ᠡᠵᠢ ᠪᠠ ᠲᠤᠭᠤᠯ
ᠨᠡᠶᠢᠲᠡᠯᠡᠭᠰᠡᠨ ᠴᠠᠭ᠄
2016-04-14
      ᠪᠠᠷᠠᠭᠤᠨ ᠭᠤᠤᠯ ᠤᠨ ᠪᠠᠯᠭᠠᠷ ᠡᠵᠢ ᠶᠢᠨ ᠲᠤᠭᠤᠯ ᠨᠢ ᠭᠡᠮᠨᠠᠴᠢᠭᠡᠵᠠᠢ ᠭᠡᠰᠠᠨ ᠪᠠᠯᠠᠭ ᠠᠯᠳᠠᠭᠤᠯᠤᠭᠰᠠᠨ ᠪᠠᠴᠢᠮ ᠤᠳᠠᠰᠤ ᠢᠷᠡᠭᠰᠠᠨ ᠪᠤᠯᠬᠤᠷ ᠮᠠᠯ ᠤᠨ ᠡᠮᠴᠢ ᠮᠠᠰᠢ ᠲᠠᠷᠤᠶᠢᠠᠬᠨ ᠡᠮ ᠤᠨ ᠪᠤᠭᠴᠤ ᠪᠠᠨ ᠡᠭᠦᠷᠴᠤ ᠲᠠᠳᠠᠨ ᠤ  ᠬᠢ ᠶᠢ ᠵᠤᠷᠢᠯ᠎ᠠ᠃           ᠮᠤᠲ᠋ᠤᠷ ᠨᠢᠰᠭᠡᠨ ᠲᠤᠪᠳᠤᠯᠭᠠᠬᠤ ᠳᠤ ᠬᠠᠪᠤᠷ ᠤᠨ ᠤᠷᠢᠬᠠᠨ ᠰᠠᠯᠭᠢ ᠬᠠᠴᠡᠷ ᠨᠢᠭᠤᠷ ᠢ ᠲᠠᠭᠠᠯᠠᠭᠠᠳ ᠰᠠᠳᠭᠢᠯ ᠳᠤ ᠨᠢᠭᠡᠯᠨ ᠵᠤᠭᠠᠳᠠᠢ᠃             ᠡᠭᠦᠳᠠᠨ ᠳᠤ ᠨᠢ ᠭᠦᠷᠤᠭᠡᠳ ᠮᠤᠲ᠋ᠤᠷ ᠢᠶᠠᠨ ᠤᠨᠳᠠᠷᠭᠠᠬᠤ ᠲᠠᠢ ᠯᠨ ᠵᠠᠷᠭᠡ ᠮᠠᠯ ᠤᠨ ᠬᠠᠰᠢᠶᠠᠨ ᠠᠴᠠ᠄             — ᠡᠮᠴᠢ ᠭᠦᠤ︕ ᠠᠳᠠ ᠪᠤᠢ᠂ ᠭᠡᠭᠦ ᠨᠠᠰᠤᠳᠠᠨ ᠤ ᠪᠠᠴᠢᠭᠤᠷᠠᠨ ᠬᠠᠰᠭᠢᠷᠠᠬᠤ ᠴᠢᠮᠡᠭᠡ ᠪᠠᠷ ᠮᠠᠯ ᠤᠨ ᠬᠠᠰᠢᠶᠠᠨ ᠳᠤ ᠪᠤᠭᠴᠤ ᠪᠠᠨ ᠲᠠᠭᠦᠵᠢᠯᠠᠨ ᠭᠦᠶᠤᠨ ᠭᠦᠷᠭᠦ ᠳᠤ ᠨᠠᠰᠤᠳᠠᠨ ᠭᠤᠸᠠᠢ ᠬᠤᠮᠤᠭ ᠲᠠᠢ ᠭᠦᠰᠠᠷ᠎ᠠ ᠰᠦᠭᠦᠳᠴᠤ ᠲᠤᠭᠤᠯ ᠢᠶᠠᠨ ᠭᠦᠵᠤᠭᠦᠳᠠᠭᠡᠳ᠄         — ᠰᠠᠶ᠋ᠢᠬᠠᠨ ᠯᠨ ᠦᠰᠤᠷᠴᠤ ᠬᠠᠷᠠᠶᠢᠭᠠᠳ ᠨᠠᠭᠠᠳᠴᠤ ᠲᠤᠭᠯᠠᠵᠤ ᠪᠠᠶᠢᠭᠰᠠᠨ ᠶᠤᠮ᠃ ᠶᠠᠭᠠᠭᠢᠭᠰᠠᠨ ᠢ ᠮᠠᠳᠠᠭᠦ ᠦᠭᠡᠢ᠂ ᠭᠡᠨᠠᠳᠳᠠ ᠯᠨ ᠭᠤᠯᠵᠠᠶᠢᠭᠠᠳ ᠤᠨᠠᠯ᠎ᠠ ᠭᠡᠵᠤ ᠶᠠᠷᠢᠵᠤ ᠪᠠᠷᠠᠬᠤ ᠲᠠᠢ ᠯᠨ ᠰᠠᠴᠠᠭᠤ ᠨᠠᠷᠨ ᠰᠠᠯᠭᠢᠨ  ᠳᠤ ᠭᠡᠤᠷᠰᠢᠭᠰᠠᠨ ᠡᠮᠠᠭᠡᠨ ᠪᠤᠷᠤ ᠴᠢᠷᠠᠢ ᠨᠢ ᠵᠢᠭᠠᠬᠠᠨ ᠦᠷᠴᠡᠶᠢᠭᠰᠠᠨ ᠪᠢᠯᠨ ᠬᠠᠯᠠᠭᠤᠨ ᠨᠢᠯᠪᠤᠰᠤ ᠬᠠᠮᠠᠷ ᠢ ᠨᠢ ᠬᠠᠪᠴᠢᠨ ᠪᠦᠮᠪᠤᠷᠢᠯ᠎ᠠ᠃           — ᠮᠠᠰᠢ ᠡ᠂ ᠠᠶᠢᠯ ᠤᠨ ᠡᠵᠢ ᠨᠢ ᠮᠦᠩᠭᠦ ᠬᠠᠶᠢᠷᠠᠯᠠᠬᠤ ᠦᠭᠡᠢ ᠰᠢᠤ︕ ᠮᠠᠭᠤ ᠲᠤᠭᠤᠯ ᠢ ᠮᠢᠨᠢ ᠨᠠᠭᠠᠰᠢᠯᠠᠭᠤᠯᠬᠤ ᠶᠢ ᠭᠢᠴᠢᠶ᠋ᠨ︕ ᠡᠨᠡ ᠴᠢᠨᠢ ᠮᠦᠨ ᠴᠢᠨᠤ ᠪᠦᠳᠤᠭᠡᠯ ᠢᠴᠠᠭᠡᠯ ᠦᠷ᠎ᠠ ᠶᠢᠨ ᠲᠤᠭᠤᠯ ᠰᠢᠤ︕ ᠭᠡᠵᠤ ᠭᠢᠯᠳᠤᠭᠠᠨᠠᠬᠤ ᠨᠢᠯᠪᠤᠰᠤ ᠪᠠᠨ ᠰᠢᠳᠤᠷᠤᠨ ᠵᠠᠭᠢᠯ᠎ᠠ᠃           ᠪᠠᠶᠢᠮ᠎ᠠ ᠪᠦᠳᠤᠭᠦᠨ ᠬᠤᠸ᠋ᠨ ᠠᠯᠠᠭ ᠲᠤᠭᠤᠯ ᠪᠠᠯᠭᠠᠷ ᠡᠵᠢ ᠶᠢᠨ ᠡᠪᠤᠷ ᠲᠠᠭᠡᠷ᠎ᠠ ᠦᠭᠦᠳᠭᠢᠨ ᠤᠨᠠᠭᠠᠳ ᠠᠮᠢᠰᠬᠤᠯ ᠨᠢ ᠰᠢᠷᠤᠭᠦᠰᠴᠤ᠂ ᠨᠢᠳᠤᠨ ᠠᠴᠠ ᠨᠢ ᠨᠢᠯᠪᠤᠰᠤ᠂ ᠠᠮᠨ ᠠᠴᠠ ᠨᠢ ᠭᠦᠭᠡᠰᠤ ᠰᠢᠯᠤᠰᠤ᠂ ᠬᠠᠮᠠᠷ ᠠᠴᠠ  ᠨᠢ ᠰᠢᠩᠭᠡᠨ ᠨᠢᠰᠤ ᠴᠤᠪᠤᠵᠤ ᠪᠠᠶᠢᠪᠠ᠃           ᠮᠠᠰᠢ ᠲᠠᠷᠤᠶᠢᠬᠠᠨ ᠵᠢᠷᠤᠭᠡᠨ ᠴᠤᠭᠢᠯᠭ᠎ᠠ᠂ ᠪᠠᠶ᠎ᠠ ᠶᠢᠨ ᠬᠠᠯᠠᠭᠤᠨ᠂ ᠨᠢᠳᠤ ᠠᠮᠨ ᠶᠢ ᠨᠢ ᠨᠠᠷᠢᠨ ᠪᠠᠶᠢᠴᠠᠭᠠᠳ ᠄         — ᠡᠵᠢ ᠲᠨ ᠪᠤᠤ ᠤᠭᠢᠯᠨ︕ ᠰᠠᠨᠠᠭ᠎ᠠ ᠠᠮᠤᠷ ᠪᠠᠢ᠂ ᠪᠢ ᠯᠠᠪ ᠴᠢᠳᠠᠯ ᠢᠶᠠᠷ ᠢᠶᠠᠨ ᠴᠢᠷᠮᠠᠶᠢᠬᠤ ᠶᠤᠮ᠃ ᠤᠴᠢᠷ ᠨᠢ ᠡᠨᠡ ᠲᠤᠭᠤᠯ ᠴᠢᠨᠢ ᠮᠠᠨ ᠤ ᠪᠦᠭᠦ ᠠᠶᠢᠯ ` ᠤᠨ ᠮᠢᠩᠭᠠᠨ ᠤ ᠡᠭᠢ ᠨᠢᠭᠡ ᠰᠢᠤ︕ ᠭᠡᠵᠤ ᠡᠵᠢ ᠶᠢ ᠢᠳᠬᠠᠨ ᠦᠭᠦᠯᠠᠭᠦ ᠶᠢᠨ ᠵᠠᠷᠭᠡᠳᠠ ᠪᠤᠭᠴᠤᠨ ᠠᠴᠠ ᠪᠠᠨ ᠬᠠᠶᠢᠷᠴᠠᠭ ᠲᠠᠢ ᠡᠮ ᠭᠠᠷᠭᠠᠵᠤ ᠰᠢᠯ ᠯᠤᠩᠬᠤ ᠡᠪᠳᠠᠨ ᠵᠠᠭᠦᠯᠠᠭᠦᠷ ᠲᠤ ᠰᠤᠷᠤᠭᠤᠯᠵᠤ ᠠᠪᠤᠭᠠᠳ ᠲᠤᠭᠤᠯ ᠤᠨ ᠭᠦᠵᠤᠭᠦᠨ ᠤ ᠠᠷᠠᠰᠤᠨ ᠲᠤᠤᠷ᠎ᠠ ᠪᠤᠯᠭᠤᠮᠵᠢᠳᠠᠶᠢᠬᠠᠨ ᠲᠠᠷᠢᠪᠠ᠃           —   ᠮᠢᠨᠤ ᠲᠤᠭᠤᠯ ᠠᠶᠤᠬᠤ ᠦᠭᠡᠢ᠃ ᠡᠨᠡ ᠭᠦᠤ ᠦᠭᠡᠳᠠ ᠭᠠᠷ ᠲᠠᠢ ᠶᠤᠮ︕ ᠭᠡᠵᠤ ᠪᠠᠯᠭᠠᠷ ᠡᠵᠢ ᠲᠤᠭᠤᠯ ᠤᠨ ᠢᠶᠠᠨ ᠬᠤᠶᠢᠷᠤᠪᠴᠢ ᠶᠢᠨ ᠴᠢᠨᠡᠭᠡ ᠴᠤᠬᠤᠶᠢᠭᠰᠠᠨ ᠬᠤᠶᠠᠷ ᠪᠢᠴᠢᠬᠠᠨ ᠮᠤᠯᠳᠤᠭᠤᠷ ᠡᠪᠠᠷ ᠢ ᠨᠢ ᠡᠪᠠᠷᠰᠢᠵᠤ ᠬᠠᠭᠠᠷᠠᠭᠰᠠᠨ ᠮᠤᠶᠢᠭ ᠬᠤᠷᠤᠭᠤᠳ ᠢᠶᠠᠷ ᠢᠶᠠᠨ ᠲᠠᠮᠢ ᠪᠠᠯᠠᠢ ᠲᠠᠮᠳᠡᠷᠭᠢᠯᠠᠨ᠎ᠠ᠃             — ᠡᠨᠡ ᠭᠦᠭᠡᠷᠤᠭᠦᠢ ᠠᠮᠢᠳᠠᠨ ᠡᠨᠡ ᠡᠳᠤᠷ ᠶᠠᠭ ᠵᠠᠭᠤᠨ ᠡᠳᠤᠷ ᠤᠨ ᠨᠠᠷᠨ ᠲᠠᠢ ᠪᠠᠨ ᠵᠤᠯᠭᠠᠯ᠎ᠠ᠃ ᠭᠡᠯᠠᠪᠠᠯ ᠡᠨᠡ ᠪᠢᠳᠠ ᠬᠤᠶᠠᠷ ᠠᠳᠠᠯᠢᠬᠠᠨ ᠮᠠᠭᠤ ᠵᠠᠶᠠᠭ᠎ᠠ ᠲᠠᠢ ᠶᠤᠮ᠃ ᠲᠦᠷᠤᠭᠡᠳ ᠬᠠᠭᠠᠰ ᠰᠠᠷ᠎ᠠ ᠪᠤᠯᠤᠮᠠᠭᠴᠠ ᠡᠭᠡ ᠨᠢ ᠦᠨᠤ ᠪᠤᠯᠠᠢ ᠬᠠᠷ᠎ᠠ ᠲᠤᠤᠷ ᠢ ᠵᠠᠯᠭᠢᠨ ᠵᠢᠷᠤᠭᠡ ᠪᠠᠨ ᠴᠢᠴᠢᠭᠦᠯᠵᠤ ᠰᠤᠶᠢᠳᠤᠭᠡᠳ ᠲᠤᠭᠤᠯ ᠪᠢᠳᠠ ᠬᠤᠶᠠᠷ  ᠤᠨ ᠠᠮᠨᠨ ᠭᠦᠨᠠᠰᠤ ᠠᠷᠤ ᠲᠠᠭᠡᠷ᠎ᠠ ᠭᠠᠷᠤᠯ᠎ᠠ᠃ ᠡᠨᠡ ᠨᠢᠯᠬ᠎ᠠ ᠠᠮᠢᠳᠠᠨ ᠴᠤ ᠡᠭᠡ ᠪᠠᠨ ᠠᠯᠳᠠᠨ ᠦᠨᠤᠴᠢᠷᠠᠵᠤ ᠭᠡᠳᠤᠨ ᠰᠦᠨᠢ ᠭᠡᠳᠤᠨ ᠡᠳᠤᠷ ᠦᠷᠤ ᠵᠢᠷᠤᠭᠡ ᠶᠢ ᠬᠠᠶᠢᠯᠠᠭᠤᠯᠤᠮ᠎ᠠ ᠨᠢᠭᠡ ᠯᠨ ᠭᠦᠭ ᠢᠶᠠᠷ ᠬᠤᠭᠤᠯᠠᠢ ᠪᠠᠨ ᠰᠦᠭᠡᠳᠠᠯ᠎ᠠ ᠮᠦᠭᠡᠷᠤᠯ᠎ᠠ᠃ ᠡᠭᠦᠨ ᠤ ᠪᠠᠨ ᠤᠶᠠᠷᠠᠯᠳᠠᠢ ᠮᠦᠭᠡᠷᠦᠭᠦ ᠶᠢ ᠨᠢ ᠬᠠᠷᠠᠭᠠᠳ ᠪᠢ ᠴᠤ ᠨᠢᠯᠪᠤᠰᠤ ᠪᠠᠨ ᠬᠠᠰᠢᠵᠤ ᠲᠠᠶᠢᠯᠭᠦ ᠦᠭᠡᠢ ᠪᠤᠯᠵᠤ ᠭᠦᠭᠰᠢᠨ ᠪᠢ ᠪᠠᠰᠨ ᠡᠭᠡ ᠪᠠᠨ ᠠᠯᠳᠠᠭᠰᠠᠨ ᠠᠴᠠ ᠲᠤᠤᠷ᠎ᠠ ᠦᠭᠡᠢ ᠡᠭᠦᠨ ᠲᠠᠢ ᠴᠤᠭ ᠭᠡᠳᠤᠨ ᠡᠳᠤᠷ ᠨᠢᠯᠪᠤᠰᠤ ᠪᠠᠨ ᠴᠢᠷᠴᠤ᠂ ᠨᠤᠴᠤᠯᠳᠤᠵᠤ ᠪᠠᠶᠢᠮᠠᠨ ᠡᠭᠦᠨ ᠢ ᠤᠭᠵᠢᠨ ᠳᠤ ᠲᠠᠰᠬᠠᠨ ᠬᠤᠭᠤᠯᠨ   ᠪᠤᠷᠳᠤᠭᠠᠨ ᠳᠤ ᠤᠷᠤᠭᠤᠯᠤᠭᠠᠳ ᠡᠨᠡ ᠭᠡᠮᠵᠢᠶᠠᠨ ᠳᠤ ᠭᠦᠷᠳᠠᠯ᠎ᠠ ᠲᠤᠷᠨᠢᠭᠤᠯᠤᠯ᠎ᠠ᠃ ᠲᠠᠷᠨ ᠤᠴᠢᠷ ᠠᠴᠠ ᠰᠠᠭᠦᠯᠠᠷ ᠪᠢ ᠡᠨᠡ ᠠᠮᠢᠳᠠᠨ ᠤ ᠡᠭᠡ ᠨᠢ ᠪᠤᠯᠵᠤ ᠡᠨᠡ ᠴᠤ ᠨᠠᠳᠠ ᠲᠠᠢ ᠵᠠᠢ ᠦᠭᠡᠢ ᠲᠠᠰᠴᠤ ᠰᠠᠭᠦᠳᠠᠷ ᠰᠢᠭ ᠰᠠᠭᠦᠯᠳᠠᠭᠦ ᠪᠤᠯᠪᠠ᠃ ᠠᠩᠬᠠᠳᠤᠬᠠᠨ ᠪᠤᠷᠳᠤᠭ᠎ᠠ ᠶᠢ ᠨᠢ ᠦᠭᠴᠤ ᠪᠠᠭ᠋ᠠᠨ ᠮᠠᠭᠠᠵᠢᠵᠤ ᠮᠠᠯᠳᠠᠨ ᠢᠯᠪᠢᠵᠤ ᠨᠤᠬᠤᠯᠠᠵᠤ ᠦᠭᠭᠦᠭᠡᠳ ᠭᠡᠷ ᠲᠤ ᠪᠠᠨ ᠤᠷᠤᠨ ᠭᠠᠯ ᠭᠦᠭᠵᠢᠭᠡᠨ ᠬᠤᠶᠠᠷ ᠠᠶᠠᠭ᠎ᠠ ᠴᠠᠢ ᠤᠤᠭᠤᠭᠠᠳ ᠨᠢᠭᠡ ᠳ᠋ᠠᠢ ᠲᠠᠮᠠᠭᠢ ᠰᠤᠷᠤᠭᠠᠳ ᠦᠨᠠᠰᠤ ᠬᠤᠭ ᠢᠶᠠᠨ ᠬᠠᠶᠠᠶ᠎ᠠ ᠳ᠋ᠠ ᠯᠨ ᠭᠡᠳ ᠭᠠᠷᠤᠭᠠᠳ ᠢᠷᠠᠭᠦ ᠳᠤ ᠲᠤᠭᠤᠯ ᠬᠠᠷᠠᠭᠳᠠᠬᠤ ᠦᠭᠡᠢ᠂ ᠦᠨᠠᠰᠤ ᠪᠠᠨ ᠬᠠᠶᠠᠭᠠᠳ ᠭᠡᠳᠤ ᠲᠠᠭᠤᠳᠠᠬᠤ ᠳᠤ ᠪᠠᠰᠨ ᠴᠢᠮᠡᠭᠡ ᠦᠭᠡᠢ᠃ ᠰᠠᠨᠳᠤᠷᠤᠭᠠᠳ ᠬᠠᠰᠢᠶᠠᠨ ᠦᠭᠡᠳᠠ ᠦᠩᠭᠦᠶᠢᠭᠦ ᠳᠤ ᠲᠠᠷᠠᠶᠢᠴᠢᠭᠡᠳ ᠲᠠᠶᠢᠴᠢᠯᠠᠵᠤ ᠪᠠᠶᠢᠯ᠎ᠠ᠃ ᠴᠢᠩᠭᠢᠭᠡᠳ ᠯᠨ ᠴᠢᠮᠠᠳᠤ ᠰᠠᠩᠳᠠ ᠮᠠᠩᠳᠠ ᠤᠳᠠᠰᠤ ᠠᠪᠤᠯ᠎ᠠ ᠭᠡᠵᠤ ᠨᠠᠰᠤᠳᠠᠨ ᠭᠤᠸᠠᠢ ᠪᠤᠯᠵᠤ ᠦᠩᠭᠡᠷᠡᠭᠰᠠᠨ ᠤᠴᠢᠷ ᠢᠶᠠᠨ ᠪᠤᠯᠳᠤ ᠪᠠᠷ ᠨᠢ ᠨᠢ ᠨᠤ ᠦᠭᠡᠢ ᠤᠷᠤᠰᠬᠠᠵᠤ ᠭᠠᠷᠤᠯ᠎ᠠ᠃           ᠡᠮ ᠤᠨ ᠢᠳᠠ ᠭᠦᠷᠴᠤ ᠲᠤᠭᠤᠯ ᠨᠢᠯᠪᠤᠰᠤ ᠡᠷᠭᠢᠭᠰᠡᠨ ᠲᠤᠮᠤ ᠬᠠᠷ᠎ᠠ ᠨᠢᠳᠤ ᠪᠠᠨ ᠲᠤᠷᠮᠤᠰ ᠲᠤᠷᠮᠤᠰ ᠬᠠᠶᠢᠴᠢᠯᠠᠨ ᠲᠤᠯᠤᠭᠠᠢ ᠪᠠᠨ ᠡᠷᠭᠦᠵᠤ ᠰᠠᠭᠡᠷᠠᠭᠦ ᠰᠢᠤ ᠪᠤᠯᠪᠠ᠃               — ᠰᠤᠳᠠᠯ ᠢᠶᠠᠷ ᠨᠢ ᠡᠮ ᠦᠭᠭᠦᠶ᠎ᠠ︕           — ᠦᠭ ᠦᠭ  ︕ ᠮᠠᠭᠤ ᠮᠤᠬᠤᠯ ︵ᠮᠤᠬᠤᠷ︶ ᠮᠢᠨᠢ ᠯᠨ ᠵᠦᠭᠡᠷ ᠯᠨ ᠪᠤᠯ ᠪᠤᠯᠴᠢᠬᠠᠨ᠎ᠠ᠃ ᠡᠨᠡ ᠪᠢᠳᠠ ᠬᠤᠶᠠᠷ ᠰᠠᠯᠵᠤ ᠪᠤᠯᠬᠤ ᠦᠭᠡᠢ ᠰᠢᠤ︕ ᠡᠷᠠᠨ ᠤ ᠬᠤᠭᠤᠯᠨ ᠦᠯᠠᠳᠠᠪᠠᠯ ᠡᠨᠡ ᠢᠳᠠᠨ᠎ᠠ᠃ ᠠᠳᠠ ᠲᠠᠨᠳᠠ ᠶᠠᠪᠤᠬᠤ ᠳᠤ ᠡᠨᠡ ᠲᠠᠭᠠᠨ᠎ᠠ᠃ ᠲᠠᠭᠠᠬᠤ ᠳᠠᠭᠠᠨ ᠪᠠᠰᠨ ᠵᠠᠷᠢᠮ ᠳᠠᠭᠠᠨ ᠲᠠᠩᠭᠢᠯ ᠦᠭᠡᠶᠢᠳᠠᠪᠠᠯ ᠮᠦᠷᠭᠦᠵᠤ ᠱᠦᠷᠭᠦᠭᠡᠳ ᠠᠮᠤᠷ ᠶᠠᠪᠤᠭᠤᠯᠬᠤ ᠦᠭᠡᠢ ᠰᠢᠤ︕ ᠵᠨ᠂ ᠭᠦᠭᠡᠷᠤᠭᠦᠢ ᠠᠮᠢᠳᠠᠨ ᠮᠢᠨᠢ ᠪᠤᠰᠢᠭᠤᠬᠠᠨ ᠪᠤᠰ︕ ᠭᠡᠵᠤ ᠪᠠᠯᠭᠠᠷ ᠡᠵᠢ ᠨᠢᠳᠤᠨ ᠳᠡᠭᠡᠨ ᠵᠠᠶᠢᠷ ᠲᠠᠢ ᠴᠤ ᠦᠷᠴᠢᠯᠠᠭᠡᠰᠤ ᠲᠠᠢ ᠴᠢᠷᠠᠶᠢᠨ ᠳᠤᠨᠢ ᠢᠨᠢᠶᠠᠳᠤ ᠲᠤᠳᠤᠷᠠᠵᠤ᠂ ᠡᠩᠭᠦᠷᠠᠢ ᠲᠤᠭᠤᠯ ᠤᠨ ᠭᠦᠵᠤᠭᠦᠤ ᠨᠢᠷᠤᠭᠤ ᠪᠠᠷ ᠭᠦᠩᠭᠡᠭᠡᠨ ᠢᠯᠪᠢᠨ᠎ᠠ᠃           ᠡᠮ ᠶᠠᠭᠦᠯᠠᠵᠣ ᠪᠠᠷᠠᠭᠠᠳ ᠨᠢᠭᠡ ᠮᠦᠴᠠ ᠪᠤᠯᠤᠭᠰᠠᠨ ᠦᠭᠡᠢ ᠲᠤᠭᠤᠯ ᠤᠨ ᠰᠢᠯᠤᠰᠤ ᠤᠰᠤ ᠨᠢ ᠨᠠᠮᠳᠠᠵᠤ ᠠᠮᠢᠰᠬᠤᠯ ᠨᠢ ᠵᠢᠭᠳᠡ ᠪᠤᠯᠤᠭᠠᠳ ᠪᠦᠭᠦ ᠪᠠᠶ᠎ᠠ ᠨᠢ ᠲᠠᠶᠢᠪᠤᠰᠢᠷᠠᠭᠰᠠᠨ ᠪᠤᠯᠵᠤ ᠲᠠᠷᠢᠭᠦᠨ ᠡᠷᠭᠦᠵᠤ ᠡᠩᠭᠦᠷᠠᠢ ᠭᠦᠭᠡᠷᠤᠭᠦᠨ ᠲᠤᠭᠤᠯ ᠤᠨ ᠲᠠᠭᠤᠨ ᠢᠶᠠᠷ ᠦᠤᠨᠠᠪᠠ᠃             ᠡᠭᠦᠨ ᠢ ᠬᠠᠷᠠᠭᠰᠠᠨ ᠪᠠᠯᠭᠠᠷ ᠡᠵᠢ ᠶᠢᠨ ᠪᠤᠷᠤ ᠴᠢᠷᠠᠶᠢᠨ ᠳᠤ ᠪᠠᠶᠠᠷ ᠴᠠᠯᠭᠢᠵᠤ᠄             — ᠠᠢ︕ ᠪᠤᠷᠬᠠᠨ ᠡ᠂ ᠶᠠᠭᠤ ᠴᠤ ᠭᠡᠰᠠᠨ ᠴᠢ ᠮᠢᠨᠢ ᠠᠮᠢ ᠤᠷᠤᠯ᠎ᠠ᠃ ᠵᠨ︕ ᠶᠡᠭᠡ ᠰᠠᠶᠢᠨ᠂ ᠡᠨᠡ ᠭᠦᠤ ᠦᠭᠡᠳᠠ ᠭᠠᠷ ᠲᠠᠢ ᠶᠤᠮ︕ ᠵᠨ᠂ ᠮᠢᠨᠤ ᠭᠦᠤ ᠨᠠᠷᠠᠨ ᠳᠤ ᠠᠳᠠᠯᠢ ᠮᠠᠨᠳᠤᠵᠤ ᠶᠠᠪᠤ︕ ᠨᠠᠰᠤᠨ ᠡᠭᠦᠷᠢᠳᠠ ᠵᠢᠷᠭᠠᠵᠤ ᠶᠠᠪᠤ  ︕ ᠨᠠᠮᠤᠷ ᠨᠠᠮᠤᠷ ᠬᠤᠷᠢᠶᠠᠯᠳᠠ ᠲᠠᠢ ᠶᠠᠪᠤ︕ ᠨᠠᠮᠰᠠᠷᠠᠢ ᠠᠳᠠᠯᠢ ᠪᠠᠶᠠᠨ ᠶᠠᠪᠤ   ᠡ︕ ᠭᠡᠵᠤ ᠬᠠᠮᠤᠭ ᠡᠷᠭᠢᠮ ᠲᠠᠭᠡᠳᠤ ᠢᠷᠤᠭᠡᠯ ᠵᠦᠩᠨᠠᠯ ᠢᠶᠠᠨ ᠬᠠᠶᠢᠷᠠᠯᠠᠪᠠ᠃               — ᠠᠢ︕ ᠤᠳᠤ ᠶᠠᠭᠤ ᠴᠤ ᠭᠡᠰᠠᠨ ᠢᠩᠭᠢᠵᠤ ᠴᠢᠩᠭᠢᠭᠰᠡᠭᠡᠷ ᠪᠠᠶᠢᠭᠠᠳ ᠮᠠᠨ ᠤ ᠪᠠᠨ ᠭᠡᠳᠤᠨ ᠮᠠᠯ ᠢ ᠠᠶᠠᠳᠠᠭᠤᠯᠤᠭᠠᠳ ᠠᠪᠤᠯ᠎ᠠ᠃ ᠡᠵᠢ ᠨᠢ ᠪᠠᠰᠨ ᠰᠤᠷᠤᠭᠰᠠᠨ ᠵᠠᠩ ᠢᠶᠠᠷ ᠢᠶᠠᠨ ᠲᠤᠭᠤᠤ ᠰᠦ ᠲᠠᠢ ᠴᠠᠢ ᠪᠠᠨ ᠤᠤᠭᠤᠵᠤ ᠪᠠᠶᠢᠭᠠᠳ ᠨᠢᠳᠤ ᠪᠠᠨ ᠠᠨᠢᠶ᠎ᠠ ᠭᠡᠵᠤ ᠰᠠᠨᠠᠭᠠᠳ ᠯᠨ ᠡᠭᠦᠨ ᠲᠠᠢ ᠪᠠᠨ ᠵᠢᠭᠤᠷᠠᠵᠤ ᠪᠠᠶᠢᠨ᠎ᠠ ᠰᠢᠳᠠ︕ ᠮᠢᠨᠤ ᠡᠨᠡ ᠴᠢᠨᠢ ᠦᠭᠢᠨ ᠲᠤᠭᠤᠯ ᠰᠢᠤ︕ ᠮᠠᠨᠳᠤ ᠶᠠᠪᠤᠭᠠᠳ ᠮᠠᠯᠠᠭᠡᠢ ᠳᠤ ᠬᠠᠵᠠᠭᠳᠠᠬᠤ ᠦᠭᠡᠢ ᠪᠤᠯ ᠭᠦᠭᠰᠢᠨ ᠪᠢ ᠪᠠᠰᠨ ᠬᠤᠶᠠᠷ ᠵᠢᠯ ᠲᠠᠢ ᠪᠤᠯ ᠰᠦ ᠲᠠᠢ ᠴᠠᠢ ᠲᠠᠢ ᠪᠠᠨ ᠵᠤᠯᠭᠠᠴᠢᠨ᠎ᠠ ᠡ︕ ᠴᠢ ᠮᠠᠯ ᠡᠮᠨᠠᠭᠡᠳ ᠤᠯᠠᠨ ᠢ ᠲᠤᠭᠤᠷᠢᠵᠤ ᠪᠠᠶᠢᠬᠤ ᠭᠦᠮᠤᠨ ᠦᠨᠤ ᠮᠠᠯ ᠪᠠᠷᠢᠳᠠᠭ ᠭᠠᠶᠢᠬᠠᠯ ᠤᠳ ᠨᠢ ᠰᠤᠷᠠᠭ ᠲᠠᠢ ᠤᠤ ᠪᠦᠭᠡᠷ᠎ᠠ ᠡ︕ ᠭᠦᠭᠰᠢᠨ ᠪᠢ ᠪᠠᠰᠨ ᠭᠡᠳᠤᠨ ᠰᠢᠭᠢᠷ᠎ᠠ ᠲᠠᠢ ᠪᠤᠯᠬᠤᠷ ᠬᠤᠯ ᠬᠠᠯ ᠲᠠᠢ ᠰᠠᠭᠤᠵᠤ ᠪᠠᠶᠢᠨ᠎ᠠ ᠰᠢᠤ᠃ ᠠᠢ᠂ ᠦᠭᠦᠨ ᠦᠭᠦᠳᠠᠯ᠎ᠠ ᠠᠶᠤᠬᠤ ᠶᠠᠭᠤᠮ᠎ᠠ ᠲᠠᠰᠤᠷᠠᠬᠤ ᠦᠭᠡᠢ ᠭᠡᠮ︕ ᠡᠨᠡ ᠪᠢᠳᠠ ᠬᠤᠶᠠᠷ ᠭᠦᠷᠢᠶᠠᠨ ᠠᠴᠠ ᠪᠠᠨ ᠪᠠᠰᠨ ᠭᠠᠷᠬᠤ ᠦᠭᠡᠢ︕ ᠠ᠂ ᠮᠦᠳᠳᠤ ᠬᠠᠯᠠᠭᠤ ᠤᠷᠤᠪᠠᠯ ᠭᠡᠳᠤᠨ ᠬᠤᠨᠢᠳ ᠢᠶᠠᠨ ᠡᠪᠠᠰᠤ ᠬᠠᠳᠤᠵᠤ ᠪᠠᠶᠢᠭᠠᠳ ᠲᠠᠵᠢᠭᠡᠴᠢᠭᠡᠶ᠎ᠠ︕ ᠤᠷᠢᠳᠤ ᠶᠢᠨ ᠠᠳᠠᠯᠢ ᠭᠡᠳᠤᠨ ᠵᠠᠭᠤ ᠪᠠᠷ   ᠪᠠᠶᠢᠬᠤ ᠴᠤ ᠪᠢᠰᠢ ᠳ᠋ᠠ︕ ᠶᠠᠮᠠᠷ︖ ᠢᠱᠢ ᠁ ᠤᠳᠤ ᠠᠮᠢᠨ  ᠳᠠᠭᠠᠨ ᠮᠠᠩᠳᠠᠭᠦᠤ ᠪᠤᠯᠤᠭᠰᠠᠨ ᠡ︕ ᠨᠠᠰᠤ ᠪᠠᠷ ᠢᠶᠠᠨ ᠮᠠᠯ ᠮᠠᠯᠵᠢᠭᠠᠳ ᠰᠤᠷᠴᠢᠬᠠᠭᠰᠠᠨ ᠪᠤᠯᠬᠤᠷ ᠮᠦᠨ ᠭᠡᠳᠤ  ᠪᠠᠷ ᠢᠶᠠᠨ ᠵᠤᠭ᠎ᠠ ᠭᠢᠭᠡᠳ ᠰᠠᠭᠤᠵᠤ ᠪᠠᠶᠢᠨ᠎ᠠ ᠰᠢᠳᠠ︕               — ᠵᠨ᠂ ᠶᠡᠭᠡ ᠰᠠᠶᠢᠨ᠂ ᠮᠠᠰᠢ ᠶᠢᠨ ᠢᠶᠠᠨ ᠰᠠᠶᠢᠨ ᠢᠶᠠᠷ ᠲᠤᠭᠤᠯ ᠲᠠᠢ ᠪᠤᠯᠤᠯ᠎ᠠ᠃ ᠮᠢᠨᠤ ᠡᠨᠡ ᠴᠢᠨᠢ ᠨᠠᠳᠠ ᠳᠠᠭᠠᠨ ᠰᠠᠶᠢᠨ ᠬᠠᠨᠢ ᠰᠢᠤ︕ ᠦᠭᠡ ᠶᠠᠷᠢᠵᠤ ᠴᠢᠳᠠᠬᠤ ᠦᠭᠡᠢ ᠠᠴᠠ ᠯᠨ ᠪᠢᠰᠢ᠂ ᠮᠦᠳᠳᠤ ᠪᠤᠰᠤᠭᠰᠠᠭᠠᠷ ᠯᠨ ᠨᠠᠮᠠᠢᠢ ᠪᠠᠨ ᠲᠦᠢᠳᠤᠭᠡᠳ ᠡᠭᠢᠯᠠᠭᠦ ᠶᠤᠮ᠂ ᠠᠢ︕ ᠪᠢᠳᠠ ᠭᠡᠳᠤ ᠶᠢᠨ ᠠᠮᠢᠳᠤᠷᠠᠯ ᠴᠢᠨᠢ ᠤᠳᠤ ᠡᠶᠢᠮᠤ ᠰᠢᠳᠠ ︕ ᠁ ᠪᠠᠶᠠᠷᠯᠠᠭᠰᠠᠨ ᠭᠡᠷᠢᠶ᠎ᠠ ᠪᠠᠷᠭᠢᠷᠠᠭ᠎ᠠ ᠭᠡᠭᠴᠢ ᠪᠠᠷ ᠪᠠᠯᠭᠠᠷ ᠡᠵᠢ ᠦᠨᠤᠴᠢᠨ ᠲᠤᠭᠤᠯ ᠭᠡᠳᠤᠨ ᠬᠤᠨᠢ ᠲᠠᠢ  ᠪᠠᠨ ᠶᠠᠷᠢᠳᠠᠭ ᠤᠯᠨᠨ ᠵᠤᠭᠤᠭ ᠢᠶᠠᠨ ᠤᠷᠤᠰᠬᠠᠵᠤ ᠯᠨ ᠪᠠᠶᠢᠯ᠎ᠠ᠃             ᠡᠮ ᠶᠠᠭᠦᠯᠠᠵᠤ ᠪᠠᠷᠠᠯ᠎ᠠ᠃ ᠮᠠᠰᠢ ᠡᠮᠴᠢ ᠲᠤᠭᠤᠯ ᠤᠨ ᠭᠦᠷᠠᠭᠡᠨ ᠰᠤᠳᠠᠯ ᠠᠴᠠ ᠵᠠᠭᠦᠤ ᠪᠠᠨ ᠨᠢᠮᠪᠠᠶᠢᠬᠠᠨ ᠰᠤᠭᠤᠯᠤᠨ ᠠᠪᠴᠤ ᠵᠠᠭᠦᠤ ᠶᠢᠨ ᠤᠷᠤᠮ ᠢ ᠰᠫᠧᠷᠲ ᠲᠠᠢ ᠭᠦᠪᠤᠩ ᠢᠶᠠᠷ ᠲᠠᠷᠤᠪᠠ᠃               ᠬᠤᠸ᠋ᠨ ᠲᠤᠭᠤᠯ ᠡᠵᠢ ᠶᠢᠨ ᠡᠪᠤᠳᠦᠭ ᠠᠴᠠ ᠲᠤᠯᠤᠭᠠᠢ ᠪᠠᠨ ᠡᠷᠭᠦᠨ ︽ᠶᠠᠭᠠᠭᠢᠪᠠ︖ ᠶᠠᠭᠤ ᠪᠤᠯᠪᠠ︖ ︾ ᠭᠡᠰᠠᠨ ᠭᠢᠯᠠᠯᠵᠠᠭᠰᠠᠨ ᠰᠤᠨᠢᠭᠤᠴᠢ ᠨᠢᠳᠤ ᠪᠠᠷ ᠤᠷᠳᠤ ᠬᠠᠷ᠎ᠠ ᠰᠤᠷᠮᠤᠤᠰᠤ ᠪᠠᠨ ᠬᠠᠶᠢᠴᠢᠯᠠᠨ ᠤᠷᠴᠢᠨ ᠢᠶᠠᠨ ᠭᠢᠨᠠᠭᠤᠷ ᠠᠵᠢᠨ᠎ᠠ᠃               ᠪᠠᠯᠭᠠᠷ ᠡᠵᠢ ︽ᠡ︕ ᠶᠤ᠂ ᠭᠦᠯ︕ ᠭᠦᠯ︕︾ ᠬᠢᠨ ᠲᠤᠭᠤᠯ ᠢᠶᠠᠨ ᠲᠦᠰᠢᠵᠤ ᠲᠤᠯᠤᠨ ᠮᠠᠶᠢᠭ᠎ᠠ ᠭᠦᠯ ᠳᠡᠭᠡᠨ ᠲᠦᠩᠭᠡᠵᠤ ᠲᠤᠭᠳᠠᠨ ᠪᠤᠰᠴᠤ ᠵᠤᠭᠰᠤᠳᠠᠯ᠎ᠠ ᠬᠤᠸ᠋ᠨ ᠲᠤᠭᠤᠯ ᠴᠤ ᠦᠨᠳᠠᠶᠢᠨ ᠪᠤᠰᠴᠤ ᠨᠢᠳᠤ ᠭᠦᠯᠤᠶᠢᠨ ᠬᠠᠰᠢᠶᠠᠨ ᠳᠠᠬᠢ ᠭᠡᠳᠤᠨ ᠬᠤᠨᠢᠳ ᠤᠨ ᠢᠶᠠᠨ ᠵᠦᠭ ᠤᠶᠠᠷᠠᠯᠳᠠᠢ ᠮᠦᠭᠡᠷᠦᠭᠰᠠᠭᠡᠷ ᠶᠠᠪᠤᠯ᠎ᠠ ᠁               —   ᠵᠨ᠂ ᠵᠨ ᠡ᠂ ᠰᠠᠶᠢᠨ ᠪᠤᠯᠤᠯ᠎ᠠ᠃ ᠭᠡᠷ ᠲᠤ ᠤᠷᠤᠶ᠎ᠠ᠂ ᠠᠶᠠᠭ᠎ᠠ ᠴᠠᠢ ᠤᠤᠭᠤᠴᠢᠬ᠎ᠠ ᠡ᠂ ᠵᠤᠭᠤᠰ ᠵᠤᠭ᠎ᠠ ᠶᠢ ᠴᠢᠨᠢ ᠦᠭᠭᠦᠶ᠎ᠠ︕ ᠤᠨᠳᠤᠤ ᠡᠮ ᠲᠠᠩ ᠵᠠᠷᠤᠬᠤ ᠦᠭᠡᠢ ᠪᠠᠷ ᠪᠤᠯᠴᠢᠬᠠᠨ᠎ᠠ ᠪᠢᠵᠨ︖ ᠬᠤᠸ᠋ᠨ  ᠳᠤ ᠮᠢᠨᠢ ᠶᠠᠮᠠᠷ ᠭᠡᠴᠠᠭᠦᠤ ᠭᠡᠮ ᠲᠤᠰᠤᠭᠠᠳ ᠢᠩᠭᠢᠵᠤ ᠰᠦᠷᠠᠭᠡᠢ ᠰᠠᠨᠳᠤᠷᠭᠠᠪᠠ︕ ᠭᠡᠵᠤ ᠵᠦᠪ ᠭᠠᠷ ᠳᠠᠭᠠᠨ ᠲᠠᠪᠢᠭᠦᠷ ᠪᠠᠷᠢᠨ ᠭᠡᠷ ᠵᠦᠭ ᠢᠶᠠᠨ ᠬᠠᠶᠢᠪᠠᠭᠠᠨᠠᠬᠤ ᠡᠵᠢ ᠭᠡᠨᠠᠳᠳᠠ ᠠᠰᠠᠭᠤᠯ᠎ᠠ᠃             — ᠲᠦᠷᠭᠡᠨ ᠴᠢᠨᠠᠷᠳᠠᠢ ᠬᠤᠤᠷᠳᠠᠯ ᠳᠤ ᠤᠴᠠᠷᠠᠵᠠᠢ᠃             — ᠶᠠᠭᠤ︖ ᠬᠠᠷ᠎ᠠ ᠪᠤᠯᠠᠢ︕ ᠵᠠᠶᠢᠯᠠᠭᠤᠯ ᠡ︕ ᠵᠠᠶᠢᠯᠠᠭᠤᠯ︕ ᠮᠢᠨᠤ ᠬᠤᠳᠠᠨ ᠳᠤ ᠬᠤᠤᠷ ᠶᠤᠷ  ᠲᠠᠢ ᠭᠦᠨᠤᠭᠡᠯᠳᠤ ᠡᠳ᠋ ᠦᠭᠡᠢ︕ ᠭᠦᠭᠰᠢᠨ ᠪᠢ ᠲᠠᠯᠨ ᠲᠦᠭᠦᠳᠠᠯ᠎ᠠ ᠭᠦᠷᠰᠢ ᠵᠠᠷᠭᠡᠯᠠᠳᠡᠭᠡ ᠳᠡᠭᠡᠨ ᠬᠤᠤᠷ ᠱᠤᠷ  ᠲᠠᠢ ᠶᠠᠪᠤᠭᠰᠠᠨ ᠦᠭᠡᠢ ᠶᠤᠮ᠃ ᠬᠤᠪᠢ ᠪᠠᠨ ᠭᠦᠭᠡᠭᠡᠳ ᠲᠤᠪᠤ ᠪᠠᠨ ᠰᠠᠭᠢᠭᠰᠠᠨ ᠨᠠᠳᠠ ᠳᠤ ᠭᠡᠨ ᠬᠤᠤᠷ ᠭᠦᠷᠭᠡᠭᠦᠪ⁈               — ᠡᠵᠢ ᠡ᠂ ᠲᠠᠷᠨ ᠡ︕ ᠴᠢ ᠬᠠᠷᠨ ᠳ᠋ᠠ᠃ ᠠᠷᠤ ᠶᠢᠨ ᠲᠤᠤᠷᠠᠨ ᠲᠠᠭᠡᠷ᠎ᠠ ᠴᠢᠨᠢ ᠡᠷᠢᠶᠠᠵᠠᠯᠳᠠᠯ᠎ᠠ ᠨᠠᠭᠠᠯᠳᠤᠭᠠᠳ ᠲᠠᠷᠪᠠᠯᠵᠠᠨ ᠭᠡᠶᠢᠰᠭᠦ ᠶᠢᠰᠤᠨ ᠦᠩᠭᠡ ᠶᠢᠨ ᠲᠠᠷᠢᠶᠠᠯᠠᠩ ᠤᠨ ᠨᠤᠪᠰᠢ ᠤᠳ ᠢ ᠬᠠᠷᠠᠬᠤ ᠦᠭᠡᠢ ᠤᠤ︖ ᠬᠤᠤᠷᠳᠠᠢ ᠭᠢᠨᠢ ᠢᠳᠠᠪᠠᠯ ᠮᠠᠯ ᠰᠤᠶᠢᠳᠴᠤ ᠬᠤᠤᠷ ᠢᠶᠠᠷ ᠪᠠᠷᠤᠭᠳᠠᠢ ᠶᠢ ᠭᠢᠨᠢ ᠢᠳᠠᠪᠠᠯ ᠮᠠᠯ ᠭᠡᠳᠠᠰᠤ ᠭᠦᠵᠡᠭᠡ ᠪᠠᠨ ᠬᠠᠭᠠᠯᠠᠭᠤᠯᠵᠤ ᠪᠠᠶᠢᠬᠤ ᠦᠵᠡᠭᠳᠠᠯ ᠵᠦᠩᠳᠠᠭᠡᠨ ᠪᠤᠯᠵᠤ ᠰᠢᠤ︕             ᠪᠠᠯᠭᠠᠷ ᠡᠵᠢ ᠡᠩ ᠦᠭᠡᠢ ᠦᠷᠭᠦᠯᠵᠢᠯᠡᠭᠰᠠᠨ ᠲᠠᠷᠢᠶᠠᠨ ᠭᠠᠵᠠᠷ ᠳᠠᠬᠢ ᠲᠠᠯᠪᠠᠭᠠᠨᠠᠨ ᠭᠡᠶᠢᠰᠭᠦ ᠲᠠᠷᠢᠶᠠᠯᠠᠩ  ᠤᠨ ᠴᠠᠭᠠᠨ ᠪᠤᠭᠢᠷᠳᠤᠯ ᠤᠳ ᠢ ᠬᠠᠷᠠᠭᠠᠳ ᠦᠭᠡ ᠦᠭᠡᠢ ᠤᠤᠯ ᠤᠷᠤᠨ ᠳᠠᠭᠠᠨ ᠤᠳᠠᠳᠠᠯ᠎ᠠ ᠮᠠᠯᠠᠷᠠᠨ ᠵᠤᠭᠰᠤᠵᠠᠢ᠃             — ᠵᠨ︕ ᠲᠦᠭᠦᠷᠦᠭᠰᠠᠨ ᠡ︕ ᠦᠯᠠᠳᠡᠭᠰᠠᠨ ᠭᠡᠳᠤᠨ ᠮᠠᠯ ᠳᠤ ᠮᠢᠨᠢ ᠪᠠᠰᠠᠯᠨ ᠭᠠᠢ ᠢᠷᠠᠯ᠎ᠠ ᠰᠢᠤ︕ ᠭᠡᠵᠤ ᠭᠦᠮᠤᠭᠡᠢ ᠪᠠᠨ ᠵᠠᠭᠤᠨ ᠶᠠᠷᠢᠭᠠᠳ ᠭᠡᠷ ᠳᠤ ᠪᠠᠨ ᠤᠷᠤᠳᠠᠯ᠎ᠠ ᠬᠤᠶᠢᠨ᠎ᠠ ᠠᠴᠠ ᠨᠢ ᠬᠤᠸ᠋ᠨ ᠲᠤᠭᠤᠯ ᠨᠢ ᠦᠤᠨᠠᠨ ᠮᠦᠭᠡᠷᠦᠭᠰᠠᠭᠡᠷ ᠭᠡᠷ ᠲᠤ ᠰᠢᠭᠤᠳ ᠰᠠᠭᠦᠯ ᠡᠷᠭᠦᠨ ᠤᠭᠤᠳᠤᠩᠨᠠᠨ ᠲᠠᠯᠪᠢᠵᠤ ᠪᠠᠭᠤᠯ᠎ᠠ᠃       ᠪᠢᠴᠢᠬᠠᠨ ᠪᠤᠷᠤ ᠦᠷᠤᠭᠡ ᠠᠴᠠ ᠪᠠᠯᠭᠠᠷ ᠡᠵᠢ ᠶᠢᠨ ᠲᠤᠭᠤᠯ ᠢᠶᠠᠨ ᠦᠭᠦᠭᠡᠷᠤᠭ᠍ᠰᠠᠨ ᠦᠭᠡ ᠵᠤᠭᠤᠭ ᠦᠷᠭᠦᠯᠵᠢᠯᠠᠨ᠎ᠠ ᠁           ᠡᠨᠡ ᠡᠳᠤᠷ ᠠᠴᠠ ᠰᠠᠭᠦᠯᠠᠷ ᠪᠠᠯᠭᠠᠷ ᠡᠵᠢ ᠵᠢᠭᠦᠷ ᠲᠠᠯᠠᠪᠴᠢ ᠨᠢ ᠪᠠᠭᠤᠭᠰᠠᠨ ᠭᠦᠭᠰᠢᠨ ᠪᠦᠷᠭᠦᠳ ᠦᠭᠶᠤᠭᠡ ᠬᠠᠶᠢᠬᠤ ᠰᠢᠭ᠋ ᠵᠠᠪ ᠯᠨ ᠭᠠᠷᠪᠠᠯ ᠬᠠᠶᠢᠵᠢᠭᠠᠨᠠᠨ ᠠᠯᠬᠤᠵᠤ ᠲᠠᠷᠨ ᠵᠠᠬ᠎ᠠ ᠦᠭᠡᠢ ᠦᠷᠭᠦᠯᠵᠢᠯᠡᠭᠰᠠᠨ ᠲᠠᠷᠢᠶᠠᠨ ᠭᠤᠤᠷᠰᠤᠨ ᠤ ᠭᠦᠨᠤᠭᠡᠯᠳᠤ ᠨᠤᠪᠰᠢ ᠨᠤᠭᠤᠳ ᠤᠨ ᠲᠤᠮᠳᠠ ᠰᠠᠭᠦᠳᠠᠭᠡᠨᠠᠨ ᠬᠠᠷᠠᠭᠳᠠᠬᠤ ᠪᠤᠯᠵᠤ ᠪᠢᠯᠨ᠃                               ᠵᠤᠬᠢᠶᠠᠭᠴᠢ ᠶᠢᠨ ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ ᠪᠠᠶᠠᠨᠳᠠᠯ᠎ᠠ ᠰᠤᠮᠤᠨ ᠤ ᠯᠤᠤᠳᠤᠪᠠᠨ ᠭᠠᠴᠠᠭ᠎ᠠ                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号