠬᠦᠵᠤ ᠬᠦᠮᠦᠨ ᠪᠤᠯᠭᠠᠨ ᠢ ᠱᠠᠯᠠᠯ᠎ᠠ᠃ ᠪᠢ ᠵᠢᠭᠠᠬᠠᠨ ᠬᠦᠯᠢᠶᠡᠵᠤ ᠰᠢᠭ ᠪᠠᠶᠢᠭᠰᠠᠨ ᠪᠤᠯᠪᠠᠴᠤ ᠤᠤᠭᠤᠬᠤ ᠠᠴᠠ ᠵᠠᠶᠢᠯᠠᠵᠤ ᠴᠢᠳᠠᠭᠰᠠᠨ ᠦᠬᠡᠢ᠃ ᠰᠢᠷᠡᠭᠡ ᠮᠠᠰᠢ ᠬᠦᠭᠵᠢᠶᠡᠨᠳᠡᠢ ᠪᠠᠶᠢᠯ᠎ᠠ ᠴᠤ ᠡᠮᠡᠭᠳᠡᠢ ᠰᠤᠷᠤᠭᠴᠢᠳ ᠢ ᠢᠯᠳᠠᠷ ᠬᠠᠶᠠᠬᠤ ᠦᠬᠡᠢ ᠤᠤᠭᠤᠯᠭᠠᠵᠤ ᠪᠠᠶᠢᠪᠠ᠃ ᠨᠡᠯᠢᠶᠡᠳ ᠨᠢ ᠰᠤᠭᠳᠤᠵᠤ ᠡᠬᠢᠯᠡᠭᠰᠡᠨ ᠬᠠᠷᠠᠭᠳᠠᠨ᠎ᠠ᠃ ᠪᠢ ᠶᠠᠭᠠᠬᠢᠭ᠎ᠠ ᠴᠤ ᠦᠬᠡᠢ᠃ ᠤᠤᠭᠤᠴᠢᠬ᠎ᠠ ᠬᠡᠰᠡᠨ ᠪᠤᠯᠭᠠᠨ ᠢ ᠨᠢ ᠤᠤᠭᠤᠭᠰᠠᠭᠠᠷ ᠮᠦᠷᠳᠡᠬᠡᠨ ᠳᠠᠭᠤᠨ ᠤ ᠦᠬᠡ ᠪᠠᠨ ᠴᠤ ᠰᠠᠶᠢᠬᠠᠨ ᠴᠡᠬᠡᠵᠢᠯᠡᠭᠰᠡᠬᠡᠷ᠃ ᠮᠢᠨᠤ ᠠᠷᠢᠬᠢ ᠰᠠᠶᠢᠨ ᠳᠠᠭᠠᠬᠤ ᠶᠢ ᠠᠩᠬᠢ ᠶᠢᠨ ᠨᠦᠬᠦᠳ ᠬᠡᠷᠬᠢᠨ ᠮᠡᠳᠡᠬᠦ ᠪᠢᠯᠡ᠂ ᠳᠡᠳᠡᠨ ᠤ ᠱᠤᠭ ᠢ ᠬᠠᠷᠠᠬᠤ ᠬᠡᠰᠡᠨ ᠨᠢ ᠴᠤ ᠪᠡᠶᠡᠯᠡᠭᠳᠡᠵᠤ ᠳᠡᠶᠢᠯᠬᠦ ᠦᠬᠡᠢ ᠬᠡᠰᠡᠨ ᠨᠢ ᠳᠤᠳᠤᠷᠬᠠᠢ ᠪᠠᠶᠢᠯ᠎ᠠ᠃       ᠡᠷᠡᠭᠳᠡᠢ ᠰᠤᠷᠤᠭᠴᠢ ᠶᠢᠨ ᠨᠢᠬᠡ ᠨᠢ ᠰᠠᠭᠤᠭᠰᠠᠨ ᠤᠷᠤᠨ ᠠᠴᠠ ᠪᠠᠨ ᠪᠤᠰᠴᠠᠢ᠃ ᠬᠤᠨᠳᠠᠭ᠎ᠠ ᠲᠠᠢ ᠠᠷᠢᠬᠢ  ᠪᠠᠨ ᠪᠠᠷᠢᠪᠠ᠃ ᠨᠠᠮᠠᠢᠢ ᠶᠢ ᠡᠭᠴᠡᠯᠡᠨ ᠬᠠᠷᠠᠯ᠎ᠠ᠃ ᠠᠭᠱᠠᠨ ᠵᠠᠭᠤᠷ᠎ᠠ ᠴᠤ ᠰᠠᠶᠢᠨ ᠰᠠᠶᠢᠬᠠᠨ ᠤᠶᠢᠷᠠᠳᠬᠤ ᠰᠢᠭ᠋ ᠁ ᠨᠠᠳᠠ ᠲᠠᠢ ᠬᠤᠶᠠᠷ ᠬᠤᠨᠳᠠᠭ᠎ᠠ ᠠᠷᠢᠬᠢ ᠤᠤᠭᠤᠬᠤ ᠬᠡᠯ᠎ᠡ᠂ ᠨᠢᠬᠡᠳᠤᠬᠡᠷ ᠬᠤᠨᠳᠠᠭ᠎ᠠ ᠨᠢ ᠨᠠᠮᠠᠢᠢ ᠮᠠᠷᠢᠶ᠎ᠠ ᠴᠢᠨᠢ ᠱᠤᠭᠤᠷᠠᠵᠤ ᠪᠠᠶᠢᠨ᠎ᠠ ᠬᠡᠨ᠎ᠡ᠂ ᠬᠤᠶᠠᠳᠤᠭᠠᠷ ᠬᠤᠨᠳᠠᠭ᠎ᠠ ᠨᠢ ᠠᠵᠠ ᠵᠢᠷᠭᠠᠯ ᠬᠦᠰᠡᠵᠤ ᠪᠠᠶᠢᠨ᠎ᠠ᠂ ᠠᠯᠢᠪᠠ ᠰᠡᠳᠬᠢᠯ  ᠤᠨ ᠦᠬᠡ ᠬᠤᠨᠳᠠᠭᠠᠨ ᠳᠤ ᠪᠠᠶᠢᠨ᠎ᠠ ᠬᠡᠳ ᠠᠷᠢᠬᠢ ᠪᠠᠨ ᠶᠠᠪᠤᠭᠤᠯᠪᠠ᠃ ᠡᠨᠡ ᠦᠶ᠎ᠡ ᠬᠦᠷᠦᠬᠡᠳ ᠪᠢ ᠴᠤ ᠰᠢᠭᠤᠷᠬᠠᠢ ᠪᠤᠯᠴᠢᠬᠠᠭᠰᠠᠨ ᠪᠠᠶᠢᠯ᠎ᠠ᠃ ᠬᠤᠶᠠᠷ ᠰᠢᠯ ᠫᠢᠸᠤ᠋ ᠶᠢ ᠨᠢ ᠰᠠᠭᠠᠳᠠᠯ ᠦᠬᠡᠢ ᠭᠤᠳᠤᠷᠠᠭᠠᠳ ᠦᠭᠪᠡ᠃ ᠵᠠᠯᠭᠠᠭᠠᠳ ᠬᠡᠨ ᠨᠢᠬᠡ ᠨᠢ ᠨᠠᠳᠠ ᠲᠠᠢ ᠭᠤᠷᠪᠠ ᠪᠠᠷ ᠴᠤ ᠮᠠᠭᠠᠳ ᠤᠤᠭᠤᠬᠤ ᠬᠡᠬᠦ ᠪᠠᠶᠢᠬ᠎ᠠ᠂ ᠶᠠᠮᠠᠷ ᠪᠤᠯᠤᠭᠰᠠᠨ ᠴᠤ ᠪᠡᠶ᠎ᠡ ᠪᠠᠨ ᠬᠢᠴᠢᠶᠡᠬᠦ ᠨᠢ ᠴᠢᠬᠤᠯᠠ᠃ ᠠᠮᠢᠳᠤᠷᠠᠯ ᠳᠡᠷᠡ ᠴᠢᠭ ᠢᠶᠠᠷ ᠢᠶᠠᠨ ᠢᠨᠢᠶᠡᠳᠤᠮ᠂ ᠱᠤᠭ ᠵᠦᠴᠦᠬᠡ᠂ ᠬᠡᠪᠡᠴᠤ ᠪᠢ ᠳᠡᠬᠦᠨ ᠤ ᠳᠤᠮᠳᠠ ᠳᠤᠭᠯᠠᠬᠤ ᠳᠤᠷ᠎ᠠ ᠦᠬᠡᠢ᠃ ᠠᠩᠬᠢ ᠶᠢᠨ ᠨᠦᠬᠦᠳ ᠡᠷᠡᠭᠳᠡᠢ ᠡᠮᠡᠭᠳᠡᠢ ᠬᠡᠰᠡᠨ ᠦᠬᠡᠢ ᠪᠦᠷ ᠳᠡᠬᠡᠬᠦᠷ ᠬᠦᠪᠪᠦᠵᠤ᠂ ᠨᠡᠯᠢᠶᠡᠳ ᠪᠤᠯᠤᠭᠰᠠᠨ ᠨᠢ ᠮᠡᠳᠡᠭᠳᠡᠨ᠎ᠡ᠃ ᠪᠢ ᠳᠡᠬᠦᠨ ᠤ ᠳᠤᠬᠠᠢ ᠲᠠᠢ ᠁ ᠬᠡᠰᠡᠭᠬᠡᠨ ᠪᠤᠳᠤᠯ ᠤᠷᠤᠯ᠎ᠠ᠂ ᠬᠦᠳᠡᠷ ᠳᠠᠷᠭᠤᠨ ᠪᠡᠶ᠎ᠡ ᠨᠢᠳᠤᠨ ᠬᠠᠷᠠᠴᠠᠨ ᠳᠤ ᠬᠠᠯᠳᠤ ᠮᠦᠯᠲᠦ ᠤᠷᠤᠨ᠎ᠠ᠃ ᠠᠩᠬᠢ  ᠶᠢᠨ ᠨᠦᠬᠦᠳ ᠴᠤ ᠪᠢᠳᠡ ᠬᠤᠶᠠᠷ ᠤᠨ ᠤᠨᠴᠠᠯᠢᠭ ᠢ ᠳᠠᠭᠠᠷᠠᠭᠤᠯᠵᠤ ᠵᠦᠩᠳᠡᠬᠡᠨ ᠨᠡᠶᠢᠯᠡᠬᠦᠯᠵᠤ ᠬᠡᠯᠡᠳᠡᠭ᠃ ᠦᠨᠡᠨ ᠬᠤᠳᠠᠯ ᠤᠨ ᠬᠤᠭᠤᠷᠤᠨᠳᠤ ᠪᠤᠯᠬᠤᠷ ᠪᠢ ᠶᠡᠷᠦ ᠨᠢ ᠳᠡᠮᠡᠢ ᠶᠠᠭᠤᠮ᠎ᠠ ᠪᠤᠯᠭᠠᠳᠠᠭ ᠦᠬᠡᠢ᠃ ︽ᠰᠡᠳᠬᠢᠯ ᠤᠨ ᠦᠬᠡ᠂ ᠬᠤᠨᠳᠠᠭᠠᠨ ᠳᠤᠳᠤᠷ᠎ᠠ ᠁︾ ᠬᠡᠨ᠎ᠡ᠂ ᠦᠨᠡᠬᠡᠷ ᠴᠤ ᠳᠡᠶᠢᠮᠤ ᠪᠠᠶᠢᠳᠠᠭ ᠪᠤᠯᠪᠠᠤ᠂ ᠠᠷᠢᠬᠢ ᠬᠡᠳᠦᠷᠡᠬᠡᠳ ᠵᠢᠯᠤᠭᠤ ᠳᠠᠯᠪᠢᠵᠤ᠂ ᠰᠡᠳᠬᠢᠯ ᠠᠯᠳᠠᠭᠤᠷᠠᠨ ᠬᠤᠤᠳᠤᠤ ᠶᠠᠭᠤᠮ᠎ᠠ ᠪᠤᠳᠤᠭᠠᠳ ᠪᠠᠶᠢᠬᠤ ᠶᠤᠮ ᠪᠢ᠃           ᠨᠠᠶᠢᠷ ᠤᠨ ᠰᠢᠷᠡᠭᠡ ᠨᠢᠬᠡ ᠮᠡᠳᠡᠬᠦ ᠳᠤ ᠦᠨᠳᠦᠷᠯᠡᠬᠦ ᠪᠤᠯᠵᠠᠢ᠃ ᠨᠠᠳᠠ ᠠᠴᠠ ᠳᠠᠭᠤᠤ ᠬᠦᠰᠡᠭᠡ ᠦᠬᠡᠢ᠂ ᠬᠡᠨ ᠴᠤ ᠨᠠᠳᠠ ᠪᠠᠷ ᠳᠠᠭᠤᠯᠠᠭᠤᠯᠤᠨ᠎ᠠ ᠬᠡᠵᠤ ᠬᠡᠯᠡᠭᠰᠡᠨ ᠦᠬᠡᠢ᠃ ᠬᠡᠪᠡᠴᠤ ᠨᠠᠳᠠ ᠲᠠᠢ ᠠᠷᠢᠬᠢ ᠤᠤᠭᠤᠭᠰᠠᠨ ᠬᠦᠮᠦᠨ ᠳᠤᠩ ᠤᠯᠠᠨ᠃ ᠪᠢ ᠮᠠᠰᠢ ᠬᠦᠰᠡᠷᠳᠡᠵᠤ ᠭᠤᠮᠤᠳᠠᠵᠠᠢ᠃ ᠡᠷᠡᠭᠳᠡᠢ ᠰᠤᠷᠤᠭᠴᠢᠳ ᠤᠨ ᠬᠤᠤᠪᠢᠯᠳᠤᠭ᠎ᠠ ᠨᠢ ᠦᠨᠳᠦᠰᠦᠳᠡᠨ ᠳᠡᠭᠡᠨ ᠪᠦᠳᠦᠭᠰᠡᠨ ᠪᠠᠷᠤᠭᠳᠠᠢ᠃ ᠬᠡᠪᠡᠴᠤ ᠪᠢ ᠳᠡᠳᠡᠨ ᠳᠤ ᠰᠤᠭᠳᠤᠵᠤ ᠦᠭᠬᠦᠭᠰᠡᠨ ᠦᠬᠡᠢ᠃ ᠪᠢ ᠦᠪᠡᠷ ᠤᠨ ᠰᠡᠳᠬᠢᠯ ᠤᠨ ᠨᠢᠭᠤᠴᠠ᠂ ᠭᠤᠨᠢᠭ ᠪᠤᠬᠢᠨᠢᠳᠤᠯ᠂ ᠠᠯᠢᠪᠠ ᠵᠦᠢᠯ ᠢᠶᠠᠨ ᠨᠢᠭᠤᠵᠤ ᠴᠢᠳᠠᠭᠰᠠᠨ᠃ ᠡᠷᠬᠡ ᠴᠢᠯᠦᠬᠡ ᠪᠠᠨ ᠴᠤ ᠦᠪᠡᠷ ᠢᠶᠠᠨ ᠮᠡᠳᠡᠭᠰᠡᠨ᠃ ᠠᠯᠢᠪᠠ ᠶᠠᠭᠤᠮ᠎ᠠ ᠳᠡᠷᠡ ᠬᠡᠪ ᠢᠶᠠᠷ ᠢᠶᠠᠨ ᠨᠠᠳᠠ ᠳᠠᠭᠠᠨ ᠪᠠᠳᠤ ᠳᠤᠭᠳᠠᠨ᠎ᠠ᠃ ᠬᠡᠨ ᠴᠤ ᠮᠡᠳᠡᠬᠦ ᠦᠬᠡᠢ᠂ ᠬᠡᠨ ᠢᠶᠠᠷ ᠢᠶᠠᠨ ᠦᠷᠦ ᠡᠪᠡᠳᠦᠬᠦᠯᠬᠦ ᠦᠬᠡᠢ᠂ ᠬᠡᠨ ᠢ ᠴᠤ ᠭᠤᠶᠤᠬᠤ ᠦᠬᠡᠢ᠃ ᠳᠡᠷᠡ ᠤᠳᠠᠭᠠᠨ ᠤ ᠨᠠᠶᠢᠷ ᠢᠩᠬᠢᠬᠡᠳ ᠨᠠᠮ ᠵᠢᠮ ᠤᠨ ᠳᠤᠮᠳᠠ ᠮᠢᠨᠤ ᠴᠡᠭᠡᠵᠢᠯᠡᠬᠦᠢ ᠳᠤ ᠳᠤᠭᠳᠠᠵᠠᠢ᠃           ᠦᠳᠡᠰᠢ ᠶᠢᠨ ᠳᠡᠭᠷᠢ ᠮᠠᠰᠢ ᠴᠡᠯᠮᠡᠭ᠂ ᠤᠳᠤᠳ ᠤᠨ ᠮᠠᠨᠠᠭᠠᠨ ᠳᠤ ᠶᠢᠷᠳᠢᠨᠴᠤ ᠶᠢᠨ ᠳᠦᠮᠡᠨ ᠵᠦᠢᠯ ᠤᠷᠤ ᠤᠷᠤᠨ ᠳᠠᠭᠠᠨ ᠳᠠᠶᠢᠪᠤᠩ ᠠᠮᠠᠷᠠᠨ᠎ᠠ᠃ ᠬᠤᠳᠠ ᠶᠢᠨ ᠵᠡᠬᠡᠯᠢ᠂ ᠵᠠᠰᠠᠮᠠᠯ ᠵᠠᠮ ᠪᠢᠳᠡᠨ ᠢ ᠬᠦᠳᠦᠯᠦᠨ ᠠᠮᠢᠳᠠᠨ ᠬᠠᠷ᠎ᠠ ᠪᠤᠵᠢᠬᠢᠨᠠᠭᠰᠠᠨ ᠪᠦᠵᠢᠭ ᠤᠨ ᠳᠠᠩᠬᠢᠮ ᠤᠨ ᠡᠬᠦᠳᠡᠨ ᠳᠤ ᠠᠪᠴᠢᠷᠠᠪᠠ᠃ ᠨᠠᠶᠢᠵᠠ ᠨᠠᠷ ᠤᠨ ᠮᠢᠨᠢ ᠬᠦᠬᠡᠷᠴᠤ ᠬᠦᠭᠰᠡᠬᠦ ᠨᠢ ᠤᠯᠠᠮ ᠠᠬᠠᠳᠠᠵᠤ᠂ ᠪᠡᠶ᠎ᠡ ᠪᠠᠨ ᠨᠢᠬᠡ ᠮᠦᠷ ᠰᠢᠨᠵᠢᠵᠤ ᠭᠠᠷᠤᠯ᠎ᠠ᠃ ᠳᠡᠳᠡᠨ ᠤ ᠪᠠᠶᠠᠷ ᠨᠠᠷᠬᠢᠶᠠᠨᠳᠤ ᠴᠠᠭ ᠮᠦᠴᠡ᠂ ᠠᠵᠠ ᠵᠢᠷᠭᠠᠯ ᠢ ᠠᠮᠳᠠᠯᠠᠬᠤ ᠷᠤᠮᠠᠨᠲ᠋ᠢᠭ ᠠᠶᠢᠵᠠᠮ ᠤᠯᠠᠮ ᠠᠴᠠ ᠤᠶᠢᠷᠠᠳᠤᠨ᠎ᠠ᠃ ᠬᠡᠤᠬᠡᠨ ᠬᠦᠮᠦᠨ  ᠤ ᠵᠠᠯᠠᠭᠤ ᠨᠠᠰᠤ ᠬᠡᠵᠤ ᠡᠳᠡᠬᠡᠳ ᠭᠤᠶᠤᠬᠠᠨ᠂ ᠬᠠᠮᠤᠭ ᠤᠨ ᠡᠷᠬᠡ ᠳᠤᠷ᠎ᠠ᠂ ᠶᠠᠩᠵᠤ ᠪᠠᠷ ᠵᠠᠰᠠᠵᠤ ᠴᠢᠮᠡᠨ᠎ᠡ᠂ ᠳᠤᠭᠤᠭᠳᠠᠭᠰᠠᠨ ᠵᠦᠢᠯ ᠢᠶᠠᠨ ᠰᠠᠨᠠᠭᠠᠨ ᠳᠠᠪᠠ ᠪᠠᠷ ᠡᠳ᠋ᠯᠡᠵᠤ᠂ ᠪᠠᠰᠠ ᠭᠠᠩᠭᠠᠩ ᠵᠠᠯᠠᠭᠤᠴᠤᠳ ᠤᠨ ᠤᠷᠢᠯᠭ᠎ᠠ ᠵᠦᠩᠳᠡᠬᠡᠨ᠃ ᠶᠢᠷᠳᠢᠨᠴᠤ ᠶᠢᠨ ᠬᠦᠮᠦᠷᠬᠡ ᠠᠴᠠ ᠦᠬᠢᠳ ᠤᠨ ᠰᠤᠩᠭᠤᠯᠳᠠ ᠬᠠᠮᠤᠭ ᠡᠷᠬᠡ ᠰᠦᠷ ᠲᠠᠢ ᠪᠠᠶᠢᠵᠤ ᠳᠠᠭᠠᠷᠠᠨ᠎ᠠ᠃ ᠨᠠᠳᠠᠳᠤ ᠴᠤ ᠵᠠᠪᠰᠢᠶᠠᠨ ᠪᠠᠶᠢᠨ᠎ᠠ᠂ ᠡᠷᠬᠡ ᠴᠢᠯᠦᠬᠡ ᠶᠢ ᠠᠳᠠᠯᠢᠬᠠᠨ ᠢᠶᠠᠷ ᠡᠳ᠋ᠯᠡᠬᠦ ᠬᠤᠪᠢ ᠳᠠᠪᠢᠯᠠᠩ  ᠲᠠᠢ᠂ ᠤᠴᠢᠷ ᠨᠢ ᠪᠢ ᠴᠤ ᠦᠬᠢᠨ ᠵᠠᠶᠠᠭ᠎ᠠ ᠲᠠᠢ᠃ ᠬᠡᠳᠡᠯ᠎ᠡ ᠬᠦᠬᠡᠷᠦᠬᠦᠢ᠂ ᠠᠮᠢᠳᠤᠷᠠᠯ ᠠᠯᠠᠭ ᠲᠠᠢ᠂ ᠨᠠᠷᠠᠨ ᠤ ᠬᠡᠷᠡᠯ ᠬᠠᠮᠢᠭ᠎ᠠ ᠴᠤ ᠡᠭᠴᠡ ᠳᠤᠰᠤᠨ᠎ᠠ ᠬᠡᠵᠤ ᠪᠠᠶᠢᠬᠤ ᠦᠬᠡᠢ᠃ ᠡᠨᠡ ᠪᠦᠬᠦᠨ ᠢ ᠪᠢ ᠳᠦᠬᠦᠬᠡ ᠤᠷᠤᠬᠤ ᠳᠠᠭᠠᠨ ᠯᠡ ᠤᠶᠢᠯᠠᠭᠠᠭᠰᠠᠨ᠃ ᠪᠢ ᠶᠠᠭᠤ ᠪᠦᠬᠦᠨ ᠢ ᠬᠦᠯᠢᠴᠡᠨ ᠳᠡᠰᠪᠦᠷᠢᠯᠡᠵᠤ ᠴᠢᠳᠠᠨ᠎ᠠ᠂ ᠶᠢᠷᠳᠢᠨᠴᠤ ᠳᠡᠷᠡ ᠴᠢᠭ ᠢᠶᠠᠷ  ᠢᠶᠠᠨ ᠡᠷᠬᠢᠯᠳᠤᠵᠤ ᠯᠡ ᠪᠠᠶᠢᠭ᠂ ᠠᠮᠢᠳᠤᠷᠠᠯ ᠴᠤ ᠳᠠᠭᠠᠭᠠᠳ ᠶᠠᠪᠤ᠂ ᠤᠷᠤᠰᠤᠭᠠᠳ ᠯᠡ ᠪᠠᠢ᠃ ᠪᠢ ᠵᠤᠭᠰᠤᠭᠰᠠᠨ ᠤᠷᠤᠨ ᠳᠠᠭᠠᠨ ᠵᠤᠭᠰᠤᠨ᠎ᠠ᠂ ᠬᠤᠪᠢᠷᠠᠰᠢ ᠦᠬᠡᠢ ᠮᠦᠩᠬᠡ ᠶᠢᠨ ᠵᠦᠢᠯ ᠨᠠᠳᠠ ᠲᠠᠢ ᠬᠠᠮᠳᠤ ᠵᠠᠶᠠᠭᠠᠭᠰᠠᠨ᠃ ᠴᠢᠮᠠᠢᠢ ᠴᠦᠯᠢᠬᠦ ᠦᠬᠡᠢ᠂ ᠭᠤᠯᠤᠬᠤ ᠦᠬᠡᠢ᠂ ᠨᠠᠳᠠ ᠲᠠᠢ ᠬᠠᠮᠳᠤ ᠪᠠᠶᠢᠬᠤ ᠪᠠᠷ ᠢᠶᠠᠨ ᠪᠠᠶᠢᠵᠤ ᠯᠡ ᠪᠠᠢ᠃ ᠠᠮᠢᠳᠤᠷᠠᠯ ᠤᠨ ᠡᠷᠢᠯ ᠬᠦᠬᠡᠬᠡᠴᠡᠯᠳᠤᠯ᠂ ᠠᠮᠢ ᠨᠠᠰᠤᠨ ᠤ ᠤᠳᠬ᠎ᠠ ᠠᠭᠤᠯᠭ᠎ᠠ ᠶᠢ ᠶᠠᠭᠤ ᠪᠠᠷ ᠴᠤ ᠪᠤᠯᠠᠰᠢᠯᠠᠵᠤ ᠴᠢᠳᠠᠬᠤ ᠦᠬᠡᠢ᠃ ᠨᠠᠳᠠ ᠳᠤ ᠡᠷᠴᠢ ᠵᠤᠷᠢᠭ ᠬᠡᠷᠡᠭᠳᠡᠢ᠂ ᠡᠷᠴᠢ ᠵᠤᠷᠢᠭ ᠮᠢᠨᠢ ᠢᠷᠡᠬᠡᠰᠡᠢ︕           ᠪᠢ ᠪᠤᠷᠤ ᠮᠦᠷ ᠢᠶᠠᠷ ᠢᠶᠠᠨ ᠪᠤᠴᠠᠬᠤ ᠪᠠᠷ ᠪᠤᠯᠤᠯ᠎ᠠ᠂ ᠰᠢᠷᠦᠬᠦᠨ ᠰᠢᠷᠦᠬᠦᠨ ᠠᠯᠬᠤᠨ᠎ᠠ᠂ ᠨᠠᠶᠢᠵᠠ ᠨᠠᠷ ᠲᠠᠢ  ᠪᠠᠨ ᠶᠠᠭᠤ ᠴᠤ ᠳᠤᠤᠭᠠᠷᠤᠭᠰᠠᠨ ᠦᠬᠡᠢ ᠭᠠᠷᠴᠤ ᠢᠷᠡᠪᠡ᠃ ᠪᠦᠵᠢᠭ ᠤᠨ ᠳᠠᠩᠬᠢᠮ ᠳᠤ ᠪᠢ ᠤᠴᠢᠬᠤ ᠦᠬᠡᠢ᠂ ᠳᠡᠷᠡ ᠭᠠᠵᠠᠷ ᠴᠤ ᠨᠠᠮᠠᠢᠢ ᠤᠭᠳᠤᠬᠤ ᠦᠬᠡᠢ᠃ ᠦᠪᠡᠷ ᠤᠨ ᠪᠠᠭᠳᠠᠵᠤ ᠴᠢᠳᠠᠬᠤ ᠭᠠᠵᠠᠷ ᠲᠠᠭᠠᠨ ᠯᠡ ᠤᠴᠢᠨ᠎ᠠ᠂ ᠮᠢᠨᠤ ᠰᠡᠳᠬᠢᠯ ᠤᠨ ᠳᠠᠮᠢᠷ ᠳᠡᠩᠬᠡᠬᠡ ᠪᠤᠯ ᠡᠬᠦᠷᠢᠳᠡ ᠨᠢᠷᠤᠭᠤ ᠳᠡᠨᠡᠶᠢᠵᠤ ᠶᠠᠪᠤᠬᠤ ᠭᠠᠵᠠᠷ᠃                 ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号