ᠬᠤᠵᠢᠮᠳᠠᠭᠰᠠᠨ ᠰᠡᠭᠡᠭᠡᠷᠡᠯ ( ᠬᠤᠶᠠᠷ )
ᠨᠡᠶᠢᠲᠡᠯᠡᠭᠰᠡᠨ ᠴᠠᠭ᠄
2016-04-14
                ᠬᠤᠶᠠᠷ           ᠲᠡᠷᠭᠡᠯ ᠲᠤᠭᠤᠢ ᠲᠡᠷᠭᠡ ᠪᠠᠨ ᠤᠨᠤᠭᠠᠳ ᠠᠵᠢᠯᠯᠠᠬᠤ ᠪᠠᠷ ᠵᠠᠮ ᠢᠶᠠᠨ ᠡᠯᠬᠦᠬᠦ ᠳᠤ᠂ ᠵᠡᠭᠡᠯᠢ ᠲᠡᠭᠡᠷ᠎ᠡ ᠲᠡᠭᠦᠨ ᠤ ᠠᠳᠠᠯᠢ ᠬᠢᠰᠭᠢᠭᠦᠷᠳᠦ ᠲᠤᠭᠤᠢ ᠤᠨᠤᠵᠤ ᠪᠠᠶᠢᠭ᠎ᠠ ᠬᠦᠮᠦᠰ ᠤᠥᠯ ᠤᠨ ᠬᠢ ᠲᠠᠢ ᠠᠳᠠᠯᠢᠳᠬᠠᠪᠠᠯ ᠡᠳᠦᠷ  ᠤᠨ ᠤᠳᠤ ᠮᠡᠳᠦ ᠴᠦᠬᠡᠨ ᠪᠤᠯᠵᠠᠢ᠃ ᠡᠶᠢᠮᠦᠷᠭᠦ ᠬᠠᠭᠤᠴᠢᠨ ᠬᠡᠯᠪᠡᠷᠢ ᠶᠢᠨ ᠲᠤᠭᠤᠢ ᠲᠡᠷᠭᠡ ᠤᠨᠤᠭᠰᠠᠨ ᠬᠦᠮᠦᠨ ᠨᠢ ᠦᠨᠳᠦᠰᠦᠨ ᠳᠡᠭᠡᠨ ᠬᠤᠶᠠᠷ ᠵᠤᠶᠢᠯ ᠤᠨ ᠬᠦᠮᠦᠰ ᠪᠠᠶᠢᠳᠠᠭ᠂ ᠲᠠᠷᠤᠢ ᠨᠢᠭᠡ ᠵᠤᠶᠢᠯ ᠨᠢ ᠲᠡᠭᠦᠨ ᠤ ᠰᠢᠭ ᠦᠳᠡᠯᠦᠭᠡ ᠨᠠᠰᠤᠳᠠᠢ᠂ ᠬᠦᠯ ᠭᠠᠷ ᠨᠢ ᠬᠦᠰᠢᠭᠦᠨ ᠪᠢᠳᠠᠭᠤᠯᠢᠭ ᠪᠤᠯᠵᠤ ᠪᠠᠶᠢᠬᠤ ᠲᠤᠯᠠ ᠴᠠᠬᠢᠯᠭᠠᠨ ᠬᠦᠳᠡᠯᠭᠡᠭᠦᠷᠳᠦ ᠲᠡᠷᠭᠡ ᠤᠨᠤᠬᠤ ᠳᠤ ᠲᠤᠬᠢᠷᠠᠮᠵᠢ ᠦᠭᠡᠢ ᠲᠤᠯᠠ ᠡᠶᠢᠮᠦᠷᠬᠦ ᠲᠤᠭᠤᠢ ᠲᠡᠷᠭᠡ ᠶᠢ ᠤᠨᠤᠳᠠᠭ᠂ ᠨᠦᠬᠦᠭᠡ ᠨᠢᠭᠡ ᠲᠦᠷᠦᠯ ᠨᠢ ᠴᠠᠭ ᠦᠶ᠎ᠡ ᠶᠢ ᠲᠠᠭᠠᠭᠰᠠᠨ ᠵᠠᠯᠠᠭᠤᠴᠤᠳ ᠪᠤᠯᠤᠨ᠎ᠠ᠃ ᠲᠡᠳᠡᠨᠡᠷ ᠬᠠᠷᠢᠨ ᠲᠤᠯᠤᠭᠠᠢ ᠳᠠᠭᠠᠨ ᠬᠠᠳᠠᠭᠤ ᠮᠠᠯᠠᠭᠠᠢ ᠡᠮᠦᠰᠴᠦ᠂ ᠰᠢᠨ᠎ᠡ ᠬᠡᠯᠪᠡᠷᠢ ᠶᠢᠨ ᠲᠤᠭᠤᠢ ᠲᠡᠷᠭᠡ ᠤᠨᠤᠵᠤ᠂ ᠤᠯᠠᠭᠠᠨ ᠨᠤᠭᠤᠭᠠᠨ ᠳ᠋ᠧᠩ ᠭᠢᠯᠪᠠᠯᠵᠠᠭᠤᠯᠤᠨ᠂ ᠵᠡᠭᠡᠯᠢ ᠲᠡᠭᠡᠷ᠎ᠡ ᠵᠠᠷᠢᠮ ᠳᠠᠭᠠᠨ ᠬᠡᠳᠦ ᠬᠡᠳᠦ ᠪᠠᠷ ᠢᠶᠠᠨ ᠨᠢᠰᠭᠦ ᠮᠡᠳᠦ ᠲᠠᠪᠬᠢᠨ ᠬᠦᠶᠦᠯᠭᠡᠳᠡᠭ ᠪᠠᠶᠢᠨ᠎ᠠ᠂ ᠵᠠᠷᠢᠮ ᠳᠠᠭᠠᠨ ᠡᠳᠡᠭᠡᠷ ᠬᠦᠮᠦᠰ ᠤᠨ ᠭᠦᠶᠦᠯᠭᠡᠨ ᠢᠷᠡᠭᠦ ᠳᠤ ᠵᠡᠭᠡᠯᠢ ᠳᠤ ᠠᠯᠬᠤᠵᠤ ᠪᠠᠶᠢᠭ᠎ᠠ ᠬᠦᠮᠦᠰ ᠰᠠᠨᠳᠤᠷᠬᠤ ᠳᠠᠭᠠᠨ ᠬᠤᠷᠳᠤᠨ ᠵᠠᠮ ᠠᠴᠠ ᠬᠠᠵᠠᠭᠤ ᠲᠡᠰᠢ ᠪᠠᠨ ᠲᠡᠳᠡᠨᠡᠷ ᠲᠤ ᠵᠠᠮ ᠵᠠᠶᠢᠯᠠᠵᠤ ᠦᠭᠳᠡᠭ ᠰᠡᠨ︕ ᠨᠡᠩ ᠤᠯᠠᠨ ᠬᠦᠮᠦᠰ ᠤᠳᠤ ᠬᠠᠷᠢᠨ ᠴᠠᠬᠢᠯᠭᠠᠨ ᠬᠦᠳᠡᠯᠭᠡᠭᠦᠷᠢᠳᠦ ᠲᠡᠷᠭᠡ ᠤᠨᠤᠵᠤ᠂ ᠬᠦᠯ ᠢᠶᠠᠨ ᠬᠦᠴᠦᠯᠡᠨ ᠭᠢᠰᠭᠢᠭᠦ ᠦᠭᠡᠢ ᠪᠠᠷ ᠤᠷᠤᠭᠰᠢ ᠲᠠᠪᠬᠢᠬᠤ ᠨᠢ ᠬᠠᠷᠢᠨ ᠡᠩ ᠤᠨ ᠮᠤᠲ᠋ᠤᠷ ᠲᠡᠷᠭᠡᠨ ᠠᠴᠠ ᠴᠦ ᠬᠤᠯᠠ ᠬᠤᠷᠳᠤᠨ ᠪᠠᠶᠢᠳᠠᠭ ᠰᠠᠨ᠃ ᠲᠡᠷᠭᠡᠯ ᠬᠠᠷᠢᠨ ᠲᠤᠭᠤᠢ ᠲᠡᠷᠭᠡ ᠪᠠᠨ ᠤᠨᠤᠵᠤ᠂ ᠠᠯᠭᠤᠷ   ᠠᠭᠠᠵᠢᠮ ᠢᠶᠠᠷ ᠤᠷᠤᠭᠰᠢ ᠪᠠᠨ ᠶᠠᠪᠤᠭᠤᠯᠵᠤ ᠯᠡ   ᠪᠠᠶᠢᠯ᠎ᠠ᠃           ᠶᠠᠪᠤᠵᠤ ᠪᠠᠶᠢᠭᠰᠠᠭᠠᠷ ᠲᠡᠭᠦᠨ ᠤ ᠲᠠᠷᠢᠬᠢ ᠲᠤᠯᠤᠭᠠᠢ ᠳᠤ ᠪᠤᠥ ᠪᠠᠭᠰᠢ ᠶᠢᠨ ᠲᠦᠷᠢ ᠪᠠᠶᠢᠳᠠᠯ ᠠᠶᠠᠨᠳᠠᠭᠠᠨ ᠲᠤᠳᠤᠷᠠᠨ ᠤᠷᠤᠵᠤ ᠢᠷᠡᠨ᠂ ᠲᠤᠬᠠᠢ ᠶᠢᠨ ᠵᠢᠯ ᠳᠤ ᠪᠤᠥ ᠪᠠᠭᠰᠢ ᠨᠢ ᠰᠠᠶ᠋ᠢ ᠲᠠᠪᠢ ᠭᠠᠷᠤᠢ ᠨᠠᠰᠤᠳᠠᠢ ᠪᠠᠶᠢᠵᠤ᠂ ᠦᠨᠳᠦᠷ ᠲᠤᠮᠳᠠᠳᠤ ᠶᠢᠨ ᠨᠢᠭᠡᠳᠦᠭᠡᠷ ᠤᠨ ᠤ ᠲᠤᠭᠠᠨ ᠤ ᠤᠬᠠᠭᠠᠨ ᠵᠢᠭᠠᠵᠤ᠂ ᠴᠢᠷᠠᠢ ᠶᠢᠨ ᠦᠩᠭᠡ ᠨᠢ ᠴᠠᠪ ᠴᠠᠭᠠᠨ᠂ ᠬᠢᠴᠢᠶᠡᠯ ᠢᠶᠠᠨ ᠲᠠᠶᠢᠯᠪᠤᠷᠢᠯᠠᠬᠤ ᠳᠤ ᠰᠤᠷᠤᠭᠴᠢ ᠶᠢᠨ ᠲᠡᠭᠡᠭᠦᠷ ᠭᠡᠷ ᠤᠨ ᠠᠳᠠᠷ ᠢ ᠬᠠᠷᠠᠵᠤ᠂ ᠨᠢᠳᠦ ᠪᠠᠨ ᠠᠬᠢᠨ ᠲᠠᠬᠢᠨ ᠴᠠᠪᠴᠢᠵᠤ᠂ ᠶᠡᠷᠦ ᠳᠡᠭᠡᠨ ᠤᠬᠤᠷ ᠰᠢᠭ᠋ ᠵᠠᠰᠠᠭᠰᠠᠨ ᠦᠰᠦ ᠨᠢ ᠲᠡᠬᠦᠨ ᠤ ᠲᠠᠶᠢᠯᠪᠤᠷᠢᠯᠠᠬᠤ ᠠᠭᠤᠯᠭ᠎ᠠ ᠶᠢ ᠲᠠᠭᠠᠨ ᠮᠠᠩᠨᠠᠢ ᠲᠡᠭᠡᠷ᠎ᠡ ᠨᠢ ᠬᠦᠳᠡᠯᠦᠯᠵᠤ ᠯᠡ ᠪᠠᠶᠢᠳᠠᠭ ᠰᠠᠨ᠃ ᠲᠡᠭᠦᠨ ᠤ ᠬᠢᠴᠢᠶᠡᠯ ᠲᠠᠶᠢᠯᠪᠤᠷᠢᠯᠠᠬᠤ ᠨᠢ ᠲᠤᠶᠢᠯ ᠤᠨ ᠤᠷᠮ᠎ᠠ ᠲᠠᠢ ᠪᠦᠭᠡᠳ ᠤᠯᠠᠨ ᠤ ᠠᠩᠬᠠᠷᠤᠯ ᠢ ᠲᠠᠳᠠᠵᠤ ᠴᠢᠳᠠᠳᠠᠭ ᠲᠤᠯᠠ ᠲᠡᠭᠦᠨ  ᠤ ᠬᠢᠴᠢᠶᠡᠯ ᠲᠡᠭᠡᠷ᠎ᠡ ᠲᠤᠶᠢᠯ ᠤᠨ ᠨᠠᠮ ᠬᠦᠮ ᠪᠠᠶᠢᠳᠠᠭ ᠪᠢᠯᠡ᠃ ᠲᠡᠷᠡ ᠲᠡᠭᠡᠳᠦ ᠲᠤᠮᠳᠠᠳᠤ ᠶᠢᠨ ᠬᠤᠶᠠᠳᠤᠭᠠᠷ ᠵᠡᠷᠭᠡ ᠶᠢᠨ ᠹᠦᠩᠭᠽ ᠤᠨ ᠬᠠᠶᠠᠯᠳᠠ ᠶᠢᠨ ᠱᠤᠭᠤᠮ ᠵᠢᠴᠢ ᠲᠤᠭᠤᠷᠢᠭ᠂ ᠬᠤᠥᠰ ᠮᠤᠷᠤᠢ ᠱᠤᠭᠤᠮ ᠢ ᠰᠠᠮᠪᠠᠷ᠎ᠠ ᠳᠤ ᠵᠢᠷᠤᠬᠤ ᠳᠤ ᠲᠤᠶᠢᠯ ᠤᠨ ᠪᠠᠷᠢᠮᠵᠢᠶ᠎ᠠ ᠲᠠᠢ ᠪᠦᠭᠡᠳ ᠤᠨᠴᠠᠭᠠᠶᠢᠯᠠᠨ ᠲᠡᠭᠦᠨ ᠤ ᠰᠠᠮᠪᠠᠷ᠎ᠠ ᠳᠤ ᠵᠢᠷᠤᠬᠤ ᠲᠤᠭᠤᠷᠢᠭ  ᠨᠢ ᠭᠤᠷᠳᠢᠭ ᠬᠡᠷᠡᠭᠯᠡᠬᠦ ᠦᠭᠡᠢ ᠪᠠᠷ ᠪᠠᠷᠠᠭᠤᠨ ᠭᠠᠷ ᠤᠨ ᠡᠷᠡᠭᠡᠢ ᠬᠤᠷᠤᠭᠤ ᠪᠠᠷ ᠲᠦᠪ ᠪᠤᠯᠭᠠᠨ ᠲᠤᠮᠳᠠ ᠬᠤᠷᠤᠭᠤ ᠪᠠ ᠲᠤᠯᠤᠪᠤᠷ ᠬᠤᠷᠤᠭᠤ ᠶᠢᠨ ᠲᠤᠮᠳᠠ ᠪᠠᠨ ᠤ ᠶᠢᠨ ᠪᠢᠷ ᠬᠠᠪᠴᠢᠭᠤᠯᠵᠤ ᠪᠦᠳᠦᠨ ᠨᠢᠭᠡ ᠡᠷᠬᠢᠭᠦᠯᠬᠦ ᠳᠤ ᠭᠤᠷᠳᠢᠭ ᠢᠶᠠᠷ ᠵᠷᠤᠭᠰᠠᠨ ᠮᠡᠳᠦ ᠲᠤᠭᠤᠷᠢᠭ ᠲᠠᠷᠤᠢ ᠠᠶᠠᠨᠳᠠᠭᠠᠨ ᠵᠢᠷᠤᠭᠳᠠᠳᠠᠭ ᠪᠢᠯᠡ᠃ ᠲᠡᠷᠡ ᠤᠯᠠᠨ ᠵᠢᠯ ᠤᠨ ᠵᠢᠭᠠᠨ ᠰᠤᠷᠭᠠᠬᠤ ᠲᠤᠷᠰᠢᠯᠠᠭ᠎ᠠ ᠪᠠᠨ ᠲᠦᠰᠢᠭᠯᠡᠨ ᠬᠢᠴᠢᠶᠡᠯ ᠲᠡᠭᠡᠷ᠎ᠡ ᠬᠡᠳᠦᠶᠢᠪᠡᠷ ᠵᠢᠭᠠᠬᠤ ᠪᠡᠯᠡᠳᠭᠡᠯ ᠢᠶᠠᠨ ᠠᠪᠴᠤ ᠤᠷᠤᠬᠤ ᠪᠤᠯᠪᠠᠴᠤ᠂ ᠲᠡᠭᠦᠨ ᠢᠶᠠᠨ ᠬᠢᠴᠢᠶᠡᠯ ᠲᠠᠶᠢᠯᠪᠤᠷᠢᠯᠠᠬᠤ ᠰᠢᠷᠡᠭᠡᠨ ᠲᠡᠭᠡᠷ᠎ᠡ ᠪᠠᠨ ᠲᠠᠯᠪᠢᠮᠠᠭᠴᠠ ᠰᠢᠨ᠎ᠡ ᠬᠢᠴᠢᠶᠡᠯ ᠢᠶᠠᠨ ᠵᠢᠭᠠᠬᠤ ᠳᠤ ᠪᠠᠷᠤᠭ ᠪᠡᠯᠡᠳᠭᠡᠮᠵᠢ ᠪᠠᠨ ᠲᠡᠮᠡᠢ ᠦᠵᠡᠬᠦ ᠦᠭᠡᠢ ᠪᠠᠷ ᠲᠠᠶᠢᠯᠪᠤᠷᠢᠯᠠᠬᠤ ᠠᠭᠤᠯᠭ᠎ᠠ ᠪᠠᠨ ᠤᠷᠤᠰᠤᠮ᠎ᠠ ᠰᠠᠶᠢᠬᠠᠨ ᠲᠠᠶᠢᠯᠪᠤᠷᠢᠯᠠᠴᠢᠬᠠᠳᠠᠭ ᠮᠡᠷᠭᠡᠰᠢᠭᠰᠡᠨ ᠪᠠᠭᠰᠢ ᠪᠤᠯᠬᠤ ᠶᠤᠮ᠃ ᠲᠡᠷᠡ ᠰᠤᠶᠤᠯ ᠤᠨ ᠶᠡᠭᠡ ᠬᠤᠪᠢᠰᠬᠠᠯ ᠤᠨ ᠡᠮᠦᠨ᠎ᠡ ᠲᠡᠭᠡᠳᠦ ᠲᠤᠮᠳᠠᠳᠤ ᠰᠤᠷᠭᠠᠭᠤᠯᠢ ᠪᠠᠨ ᠲᠡᠭᠦᠰᠭᠡᠭᠡᠳ ᠪᠠᠭᠰᠢᠯᠠᠵᠤ ᠪᠠᠶᠢᠭᠰᠠᠭᠠᠷ᠂ ᠲᠠᠬᠢᠨ ᠶᠡᠭᠡ ᠰᠤᠷᠭᠠᠭᠤᠯᠢ ᠶᠢᠨ   ᠲᠤᠭᠠᠨ ᠤ ᠰᠠᠯᠪᠤᠷᠢ ᠳᠤ ᠰᠢᠯᠭᠠᠨ ᠤᠷᠤᠵᠤ᠂ ᠶᠡᠷᠦᠩᠭᠡᠢ ᠠᠩᠭᠢ ᠲᠡᠭᠦᠰᠴᠦ᠂ ᠮᠦᠨ ᠲᠡᠭᠡᠳᠦ ᠲᠤᠮᠳᠠᠳᠤ ᠶᠢᠨ ᠤᠨ ᠳᠤ ᠲᠤᠭᠠᠨ ᠤ ᠬᠢᠴᠢᠶᠡᠯ ᠵᠢᠭᠠᠵᠤ᠂ ᠲᠤᠭᠠᠨ ᠤ ᠤᠬᠠᠭᠠᠨ ᠳᠤ ᠴᠠᠭᠠᠷᠠᠭᠰᠠᠨ ᠮᠠᠰᠢ ᠡᠯᠪᠡᠭ ᠪᠠᠶᠠᠯᠢᠭ ᠡᠷᠳᠡᠮ ᠮᠡᠳᠡᠯᠭᠡ ᠲᠠᠢ᠂ ᠲᠤᠷᠰᠢᠯᠭ᠎ᠠ ᠰᠠᠶᠢᠳᠠᠢ ᠪᠠᠭᠰᠢ ᠪᠤᠯᠬᠤ ᠶᠤᠮ᠃             ᠲᠡᠷᠭᠡᠯ ᠰᠤᠷᠤᠭᠴᠢ ᠪᠠᠶᠢᠭᠰᠠᠨ ᠦᠶ᠎ᠡ ᠠᠴᠠ ᠠᠪᠤᠭᠠᠳ ᠪᠤᠥ ᠪᠠᠭᠰᠢ ᠶᠢᠨ ᠢᠶᠠᠨ ᠡᠷᠳᠡᠮ ᠮᠡᠳᠡᠯᠭᠡ᠂ ᠬᠦᠮᠦᠨ ᠮᠦᠰᠦ ᠶᠢ ᠢ ᠲᠤᠶᠢᠯ ᠢᠶᠠᠷ ᠪᠠᠭ᠋ᠠᠷᠠᠨ ᠪᠢᠰᠢᠷᠡᠭᠰᠡᠭᠡᠷ ᠢᠷᠡᠭᠰᠡᠨ ᠶᠤᠮ᠃ ᠤᠨᠴᠠᠭᠠᠶᠢᠯᠠᠨ ᠲᠤᠭᠠᠨ ᠤ ᠤᠬᠠᠭᠠᠨ   ᠤ ᠦᠭᠦᠯᠡᠪᠦᠷᠢᠳᠦ ᠰᠡᠳᠦᠪ᠂ ᠭᠤᠷᠪᠠᠯᠵᠢᠨ ᠤ ᠹᠦᠩᠺᠽ᠂ ᠲᠤᠭᠠᠨ ᠤ ᠤᠬᠠᠭᠠᠨ ᠤ ᠨᠡᠷᠡᠳᠦ   ᠬᠦᠮᠦᠰ  ᠤᠨ ᠦᠯᠢᠭᠡᠷ ᠲᠤᠮᠤᠭ᠂ ᠭᠠᠳᠠᠭᠠᠳᠤ ᠶᠢᠨ ᠲᠤᠭᠠᠨ ᠤ ᠤᠬᠠᠭᠠᠬᠠᠳᠠᠨ ᠤ ᠲᠤᠬᠠᠢ ᠠᠮᠢᠳᠤ ᠴᠤᠪᠤᠭᠤᠯᠢᠭ ᠦᠯᠢᠭᠡᠷ ᠲᠤᠮᠤᠭ ᠢ ᠨᠢ ᠰᠤᠨᠤᠰᠤᠭᠰᠠᠭᠠᠷ ᠪᠠᠶᠢᠵᠤ ᠵᠠᠷᠢᠮ   ᠳᠠᠭᠠᠨ ᠪᠢᠰᠢᠷᠡᠵᠤ ᠰᠤᠭᠳᠤᠭᠤᠷᠠᠨ᠂ ᠲᠡᠭᠦᠨ ᠤ ᠠᠯᠤᠰ ᠬᠡᠳᠦ  ᠶᠢᠨ ᠢᠷᠡᠭᠡᠳᠦᠢ ᠶᠢᠨ ᠲᠤᠬᠠᠢ ᠬᠦᠮᠦᠨ ᠪᠤᠯᠵᠤ ᠬᠦᠯᠦᠭ ᠤᠨ ᠲᠦᠷᠦᠭᠡᠨ ᠳᠤ ᠭᠠᠷᠬᠤ ᠳᠤ ᠵᠠᠩᠭᠢᠯᠠᠭ᠎ᠠ ᠶᠢᠨ ᠴᠢᠨᠠᠷ  ᠲᠠᠢ ᠤᠶᠢᠯᠡᠳᠦᠯ ᠢ ᠦᠵᠡᠭᠦᠯᠦᠭᠰᠡᠨ ᠶᠤᠮ᠃ ᠲᠡᠷᠭᠡᠯ ᠤᠨ ᠦᠵᠡᠬᠦ ᠪᠠᠷ ᠲᠤᠭᠠᠨ ᠤ ᠤᠬᠠᠭᠠᠨ ᠢ ᠰᠤᠷᠬᠤ ᠳᠤ ᠬᠦᠴᠢᠷ ᠪᠤᠯᠪᠠᠴᠤ᠂ ᠬᠤᠵᠢᠮ ᠪᠠᠭᠰᠢ ᠪᠤᠯᠵᠤ ᠰᠤᠷᠤᠭᠴᠢᠳ ᠲᠤ ᠵᠢᠭᠠᠬᠤ ᠳᠤ ᠬᠠᠷᠢᠨ ᠬᠢᠯᠪᠠᠷ ᠶᠤᠮ᠂ ᠲᠡᠷᠡ ᠨᠢ ᠪᠤᠰᠤᠳ ᠨᠡᠶᠢᠭᠡᠮ ᠤᠨ ᠰᠢᠨᠵᠢᠯᠡᠬᠦ ᠤᠬᠠᠭᠠᠨ ᠤ ᠲᠦᠷᠦᠯ ᠤᠨ ᠬᠢᠴᠢᠶᠡᠯ ᠤᠨ ᠮᠡᠳᠦ ᠴᠠᠭ ᠤᠨ ᠦᠩᠭᠡ ᠶᠢ ᠲᠠᠭᠠᠵᠤ᠂ ᠤᠯᠠᠨ ᠲᠠᠯ᠎ᠠ ᠪᠠᠷ ᠬᠤᠪᠢᠷᠠᠯᠳᠠ ᠭᠠᠷᠴᠤ᠂ ᠪᠠᠰᠠ ᠯᠡ ᠠᠬᠢᠨ ᠲᠠᠬᠢᠨ ᠠᠭᠤᠯᠭ᠎ᠠ ᠶᠢᠨ ᠬᠤᠪᠢᠷᠠᠯᠳᠠ ᠭᠠᠷᠬᠤ ᠦᠭᠡᠢ ᠶᠤᠮ᠂ ᠲᠡᠷᠭᠡᠯ ᠰᠡᠳᠬᠢᠯ ᠤᠨ ᠤᠭ ᠠᠴᠠ ᠪᠠᠨ ᠪᠢᠰᠢᠷᠡᠭᠰᠡᠨ ᠡᠶᠢᠮᠦ ᠨᠢᠭᠡᠨ ᠬᠦᠨ ᠮᠡᠳᠡᠯᠭᠡ ᠲᠠᠢ ᠪᠠᠭᠰᠢ ᠪᠠᠰᠠ ᠶᠠᠭᠤᠨ ᠳᠤ ᠲᠡᠭᠡᠵᠤ ᠰᠤᠷᠤᠭᠴᠢᠳ ᠲᠠᠭᠠᠨ ᠲᠡᠮᠡᠴᠡᠭᠳᠡᠵᠤ᠂ ᠪᠤᠷᠤᠭᠤᠰᠢᠶᠠᠨ ᠰᠢᠭᠦᠮᠵᠢᠯᠡᠭᠳᠡᠵᠤ ᠪᠠᠶᠢᠭᠰᠠᠨ ᠢ ᠨᠢ ᠪᠤᠳᠤᠬᠤ ᠪᠦᠷᠢ᠂ ᠲᠡᠷᠡᠭᠦ ᠴᠠᠭ ᠲᠦᠷᠦ ᠶᠢᠨ ᠤᠷᠤᠭ᠎ᠠ   ᠪᠤᠰᠤᠭ᠎ᠠ ᠤᠨ ᠵᠢᠯ ᠳᠠᠬᠢ ᠵᠠᠷᠢᠮ ᠲᠠᠯ᠎ᠠ ᠶᠢᠨ ᠤᠬᠠᠭᠠᠨ ᠲᠦᠭᠦᠭᠡ ᠶᠢ ᠨᠢ ᠤᠯᠵᠤ ᠶᠠᠳᠠᠨ ᠬᠦᠨ ᠪᠤᠳᠤᠯᠭᠠᠰᠢᠷᠠᠨ᠎ᠠ᠃           ᠲᠡᠷᠭᠡᠯ ᠲᠤᠭᠤᠢ ᠪᠠᠨ ᠤᠨᠤᠵᠤ᠂ ᠰᠤᠷᠭᠠᠭᠤᠯᠢ ᠶᠢᠨ ᠬᠦᠷᠢᠶᠡᠨ ᠡᠭᠦᠳᠡ ᠬᠦᠷᠬᠦ ᠠᠴᠠ ᠡᠮᠦᠨ᠎ᠡ ᠲᠠᠷᠤᠢ ᠲᠡᠷᠭᠡᠨ ᠠᠴᠠ ᠪᠠᠨ ᠪᠠᠭᠤᠵᠤ᠂ ᠲᠤᠭᠤᠢ ᠲᠡᠷᠭᠡ ᠪᠠᠨ ᠲᠦᠯᠬᠢᠵᠤ ᠰᠢᠭᠤᠳ ᠰᠤᠷᠭᠠᠭᠤᠯᠢ ᠤᠷᠤᠭᠤ ᠠᠯᠬᠤᠨ᠎ᠠ᠃ ᠭᠡᠳᠡᠯ᠎ᠡ ᠰᠤᠷᠭᠠᠭᠤᠯᠢ ᠶᠢᠨ ᠡᠭᠦᠳᠡᠨ ᠡᠮᠦᠨ᠎ᠡ ᠮᠠᠰᠢ ᠤᠯᠠᠨ ᠲᠡᠷᠭᠡ ᠬᠦᠰᠭᠡ ᠰᠢᠬᠠᠯᠳᠤᠨ ᠵᠤᠭᠰᠤᠵᠤ᠂ ᠡᠳᠡᠭᠡᠷ ᠤᠨ ᠲᠤᠳᠤᠷᠠᠬᠢ ᠤᠯᠠᠩᠭᠢ ᠲᠡᠷᠭᠡ ᠨᠢ ᠬᠠᠷᠢᠨ ᠴᠠᠭᠳᠠᠭ᠎ᠠ᠂ ᠰᠢᠭᠦᠭᠦ ᠬᠤᠷᠢᠶ᠎ᠠ᠂ ᠪᠠᠶᠢᠴᠠᠭᠠᠬᠤ ᠬᠤᠷᠢᠶ᠎ᠠ᠂ ᠵᠠᠰᠠᠭ ᠤᠨ ᠤᠷᠳᠤᠨ ᠤ ᠲᠡᠷᠭᠡᠨ ᠢᠯᠡᠳᠭᠡᠮᠵᠢ ᠶᠢ ᠵᠡᠬᠦᠵᠤ ᠪᠠᠶᠢᠪᠠ᠃ ᠲᠡᠷᠡ ᠡᠰᠢ ᠲᠡᠰᠢ ᠠᠵᠢᠭᠯᠠᠬᠤ ᠳᠤ ᠪᠠᠰᠠ ᠨᠡᠯᠢᠶᠡᠳ ᠤᠯᠠᠨ ᠲᠤᠭᠤᠢ ᠲᠡᠷᠭᠡ᠂ ᠴᠠᠬᠢᠯᠭᠠᠨ ᠬᠦᠳᠡᠯᠭᠡᠭᠦᠷᠢᠳᠦ ᠲᠡᠷᠭᠡ ᠪᠠᠶᠢᠬᠤ ᠪᠦᠭᠡᠳ ᠡᠳᠡᠭᠡᠷ ᠲᠡᠷᠭᠡᠨ ᠲᠡᠭᠡᠷ᠎ᠡ ᠬᠠᠷᠢᠨ ᠨᠡᠶᠢᠳᠡ ᠶᠢᠨ ᠲᠡᠷᠭᠡᠨ ᠢᠯᠡᠳᠭᠡᠮᠵᠢ ᠶᠢ ᠡᠯᠬᠦᠭᠰᠡᠨ ᠦᠭᠡᠢ ᠪᠠᠶᠢᠪᠠ᠃ ᠲᠡᠷᠡ ᠲᠡᠷᠭᠡ ᠪᠠᠨ ᠲᠦᠷ ᠲᠠᠯᠪᠢᠨ᠂ ᠰᠤᠷᠭᠠᠭᠤᠯᠢ ᠶᠢᠨ ᠠᠮᠤᠷ ᠬᠠᠮᠠᠭᠠᠯᠠᠬᠤ ᠴᠠᠭᠳᠠᠭ᠎ᠠ ᠶᠢ ᠬᠠᠮᠵᠢᠯᠴᠠᠨ᠂   ᠰᠤᠷᠭᠠᠭᠤᠯᠢ ᠶᠢᠨ ᠡᠭᠦᠳᠡ ᠶᠢ ᠪᠦᠭᠯᠡᠭᠰᠡᠨ ᠲᠡᠳᠡᠭᠡᠷ ᠲᠡᠷᠭᠡ ᠶᠢ ᠭᠠᠳᠠᠭᠰᠢ ᠭᠠᠷᠭᠠᠵᠤ ᠪᠠᠶᠢᠪᠠ᠃ ᠲᠡᠷᠡ ᠡᠳᠡᠭᠡᠷ ᠭᠡᠥᠭᠡᠳ ᠢᠶᠠᠨ ᠬᠦᠷᠭᠡᠵᠤ ᠢᠷᠡᠭᠰᠡᠨ ᠤᠯᠠᠨ ᠮᠠᠰᠢᠨ ᠲᠡᠷᠭᠡ ᠶᠢ ᠬᠠᠷᠠᠵᠤ ᠪᠠᠶᠢᠭᠰᠠᠭᠠᠷ ᠢᠨᠢᠶᠡᠳᠦ ᠨᠢ ᠴᠦ ᠬᠦᠷᠴᠦ᠂ ᠲᠤᠯᠤᠭᠠᠢ ᠪᠠᠨ ᠠᠬᠢᠨ ᠲᠠᠬᠢᠨ ᠲᠤᠩᠬᠤᠯᠵᠠᠭᠤᠯᠤᠭᠰᠠᠭᠠᠷ ᠪᠠᠶᠢᠵᠤ᠂ ᠡᠨᠡ ᠨᠢ ᠲᠡᠶᠢᠮᠦ ᠬᠢᠯᠪᠠᠷ ᠪᠢᠰᠢ ᠭᠡᠳᠡᠭ ᠢ ᠲᠤᠳᠤᠷ᠎ᠠ ᠪᠠᠨ ᠮᠡᠳᠡᠨ᠎ᠡ᠃ ᠮᠠᠨ ᠤ ᠰᠤᠷᠭᠠᠭᠤᠯᠢ ᠶᠢᠨ ᠲᠤᠭᠳᠠᠭᠰᠠᠨ ᠬᠢᠵᠠᠭᠠᠷ ᠲᠤᠭᠤᠷᠢᠭ ᠠᠴᠠ ᠰᠤᠷᠤᠭᠴᠢ ᠡᠯᠰᠡᠭᠦ ᠲᠤᠯᠠ ᠡᠳᠡᠭᠡᠷ ᠡᠷᠬᠢᠯᠳᠡ ᠪᠠᠷ ᠶᠠᠪᠤᠵᠤ ᠪᠠᠶᠢᠬᠤ ᠰᠤᠷᠤᠭᠴᠢᠳ ᠤᠨ ᠭᠡᠷ ᠪᠦᠯᠢ ᠶᠢᠨ ᠤᠯᠠᠩᠭᠢ ᠨᠢ ᠲᠡᠷᠤᠢ ᠰᠤᠷᠭᠠᠭᠤᠯᠢ ᠠᠴᠠ ᠲᠠᠪᠤ ᠲᠤᠯᠤᠭᠠᠨ ᠭᠠᠵᠠᠷ ᠤᠨ ᠬᠡᠪᠴᠢᠶᠡᠨ ᠲᠤᠳᠤᠷ᠎ᠠ ᠪᠠᠶᠢᠬᠤ ᠶᠤᠮ ᠴᠢᠨᠢ ᠲᠡᠮᠡᠢ ᠤᠳᠠᠬᠤ ᠦᠭᠡᠢ ᠪᠠᠷ ᠰᠤᠷᠭᠠᠭᠤᠯᠢ ᠳᠠᠭᠠᠨ ᠢᠷᠡᠳᠡᠭ ᠶᠤᠮ᠃   ᠤᠳᠤ ᠶᠢᠨ ᠰᠤᠷᠤᠭᠴᠢᠳ ᠴᠢᠨᠢ ᠵᠠᠪᠠᠯ ᠭᠡᠷ ᠤᠨ ᠠᠬᠠᠮᠠᠳ ᠢᠶᠠᠷ ᠢᠶᠠᠨ ᠰᠤᠷᠭᠠᠭᠤᠯᠢ ᠳᠤ ᠭᠦᠷᠭᠡᠯᠭᠡᠭᠦ ᠴᠢᠬᠤᠯᠠ ᠲᠠᠢ ᠭᠡᠵᠤ ᠤᠤ︖ ᠦᠨᠡᠨᠳᠡᠭᠡᠨ ᠬᠡᠥᠭᠡᠳ ᠬᠠᠷᠬᠠᠨ ᠪᠠᠭ᠎ᠠ ᠠᠴᠠ ᠪᠠᠨ ᠶᠠᠪᠠᠭᠠᠨ ᠢᠶᠠᠷ ᠰᠤᠷᠭᠠᠭᠤᠯᠢ  ᠳᠠᠭᠠᠨ ᠶᠠᠪᠤᠵᠤ ᠪᠢᠴᠢᠭ ᠦᠵᠡᠬᠦ ᠨᠢ ᠲᠡᠳᠡᠨᠡᠷ ᠤᠨ ᠪᠡᠶ᠎ᠡ ᠮᠠᠬᠠᠪᠤᠳ ᠲᠤ ᠠᠰᠢᠭᠳᠠᠢ ᠪᠦᠭᠡᠳ ᠬᠠᠷᠬᠠᠨ ᠪᠠᠭ᠎ᠠ ᠠᠴᠠ  ᠪᠠᠨ ᠠᠵᠢᠯᠴᠢ ᠪᠤᠷᠤᠭᠵᠢᠭᠤᠨ ᠬᠡᠪ ᠰᠤᠷᠳᠠᠯ ᠢ ᠪᠤᠢ ᠪᠤᠯᠭᠠᠬᠤ ᠶᠤᠮ᠃   ᠭᠡᠳᠡᠯ᠎ᠡ ᠤᠳᠤ ᠶᠢᠨ ᠰᠤᠷᠤᠭᠴᠢᠳ ᠬᠠᠷᠢᠨ ᠲᠡᠭᠡᠵᠤ ᠶᠠᠪᠠᠭᠠᠨ ᠢᠶᠠᠷ   ᠶᠠᠪᠤᠵᠤ ᠪᠢᠴᠢᠭ ᠦᠵᠡᠬᠦ ᠨᠢ ᠲᠤᠶᠢᠯ ᠤᠨ ᠴᠦᠬᠡᠨ ᠪᠠᠶᠢᠨ᠎ᠠ᠃ ᠡᠨᠡ ᠨᠢ ᠬᠠᠷᠢᠨ ᠬᠡᠥᠭᠡᠳ  ᠤᠨ ᠡᠷᠡᠭᠦᠯ ᠴᠠᠬᠢᠷᠠᠭ ᠢᠶᠠᠷ ᠦᠰᠦᠨ ᠪᠤᠶᠢᠵᠢᠬᠤ ᠳᠤ ᠵᠠᠷᠢᠮ ᠲᠠᠯ᠎ᠠ ᠪᠠᠷ ᠬᠠᠷᠰᠢ ᠰᠠᠭᠠᠳ ᠪᠤᠯᠵᠠᠢ᠂ ᠬᠡᠥᠬᠡᠳ ᠢ ᠵᠤᠬᠢᠬᠤ ᠬᠡᠮᠵᠢᠶᠡᠨ ᠤ ᠬᠦᠳᠡᠯᠭᠡᠭᠡᠨ ᠬᠢᠯᠭᠡᠪᠡᠯ ᠤᠳᠤ ᠶᠢᠨ ᠪᠡᠶ᠎ᠡ ᠵᠤᠪᠠᠭ᠋ᠤ ᠦᠭᠡᠢ ᠮᠠᠷᠢᠶᠠᠯᠠᠬᠤ ᠬᠡᠮ ᠠᠴᠠ ᠴᠦ   ᠵᠠᠶᠢᠯᠠᠰᠭᠢᠬᠤ ᠰᠠᠶᠢᠨ ᠰᠠᠶᠢᠬᠠᠨ ᠲᠤᠬᠢᠶᠠᠯ ᠪᠤᠯᠬᠤ ᠶᠤᠮ᠃ ᠮᠠᠨᠤᠰ ᠪᠠᠭ᠎ᠠ   ᠳᠠᠭᠠᠨ ᠪᠢᠴᠢᠭ ᠦᠵᠡᠭᠦ ᠳᠡᠭᠡᠨ ᠬᠠᠷᠢᠨ ᠤᠳᠤ ᠶᠢᠨ ᠮᠡᠳᠦ ᠬᠤᠰᠢᠭᠤᠨ ᠲᠠᠷᠤᠭ᠎ᠠ ᠪᠠᠰᠠ ᠲᠡᠶᠢᠮᠦᠷᠭᠦ ᠵᠢᠵᠢᠭ ᠮᠠᠰᠢᠨ ᠲᠡᠷᠭᠡᠨ ᠳᠤ ᠤᠯᠵᠤ ᠰᠠᠭᠤᠬᠤ ᠨᠢ ᠴᠦ ᠴᠦᠭᠡᠨ᠂ ᠬᠠᠷᠢᠨ ᠲᠤᠭᠤᠢ ᠲᠡᠷᠭᠡ ᠤᠨᠤᠵᠤ ᠪᠠᠶᠢᠬᠤ ᠬᠦᠮᠦᠨ ᠴᠦ ᠡᠳᠦᠷ ᠤᠨ ᠤᠳᠤ ᠮᠡᠳᠦ ᠪᠠᠶᠢᠵᠤ᠂ ᠠᠷᠪᠠᠭᠠᠳ ᠭᠠᠵᠠᠷ ᠤᠨ ᠬᠤᠯᠠ ᠶᠢᠨ ᠰᠤᠷᠭᠠᠭᠤᠯᠢ ᠳᠤ ᠴᠦ ᠶᠠᠪᠠᠭᠠᠨ ᠢᠶᠠᠷ ᠪᠢᠴᠢᠭ ᠦᠵᠡᠵᠤ᠂ ᠬᠠᠷᠢᠨ ᠤᠳᠤ ᠶᠢᠨ ᠠᠳᠠᠯᠢ ᠮᠠᠰᠢᠨ ᠲᠡᠷᠭᠡᠨ ᠰᠠᠭᠤᠵᠤ ᠪᠢᠴᠢᠭ ᠰᠤᠶᠤᠯ ᠤᠨ ᠮᠦᠷ ᠢ ᠬᠦᠭᠡᠭᠡᠬᠦ ᠭᠡᠭᠴᠢ ᠶᠤᠰᠤᠳᠠᠢ ᠬᠠᠭᠠᠨ ᠤ ᠵᠤᠯᠵᠠᠭ᠎ᠠ ᠶᠢᠨ ᠶᠠᠪᠤᠳᠠᠯ ᠪᠠᠶᠢᠬ᠎ᠠ᠃ ᠢᠩᠭᠢᠵᠤ ᠪᠠᠶᠢᠳᠠᠯ᠎ᠠ ᠨᠢᠭᠡᠨ ᠵᠢᠵᠢᠭ ᠮᠠᠰᠢᠨ ᠲᠡᠷᠭᠡ ᠰᠢᠭᠤᠳ ᠰᠤᠷᠭᠠᠭᠤᠯᠢ ᠶᠢᠨ ᠡᠭᠦᠳᠡ ᠶᠢ ᠲᠤᠯᠤᠨ ᠲᠤᠳᠤᠭᠰᠢ ᠪᠠᠨ ᠤᠷᠤᠬᠤ ᠳᠤ᠂ ᠰᠤᠷᠭᠠᠭᠤᠯᠢ ᠶᠢᠨ ᠡᠭᠦᠳᠡᠨ ᠲᠡᠭᠡᠷᠡᠬᠢ ᠤᠪᠤᠭᠠᠷᠠᠯᠳᠤᠵᠤ ᠪᠠᠶᠢᠭᠰᠠᠨ ᠰᠤᠷᠤᠭᠴᠢᠳ ᠤᠨ ᠲᠤᠮᠳᠠᠭᠤᠷ ᠶᠠᠪᠤᠬᠤ ᠳᠤ ᠪᠠᠭ᠎ᠠ ᠯᠡ ᠠᠩᠬᠠᠷᠬᠤ ᠦᠭᠡᠢ ᠶᠤᠮ ᠪᠤᠯ ᠲᠡᠷᠭᠡᠨ ᠠᠳᠡᠯ ᠭᠠᠷᠴᠤ᠂ ᠠᠮᠢᠨ ᠨᠠᠰᠤᠨ ᠤ ᠠᠶᠤᠯ ᠡᠭᠦᠰᠭᠦ ᠪᠤᠯᠤᠯᠴᠠᠭ᠎ᠠ ᠲᠠᠢ ᠪᠠᠶᠢᠯ᠎ᠠ᠃ ᠲᠡᠷᠭᠡᠯ ᠲᠡᠭᠡᠷ᠎ᠡ ᠲᠠᠭᠤᠨ ᠶᠢᠨ ᠷᠠᠰᠢᠶᠠᠨ ᠵᠠᠩᠭᠢᠳᠤᠷᠴᠤ᠄ ᠲᠡᠷᠭᠡ ᠪᠠᠨ ᠵᠤᠭᠰᠤᠭ᠎ᠠ︕ ᠲᠡᠷᠭᠡ ᠪᠠᠨ ᠵᠤᠭᠰᠤᠭ᠎ᠠ︕ ᠭᠡᠳ ᠲᠡᠷᠭᠡ ᠤᠷᠤᠭᠤ ᠰᠢᠭᠤᠳ ᠲᠠᠭᠠᠷᠢᠨ ᠤᠷᠤᠯ᠎ᠠ︕ ᠲᠡᠷᠭᠡᠨ ᠤ ᠲᠡᠷᠭᠡᠳᠡ ᠬᠦᠷᠦᠭᠡᠳ ᠵᠢᠯᠤᠭᠤᠴᠢ ᠶᠢ ᠬᠤᠷᠤᠭᠤ ᠪᠠᠷ ᠢᠶᠠᠨ ᠵᠢᠭᠠᠵᠤ ᠲᠠᠬᠢᠨ ᠲᠡᠷᠭᠡ ᠪᠠᠨ ᠪᠡᠳᠡᠭᠡᠢ ᠠᠳᠡ ᠬᠦᠷᠳᠡᠯ᠎ᠡ ᠶᠠᠪᠤᠭᠤᠯ︕ ᠠᠶᠤᠯ ᠡᠭᠦᠰᠦᠨ᠎ᠡ ᠰᠢᠦ︕             ᠭᠡᠳᠡᠯ᠎ᠡ ᠵᠢᠯᠤᠭᠤᠴᠢ ᠬᠠᠷᠢᠨ ᠲᠡᠷᠭᠡ ᠪᠠᠨ ᠪᠠᠭ᠎ᠠ ᠵᠤᠭᠰᠤᠵᠤ ᠠᠪᠤᠭᠠᠳ᠂ ᠲᠤᠯᠤᠭᠠᠢ ᠪᠠᠨ ᠲᠡᠷᠭᠡᠨ ᠴᠤᠩᠬᠤ ᠪᠠᠷ ᠭᠠᠳᠠᠭᠰᠢ ᠪᠤᠯᠳᠠᠶᠢᠯᠭᠠᠨ᠂ ᠶᠡᠭᠡ ᠲᠠᠭᠤᠨ ᠢᠶᠠᠷ ᠵᠠᠩᠳᠤᠷᠤᠨ᠄ ᠴᠢ ᠮᠢᠨᠦ ᠲᠡᠷᠭᠡ ᠶᠢᠨ ᠫᠠᠶᠢᠰᠠ ᠶᠢ ᠤᠯᠵᠤ ᠦᠵᠡᠭᠰᠡᠨ ᠦᠭᠡᠢ ᠤᠤ︖               ᠲᠡᠷᠭᠡᠯ ᠬᠠᠷᠢᠨ ᠮᠤᠵᠢ ᠶᠢᠨ ᠲᠠᠷᠤᠭ᠎ᠠ ᠶᠢᠨ ᠲᠡᠷᠭᠡᠨ ᠢᠯᠡᠳᠭᠡᠮᠵᠢ ᠪᠤᠯᠤᠭᠰᠠᠨ ᠴᠦ ᠵᠠᠪᠠᠯ ᠠᠳᠡ ᠬᠦᠷᠳᠡᠯ᠎ᠡ ᠲᠡᠷᠭᠡ ᠶᠢ ᠵᠢᠯᠤᠭᠤᠳᠴᠤ ᠪᠤᠯᠬᠤ ᠦᠭᠡᠢ︕ ᠴᠢ ᠡᠭᠦᠳᠡᠨ ᠲᠡᠭᠡᠷᠡᠬᠢ ᠲᠡᠷᠭᠡ ᠵᠢᠯᠤᠭᠤᠳᠬᠤ ᠶᠢ ᠠᠩᠬᠠᠷᠬᠤ ᠢᠯᠡᠳᠭᠡᠮᠵᠢ   ᠶᠢ ᠤᠯᠵᠤ ᠦᠵᠡᠭᠰᠡᠨ ᠦᠭᠡᠢ ᠤᠤ︖         ᠵᠢᠯᠤᠭᠤᠴᠢ᠄ ᠪᠢ ᠤᠯᠵᠤ ᠦᠵᠡᠭᠰᠡᠨ ᠦᠭᠡᠢ︕             ᠲᠡᠷᠭᠡᠯ᠄ ᠤᠯᠵᠤ ᠦᠵᠡᠭᠰᠡᠨ ᠦᠭᠡᠢ ᠭᠡᠨ᠎ᠡ ᠤᠤ︖ ᠴᠢ ᠪᠠᠭᠤᠵᠤ ᠢᠷᠡᠭᠡᠳ ᠦᠵᠡᠭᠡᠷᠡᠢ︕             ᠶᠠᠭ ᠡᠨᠡ ᠦᠶᠡᠰ ᠲᠤ ᠡᠭᠦᠳᠡᠨ ᠤ ᠤᠶᠢᠷ᠎ᠠ ᠤᠷᠴᠢᠮ ᠳᠤ ᠪᠠᠶᠢᠭᠰᠠᠨ ᠭᠡᠷ ᠤᠨ ᠠᠬᠠᠮᠠᠳ ᠬᠢᠭᠡᠳ ᠤᠯᠠᠨ ᠰᠤᠷᠤᠭᠴᠢᠳ ᠬᠦᠷᠦᠯᠴᠡᠨ ᠢᠷᠡᠵᠡᠭᠡᠵᠤ  ᠂ ᠲᠡᠷᠡᠭᠦ ᠵᠢᠯᠤᠭᠤᠴᠢ ᠬᠢᠭᠡᠳ ᠲᠡᠷᠭᠡᠯ ᠢ ᠵᠡᠷᠭᠡ ᠪᠠᠷ ᠰᠢᠷᠳᠡᠯᠴᠡᠨ᠎ᠡ᠃ ᠡᠨᠡ ᠦᠶᠡᠰ ᠲᠤ ᠨᠢᠭᠡᠨ ᠭᠡᠷ ᠤᠨ ᠠᠬᠠᠮᠠᠳ ᠤᠯᠠᠨ ᠤ ᠲᠤᠮᠳᠠ ᠠᠴᠠ ᠭᠠᠷᠴᠤ ᠢᠷᠡᠨ᠄ ᠡᠨᠡ ᠪᠤᠯ ᠬᠤᠳᠠ ᠶᠢᠨ ᠲᠡᠳ᠋ ᠲᠠᠷᠤᠭ᠎ᠠ ᠶᠢᠨ ᠲᠡᠷᠭᠡ ᠰᠢᠦ︕   ᠭᠡᠭᠦ ᠳᠤ ᠨᠡᠩ ᠤᠯᠠᠨ ᠭᠡᠷ ᠤᠨ ᠠᠬᠠᠮᠠᠳ ᠵᠡᠷᠭᠡ ᠪᠠᠷ ᠲᠡᠷᠡᠭᠦ ᠵᠢᠯᠤᠭᠤᠴᠢ  ᠶᠢᠨ ᠵᠦᠭ ᠰᠢᠨᠤᠯᠳᠠᠢ ᠰᠢᠷᠳᠡᠵᠤ᠂ ᠵᠢᠮᠡᠯᠡᠨ ᠰᠢᠭᠦᠮᠵᠢᠯᠡᠵᠤ ᠵᠢᠭ᠍ᠰᠢᠵᠤ ᠪᠠᠶᠢᠯ᠎ᠠ︕ ᠭᠡᠶ᠎ᠡ ᠲᠡᠷᠡᠭᠦ ᠵᠢᠯᠤᠭᠤᠴᠢ ᠬᠠᠰᠢᠯᠠ ᠲᠡᠷᠭᠡᠨ ᠲᠤᠳᠤᠷ᠎ᠠ ᠪᠠᠨ ᠯᠠᠪᠳᠠᠭᠤᠨ ᠰᠠᠭᠤᠵᠤ᠂ ᠬᠤᠶᠠᠷ ᠬᠤᠷᠤᠭᠤ ᠶᠢᠨ ᠰᠠᠯᠠᠭᠠᠨ ᠳᠠᠭᠠᠨ ᠶᠠᠩᠵᠤᠥᠷ ᠲᠠᠮᠠᠬᠢ ᠬᠠᠪᠴᠢᠨ ᠰᠤᠷᠤᠵᠤ᠂ ᠭᠠᠳᠠᠭᠰᠢ ᠤᠳᠤᠭ᠎ᠠ ᠮᠠᠨᠠᠷᠠᠭᠤᠯᠤᠨ ᠪᠠᠶᠢᠵᠤ ᠪᠠᠭᠤᠵᠤ ᠢᠷᠡᠭᠦ ᠦᠭᠡᠢ ᠪᠠᠶᠢᠯ᠎ᠠ  ᠃ ᠲᠡᠷᠡ ᠪᠠᠰᠠ ᠲᠡᠭᠦᠨ ᠳᠤ ᠲᠤᠷ᠎ᠠ ᠦᠭᠡᠶᠢᠴᠡᠭᠰᠡᠨ ᠡᠳᠡᠭᠡᠷ ᠤᠯᠠᠨ ᠬᠦᠮᠦᠰ ᠢ ᠠᠳᠠᠭ ᠲᠠᠭᠠᠨ ᠨᠢᠳᠤᠨ ᠳᠡᠭᠡᠨ ᠴᠦ ᠬᠠᠪᠴᠢᠬᠤ ᠦᠭᠡᠢ᠂ ᠲᠤᠶᠢᠯ ᠤᠨ ᠤᠮᠤᠷᠬᠠᠭ ᠪᠠᠷᠳᠠᠮ ᠰᠠᠭᠰᠠᠭᠤᠷᠠᠨ ᠰᠠᠭᠤᠵᠤ ᠯᠡ ᠪᠠᠶᠢᠯ᠎ᠠ  ᠃             ᠲᠡᠷᠭᠡᠯ ᠲᠡᠷᠡ ᠲᠠᠷᠤᠢ ᠳᠤᠨᠢ ᠲᠡᠷᠭᠡᠨ ᠤ ᠬᠠᠵᠠᠭᠤ ᠳᠤᠨᠢ ᠬᠦᠷᠴᠦ᠂   ᠪᠡᠶ᠎ᠡ ᠪᠦᠬᠦᠶᠢᠨ ᠵᠢᠯᠤᠭᠤᠴᠢ ᠶᠢᠨ ᠵᠦᠭ ᠬᠠᠨᠳᠤᠵᠤ᠂ ᠰᠤᠷᠤᠭᠴᠢᠳ ᠤᠨ ᠭᠡᠷ ᠤᠨ ᠠᠬᠠᠮᠠᠳ ᠪᠦᠷ ᠠᠳᠡ ᠪᠤᠢ᠂ ᠲᠡᠳᠡᠭᠡᠷ ᠤᠨ ᠲᠤᠳᠤᠷ᠎ᠠ ᠶᠠᠮᠠᠷ ᠨᠢᠭᠡᠨ ᠭᠡᠷ ᠤᠨ ᠠᠬᠠᠮᠠᠳ ᠨᠢ ᠬᠡᠷᠪᠡ ᠴᠢᠨᠦ ᠤᠳᠤ ᠶᠢᠨ ᠡᠳᠡᠭᠡᠷ ᠠᠪᠤᠷᠢ ᠪᠠᠶᠢᠳᠠᠯ ᠢ ᠴᠢᠨᠢ ᠰᠡᠭᠦᠳᠡᠷᠯᠡᠨ ᠠᠪᠤᠭᠠᠳ ᠰᠦᠯᠵᠢᠶᠡᠨ ᠲᠡᠭᠡᠷ᠎ᠡ ᠲᠠᠯᠪᠢᠪᠠᠯ ᠴᠢᠨᠦ ᠲᠡᠭᠡᠳᠡᠢ ᠲᠡᠷᠡᠭᠦ ᠤᠳᠤᠷᠢᠳᠤᠯᠭ᠎ᠠ ᠴᠢᠨᠢ ᠯᠠᠪᠳᠠᠢ ᠴᠢᠮᠠᠶᠢ ᠳᠤ ᠰᠠᠶᠢᠨ ᠪᠤᠯᠬᠤ ᠦᠭᠡᠢ ᠪᠠ︖ ᠲᠡᠷᠡ ᠦᠶᠡᠰ ᠲᠤ ᠴᠢ ᠲᠦᠮᠡᠨ ᠵᠦᠪ ᠦᠭᠡ ᠬᠡᠯᠡᠭᠰᠡᠨ ᠴᠦ ᠪᠤᠳᠠᠳᠤ ᠪᠠᠶᠢᠳᠠᠯ ᠠᠴᠠ ᠮᠤᠯᠳᠤᠷᠠᠨ ᠭᠠᠷᠴᠤ ᠲᠡᠶᠢᠯᠬᠦ ᠦᠭᠡᠢ ᠶᠤᠮ︕ ᠡᠨᠡ ᠦᠶᠡᠰ ᠲᠤ ᠵᠢᠯᠤᠭᠤᠴᠢ ᠰᠠᠶ᠋ᠢ ᠰᠡᠭᠡᠰᠭᠢᠵᠤ᠂   ᠶᠠᠩᠵᠤᠥᠷ ᠲᠠᠮᠠᠬᠢ ᠶᠢᠨ ᠭᠠᠯ ᠢᠶᠠᠨ ᠬᠠᠪᠴᠢᠨ ᠤᠨᠳᠠᠷᠭᠠᠭᠠᠳ᠂ ᠬᠠᠵᠠᠭᠤ ᠳᠤ ᠰᠠᠭᠤᠭᠰᠠᠨ ᠡᠷᠡᠭᠳᠡᠢ ᠰᠤᠷᠤᠭᠴᠢ ᠶᠢᠨ ᠵᠦᠭ ᠬᠠᠨᠳᠤᠵᠤ᠂ ᠤᠳᠤ ᠴᠢ ᠲᠡᠷᠭᠡᠨ ᠠᠴᠠ ᠪᠠᠭᠤ᠂ ᠬᠦᠮᠦᠨ ᠤ ᠰᠤᠷᠭᠠᠭᠤᠯᠢ ᠶᠢᠨ ᠶᠤᠰᠤ ᠲᠦᠷᠢᠮ ᠶᠤᠮ ᠰᠢᠦ︕ ᠲᠣᠳᠤᠭᠰᠢ ᠪᠠᠨ ᠲᠡᠷᠭᠡ ᠪᠠᠷ ᠤᠷᠤᠵᠤ ᠪᠤᠯᠬᠤ ᠦᠭᠡᠢ︕ ᠭᠡᠳᠡᠯ᠎ᠡ ᠲᠡᠷᠡᠭᠦ ᠡᠷᠡᠭᠳᠡᠢ ᠰᠤᠷᠤᠭᠴᠢ ᠬᠠᠷᠢᠨ ᠲᠡᠷᠭᠡᠨ ᠠᠴᠠ ᠪᠠᠨ ᠪᠠᠭᠤᠬᠤ ᠦᠭᠡᠢ ᠪᠠᠶᠢᠵᠦ᠂ ᠵᠢᠯᠤᠭᠤᠴᠢ ᠲᠠᠢ ᠮᠠᠷᠭᠤᠯᠳᠤᠵᠤ᠄ ᠮᠢᠨᠦ ᠡᠪᠦᠭᠡ ᠲᠡᠷᠭᠡ ᠪᠠᠨ ᠵᠢᠯᠤᠭᠤᠳᠴᠤ ᠠᠩᠭᠢ ᠶᠢᠨ ᠭᠡᠷ ᠲᠤᠨᠢ ᠬᠦᠷᠭᠡ ᠭᠡᠵᠤ ᠬᠡᠯᠡᠭᠰᠡᠨ ᠪᠢᠰᠢᠦ︖ ᠴᠢ ᠬᠠᠷᠢᠨ ᠨᠠᠳᠠ ᠶᠢ ᠵᠦᠪᠭᠡᠨ ᠰᠤᠷᠭᠠᠭᠤᠯᠢ ᠶᠢᠨ ᠡᠭᠦᠳᠡᠨ ᠳᠤ ᠬᠦᠷᠭᠡᠮᠡᠭᠴᠡ ᠪᠤᠯᠴᠢᠬᠠᠨ᠎ᠠ ᠭᠡᠵᠤ   ᠤᠤ︖ ᠵᠢᠯᠤᠭᠤᠴᠢ ᠠᠷᠭ᠎ᠠ ᠪᠠᠷᠠᠬᠤ ᠳᠠᠭᠠᠨ᠄ ᠬᠦᠮᠦᠨ ᠤ ᠰᠤᠷᠭᠠᠭᠤᠯᠢ ᠶᠢᠨ ᠶᠤᠰᠤ ᠲᠦᠷᠢᠮ ᠶᠤᠮ ᠰᠢᠦ︕ ᠬᠠᠷᠢᠨ ᠪᠢ ᠲᠡᠷᠭᠡ ᠪᠠᠷ ᠳᠤᠲᠤᠭᠰᠢ ᠤᠷᠤᠪᠠᠯ ᠰᠤᠷᠭᠠᠭᠤᠯᠢ ᠶᠢᠨ ᠶᠤᠰᠤ ᠲᠦᠷᠢᠮ  ᠢ ᠵᠦᠷᠢᠴᠡᠭᠦ ᠶᠠᠪᠤᠳᠠᠯ ᠪᠤᠯᠤᠨ᠎ᠠ᠂ ᠭᠡᠳᠡᠯ᠎ᠡ ᠲᠡᠷᠡᠭᠦ ᠡᠷᠡᠭᠳᠡᠢ ᠰᠤᠷᠤᠭᠴᠢ ᠬᠠᠷᠢᠨ᠄   ᠪᠤᠯᠠᠬᠤ ᠦᠭᠡᠢ︕   ᠴᠢ ᠵᠠᠪᠠᠯ ᠲᠤᠳᠤᠭᠰᠢ ᠪᠠᠨ ᠵᠢᠯᠤᠭᠤᠴᠤ ᠤᠷᠤᠬᠤ ᠬᠡᠷᠡᠭᠳᠡᠢ᠃ ᠪᠢ ᠲᠡᠳᠡᠨ ᠠᠴᠠ ᠠᠶᠤᠬᠤ ᠦᠭᠡᠢ︕ ᠮᠢᠨᠦ ᠡᠪᠦᠭᠡ ᠲᠠᠳᠡᠨᠡᠷ ᠢ ᠤᠳᠤᠷᠢᠳᠴᠦ ᠪᠠᠶᠢᠨ᠎ᠠ ᠰᠢᠦ︕ ᠵᠢᠯᠤᠭᠤᠴᠢ ᠲᠡᠷᠭᠡᠯ ᠤᠨ ᠵᠦᠭ ᠬᠠᠨᠳᠤᠵᠤ᠂ ᠬᠦᠶᠢᠳᠡᠨ ᠢᠶᠠᠷ ᠢᠨᠢᠶᠡᠨ ᠠᠷᠭ᠎ᠠ ᠪᠠᠨ ᠠᠯᠳᠠᠷᠠᠵᠤ᠂ ᠭᠠᠷ ᠢᠶᠠᠨ ᠨᠤᠬᠤᠯᠤᠨ᠎ᠠ᠃ ᠲᠡᠷᠭᠡᠯ ᠠᠴᠠ ᠡᠷᠡᠭᠳᠡᠢ ᠰᠤᠷᠤᠭᠴᠢ ᠶᠢᠨ ᠵᠦᠭ ᠬᠠᠨᠳᠤᠵᠤ᠄ ᠴᠢ ᠴᠤᠬᠤᠮ ᠠᠯᠢ ᠠᠩᠭᠢ ᠶᠢᠨ ᠰᠤᠷᠤᠭᠴᠢ ᠪᠤᠢ︖ ᠰᠤᠷᠭᠠᠭᠤᠯᠢ ᠠᠴᠠ ᠲᠡᠷᠭᠡ ᠬᠦᠰᠡᠭᠡ ᠶᠢ ᠲᠤᠷ᠎ᠠ ᠪᠠᠷ ᠢᠶᠠᠨ ᠰᠤᠷᠭᠠᠭᠤᠯᠢ ᠶᠢᠨ ᠬᠦᠷᠢᠶᠡᠨ ᠳᠤ ᠤᠷᠤᠵᠤ ᠪᠤᠯᠬᠤ ᠦᠭᠡᠢ ᠭᠡᠭᠦ ᠶᠤᠰᠤ ᠲᠠᠢ ᠰᠢᠦ︕ ᠡᠭᠦᠨ ᠢ ᠶᠠᠮᠠᠷ ᠬᠦᠮᠦᠨ ᠴᠦ ᠭᠡᠳ ᠵᠢᠷᠦᠮᠯᠡᠭᠦ ᠬᠡᠷᠡᠭᠳᠡᠢ︕ ᠡᠷᠡᠭᠳᠡᠢ ᠰᠤᠷᠤᠭᠴᠢ   ᠭᠡᠨᠡᠳᠳᠡ ᠯᠠᠪᠯᠠᠨ ᠬᠠᠷᠠᠪᠠᠯ ᠰᠤᠷᠭᠠᠭᠤᠯᠢ ᠶᠢᠨ ᠬᠢᠴᠢᠶᠡᠯ ᠬᠦᠮᠦᠵᠢᠯ   ᠤᠨ ᠡᠷᠬᠢᠯᠡᠭᠴᠢ ᠲᠤᠯᠠ ᠰᠠᠶ᠋ᠢ ᠠᠭᠤᠷ ᠤᠮᠤᠭ ᠢᠶᠠᠨ ᠲᠦᠷ ᠲᠠᠷᠤᠵᠤ᠂ ᠲᠤᠷ᠎ᠠ ᠲᠠᠢ ᠲᠤᠷ᠎ᠠ ᠦᠭᠡᠢ  ᠶᠢᠨ ᠬᠤᠭᠤᠷᠤᠨᠳᠤ ᠲᠡᠷᠭᠡᠨ ᠤ ᠡᠬᠦᠳᠡ ᠪᠠᠨ ᠨᠡᠭᠡᠭᠡᠵᠤ᠂ ᠲᠡᠷᠭᠡᠨ ᠠᠴᠠ ᠪᠠᠭᠤᠨ ᠢᠷᠡᠭᠡᠳ ᠵᠢᠯᠤᠭᠤᠴᠢ ᠶᠢᠨ ᠵᠦᠭ ᠶᠡᠭᠡ ᠲᠠᠭᠤᠨ ᠢᠶᠠᠷ᠄ ᠰᠤᠷᠭᠠᠭᠤᠯᠢ ᠲᠠᠷᠬᠠᠬᠤ ᠦᠶ᠎ᠡ ᠳᠤ ᠡᠷᠳᠡ ᠰᠢᠭ ᠢᠷᠡᠵᠤ ᠨᠡᠳᠡ ᠶᠢ ᠲᠤᠰᠤᠨ ᠠᠪᠬᠤ ᠬᠡᠷᠡᠭᠳᠡᠢ︕ ᠶᠠᠭᠠᠬᠢᠬᠰᠠᠨ ᠴᠦ ᠤᠷᠤᠶᠢᠳᠠᠵᠤ ᠪᠤᠯᠬᠤ ᠦᠭᠡᠢ︕ ᠭᠡᠭᠦ ᠳᠤ ᠵᠢᠯᠤᠭᠤᠴᠢ ᠲᠡᠭᠦᠨ ᠤ ᠵᠦᠭ ᠬᠠᠨᠳᠤᠨ ᠄ ᠤᠷᠤᠶᠢᠳᠠᠬᠤ ᠦᠭᠡᠢ ᠶᠤᠮ︕ ᠪᠢ ᠯᠠᠪᠲᠠᠢ ᠤᠷᠢᠳᠴᠢᠯᠡᠨ ᠠᠷᠪᠠᠨ ᠮᠢᠨᠦᠲ ᠢᠷᠡᠵᠤ ᠡᠨᠡ ᠤᠷᠤᠨ ᠳᠤ ᠴᠢᠮᠠᠶᠢ  ᠶᠢ ᠬᠦᠯᠢᠶᠡᠶ᠎ᠡ︕             ᠲᠡᠷᠭᠡᠯ ᠠᠵᠢᠯᠯᠠᠬᠤ ᠭᠡᠷ ᠵᠦᠭ ᠢᠶᠠᠨ ᠠᠯᠬᠤᠯᠠᠬᠤ ᠶᠢᠨ ᠲᠠᠭᠠᠥ ᠲᠡᠷᠡᠭᠦ ᠡᠷᠭᠳᠡᠢ ᠰᠤᠷᠤᠭᠴᠢ ᠶᠢ ᠬᠠᠷᠠᠵᠤ᠂ ᠢᠨᠢᠶᠡᠳᠦ ᠴᠦ ᠬᠦᠷᠴᠦ ᠪᠠᠰᠠ ᠵᠢᠯᠤᠭᠤᠴᠢ ᠶᠢ ᠰᠢᠷᠳᠡᠨ ᠢᠨᠢᠶᠡᠭᠰᠡᠭᠡᠷ᠄ ᠮᠢᠨᠦ ᠲᠤᠬᠢᠶ᠎ᠠ ᠪᠠᠷ ᠴᠢ ᠲᠡᠷᠭᠡ ᠪᠠᠨ ᠬᠤᠶᠢᠰᠢ ᠪᠠᠨ ᠤᠬᠤᠷᠠᠭᠤᠯ︕ ᠠᠭᠠᠵᠢᠮ ᠶᠠᠪᠤᠭᠤᠯ ᠳ᠋ᠠ︕ ᠠᠷᠤ ᠲᠠᠯ᠎ᠠ ᠳᠤ ᠴᠢᠨᠢ ᠤᠯᠠᠨ ᠰᠤᠷᠤᠭᠴᠢ ᠪᠠ ᠭᠡᠷ  ᠤᠨ ᠠᠬᠠᠮᠠᠳ ᠪᠤᠢ︕ ᠪᠢᠳᠡᠭᠡᠢ ᠤᠷᠰᠢᠭ ᠲᠠᠳᠠᠭᠠᠷᠠᠢ︕             ᠬᠢᠴᠢᠶᠡᠯᠡᠯᠭᠡ ᠶᠢᠨ ᠬᠤᠨᠭ᠍ᠬ᠎ᠠ ᠲᠤᠥᠭᠠᠷᠪᠠ᠃ ᠰᠤᠷᠭᠠᠭᠤᠯᠢ ᠶᠢᠨ ᠡᠭᠦᠳᠡᠨ ᠳᠠᠬᠢ ᠤᠶᠢᠮᠡᠭᠡᠨ ᠲᠦᠷ ᠨᠠᠮᠳᠠᠵᠤ᠂ ᠤᠳᠤ ᠬᠠᠷᠢᠨ ᠨᠢᠭᠡ ᠴᠦ ᠬᠦᠮᠦᠨ ᠬᠠᠷ᠎ᠠ ᠦᠭᠡᠢ ᠪᠤᠯᠤᠭᠰᠠᠨ ᠪᠤᠯᠪᠠᠴᠤ᠂ ᠬᠡᠳᠦᠨ ᠤᠷᠤᠶᠢᠳᠠᠵᠤ ᠢᠷᠡᠭᠰᠡᠨ ᠰᠤᠷᠤᠭᠴᠢᠳ ᠲᠤᠳᠤᠭᠰᠢ ᠪᠠᠨ ᠲᠦᠷᠭᠡᠯᠡᠨ ᠶᠠᠪᠤᠵᠠᠭᠠᠨ᠎ᠠ᠃ ᠰᠤᠷᠭᠠᠭᠤᠯᠢ ᠶᠢᠨ ᠡᠭᠦᠳᠡᠨ ᠲᠡᠭᠡᠷᠡᠬᠢ ᠠᠮᠤᠷ ᠢ ᠬᠠᠮᠠᠭᠠᠯᠠᠭᠴᠢ ᠴᠠᠭᠳᠠᠭ᠎ᠠ ᠡᠨᠡ ᠬᠤᠭᠤᠷᠤᠨᠳᠤ   ᠪᠠᠴᠢᠮᠳᠠᠨ ᠶᠠᠭᠠᠷᠠᠭᠠᠳ ᠦᠪᠴᠢ ᠪᠡᠶ᠎ᠡ ᠠᠴᠠ ᠨᠢ ᠬᠦᠯᠦᠰᠦ ᠠᠰᠬᠠᠷᠠᠨ᠂ ᠤᠳᠤ ᠲᠡᠷᠡ ᠤᠷᠳᠤ ᠨᠢᠭᠡ ᠠᠮᠢᠰᠬᠤᠵᠤ ᠠᠪᠬᠤ ᠳᠤ ᠰᠠᠶ᠋ᠢ ᠶᠢᠨ ᠡᠨᠡᠭᠦ ᠬᠤᠷᠴᠠ ᠰᠢᠷᠦᠭᠦᠨ ᠪᠠᠶᠢᠯᠳᠤᠭᠠᠨ ᠲᠦᠷ ᠵᠠᠪᠰᠠᠷᠯᠠᠪᠠ  ᠃             ᠲᠡᠷᠭᠡᠯ ᠨᠢᠭᠡᠳᠦᠭᠡᠷ ᠬᠢᠴᠢᠶᠡᠯ ᠤᠨ ᠴᠠᠭ ᠲᠤ ᠬᠢᠴᠢᠶᠡᠯ ᠦᠭᠡᠢ᠂ ᠠᠵᠢᠯᠯᠠᠬᠤ ᠭᠡᠷ ᠲᠡᠭᠡᠨ ᠤᠷᠤᠵᠤ᠂ ᠲᠠᠷᠠᠭ᠎ᠠ ᠴᠠᠭ ᠤᠨ ᠬᠢᠴᠢᠶᠡᠯᠯᠡᠭᠦ ᠠᠭᠤᠯᠭ᠎ᠠ ᠪᠠᠨ ᠪᠠᠶᠢᠷᠯᠠᠭᠤᠯᠤᠨ ᠪᠡᠯᠡᠳᠭᠡᠵᠤ᠂ ᠲᠠᠬᠢᠨ ᠬᠦᠨ ᠪᠤᠳᠤᠯᠭᠠᠰᠢᠷᠠᠨ ᠰᠠᠶ᠋ᠢ  ᠶᠢᠨ ᠡᠨᠡᠬᠦ ᠡᠭᠦᠰᠦᠭᠰᠡᠨ ᠠᠭᠤᠷ ᠤᠮᠤᠭ ᠢᠶᠠᠨ ᠲᠠᠷᠤᠵᠤ ᠪᠠᠶᠢᠭᠠᠳ ᠰᠡᠳᠬᠢᠯᠭᠡ ᠪᠠᠨ ᠲᠦᠪᠯᠡᠷᠡᠭᠦᠯᠦᠨ ᠡᠷᠴᠢᠮ ᠲᠡᠭᠦᠯᠳᠡᠷ ᠢᠶᠠᠷ ᠬᠢᠴᠢᠶᠡᠯ ᠢᠶᠠᠨ ᠤᠷᠤᠬᠤ ᠪᠠᠷ ᠪᠡᠯᠡᠭᠡᠨ ᠪᠤᠯᠪᠠ᠃ ᠲᠡᠭᠦᠨ ᠤ ᠦᠵᠡᠬᠦ ᠪᠠᠷ ᠬᠢᠴᠢᠶᠡᠯᠡᠯᠭᠡ ᠨᠢ ᠦᠨᠡᠨᠳᠡᠭᠡᠨ ᠬᠡᠥᠬᠡᠳ ᠲᠤ ᠬᠠᠶᠢᠷ᠎ᠠ ᠪᠠᠷ ᠠᠯᠢᠪᠠ ᠤᠶᠤᠨ ᠤᠬᠠᠭᠠᠨ ᠤ ᠬᠦᠮᠦᠵᠢᠯ ᠳᠤ ᠨᠡᠪᠴᠢᠭᠡᠵᠤ᠂ ᠪᠡᠶ᠎ᠡ ᠰᠡᠳᠬᠢᠯ ᠤᠨ ᠪᠤᠢ ᠪᠦᠬᠦᠢ ᠲᠦᠪᠯᠡᠷᠡᠭᠰᠡᠨ ᠰᠡᠳᠬᠢᠬᠦᠢ ᠪᠠᠷ ᠬᠢᠴᠢᠶᠡᠯᠡᠯᠭᠡ ᠶᠢᠨ ᠭᠤᠥᠯᠳᠠᠯᠭ᠎ᠠ ᠪᠠᠨ ᠲᠤᠪᠤᠶᠢᠯᠭᠠᠵᠤ᠂ ᠵᠢᠩᠭᠢᠨᠢ ᠬᠡᠪ ᠴᠢᠨᠠᠷ ᠢ ᠤᠯᠠᠮᠵᠢᠯᠠᠨ ᠬᠦᠮᠦᠵᠢᠭᠦᠯᠬᠦ ᠶᠠᠪᠤᠳᠠᠯ ᠪᠤᠯᠤᠨ᠎ᠠ᠃ ᠲᠠᠷᠤᠢ ᠬᠡᠥᠬᠡᠳ ᠲᠤ ᠬᠠᠨᠳᠤᠬᠤ ᠪᠤᠴᠠᠯᠤᠮ᠎ᠠ ᠬᠠᠯᠠᠭᠤᠨ ᠬᠠᠶᠢᠷ᠎ᠠ ᠰᠡᠳᠬᠢᠯᠭᠡ ᠪᠠᠶᠢᠮᠠᠨᠵᠢᠨ ᠰᠠᠶ᠋ᠢ ᠵᠢᠭᠠᠨ ᠰᠤᠷᠭᠠᠬᠤ ᠦᠷ᠎ᠡ ᠠᠰᠢᠭ ᠢᠶᠠᠨ ᠦᠪᠡᠷ ᠤᠨ ᠵᠤᠷᠢᠭᠰᠠᠨ ᠬᠡᠮᠵᠢᠶᠡᠨ ᠳᠤ ᠬᠦᠷᠳᠡᠯ᠎ᠡ ᠡᠵᠡᠮᠰᠢᠭᠦᠯᠵᠤ ᠲᠡᠶᠢᠯᠭᠦ ᠶᠤᠮ᠂ ᠡᠶᠢᠮᠦ ᠠᠴᠠ ᠡᠩ ᠤᠨ ᠬᠡᠪ ᠴᠢᠨᠠᠷ ᠬᠢᠭᠡᠳ ᠬᠠᠶᠢᠷ᠎ᠠ ᠰᠡᠳᠭᠢᠯ ᠤᠨ ᠠᠯᠢ ᠨᠢᠭᠡ ᠨᠢ ᠴᠦ ᠭᠡᠳ ᠲᠤᠳᠠᠭᠳᠠᠵᠤ ᠪᠤᠯᠬᠤ ᠦᠭᠡᠢ ᠶᠤᠮ᠃ ᠵᠢᠭᠠᠨ ᠰᠤᠷᠭᠠᠬᠤ ᠦᠭᠡᠷᠡᠴᠢᠯᠡᠯᠳᠡ ᠶᠢᠨ ᠲᠤᠮᠳᠠ ᠦᠬᠦᠮᠡᠯ ᠢᠶᠠᠷ ᠪᠤᠰᠤᠳ ᠤᠨ ᠬᠡᠪ ᠵᠠᠭᠪᠤᠷ ᠢ ᠲᠠᠭᠤᠷᠢᠶᠠᠨ᠂ ᠬᠠᠷᠢᠨ ᠭᠠᠵᠠᠷ ᠤᠷᠤᠨ ᠪᠠ ᠰᠤᠷᠭᠠᠭᠤᠯᠢ ᠵᠢᠴᠢ ᠰᠤᠷᠤᠭᠴᠢᠳ ᠤᠨ ᠪᠤᠳᠠᠳᠠᠢ ᠪᠠᠶᠢᠳᠠᠯ ᠠᠴᠠ ᠡᠭᠦᠰᠬᠦ ᠦᠭᠡᠢ ᠶᠤᠮ ᠪᠤᠯ ᠵᠢᠩᠭᠢᠨᠢ ᠬᠡᠪ ᠴᠢᠨᠠᠷ ᠢ ᠰᠤᠷᠤᠭᠴᠢᠳ ᠲᠤ ᠤᠯᠭᠤᠵᠤ ᠲᠡᠶᠢᠯᠬᠦ ᠦᠭᠡᠢ ᠶᠤᠮ᠃ ᠲᠠᠷᠤᠢ ᠶᠠᠮᠠᠷ ᠶᠠᠩᠵᠤ ᠶᠢᠨ ᠵᠢᠭᠠᠨ ᠰᠤᠷᠭᠠᠬᠤ ᠵᠠᠭᠪᠤᠷ ᠢ ᠠᠪᠤᠭᠰᠠᠨ ᠴᠦ ᠰᠤᠷᠤᠭᠴᠢ ᠶᠢᠨ ᠪᠡᠶ᠎ᠡ ᠰᠡᠳᠬᠢᠴᠡ ᠶᠢᠨ ᠤᠨᠴᠠᠯᠢᠭ ᠲᠤ ᠲᠤᠬᠢᠷᠠᠯᠴᠠᠨ᠂ ᠰᠤᠷᠤᠭᠴᠢ ᠨᠢᠭᠡᠪᠦᠷᠢ ᠶᠢᠨ ᠬᠠᠯᠠᠭᠤᠨ ᠬᠦᠷᠢᠶᠡᠯᠡᠯ ᠢ ᠤᠯᠵᠤ ᠪᠠᠶᠢᠪᠠᠯ ᠰᠠᠶ᠋ᠢ ᠲᠡᠷᠡᠭᠦ ᠵᠢᠭᠠᠨ ᠰᠤᠷᠭᠠᠬᠤ ᠵᠠᠭᠪᠤᠷ ᠢᠶᠠᠨ ᠦᠷᠭᠦᠯᠵᠢᠯᠡᠨ ᠪᠠᠷᠢᠮᠳᠠᠯᠠᠵᠤ ᠪᠤᠯᠤᠨ᠎ᠠ᠃ ᠲᠡᠷᠭᠡᠯ ᠡᠷᠴᠢᠮ ᠲᠠᠢ ᠪᠡᠯᠡᠳᠭᠡᠯ ᠶᠤᠰᠤ ᠪᠠᠷ ᠬᠢᠴᠢᠶᠡᠯ ᠢᠶᠠᠨ ᠤᠷᠤᠭᠠᠳ᠂ ᠦᠵᠡᠵᠤ ᠪᠠᠶᠢᠳᠠᠯ᠎ᠠ ᠬᠢᠴᠢᠶᠡᠯ ᠪᠠᠭᠤᠬᠤ ᠴᠠᠭ ᠤᠳᠤ ᠠᠷᠪᠠᠭ᠋ᠠᠨ ᠮᠢᠨᠦ᠋ᠲ ᠪᠠᠶᠢᠯ᠎ᠠ᠃ ᠲᠡᠭᠦᠨ ᠤ ᠲᠠᠷᠢᠬᠢ ᠲᠤᠯᠤᠭᠠᠢ  ᠳᠤ ᠪᠠᠰᠠ ᠯᠡ ᠲᠦᠴᠢ ᠭᠠᠷᠤᠢ ᠵᠢᠯ ᠤᠨ ᠡᠮᠦᠨᠡᠬᠢ ᠲᠡᠷᠡᠭᠦ ᠤᠴᠢᠷ ᠶᠠᠪᠤᠳᠠᠯ ᠪᠤᠳᠤᠭᠳᠠᠬᠤ ᠶᠢᠨ ᠬᠠᠮᠳᠤ ᠰᠠᠶ᠋ᠢ ᠭᠡᠷ  ᠠᠴᠠ ᠭᠠᠷᠴᠤ ᠢᠷᠡᠭᠦ ᠳᠤ ᠲᠤᠯᠮ᠎ᠠ ᠶᠢᠨ ᠲᠡᠭᠦᠨ ᠳᠤ ᠵᠠᠬᠢᠵᠤ ᠪᠠᠶᠢᠭᠰᠠᠨ ᠤᠥᠯ ᠤᠨ ᠬᠡᠳᠦᠨ ᠬᠠᠮᠳᠤ ᠰᠤᠷᠤᠭᠴᠢᠳ  ᠲᠠᠢ ᠪᠠᠨ ᠵᠦᠪᠳᠡᠯᠡᠯᠴᠡᠵᠤ᠂ ᠲᠡᠳᠡᠨ ᠲᠠᠢ ᠬᠠᠮᠳᠤ ᠪᠠᠷ ᠪᠤᠥ ᠪᠠᠭᠰᠢ ᠪᠠᠨ ᠴᠤᠬᠤᠮ ᠬᠡᠷᠬᠢᠨ ᠡᠷᠢᠬᠦ ᠪᠠᠨ ᠪᠤᠳᠤᠨ ᠰᠠᠨᠠᠭᠠᠯᠵᠠᠵᠤ ᠪᠠᠶᠢᠯ᠎ᠠ᠃   ᠲᠡᠷᠡ ᠠᠵᠢᠯᠯᠠᠬᠤ ᠭᠡᠷ ᠲᠡᠭᠡᠨ ᠢᠷᠡᠭᠡᠳ ᠤᠳᠠᠰᠤᠨ ᠨᠤᠮᠧᠷ ᠤᠷᠪᠠᠭᠤᠯᠵᠤ ᠰᠠᠭᠤᠨ᠎ᠠ᠃ ᠤᠳᠤ ᠶᠢᠨ ᠴᠠᠭ ᠲᠤ ᠤᠳᠤᠷᠢᠳᠤᠯᠭ᠎ᠠ ᠪᠤᠯᠤᠭᠰᠠᠳ ᠬᠠᠷᠢᠯᠴᠠᠨ ᠤᠯᠠᠨ ᠤᠳᠤᠷᠢᠳᠤᠯᠭ᠎ᠠ ᠨᠠᠷ ᠤᠨ ᠤᠳᠠᠰᠤᠨ ᠨᠤᠮᠧᠷ ᠤᠨ ᠲᠡᠪᠳᠡᠷ ᠲᠠᠢ᠂ ᠠᠷᠠᠯᠵᠢᠶ᠎ᠠ ᠬᠤᠳᠠᠯᠳᠤᠭ᠎ᠠ ᠶᠢᠨ ᠲᠠᠭᠠᠭᠠᠮᠠᠯ ᠤᠳ ᠲᠡᠭᠦᠨ ᠤ ᠬᠡᠷᠡᠭᠯᠡᠭᠴᠢᠳ ᠤᠨ ᠭᠠᠷ ᠤᠳᠠᠰᠤᠨ ᠨᠤᠮᠧᠷ ᠤᠨ ᠲᠡᠪᠳᠡᠷ ᠲᠠᠢ ᠶᠤᠮ᠃ ᠲᠡᠷᠭᠡᠯ ᠤᠯᠠᠨ ᠰᠤᠷᠤᠭᠴᠢᠳ ᠤᠨ ᠭᠡᠷ ᠤᠨ ᠠᠬᠠᠮᠠᠳ ᠤᠨ ᠬᠠᠷᠮᠠᠨ ᠤᠳᠠᠰᠤᠨ ᠨᠤᠮᠧᠷ ᠵᠢᠴᠢ ᠲᠠᠨᠢᠬᠤ ᠬᠦᠮᠦᠰ ᠤᠨ ᠬᠠᠷᠮᠠᠨ ᠤᠳᠠᠰᠤᠨ ᠤ ᠨᠤᠮᠧᠷ ᠲᠠᠢ ᠶᠤᠮ᠃ ᠲᠡᠷᠡ ᠤᠷᠢᠳᠠᠪᠡᠷ ᠲᠡᠮᠦᠷ ᠤᠨ ᠭᠠᠷ ᠤᠳᠠᠰᠤᠨ ᠨᠤᠮᠧᠷ ᠢ ᠤᠯᠵᠤ᠂ ᠲᠡᠭᠦᠨ ᠳᠤ ᠤᠳᠠᠰᠤ ᠠᠪᠬᠤ ᠪᠠᠷ ᠪᠤᠯᠪᠠ᠃ ᠲᠡᠮᠦᠷ ᠭᠡᠭᠴᠢ ᠵᠢᠩᠭᠢᠨᠢ ᠲᠠᠩᠬᠢᠮ ᠤᠨ ᠲᠡᠰ ᠤᠨ ᠺᠠᠳ᠋ᠷ ᠶᠤᠮ᠃ ᠤᠳᠤ ᠴᠠᠭ ᠤᠨ ᠬᠦᠮᠦᠰ ᠵᠤᠷᠰᠢᠯ ᠶᠤᠰᠤᠭᠠᠷ ᠶᠠᠮᠠᠷ ᠨᠢᠭᠡᠨ ᠶᠠᠪᠤᠳᠠᠯ ᠤᠴᠢᠷ ᠰᠡᠳᠦᠭᠦ ᠳᠤ ᠶᠠᠭᠤᠨ ᠤ ᠡᠮᠦᠨ᠎ᠡ ᠲᠤᠮᠤ ᠡᠷᠭᠡ ᠰᠦᠷ ᠲᠠᠢ ᠨᠤᠶᠠᠨ ᠪᠤᠶᠤ ᠵᠤᠭᠤᠰ ᠮᠦᠩᠭᠦ ᠡᠯᠪᠡᠭ ᠲᠡᠯᠪᠡᠭ ᠪᠠᠶᠢᠬᠤ ᠲᠠᠭᠠᠭᠠᠮᠠᠯ ᠲᠠᠢ ᠬᠠᠷᠢᠴᠠᠵᠤ ᠶᠠᠪᠤᠳᠠᠯ ᠤᠴᠢᠷ ᠢᠶᠠᠨ ᠪᠦᠳᠦᠭᠦ ᠪᠠᠷ ᠤᠷᠤᠯᠳᠤᠳᠠᠭ᠃ ᠬᠡᠷᠪᠡ ᠴᠢ ᠲᠤᠮᠤ ᠨᠤᠶᠠᠨ ᠪᠤᠯᠵᠤ ᠲᠡᠶᠢᠯᠦᠭᠰᠡᠨ ᠦᠭᠡᠢ᠂ ᠠᠷᠪᠢᠨ ᠵᠤᠭᠤᠰ ᠮᠦᠩᠭᠦ ᠲᠠᠢ ᠲᠠᠭᠠᠭᠠᠮᠠᠯ ᠤᠯᠵᠤ ᠰᠠᠭᠤᠭᠰᠠᠨ ᠦᠭᠡᠢ ᠶᠤᠮ ᠪᠤᠯ ᠶᠠᠮᠠᠷ ᠴᠦ ᠤᠴᠢᠷ ᠶᠠᠪᠤᠳᠠᠯ ᠢ ᠰᠡᠳᠦᠨ ᠪᠦᠳᠦᠭᠡᠭᠦ ᠳᠤ ᠲᠦᠪᠡᠭ ᠲᠠᠢ ᠲᠤᠯᠠ ᠤᠴᠢᠷ ᠢᠶᠠᠨ ᠪᠦᠳᠦᠭᠡᠭᠦ ᠭᠡᠳ ᠵᠠᠷᠢᠮ ᠲᠠᠯ᠎ᠠ ᠪᠠᠷ ᠨᠢᠭᠡᠨᠳᠡ ᠬᠠᠭᠠᠰ ᠵᠠᠮ ᠶᠠᠪᠤᠭᠰᠠᠨ ᠪᠤᠯᠪᠠᠴᠤ᠂ ᠪᠦᠳᠦᠭᠡᠵᠤ ᠲᠡᠶᠢᠯᠬᠦ ᠦᠭᠡᠢ ᠲᠤᠯᠠ ᠠᠷᠭ᠎ᠠ ᠪᠤᠰᠤ ᠵᠠᠷᠢᠮ ᠳᠠᠭᠠᠨ ᠨᠠᠰᠤᠨ ᠲᠤᠷᠰᠢ ᠪᠦᠳᠦᠭᠡᠵᠤ ᠴᠢᠳᠠᠬᠤ ᠦᠭᠡᠢ ᠲᠤᠳᠠᠭᠤ ᠲᠤᠷᠭᠤᠨ ᠵᠤᠭᠰᠤᠳᠠᠭ ᠰᠠᠨ᠃ ᠲᠡᠷᠭᠡᠯ ᠳ᠋ᠢᠶᠠᠩᠬᠤᠸᠠ ᠶᠢᠨ ᠬᠠᠷᠢᠯᠴᠠᠭᠤᠷ ᠢᠶᠠᠨ ᠲᠤᠰᠴᠤ᠄ ᠬᠡᠨ ᠪᠤᠯᠪᠠ︖                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号