ᠨᠢᠵᠢᠭᠢᠨᠡᠬᠦ ᠠᠯᠠᠭ᠎ᠠ ᠲᠠᠰᠢᠯᠳᠠ ᠦᠶ᠎ᠡ ᠦᠶ᠎ᠡ ᠦᠷᠭᠦᠯᠵᠢᠯᠡᠭᠦ ᠳᠤ ᠤᠷᠮ᠎ᠠ ᠵᠤᠷᠢᠭ ᠬᠦᠪᠴᠢᠯᠡᠭᠳᠡᠨ | ᠤᠭᠤᠷᠠᠭ ᠲᠠᠷᠢᠬᠢ ᠰᠡᠷᠭᠦᠵᠦ᠂ ᠤᠷᠠᠨ ᠠᠪᠢᠶᠠᠰ ᠮᠦᠴᠡᠭᠡᠷᠬᠡᠬᠦ ᠤᠩᠰᠢᠯᠭ᠎ᠠ ᠶᠢᠨ ᠤᠷᠥᠯᠳᠥᠭᠠᠨ ᠬᠦᠷ ᠬᠦᠭᠵᠢᠶᠡᠨ | ᠢᠶᠠᠷ ᠪᠢᠯᠬᠠᠵᠥ ᠬᠦᠭᠵᠢᠯ ᠨᠠᠷᠭᠢᠶᠠᠨ ᠲᠠᠢ ᠪᠠᠷ ᠦᠨᠳᠥᠷᠯᠡᠬᠦ ᠲᠠᠪᠠᠭ᠎ᠠ ᠪᠤᠯᠵᠥ ᠪᠠᠶᠢᠪᠠ᠃ | ᠬᠦᠲᠦᠯᠦᠭᠴᠢ ᠨᠠᠪᠴᠢ ᠬᠡᠥᠬᠡᠨ ᠬᠠᠮᠤᠭ ᠡᠴᠦᠰ ᠤᠨ ᠤᠩᠰᠢᠬᠤ ᠰᠤᠷᠤᠭᠴᠢ ᠶᠢᠨ ᠨᠡᠷ᠎ᠡ ᠶᠢ ᠨᠡᠶᠢᠳᠡᠯᠡᠬᠦ | ᠭᠱᠠᠨ᠎ᠠ᠂ ᠬᠤᠷᠠᠨ ᠴᠤᠭᠯᠠᠷᠠᠭᠰᠠᠨ ᠤᠯᠠᠨ ᠪᠦᠭᠦᠳᠡ ᠠᠨᠢᠷ ᠴᠢᠮᠡᠭᠡ ᠪᠠᠨ ᠠᠯᠳᠠᠵᠥ ᠬᠦᠳᠡᠯᠵᠥ ᠪᠠᠷᠢᠬᠤ ᠪᠠᠨ ᠴᠦ | ᠬᠡᠷᠰᠡᠥᠯᠡᠨ᠂ ᠬᠡᠭᠦᠳᠡᠭ ᠴᠡᠭᠡᠵᠢᠨ ᠤ ᠠᠮᠢᠰᠬᠤᠭ᠎ᠠ ᠪᠠᠨ ᠴᠦ ᠲᠠᠷᠤᠰᠬᠢᠵᠥ ᠪᠠᠶᠢᠯ᠎ᠠ᠃ ᠮᠢᠨᠥ ᠵᠢᠷᠥᠬᠡ ᠴᠦ ᠬᠡᠪ ᠤᠨ | ᠪᠠᠶᠢᠳᠠᠯ ᠢᠶᠠᠨ ᠠᠯᠳᠠᠵᠥ ᠲᠦᠭᠰᠢᠬᠦ ᠨᠢ ᠲᠥᠷᠭᠡᠰᠪᠡ ᠃ | ᠢᠴᠢᠵᠥ ᠰᠢᠷᠪᠡᠭᠡᠳᠥᠭᠰᠡᠨ᠂ ᠠᠶᠥᠵᠥ ᠡᠮᠢᠶᠡᠭᠰᠡᠨ ᠪᠠᠶᠢᠳᠠᠯ ᠲᠠᠢ ᠪᠢᠴᠢᠬᠠᠨ ᠬᠡᠥᠬᠡᠨ ᠬᠠᠴᠠᠷ | ᠤᠯᠠᠪᠠᠯᠵᠠᠭᠤᠯᠤᠨ ᠲᠠᠶᠢᠰᠠᠨ ᠳᠤ ᠭᠠᠷᠴᠤ ᠵᠤᠭᠰᠤᠯ᠎ᠠ᠃ ᠪᠤᠷᠵᠢᠭᠢᠷ ᠰᠢᠷ᠎ᠠ ᠭᠡᠵᠢᠭᠡ ᠪᠠᠨ ᠰᠤᠯᠠᠪᠲᠤᠷᠬᠠᠨ | ᠤᠶᠠᠴᠢᠬᠠᠭᠰᠠᠨ᠂ ᠪᠤᠨᠲᠤᠭᠤᠷ ᠤᠯᠠᠭᠠᠨ ᠬᠠᠴᠠᠷ ᠨᠢ ᠪᠤᠬᠢᠷᠲᠤᠵᠥ ᠬᠠᠯᠲᠠᠷᠲᠤᠴᠢᠬᠠᠭᠰᠠᠨ᠂ ᠪᠤᠰᠤᠭ᠎ᠠ | ᠵᠠᠩᠭᠢᠳᠤᠭᠰᠠᠨ ᠬᠥᠮᠥᠰᠭᠡ ᠨᠢ ᠲᠤᠷᠠᠶᠢᠵᠥ᠂ ᠪᠤᠯᠪᠠᠰᠤᠷᠠᠭᠰᠠᠨ ᠮᠤᠶᠢᠯ ᠰᠢᠭ᠋ ᠨᠢᠳᠥ ᠨᠢ ᠲᠤᠸᠠᠯᠠᠵᠥ ᠤᠨᠴᠠ ᠶᠢᠨ | ᠭᠤᠶᠤᠮᠰᠤᠭ ᠠᠳᠠᠯ᠎ᠠ ᠪᠠᠰᠠ ᠲᠤᠶᠢᠯ ᠤᠨ ᠬᠦᠭᠡᠷᠦᠬᠦᠢ ᠬᠠᠷᠠᠭᠳᠠᠨ᠎ᠠ᠃ ᠲᠡᠷᠡ ᠴᠡᠴᠡᠷᠬᠢᠯᠡᠭᠰᠡᠨ ᠬᠤᠶᠠᠷ ᠭᠠᠷ ᠢᠶᠠᠷ | ᠢᠶᠠᠨ ᠬᠢᠴᠢᠶᠡᠯ ᠤᠨ ᠨᠤᠮ ᠢᠶᠠᠨ ᠲᠡᠯᠭᠡᠵᠥ ᠪᠠᠷᠢᠭᠠᠳ ᠮᠡᠯᠡᠷᠡᠰᠬᠢᠭᠰᠡᠨ ᠬᠠᠷᠠᠴᠠ ᠪᠠᠷ ᠤᠯᠠᠨ ᠢ ᠰᠢᠷᠲᠡᠵᠥ ᠶᠠᠭᠠᠬᠢᠬᠤ | ᠪᠠᠨ ᠴᠦ ᠤᠯᠬᠤ ᠦᠭᠡᠢ ᠪᠤᠯᠵᠥ ᠵᠤᠭᠰᠤᠬᠤ ᠳᠤ᠂ ᠰᠤᠨᠢᠷᠬᠠᠨ ᠬᠠᠷᠠᠬᠤ ᠬᠢᠨᠠᠭᠴᠢ ᠪᠠᠭᠰᠢ ᠨᠠᠷ ᠵᠢᠴᠢ ᠭᠠᠶᠢᠬᠠᠨ | ᠰᠢᠷᠲᠡᠬᠦ ᠭᠡᠷ ᠤᠨ ᠠᠬᠠᠮᠠᠳ ᠤᠨ ᠲᠤᠮᠳᠠ ᠠᠷᠤ ᠪᠠᠷ ᠰᠢᠭ᠋ ᠰᠠᠭᠤᠭᠰᠠᠨ ᠨᠢᠭᠡ ᠬᠦᠮᠥᠨ ᠪᠤᠰᠤᠳ ᠠᠴᠠ ᠬᠤᠯᠠ | ᠢᠯᠡᠭᠦᠥ ᠪᠠᠴᠢᠮᠳᠠᠨ ᠰᠠᠮᠠᠭᠠᠷᠳᠠᠮᠠᠷ ᠪᠤᠯᠵᠤ ᠦᠨᠳᠡᠶᠢᠨ ᠪᠤᠰᠴᠢᠬᠠᠭᠠᠳ ᠲᠡᠷᠡ ᠬᠡᠥᠬᠡᠳ ᠢ ᠨᠢᠳᠥ ᠴᠠᠪᠴᠢᠯ ᠦᠭᠡᠢ | ᠬᠠᠷᠠᠨ᠎ᠠ᠃ | ᠤᠶᠠᠬᠠᠨ ᠵᠦᠭᠡᠯᠡᠨ ᠮᠤᠷᠢᠨ ᠬᠤᠭᠤᠷ ᠤᠨ ᠡᠭᠡᠰᠢᠭ ᠬᠠᠨᠭ᠍ᠭᠢᠨᠠᠬᠤ ᠡᠷᠬᠡᠨ ᠳᠤ ᠤᠨᠴᠠ ᠶᠢᠨ ᠲᠠᠭᠠᠯᠠᠮᠵᠢᠲᠠᠢ | ᠪᠠᠶᠢᠵᠥ ᠰᠡᠳᠭᠢᠯ ᠲᠤᠭᠳᠤᠯᠬᠤ ᠰᠢᠭ᠋ ᠪᠤᠯᠤᠯ᠎ᠠ᠃ ᠤᠳᠠᠳᠠᠯ᠎ᠠ ᠵᠤᠭᠰᠤᠭᠰᠠᠨ ᠲᠡᠷᠡ ᠬᠡᠥᠬᠡᠳ ᠤᠯᠠᠨ ᠳᠤ ᠪᠡᠶ᠎ᠡ | ᠮᠡᠬᠦᠶᠢᠨ ᠶᠤᠰᠤᠯᠠᠭᠰᠠᠨ ᠤ ᠲᠠᠷᠠᠭ᠎ᠠ ᠬᠤᠭᠤᠯᠠᠢ ᠵᠠᠰᠠᠨ ᠪᠠᠶᠢᠵᠦ ︽ᠪᠢ ᠮᠤᠩᠭᠤᠯ ᠪᠢᠴᠢᠭ ᠢᠶᠠᠨ ᠰᠤᠷᠤᠨ᠎ᠠ | 》ᠭᠡᠵᠥ ᠨᠢᠭᠡ ᠨᠢᠭᠡ ᠪᠠᠷ ᠲᠡᠭᠦᠵᠥ ᠪᠠᠶᠢᠬᠤ ᠰᠢᠭ᠋ ᠤᠡᠭᠰᠢᠵᠥ ᠡᠬᠢᠯᠡᠯ᠎ᠡ᠃ ᠪᠠᠶᠢᠨ ᠲᠠᠬᠢᠨ ᠲᠤᠷᠬᠤ ᠴᠦ ᠰᠢᠭ᠋ | ᠪᠤᠯᠪᠠᠯ ᠲᠤᠤᠷ᠎ᠠ ᠲᠠᠯ᠎ᠠ ᠠᠴᠠ ᠬᠡᠨ ᠨᠢᠭᠡ ᠨᠢ ᠲᠠᠭᠠᠭᠤᠯᠵᠤ ᠤᠩᠰᠢᠬᠤ ᠳᠠᠭᠤ ᠰᠤᠨᠤᠰᠲᠠᠨ ᠪᠠᠶᠢᠵᠤ ᠳᠥᠷᠪᠡᠨ | ᠪᠠᠳᠠᠭ ᠰᠢᠯᠥᠭ ᠢ ᠤᠡᠭᠰᠢᠵᠤ ᠲᠠᠭᠤᠰᠤᠯ᠎ᠠ᠃ ᠠᠯᠠᠭ᠎ᠠ ᠲᠠᠰᠢᠯᠳᠠ ᠶᠢᠨ ᠲᠠᠭᠤᠨ ᠲᠡᠷᠡ ᠬᠡᠥᠬᠡᠳ ᠢ ᠤᠷᠤᠨ ᠳᠤ | ᠪᠠᠨ ᠤᠷᠤᠭᠠᠳ ᠨᠡᠯᠢᠶᠡᠳ ᠤᠳᠠᠳᠠᠯ᠎ᠠ ᠦᠷᠬᠦᠯᠵᠢᠯᠡᠭᠰᠡᠭᠡᠷ ······ | ᠤᠷᠤᠯᠳᠤᠭᠠᠨ ᠤ ᠳ᠋ᠦᠩ ᠨᠡᠶᠢᠳᠡᠯᠡᠭᠳᠡᠵᠥ ᠰᠤᠷᠭᠠᠭᠤᠯᠢ ᠳᠤ ᠰᠠᠭᠤᠭᠰᠠᠨ ᠴᠠᠭ ᠠᠴᠠ ᠲᠥᠷᠥᠭᠦᠥ ᠤᠳᠠᠭ᠎ᠠ | ᠱᠠᠩᠨᠠᠯ ᠲᠤᠰᠤᠭᠰᠠᠨ ᠬᠡᠥᠬᠡᠨ ᠬᠦᠯ ᠭᠠᠵᠠᠷ ᠬᠦᠷᠬᠦ ᠦᠭᠡᠢ ᠪᠠᠶᠠᠷᠯᠠᠭᠰᠠᠨ ᠨᠢ ᠶᠠᠷᠢᠶᠠᠨ ᠦᠭᠡᠢ᠃ ᠭᠠᠶᠢᠬᠠᠬᠤ | ᠪᠠᠶᠠᠷᠯᠠᠬᠤ ᠬᠤᠤᠰᠯᠠᠭᠰᠠᠨ ᠬᠠᠶᠢᠷᠠᠳᠥ ᠠᠪᠤ ᠨᠢ ᠴᠦ ᠭᠠᠷᠳᠠᠭᠰᠠᠨ ᠱᠠᠩᠨᠠᠯ ᠢᠶᠠᠨ ᠴᠢᠩᠭ᠎ᠠ ᠠᠳᠬᠤᠭᠠᠳ ᠤᠯᠠᠨ ᠤ | ᠲᠤᠮᠳᠠᠭᠤᠷ ᠡᠰᠢ ᠲᠡᠰᠢ ᠶᠠᠪᠤᠵᠥ ᠯᠡ ᠪᠠᠶᠢᠬᠤ ᠬᠡᠤᠬᠡᠨ ᠢᠶᠠᠨ ᠲᠠᠭᠠᠭᠠᠳ ᠰᠠᠯᠬᠤ ᠦᠭᠡᠢ ᠤᠷᠳᠤᠭᠤᠷ ᠬᠤᠶᠢᠭᠤᠷ ᠨᠢ | ᠡᠷᠬᠢᠴᠡᠵᠥ ᠯᠡ ᠪᠠᠶᠢᠬᠤ ᠨᠢ ᠬᠡᠴᠢᠨᠡᠨ ᠪᠠᠶᠠᠷ ᠪᠠᠭ᠋ᠠᠳᠤᠯ ᠲᠠᠢ ᠪᠠᠶᠢᠬᠤ ᠶᠢ ᠬᠡᠨ ᠴᠦ ᠲᠠᠭᠠᠵᠥ ᠮᠡᠳᠡᠬᠦ ᠦᠭᠡᠢ | ᠪᠠᠶᠢᠬ᠎ᠠ︕ | ᠠᠮᠢᠳᠤᠷᠠᠯ ᠤᠨ ᠬᠠᠳᠠᠭᠤ ᠪᠡᠷᠬᠡᠰᠢᠶᠡᠯ ᠢ ᠲᠤᠭᠤᠯᠵᠥ ᠶᠠᠪᠤᠭ᠎ᠠ ᠪᠠᠭᠠᠨ᠎ᠠ ᠭᠡᠵᠥ ᠦᠪᠡᠷ ᠤᠨ ᠪᠡᠶ᠎ᠡ ᠨᠢ ᠨᠠᠰᠤ | ᠠᠬᠢᠵᠥ ᠠᠷᠬᠠᠭ ᠭᠡᠮ ᠲᠠᠢ ᠪᠠᠷ ᠪᠠᠷᠠᠬᠤ ᠦᠭᠡᠢ ᠤᠳᠥᠮᠰᠢᠯ ᠤᠨ ᠰᠤᠯᠢᠶ᠎ᠠ ᠡᠪᠡᠳᠴᠢᠨ ᠲᠠᠢ᠃ ᠭᠠᠯ ᠤᠰᠥ ᠬᠢᠬᠦ | ᠳᠡᠭᠡᠨ ᠴᠦ ᠵᠦᠪ ᠦᠭᠡᠢ ᠭᠡᠷᠭᠡᠢ ᠲᠠᠢ ᠪᠠᠨ ᠠᠶᠢᠯ ᠭᠡᠷ ᠪᠤᠯᠤᠯᠴᠠᠨ ᠠᠮᠢᠳᠤᠷᠠᠬᠤ ᠡᠷᠬᠡᠨ ᠳᠤ᠂ ᠠᠪᠤ ᠡᠵᠢ ᠶᠢᠨ ᠢᠶᠠᠨ | ᠵᠡᠮᠳᠡᠭ ᠢ ᠵᠡᠷᠭᠡ ᠪᠠᠷ ᠲᠠᠭᠤᠷᠢᠶᠠᠭᠰᠠᠨ ᠬᠡᠥᠬᠡᠨ ᠵᠠᠶᠠᠭᠠᠭᠰᠠᠨ ᠠᠴᠠ ᠠᠮᠢᠳᠤᠷᠠᠯ ᠳᠤ ᠨᠢ ᠣᠯᠠᠮ ᠬᠦᠨᠳᠥ ᠲᠠᠷᠤᠭᠠᠰᠤ | ᠪᠤᠯᠤᠭᠰᠠᠨ ᠨᠢ ᠢᠯᠡᠷᠬᠡᠢ᠃ ᠭᠡᠲᠡᠯ᠎ᠡ ᠡᠴᠢᠭᠡ ᠡᠬᠡ ᠶᠢᠨ ᠰᠡᠳᠭᠢᠯ᠂ ᠡᠩᠬᠦᠷᠡᠢ ᠦᠷ᠎ᠡ ᠳᠡᠭᠡᠨ ᠶᠡᠭᠦᠯᠡᠬᠦ ᠡᠨᠡᠷᠢᠯ | ᠬᠠᠶᠢᠷ᠎ᠠ ᠡᠯᠪᠡᠷᠢᠯ ᠵᠢᠷᠥᠮ ᠬᠡᠵᠥ ᠡᠷᠢᠶᠡᠨ ᠬᠤᠷᠸ᠎ᠠ ᠳᠤ ᠭᠡᠨ ᠨᠢᠭᠡᠨ ᠳᠤ ᠴᠤ ᠦᠭᠡᠷ᠎ᠡ ᠤᠤ ᠳ᠋ᠠ︕ ᠡᠳᠥᠷ ᠤᠨ | ᠤᠳᠠᠭᠠᠨ ᠳᠤ ᠰᠠᠯᠬᠢ ᠪᠤᠷᠤᠭᠠᠨ ᠢ ᠲᠤᠭᠤᠯᠵᠤ ᠬᠤᠨᠤᠭ ᠤᠨ ᠵᠤᠵᠠᠭᠠᠨ ᠳᠤ ᠬᠦᠴᠢᠷ ᠵᠤᠪᠠᠯᠠᠩ ᠢ ᠠᠮᠰᠠᠵᠥ᠂ ᠠᠮᠠᠨ | ᠳᠠᠭᠠᠨ ᠬᠢᠭᠰᠡᠨ ᠦᠭᠡᠢ ᠴᠦ ᠠᠯᠠᠭᠠᠨ ᠳᠠᠭᠠᠨ ᠪᠥᠮᠪᠥᠷᠢᠭᠦᠯᠵᠥ ᠠᠯᠠᠭ ᠦᠷ᠎ᠡ ᠪᠠᠨ ᠠᠰᠠᠷᠠᠨ ᠲᠤᠷᠨᠢᠭᠤᠯᠵᠤ | ᠶᠠᠪᠤᠭᠰᠠᠨ ᠡᠳᠠ ᠬᠤᠶᠠᠷ ᠢ ᠪᠤᠳᠤᠬᠤ ᠠᠴᠠ ᠴᠦ ᠵᠢᠷᠦᠬᠡᠰᠢᠶᠡᠨ ᠡᠯᠢᠭᠡ ᠡᠮᠳᠡᠷᠡᠵᠥ ᠵᠢᠷᠥᠬᠡ ᠰᠢᠮᠰᠢᠷᠠᠮᠡᠷ ᠡ︕ | | 2007 ᠤᠨ ᠤ ᠨᠠᠮᠤᠷ ᠤᠨ ᠡᠬᠢᠨ ᠤ ᠨᠠᠯᠠᠭᠠᠷᠬᠠᠨ ᠲᠡᠷᠡ ᠨᠢᠭᠡᠨ ᠡᠳᠥᠷ ᠪᠢ ᠡᠬᠡ ᠤᠷᠤᠨ ᠤ ᠮᠢᠨᠢ | ᠭᠡᠭᠡᠨ ᠰᠠᠷᠠᠭᠤᠯ ᠢᠷᠡᠭᠡᠳᠥᠢ ᠶᠢᠨ ᠴᠤᠭᠴᠠᠯᠠᠭᠴᠢ᠂ ᠦᠨᠳᠥᠰᠥᠳᠡᠨ ᠤ ᠢᠷᠡᠬᠦ ᠮᠠᠷᠭᠠᠰᠢ ᠶᠢᠨ ᠵᠠᠯᠭᠠᠮᠵᠢᠯᠭᠴᠢ | ᠪᠤᠯᠬᠤ ᠴᠤᠪᠤᠭᠤ ᠬᠦᠭᠡᠷᠦᠬᠦᠨ 23 ᠬᠡᠥᠬᠡᠳ ᠢ ᠡᠷᠬᠢᠯᠡᠭᠰᠡᠨ ᠠᠩᠭᠢ ᠳᠠᠭᠠᠨ ᠲᠤᠰᠤᠨ ᠠᠪᠤᠭᠰᠠᠨ ᠪᠢᠯᠡ᠃ | ᠠᠰᠠᠭᠤᠭᠠᠳ ᠬᠠᠷᠢᠭᠤᠯᠳᠠ ᠤᠯᠬᠤ ᠦᠭᠡᠢ᠂ ᠠᠷᠭᠠᠯᠠᠭᠠᠳ ᠲᠣᠰᠠ ᠪᠤᠯᠳᠠᠭ ᠦᠭᠡᠢ᠂ ᠬᠡᠯᠡᠭᠡᠳ ᠴᠦ ᠬᠡᠷᠡᠭ ᠦᠭᠡᠢ᠂ | ᠬᠡᠭᠰᠡᠶᠢᠭᠡᠳ ᠴᠦ ᠬᠠᠮᠢᠶᠠᠷᠬᠤ ᠦᠭᠡᠢ ᠤᠯᠠᠭᠠᠨ ᠬᠡᠥᠬᠡᠨ ᠬᠡᠵᠥ ᠨᠠᠮ᠎ᠠ ᠶᠢ ᠰᠦᠷᠡᠬᠡᠢ ᠠᠭᠤᠷᠯᠠᠭᠤᠯᠵᠤ ᠶᠠᠪᠤᠭᠰᠠᠨ | ᠪᠢᠯᠡ᠃ ᠵᠡᠷᠭᠡᠯᠡᠳᠡᠭᠡ ᠭᠡᠷ ᠤᠨ ᠬᠠᠮᠲᠥ ᠰᠤᠷᠤᠯᠭᠠᠳᠠᠨ ᠪᠤᠯᠬᠤ ᠴᠡᠴᠡᠭ ᠬᠡᠥᠬᠡᠨ ᠢ ᠲᠠᠭᠠᠭᠠᠳ ᠯᠠ ᠶᠠᠪᠤᠳᠠᠭ ᠨᠢ | ᠨᠠᠮ᠎ᠠ ᠶᠢ ᠲᠤᠩ ᠰᠤᠴᠢᠭᠠᠭᠰᠠᠨ ᠶᠤᠮ᠃ ᠴᠡᠴᠡᠭ ᠬᠠᠮᠢᠭ᠎ᠠ ᠤᠴᠢᠪᠠᠯ ᠲᠡᠷᠡ ᠪᠠᠰᠠ ᠳᠠᠨᠳᠠ ᠤᠴᠢᠨ᠎ᠠ᠃ ᠴᠡᠴᠡᠭ | ᠲᠡᠭᠦᠨ ᠠᠴᠠ ᠵᠠᠶᠢᠯᠠᠭᠠᠳ ᠬᠤᠯᠠ ᠭᠦᠶᠥᠪᠡᠯ ᠲᠡᠷᠡ ᠪᠠᠰᠠ ᠴᠢᠨᠡᠭᠡ ᠮᠡᠳᠡᠨ ᠬᠦᠭᠡᠭᠡᠨ᠎ᠡ᠃ ᠭᠦᠭᠡᠭᠡᠵᠦ ᠭᠦᠢᠴᠡᠬᠦ | ᠦᠭᠡᠢ ᠬᠤᠴᠣᠷᠪᠠᠯ ᠦᠨᠳᠥᠷ ᠲᠠᠭᠤᠨ ᠢᠶᠠᠷ ᠤᠷᠢᠯᠠᠨ ᠴᠢᠷᠠᠯᠠᠵᠥ ᠤᠬᠢᠯᠠᠨ᠎ᠠ᠃ ᠤᠴᠡᠷᠠᠭᠰᠠᠨ ᠪᠦᠬᠦᠨ ᠣᠷᠢᠶᠠᠨ | ᠵᠠᠶᠢᠯᠠᠵᠥ ᠣᠴᠢᠷᠳᠠᠶᠢᠬᠠᠨ ᠬᠠᠷᠠᠨ᠎ᠠ᠃ ᠣᠣᠯ ᠨᠢ ᠡᠵᠢ ᠨᠢ ᠲᠡᠭᠦᠨ ᠢ ᠰᠤᠷᠭᠠᠭᠤᠯᠢ ᠳᠤ ᠠᠪᠴᠢᠷᠠᠵᠤ ᠦᠭᠬᠦ | ᠪᠤᠯᠭᠠᠨ ᠭᠡᠥᠭᠡᠨ ᠳᠡᠭᠡᠨ ︽ᠴᠡᠴᠡᠭ ᠡᠭᠡᠴᠢ ᠪᠠᠨ ᠲᠠᠭᠠᠭᠠᠳ ᠨᠠᠭᠠᠳᠤᠭᠠᠷᠠᠢ︾ ᠭᠡᠵᠥ ᠵᠠᠬᠢᠳᠠᠭ ᠪᠠᠶᠢᠵᠠᠢ᠃ ᠬᠡᠥᠬᠡᠨ | ᠡᠵᠢ ᠶᠢᠨ ᠢᠶᠠᠨ ᠦᠭᠡ ᠶᠢ ᠪᠠᠳᠥ ᠴᠡᠭᠡᠵᠢᠯᠡᠭᠰᠡᠨ ᠠᠵᠠᠢ᠃ ᠳᠡᠭᠦᠨ ᠠᠴᠠ ᠬᠤᠶᠢᠰᠢ ᠡᠩᠬᠦᠷᠡᠢ ᠰᠤᠷᠤᠭᠴᠢ ᠳᠠᠭᠠᠨ | ᠠᠭᠤᠷᠯᠠᠵᠥ ᠤᠴᠠᠭᠠᠷᠳᠠᠭᠰᠠᠨ ᠳᠠᠭᠠᠨ ᠪᠢ ᠬᠠᠷᠠᠮᠰᠠᠬᠤ ᠶᠢᠨ ᠶᠡᠭᠡ ᠪᠠᠷ ᠬᠠᠷᠠᠮᠰᠠᠵᠥ᠂ ᠪᠤᠳᠤᠬᠤ ᠲᠤᠳᠤᠮ ᠦᠷᠦ | ᠡᠪᠡᠳᠥᠨ᠂ ᠬᠠᠶᠢᠷᠠᠯᠠᠵᠦ ᠬᠠᠯᠠᠮᠵᠢᠯᠠᠨ ᠰᠠᠶᠢᠨ ᠬᠦᠮᠦᠵᠢᠭᠦᠯᠦᠶ᠎ᠡ ᠭᠡᠬᠦ ᠪᠤᠳᠤᠯ ᠤᠶᠤᠨ ᠲᠠᠷᠢᠬᠢᠨ ᠳᠤ ᠡᠷᠭᠢᠯᠳᠤᠪᠠ᠃ | | ︽ᠪᠦᠯᠬᠦᠮᠳᠡᠨ ᠨᠢᠭᠡᠳᠴᠦ ᠬᠠᠮᠲᠤ ᠪᠠᠷ ᠲᠠᠪᠰᠢᠶᠠ︾ ᠬᠡᠬᠦ ᠭᠤᠤᠯ ᠰᠡᠳᠥᠪᠳᠥ ᠠᠩᠭᠢ ᠶᠢᠨ ᠬᠤᠷᠠᠯ ᠬᠢᠬᠦ | ᠲᠡᠭᠡᠨ ᠪᠢ ︽ᠮᠠᠨ ᠤ ᠨᠦᠭᠦᠳ ᠬᠦᠷᠦᠯᠴᠡᠬᠦ ᠦᠭᠡᠢ ᠳᠠᠯ᠎ᠠ ᠪᠤᠶᠤ ᠨᠦᠭᠦᠴᠡᠯ ᠪᠠᠷᠤᠭᠳᠠᠢ ᠨᠦᠬᠦᠳ ᠢᠶᠠᠨ | ᠬᠠᠪᠰᠤᠷᠴᠤ᠂ ᠬᠦᠮᠦᠨ ᠪᠦᠬᠦᠨ ᠤᠯᠠᠭᠠᠨ ᠲᠠᠢ ᠨᠠᠭᠠᠳᠬᠤ ᠬᠡᠷᠡᠭᠳᠡᠢ︾ ᠬᠡᠬᠦ ᠦᠵᠡᠯ ᠰᠠᠨᠠᠭᠠᠨ ᠤ ᠬᠦᠮᠦᠵᠢᠯ ᠢ | ᠴᠢᠩᠭᠠᠳᠬᠠᠵᠠᠢ᠃ ᠠᠩᠭᠢ ᠶᠢᠨ ᠲᠠᠷᠤᠭ᠎ᠠ ᠨᠠᠪᠴᠢ ᠭᠡᠵᠥ ᠶᠤᠰᠤᠳᠠᠢ ᠣᠬᠠᠭᠠᠯᠢᠭ ᠬᠡᠥᠬᠡᠳ ᠪᠠᠶᠢᠭᠰᠠᠨ ᠣᠴᠢᠷ᠂ | ᠡᠳᠥᠷ ᠪᠦᠷᠢ ᠬᠠᠮᠳᠥ ᠨᠦᠬᠦᠳ ᠢᠶᠠᠨ ᠲᠠᠭᠠᠭᠤᠯᠥᠨ ᠤᠯᠠᠭᠠᠨ ᠲᠠᠢ ᠬᠠᠮᠳᠤ ᠲᠤᠭᠯᠠᠳᠠᠭ ᠪᠠᠶᠢᠯ᠎ᠠ᠃ ᠣᠯᠠᠨ ᠬᠡᠥᠬᠡᠳ | ᠬᠦᠭᠡᠷᠦᠯᠳᠥᠨ ᠨᠠᠷᠭᠢᠯᠳᠥᠬᠤ ᠲᠤᠮᠳᠠ ᠬᠠᠶᠠ ᠤᠯᠠᠭᠠᠨ ᠬᠡᠤᠬᠡᠨ ᠤ ᠬᠠᠪᠤᠲᠠᠢ ᠤᠯᠠᠨ ᠦᠭᠡ ᠶᠠᠷᠢᠬᠤ᠂ ᠬᠠᠳᠠᠭᠠᠨᠠᠨ | ᠢᠨᠢᠶᠡᠬᠦ ᠲᠠᠭᠤᠨ ᠰᠤᠨᠤᠰᠳᠠᠨ᠎ᠠ ᠉ | ᠬᠢᠴᠢᠶᠡᠯ ᠤᠨ ᠴᠠᠭ ᠲᠤ ᠬᠡᠨ ᠬᠠᠮᠤᠭ ᠲᠦᠷᠦᠭᠦᠥ ᠪᠦᠷᠢᠨ ᠵᠥᠪ ᠴᠢᠳᠠᠭᠰᠠᠨ ᠪᠠᠶᠢᠪᠠᠯ ᠤᠯᠠᠭᠠᠨ ᠤ | ᠲᠡᠷᠭᠡᠳᠡ ᠣᠴᠢᠵᠤ ᠶᠠᠭᠠᠬᠢᠵᠥ ᠣᠡᠭᠰᠢᠬᠤ᠂ ᠶᠠᠭᠠᠬᠢᠵᠥ ᠪᠢᠴᠢᠬᠦ᠂ ᠶᠠᠭᠠᠬᠢᠵᠥ ᠪᠤᠳᠤᠬᠤ ᠁ ᠭᠡᠵᠥ ᠰᠠᠶᠢᠬᠠᠨ | ᠵᠢᠭᠠᠵᠥ ᠦᠭᠳᠡᠭ ᠨᠢ ᠮᠠᠨ ᠤ ᠠᠩᠭᠢ ᠳᠤ ᠨᠢᠭᠡᠮᠦᠰᠦᠨ ᠵᠠᠩᠰᠢᠴᠢᠬᠠᠵᠠᠢ᠃ ᠬᠦᠮᠦᠨ ᠪᠦᠬᠦᠨ ᠲᠡᠭᠦᠨ ᠤ ︽ | ᠪᠢᠴᠢᠬᠠᠨ ᠪᠠᠭᠰᠢ︾ ᠪᠤᠯᠬᠤ ᠪᠠᠷ ᠴᠢᠷᠮᠠᠶᠢᠨ᠎ᠠ ᠉ | ᠨᠢᠭᠡᠨ ᠡᠳᠥᠷ ᠠᠩᠭᠢ ᠶᠢᠨ ᠡᠭᠦᠳᠡᠨ ᠲᠡᠭᠡᠷ᠎ᠡ ᠣᠯᠠᠨ ᠰᠤᠷᠤᠭᠴᠢ ᠤᠪᠤᠭᠠᠷᠠᠯᠳᠤᠵᠤ ᠦᠢᠮᠡᠯᠳᠥᠨᠡ᠃ ᠪᠢ | ᠠᠯᠬᠤᠭ᠎ᠠ ᠪᠠᠨ ᠲᠦᠷᠭᠡᠯᠡᠨ ᠣᠴᠢᠵᠥ ᠦᠵᠡᠬᠦᠯᠡᠷ ᠣᠯᠠᠨ ᠬᠡᠥᠬᠡᠳ ᠤᠯᠠᠭᠠᠨ ᠢ ᠬᠦᠷᠢᠶᠡᠯᠡᠨ ᠵᠤᠭᠰᠥᠵᠥ ᠪᠠᠶᠢᠯ᠎ᠠ᠃ | ᠬᠠᠮᠳᠥ ᠨᠦᠭᠦᠳ ᠨᠢ ᠬᠤᠶᠠᠷ ᠲᠠᠯ᠎ᠠ ᠠᠴᠠ ᠨᠢ ᠰᠤᠭᠤᠳᠠᠨ ᠪᠠᠭᠰᠢ ᠶᠢᠨ ᠲᠡᠷᠭᠡᠳᠡ ᠣᠴᠢᠬᠤ ᠬᠡᠬᠦ ᠳᠤ ᠲᠡᠷᠡ | ᠤᠭᠳᠥ ᠵᠥᠪᠰᠢᠶᠡᠷᠡᠬᠦ ᠦᠭᠡᠢ ᠲᠠᠲᠠᠯᠴᠠᠵᠥ ᠪᠠᠶᠢᠭᠰᠠᠨ ᠠᠵᠢ᠃ ᠠᠩᠬᠠᠷᠴᠦ ᠦᠵᠡᠪᠡᠯ ᠬᠡᠷᠡᠯᠳᠥᠵᠥ ᠶᠠᠷᠬᠢᠭᠰᠠᠨ | ᠶᠠᠩᠵᠥ ᠦᠭᠡᠢ᠂ ᠬᠠᠷᠢᠨ ᠦᠮᠦᠳᠦ ᠨᠢ ᠱᠠᠯ ᠨᠤᠷᠴᠢᠬᠠᠭᠰᠠᠨ ᠪᠠᠶᠢᠯ᠎ᠠ᠃ ᠠᠢ︕ ᠡᠳᠥᠷ ᠰᠡᠷᠢᠭᠦᠨ ᠪᠤᠯᠤᠭᠰᠠᠨ | ᠠᠴᠠ ᠦᠮᠦᠳᠦᠨ ᠳᠡᠭᠡᠨ ᠰᠢᠭᠡᠴᠢᠬᠡᠭᠰᠡᠨ ᠪᠠᠶᠢᠵᠠᠢ᠃ ᠠᠪᠤ ᠳᠤ ᠨᠢ ᠤᠳᠠᠰᠤ ᠠᠪᠴᠤ ᠰᠤᠯᠢᠬᠤ ᠬᠤᠪᠴᠠᠰᠤ | ᠭᠦᠷᠭᠡᠭᠦᠯᠵᠦ ᠢᠷᠡᠳᠡᠯ᠎ᠡ ᠳᠠᠷᠠ ᠰᠦᠢᠳ ᠪᠤᠯᠳᠠᠯ᠎ᠠ ᠤᠬᠢᠯᠠᠵᠠᠢ᠃ | ᠡᠳᠥᠷ ᠤᠯᠠᠮ ᠢᠶᠠᠷ ᠬᠦᠶᠢᠳᠡᠷᠡᠬᠦ ᠪᠤᠯᠤᠭᠰᠠᠨ ᠠᠴᠠ ᠡᠶᠢᠮᠦ ᠶᠠᠪᠤᠳᠠᠯ ᠤᠯᠠᠨ ᠭᠠᠷᠬᠤ ᠪᠤᠯᠪᠠ᠃ ᠰᠤᠯᠢᠬᠤ | ᠬᠤᠪᠴᠠᠰᠤ ᠶᠢ ᠨᠢ ᠪᠡᠯᠡᠬᠡᠨ ᠪᠠᠶᠢᠯᠭᠠᠵᠥ ᠤᠯᠠᠨᠳᠠ ᠠᠵᠢᠯᠯᠠᠬᠤ ᠭᠡᠷ ᠲᠤ ᠢᠷᠡᠳᠡᠭ ᠢᠶᠠᠷ ᠮᠠᠨ ᠤ ᠠᠩᠭᠢ ᠶᠢᠨ | ᠵᠢᠶᠠ ᠬᠦᠢ᠄ ︽ᠪᠠᠭᠰᠢ ᠡ᠂ ᠴᠢ ᠤᠯᠠᠭᠠᠨ ᠲᠠᠢ ᠶᠠᠮᠠᠷ ᠤᠶᠢᠷ᠎ᠠ ︵ᠰᠡᠳᠤᠨ︶ ᠪᠤᠯᠬᠤ ᠪᠤᠢ︖︾ ᠭᠡᠵᠥ | ᠠᠰᠠᠭᠤᠨ᠎ᠠ᠃ ︽ᠪᠠᠭᠰᠢ ᠰᠤᠷᠤᠭᠴᠢ ᠭᠡᠳᠡᠭ ᠴᠢᠨᠢ ᠪᠦᠷ ᠤᠶᠢᠷ᠎ᠠ ᠪᠤᠯᠤᠨ᠎ᠠ ᠰᠢᠦ︕ ᠪᠢᠳᠡ ᠬᠤᠶᠠᠭᠤᠯᠠ ᠪᠠᠰᠠ | ᠤᠶᠢᠷ᠎ᠠ ᠮᠦᠨ︾ ᠭᠡᠪᠡᠯ ᠲᠡᠷᠡ ᠬᠡᠥᠬᠡᠳ ᠢᠨᠢᠶᠡᠴᠢᠬᠡᠪᠡ᠃ | ᠲᠡᠷᠡ ᠵᠢᠯ ︵ᠮᠠᠨ ᠤ ᠠᠩᠭᠢ ᠭᠤᠷᠪᠠᠳᠤᠭᠠᠷ ᠤᠨ ᠪᠤᠯᠴᠢᠬᠠᠭᠰᠠᠨ︶ ᠤᠯᠠᠭᠠᠨ ᠤ ᠡᠵᠢ ᠶᠢᠨ ᠡᠪᠡᠳᠴᠢᠨ | ᠨᠢ ᠬᠦᠳᠡᠯᠵᠥ ᠰᠤᠷᠭᠠᠭᠤᠯᠢ ᠶᠢᠨ ᠬᠦᠷᠢᠶᠡᠨ ᠳᠤ ᠲᠤᠭᠤᠰᠬ᠎ᠠ ᠠᠳᠬᠤᠵᠥ ᠢᠷᠡᠭᠡᠳ᠄ ︽ᠪᠡᠶ᠎ᠡ ᠪᠠᠨ ᠮᠡᠳᠡᠬᠦ ᠦᠭᠡᠢ | ᠶᠠᠭᠤᠮᠠᠰ᠂ ᠮᠢᠨᠥ ᠦᠬᠢᠨ ᠢ ᠲᠤᠷᠤᠮᠵᠢᠯᠠᠬᠤ ᠳᠠᠭᠠᠨ ᠁︾ ᠭᠡᠭᠰᠡᠭᠡᠷ ᠤᠯᠠᠨ ᠬᠡᠦᠬᠡᠳ ᠢ ᠬᠦᠭᠡᠭᠡᠵᠥ ᠶᠠᠪᠤᠪᠠ᠃ | ᠪᠠᠭ᠎ᠠ ᠰᠤᠷᠤᠭᠴᠢᠳ ᠲᠠᠭᠤ ᠲᠠᠯᠪᠢᠨ ᠤᠬᠢᠯᠠᠵᠥ ᠵᠥᠭ ᠵᠥᠭ ᠲᠡᠭᠡᠨ ᠪᠤᠲᠠᠷᠠᠯᠴᠠᠨ ᠭᠦᠶᠦᠯᠳᠥᠵᠠᠢ᠃ ᠪᠢ | ᠵᠤᠷᠢᠭ ᠭᠠᠷᠭᠠᠵᠥ ᠡᠮᠦᠨ᠎ᠡ ᠠᠴᠠ ᠨᠢ ᠤᠴᠢᠵᠥ᠄ ︽ᠡᠭᠡᠴᠢ ᠡ᠂ ᠶᠠᠭᠠᠬᠢᠬᠤ ᠭᠡᠰᠡᠨ ᠪᠤᠢ︕ ᠤᠯᠠᠭᠠᠨ ᠢ | ᠲᠤᠷᠤᠮᠵᠢᠯᠠᠭᠰᠠᠨ ᠬᠦᠮᠦᠨ ᠪᠠᠶᠢᠪᠠᠯ ᠨᠠᠳᠠ ᠳᠤ ᠬᠡᠯᠡᠴᠢᠬᠡ ᠈ ᠪᠢ ᠮᠡᠳᠡᠴᠢᠬᠡᠶᠡ︾ ᠬᠡᠬᠦ ᠳᠤ ᠲᠡᠷᠡ ᠲᠠᠯᠠᠶᠢᠭᠰᠠᠨ | ᠲᠤᠭᠤᠰᠬ᠎ᠠ ᠪᠠᠨ ᠬᠦᠰᠡᠷ ᠬᠠᠶᠠᠵᠥ᠄ ︽ᠬᠡᠨ ᠮᠢᠨᠥ ᠦᠬᠢᠨ ᠲᠠᠢ ᠬᠠᠯᠳᠠᠪᠠᠯ ᠬᠡᠨ ᠢ ᠠᠯᠠᠨ᠎ᠠ︾ ᠭᠡᠵᠥ ᠪᠠᠷᠬᠢᠷᠠᠵᠥ | ᠭᠠᠷᠤᠯ᠎ᠠ᠃ ᠮᠢᠨᠥ ᠵᠢᠷᠥᠬᠡ ᠴᠦ ᠠᠮᠠ ᠪᠠᠷ ᠭᠠᠷᠬᠤ ᠰᠢᠬᠠᠯ᠎ᠠ᠃ ᠲᠡᠷᠡ ᠡᠭᠡᠴᠢ ᠨᠠᠮ᠎ᠠ ᠲᠠᠢ ᠵᠥᠷᠢᠨ ᠭᠠᠷᠴᠤ ᠬᠡᠳᠥ | ᠠᠯᠬᠤᠭᠰᠠᠨᠦᠭᠡᠢ ᠪᠠᠰᠠ ᠨᠢᠭᠡ ᠬᠡᠰᠡᠭ ᠲᠤᠭᠤᠰᠬ᠎ᠠ ᠠᠪᠴᠤ ᠨᠢᠭᠡ ᠶᠠᠭᠤᠮ᠎ᠠ ᠲᠦᠳᠦᠨᠡᠭᠰᠡᠭᠡᠷ ᠮᠦᠨ ᠭᠠᠷᠤᠭᠠᠳ | ᠭᠦᠶᠦᠴᠢᠬᠡᠯᠡ᠃ ᠡᠨᠡ ᠬᠤᠭᠤᠷᠤᠨᠳᠥ ᠪᠦᠬᠦ ᠰᠤᠷᠭᠠᠭᠤᠯᠢ ᠲᠡᠪᠵᠢᠶᠡᠨ ᠪᠤᠯᠵᠥ ᠪᠠᠭᠰᠢ ᠨᠠᠷ ᠴᠤᠭᠯᠠᠷᠠᠵᠥ᠄ ︽ | ᠶᠠᠭᠠᠬᠢᠭᠰᠠᠨ ᠪᠤᠢ︕ ᠶᠠᠭᠠᠬᠢᠭᠰᠠᠨ ᠪᠤᠢ︖ ︾ ᠭᠡᠭᠰᠡᠭᠡᠷ ᠮᠢᠨᠥ ᠲᠡᠷᠭᠡᠳᠡ ᠢᠷᠡᠵᠡᠭᠡᠯ᠎ᠡ᠃ ᠠᠩᠭᠢ ᠶᠢᠨ | ᠡᠷᠬᠢᠯᠡᠭᠴᠢ ᠪᠠᠭᠰᠢ ᠨᠠᠷ ᠰᠤᠷᠤᠭᠴᠢ ᠪᠠᠨ ᠪᠦᠷᠢᠳᠭᠡᠵᠥ ᠶᠠᠭᠠᠷᠠᠯᠳᠤᠨ᠎ᠠ᠃ ᠲᠡᠮᠡᠢ ᠤᠳᠠᠭᠰᠠᠨ ᠦᠭᠡᠢ ᠤᠯᠠᠭᠠᠨ ᠤ | ᠠᠪᠤ ᠨᠢ ᠢᠷᠡᠵᠥ ᠲᠦᠡᠭᠭᠡᠵᠢ ᠠᠮᠢᠨ ᠬᠡᠷᠡᠭ ᠭᠠᠷᠤᠭᠰᠠᠠ ᠦᠭᠡᠢ ᠪᠠᠷ ᠡᠵᠢ ᠶᠢ ᠨᠢ ᠠᠪᠤᠭᠠᠳ ᠶᠠᠪᠤᠯ᠎ᠠ᠃ ᠠᠩᠭᠢ | ᠪᠦᠷᠢ ᠶᠢᠨ ᠴᠤᠩᠬᠤ ᠪᠠᠷ ᠠᠶᠤᠵᠥ ᠰᠠᠨᠳᠤᠷᠤᠭᠰᠠᠨ ᠬᠡᠥᠬᠡᠳ ᠭᠠᠳᠠᠭᠰᠢ ᠬᠠᠷᠠᠨ᠎ᠠ᠃ ᠪᠢ ᠠᠩᠭᠢ ᠳᠠᠭᠠᠨ ᠤᠷᠤᠬᠤ | ᠳᠤ ᠮᠠᠨ ᠤ ᠰᠤᠷᠤᠭᠴᠢᠳ ᠳᠠᠬᠢᠭᠠᠳ ᠯᠠ ᠲᠠᠭᠤ ᠲᠠᠯᠪᠢᠨ ᠤᠬᠢᠯᠠᠴᠢᠬᠠᠯᠠ᠃ ᠤᠯᠠᠭᠠᠨ ᠪᠠᠰᠠ ᠡᠭᠡᠷ ᠲᠠᠲᠠᠨ | ᠤᠬᠢᠯᠠᠵᠥ ᠵᠤᠭᠰᠥᠨᠠ᠃ ᠪᠢ ᠲᠡᠰᠭᠡᠯ ᠦᠭᠡᠢ ᠤᠯᠠᠭᠠᠨ ᠢ ᠡᠯᠢᠭᠡᠨ ᠳᠡᠭᠡᠨ ᠨᠠᠭᠠᠯᠳᠤᠭᠤᠯᠤᠨ᠄ ︽ᠪᠢᠳᠡᠬᠡᠢ ᠤᠬᠢᠯᠠ | ᠡ᠂ ᠬᠠᠮᠢᠶ᠎ᠠ ᠦᠭᠡᠢ᠂ ᠡᠵᠢ ᠴᠢᠨᠢ ᠭᠡᠷ ᠲᠡᠭᠡᠨ ᠶᠠᠪᠤᠴᠢᠬᠠᠵᠠᠢ᠃ ᠤᠳᠠᠬᠤ ᠦᠭᠡᠢ ᠰᠠᠶᠢᠨ ᠪᠤᠯᠴᠢᠬᠠᠨ᠎ᠠ᠂ ᠭᠡᠷ | ᠲᠡᠭᠡᠨ ᠬᠠᠷᠢᠪᠠᠯ ᠡᠵᠢ ᠪᠠᠨ ᠰᠠᠶᠢᠨ ᠠᠰᠠᠷᠠᠵᠥ ᠬᠠᠷᠠᠭᠠᠯᠵᠠᠬᠤ ᠬᠡᠷᠡᠭᠳᠡᠢ ᠰᠢᠦ︕︾ ᠬᠡᠪᠡᠯ ᠲᠤᠤᠭᠠᠷᠬᠤ ᠴᠦ | ᠦᠭᠡᠢ ᠲᠤᠯᠤᠭᠠᠢ ᠲᠤᠬᠢᠵᠥ ᠨᠠᠮ᠎ᠠ ᠶᠢ ᠴᠢᠩᠭᠠᠬᠠᠨ ᠲᠡᠪᠡᠷᠢᠴᠢᠬᠡᠯᠡ᠃ ᠡᠨᠡ ᠤᠴᠢᠷ ᠠᠴᠠ ᠬᠤᠶᠢᠰᠢ ᠡᠵᠢ ᠨᠢ | ᠶᠡᠷᠥ ᠬᠠᠷᠠᠭᠳᠠᠭᠰᠠᠨ ᠦᠭᠡᠢ᠂ ᠠᠪᠤ ᠨᠢ ᠯᠠ ᠬᠡᠦᠬᠡᠨ ᠢᠶᠠᠨ ᠲᠤᠰᠴᠥ ᠬᠦᠷᠭᠡᠬᠦ ᠪᠤᠯᠵᠠᠢ᠃ | ᠡᠳᠥᠷ ᠬᠤᠨᠤᠭ ᠦᠡᠭᠭᠡᠷᠡᠭᠰᠡᠭᠡᠷ ᠪᠠᠶᠢᠵᠥ ᠨᠢᠭᠡ ᠮᠡᠳᠡᠬᠦ ᠳᠤ ᠲᠦᠷᠪᠡᠳᠥᠭᠡᠷ ᠤᠨ ᠪᠤᠯᠴᠢᠬᠠᠯ᠎ᠠ᠃ | ᠰᠤᠭᠤᠷᠠᠵᠥ ᠦᠰᠬᠦ ᠠᠯᠢᠶ᠎ᠠ ᠨᠠᠰᠤᠨ ᠤ ᠬᠡᠤᠬᠡᠳ ᠰᠤᠶᠤᠯ ᠰᠢᠮᠡᠨ ᠲᠤᠮᠤᠭᠠᠵᠢᠵᠥ ᠪᠠᠶᠢᠨ᠎ᠠ᠂ ᠰᠤᠷᠳᠠᠯ ᠰᠠᠶᠢᠳᠠᠢ | ᠭᠦᠭᠡᠷᠦᠭᠦᠨ ᠰᠤᠷᠤᠭᠴᠢᠳ ᠮᠢᠨᠢ ᠰᠤᠷᠭᠠᠯ ᠬᠦᠷᠳᠡᠨ ᠤᠬᠠᠭᠠᠵᠢᠵᠥ ᠪᠠᠶᠢᠨ᠎ᠠ᠃ ᠤᠯᠠᠭᠠᠨ ᠮᠠᠨᠢ ᠴᠦ ᠠᠰᠤᠷᠤ ᠰᠠᠶᠢᠨ | ᠦᠭᠡ ᠰᠤᠨᠤᠰᠤᠨ ᠨᠡᠯᠢᠶᠡᠳ ᠴᠡᠪᠡᠷ ᠶᠠᠪᠤᠵᠥ ᠰᠠᠭᠤᠬᠤ ᠪᠤᠯᠵᠠᠢ᠃ ᠲᠤᠭᠠᠨ ᠤ ᠲᠦᠭᠦᠮ ᠨᠡᠮᠡᠵᠥ ᠬᠠᠰᠤᠬᠤ ᠰᠡᠳᠥᠪ | ᠢ ᠠᠨᠳᠠᠯ ᠦᠭᠡᠢ ᠪᠤᠳᠤᠵᠥ ᠴᠢᠳᠠᠨ᠎ᠠ᠂ ᠮᠤᠩᠭᠤᠯ ᠬᠡᠯᠡ ᠪᠢᠴᠢᠭ ᠤᠨ ᠬᠠᠭᠤᠯᠤᠨ ᠪᠢᠴᠢᠬᠦ ᠲᠠᠰᠬᠠᠯ ᠢ ᠶᠡᠭᠡ | ᠰᠠᠶᠢᠬᠠᠨ ᠪᠢᠴᠢᠴᠢᠬᠡᠨᠡ᠃ ᠪᠠᠰᠠ ᠪᠤᠰᠤᠳ ᠨᠦᠬᠦᠳ ᠢᠶᠠᠨ ᠲᠠᠭᠤᠷᠢᠶᠠᠨ ᠴᠢᠳᠠᠬᠤ ᠦᠭᠡᠢ ᠮᠡᠳᠡᠬᠦ ᠦᠭᠡᠢ ᠪᠠᠨ | ᠠᠰᠠᠭᠤᠵᠥ ᠯᠠ ᠪᠠᠶᠢᠨ᠎ᠠ᠃ ᠨᠢᠭᠡᠨ ᠤᠳᠠᠭ᠎ᠠ ᠲᠡᠷᠡ ᠠᠰᠠᠭᠤᠵᠥ ᠦᠡᠭᠭᠡᠷᠡᠭᠰᠡᠨ ᠨᠢᠭᠡ ᠦᠰᠦᠭ ᠢᠶᠠᠨ ᠬᠤᠶᠢᠨ᠎ᠠ | ᠬᠤᠶᠢᠨ᠎ᠠ ᠠᠴᠠ ᠨᠢ ᠭᠤᠷᠪᠠ ᠤᠳᠠᠭ᠎ᠠ ᠠᠰᠠᠭᠤᠬᠤ ᠪᠠᠷ ᠢᠷᠡᠪᠡ᠃ ᠪᠢ ᠲᠤᠩ ᠭᠠᠶᠢᠬᠠᠵᠥ᠄ ︽ᠪᠢ ᠡᠨᠡ ᠦᠰᠦᠭ | ᠢ ᠰᠠᠶ᠋ᠢ ᠲᠠᠶᠢᠯᠪᠤᠷᠢᠯᠠᠵᠥ ᠦᠭᠭᠦᠭᠰᠡᠨ ᠪᠢᠰᠢᠦ︖ ︾ ᠭᠡᠭᠦ ᠳᠤ ᠲᠡᠷᠡ᠄ ︽ᠪᠢ ᠠᠩᠬᠠᠨ ᠳᠤ ᠲᠦᠬᠦᠭᠡᠷᠡᠭᠰᠡᠨ | ᠦᠭᠡᠢ︾ ᠭᠡᠵᠥ ᠬᠡᠯᠡᠭᠡᠳ ᠶᠠᠪᠤᠴᠢᠬᠠᠯ᠎ᠠ᠃ ᠭᠦᠭᠡᠷᠦᠭᠦᠢ ᠤᠯᠠᠭᠠᠨ ᠮᠢᠨᠢ ᠡᠳᠥᠷ ᠲᠤᠳᠤᠮ ᠬᠠᠮᠲᠤ ᠨᠦᠬᠦᠳ ᠲᠠᠢ | ᠪᠠᠨ ᠪᠠᠶᠠᠷ ᠬᠦᠷ ᠲᠠᠢ ᠨᠠᠭᠠᠳᠳᠠᠭ ᠢᠶᠠᠷ ᠪᠠᠷᠠᠬᠤ ᠦᠭᠡᠢ᠂ ᠪᠠᠰᠠ ᠨᠦᠭᠦᠳ ᠲᠠᠢ ᠪᠠᠨ ᠠᠳᠠᠯᠢ ᠪᠠᠷ ᠱᠦᠭᠦᠷ | ᠠᠳᠬᠤᠴᠢᠬᠠᠭᠠᠳ ᠯᠡ ᠵᠢᠵᠢᠭᠦᠷ ᠬᠢᠳᠡᠭ ᠶᠤᠮ᠃ ᠵᠠᠷᠢᠮ ᠳᠠᠭᠠᠨ ᠪᠠᠰᠠ ᠪᠤᠰᠤᠳ ᠢ ᠬᠠᠪᠰᠤᠷᠤᠨ ᠵᠢᠵᠢᠭᠦᠷ ᠬᠢᠳᠡᠭ | ᠪᠠᠶᠢᠯ᠎ᠠ ᠃ | ᠨᠢᠭᠡ ᠡᠳᠦᠷ ᠰᠤᠷᠭᠠᠭᠤᠯᠢ ᠳᠤ ᠬᠤᠰᠢᠭᠤᠨ ᠤ ᠪᠡᠶ᠎ᠡ ᠪᠠᠶᠢᠴᠠᠭᠠᠬᠤ ᠲᠤᠭᠤᠶᠢᠯᠠᠩ ᠤᠨ ᠬᠢᠨ ᠢᠷᠡᠪᠡ᠃ ᠪᠢ | ᠴᠦ ᠰᠤᠷᠤᠭᠴᠢ ᠪᠠᠨ ᠮᠦᠷᠯᠡᠭᠦᠯᠥᠨ ᠲᠠᠭᠠᠭᠤᠯᠵᠥ ᠤᠴᠢᠯ᠎ᠠ᠃ ᠨᠢᠭᠡ ᠬᠤᠶᠠᠳᠥᠭᠠᠷ ᠤᠨ ᠤ ᠦᠶ᠎ᠡ ᠳᠤ | ᠭᠠᠷᠤᠭᠰᠠᠨ ᠡᠪ ᠦᠭᠡᠶᠢᠬᠡᠨ ᠶᠠᠪᠤᠳᠠᠯ ᠲᠤᠷᠠᠰᠤᠭᠳᠠᠵᠥ᠂ ᠡᠨᠡ ᠤᠳᠠᠭ᠎ᠠ ᠪᠠᠰᠠ ᠶᠠᠭᠠᠬᠢᠳᠠᠭ ᠴᠦ ᠪᠢᠯᠡ ᠭᠡᠵᠥ | ᠪᠤᠳᠤᠬᠤ ᠠᠴᠠ ᠵᠢᠷᠤᠬᠡᠰᠢᠶᠡᠨᠡ᠃ ᠤᠳᠠᠯ ᠦᠭᠡᠢ ᠨᠢᠳᠤᠨ ᠬᠠᠷᠠᠭ᠎ᠠ ᠪᠠᠶᠢᠴᠠᠭᠠᠬᠤ ᠪᠤᠯᠪᠠ᠃ ᠨᠢᠭᠡ ᠨᠢᠭᠡ ᠪᠠᠷ | ᠤᠶᠢᠷᠠᠳᠤᠭᠰᠠᠭᠠᠷ ᠤᠯᠠᠭᠠᠨ ᠤ ᠡᠭᠡᠯᠵᠢ ᠪᠤᠯᠪᠠ᠃ ᠲᠡᠷᠡ ᠤᠭᠳᠥ ᠰᠠᠨᠳᠤᠷᠤᠭᠰᠠᠨᠦᠭᠡᠢ ᠪᠠᠷ ᠨᠢᠳᠥ ᠪᠦᠳᠡᠭᠡᠬᠦ | ᠪᠠᠭᠠᠵᠢ ᠶᠢ ᠨᠢ ᠠᠪᠤᠮᠠᠭᠴᠠ ᠨᠢᠭᠡ ᠨᠢᠳᠥ ᠪᠠᠨ ᠪᠦᠳᠡᠭᠡᠵᠦ᠄ ︽ᠲᠡᠭᠡᠭᠰᠢ ᠪᠠᠨ᠂ ᠳᠤᠷᠤᠭᠰᠢ ᠪᠠᠨ᠂ ᠵᠡᠭᠦᠨᠰᠢ ᠪᠠᠨ᠂ | ᠪᠠᠷᠠᠭᠤᠨᠰᠢ ᠪᠠᠨ ᠁︾ ᠭᠡᠳ ᠬᠢᠳᠠᠳ ᠮᠤᠩᠭᠤᠯ ᠢᠶᠠᠷ ᠬᠤᠯᠢᠯᠳᠤᠭᠤᠯᠵᠥ ᠬᠡᠯᠡᠵᠥ ᠭᠠᠷᠤᠯ᠎ᠠ᠃ ᠮᠢᠨᠥ ᠰᠡᠳᠭᠢᠯ | ᠳᠤ ᠲᠤᠨᠤᠭᠰᠠᠨ ᠴᠢᠯᠠᠭᠤ ᠬᠠᠶᠢᠯᠴᠢᠬᠠᠭᠰᠠᠨ ᠶᠤᠮ ᠰᠢᠭ᠋ ᠲᠤᠲᠤᠷ᠎ᠠ ᠤᠩᠭᠤᠶᠢᠵᠥ ᠠᠭᠤᠵᠢᠷᠠᠯ᠎ᠠ᠃ | ︽ᠲᠠᠬᠤᠯ ᠲᠤᠷᠠᠩᠬᠠᠢ ᠳᠤ ᠲᠤᠰᠴᠥ᠂ ᠲᠡᠭᠡᠰᠦ ᠨᠠᠷᠢᠨ ᠢᠶᠠᠷ ᠢᠶᠠᠨ ᠲᠠᠰᠤᠷᠠᠨ᠎ᠠ︾ ᠬᠡᠳᠡᠭ ᠢᠶᠠᠷ᠂ ᠵᠤᠯ | ᠪᠤᠰᠥ ᠶᠠᠪᠤᠳᠠᠯ ᠲᠡᠳᠡᠨ ᠤ ᠭᠡᠷ ᠲᠤ ᠲᠤᠬᠢᠶᠠᠯᠳᠤᠯ᠎ᠠ᠃ ᠠᠪᠤ ᠶᠢᠨ ᠬᠢᠨᠢ ᠬᠡᠯᠡᠬᠦ ᠪᠠᠷ᠂ ᠬᠡᠳᠥᠨ ᠡᠳᠥᠷ ᠠᠴᠠ | ᠡᠮᠥᠨ᠎ᠡ ᠬᠡᠥᠬᠡᠨ ᠨᠢ ᠬᠡᠳᠡᠰᠥ ᠡᠪᠡᠳᠴᠦ ᠪᠠᠶᠢᠨ᠎ᠠ ᠭᠡᠭᠦᠯᠠᠷ ᠡᠮ ᠤᠤᠭᠤᠯᠭᠠᠵᠥ ᠯᠠ ᠪᠠᠶᠢᠭᠰᠠᠨ ᠭᠡᠨ᠎ᠠ᠃ ᠭᠡᠨᠡᠳᠳᠡ | ᠨᠢᠭᠡᠨ ᠰᠦᠨᠢ ᠲᠦᠯᠢ ᠪᠠᠷ ᠲᠡᠰᠴᠦ ᠲᠡᠶᠢᠯᠬᠦ ᠦᠭᠡᠢ ᠪᠤᠯᠲᠠᠯ᠎ᠠ ᠡᠪᠡᠳᠴᠦ ᠤᠷᠪᠠᠨ ᠬᠦᠷᠪᠡᠨ ᠤᠬᠢᠯᠠᠬᠤ ᠪᠤᠯᠤᠯ᠎ᠠ᠃ | ᠠᠪᠤ ᠡᠵᠢ ᠨᠢ ᠪᠠᠯᠢᠳᠠᠨ ᠰᠠᠨᠳᠥᠷᠴᠥ ᠠᠶᠢᠯ ᠤᠨ ᠢᠶᠠᠨ ᠡᠮᠴᠢ ᠶᠢ ᠵᠠᠯᠠᠵᠥ ᠠᠪᠴᠢᠷᠠᠪᠠ᠃ ᠡᠮᠴᠢ ᠶᠢᠨ ᠬᠡᠯᠡᠭᠰᠡᠨ ᠢᠶᠠᠷ | ᠡᠮᠨᠡᠯᠭᠡ ᠶᠢᠨ ᠬᠤᠷᠢᠶᠠᠨ ᠳᠤ ᠤᠴᠢᠬᠤ ᠴᠢᠬᠤᠯᠠ ᠲᠠᠢ ᠪᠤᠯᠪᠠ᠃ ᠠᠪᠤ ᠡᠵᠢ ᠨᠢ ᠶᠠᠭᠠᠬᠢᠬᠤ ᠪᠠᠨ ᠴᠦ ᠤᠯᠬᠤ | ᠦᠭᠡᠢ ᠡᠮᠴᠢ ᠶᠢᠨ ᠡᠮᠦᠨ᠎ᠡ ᠰᠦᠭᠦᠳᠴᠦ᠄ ︽ᠲᠡᠭᠦᠥ ᠮᠢᠨᠢ ᠡ᠂ ᠮᠢᠨᠥ ᠦᠬᠢᠨ ᠢ ᠠᠪᠤᠷᠠᠭᠠᠴᠢ ᠳ᠋ᠠ︕ ᠨᠠᠳᠠ | ᠳᠤ ᠡᠶᠢᠮᠦ ᠨᠢᠭᠡ ᠯᠡ ᠦᠬᠢᠨ ᠲᠠᠢ ᠰᠢᠦ︾ ᠬᠡᠵᠥ ᠭᠤᠶᠤᠨ᠎ᠠ᠃ ᠵᠠᠯᠠᠭᠤ ᠡᠮᠴᠢ᠄ ︽ᠠᠬ᠎ᠠ ᠪᠡᠷᠭᠡᠨ ᠡ᠂ ᠲᠡᠮᠡᠢ | ᠶᠡᠭᠡ ᠣᠴᠢᠷ ᠪᠢᠰᠢ᠂ ᠨᠠᠢᠮᠠᠨ ᠬᠤᠪᠢ ᠨᠢ ︿ᠲᠦᠷᠭᠡᠨ ᠴᠢᠨᠠᠷ ᠲᠠᠢ ᠮᠤᠬᠤᠷ ᠤᠯᠤᠭᠠᠢ ᠶᠢᠨ ᠦᠷᠪᠢᠰᠦᠯ﹀ ᠮᠠᠭᠠᠳ᠂ | ᠮᠢᠨᠥ ᠠᠳᠡ ᠲᠤᠨᠤᠭ ᠲᠦᠬᠦᠬᠡᠷᠦᠮᠵᠢ ᠦᠭᠡᠢ ᠶᠤᠮ ᠴᠢᠨᠢ ᠪᠢ ᠡᠮᠨᠠᠵᠦ ᠲᠡᠶᠢᠯᠬᠦ ᠦᠭᠡᠢ᠂ ᠬᠤᠷᠳᠤᠨ ᠲᠡᠷᠭᠡ ᠤᠯᠵᠥ | ᠡᠮᠨᠡᠯᠭᠡ ᠳᠤ ᠠᠪᠠᠴᠢᠭᠠᠷᠠᠢ︾ ᠭᠡᠵᠡᠢ᠃ ᠲᠡᠷᠡ ᠬᠤᠶᠠᠭᠤᠯᠠ ᠪᠠᠨ ᠰᠦᠨᠢ ᠲᠦᠯᠢ ᠪᠠᠷ ᠶᠠᠭᠠᠷᠠᠵᠥ ᠰᠠᠨᠳᠤᠷᠤᠨ | ᠬᠦᠶᠦᠭᠰᠡᠭᠡᠷ ᠪᠠᠶᠢᠵᠥ ᠠᠶᠢᠯ ᠤᠨ ᠭᠠᠴᠠᠭᠠᠨ ᠲᠠᠷᠤᠭ᠎ᠠ ᠨᠠᠰᠤᠨ ᠭᠤᠸᠠᠢ ᠶᠢ ᠭᠤᠶᠤᠵᠥ ᠲᠡᠷᠭᠡ ᠪᠠᠷ ᠨᠢ ᠪᠠᠯᠭᠠᠰᠤᠨ | ᠤ ᠡᠮᠨᠡᠯᠭᠡ ᠳᠤ ᠤᠴᠢᠪᠠ᠃ ᠪᠠᠶᠢᠴᠠᠭᠠᠯᠳᠠ ᠳᠤ ᠦᠨᠡᠬᠡᠷ ᠵᠠᠯᠠᠭᠤ ᠡᠮᠴᠢ ᠶᠢᠨ ᠬᠡᠯᠡᠭᠰᠡᠨ ᠢᠶᠠᠷ ︽ᠲᠦᠷᠭᠡᠨ ᠴᠢᠨᠠᠷ | ᠲᠠᠢ ᠮᠤᠬᠤᠷ ᠤᠯᠤᠭᠠᠢ ᠶᠢᠨ ᠦᠷᠪᠢᠰᠦᠯ︾ ᠳᠤ ᠨᠡᠷᠪᠡᠭᠳᠡᠭᠰᠡᠨ ᠪᠠᠶᠢᠯ᠎ᠠ᠃ ᠲᠡᠷᠡ ᠨᠢ ᠪᠠᠰᠠ ᠭᠡᠳᠤᠷᠭᠡᠢ ᠤᠷᠲᠥ | ᠴᠠᠭ ᠪᠤᠯᠤᠭᠰᠠᠨ ᠠᠴᠠ ᠲᠤᠩ ᠠᠶᠤᠯ ᠲᠠᠢ ᠪᠤᠯᠵᠥ ᠲᠠᠷᠤᠢ ᠮᠡᠰᠡ ᠵᠠᠰᠠᠯ ᠬᠢᠬᠦ ᠴᠢᠬᠤᠯᠠ ᠲᠠᠢ ᠪᠤᠯᠪᠠ᠃ ᠠᠪᠤ ᠡᠵᠢ | ᠨᠢ ᠡᠭᠦᠨ ᠢ ᠰᠤᠨᠤᠰᠤᠭᠠᠳ ᠨᠡᠩ ᠪᠠᠴᠢᠮᠳᠠᠨ ᠰᠠᠨᠳᠤᠷᠴᠥ ᠬᠡᠤᠬᠡᠨ ᠠᠴᠠ ᠪᠠᠨ ᠤᠭᠲᠥ ᠰᠠᠯᠤᠯ ᠦᠭᠡᠢ | ᠵᠠᠭᠤᠷᠠᠯᠳᠤᠵᠥ ᠪᠠᠶᠢᠯ᠎ᠠ᠃ ᠭᠠᠴᠠᠭᠠᠨ ᠲᠠᠷᠤᠭ᠎ᠠ ᠨᠢ ᠵᠤᠭᠤᠰ ᠴᠤᠭᠯᠠᠭᠤᠯᠵᠥ ᠶᠠᠭᠠᠷᠠᠨ᠎ᠠ᠃ ᠬᠤᠶᠠᠷ ᠴᠠᠭ ᠭᠠᠷᠤᠢ | ᠶᠢᠨ ᠲᠦᠷᠭᠡᠨ ᠠᠪᠤᠷᠠᠯᠳᠠ ᠪᠠᠷ ᠬᠡᠥᠬᠡᠨ ᠤ ᠮᠡᠰᠡ ᠵᠠᠰᠠᠯ ᠪᠦᠷᠢᠨ ᠠᠮᠵᠢᠯᠳᠠ ᠲᠠᠢ ᠶᠠᠪᠤᠭᠳᠠᠵᠦ᠂ ᠬᠡᠯᠮᠡᠭᠳᠡᠨ | ᠰᠠᠨᠳᠤᠷᠤᠭᠰᠠᠨ ᠡᠴᠢᠭᠡ ᠡᠬᠡ ᠶᠢᠨ ᠦᠷᠦᠪᠴᠢᠬᠡᠨ ᠰᠡᠳᠭᠢᠯ ᠲᠠᠶᠢᠪᠤᠰᠢᠷᠠᠵᠥ ᠠᠮᠤᠷᠵᠢᠪᠠ ︕ | ᠪᠥᠳᠥᠨ ᠭᠠᠷᠠᠭ ᠤᠨ ᠲᠠᠷᠠᠭ᠎ᠠ ᠬᠡᠥᠬᠡᠨ ᠤ ᠪᠡᠶ᠎ᠡ ᠡᠷᠡᠭᠦᠯᠵᠢᠵᠥ ᠬᠠᠮᠢᠶ᠎ᠠ ᠦᠭᠡᠢ ᠶᠠᠪᠥᠵᠥ ᠰᠠᠭᠤᠬᠤ ᠪᠤᠯᠪᠠ᠃ | ᠡᠨᠡᠬᠦ ᠴᠢᠮᠡᠭᠡ ᠪᠠᠷ ᠪᠢ ᠬᠤᠷᠢᠨ ᠬᠤᠶᠠᠷ ᠬᠡᠥᠬᠡᠳ ᠢᠶᠠᠨ ᠲᠠᠭᠠᠭᠤᠯᠵᠥ ᠰᠢᠮ᠎ᠡ ᠲᠡᠵᠢᠭᠡᠯᠳᠥ ᠢᠳᠡᠭᠡᠨ ᠤᠮᠳᠠᠭᠠᠨ ᠤ | ᠵᠥᠢᠯ ᠢᠶᠠᠨ ᠤᠨᠵᠢᠭᠤᠯᠤᠭᠰᠠᠭᠠᠷ ᠲᠡᠳᠡᠨ ᠤ ᠳᠤ ᠬᠦᠷᠴᠦ ᠤᠴᠢᠯ᠎ᠠ᠃ ᠤᠯᠠᠭᠠᠨ ᠮᠠᠨ ᠢ ᠤᠴᠢᠬᠤ ᠴᠢᠮᠡᠭᠡ ᠪᠠᠷ ᠭᠡᠷ | ᠢᠶᠠᠨ ᠴᠡᠪᠡᠷᠯᠡᠵᠥ ᠭᠠᠵᠠᠷ ᠢᠶᠠᠨ ᠱᠦᠭᠦᠷᠳᠡᠭᠰᠡᠨ ᠪᠠᠶᠢᠯ᠎ᠠ᠃ ᠰᠦᠷᠦᠭ ᠠᠴᠠ ᠪᠠᠨ ᠲᠦᠭᠡᠷᠢᠭᠰᠡᠨ ᠴᠤᠷᠪᠠᠭ᠎ᠠ ᠤᠯᠠᠨ | ᠲᠠᠢ ᠪᠠᠨ ᠨᠡᠶᠢᠯᠡᠭᠰᠡᠨ ᠮᠡᠳᠥ ᠲᠦᠷᠭᠡᠯᠡᠨ ᠠᠯᠬᠤᠯᠠᠵᠥ ᠢᠷᠡᠭᠡᠳ ᠨᠦᠬᠦᠳ ᠤᠨ ᠢᠶᠠᠨ ᠲᠤᠮᠳᠠ ᠤᠷᠤᠭᠠᠳ | ᠵᠤᠭᠰᠤᠴᠢᠬᠠᠯ᠎ᠠ᠃ ᠬᠠᠮᠲᠥ ᠨᠦᠬᠦᠳ ᠨᠢ ᠄ ︽ᠪᠠᠶ᠎ᠠ ᠴᠢᠨᠢ ᠭᠠᠶᠢᠭᠤᠢ ᠤᠤ︖ ᠬᠡᠵᠢᠶ᠎ᠡ ᠬᠢᠴᠢᠶᠡᠯᠯᠡᠬᠦ ᠪᠠᠷ | ᠤᠴᠢᠬᠤ ᠪᠤᠢ︖︾ ᠬᠡᠬᠦ ᠳᠤ ᠲᠡᠷᠡ᠄ ︽ᠤᠳᠤ ᠬᠡᠳᠤᠨ ᠡᠳᠥᠷ ᠠᠴᠠ ᠠᠪᠤ ᠠᠪᠠᠴᠢᠵᠥ ᠦᠭᠬᠦ ᠭᠡᠨ᠎ᠡ᠂ ᠪᠢ | ᠪᠠᠰᠠ ᠶᠠᠭᠠᠷᠠᠵᠥ ᠪᠠᠶᠢᠨ᠎ᠠ︾ ᠭᠡᠵᠥ ᠲᠤᠷᠤᠭᠰᠢ ᠬᠠᠨᠳᠤᠨ ᠨᠡᠮ ᠲᠠᠭᠤᠨ ᠢᠶᠠᠷ ᠬᠡᠯᠡᠨ᠎ᠡ᠃ | ᠪᠢᠳᠡ ᠬᠤᠷᠢᠨ ᠭᠡᠳᠦᠭᠦᠯᠠ ᠲᠡᠳᠡᠨ ᠤ ᠭᠤᠷᠪᠠᠨ ᠲᠠᠰᠤᠯᠭ᠎ᠠ ᠰᠢᠪᠠᠷ ᠭᠡᠷ ᠤᠨ ᠬᠤᠶᠠᠷ ᠲᠠᠰᠤᠯᠭ᠎ᠠ ᠶᠢ ᠨᠢ | ᠲᠦᠭᠦᠷᠭᠡᠭᠡᠳ ᠰᠢᠬᠠᠯᠳᠥᠨ ᠵᠤᠭᠰᠤᠯᠴᠠᠨᠠ᠃ ᠤᠯᠠᠭᠠᠨ ᠤ ᠠᠪᠤ ᠨᠢ ᠨᠢᠭᠡ ᠬᠠᠶᠢᠷᠴᠠᠭ ᠤᠮᠳᠠᠭᠠᠨ ᠪᠡᠯᠡᠳᠭᠡᠭᠡᠳ | ᠪᠠᠶᠢᠵᠠᠢ᠃ ︽ᠬᠡᠥᠬᠡᠳ ᠤᠳ ᠡ᠂ ᠠᠪᠤᠭᠠᠳ ᠤᠤᠭᠤᠭᠠᠷᠠᠢ︾ ᠬᠡᠬᠦ ᠳᠤ ᠬᠡᠳᠥᠨ ᠲᠦᠬᠦᠭᠡᠯᠢᠭ ᠭᠡᠰᠡᠨ ᠨᠢ᠄ ︽ | ᠠᠪᠠᠭ᠎ᠠ ᠡ᠂ ᠪᠢᠳᠡ ᠤᠤᠭᠤᠬᠤ ᠦᠭᠡᠢ᠂ ᠪᠢᠳᠡ ᠤᠯᠠᠭᠠᠨ ᠢ ᠦᠵᠡᠪᠡᠯ ᠪᠤᠯᠴᠢᠬᠠᠨ᠎ᠠ︾ ᠭᠡᠵᠥ ᠤᠴᠢᠷ ᠦᠭᠡᠢ | ᠰᠢᠭ ᠬᠡᠯᠡᠵᠥ ᠭᠠᠷᠤᠯ᠎ᠠ᠃ ᠤᠳᠠᠯ ᠦᠭᠡᠢ ᠪᠢᠳᠡ ᠶᠠᠪᠤᠬᠤ ᠪᠤᠯᠬᠤ ᠳᠤ ᠤᠯᠠᠭᠠᠨ ᠪᠢᠳᠡᠨ ᠤ ᠠᠷᠤ ᠠᠴᠠ ᠬᠤᠯᠠ | ᠭᠠᠷᠳᠠᠯ᠎ᠠ ᠮᠤᠷᠳᠠᠭᠤᠯᠵᠥ ᠪᠢᠯᠡ᠃ | ᠴᠠᠭ ᠮᠦᠴᠡ ᠵᠤᠭᠰᠤᠯᠳᠠ ᠦᠭᠡᠢ ᠦᠩᠭᠡᠷᠡᠵᠥ ᠲᠠᠪᠤᠳᠤᠭᠠᠷ ᠤᠨ ᠤ ᠬᠡᠥᠬᠡᠳ ᠤᠨ ᠪᠠᠶᠠᠷ ᠤᠨ ᠡᠳᠥᠷ | ᠤᠶᠢᠷᠠᠳᠤᠯ᠎ᠠ᠃ ᠡᠨᠡ ᠤᠳᠠᠭ᠎ᠠ ᠮᠠᠨ ᠤ ᠠᠩᠭᠢ ᠦᠱᠦ ᠶᠢᠨ ᠲᠤᠭᠯᠠᠯᠳᠠ ᠭᠠᠷᠭᠠᠬᠤ ᠪᠠᠷ ᠪᠤᠯᠪᠠ᠃ ᠠᠷᠪᠠᠭᠠᠳ | ᠡᠳᠥᠷ ᠤᠨ ᠰᠤᠷᠴᠤ ᠪᠤᠯᠪᠠᠰᠤᠷᠠᠭᠰᠠᠨ ᠢᠶᠠᠷ ᠤᠯᠠᠩᠬᠢ ᠨᠢ ᠨᠡᠯᠢᠶᠡᠳ ᠪᠤᠯᠪᠠᠰᠤᠷᠠᠩᠭᠤᠢ ᠬᠢᠵᠥ ᠴᠢᠳᠠᠬᠤ ᠪᠤᠯᠵᠥ | ᠤᠯᠠᠭᠠᠨ ᠯᠠ ᠤᠯᠠᠨ ᠢ ᠲᠠᠭᠠᠵᠥ ᠲᠡᠶᠢᠯᠬᠦ ᠦᠭᠡᠢ ᠪᠠᠶᠢᠯ᠎ᠠ᠃ ᠨᠠᠪᠴᠢ ᠬᠡᠥᠬᠡᠨ ᠰᠠᠶᠢᠨ ᠴᠢᠳᠠᠳᠠᠭ ᠬᠡᠳᠥᠨ | ᠨᠦᠬᠦᠳ ᠲᠠᠢ ᠪᠠᠨ ᠰᠤᠯᠠ ᠴᠠᠭ ᠢᠶᠠᠨ ᠠᠰᠢᠭᠯᠠᠨ ᠤᠯᠠᠭᠠᠨ ᠳᠤ ᠨᠢᠭᠡ ᠨᠢᠭᠡ ᠬᠦᠳᠡᠯᠥᠯ ᠢᠶᠠᠷ ᠬᠠᠯᠠᠰᠢᠷᠠᠯ ᠦᠭᠡᠢ | ᠵᠢᠭᠠᠨ ᠵᠢᠯᠤᠭᠤᠳᠴᠦ ᠴᠦᠬᠦᠷᠡᠯ ᠦᠭᠡᠢ ᠤᠷᠤᠯᠳᠤᠨ᠎ᠠ᠃ ᠨᠦᠬᠦᠳ ᠤᠨ ᠴᠢᠷᠮᠠᠶᠢᠯᠭ᠎ᠠ ᠶᠢᠨ ᠲᠡᠭᠡᠷ᠎ᠡ ᠨᠢᠭᠡᠳᠥᠯᠳᠡᠢ | ᠦᠱᠦ ᠶᠢᠨ ᠬᠤᠪᠴᠠᠰᠤ ᠡᠮᠦᠰᠦᠭᠰᠡᠨ ᠠᠴᠠ ᠡᠨᠡ ᠤᠳᠠᠭᠠᠨ ᠤ ᠬᠦᠳᠡᠯᠭᠡᠭᠡᠨ ᠳᠤ ᠦᠨᠡᠬᠡᠷ ᠤᠯᠠᠨ ᠢ | ᠭᠠᠶᠢᠬᠠᠭᠤᠯᠤᠭᠰᠠᠨ ᠰᠦᠷ ᠵᠢᠪᠬᠤᠭ᠎ᠠ ᠲᠠᠢ ᠳᠤᠭᠯᠠᠯᠳᠠ ᠪᠤᠯᠵᠦ᠂ ᠦᠵᠡᠭᠴᠢᠳ ᠤᠨ ᠮᠠᠭᠳᠠᠭᠠᠯ ᠰᠠᠶᠢᠰᠢᠶᠠᠯ ᠢ | ᠬᠦᠷᠳᠡᠭᠰᠡᠨ ᠪᠠᠶᠢᠨ᠎ᠠ᠃ ᠮᠠᠨ ᠤ ᠠᠩᠭᠢ ᠶᠢᠨ ᠠᠮᠢᠳᠤᠷᠠᠯ ᠰᠤᠷᠤᠯᠴᠠᠯᠭ᠎ᠠ ᠶᠢ ᠠᠩᠬᠠᠷᠴᠤ ᠬᠠᠷᠠᠭᠠᠯᠵᠠᠳᠠᠭ ᠪᠠᠭᠰᠢ | ᠨᠠᠷ ᠤᠨ ᠲᠤᠳᠤᠷ᠎ᠠ ᠠᠴᠠ ᠠᠬᠠᠮᠠᠳ ᠪᠤᠥ ᠪᠠᠭᠰᠢ᠄ ︽ᠬᠦᠢ᠂ ᠲᠠ ᠨᠠᠷ ᠦᠵᠡ᠂ ᠡᠨᠡ ᠬᠡᠥᠬᠡᠳ ᠦᠨᠡᠬᠡᠷ | ᠰᠠᠶᠢᠬᠠᠨ ᠰᠤᠷᠤᠯ᠎ᠠ ᠰᠢᠳᠡ᠂ ᠶᠠᠭ ᠦᠱᠦ ᠶᠢᠨ ᠰᠤᠷᠭᠠᠭᠤᠯᠢ ᠶᠢᠨ ᠬᠡᠥᠬᠡᠳ ᠰᠢᠭ ᠲᠤᠭᠯᠠᠵᠥ ᠪᠠᠶᠢᠨ᠎ᠠ᠃ ᠵᠥᠪᠬᠡᠨ | ᠲᠡᠷᠡ ᠬᠤᠶᠠᠳᠤᠭᠠᠷ ᠮᠦᠷ ᠤᠨ ᠬᠤᠶᠠᠳᠤᠭᠠᠷ ᠲᠤ ᠵᠤᠭᠰᠤᠵᠥ ᠪᠠᠶᠢᠭ᠎ᠠ ᠬᠡᠥᠬᠡᠳ ᠵᠢᠭᠠᠬᠠᠨ ᠤᠳᠠᠭᠠᠨ ᠰᠢᠭ᠋ ᠬᠢᠵᠥ | ᠪᠠᠶᠢᠨ᠎ᠠ᠃ ᠲᠠ ᠨᠠᠷ ᠦᠵᠡᠵᠥ ᠭᠠᠷᠤᠭᠰᠠᠨ ᠤᠤ︖︾ ᠭᠡᠵᠥ ᠬᠤᠷᠤᠭᠤ ᠪᠠᠷ ᠵᠢᠭᠠᠵᠥ ᠬᠡᠯᠡᠪᠡᠯ ᠮᠡᠳᠡᠳᠡᠭ ᠨᠢᠭᠡ | ᠨᠢ᠄ ︽ᠲᠡᠷᠡ ᠴᠢᠨᠢ ᠤᠯᠠᠭᠠᠨ ᠭᠡᠳᠡᠭ ᠰᠤᠷᠤᠭᠴᠢ ᠰᠢᠦ︕ ᠡᠨᠡ ᠰᠤᠷᠤᠭᠴᠢ ᠡᠶᠢᠮᠦ ᠬᠡᠮᠵᠢᠶ᠎ᠡ ᠪᠤᠯᠳᠠᠯ᠎ᠠ ᠬᠢᠵᠥ | ᠪᠠᠶᠢᠬᠤ ᠴᠢᠨᠢ ᠲᠤᠩ ᠠᠮᠠᠷ ᠦᠭᠡᠢ ᠶᠠᠪᠤᠳᠠᠯ ᠰᠢᠦ᠂ ᠰᠠᠶ᠋ᠢ ᠰᠤᠷᠭᠠᠭᠤᠯᠢ ᠳᠤ ᠢᠷᠡᠬᠦ ᠳᠡᠭᠡᠨ ᠶᠠᠭᠤ ᠴᠦ ᠮᠡᠳᠡᠬᠦ | ᠦᠭᠡᠢ ᠪᠠᠶᠢᠭᠰᠠᠨ᠂ ᠤᠳᠣ ᠁︾ ᠭᠡᠵᠥ ᠶᠠᠷᠢᠯᠴᠠᠵᠠᠭᠠᠨ᠎ᠠ᠃ ᠴᠤᠭᠯᠠᠷᠠᠭᠰᠠᠨ ᠤᠯᠠᠨ ᠪᠠᠰᠠ ᠤᠯᠠᠭᠠᠨ ᠤ | ᠲᠤᠬᠠᠢ ᠬᠡᠯᠡᠯᠴᠡᠨ᠎ᠡ᠃ ᠡᠨᠡ ᠵᠢᠯ ᠤᠨ ᠬᠡᠥᠬᠡᠳ ᠤᠨ ᠪᠠᠶᠠᠷ ᠲᠤ ᠮᠠᠨ ᠤ ᠠᠩᠭᠢ ᠮᠦᠨ ᠯᠠ ︽ᠰᠢᠯᠢᠳᠡᠭ | ᠲᠤᠭᠯᠠᠭᠰᠠᠨ ᠠᠩᠭᠢ ᠨᠢᠭᠡᠴᠡ︾ ᠪᠠᠷ ᠦᠨᠡᠯᠡᠭᠳᠡᠯ᠎ᠡ᠃ ᠤᠨ ᠤ ᠬᠦᠷᠳᠥ ᠵᠢᠮ᠎ᠡ ᠪᠠᠷ ᠢᠶᠠᠨ ᠡᠷᠭᠢᠵᠥ | ᠳᠦᠷᠪᠡᠨ ᠤᠯᠠᠷᠢᠯ ᠵᠤᠷᠰᠢᠯ ᠢᠶᠠᠷ ᠢᠶᠠᠨ ᠤᠯᠠᠷᠢᠭᠰᠠᠭᠠᠷ ᠲᠠᠪᠤᠨ ᠵᠢᠯ ᠤᠨ ᠭᠠᠯ ᠵᠠᠯᠠᠭᠤ ᠨᠠᠰᠤ ᠶᠢ ᠮᠢᠨᠢ ᠬᠠᠶᠢᠷ᠎ᠠ | ᠨᠠᠶᠢᠷ ᠦᠭᠡᠢ ᠵᠠᠯᠭᠢᠵᠥ᠂ ᠬᠠᠶᠢᠷ᠎ᠠ ᠠᠭᠤᠰᠤᠭᠰᠠᠨ ᠦᠢᠯᠡᠰ ᠤᠨ ᠬᠠᠷᠭᠤᠢ ᠳᠠᠭᠠᠨ ᠬᠠᠷᠠᠮ ᠦᠭᠡᠢ ᠵᠢᠳᠭᠦᠵᠥ᠂ | ᠬᠤᠷ᠎ᠠ ᠬᠦᠰᠡᠭᠰᠡᠨ ᠨᠢᠯᠬ᠎ᠠ ᠰᠤᠶᠤᠭ᠎ᠠ ᠨᠤᠭᠤᠳ ᠢᠶᠠᠨ ᠮᠡᠳᠡᠯᠭᠡ ᠶᠢᠨ ᠰᠢᠮ᠎ᠡ ᠪᠠᠷ ᠤᠮᠳᠠᠯᠠᠭᠰᠠᠭᠠᠷ ᠵᠢᠷᠭᠤᠳᠣᠭᠠᠷ | ᠤᠨ ᠳᠤ ᠲᠠᠪᠰᠢᠯᠠ᠃ ᠬᠠᠶᠢᠷ᠎ᠡ ᠰᠢᠩᠭᠡᠭᠰᠡᠨ ᠰᠤᠷᠤᠭᠴᠢ ᠶᠢᠨ ᠠᠮᠢᠳᠤᠷᠠᠯ ᠳᠠᠭᠠᠨ ᠰᠡᠳᠬᠢᠯ ᠦᠶᠡᠷᠬᠡᠬᠡ | ᠬᠠᠯᠠᠭᠤᠮᠰᠤᠭ ᠲᠤᠳᠤᠨᠤ ᠬᠡᠥᠬᠡᠳ ᠢᠶᠠᠨ ᠬᠠᠷᠠᠬᠤ ᠪᠦᠷᠢ ᠬᠤᠪᠳᠤᠯ ᠵᠢᠷᠦᠬᠡᠨ ᠳᠤ ᠬᠡᠮᠵᠢᠶᠡᠯᠡᠰᠢ ᠦᠭᠡᠢ ᠤᠮᠤᠭᠰᠢᠯ | ᠳᠦᠷᠦᠵᠦ ᠵᠤᠷᠢᠭᠵᠢᠳᠠᠭ ᠶᠤᠮ ᠡ︕ | ᠨᠠᠷᠠᠯᠠᠭ ᠰᠠᠶᠢᠬᠠᠨ ᠬᠤᠷᠸ᠎ᠠ ᠴᠢᠨᠢ | ᠨᠠᠪᠴᠢ ᠴᠡᠴᠡᠭ ᠤᠨ ᠭᠤᠶᠤᠯᠠᠯ ᠢᠶᠠᠷ ᠶᠤᠮ︕ | ᠨᠠᠮ ᠤᠨ ᠰᠤᠷᠭᠠᠨ ᠬᠦᠮᠦᠵᠢᠯ ᠴᠢᠨᠢ | ᠨᠠᠬᠢᠶ᠎ᠠ ᠴᠤᠮᠤᠷᠯᠢᠭ ᠤᠨ ᠴᠢᠮᠡᠭᠯᠡᠯ ᠢᠶᠠᠷ ᠶᠤᠮ︕ | ᠦᠷᠯᠥᠭ ᠮᠤᠩᠭᠤᠯ ᠤᠨ ᠦᠪ ᠰᠤᠶᠤᠯ | ᠦᠰᠪᠦᠷᠢ ᠶᠢᠨ ᠬᠡᠥᠬᠡᠳ ᠲᠡᠭᠡᠨ ᠤᠭᠤᠷᠠᠭ ᠶᠤᠮ︕ | ᠦᠢᠯᠡᠰ ᠠᠮᠵᠢᠯᠳᠠ ᠶᠢᠨ ᠡᠷᠴᠢ ᠵᠤᠷᠢᠭ | ᠦᠭᠡᠳᠡᠯᠡᠬᠦ ᠡᠷᠡᠨ ᠳᠡᠭᠡᠨ ᠲᠦᠯᠬᠢᠭᠦᠷ ᠶᠤᠮ︕ | | ᠵᠤᠬᠢᠶᠠᠭᠴᠢ ᠶᠢᠨ ᠬᠠᠶ᠋ᠢᠭ᠄ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ ᠤ ᠪᠠᠶᠢᠰᠢᠩᠳᠥ ᠭᠤᠤᠯ | ᠪᠠᠭ᠎ᠠ ᠰᠤᠷᠭᠠᠭᠤᠯᠢ | | | ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ |