ᠬᠤᠵᠢᠮᠳᠠᠭᠰᠠᠨ ᠰᠡᠭᠡᠭᠡᠷᠡᠯ ( ᠨᠢᠭᠡ )
ᠨᠡᠶᠢᠲᠡᠯᠡᠭᠰᠡᠨ ᠴᠠᠭ᠄
2016-04-14
                    ᠨᠢᠭᠡ                   ᠤᠰᠤᠮᠠᠭ ᠵᠤᠨ ᠤ ᠦᠷ ᠤᠨ ᠬᠢᠷᠠᠭ᠎ᠠ᠂ ᠶᠠᠭ ᠰᠠᠶᠢᠬᠠᠨ ᠡᠷᠳᠡᠯᠡᠨ ᠪᠤᠰᠴᠤ ᠠᠷᠠᠯᠵᠢᠶ᠎ᠠ ᠶᠢᠨ ᠵᠠᠬ᠎ᠠ ᠲᠡᠯᠭᠡᠭᠦᠷ ᠲᠤ ᠶᠠᠪᠤᠬᠤ ᠬᠦᠮᠦᠰ ᠮᠡᠳᠦ ᠪᠠᠷ ᠠᠯᠭᠤᠷ ᠢᠶᠠᠷ ᠨᠠᠭᠠᠰᠢᠯᠠᠨ᠎ᠠ᠂ ᠴᠠᠭ ᠤᠨ ᠵᠡᠭᠦᠥ ᠠᠷᠠᠢ ᠯᠡ 5᠄ 20 ᠶᠢ ᠦᠩᠭᠡᠷᠡᠮᠡᠭᠴᠡ ᠲᠠᠷᠤᠢ ᠲᠤᠷᠤᠨ᠎ᠠ ᠵᠦᠭ ᠠᠴᠠ ᠰᠠᠷᠭᠠᠢ ᠪᠠ ᠤᠳᠠᠪᠠᠯ᠎ᠠ ᠴᠡᠴᠡᠭ ᠤᠨ ᠤᠯᠠᠪᠢᠷ ᠰᠠᠶᠢᠬᠠᠨ ᠦᠩᠭᠡ ᠢᠯᠭᠠᠷᠠᠨ ᠰᠠᠴᠤᠷᠠᠭᠠᠳ᠂ ᠶᠤᠰᠤᠳᠠᠢ ᠠᠷᠠᠯᠵᠢᠶ᠎ᠠ ᠪᠠᠨ ᠬᠢᠭᠡᠳ ᠤᠯᠵᠠ ᠤᠮᠤᠭᠳᠠᠢ ᠶᠠᠪᠤᠭ᠎ᠠ ᠬᠦᠮᠦᠰ ᠤᠨ ᠮᠦᠰᠢᠶᠡᠩᠭᠦᠢ ᠴᠢᠷᠠᠢ ᠮᠡᠳᠦ ᠡᠶ᠎ᠡ ᠵᠤᠬᠢᠴᠠᠩᠭᠤᠢ ᠪᠠᠶᠢᠯ᠎ᠠ᠂ ᠲᠤᠮᠳᠠᠳᠤ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠡᠷᠬᠢᠯᠡᠭᠴᠢ ᠲᠡᠷᠭᠡᠯ ᠦᠴᠦᠭᠡᠳᠦᠷ ᠤᠷᠤᠢ ᠲᠤᠰ ᠬᠤᠭᠤᠴᠠᠭᠠᠨ ᠤ ᠰᠤᠷᠭᠠᠭᠤᠯᠢ ᠶᠢᠨ ᠵᠢᠭᠠᠨ ᠰᠤᠷᠭᠠᠬᠤ ᠲᠦᠰᠦᠪ  ᠢᠶᠠᠨ ᠵᠤᠬᠢᠶᠠᠵᠤ᠂ ᠬᠡᠳᠦᠶᠢᠪᠡᠷ ᠰᠦᠨᠢ ᠶᠢᠨ 11 ᠴᠠᠭ ᠪᠤᠯᠤᠭᠰᠠᠨ ᠪᠤᠯᠪᠠᠴᠤ᠂ ᠰᠤᠷᠭᠠᠭᠤᠯᠢ ᠶᠢᠨ ᠪᠤᠳᠠᠳᠠᠢ ᠪᠠᠶᠢᠳᠠᠯ   ᠲᠠᠢ ᠤᠶᠠᠯᠳᠤᠭᠤᠯᠤᠨ ᠲᠦᠯᠦᠪᠯᠡᠭᠡ   ᠶᠤᠰᠤᠭᠠᠷ ᠵᠤᠬᠢᠶᠠᠨ   ᠲᠠᠭᠤᠰᠬᠠᠭᠰᠠᠨ ᠲᠤᠯᠠ ᠲᠡᠭᠦᠨ ᠤ ᠲᠤᠳᠤᠷ᠎ᠠ ᠲᠤᠶᠢᠯ ᠤᠨ ᠪᠠᠶᠠᠰᠤᠩᠭᠤᠢ ᠰᠠᠨᠠᠭᠳᠠᠵᠤ᠂ ᠦᠷᠯᠦᠭᠡ ᠡᠷᠳᠡᠯᠡᠨ ᠪᠤᠰᠴᠤ ᠴᠤᠩᠬᠤ ᠪᠠᠨ ᠶᠡᠭᠡ ᠪᠠᠷ ᠨᠡᠭᠡᠭᠡᠵᠤ᠂ ᠦᠷᠯᠦᠭᠡ ᠶᠢᠨ ᠰᠤᠷᠭᠤᠭ ᠴᠡᠪᠡᠷ ᠠᠭᠤᠷ ᠠᠮᠢᠰᠬᠤᠯ ᠢ ᠴᠡᠭᠡᠵᠢ ᠲᠡᠯᠢᠨ ᠠᠮᠢᠰᠬᠤᠨ᠎ᠠ᠃ ᠰᠠᠨᠠᠭᠠᠨ ᠤ ᠠᠶ᠎ᠠ ᠪᠠᠷ ᠨᠡᠭᠡᠭᠡᠭᠰᠡᠨ ᠴᠤᠩᠬᠤ ᠶᠢ ᠲᠠᠭᠠᠵᠤ᠂ ᠦᠷᠯᠦᠭᠡ ᠶᠢᠨ ᠤᠯᠠᠪᠢᠷ ᠲᠤᠶᠠᠭ᠎ᠠ ᠦᠩᠭᠡ ᠢᠯᠭᠠᠷᠠᠨ ᠦᠷᠦᠭᠡ ᠳᠤ ᠨᠢ ᠲᠤᠰᠬᠤ ᠳᠤ ᠲᠡᠷᠭᠡᠯ ᠤᠨ ᠰᠠᠨᠠᠭ᠎ᠠ ᠰᠡᠳᠬᠢᠯ ᠤᠯᠠᠮ ᠪᠠᠶᠠᠰᠤᠩᠭᠤᠢ ᠲᠡᠭᠵᠢᠨ ᠪᠠᠶᠢᠵᠤ᠂ ᠲᠡᠷᠡ ᠠᠯᠤᠰ ᠢ ᠰᠢᠷᠳᠡᠨ ᠬᠤᠶᠠᠷ ᠭᠠᠷ ᠢᠶᠠᠨ ᠠᠬᠢᠨ ᠲᠠᠬᠢᠨ ᠠᠯᠳᠠᠯᠠᠨ ᠰᠤᠩᠭᠠᠵᠤ᠂ ᠦᠷᠯᠦᠭᠡ ᠶᠢᠨ ᠴᠡᠪᠡᠷ ᠰᠤᠷᠭᠤᠭ ᠠᠭᠤᠷ ᠠᠮᠢᠰᠬᠤᠯ ᠢ ᠠᠮᠳᠠᠷᠬᠠᠨ ᠠᠮᠢᠰᠬᠤᠬᠤ ᠳᠠᠭᠠᠨ ᠦᠷᠦᠴᠡ ᠴᠡᠭᠡᠵᠢᠨ ᠳᠠᠬᠢ ᠨᠢᠭᠡ ᠦᠳᠡᠰᠢ ᠶᠢᠨ ᠰᠦᠪᠡᠭᠴᠢᠯᠡᠨ ᠲᠤᠩᠭᠠᠵᠤ ᠲᠤᠭᠤᠷᠪᠢᠨ ᠪᠢᠴᠢᠭᠰᠡᠨ ᠰᠢᠨ᠎ᠡ ᠬᠠᠭᠤᠴᠢᠨ ᠠᠮᠢᠰᠬᠤᠭ᠎ᠠ ᠶᠢᠨ ᠰᠤᠯᠢᠯᠴᠠᠭ᠎ᠠ ᠬᠢᠬᠦ ᠳᠤ᠂ ᠦᠪᠴᠢ ᠪᠡᠶ᠎ᠡ ᠨᠢ ᠤᠯᠠᠮ ᠢᠯᠡᠭᠦᠥ   ᠲᠠᠭᠠᠳᠠᠢ ᠬᠦᠭᠰᠡᠨ᠎ᠡ᠃           ᠬᠦᠮᠦᠰ ᠶᠡᠷᠦ ᠳᠡᠭᠡᠨ ᠦᠮᠡᠭᠡᠢ ᠦᠨᠦᠷ ᠲᠠᠢ ᠵᠤᠷᠯᠤᠩ ᠲᠤᠳᠤᠷ᠎ᠠ ᠠᠴᠠ ᠭᠠᠷᠤᠭᠠᠳ᠂   ᠦᠵᠡᠮᠵᠢᠳᠦ ᠰᠠᠶᠢᠬᠠᠨ ᠦᠩᠭᠡ ᠶᠢᠨ ᠴᠡᠴᠡᠭ ᠲᠡᠯᠭᠡᠷᠡᠭᠰᠡᠨ ᠦᠩ ᠰᠢᠮᠡᠯᠡᠭ ᠭᠡᠭᠡᠷ᠎ᠡ ᠲᠠᠯ᠎ᠠ ᠳᠤ ᠭᠠᠷᠬᠤ ᠳᠤ ᠪᠤᠳᠠᠭᠠᠯᠢ ᠪᠡᠶ᠎ᠡ ᠮᠠᠬᠠᠪᠤᠳ ᠬᠢᠭᠡᠳ ᠰᠠᠨᠠᠭ᠎ᠠ ᠰᠡᠳᠬᠢᠯ ᠨᠢ ᠬᠤᠪᠢ ᠶᠢᠨ ᠭᠠᠳᠠᠨ᠎ᠠ ᠴᠤᠭ ᠵᠢᠪᠬᠤᠭ᠎ᠠ ᠪᠠᠳᠠᠷᠠᠨ᠂ ᠲᠡᠷᠡᠭᠦ ᠲᠠᠩ ᠴᠤᠯᠭᠤᠢ ᠪᠢᠳᠡᠭᠦᠷᠡᠯ ᠤᠨ ᠰᠡᠳᠬᠢᠭᠦᠢ ᠠᠴᠠ ᠤᠶᠤᠨ ᠪᠢᠯᠢᠭ ᠨᠡᠭᠡᠭᠡᠭᠳᠡᠨ᠂ ᠤᠷᠠᠨ ᠰᠠᠨᠠᠭ᠎ᠠ ᠬᠦᠪᠴᠢᠯᠡᠨ ᠴᠠᠭ ᠡᠷᠡᠨ  ᠤ ᠢᠵᠢᠯ ᠠᠯᠬᠤᠭ᠎ᠠ ᠶᠢ ᠲᠤᠰᠬᠠᠭᠰᠠᠨ ᠤᠷᠠᠨ ᠵᠤᠬᠢᠶᠠᠯ ᠤᠨ ᠲᠠᠯᠠᠰᠳᠤ ᠴᠡᠭ ᠮᠡᠳᠦ ᠪᠠᠷ ᠰᠡᠳᠬᠢᠯ ᠰᠠᠨᠠᠭ᠎ᠠ   ᠬᠦᠭᠰᠡᠨ ᠤᠷᠬᠢᠯᠤᠨ᠎ᠠ᠃ ᠶᠠᠭ ᠰᠠᠶᠢᠬᠠᠨ ᠡᠨᠡ ᠦᠶᠡᠰ ᠲᠤ ᠲᠡᠭᠦᠨ ᠤ ᠰᠡᠳᠭᠢᠬᠦᠢ ᠳᠤ ᠲᠦᠴᠢ ᠭᠠᠷᠤᠢ ᠵᠢᠯ ᠡᠷᠬᠢᠯᠳᠤᠨ ᠵᠢᠭᠤᠷᠠᠯᠳᠤᠭᠰᠠᠨ ᠲᠡᠳᠡᠭᠡᠷ ᠤᠴᠢᠷ ᠤᠳ ᠦᠪᠡᠷ ᠤᠨ ᠡᠷᠭᠡ ᠦᠭᠡᠢ ᠨᠢᠳᠦᠨ ᠡᠮᠦᠨ᠎ᠡ ᠨᠢ ᠵᠢᠷᠤᠭ ᠮᠡᠳᠦ ᠲᠡᠯᠭᠡᠭᠳᠡᠭᠦ ᠳᠤ ᠴᠤᠩᠬᠤ ᠶᠢᠨ ᠭᠠᠳᠠᠨ᠎ᠠ ᠠᠴᠠ ᠰᠠᠨᠠᠮᠰᠠᠷ ᠦᠭᠡᠢ ᠨᠢᠭᠡᠨ ᠪᠠᠳᠠᠭᠠᠨ᠎ᠠ ᠦᠩᠭᠢᠨᠡᠨ ᠨᠢᠰᠤᠨ ᠤᠷᠤᠵᠤ ᠢᠷᠡᠭᠦ ᠳᠤ ᠲᠡᠭᠦᠨ ᠤ ᠪᠤᠳᠤᠯ   ᠰᠠᠨᠠᠭ᠎ᠠ ᠴᠦ ᠲᠡᠷᠡᠬᠦ ᠭᠱᠠᠨ ᠳᠤ ᠤᠯᠠᠮ ᠢᠯᠡᠭᠦᠥ ᠶᠠᠭᠤ ᠨᠢᠭᠡ ᠶᠢ ᠬᠦᠨ ᠰᠡᠳᠭᠢᠭᠳᠡᠭᠦᠯᠦᠨ᠎ᠡ᠃ ᠡᠨᠡ ᠨᠢ ᠲᠠᠷᠤᠢ ᠶᠡᠮᠡᠷ ᠨᠢᠭᠡᠨ ᠬᠦᠮᠦᠨ ᠲᠡᠭᠦᠨ ᠤ ᠵᠢᠷᠦᠭᠡ ᠶᠢ ᠵᠡᠭᠦᠥ ᠪᠠᠷ ᠰᠢᠪᠡᠭᠦ ᠮᠡᠳᠦ ᠦᠪᠴᠢ ᠪᠡᠶ᠎ᠡ ᠶᠢᠨ ᠰᠠᠨᠠᠭ᠎ᠠ ᠰᠡᠳᠭᠢᠯ ᠳᠤᠨᠢ ᠤᠯᠠᠮ ᠢᠯᠡᠭᠦᠥ ᠶᠡᠮᠡᠷ ᠨᠢᠭᠡᠨ ᠬᠦᠨᠳᠦ ᠲᠠᠷᠤᠭᠠᠰᠤ ᠶᠢ ᠠᠪᠴᠢᠷᠠᠭᠰᠠᠨ ᠮᠡᠳᠦ ᠲᠡᠭᠦᠨ   ᠤ ᠶᠡᠷᠦ ᠶᠢᠨ ᠴᠤᠭ ᠵᠢᠪᠬᠤᠭ᠎ᠠ ᠶᠢ ᠨᠢ ᠠᠯᠳᠠᠭᠤᠯᠤᠨ᠎ᠠ᠃ ᠶᠠᠭ ᠡᠨᠡ ᠦᠶᠡᠰ ᠲᠤ ᠲᠡᠷᠡ ᠬᠡᠳᠦᠶᠢᠪᠡᠷ ᠪᠡᠶ᠎ᠡ ᠨᠢ ᠰᠠᠭᠤᠳᠠᠯ ᠳᠤ ᠰᠠᠭᠤᠵᠤ ᠪᠠᠶᠢᠪᠠᠴᠤ᠂ ᠰᠡᠳᠬᠢᠯ ᠨᠢ ᠬᠠᠷᠢᠨ ᠤᠯᠠᠮ ᠭᠤᠨᠢᠵᠤ ᠭᠤᠳᠤᠷᠬᠤ ᠤᠷᠴᠢᠨ ᠳᠤ ᠰᠢᠯᠵᠢᠨ᠂ ᠬᠤᠶᠠᠷ ᠭᠠᠷ ᠢᠶᠠᠨ ᠲᠡᠭᠡᠭᠰᠢ ᠡᠷᠭᠦᠨ ᠬᠦᠨ ᠭᠡᠭᠴᠢ ᠨᠢᠭᠡ ᠠᠮᠢᠰᠬᠤᠵᠤ ᠠᠪᠤᠭᠠᠳ᠂ ᠬᠤᠶᠠᠷ ᠨᠢᠳᠦ ᠪᠠᠨ ᠠᠨᠢᠵᠤ ᠰᠠᠨᠠᠭ᠎ᠠ ᠠᠯᠳᠠᠨ ᠰᠠᠭᠤᠨ᠎ᠠ᠃             ᠴᠤᠭ ᠵᠤᠯᠢ ᠲᠠᠢ ᠤᠷᠢ ᠵᠠᠯᠠᠭᠤ ᠨᠠᠰᠤᠨ ᠳᠠᠭᠠᠨ ᠲᠡᠷᠡ᠂ ᠡᠷᠬᠢᠯᠡᠭᠰᠡᠨ ᠠᠵᠢᠯ ᠤᠶᠢᠯᠡᠰ ᠲᠡᠭᠡᠨ ᠭᠠᠷᠠᠮᠭᠠᠶᠢᠯᠠᠨ᠂ ᠵᠦᠪᠭᠡᠨ ᠤᠳᠤᠬᠢ ᠪᠠᠶᠢᠳᠠᠯ ᠳᠤ ᠲᠤᠯᠭᠠᠷᠠᠵᠤ ᠪᠠᠶᠢᠭ᠎ᠠ ᠮᠠᠰᠢ ᠤᠯᠠᠨ ᠶᠠᠪᠤᠳᠠᠯ ᠤᠴᠢᠷ ᠤᠳ ᠢᠶᠠᠨ ᠡᠷᠬᠢᠯᠡᠨ ᠬᠢᠬᠦ ᠶᠢ ᠯᠡ ᠮᠡᠳᠡᠭᠦ ᠠᠴᠠ ᠪᠢᠰᠢ᠂ ᠶᠡᠷᠦ ᠠᠴᠠ ᠪᠡᠶ᠎ᠡ ᠪᠠᠷ ᠦᠩᠭᠡᠷᠡᠭᠦᠯᠦᠭᠰᠡᠨ ᠲᠡᠳᠡᠭᠡᠷ ᠤᠴᠢᠷ ᠶᠠᠪᠤᠳᠠᠯ  ᠤᠳ ᠢ ᠬᠦᠨ ᠲᠤᠩᠭᠠᠵᠤ ᠡᠷᠭᠢᠴᠡᠭᠦᠯᠬᠦ ᠦᠭᠡᠢ᠂ ᠭᠡᠪᠡᠴᠦ ᠬᠠᠷᠢᠨ ᠲᠡᠭᠦᠨ ᠤ ᠤᠭᠤᠷᠠᠭ ᠲᠠᠷᠢᠬᠢᠨ ᠳᠤᠨᠢ   ᠵᠦᠪᠬᠡᠨ ᠠᠯᠤᠰ ᠢᠷᠡᠭᠡᠳᠦᠢ ᠳᠤ ᠶᠠᠭᠤ ᠨᠢᠭᠡ ᠶᠢ ᠪᠦᠳᠦᠭᠡᠭᠦ᠂   ᠦᠵᠡᠯ ᠰᠠᠨᠠᠭ᠎ᠠ ᠪᠠᠨ ᠬᠡᠷᠬᠢᠨ ᠨᠠᠮ ᠪᠠ ᠠᠷᠠᠳ ᠲᠦᠮᠡᠨ ᠤ ᠦᠨᠳᠦᠰᠦᠨ ᠠᠰᠢᠭ ᠲᠤᠰᠠ ᠲᠠᠢ ᠨᠡᠶᠢᠴᠡᠭᠦᠯᠵᠤ᠂ ᠡᠷᠡᠯᠬᠡᠭ ᠰᠠᠨᠠᠭ᠎ᠠ ᠠᠤᠭ᠎ᠠ ᠵᠤᠷᠢᠭ ᠢ ᠡᠪᠦᠷᠯᠡᠨ ᠵᠠᠯᠠᠭᠤ ᠽᠠᠨᠳᠠᠨ ᠨᠠᠰᠤᠨ   ᠳᠠᠭᠠᠨ ᠠᠯᠤᠰ ᠢᠷᠡᠭᠡᠳᠦᠢ ᠳᠡᠭᠡᠨ ᠲᠤᠶᠢᠯ ᠤᠨ ᠢᠳᠡᠭᠡᠯ ᠲᠡᠭᠦᠯᠳᠡᠷ ᠪᠠᠶᠢᠯ᠎ᠠ᠃   ᠡᠩ ᠤᠨ ᠦᠭᠡᠨ ᠳᠤ  ᠄ ︽ᠬᠠᠨ ᠠᠭᠤᠯᠠ ᠶᠢ ᠴᠠᠰᠤ ᠲᠠᠷᠤᠭᠠᠳ᠂ ᠬᠠᠶᠢᠷᠠᠬᠠᠨ ᠪᠡᠶ᠎ᠡ ᠶᠢ ᠨᠠᠰᠤ ᠲᠠᠷᠤᠭᠰᠠᠨ︾ ᠮᠡᠳᠦ ᠪᠠᠷ᠂ ᠨᠠᠰᠤ ᠵᠢᠯ  ᠤᠨ ᠨᠡᠮᠡᠭᠳᠡᠯ ᠢ ᠲᠠᠭᠠᠯᠳᠤᠨ ᠦᠩᠭᠭᠡᠷᠡᠭᠰᠡᠨ ᠤ ᠲᠡᠷᠡᠭᠦ ᠢᠷᠡᠭᠡᠳᠦᠢ᠂ ᠬᠦᠰᠡᠯᠡᠩ᠂ ᠡᠷᠴᠢ ᠵᠤᠷᠢᠭ ᠨᠢ ᠠᠯᠭᠤᠷ ᠠᠭᠠᠵᠢᠮ ᠢᠶᠠᠷ ᠦᠨᠳᠦᠷ ᠤᠭᠳᠠᠷᠭᠤᠢ ᠳᠠᠬᠢ ᠬᠦᠪᠪᠦᠨ ᠠᠷᠢᠯᠠᠬᠤ ᠡᠭᠦᠯᠡ ᠮᠠᠨᠠᠨ ᠮᠡᠳᠦ ᠪᠠᠷ᠂   ᠲᠡᠭᠦᠨ ᠤ ᠦᠷᠦᠴᠡ ᠴᠡᠭᠡᠵᠢ᠂ ᠤᠭᠤᠷᠠᠭ ᠲᠠᠷᠢᠬᠢᠨ ᠠᠴᠠ ᠨᠢ ᠢᠳᠡᠭ ᠢᠳᠡᠭ ᠢᠶᠠᠷ ᠠᠷᠢᠯᠵᠤ᠂ ᠤᠯᠠᠮ ᠠᠴᠠ ᠤᠯᠠᠮ ᠵᠠᠶᠢᠳᠠᠵᠤ ᠪᠠᠶᠢᠯ᠎ᠠ᠃   ᠢᠯᠠᠩᠭᠤᠶ᠎ᠠ᠂ ᠤᠷᠴᠢᠮ ᠤᠨ ᠬᠡᠳᠦᠨ ᠵᠢᠯ   ᠪᠤᠯᠬᠤ ᠳᠤ ᠵᠠᠯᠠᠭᠤ ᠨᠠᠰᠤᠨ ᠤ ᠲᠡᠳᠡᠭᠡᠷ ᠡᠯᠪᠡᠭ ᠪᠠᠶᠠᠯᠢᠭ ᠮᠦᠷᠦᠭᠡᠳᠦᠯ᠂ ᠤᠳᠬ᠎ᠠ ᠠᠭᠤᠯᠭ᠎ᠠ ᠲᠠᠢ ᠬᠦᠰᠡᠭᠦᠶᠢᠴᠢ ᠰᠠᠶᠢᠬᠠᠨ ᠪᠤᠳᠤᠯ ᠰᠠᠨᠠᠭ᠎ᠠ ᠨᠢ ᠢᠳᠡᠭ ᠢᠳᠡᠭ  ᠢᠶᠠᠷ ᠠᠷᠢᠯᠵᠤ ᠡᠬᠢᠯᠡᠪᠡ᠃ ᠡᠨᠡ ᠨᠢ ᠲᠠᠷᠤᠢ᠄ ︽ᠲᠦᠴᠢ ᠬᠦᠷᠦᠭᠡᠳ ᠤᠬᠠᠭᠠᠨ ᠤᠷᠤᠭ᠎ᠠ ᠦᠭᠡᠢ᠂   ᠲᠠᠪᠢ ᠬᠦᠷᠦᠭᠡᠳ ᠬᠦᠨ ᠶᠤᠰᠤ ᠶᠢ   ᠰᠠᠶ᠋ᠢ ᠮᠡᠳᠡᠨ  ︾   ᠠᠪᠠᠴᠦ᠂ ᠤᠳᠤ ᠤᠳᠠᠯ ᠦᠭᠡᠢ ᠤᠯᠤᠰ ᠤᠨ   ᠠᠯᠪᠠᠨ ᠠᠵᠢᠯ  ᠤᠨ ᠨᠠᠰᠤᠨ ᠤ ᠠᠮᠠᠷᠠᠯᠳᠠ ᠪᠠᠨ ᠠᠪᠬᠤ   ᠴᠠᠭ ᠴᠦ   ᠤᠶᠢᠷᠠᠳᠤᠵᠤ ᠢᠷᠡᠭᠦ ᠳᠤ᠂ ᠡᠨᠡ ᠨᠢ ᠶᠠᠭ ᠯᠡ ᠬᠦᠮᠦᠨ ᠤ ᠨᠢᠭᠡ ᠨᠠᠰᠤᠨ ᠤ ᠰᠢᠵᠢᠷ ᠠᠯᠲᠠᠨ ᠴᠠᠭ ᠨᠢ ᠦᠩᠭᠡᠷᠡᠭᠦ ᠳᠤ᠂   ᠡᠩ ᠤᠨ ᠦᠭᠡ ᠪᠠᠷ ᠡᠷᠢᠶ᠎ᠡ ᠦᠭᠡᠢ ᠬᠡᠯᠡᠪᠡᠯ᠄ ᠬᠦᠴᠦ ᠴᠢᠳᠠᠯ ᠪᠠᠭᠤᠷᠠᠭᠠᠳ᠂ ᠲᠠᠷᠢᠬᠢ ᠲᠤᠯᠤᠭᠠᠢ ᠨᠢ ᠪᠠᠳᠠᠭᠤᠯᠢᠭ ᠪᠤᠯᠵᠤ᠂   ᠤᠳᠤ ᠴᠠᠭ ᠤᠨ ᠰᠢᠨ᠎ᠡ ᠪᠠᠶᠢᠳᠠᠯ ᠢ ᠲᠠᠭᠠᠵᠤ ᠲᠡᠶᠢᠯᠭᠦ ᠦᠭᠡᠢ ᠪᠤᠯᠪᠠᠴᠤ᠂ ᠦᠩᠭᠡᠷᠡᠭᠰᠡᠨ ᠤᠯᠠᠨ ᠤᠴᠢᠷ ᠤᠳ ᠢ   ᠨᠢ ᠬᠠᠷᠢᠨ ᠨᠢᠳᠦᠨ ᠡᠮᠦᠨᠡᠬᠢ ᠠᠴᠠ ᠢᠯᠡᠭᠦᠥ ᠲᠤᠪ ᠲᠤᠳᠤᠷᠬᠠᠢ ᠪᠤᠳᠤᠨ ᠰᠡᠳᠭᠢᠭᠳᠡᠵᠤ᠂ ᠤᠬᠢᠯᠠᠭᠠᠳ ᠨᠢᠳᠤᠨ ᠠᠴᠠ ᠨᠢ ᠨᠢᠯᠪᠤᠰᠤ ᠭᠠᠷᠬᠤ ᠦᠭᠡᠢ᠂ ᠢᠨᠢᠶᠡᠪᠡᠯ ᠬᠠᠷᠢᠨ ᠠᠯᠠᠭ ᠬᠤᠶᠠᠷ ᠨᠢᠳᠤᠨ ᠠᠴᠠ ᠨᠢ ᠨᠢᠯᠪᠤᠰᠤ ᠤᠷᠤᠰᠳᠠᠭ ᠪᠤᠯᠵᠠᠢ᠃ ᠢᠷᠡᠭᠡᠳᠦᠢ ᠶᠢᠨ ᠲᠤᠬᠠᠢ ᠬᠦᠰᠡᠯ ᠵᠡᠭᠦᠳᠦ ᠬᠢᠭᠡᠳ ᠤᠶᠤᠨ ᠤᠬᠠᠭᠠᠨ ᠨᠢ ᠴᠤᠭ ᠪᠠᠳᠠᠷᠠᠩᠭᠤᠢ ᠪᠠᠶᠢᠭᠰᠠᠨ ᠴᠠᠭ ᠮᠦᠴᠡ ᠨᠢ ᠶᠠᠭ ᠯᠡ ᠦᠴᠦᠭᠡᠳᠦᠷ ᠮᠡᠳᠦ ᠰᠠᠨᠠᠭᠳᠠᠵᠤ᠂ ᠦᠯᠦ ᠮᠡᠳᠡᠭᠳᠡᠭᠦ ᠪᠠᠶᠢᠳᠠᠯ ᠲᠤᠥᠷ᠎ᠠ᠂ ᠲᠡᠳᠡᠭᠡᠷ ᠠᠯᠤᠰ ᠢᠷᠡᠭᠡᠳᠦᠢ ᠶᠢᠨ ᠲᠤᠬᠠᠢ ᠰᠠᠶᠢᠨ ᠰᠠᠶᠢᠬᠠᠨ ᠬᠦᠰᠡᠯᠡᠩ᠂ ᠤᠷᠬᠢᠯᠤᠮ᠎ᠠ ᠵᠤᠷᠢᠭ ᠰᠠᠨᠠᠭ᠎ᠠ ᠨᠢ ᠪᠠᠯᠠᠷᠠᠭᠠᠳ ᠲᠡᠭᠦᠨ ᠢᠶᠠᠨ ᠪᠤᠳᠤᠬᠤ ᠲᠤᠳᠤᠮ ᠤᠶᠤᠨ ᠰᠠᠨᠠᠭᠠᠨ ᠤ ᠲᠠᠯ᠎ᠠ ᠪᠠᠷ   ᠶᠠᠮᠠᠷ ᠨᠢᠭᠡᠨ ᠲᠠᠷᠴᠢᠯᠠᠭᠠᠯ   ᠳᠤ ᠤᠴᠠᠷᠠᠭᠰᠠᠨ ᠮᠡᠳᠦ ᠪᠠᠷ ᠬᠦᠮᠦᠨ ᠤ ᠠᠮᠢᠳᠤᠷᠠᠯ  ᠤᠨ ᠤᠷᠳᠤ ᠠᠶᠠᠨ ᠤ ᠶᠠᠪᠤᠴᠠ ᠠᠴᠠ ᠶᠠᠮᠠᠷ ᠨᠢᠭᠡᠨ ᠲᠠᠯ᠎ᠠ ᠶᠢᠨ ᠰᠡᠳᠡᠯᠳᠡ ᠤᠯᠤᠭᠰᠠᠨ ᠮᠡᠳᠦ ᠪᠠᠷ ᠠᠯᠠᠷ ᠪᠠᠯᠠᠷ ᠪᠤᠳᠤᠯ ᠰᠡᠳᠬᠢᠯ ᠤᠨ ᠲᠤᠮᠳᠠ ᠠᠵᠤ ᠠᠮᠢᠳᠤᠷᠠᠯ ᠢᠶᠠᠨ ᠠᠷᠭᠠᠴᠠᠨ ᠲᠦᠪᠬᠢᠨᠡᠭᠦᠯᠬᠦ ᠮᠡᠳᠦ ᠪᠠᠷ ᠰᠠᠨᠠᠭᠳᠠᠵᠤ ᠡᠬᠢᠯᠡᠯ᠎ᠡ ᠃ ᠡᠨᠡ ᠨᠢ ᠲᠠᠷᠤᠢ ᠦᠩᠭᠡᠷᠡᠭᠰᠡᠨ ᠤ ᠲᠡᠷᠡᠭᠦ   ︽ᠵᠠᠯᠠᠭᠤ ᠨᠠᠰᠤ ᠡᠨᠡ ᠪᠡᠶ᠎ᠡ ᠳᠤ ᠭᠠᠭᠴᠠ᠂ ᠡᠳᠦᠷ ᠤᠨ ᠴᠢᠨᠡᠭᠡᠨ  ᠳᠤ ᠦᠷᠯᠦᠭᠡ ᠬᠤᠶᠠᠷ ᠦᠭᠡᠢ᠂ ᠨᠠᠨᠳᠢᠨ ᠴᠠᠭ ᠢ ᠵᠠᠪᠳᠦᠨ ᠡᠰᠡ ᠴᠢᠳᠠᠪᠠᠰᠤ᠂ ᠨᠠᠰᠤ ᠵᠢᠯ ᠭᠡᠭᠴᠢ ᠬᠦᠮᠦᠨ ᠢ ᠦᠯᠦ ᠬᠦᠯᠢᠶᠡᠭᠦ︾ ᠴᠤᠭ ᠵᠢᠪᠬᠤᠭᠠᠳᠤ ᠤᠨ ᠰᠠᠷ᠎ᠠ ᠲᠡᠭᠦᠨ ᠠᠴᠠ ᠨᠢᠭᠡᠨᠳᠡ ᠠᠶᠠᠷᠯᠠᠭᠰᠠᠨ ᠮᠡᠳᠦ ᠰᠠᠨᠠᠭᠳᠠᠨ᠎ᠠ᠃ ᠲᠡᠷᠭᠡᠯ  ᠤᠨ ᠦᠵᠡᠬᠦ ᠪᠠᠷ ᠠᠵᠤ ᠠᠮᠢᠳᠤᠷᠠᠯ ᠨᠢ ᠬᠦᠮᠦᠨ ᠢ ᠲᠠᠷᠴᠢᠯᠭᠠᠭᠠᠳ ᠠᠳᠤᠭᠤᠰ ᠮᠠᠯ᠂ ᠠᠷᠠᠭᠠᠳᠤ ᠬᠦᠷᠳᠦᠳᠦ ᠮᠠᠰᠢᠨ ᠲᠤᠨᠤᠭᠯᠠᠯ ᠮᠡᠳᠦ ᠪᠤᠯᠭᠠᠨ ᠡᠳᠦᠷ ᠲᠤᠵᠢ ᠤᠷᠤᠰᠢᠨ ᠠᠮᠢᠳᠤᠷᠠᠬᠤ ᠶᠢᠨ ᠬᠦᠨᠳᠦ ᠲᠠᠷᠤᠭᠠᠰᠤᠨ ᠳᠤ ᠪᠠᠷᠢᠭᠳᠠᠵᠤ᠂ ᠬᠡᠴᠦᠨᠡᠨ ᠲᠡᠯᠴᠢᠯᠡᠨ ᠠᠵᠤ ᠠᠮᠢᠳᠤᠷᠠᠭᠰᠠᠨ ᠴᠦ᠂ ᠡᠳᠦᠷ ᠤᠨ ᠤᠳᠠᠭᠠᠨ ᠳᠠᠭᠠᠨ ᠤᠶᠤᠨ ᠤᠬᠠᠭᠠᠨ᠂ ᠬᠦᠴᠦ ᠲᠤᠷᠪᠢ ᠨᠢ ᠢᠳᠡᠭ ᠢᠳᠡᠭ ᠢᠶᠠᠷ ᠪᠠᠭᠤᠷᠠᠵᠤ᠂ ᠬᠦᠮᠦᠨ ᠤ ᠰᠠᠨᠠᠭ᠎ᠠ ᠪᠠᠷ ᠰᠢᠯᠵᠢᠳᠡᠭ ᠦᠭᠡᠢ ᠪᠠᠷ ᠦᠳᠡᠯᠦᠭᠡ ᠨᠠᠰᠤᠨ ᠵᠦᠭ ᠲᠡᠭᠡᠨ ᠬᠠᠨᠳᠤᠳᠠᠭ ᠰᠠᠨ᠃   ᠲᠡᠭᠦᠨ ᠤ ᠦᠵᠡᠬᠦ ᠪᠠᠷ ᠠᠵᠤ ᠠᠮᠢᠳᠤᠷᠠᠯ ᠤᠨ ᠪᠤᠭᠤᠯ ᠪᠤᠯᠤᠨ ᠠᠵᠤ ᠲᠦᠷᠦᠵᠤ ᠶᠠᠪᠤᠭᠰᠠᠳ ᠤᠯᠠᠩᠭᠢ ᠳᠠᠭᠠᠨ ᠬᠦᠯᠢᠴᠡᠨ ᠲᠡᠰᠪᠦᠷᠢᠯᠡᠨ᠂ ᠬᠠᠯᠠ ᠵᠤᠪᠠᠯᠠᠩ ᠢ ᠬᠠᠨᠤᠳᠠᠯ᠎ᠠ ᠠᠮᠰᠠᠵᠤ᠂ ᠠᠵᠢᠯᠴᠢ ᠪᠤᠷᠤᠭᠵᠢᠭᠤᠨ᠂ ᠬᠦᠴᠢᠷ ᠲᠦᠪᠡᠭ ᠢ ᠬᠦᠯᠢᠴᠡᠨ ᠲᠡᠰᠪᠦᠷᠢᠯᠡᠵᠤ   ᠶᠠᠪᠤᠭᠰᠠᠭᠠᠷ ᠢᠷᠡᠭᠰᠡᠨ ᠶᠤᠮ᠃ ᠲᠦᠴᠢᠨ ᠵᠢᠯ ᠤᠨ ᠡᠮᠦᠨᠡᠭᠢ ᠲᠡᠷᠡᠭᠦ ᠶᠠᠪᠤᠳᠠᠯ ᠨᠢ ᠶᠠᠭ ᠨᠢᠭᠡᠨ ᠠᠪᠤᠷᠭᠤ ᠵᠤᠵᠠᠭᠠᠨ ᠲᠡᠭᠡᠷᠡᠮ᠎ᠡ ᠶᠢᠨ   ᠴᠢᠯᠠᠭᠤ ᠮᠡᠳᠦ  ᠪᠠᠷ ᠠᠷᠠᠢ ᠯᠡ ᠲᠡᠭᠦᠨ ᠤ ᠲᠡᠭᠡᠷ᠎ᠡ ᠠᠴᠠ ᠲᠠᠷᠤᠮᠠᠷ ᠰᠢᠭ᠋ ᠰᠠᠨᠠᠭᠳᠠᠵᠤ᠂ ᠶᠠᠮᠠᠷ ᠨᠢᠭᠡᠨ ᠡᠳᠦᠷ ᠲᠡᠭᠦᠨ ᠢ ᠡᠨᠡᠬᠦ ᠲᠡᠭᠡᠷᠡᠮ᠎ᠡ ᠶᠢᠨ ᠲᠤᠥᠷ᠎ᠠ ᠤᠷᠤᠭᠤᠯᠤᠨ ᠮᠢᠬᠠᠨ ᠵᠢᠶᠠᠩ ᠮᠡᠳᠦ ᠠᠪᠬᠤ ᠶᠢᠨ ᠠᠷᠭ᠎ᠠ ᠦᠭᠡᠢ ᠪᠤᠯᠭᠠᠬᠤ ᠶᠤᠮ ᠳ᠋ᠡ ᠭᠡᠵᠤ ᠵᠢᠷᠦᠭᠡ ᠪᠠᠨ ᠭᠠᠷ ᠲᠠᠭᠠᠨ ᠪᠠᠷᠢᠵᠤ᠂ ᠠᠶᠤᠨ ᠰᠦᠷᠳᠡᠵᠤ ᠢᠷᠡᠭᠰᠡᠨ ᠶᠤᠮ᠃ ᠲᠡᠷᠡ ᠠᠵᠤ ᠠᠮᠢᠳᠤᠷᠠᠯ ᠤᠨ ᠤᠷᠳᠤ ᠠᠶᠠᠨ ᠳᠤ ᠡᠨᠡᠭᠦ ᠨᠦᠰᠡᠷ ᠬᠦᠨᠳᠦ ᠲᠠᠷᠴᠢᠯᠠᠭᠠᠯ ᠲᠣᠥᠷ᠎ᠠ ᠲᠦᠴᠢ ᠭᠠᠷᠤᠢ ᠵᠢᠯ ᠲᠡᠯᠴᠢᠯᠡᠨ ᠶᠠᠪᠤᠵᠠᠢ᠃ ᠲᠡᠷᠡ ᠤᠳᠤ ᠡᠳᠡᠭᠡᠷ ᠪᠦᠬᠦᠨ ᠢ ᠡᠷᠬᠢᠴᠡᠭᠦᠯᠦᠨ ᠪᠤᠳᠤᠬᠤ ᠪᠦᠷᠢ ᠡᠷᠳᠡ ᠤᠷᠤᠢ ᠦᠭᠡᠢ ᠡᠨᠡᠭᠦ ᠰᠡᠳᠬᠢᠯ ᠤᠨ ᠬᠦᠨᠳᠦ ᠲᠠᠷᠤᠭᠠᠰᠤ ᠪᠤᠯᠤᠭᠰᠠᠨ ᠲᠡᠭᠡᠷᠡᠮ᠎ᠡ ᠶᠢᠨ ᠴᠢᠯᠠᠭᠤ ᠶᠢ ᠠᠪᠴᠤ ᠬᠠᠶᠠᠬᠤ ᠦᠭᠡᠢ ᠶᠤᠮ ᠪᠤᠯ ᠤᠶᠤᠨ ᠰᠠᠨᠠᠭᠠᠨ  ᠤ ᠬᠦᠨᠳᠦ ᠲᠠᠷᠴᠢᠯᠠᠭᠠᠯ ᠠᠴᠠ ᠮᠤᠯᠳᠤᠷᠤᠨ ᠭᠠᠷᠴᠤ ᠲᠡᠶᠢᠯᠡᠬᠦ ᠦᠭᠡᠢ ᠪᠠᠨ ᠲᠤᠪ ᠲᠤᠳᠤᠷᠬᠠᠢ ᠮᠡᠳᠡᠨ᠎ᠡ︕         ᠦᠷᠯᠦᠭᠡ ᠡᠮᠡᠭᠡᠨ ᠲᠤᠯᠮ᠎ᠠ ᠨᠢ ᠲᠤᠭᠤᠭᠠᠨ ᠭᠡᠷ ᠲᠡᠭᠡᠨ ᠮᠤᠩᠭᠢᠨᠠᠨ ᠶᠠᠭᠠᠷᠠᠵᠤ ᠪᠠᠶᠢᠭᠰᠠᠭᠠᠷ᠂ ᠲᠤᠳᠤᠷ᠎ᠠ ᠦᠷᠦᠭᠡᠨ ᠳᠡᠭᠡᠨ ᠤᠷᠤᠵᠤ ᠢᠷᠡᠭᠦ ᠳᠤ ᠲᠡᠷᠭᠡᠯ ᠨᠢ ᠮᠦᠨ ᠯᠡ ᠰᠠᠨᠳᠠᠯᠢ ᠲᠡᠭᠡᠷ᠎ᠡ ᠪᠠᠨ ᠰᠠᠭᠤᠭᠠᠳ ᠶᠠᠮᠠᠷ ᠨᠢᠭᠡᠨ ᠰᠠᠨᠠᠭ᠎ᠠ ᠰᠡᠳᠭᠢᠯ ᠤᠨ ᠲᠡᠭᠡᠭᠡᠷ᠎ᠡ ᠲᠠᠢ ᠮᠡᠳᠦ ᠪᠡᠶ᠎ᠡ ᠴᠤᠭᠴᠠᠰ ᠨᠢ ᠴᠤᠭ ᠰᠦᠯᠳᠡ ᠦᠭᠡᠢ᠂ ᠦᠩᠭᠡᠷᠡᠭᠰᠡᠨ ᠡᠳᠦᠷ  ᠤᠳ ᠤᠨ ᠮᠡᠳᠦ ᠪᠠᠶᠠᠷ ᠪᠠᠶᠠᠰᠬᠤᠯᠠᠩ ᠢᠶᠠᠨ ᠠᠯᠳᠠᠵᠤ᠂ ᠴᠢᠷᠠᠢ ᠨᠢ ᠬᠤᠵᠠᠶᠢᠵᠤ᠂ ᠪᠦᠬᠦ ᠪᠡᠶ᠎ᠡ ᠨᠢ ᠰᠤᠯᠳᠠᠶᠢᠨ ᠪᠠᠶᠢᠬᠤ ᠶᠢ ᠭᠠᠳᠠᠷᠯᠠᠨ ᠮᠡᠳᠡᠵᠡᠢ᠃ ᠤᠷᠴᠢᠮ ᠤᠨ ᠬᠡᠳᠦᠨ ᠵᠢᠯ ᠳᠤ ᠲᠡᠷᠭᠡᠯ ᠲᠡᠷᠡᠬᠦ ᠲᠦᠴᠢ ᠭᠠᠷᠤᠢ ᠵᠢᠯ ᠤᠨ ᠡᠮᠦᠨᠡᠬᠢ ᠶᠠᠪᠤᠳᠠᠯ ᠢ ᠲᠤᠷᠠᠳᠬᠤ ᠪᠦᠷᠢ ᠲᠤᠬᠠᠢ ᠶᠢᠨ ᠵᠢᠯ ᠳᠤ ᠪᠤᠰᠤᠳ ᠡᠮᠡᠭᠳᠡᠢ ᠶᠢ ᠲᠠᠭᠠᠵᠤ᠂ ᠲᠤᠯᠮ᠎ᠠ ᠳᠠᠭᠠᠨ ᠪᠠᠰᠠ ᠪᠢ ᠶᠠᠭ ᠴᠢᠮᠠᠶᠢ ᠶᠢ ᠬᠠᠶᠢᠷᠠᠯᠠᠵᠤ ᠪᠠᠶᠢᠬᠤ ᠠᠳᠠᠯᠢ ᠲᠡᠭᠦᠨ ᠢ ᠁ ᠬᠡᠮᠡᠨ ᠬᠠᠶᠢᠷᠠᠳᠤ ᠬᠠᠨᠢ ᠲᠤᠯᠮ᠎ᠠ ᠶᠢᠨ  ᠢᠶᠠᠨ ᠡᠭᠳᠡᠭᠦᠥ ᠶᠢ ᠬᠠᠶᠠ ᠬᠦᠷᠭᠡᠳᠡᠭ ᠰᠡᠨ᠃ ᠲᠤᠯᠮ᠎ᠠ ᠠᠴᠠ ᠶᠠᠪᠤᠳᠠᠯ ᠤᠴᠢᠷ ᠦᠩᠭᠡᠷᠡᠭᠡᠭᠡᠳ ᠨᠢᠬᠡᠨᠳᠡ ᠲᠦᠴᠢ ᠭᠠᠷᠤᠢ ᠵᠢᠯ ᠪᠤᠯᠴᠢᠬᠠᠭᠰᠠᠨ ᠲᠤᠯᠠ ᠬᠡᠨ ᠲᠡᠷᠡ ᠪᠦᠬᠦᠨ ᠢ ᠴᠡᠭᠡᠵᠢᠯᠡᠭᠡᠳ ᠯᠡ ᠪᠠᠶᠢᠬᠤ ᠶᠤᠮ ᠪᠤᠢ︖ ᠲᠠᠬᠢᠭᠠᠳ ᠬᠡᠯᠡᠪᠡᠯ᠂ ᠴᠠᠭ ᠦᠶ᠎ᠡ ᠶᠢᠨ   ᠪᠤᠳᠠᠳᠤ ᠪᠠᠶᠢᠳᠠᠯ ᠨᠢ ᠲᠡᠶᠢᠮᠦ ᠯᠡ ᠶᠤᠮ ᠴᠢᠨᠢ ᠴᠢ ᠪᠢᠳᠡ ᠦᠭᠡᠷ᠎ᠡ ᠶᠠᠮᠠᠷ ᠠᠷᠭ᠎ᠠ ᠪᠠᠶᠢᠬᠤ ᠶᠤᠮ ᠳ᠋ᠡ︖ ᠲᠡᠷᠡ ᠦᠶᠡᠰ ᠲᠤ᠂   ᠪᠢᠳᠡ ᠴᠢᠨᠢ ᠰᠠᠶ᠋ᠢ ᠠᠷᠪᠠᠨ ᠨᠠᠢᠮᠠ ᠶᠢᠰᠦ ᠲᠠᠢ ᠤᠰᠤᠨ ᠲᠡᠨᠡᠭ ᠪᠠᠶᠢᠭᠰᠠᠨ ᠰᠢᠦ ᠳ᠋ᠠ︕ ᠶᠠᠭᠤ ᠶᠢ ᠴᠦ ᠪᠦᠷᠢᠨ ᠤᠶᠢᠯᠭᠠᠬᠤ ᠦᠭᠡᠢ᠂   ᠬᠠᠷᠢᠨ ᠡᠨᠡᠬᠦ ᠶᠠᠯᠢᠮ ᠦᠭᠡᠢ ᠨᠢᠭᠡ ᠯᠡ ᠶᠠᠪᠤᠳᠠᠯ ᠠᠴᠠ ᠪᠤᠯᠵᠤ᠂   ᠨᠠᠰᠤᠨ ᠲᠤᠷᠰᠢᠳᠠ ᠪᠠᠨ ᠴᠤᠭ ᠰᠦᠯᠳᠡ ᠪᠠᠨ ᠠᠯᠳᠠᠵᠤ ᠪᠤᠯᠬᠤ ᠦᠭᠡᠢ ᠪᠠ︖             ᠲᠡᠷᠭᠡᠯ ᠲᠤᠯᠮ᠎ᠠ ᠪᠠᠨ ᠬᠠᠷᠠᠵᠤ᠂ ᠠᠬᠢᠨ ᠲᠠᠬᠢᠨ ᠲᠤᠯᠤᠭᠠᠢ ᠪᠠᠨ ᠲᠤᠬᠢᠭᠰᠠᠭᠠᠷ ᠪᠠᠶᠢᠭᠠᠳ᠄ ᠦᠭᠡ ᠶᠢ ᠬᠡᠯᠡᠯᠭᠡᠨ ᠦᠭᠡᠢ ᠲᠡᠭᠡᠵᠤ ᠬᠡᠯᠡᠭᠦ ᠪᠤᠯᠪᠠᠴᠤ᠂ ᠤᠴᠢᠷ ᠶᠤᠰᠤ ᠬᠠᠷᠢᠨ ᠲᠡᠶᠢᠮᠦ ᠯᠡ ᠪᠢᠰᠢ ᠶᠤᠮ ᠳ᠋ᠡ︕ ᠲᠡᠷᠡ ᠤᠴᠢᠷ ᠢ ᠪᠢᠳᠡ ᠨᠢᠭᠡᠨᠳᠡ ᠦᠩᠭᠡᠷᠡᠭᠡᠭᠰᠡᠨ ᠲᠤᠯᠠ ᠶᠠᠭᠠᠬᠢᠭᠰᠠᠨ ᠴᠦ ᠪᠤᠰᠤᠳ ᠲᠤ ᠲᠦᠯᠬᠢᠵᠤ ᠪᠤᠯᠬᠤ ᠦᠭᠡᠢ᠂ ᠡᠶᠢᠮᠦ ᠠᠴᠠ ᠪᠢᠳᠡ ᠬᠠᠰᠢᠯᠡ ᠦᠪᠡᠷ ᠤᠨ ᠬᠢᠭᠰᠡᠨ ᠤᠴᠢᠷ ᠢᠶᠠᠨ ᠦᠪᠡᠷ ᠢᠶᠠᠨ ᠰᠢᠢᠳᠪᠤᠷᠢᠯᠡᠬᠦ ᠬᠡᠷᠡᠭᠳᠡᠢ᠃ ᠪᠢᠳᠡ ᠬᠡᠷᠪᠡ ᠪᠤᠥ ᠪᠠᠭᠰᠢ ᠳᠤ ᠵᠦᠪ ᠢᠶᠠᠷ ᠬᠠᠨᠳᠤᠭᠰᠠᠨ ᠶᠤᠮ ᠪᠤᠯ ᠪᠤᠥ ᠪᠠᠭᠰᠢ ᠪᠢᠳᠡᠨ ᠤ ᠲᠤᠮᠳᠠ ᠶᠠᠭᠠᠬᠢᠭᠰᠠᠨ ᠴᠦ ᠤᠳᠤ ᠶᠢᠨ ᠮᠡᠳᠦ ᠲᠡᠷᠡᠭᠦ ᠬᠠᠷᠠᠮᠰᠠᠯ ᠦᠯᠡᠳᠡᠬᠦ ᠦᠭᠡᠢ᠂ ᠲᠡᠶᠢᠮᠦ ᠯᠡ ᠰᠠᠨᠠᠭ᠎ᠠ ᠰᠡᠳᠬᠢᠯ ᠤᠨ ᠲᠡᠭᠡᠭᠡᠷ᠎ᠡ ᠭᠡᠵᠤ ᠪᠠᠶᠢᠬᠤ ᠦᠭᠡᠢ ᠶᠤᠮ᠃             ᠲᠤᠯᠮ᠎ᠠ ᠴᠦ ᠠᠬᠢᠨ ᠲᠠᠬᠢᠨ ᠲᠤᠯᠤᠭᠠᠢ ᠪᠠᠨ ᠰᠡᠭᠰᠦᠷᠡᠵᠤ᠂ ᠶᠠᠭ ᠯᠡ ᠨᠢᠭᠡᠨ ᠬᠠᠵᠠᠭᠤ ᠶᠢᠨ ᠬᠦᠮᠦᠨ ᠮᠡᠳᠦ  ᠪᠠᠷ ᠰᠠᠨᠠᠭᠠᠨ ᠤ ᠠᠶ᠎ᠠ ᠪᠠᠷ ᠬᠡᠯᠡᠭᠰᠡᠨ ᠦᠭᠡ ᠶᠢ ᠨᠢ ᠰᠤᠨᠤᠰᠴᠤ ᠪᠠᠶᠢᠬᠤ ᠮᠡᠳᠦ ᠪᠠᠷ᠄ ᠪᠢ ᠪᠤᠳᠤᠪᠠᠯ ᠴᠢ ᠴᠢᠨᠢ ᠪᠢᠴᠢᠭ ᠢ ᠲᠠᠯᠭᠠᠷ ᠰᠤᠷᠤᠭᠰᠠᠨ ᠶᠤᠮ ᠪᠠᠶᠢᠨ᠎ᠠ᠂ ᠴᠢᠨᠦ ᠡᠨᠡᠬᠦ ᠶᠠᠪᠤᠳᠠᠯ ᠠᠴᠠ ᠲᠠᠷᠤᠢ ᠦᠩᠭᠡᠷᠡᠭᠰᠡᠨ ᠤ ᠲᠡᠷᠡᠭᠦ ︽ ᠬᠡᠳᠦᠢ ᠤᠯᠠᠨ ᠮᠡᠳᠡᠯᠭᠡ ᠲᠠᠢ ᠪᠤᠯ ᠲᠠᠷᠤᠢ ᠲᠡᠳᠦᠢ ᠲᠡᠷᠡᠰᠯᠡᠭᠦᠥ ᠪᠤᠯᠤᠨ᠎ᠠ︾ ᠭᠡᠭᠦ ᠮᠡᠳᠦ ᠪᠠᠷ᠂   ᠵᠠᠷᠢᠮ ᠲᠠᠯ᠎ᠠ ᠪᠠᠷ ᠴᠢᠮᠠᠶᠢ ᠳᠤ ᠵᠤᠬᠢᠬᠤ ᠶᠤᠮ ᠪᠠᠶᠢᠨ᠎ᠠ᠃ ᠤᠴᠢᠷ ᠨᠢ ᠲᠡᠷᠡ ᠦᠶᠡᠰ ᠤᠨ ᠲᠡᠳᠡᠭᠡᠷ ᠤᠷᠪᠠᠯᠭᠠᠨ ᠭᠠᠷᠭᠠᠬᠤ ᠤᠯᠠᠨ ᠵᠤᠶᠢᠯ ᠤᠨ ᠶᠠᠪᠤᠳᠠᠯ ᠤᠳ ᠴᠢᠨᠢ ᠪᠦᠬᠦ ᠤᠯᠤᠰ ᠲᠠᠶᠠᠭᠠᠷ ᠲᠤ ᠡᠭᠦᠰᠦᠭᠰᠡᠨ ᠪᠦᠭᠡᠳ ᠮᠠᠨ   ᠤ   ᠲᠡᠷᠡ ᠨᠢᠭᠡ ᠦᠶ᠎ᠡ  ᠶᠢᠨ ᠬᠦᠮᠦᠰ ᠲᠠᠷᠤᠢ ᠤᠯᠤᠰ ᠲᠦᠷᠦ ᠶᠢᠨ ᠤᠷᠤᠭ᠎ᠠ ᠪᠤᠰᠤᠭ᠎ᠠ ᠴᠠᠭ ᠲᠦᠷᠦ ᠶᠢᠨ ᠲᠡᠪᠵᠢᠶᠡᠨ ᠳᠤ ᠲᠤᠶᠢᠯ ᠤᠨ ᠶᠡᠭᠡ ᠬᠦᠨ ᠵᠤᠵᠠᠭᠠᠨ ᠢᠮ ᠲᠠᠮᠠᠭ᠎ᠠ ᠦᠯᠡᠳᠡᠭᠡᠭᠰᠡᠨ ᠶᠤᠮ᠂ ᠲᠡᠳᠡᠨᠠᠷ ᠤᠨ ᠲᠤᠳᠤᠷ᠎ᠠ ᠨᠢᠭᠡᠨ ᠬᠤᠪᠢ ᠵᠠᠰᠠᠪᠤᠷᠢᠯᠠᠬᠤ ᠦᠵᠡᠯᠳᠡᠨ ᠢ ᠪᠤᠷᠤᠭᠤᠰᠢᠶᠠᠨ ᠰᠢᠭᠦᠮᠵᠢᠯᠡᠭᠦ‍ ᠨᠢᠭᠡ ᠬᠤᠪᠢ ᠡᠳᠦᠷ ᠤᠨ ᠲᠡᠮᠳᠡᠭᠯᠡᠯ ᠮᠡᠳᠦ ᠶᠢᠨ ᠵᠤᠬᠢᠶᠠᠯ ᠪᠢᠴᠢᠭᠡᠳ ᠶᠡᠭᠡ ᠰᠤᠷᠭᠠᠭᠤᠯᠢ ᠳᠤ ᠤᠷᠤᠵᠤ ᠲᠤᠮᠤ ᠨᠤᠶᠠᠨ᠂   ᠡᠮᠴᠢ᠂ ᠪᠠᠭᠰᠢ᠂ ᠺᠠᠳ᠋ᠷ ᠪᠤᠯᠵᠤ᠂ ᠵᠠᠷᠢᠮ ᠨᠢ ᠪᠠᠰᠠ ᠲᠤᠮᠤ ᠲᠠᠭᠠᠭᠠᠮᠠᠯ ᠰᠠᠭᠤᠵᠤ ᠴᠦᠮ ᠵᠤᠯ ᠵᠢᠷᠭᠠᠯᠳᠠᠢ ᠠᠮᠢᠳᠤᠷᠠᠯ ᠢ ᠦᠩᠭᠡᠷᠡᠭᠦᠯᠵᠤ ᠪᠠᠶᠢᠬᠤ ᠶᠤᠮ ᠴᠢᠨᠢ ᠲᠡᠳᠡᠨᠡᠷ ᠬᠠᠮᠢᠭ᠎ᠠ  ᠠᠴᠠ ᠪᠠᠰᠠ ᠡᠳᠡᠭᠡᠷ ᠤᠴᠢᠷ ᠶᠠᠪᠤᠳᠠᠯ ᠤᠳ ᠢ ᠰᠠᠨᠠᠭᠠᠨ ᠳᠠᠭᠠᠨ ᠠᠪᠬᠤ ᠪᠤᠢ︖ ᠲᠡᠷᠡᠭᠦ ᠤᠯᠠᠭᠠᠨ ᠰᠠᠯᠬᠢᠨ ᠢ ᠲᠠᠮᠵᠢᠵᠤ ᠵᠠᠷᠢᠮ ᠬᠦᠮᠦᠨ ᠤ ᠤᠯᠤᠭᠰᠠᠨ ᠵᠡᠷᠭᠡ ᠵᠢᠩᠰᠠ   ᠬᠢᠭᠡᠳ ᠤᠯᠵᠤ ᠪᠠᠶᠢᠭ᠎ᠠ ᠵᠤᠭᠤᠰ ᠮᠦᠩᠭᠦ ᠨᠢ ᠴᠦ ᠬᠠᠷᠢᠨ ᠮᠠᠨᠤᠰ ᠤᠨ ᠬᠢ ᠠᠴᠠ ᠬᠤᠯᠠ ᠠᠷᠪᠢᠨ᠂ ᠨᠡᠷ᠎ᠡ ᠨᠢᠳᠡᠷ ᠨᠢ ᠴᠦ ᠨᠡᠶᠢᠭᠡᠮ ᠨᠡᠶᠢᠳᠡ ᠶᠢᠨ ᠲᠤᠮᠳᠠ ᠲᠤᠶᠢᠯ ᠤᠨ ᠶᠡᠭᠡ ᠲᠤᠰᠬᠠᠯ ᠲᠠᠢ ᠪᠠᠷ ᠪᠠᠷᠠᠬᠤ ᠦᠭᠡᠢ ᠲᠡᠳᠡᠨᠡᠷ ᠤᠨ ᠬᠡᠯᠡᠵᠤ ᠪᠠᠷᠢᠬᠤ ᠨᠢ ᠴᠦ ᠮᠠᠨ ᠤ ᠬᠢ ᠠᠴᠠ ᠬᠤᠯᠠ ᠲᠠᠪᠰᠢᠩᠭᠤᠢ   ᠶᠤᠮ ᠳ᠋ᠡ︕ ᠡᠶᠢᠮᠦ ᠠᠴᠠ ᠲᠡᠳᠡᠭᠡᠷ ᠬᠦᠮᠦᠰ ᠤᠳ ᠲᠡᠷᠡᠭᠦ ᠤᠨ ᠰᠠᠷ᠎ᠠ ᠳᠠᠬᠢ ᠤᠴᠢᠷ ᠶᠠᠪᠤᠳᠠᠯ ᠢ ᠲᠤᠷᠠᠳᠬᠤ ᠦᠭᠡᠢ ᠪᠤᠯ ᠶᠠᠪᠤᠳᠠᠯ ᠤᠴᠢᠷ ᠮᠠᠨᠤᠰ ᠤᠨ ᠲᠡᠭᠡᠷ᠎ᠡ ᠲᠤᠯᠤᠭᠠᠳ ᠢᠷᠡᠪᠡᠯ ᠲᠡᠳᠡ ᠬᠠᠷᠠᠮᠰᠠᠬᠤ ᠦᠭᠡᠢ ᠭᠡᠵᠤ ᠤᠤ︖ ᠪᠢᠳᠡ ᠨᠠᠷ ᠴᠦ ᠵᠤᠪᠠᠭ᠋ᠤ ᠨᠢ ᠲᠠᠮᠵᠢᠭ ᠦᠭᠡᠢ︕               ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号