ᠬᠤᠵᠢᠮᠳᠠᠬᠰᠠᠨ ᠰᠡᠭᠡᠭᠡᠷᠡᠯ ︵ᠭᠤᠷᠪᠠ︶
ᠨᠡᠶᠢᠲᠡᠯᠡᠭᠰᠡᠨ ᠴᠠᠭ᠄
2016/4/14
                   ᠭᠤᠷᠪᠠ                  ᠪᠤᠯᠵᠤᠭ᠎ᠠ ᠶᠤᠰᠤᠭᠠᠷ ᠤᠷᠤᠢ ᠶᠢᠨ ᠵᠢᠷᠭᠤᠭᠠᠨ ᠴᠠᠭ ᠲᠤ ᠠᠮᠤᠷᠰᠠᠨᠠᠭ᠎ᠠ ᠭᠤᠶᠤ ᠰᠠᠶᠢᠬᠠᠨ ᠮᠡᠯ ᠬᠠᠷ᠎ᠠ  ᠦᠡᠭᠭᠡᠳᠦ ᠤᠥ ᠳ᠋ᠢ ᠵᠦᠭᠡᠯᠡᠨ ᠮᠠᠰᠢᠨ ᠬᠦᠳᠡᠯᠭᠡᠵᠤ᠂ ᠲᠡᠷᠭᠡᠯ ᠤᠨ ᠰᠠᠭᠤᠭ᠎ᠠ ᠭᠡᠷ   ᠤᠨ ᠵᠠᠬ᠎ᠠ ᠳᠤ ᠬᠦᠷᠴᠦ᠂ ᠲᠡᠷᠭᠡᠯ ᠳᠤ ᠤᠳᠠᠰᠤ ᠠᠪᠴᠤ ᠲᠡᠷᠭᠡᠨ ᠲᠤᠳᠤᠷ᠎ᠠ ᠪᠠᠨ ᠶᠠᠩᠵᠤᠥᠷ ᠲᠠᠮᠠᠬᠢ ᠭᠤᠵᠤᠶᠢᠯᠭᠠᠨ ᠲᠡᠷᠭᠡᠨ ᠤ ᠴᠤᠩᠬᠤ ᠪᠠᠷ ᠤᠳᠤᠭ᠎ᠠ ᠪᠠᠭᠠᠬᠢᠭᠤᠯᠤᠨ᠂ ᠲᠡᠷᠭᠡᠯ ᠪᠤᠯᠤᠨ ᠲᠤᠯᠮ᠎ᠠ ᠶᠢ ᠬᠦᠯᠢᠶᠡᠨ᠎ᠡ᠃  ᠤᠳᠤᠬᠢ  ᠴᠠᠭ ᠡᠷᠡᠨ ᠳᠤ ᠰᠠᠶᠢᠨ ᠡᠷ᠎ᠡ ᠤᠥ ᠳ᠋ᠢ ᠮᠠᠰᠢᠨ ᠲᠠᠢ᠂ ᠵᠠᠷᠤᠬᠤ ᠵᠤᠭᠤᠰ ᠲᠤᠳᠠᠬᠤ ᠦᠭᠡᠢ᠂ ᠰᠠᠶᠢᠨ ᠡᠬᠡᠨᠡᠷ ᠬᠠᠷᠢᠨ ᠤᠯᠠᠭᠠᠨ ᠦᠩᠭᠡᠳᠡᠢ ᠪᠤᠥᠮᠠ ᠲᠡᠷᠭᠡ ᠲᠠᠢ ᠶᠠᠪᠤᠬᠤ ᠨᠢ ᠨᠢᠭᠡᠨᠳᠡ ᠴᠠᠭ ᠦᠶ᠎ᠡ ᠶᠢᠨ ᠤᠷᠠᠰᠬᠠᠯ ᠪᠤᠯᠵᠠᠢ᠃ ᠲᠠᠪᠤ ᠵᠢᠷᠭᠤᠭᠠᠨ ᠮᠢᠨᠦ᠋ᠲ ᠶᠢᠨ ᠲᠠᠷᠠᠭ᠎ᠠ ᠲᠡᠷᠭᠡᠯ ᠲᠤᠯᠮ᠎ᠠ ᠲᠦᠷᠭᠡᠯᠡᠨ ᠨᠠᠭᠠᠰᠢ ᠶᠠᠪᠤᠨ᠎ᠠ᠂ ᠲᠤᠯᠮ᠎ᠠ ᠠᠮᠤᠷᠰᠠᠨᠠᠭ᠎ᠠ ᠶᠢᠨ ᠲᠡᠷᠭᠡᠳᠡ ᠢᠷᠡᠮᠡᠭᠴᠡ ᠵᠤᠷᠢᠭᠤᠳᠠ ᠪᠠᠷ᠄ ᠴᠢ ᠪᠠᠰᠠ ᠳ᠋ᠠ︕  ᠰᠢᠭᠤᠳ ᠬᠤᠭᠤᠯᠠᠨ ᠭᠡᠷ ᠲᠡᠭᠡᠨ ᠬᠦᠷᠪᠡᠯ ᠪᠤᠯᠤᠯ᠎ᠠ ᠳ᠋ᠠ︕ ᠡᠶᠢᠮᠦ ᠬᠤᠯᠠ ᠢᠷᠡᠵᠤ ᠮᠠᠨᠤᠰ   ᠢ  ᠲᠤᠰᠬᠤ  ᠴᠢᠬᠤᠯᠠ  ᠦᠬᠡᠢ ᠰᠢᠦ  ︕            ᠠᠮᠤᠷᠰᠠᠨᠠᠭ᠎ᠠ᠄ ᠬᠦᠢ︕ ᠴᠢᠨᠦ ᠨᠦᠬᠦᠷ ᠲᠡᠷᠭᠡᠯ ᠴᠢᠨᠢ ᠬᠡᠷᠪᠡ ᠮᠠᠨ ᠤ ᠲᠡᠮᠦᠷ ᠰᠢᠭ ᠲᠡᠩᠭᠢᠮ ᠤᠨ ᠲᠡᠰ  ᠤᠨ ᠲᠠᠷᠤᠭ᠎ᠠ ᠪᠤᠯᠤᠭᠰᠠᠨ ᠶᠤᠮ ᠪᠤᠯ ᠨᠠᠳᠠ ᠶᠢ ᠲᠤᠰᠬᠤ ᠪᠠᠷ ᠢᠷ᠎ᠡ ᠭᠡᠪᠡᠯ ᠪᠢ ᠬᠠᠷᠢᠨ ᠢᠷᠡᠭᠦ ᠦᠭᠡᠢ ᠳ᠋ᠠ︕  ᠭᠡᠶ᠎ᠡ︕ ᠨᠠᠳᠠ ᠰᠢᠭ ᠡᠶᠢᠮᠦ ᠨᠢᠭᠡᠨ ᠵᠢᠵᠢᠭ ᠠᠷᠠᠯᠵᠢᠶᠠᠴᠢᠨ ᠬᠠᠷᠢᠨ ᠵᠡᠭᠡᠯᠢ   ᠶᠢᠨ ᠬᠦᠮᠦᠰ ᠠᠴᠠ ᠪᠠᠰᠠ ᠢᠯᠡᠭᠦᠥ ᠪᠠᠶᠢᠨ᠎ᠠ ᠰᠢᠦ︕  ᠬᠠᠷᠢᠨ ᠲᠠᠨ ᠤ ᠲᠡᠷᠭᠡᠯ ᠴᠢᠨᠢ ᠰᠠᠶ᠋ᠢ ᠨᠠᠳᠠ ᠪᠠᠷ ᠲᠤᠰᠤᠭᠤᠯᠬᠤ ᠨᠢᠭᠡᠨ ᠵᠠᠪᠰᠢᠶᠠᠨ  ᠤᠯᠭᠤᠵᠠᠢ ᠃ ᠲᠠᠬᠢᠭᠠᠳ ᠬᠡᠯᠡᠪᠡᠯ ᠲᠠᠨ ᠤ ᠲᠡᠷᠭᠡᠯ ᠴᠢᠨᠢ ᠨᠠᠰᠤᠨ ᠲᠤᠷᠰᠢᠳᠡ ᠰᠤᠷᠭᠠᠨ ᠬᠦᠮᠦᠵᠢᠯ ᠤᠨ ᠤᠶᠢᠯᠡᠰ ᠤᠨ ᠲᠦᠯᠦᠭᠡ ᠭᠤᠶᠤᠴᠢ ᠦᠭᠡᠢ ᠵᠢᠳᠭᠦᠵᠤ ᠰᠤᠳᠤᠨ ᠪᠦᠳᠦᠭᠡᠯ ᠭᠠᠷᠭᠠᠬᠤ ᠪᠠᠷ ᠰᠦᠪᠡᠭᠴᠢᠯᠡᠨ ᠤᠷᠤᠯᠳᠤᠭᠠᠳ  ᠂ ᠬᠠᠷᠢᠨ ᠴᠠᠯᠢᠩ  ᠠᠴᠠ ᠪᠠᠨ ᠦᠭᠡᠷ᠎ᠡ ᠶᠠᠭᠤ ᠴᠦ ᠦᠭᠡᠢ ᠲᠡᠭᠡᠭᠰᠢ ᠪᠠᠨ‌ᠡᠷᠭᠡ ᠴᠦ ᠤᠯᠤᠭᠰᠠᠨ ᠦᠭᠡᠢ  ᠂ ᠮᠠᠰᠢᠨ ᠲᠡᠷᠭᠡ ᠴᠦ ᠦᠭᠡᠢ ᠶᠤᠮ ᠴᠢᠨᠢ  ᠂ ᠬᠠᠮᠳᠤ ᠰᠤᠷᠤᠭᠴᠢ ᠪᠤᠯᠤᠭᠰᠠᠨ ᠤ ᠬᠤᠪᠢ ᠳᠤ᠂ ᠪᠢ ᠲᠠᠨ ᠢ  ᠲᠤᠰᠬᠤ ᠦᠭᠡᠢ ᠦᠭᠡᠷ᠎ᠡ ᠴᠤᠬᠤᠮ ᠬᠡᠨ ᠲᠠᠨ ᠢ ᠢᠷᠡᠵᠤ ᠲᠤᠰᠬᠤ ᠶᠤᠮ ᠪᠤᠢ︖             ᠲᠤᠯᠮ᠎ᠠ ᠦᠭᠡ ᠶᠢ ᠨᠢ ᠡᠯᠭᠦᠨ ᠠᠪᠴᠤ᠄ ᠬᠠᠰᠢᠯᠠ ᠮᠠᠨ ᠤ ᠠᠮᠤᠷᠰᠠᠨᠠᠭ᠎ᠠ ᠬᠠᠶᠢᠷ᠎ᠠ ᠰᠡᠳᠭᠢᠯᠭᠡ  ᠵᠤᠵᠠᠭᠠᠨ ᠬᠦᠢ︕ ᠰᠠᠶᠢᠨ ᠳᠠᠭᠠᠨ ᠮᠠᠨ ᠤ  ᠨᠢᠭᠡ ᠪᠦᠯᠦᠭ ᠬᠠᠮᠳᠤ ᠰᠤᠷᠤᠭᠴᠢ ᠨᠠᠷ ᠲᠤᠳᠤᠷ᠎ᠠ ᠠᠴᠠ᠂ ᠲᠡᠷᠭᠡᠯ ᠶᠡᠷᠦᠳᠡᠭᠡᠨ ᠲᠠᠨ ᠢ  ᠠᠬᠢᠨ ᠲᠠᠬᠢᠨ  ᠶᠠᠷᠢᠭᠠᠳ ᠯᠡ  ᠪᠠᠶᠢᠳᠠᠭ ᠶᠤᠮ  ︕           ᠠᠮᠤᠷᠰᠠᠨᠠᠭ᠎ᠠ ᠬᠠᠳᠠᠭᠠᠨᠠᠳᠠᠯ᠎ᠠ ᠪᠠᠨ ᠢᠨᠢᠶᠡᠭᠰᠡᠭᠡᠷ᠄  ᠪᠢ ᠲᠠᠨ ᠢ ᠢᠷᠡᠵᠤ ᠲᠤᠰᠬᠤ ᠨᠢ  ᠪᠠᠰᠠ ᠨᠢᠭᠡᠨ ᠤᠳᠬ᠎ᠠ ᠠᠭᠤᠯᠭ᠎ᠠ ᠪᠠᠶᠢᠨ᠎ᠠ ᠰᠢᠦ ᠳ᠋ᠠ︕ ᠲᠡᠷᠡ ᠨᠢ ᠲᠠᠷᠤᠢ ᠲᠤᠬᠠᠢ ᠶᠢᠨ ᠵᠢᠯ ᠳᠤ ᠬᠠᠮᠳᠤ ᠰᠤᠷᠤᠭᠴᠢ  ᠪᠠᠶᠢᠭᠰᠠᠨ ᠦᠶ᠎ᠡ ᠳᠤ  ᠲᠠᠨ ᠢ ᠬᠡᠳᠦᠢ ᠶᠡᠭᠡ ᠰᠠᠨᠠᠭᠰᠠᠨ ᠪᠤᠯᠪᠠᠴᠤ᠂ ᠬᠡᠯᠡᠬᠦ ᠦᠭᠡ ᠬᠡᠳᠦᠢ ᠠᠷᠪᠢᠨ ᠪᠠᠶᠢᠭᠰᠠᠨ ᠴᠦ ᠬᠡᠯᠡ ᠲᠠᠩᠨᠠᠢ ᠲᠤᠯᠤᠭᠠᠳ ᠠᠳᠠᠭ ᠲᠠᠭᠠᠨ ᠲᠠᠨ ᠳᠤ ᠬᠡᠯᠡᠵᠤ ᠭᠠᠷᠭᠠᠵᠤ ᠲᠡᠶᠢᠯᠦᠭᠰᠡᠨ ᠦᠭᠡᠢ᠂ ᠬᠠᠷᠢᠨ ᠰᠠᠨᠠᠭᠠᠨ  ᠳᠤ ᠦᠭᠡᠢ ᠪᠠᠷ ᠪᠤᠰᠤᠳ ᠲᠤ ᠪᠤᠯᠢᠶᠠᠭᠳᠠᠭᠰᠠᠨ ᠰᠢᠦ ᠳ᠋ᠠ︕ ᠤᠳᠤ ᠶᠢᠨ ᠪᠡᠶ᠎ᠡ ᠲᠡᠩᠭᠡᠯᠡᠭᠦᠨ ᠴᠠᠭ ᠶᠢᠨ ᠠᠮᠵᠢᠵᠤ ᠂ ᠦᠡᠭᠭᠭᠡᠷᠡᠭᠰᠡᠨ ᠤᠴᠢᠷ ᠢᠶᠠᠨ ᠪᠤᠳᠤᠨ ᠪᠤᠳᠤᠨ ᠪᠠᠶᠢᠵᠤ᠂ ᠪᠢ ᠴᠢᠮᠠᠶᠢ ᠳᠤ ᠶᠠᠭ ᠯᠡ ᠨᠢᠭᠡ ᠪᠠᠭ᠎ᠠ ᠦᠶᠢᠯᠡᠴᠢᠯᠡᠭᠦ  ᠳᠤ᠂  ᠲᠡᠷᠡ ᠨᠢ ᠬᠠᠷᠢᠨ ᠮᠢᠨᠦ ᠬᠢᠪᠡᠰᠦ ᠵᠤᠬᠢᠬᠤ ᠠᠵᠢᠯ ᠭᠡᠵᠤ ᠪᠢ ᠦᠵᠡᠨ᠎ᠡ  ᠃             ᠲᠤᠯᠮ᠎ᠠ ᠴᠦ ᠰᠡᠳᠭᠢᠯ ᠲᠤᠳᠤᠷ᠎ᠠ ᠪᠠᠨ  ᠶᠡᠬᠡᠯ᠎ᠡ ᠲᠠᠭᠠᠯᠠᠮᠵᠢᠲᠠᠢ ᠪᠠᠶᠢᠵᠤ᠂ ᠨᠢᠭᠤᠷ ᠴᠢᠷᠠᠢ ᠳᠠᠭᠠᠨ ᠢᠨᠢᠶᠡᠳᠦ ᠢᠯᠡᠷᠡᠭᠦᠯᠦᠭᠰᠡᠭᠡᠷ ᠪᠠᠶᠢᠵᠤ᠄ ᠮᠠᠨ ᠤ ᠡᠮᠡᠭᠳᠡᠢ ᠬᠦᠮᠦᠨ ᠭᠡᠵᠤ ᠳ᠋ᠡ︕ᠡᠶᠢᠮᠦ ᠯᠡ ᠠᠮᠠᠷᠬᠠᠨ ᠰᠡᠳᠭᠢᠯ ᠬᠦᠭᠰᠡᠳᠡᠭ  ᠰᠠᠨ︕ ᠬᠡᠨ ᠬᠡᠷᠪᠡ ᠮᠠᠨᠤᠰ ᠢ  ᠬᠡᠳᠦᠢ ᠦᠳᠡᠯᠦᠭᠰᠡᠨ ᠴᠦ ᠬᠠᠷᠢᠨ ᠪᠢᠴᠢᠬᠠᠨ ᠬᠡᠥᠬᠡᠳ ᠰᠢᠭ ᠭᠡᠪᠡᠯ ᠂ ᠲᠤᠥᠷ᠎ᠠ ᠪᠠᠨ ᠶᠡᠭᠡᠯ᠎ᠡ ᠪᠠᠶᠠᠷᠯᠠᠳᠠᠭ ᠶᠤᠮ ᠳ᠋ᠠ︕  ᠲᠤᠯᠮ᠎ᠠ ᠵᠤᠷᠢᠭᠤᠳᠠ ᠪᠠᠷ ᠠᠮᠤᠷᠰᠠᠨᠠᠭ᠎ᠠ ᠶᠢᠨ ᠵᠦᠭ ᠬᠠᠨᠳᠤᠵᠤ  ᠂  ᠴᠢᠨᠦ ᠠᠮᠠᠨ ᠠᠴᠠ ᠴᠢᠨᠢ ᠶᠤᠰᠤᠳᠠᠢ ᠮᠤᠭᠠᠢ ᠮᠡᠯᠡᠭᠡᠢ ᠴᠤᠪᠤᠷᠠᠨ᠎ᠠ︕ ᠡᠳᠡᠭᠡᠷ ᠤᠨ ᠵᠢᠯ ᠳᠤ ᠴᠢ ᠲᠠᠭᠠᠭᠠᠮᠠᠯ  ᠰᠠᠭᠤᠭᠠᠳ᠂  ᠭᠡᠷ ᠲᠡᠭᠡᠨ ᠨᠡᠷ᠎ᠡ ᠲᠠᠢ ᠬᠠᠳᠤᠨ ᠲᠠᠢ᠂ ᠭᠠᠳᠠᠨ᠎ᠠ ᠪᠠᠰᠠ ᠨᠡᠷ᠎ᠡ ᠦᠬᠡᠢ ᠬᠠᠳᠤᠨ᠂ ᠤᠯᠠᠨ ᠠᠪᠬᠠᠢ ᠨᠠᠷ ᠲᠠᠢ ᠵᠢᠷᠭᠠᠭᠠᠳ ᠶᠤᠰᠤᠳᠠᠢ ᠬᠠᠭᠠᠨ ᠤ ᠵᠢᠷᠭᠠᠯ ᠠᠴᠠ ᠪᠠᠰᠠ ᠲᠤᠳᠠᠭᠤ ᠦᠭᠡᠢ ᠪᠠᠶᠢᠨ᠎ᠠ ᠰᠢᠦ︕             ᠠᠮᠤᠷᠰᠠᠨᠠᠭ᠎ᠠ᠄ ᠪᠢ ᠡᠳᠡᠭᠡᠷ ᠦᠭᠡ ᠶᠢ ᠵᠦᠪᠭᠡᠨ  ᠴᠢᠮ᠎ᠠ ᠳᠤ ᠯᠡ  ᠬᠡᠯᠡᠵᠤ  ᠪᠠᠶᠢᠨ᠎ᠠ ᠰᠢᠦ︕ ᠬᠠᠷᠢᠨ ᠴᠢ ᠢᠳᠡᠭᠡᠭᠦ ᠦᠭᠡᠢ ᠳᠤ ᠪᠤᠯᠤᠨ᠎ᠠ᠃ ᠭᠡᠪᠡᠴᠦ ᠪᠢ  ᠬᠦᠮᠦᠨ ᠦᠵᠡᠪᠡᠯ ᠬᠡᠯᠡᠵᠤ᠂  ᠮᠤᠳᠤ ᠦᠵᠡᠪᠡᠯ  ᠪᠢᠴᠢᠳᠡᠭ ᠦᠭᠡᠢ  ᠶᠤᠮ︕ ᠴᠢ ᠢᠳᠡᠭᠡᠭᠦ ᠦᠭᠡᠢ ᠶᠤᠮ ᠪᠤᠯ ᠲᠡᠷᠭᠡᠯ ᠠᠴᠠ ᠠᠰᠠᠭᠤᠵᠤ ᠦᠵᠡ︖ ᠪᠢ ᠲᠡᠭᠦᠨ ᠤ ᠡᠮᠦᠨ᠎ᠡ ᠲᠠᠨ ᠢ ᠴᠤᠬᠤᠮ ᠬᠡᠴᠦᠨᠡᠨ ᠬᠡᠯᠡᠭᠰᠡᠨ ᠴᠦ ᠶᠠᠮᠠᠷ ᠬᠠᠮᠢᠶ᠎ᠠ ᠲᠠᠢ ᠳ᠋ᠠ︖ ᠪᠤᠳᠠᠭᠠᠨ ᠤ ᠲᠠᠷᠠᠭ᠎ᠠ᠂ ᠪᠢ ᠲᠡᠷᠭᠡᠯ ᠢ ᠠᠪᠤᠭᠠᠳ ᠲᠠᠭᠤᠨ ᠤ ᠲᠠᠩᠭᠢᠮ᠂ ᠪᠡᠶ᠎ᠡ ᠤᠬᠢᠶᠠᠬᠤ ᠭᠠᠵᠠᠷ ᠬᠦᠷᠴᠦ ᠪᠠᠶᠢᠭᠠᠳ ᠲᠡᠭᠦᠨ ᠳᠤ ᠭᠠᠯ ᠵᠠᠯᠠᠭᠤ ᠬᠡᠳᠦᠨ ᠦᠬᠢᠳ ᠲᠠᠭᠤᠳᠠᠨ᠂ ᠲᠡᠭᠦᠨ ᠳᠤ ᠮᠦᠨ ᠬᠠᠭᠠᠨ ᠤ ᠵᠢᠷᠭᠠᠯ ᠡᠳ᠋ᠯᠡᠭᠦᠯᠦᠨ᠎ᠡ  ᠃       ᠲᠤᠯᠮ᠎ᠠ ᠬᠠᠷᠢᠨ᠄ ᠴᠢ ᠡᠪᠡᠳᠴᠢᠨ ᠳᠤ  ᠨᠡᠷᠪᠡᠭᠳᠡᠭᠦ ᠠᠴᠠ ᠠᠶᠤᠬᠤ ᠦᠭᠡᠢ ᠤᠤ︖ ᠮᠠᠨ ᠤ ᠲᠡᠷᠭᠡᠯ ᠬᠠᠷᠢᠨ ᠲᠡᠳᠡᠭᠡᠷ ᠡᠪᠡᠳᠴᠢᠨ ᠳᠤ ᠬᠠᠯᠳᠠᠪᠤᠷᠢᠯᠠᠭᠳᠠᠬᠤ ᠠᠴᠠ ᠠᠶᠤᠨ᠎ᠠ ᠰᠢᠦ︕       ᠠᠮᠤᠷᠰᠠᠨᠠᠭ᠎ᠠ᠄ ᠴᠢᠨᠦ ᠬᠡᠯᠡᠵᠤ ᠪᠠᠶᠢᠬᠤ ᠲᠡᠷᠡᠭᠦ ᠡᠪᠡᠳᠴᠢᠨ ᠴᠢᠨᠢ ᠲᠠᠷᠤᠢ ᠡᠩ ᠤᠨ ᠡᠪᠡᠳᠴᠢᠨ ᠪᠦᠭᠡᠳ  ᠲᠡᠷᠡ ᠨᠢ ᠬᠠᠷᠢᠨ ᠡᠪ ᠡᠩ ᠤᠨ ᠬᠢᠮᠤᠷᠭ᠎ᠠ ᠰᠢᠭ᠋ ᠶᠤᠮ ᠳ᠋ᠠ︕ ᠴᠢ ᠢᠳᠡᠭᠡᠭᠦ ᠦᠭᠡᠢ ᠶᠤᠮ ᠪᠤᠯ ᠨᠢᠭᠡ ᠲᠤᠷᠰᠢᠵᠤ ᠦᠵᠡ︕  ᠴᠢᠨᠦ ᠮᠡᠳᠦ ᠶᠠᠭᠤᠮ᠎ᠠ ᠪᠦᠬᠦᠨ ᠠᠴᠠ ᠠᠶᠤᠨ ᠰᠦᠷᠳᠡᠭᠡᠳ ᠶᠠᠮᠠᠷ ᠬᠡᠷᠡᠭ ᠲᠠᠢ ᠪᠤᠢ︕  ᠬᠦᠴᠦ ᠲᠤᠷᠪᠢᠲᠠᠢ ᠵᠠᠯᠠᠭᠤ ᠨᠠᠰᠤᠨ  ᠳᠠᠭᠠᠨ ᠵᠢᠷᠭᠠᠬᠤ ᠦᠭᠡᠢ ᠴᠤᠬᠤᠮ ᠬᠡᠷᠡᠮ ᠤᠨ ᠰᠡᠭᠦᠳᠡᠷ ᠢ ᠴᠦ ᠦᠵᠡᠪᠡᠯ ᠠᠶᠤᠭᠠᠳ ᠶᠠᠭᠠᠬᠢᠬᠤ ᠪᠤᠢ︕       ᠠᠮᠤᠷᠰᠠᠨᠠᠭ᠎ᠠ ᠪᠠ ᠲᠤᠯᠮ᠎ᠠ ᠬᠤᠶᠠᠷ  ᠬᠡᠯᠡ ᠶᠢᠨ ᠪᠠᠶᠢᠯᠳᠤᠭᠠᠨ ᠪᠤᠯᠵᠤ ᠪᠠᠶᠢᠬᠤ ᠳᠤ᠂ ᠲᠡᠷᠭᠡᠯ  ᠬᠠᠷᠢᠨ ᠬᠡᠵᠢᠶᠡᠨᠡᠢ ᠲᠡᠷᠭᠡᠨ ᠳᠤ ᠭᠠᠷᠤᠭᠠᠳ ᠰᠡᠮᠡᠬᠡᠷ ᠠᠮᠤᠷᠰᠠᠨᠠᠭ᠎ᠠ ᠶᠢᠨ ᠵᠦᠭ ᠬᠠᠨᠳᠤᠵᠤ ᠲᠡᠭᠦᠨ ᠳᠤ ᠤᠶᠢᠷᠠᠳᠤᠨ  ᠲᠡᠷᠭᠡᠨ ᠳᠤ ᠭᠠᠷᠭ᠎ᠠ᠂ ᠲᠡᠷᠡ ᠭᠡᠳᠡᠭ  ᠴᠢᠨᠢ  ᠬᠦᠮᠦᠨ ᠦᠵᠡᠪᠡᠯ ᠦᠭᠡ ᠤᠯᠠᠨ ᠪᠤᠯᠬᠤ ᠵᠠᠩ ᠲᠠᠢ ᠶᠤᠮ᠂ ᠨᠡᠩ ᠴᠦ ᠬᠠᠮᠳᠤ ᠰᠤᠷᠤᠭᠴᠢ ᠨᠠᠷ ᠲᠠᠢ  ᠤᠴᠠᠷᠠᠪᠠᠯ ᠬᠡᠯᠡᠬᠦ ᠦᠭᠡ ᠨᠢ ᠬᠡᠯᠬᠢᠶ᠎ᠡ ᠬᠡᠯᠬᠢᠶ᠎ᠡ ᠪᠠᠷ ᠴᠤᠪᠤᠷᠠᠭᠠᠳ ᠯᠡ ᠪᠠᠶᠢᠳᠠᠭ ᠶᠤᠮ  ᠃       ᠠᠮᠤᠷᠰᠠᠨᠠᠭ᠎ᠠ ᠲᠡᠷᠭᠡ ᠪᠠᠨ ᠵᠠᠯᠠᠵᠤ ᠠᠯᠭᠤᠷ ᠢᠶᠠᠷ  ︽ᠨᠠᠶᠢᠷᠠᠮᠳᠠᠯ ᠬᠤᠭᠤᠯᠠᠨ ᠭᠡᠷ  ︾ ᠤᠨ ᠡᠭᠦᠳᠡᠨ ᠡᠮᠦᠨ᠎ᠡ ᠵᠤᠭᠰᠤᠵᠠᠭᠠᠵᠤ᠂ ᠠᠮᠤᠷ ᠢ ᠬᠠᠮᠠᠭᠠᠯᠠᠭᠴᠢ ᠶᠢ ᠲᠠᠭᠤᠳᠠᠨ᠂ ᠡᠭᠦᠳᠡ ᠨᠡᠭᠡᠯᠭᠡᠨ ᠲᠤᠳᠤᠭᠰᠢ ᠪᠠᠨ ᠤᠷᠤᠪᠠ᠃ ᠠᠮᠤᠷᠰᠠᠨᠠᠭ᠎ᠠ ᠲᠡᠷᠭᠡᠨ ᠲᠦᠯᠬᠢᠭᠦᠷ ᠢᠶᠠᠨ  ᠠᠮᠤᠷ ᠢ  ᠬᠠᠮᠠᠭᠠᠯᠠᠭᠴᠢ ᠶᠢᠨ ᠭᠠᠷ ᠲᠤ ᠰᠢᠳᠡᠮᠡᠭᠴᠡ  ᠶᠠᠭᠤ ᠴᠦ  ᠬᠡᠯᠡᠭᠰᠡᠨ ᠦᠭᠡᠢ ᠪᠠᠷ ᠲᠡᠷᠢᠭᠦᠨ ᠡᠷᠭᠦᠨ ᠰᠢᠭᠤᠳ ᠬᠤᠭᠤᠯᠠᠨ ᠭᠡᠷ ᠤᠷᠤᠭᠤ ᠠᠯᠬᠤᠨ᠂ ᠶᠠᠮᠠᠷ ᠨᠢᠭᠡᠨ ᠬᠤᠳᠠ ᠶᠢᠨ ᠲᠠᠷᠤᠭ᠎ᠠ ᠠᠴᠠ ᠴᠦ ᠲᠤᠳᠠᠭᠤ ᠦᠭᠡᠢ ᠰᠦᠷ ᠰᠦᠯᠳᠡ ᠲᠠᠢ᠂ ᠴᠡᠭᠡᠵᠢ ᠲᠦᠷᠢᠨ ᠤᠷᠤᠯ᠎ᠠ  ᠃  ᠤᠳᠤ ᠶᠢᠨ ᠴᠠᠭ  ᠲᠤ ᠲᠠᠷᠤᠭ᠎ᠠ ᠪᠤᠯᠤᠭᠰᠠᠳ ᠤᠨ ᠰᠦᠷ ᠰᠦᠯᠳᠡ ᠨᠢ ᠬᠠᠷᠢᠨ ᠬᠤᠭᠤᠯᠠᠨ ᠭᠡᠷ  ᠪᠤᠶᠤ ᠨᠠᠭᠠᠳᠤᠮ ᠤᠨ ᠲᠠᠯᠠᠪᠤᠷ ᠲᠤ ᠢᠯᠡᠷᠡᠳᠡᠭ ᠰᠠᠨ︕ ᠡᠭᠦᠨ ᠲᠠᠢ ᠬᠠᠷᠢᠴᠠᠭᠤᠯᠪᠠᠯ ᠲᠡᠷᠭᠡᠯ ᠪᠠ ᠲᠤᠯᠮ᠎ᠠ ᠶᠢᠨ ᠬᠦᠮᠦᠨ ᠤ ᠡᠮᠦᠨᠡᠬᠢ ᠢᠯᠡᠷᠡᠯ ᠨᠢ ᠬᠠᠷᠢᠨ ᠡᠶᠢᠮᠦ ᠶᠡᠭᠡ ᠪᠢᠰᠢ ᠪᠦᠭᠡᠳ ᠨᠢᠷᠤᠭᠤ ᠨᠢ ᠴᠦ ᠭᠡᠳᠡᠶᠢᠬᠦ ᠦᠭᠡᠢ᠂ ᠲᠡᠷᠢᠬᠦᠨ  ᠡᠷᠡᠭᠦᠯ ᠦᠭᠡᠢ᠂ ᠭᠡᠳᠡᠰᠦ ᠨᠢ ᠴᠦ ᠤᠷᠤᠭᠰᠢ ᠪᠠᠨ ᠲᠡᠭᠡᠵᠤ ᠭᠦᠳᠦᠶᠢᠭᠰᠡᠨ‌ᠦᠭᠡᠢ  ᠪᠢᠯᠡ᠃ ᠬᠤᠭᠤᠯᠠᠨ ᠭᠡᠷ ᠤᠨ ᠡᠭᠦᠳᠡᠨ ᠬᠤᠶᠠᠷ ᠲᠠᠯ᠎ᠠ ᠪᠠᠷ ᠠᠷᠪᠠ ᠭᠠᠷᠤᠢ ᠬᠡᠥᠬᠡᠨ ᠬᠤᠶᠠᠷ ᠮᠦᠷᠯᠡᠨ ᠵᠤᠭᠰᠤᠵᠤ᠂ ᠴᠦᠮ ᠤᠯᠠᠭᠠᠨ ᠲᠤᠷᠭᠠᠨ  ᠲᠡᠪᠡᠯ ᠬᠡᠳᠦᠷᠴᠦ᠂ ᠵᠤᠷᠢᠭᠤᠳᠠ ᠪᠠᠷ ᠨᠢᠴᠦᠭᠦᠨ ᠭᠤᠶ᠎ᠠ ᠪᠠᠨ ᠭᠠᠷᠭᠠᠨ᠂ ᠤᠯᠠᠨ ᠬᠦᠮᠦᠰ ᠲᠤ ᠦᠵᠡᠭᠦᠯᠦᠨ᠎ᠡ ᠳ᠋ᠡ  ︕ ᠲᠡᠳᠡᠨᠡᠷ ᠢ ᠠᠪᠤᠨ ᠠᠵᠢᠭᠯᠠᠪᠠᠯ᠂  ᠴᠢᠷᠠᠢ ᠶᠢᠨ ᠦᠡᠭᠭᠡ ᠵᠢᠰᠦ ᠨᠢ ᠭᠢᠯᠪᠠᠯᠵᠠᠵᠤ ᠡᠪᠴᠢᠭᠦᠥ ᠴᠡᠭᠡᠵᠢ ᠨᠢ ᠤᠷᠤᠭᠰᠢ ᠪᠠᠨ ᠲᠡᠨᠡᠶᠢᠵᠤ᠂ ᠨᠢᠷᠤᠭᠤ ᠨᠢ ᠴᠦ ᠮᠤᠰᠭᠢᠷᠠᠨ᠂ ᠪᠦᠭᠰᠡ ᠨᠢ ᠤᠯᠠᠮ ᠬᠤᠶᠢᠰᠢ ᠪᠠᠨ  ᠲᠦᠨᠳᠡᠶᠢᠵᠤ  ᠂  ᠦᠪᠴᠢ ᠪᠡᠶ᠎ᠡ  ᠠᠴᠠ ᠨᠢ ᠤᠥ  ᠡᠩᠭᠢᠰᠭᠡ ᠶᠢᠨ ᠦᠨᠦᠷ ᠠᠩᠭᠢᠯᠠᠨ᠂ ᠶᠤᠰᠤᠳᠠᠢ ᠰᠢᠨ᠎ᠡ  ᠴᠠᠭ  ᠦᠶ᠎ᠡ ᠶᠢᠨ ᠠᠪᠬᠠᠢ ᠨᠠᠷ   ᠤᠨ  ᠲᠦᠷᠢ  ᠪᠠᠶᠢᠳᠠᠯ   ᠢ ᠬᠠᠷᠠᠭᠤᠯᠤᠨ᠎ᠠ  ᠳ᠋ᠠ᠃ ᠭᠠᠳᠠᠨ᠎ᠠ ᠠᠴᠠ ᠰᠠᠶ᠋ᠢ  ᠤᠷᠤᠭᠰᠠᠨ ᠲᠡᠷᠭᠡᠯ ᠨᠡᠷ ᠲᠡᠳᠡᠨᠡᠷ ᠤᠨ ᠲᠡᠷᠭᠡᠳᠡᠭᠦᠷ ᠦᠩᠭᠡᠷᠡᠨ ᠭᠠᠷᠬᠤ ᠳᠤ᠂ ᠡᠳᠡᠭᠡᠷ ᠲᠤᠰᠬᠠᠢ ᠪᠤᠯᠪᠠᠰᠤᠷᠠᠯ ᠬᠦᠷᠳᠡᠭᠰᠡᠨ  ᠭᠤᠶᠤ ᠠᠪᠬᠠᠢ ᠨᠠᠷ ᠵᠡᠷᠭᠡ  ᠪᠠᠷ ᠬᠤᠭᠤᠯᠠ ᠨᠡᠶᠢᠯᠡᠭᠦᠯᠦᠨ ᠦᠨᠦᠳᠦᠷ ᠲᠠᠭᠤᠨ ᠢᠶᠠᠷ  ︽ᠪᠠᠶᠠᠷᠯᠠᠨ  ᠤᠭᠳᠤᠶ᠎ᠠ  ︕︾  ᠭᠡᠵᠤ ᠬᠠᠰᠭᠢᠷᠤᠨ᠎ᠠ᠃ ᠡᠳᠡᠭᠡᠷ ᠠᠬᠤᠢ ᠪᠠᠶᠢᠳᠠᠯ ᠢ  ᠠᠪᠤᠨ ᠦᠵᠡᠬᠦ ᠳᠤ ᠪᠡᠭᠡᠵᠢᠩ ᠳᠤ ᠪᠤᠯᠤᠭᠰᠠᠨ ᠠᠽᠢᠶ᠎ᠠ ᠲᠢᠪ   ᠤᠨ ᠪᠡᠶ᠎ᠡ ᠲᠠᠮᠢᠷ   ᠤᠨ ᠤᠷᠤᠯᠳᠤᠭᠠᠨ ᠳᠠᠬᠢ ᠤᠭᠳᠤᠯᠭ᠎ᠠ ᠶᠢᠨ ᠦᠬᠢᠳ ᠠᠴᠠ ᠴᠦ ᠲᠤᠳᠠᠭᠤ ᠦᠭᠡᠢ ᠰᠦᠷ ᠬᠦᠴᠦᠨ ᠲᠠᠢ  ᠲᠠᠭᠤᠨ  ᠬᠠᠩᠭᠢᠨᠠᠭᠤᠯᠵᠤ  ᠯᠡ  ᠪᠠᠶᠢᠯ᠎ᠠ᠃ ᠲᠡᠭᠦᠨ ᠤ ᠲᠤᠳᠤᠷᠠᠬᠢ ᠬᠠᠮᠤᠭ ᠲᠡᠷᠢᠬᠦᠨ ᠳᠤᠨᠢ ᠲᠠᠭᠠᠭᠤᠯᠵᠤ ᠪᠠᠶᠢᠭᠰᠠᠨ ᠨᠢᠭᠡᠨ ᠭᠤᠶᠤ ᠬᠡᠥᠬᠡᠨ ᠰᠢᠭᠤᠳ ᠠᠮᠤᠷᠰᠠᠨᠠᠭ᠎ᠠ ᠶᠢᠨ ᠲᠡᠷᠭᠡᠳᠡ ᠬᠦᠷᠴᠦ ᠢᠷᠡᠨ᠄ ᠠᠪᠤᠭᠠᠢ ᠲᠠᠨ ᠤ ᠤᠷᠢᠳᠴᠢᠯᠠᠨ ᠵᠠᠬᠢᠶᠠᠯᠠᠭᠰᠠᠨ ᠴᠢᠨᠢ ᠴᠤᠬᠤᠮ ᠠᠯᠢ ᠨᠢᠭᠡ ᠦᠷᠦᠭᠡ ᠶᠤᠮ ᠪᠤᠢ︖ ᠠᠮᠤᠷᠰᠠᠨᠠᠭ᠎ᠠ ᠲᠤᠯᠤᠭᠠᠢ ᠪᠠᠨ ᠡᠷᠭᠢᠯ ᠦᠭᠡᠢ   ᠪᠠᠷ  ᠄ ︽ ᠵᠢᠷᠭᠠᠯᠠᠩᠳᠦ  ᠤᠷᠳᠤᠨ︾ ᠰᠢᠦ ᠳ᠋ᠡ︕  ᠲᠡᠭᠦᠨ ᠤ ᠬᠡᠯᠡᠭᠰᠡᠨ ᠦᠭᠡᠨ ᠤ ᠤᠮᠤᠭ ᠰᠦᠯᠳᠡ ᠠᠴᠠ ᠲᠠᠷᠤᠢ᠂ ᠬᠡᠷᠪᠡ ᠲᠤᠰ ᠬᠤᠭᠤᠯᠠᠨ ᠭᠡᠷ ᠲᠤ ︽ᠵᠢᠷᠭᠠᠯᠠᠩᠳᠦ ᠡᠭᠦᠳᠡ︾ ᠠᠴᠠ ᠪᠠᠰᠠ ᠰᠠᠶᠢᠨ ᠦᠷᠦᠭᠡ ᠪᠠᠶᠢᠬᠤ ᠶᠤᠮ ᠪᠤᠯ ᠲᠡᠷᠡ ᠯᠠᠪ ︽ᠵᠢᠷᠭᠠᠯᠠᠩᠳᠦ  ᠤᠷᠳᠤᠨ  ︾ ᠪᠠᠷ ᠯᠡ ᠵᠤᠭᠰᠤᠬᠤ  ᠦᠭᠡᠢ  ᠂ ᠡᠩ ᠰᠦᠷ ᠵᠢᠪᠬᠤᠯᠠᠩᠳᠠᠢ ᠨᠢᠭᠡ ᠶᠢ ᠨᠢ ᠰᠤᠩᠭᠤᠬᠤ ᠨᠢ ᠲᠡᠷᠡ ᠪᠠᠶᠢᠯᠭᠦᠢ  ᠳ᠋ᠠ︕  ᠡᠭᠦᠨ ᠳᠤ ᠲᠡᠷᠡᠭᠦ ᠤᠭᠳᠤᠨ ᠭᠠᠷᠴᠤ ᠢᠷᠡᠭᠰᠡᠨ ᠠᠪᠬᠠᠢ  ᠪᠠᠷᠠᠭᠤᠨ ᠭᠠᠷ ᠢᠶᠠᠨ ᠴᠡᠭᠡᠵᠢᠨ ᠲᠤᠥᠷ᠎ᠠ ᠪᠠᠨ ᠬᠦᠨᠳᠡᠯᠦᠨ ᠢᠶᠠᠷ ᠭᠡᠳᠡᠰᠦ ᠲᠠᠢ ᠪᠠᠨ ᠨᠠᠭᠠᠯᠳᠤᠭᠤᠯᠵᠤ ᠨᠢᠷᠤᠭᠤ  ᠪᠦᠬᠦᠶᠢᠨ᠂  ᠵᠡᠭᠦᠨ  ᠭᠠᠷ ᠢᠶᠠᠷ ᠢᠶᠠᠨ ᠲᠤᠬᠢᠶᠠᠯᠠᠭᠰᠠᠭᠠᠷ᠂  ᠶᠡᠬᠡᠯ᠎ᠡ ᠶᠤᠰᠤᠷᠬᠠᠭ ᠢᠶᠠᠷ ︽ ᠨᠠᠳᠠ ᠶᠢ ᠲᠠᠭᠠᠭᠠᠳ ᠢᠷ᠎ᠡ︕  ︾ ᠭᠡᠬᠦ ᠳᠤ  ᠠᠮᠤᠷᠰᠠᠨᠠᠭ᠎ᠠ  ᠴᠦ ᠲᠡᠷᠡᠭᠦ ᠠᠪᠬᠠᠢ ᠶᠢ ᠲᠠᠭᠠᠭᠠᠳ  ᠶᠠᠪᠤᠬᠤ ᠳᠤ  ᠂ ᠬᠤᠶᠢᠨ᠎ᠠ ᠠᠴᠠ ᠨᠢ ᠲᠡᠷᠭᠡᠯ  ᠲᠤᠯᠮ᠎ᠠ ᠴᠦ  ᠰᠠᠨᠠᠭᠠᠨ ᠤ ᠠᠶ᠎ᠠ ᠪᠠᠷ ᠲᠤᠳᠤᠭᠰᠢ ᠮᠤᠷᠢᠯᠠᠨ  ᠂  ᠴᠠᠬᠢᠯᠭᠠᠨ ᠱᠠᠳᠤ ᠪᠠᠷ ᠲᠦᠷᠪᠡᠳᠦᠭᠡᠷ ᠠᠰᠠᠷ ᠲᠤ ᠭᠠᠷᠤᠯ᠎ᠠ᠃ ᠴᠠᠬᠢᠯᠭᠠᠨ ᠱᠠᠳᠤᠨ ᠲᠤᠳᠤᠷ᠎ᠠ᠂  ᠲᠠᠭᠠᠭᠤᠯᠤᠭᠴᠢ ᠠᠪᠬᠠᠢ ᠤᠳᠠᠰᠤ ᠦᠭᠡᠢ ᠬᠠᠷᠢᠯᠴᠠᠭᠤᠷ ᠪᠠᠷᠢᠨ᠂  ᠲᠦᠷᠪᠡᠳᠡᠭᠡᠷ ᠠᠰᠠᠷ ᠲᠠᠬᠢ ᠦᠢᠯᠡᠴᠢᠯᠡᠭᠴᠢᠳ ᠲᠠᠢ ᠬᠠᠷᠢᠯᠴᠠᠵᠤ᠂ ᠵᠤᠴᠢᠨ ᠨᠢᠭᠡᠨᠳᠡ ︽ᠵᠢᠷᠭᠠᠯᠠᠩᠳᠦ  ᠡᠭᠦᠳᠡᠨ︾ ᠳᠤ ᠢᠷᠡᠯ᠎ᠡ︕ ᠭᠡᠵᠤ ᠮᠡᠳᠡᠭᠳᠡᠪᠡ᠃ ᠠᠮᠤᠷᠰᠠᠨᠠᠭ᠎ᠠ ᠴᠦ ᠴᠠᠬᠢᠯᠭᠠᠨ ᠱᠠᠳᠤᠨ ᠠᠴᠠ ᠭᠠᠷᠴᠤ ᠢᠷᠡᠭᠦ  ᠳᠤ᠂ ᠠᠯᠢ ᠬᠡᠳᠦᠶᠢᠨ ᠠᠴᠠ ᠲᠡᠳᠡᠨᠡᠷ ᠢ ᠤᠭᠳᠤᠬᠤ ᠪᠠᠷ ᠪᠡᠯᠡᠳᠭᠡᠵᠤ ᠪᠠᠶᠢᠭᠰᠠᠨ ᠠᠪᠬᠠᠢ ᠨᠠᠷ ᠴᠦ ᠵᠡᠷᠭᠡ ᠪᠠᠷ ᠪᠡᠶ᠎ᠡ ᠮᠡᠬᠦᠶᠢᠨ ᠲᠤᠶᠢᠯ ᠤᠨ ᠶᠤᠰᠤᠷᠬᠠᠭ ᠢᠶᠠᠷ ᠮᠡᠨᠳᠦᠴᠢᠯᠡᠵᠤ᠂  ᠲᠠᠭᠤᠥ ᠪᠦᠵᠢᠭ ᠤᠨ ᠬᠠᠩᠭᠢᠨᠠᠮ᠎ᠠ ᠰᠠᠶᠢᠬᠠᠨ ᠠᠶᠠᠰ ᠤᠨ ᠲᠤᠮᠳᠠ ᠬᠠᠮᠳᠤ ᠪᠠᠷ᠄ ᠪᠠᠶᠠᠷᠯᠠᠨ ᠤᠭᠳᠤᠶ᠎ᠠ︕  ᠪᠠᠶᠠᠷᠯᠠᠨ ᠤᠭᠳᠤᠶ᠎ᠠ︕  ᠭᠡᠵᠤ ᠲᠡᠳᠡᠭᠡᠷ ᠠᠪᠬᠠᠢ ᠨᠠᠷ ᠬᠤᠭᠤᠯᠠ ᠨᠡᠶᠢᠯᠡᠭᠦᠯᠦᠨ ᠦᠨᠳᠦᠷ ᠲᠠᠭᠤᠨ ᠢᠶᠠᠷ ᠬᠠᠰᠬᠢᠷᠬᠤ ᠳᠤ  ᠂ ᠲᠤᠳᠤᠷ᠎ᠠ ᠦᠷᠦᠭᠡᠨ ᠠᠴᠠ  ᠵᠠᠯᠭᠠᠪᠡᠷ ᠵᠠᠯᠠᠭᠤ ᠠᠪᠬᠠᠢ ᠨᠠᠷ ᠴᠤᠪᠤᠷᠠᠯᠳᠤᠵᠤ ᠯᠡ ᠪᠠᠶᠢᠪᠠ᠃ ᠪᠠᠷᠤᠭᠯᠠᠪᠠᠯ᠂ ᠡᠳᠡᠭᠡᠷ ᠵᠣᠴᠢᠨ ᠤᠭᠳᠤᠬᠤ ᠠᠪᠬᠠᠶᠢᠴᠤᠳ ᠤᠨ ᠲᠤᠳᠤᠷ᠎ᠠ᠂  ᠵᠠᠷᠢᠮ ᠨᠢ ᠪᠠᠷᠤᠭ ᠤᠯᠤᠰ ᠤᠨ ᠲᠡᠰ ᠤᠨ ᠵᠤᠴᠢᠨ ᠤᠭᠳᠤᠬᠤ ᠲᠤᠰᠬᠠᠢ ᠪᠤᠯᠪᠠᠰᠤᠷᠠᠯ   ᠢ  ᠬᠦᠷᠳᠡᠭᠰᠡᠨ ᠪᠠᠶᠢᠵᠤ ᠮᠡᠳᠡᠨ᠎ᠡ᠃ᠲᠡᠳᠡᠨᠡᠷ   ᠤᠨ ᠶᠤᠰᠤᠷᠬᠠᠭ  ᠡᠶᠡᠯᠳᠡᠭ  ᠂  ᠪᠤᠯᠪᠠᠰᠤᠷᠠᠩᠭᠤᠢ ᠰᠠᠶᠢᠬᠠᠨ  ᠤᠶᠢᠯᠡ ᠬᠦᠳᠡᠯᠭᠡᠭᠡᠨ ᠨᠢ  ᠠᠳᠡ ᠢᠷᠡᠭᠰᠡᠨ ᠤᠯᠠᠨ ᠵᠤᠴᠢᠳ ᠤᠨ ᠪᠠᠭ᠋ᠠᠷᠤᠯ ᠢ  ᠲᠠᠳᠠᠵᠤ᠂ ᠰᠡᠳᠬᠢᠯ ᠰᠠᠨᠠᠭ᠎ᠠ ᠶᠢ ᠪᠠᠶᠠᠰᠬᠠᠨ᠎ᠠ᠃        ᠭᠤᠶᠤ ᠠᠪᠬᠠᠶᠢᠴᠤᠳ ᠬᠤᠭᠤᠯᠠᠨ   ᠤ ᠦᠷᠦᠭᠡᠨ   ᠳᠤ  ᠤᠷᠤᠬᠤ ᠳᠤ᠂  ᠠᠮᠤᠷᠰᠠᠨᠠᠭ᠎ᠠ   ᠠᠴᠠ ᠲᠡᠷᠭᠡᠯ   ᠢ ᠤᠷᠢᠨ ᠲᠡᠷᠢᠬᠦᠨ ᠰᠠᠭᠤᠳᠠᠯ ᠳᠤ ᠵᠠᠯᠠᠬᠤ ᠳᠤ ᠲᠡᠷᠭᠡᠯ ᠬᠠᠷᠢᠨ ᠪᠤᠰᠤᠳ ᠤᠨ ᠠᠷᠤ ᠳᠤ ᠪᠡᠶ᠎ᠡ ᠲᠠᠯᠳᠠᠯᠠᠵᠤ    ᠪᠠᠶᠢᠭᠰᠠᠭᠠᠷ᠄  ᠴᠢ ᠲᠡᠮᠦᠷ ᠲᠠᠢ ᠬᠤᠶᠠᠭᠤᠯᠠ ᠪᠠᠨ ᠰᠠᠭᠤᠪᠠᠯ ᠰᠠᠶ᠋ᠢ ᠲᠠᠭᠠᠷᠠᠨ᠎ᠠ᠂ ᠤᠴᠢᠷ ᠨᠢ ᠨᠢᠭᠡ ᠨᠢ ᠵᠤᠭᠤᠰ ᠮᠦᠩᠭᠦ ᠲᠠᠢ᠂ ᠨᠢᠭᠡ ᠨᠢ ᠡᠷᠭᠡ ᠠᠰᠢᠭ ᠲᠠᠢ ᠲᠤᠯᠠ ᠬᠠᠮᠢᠭ᠎ᠠ ᠠᠴᠠ ᠪᠠᠰᠠ ᠨᠠᠳᠠ   ᠳᠤ  ᠲᠡᠷᠢᠭᠦᠨ ᠰᠠᠭᠤᠳᠠᠯ   ᠳᠤ ᠰᠠᠭᠤᠬᠤ ᠬᠢᠷᠢ ᠬᠡᠮ ᠬᠡᠵᠤ ᠪᠠᠶᠢᠬᠤ  ᠳ᠋ᠠ︖            ᠠᠮᠤᠷᠰᠠᠨᠠᠭ᠎ᠠ ᠬᠠᠷᠢᠨ ᠲᠡᠷᠭᠡᠯ ᠤᠨ ᠭᠠᠷ ᠠᠴᠠ  ᠵᠢᠭᠤᠷᠠᠵᠤ᠄  ᠦᠨᠦᠳᠦᠷ ᠮᠠᠨ ᠤ ᠬᠠᠮᠳᠤ ᠰᠤᠷᠤᠭᠴᠢ  ᠶᠢᠨ  ᠴᠤᠭᠯᠠᠭᠠᠨ ᠪᠤᠯᠬᠤ ᠳᠤ ᠴᠢ ᠪᠤᠯ ᠲᠤᠬᠠᠢ ᠶᠢᠨ ᠦᠶ᠎ᠡ ᠳᠤ ᠮᠠᠨ ᠤ ᠠᠩᠭᠢ ᠶᠢᠨ ᠲᠠᠷᠤᠭ᠎ᠠ ᠪᠠᠶᠢᠭᠰᠠᠨ  ᠰᠢᠳᠡ ︕ ᠬᠠᠷᠢᠨ ᠲᠡᠮᠦᠷ ᠪᠢᠳᠡ ᠬᠤᠶᠠᠭᠤᠯᠠ ᠴᠢᠨᠢ ᠶᠠᠭᠤ ᠴᠦ  ᠪᠢᠰᠢ ᠪᠠᠶᠢᠭᠰᠠᠨ ᠰᠢᠦ︕ ᠡᠶᠢᠮᠦ ᠠᠴᠠ ᠴᠢ  ᠵᠠᠪᠠᠯ ᠲᠡᠷᠢᠬᠦᠨ ᠰᠠᠭᠤᠳᠠᠯ ᠳᠤ ᠰᠠᠭᠤᠬᠤ ᠨᠢ ᠵᠦᠢ ᠶᠤᠰᠤᠳᠠᠢ ᠰᠢᠦ︕  ᠲᠡᠮᠦᠷ ᠢᠷᠡᠭᠰᠡᠨ ᠴᠦ ᠲᠡᠷᠡ ᠮᠢᠨᠦ ᠰᠠᠨᠠᠭ᠎ᠠ  ᠲᠠᠢ ᠠᠳᠠᠯᠢ ᠶᠤᠮ᠃            ᠲᠡᠳᠡᠨᠡᠷ ᠶᠠᠭ ᠰᠠᠶᠢᠬᠠᠨ ᠬᠠᠷᠢᠯᠴᠢᠨ ᠲᠦᠯᠬᠢᠯᠴᠡᠵᠤ ᠪᠠᠶᠢᠳᠠᠯ᠎ᠠ  ᠂ ᠨᠢᠭᠡᠨ ᠠᠪᠬᠠᠢ ᠲᠡᠮᠦᠷ ᠢ  ᠭᠠᠳᠠᠨ᠎ᠠ  ᠠᠴᠠ ᠲᠠᠭᠠᠭᠤᠯᠤᠨ ᠤᠷᠤᠵᠤ ᠢᠷᠡᠭᠦ ᠳᠤ  ᠂ ᠲᠡᠮᠦᠷ ᠴᠦ ᠰᠠᠯᠤᠭᠠᠳ ᠤᠳᠠᠭᠰᠠᠨ ᠬᠡᠳᠦᠨ ᠬᠠᠮᠳᠤ ᠰᠤᠷᠤᠭᠴᠢ ᠲᠠᠢ  ᠪᠠᠨ ᠠᠭᠤᠯᠵᠠᠭᠠᠳ ᠦᠨᠡᠭᠡᠷ ᠮᠠᠩᠨᠠᠢ  ᠲᠡᠨᠢᠭᠦᠨ ᠪᠠᠶᠠᠷᠯᠠᠨ᠎ᠠ᠂ ᠰᠠᠶ᠋ᠢ ᠶᠢᠨ ᠠᠮᠤᠷᠰᠠᠨᠠᠭ᠎ᠠ ᠪᠠ ᠲᠡᠷᠭᠡᠯ ᠤᠨ ᠪᠤᠳᠠᠭᠠᠨ ᠰᠢᠷᠡᠭᠡᠨ ᠲᠡᠭᠡᠷᠡᠬᠢ ᠡᠶᠢᠮᠦᠷᠭᠦ ᠪᠠᠶᠢᠳᠠᠯ ᠢ ᠬᠠᠷᠠᠭᠠᠳ᠂ ᠤᠳᠤ ᠶᠢᠨ ᠲᠠᠷᠤᠭ᠎ᠠ ᠨᠠᠷ ᠴᠢᠨᠢ ᠶᠠᠪᠤᠳᠠᠯ ᠤᠴᠢᠷ ᠢ ᠪᠠᠷᠤᠭ  ᠴᠠᠭᠠᠨ᠎ᠠ ᠨᠢ ᠭᠠᠷᠳᠠᠯ᠎ᠠ   ᠪᠠᠨ ᠭᠠᠳᠠᠷᠯᠠᠭᠠᠳ  ᠂ ᠤᠷᠢᠳᠠᠪᠡᠷ ᠲᠡᠷᠭᠡᠯ   ᠤᠨ ᠭᠠᠷ ᠠᠴᠠ    ᠲᠠᠳᠠᠵᠤ ᠲᠡᠷᠢᠭᠦᠨ ᠰᠠᠭᠤᠳᠠᠯ ᠳᠤ ᠰᠠᠭᠤᠯᠭᠠᠪᠠ᠃ ᠲᠡᠷᠭᠡᠯ ᠬᠡᠳᠦᠢ ᠬᠦᠴᠦᠯᠡᠭᠰᠡᠨ ᠴᠦ ᠲᠡᠳᠡ ᠬᠤᠶᠠᠷ ᠤᠨ  ᠲᠦᠷᠪᠡᠨ ᠭᠠᠷ ᠤᠨ ᠬᠦᠴᠦ ᠶᠢ ᠬᠦᠴᠦᠯᠡᠵᠤ ᠲᠡᠶᠢᠯᠬᠦ ᠦᠭᠡᠢ ᠲᠤᠯᠠ ᠬᠠᠰᠢᠯᠠ ᠲᠡᠷᠭᠡᠯ ᠢ  ᠲᠡᠷᠢᠭᠦᠨ ᠰᠠᠭᠤᠳᠠᠯ ᠳᠤ ᠰᠠᠭᠤᠯᠭᠠᠪᠠ᠃ ᠭᠡᠶ᠎ᠡ ︕ ᠡᠨᠡᠬᠦ ᠰᠠᠭᠤᠳᠠᠯ ᠳᠤᠨᠢ ᠶᠠᠭ ᠯᠡ ᠱᠤᠷᠤ   ᠶᠢ ᠲᠡᠭᠡᠭᠰᠢ ᠬᠠᠨᠳᠤᠭᠤᠯᠤᠨ ᠲᠠᠯᠪᠢᠭᠰᠠᠨ ᠮᠡᠳᠦ ᠪᠠᠷ ᠲᠡᠷᠭᠡᠯ ᠢ ᠨᠢᠭᠡ ᠰᠧᠺᠤᠨᠲ ᠴᠦ ᠠᠮᠤᠷ ᠵᠢᠮᠤᠷ ᠰᠡᠳᠭᠢᠯ ᠲᠠᠯᠪᠢᠭᠤ ᠪᠠᠶᠢᠯᠭᠠᠭᠰᠠᠨ ᠦᠭᠡᠢ ᠰᠢᠭ ᠵᠢᠨ᠎ᠡ ᠲᠡᠷᠭᠡᠯ ᠤᠨ ᠲᠤᠳᠤᠷ᠎ᠠ ᠪᠠᠴᠢᠮᠳᠠᠭᠤᠯᠤᠨ᠎ᠠ ᠳ᠋ᠠ︕              ᠲᠡᠳᠡᠨᠡᠷ ᠲᠤᠶᠢᠯ ᠤᠨ ᠬᠦᠥᠷ ᠬᠦᠭᠵᠢᠶᠡᠨ   ᠲᠠᠢ ᠪᠠᠶᠠᠷᠯᠠᠯᠳᠤᠵᠤ ᠪᠠᠶᠢᠳᠠᠯ᠎ᠠ  ᠂ ᠤᠶᠢᠯᠡᠴᠢᠯᠡᠭᠴᠢ ᠬᠡᠥᠬᠡᠨ ᠪᠠᠰᠠ ᠬᠤᠶᠠᠷ ᠵᠤᠴᠢᠨ ᠤᠭᠳᠤᠨ ᠠᠪᠴᠢᠷᠠᠯ᠎ᠠ᠃ ᠲᠡᠷᠤᠢ ᠲᠡᠳᠡᠨ ᠤ ᠬᠠᠮᠳᠤ ᠰᠤᠷᠤᠭᠴᠢ ᠪᠠᠳᠤ ᠬᠢᠭᠡᠳ ᠤᠶᠤᠨ᠎ᠠ ᠪᠤᠯᠤᠨ᠎ᠠ᠃ ᠪᠠᠳᠤ ᠡᠭᠦᠳᠡ ᠤᠷᠤᠵᠤ ᠢᠷᠡᠮᠡᠭᠴᠡ ᠲᠡᠷᠭᠡᠯ ᠤᠨ ᠵᠦᠭ᠄ ᠲᠡᠷᠭᠡᠯ ᠡ  ︕ ᠦᠷᠯᠦᠭᠡ ᠲᠡᠮᠦᠷ ᠠᠴᠠ ᠮᠠᠨ ᠳᠤ ᠤᠳᠠᠰᠤ ᠢᠷᠡᠵᠤ᠂ ᠴᠢ ᠬᠠᠷᠢᠨ ᠮᠠᠨ ᠤ ᠡᠳᠡᠭᠡᠷ ᠬᠠᠮᠳᠤ ᠰᠤᠷᠤᠭᠴᠢ ᠨᠠᠷ ᠢ ᠶᠡᠬᠡᠯ᠎ᠡ ᠰᠠᠨᠠᠭᠠᠯᠵᠠᠵᠤ ᠪᠠᠶᠢᠨ᠎ᠠ ᠭᠡᠨᠡᠥ︖ ᠪᠢ ᠶᠠᠭ ᠰᠠᠶ᠋ᠢᠬᠠᠨ ᠲᠤᠷᠤᠭᠰᠢ ᠪᠠᠭᠤᠵᠤ᠂ ᠦᠳᠡ ᠶᠢᠨ ᠪᠤᠳᠠᠭ᠎ᠠ ᠪᠠᠨ ᠢᠳᠡᠵᠤ ᠪᠠᠷᠠᠮᠠᠭᠴᠠ  ᠭᠡᠷ ᠲᠡᠭᠡᠨ ᠴᠦ ᠬᠠᠷᠢᠭᠰᠠᠨ ᠦᠭᠡᠢ᠂ ᠪᠠᠶᠠᠷᠯᠠᠭᠠᠳ ᠠᠳᠡ ᠰᠢᠭᠤᠳ ᠲᠠᠯᠪᠢᠭᠠᠳ ᠢᠷᠡᠯ᠎ᠡ︕  ᠦᠨᠡᠨᠳᠡᠭᠡᠨ ᠮᠠᠨ  ᠤ ᠪᠠᠶᠢᠭᠤᠯᠤᠯᠭ᠎ᠠ ᠶᠢᠨ ᠦᠳᠡᠰᠢ ᠶᠢᠨ ᠬᠤᠷᠠᠯ ᠳᠤ ᠪᠠᠰᠠ ᠲᠠᠶᠢᠯᠠᠯᠭ᠎ᠠ ᠲᠠᠢ᠂ ᠪᠢ ᠬᠠᠷᠢᠨ ᠲᠡᠭᠦᠨ ᠢ ᠨᠢ  ᠨᠢᠭᠡᠴᠦ ᠬᠠᠮᠢᠶᠠᠷᠤᠭᠰᠠᠨ ᠦᠭᠡᠢ︕             ᠤᠶᠤᠨ᠎ᠠ ᠬᠠᠷᠢᠨ᠄  ᠪᠢ ᠬᠠᠷᠢᠨ ᠦᠳᠡᠰᠢ ᠪᠤᠯᠪᠠᠯ  ᠬᠠᠷᠢᠵᠤ ᠦᠳᠡᠰᠢ ᠶᠢᠨ  ᠵᠠᠬ᠎ᠠ ᠲᠡᠯᠭᠡᠭᠦᠷ ᠲᠤ ᠪᠠᠷᠠᠭ᠎ᠠ ᠪᠠᠨ ᠬᠤᠳᠠᠯᠳᠤᠨ᠎ᠠ ᠰᠢᠦ︕ ᠭᠡᠶ᠎ᠡ︕ ᠲᠡᠷᠭᠡᠯ   ᠤᠨ ᠤᠳᠠᠰᠤ ᠶᠢ ᠲᠤᠰᠤᠮᠠᠭᠴᠠ᠂ ᠪᠢ ᠬᠠᠷᠢᠨ ᠲᠡᠳᠡᠭᠡᠷ ᠠᠵᠢᠯ ᠢᠶᠠᠨ ᠡᠬᠡᠨᠡᠷ ᠲᠡᠭᠡᠨ ᠲᠤᠰᠢᠶᠠᠮᠠᠭᠴᠠ᠂ ᠠᠳᠡ ᠲᠠᠯᠪᠢᠭᠠᠳ ᠢᠷᠡᠯ᠎ᠡ ᠰᠢᠦ ᠳ᠋ᠡ︕   ᠲᠡᠮᠦᠷ ᠪᠤᠰᠴᠤ ᠵᠤᠭᠰᠤᠨ᠄  ᠪᠠᠳᠤ ᠤᠶᠤᠨ᠎ᠠ ᠲᠠᠢ ᠭᠠᠷ ᠠᠳᠬᠤᠯᠴᠠᠨ᠎ᠠ᠂ ᠠᠮᠤᠷᠰᠠᠨᠠᠭ᠎ᠠ ᠬᠠᠷᠢᠨ ᠪᠠᠳᠤ   ᠶᠢᠨ ᠵᠦᠭ ᠬᠠᠨᠳᠤᠨ᠄ ᠲᠠᠨ  ᠤ ᠬᠤᠷᠠᠯ ᠤᠨ ᠴᠢᠨᠢ ᠲᠠᠶᠢᠯᠠᠯᠭ᠎ᠠ ᠶᠠᠭᠤ ᠯᠡ ᠪᠠᠶᠢᠨ᠎ᠠ ᠳ᠋ᠠ︖ ᠬᠠᠷᠢᠨ ᠮᠠᠨ ᠤ ᠬᠠᠮᠳᠤ ᠰᠤᠷᠤᠭᠴᠢᠳ ᠤᠨ ᠨᠠᠶᠢᠷ  ᠤᠨ ᠬᠢᠷᠢ ᠴᠢᠬᠤᠯᠠ ᠪᠠᠶᠢᠨ᠎ᠠ ᠤᠤ︖ ᠴᠢᠨᠦ ᠡᠨᠡᠬᠦ ᠪᠠᠭ᠎ᠠ ᠲᠠᠰᠤᠭ ᠤᠨ ᠲᠠᠷᠤᠭ᠎ᠠ ᠶᠢᠨ ᠲᠤᠰᠢᠶᠠᠯ ᠢ ᠬᠡᠯᠡᠬᠦ ᠦᠭᠡᠢ  ᠳᠤ ᠮᠠᠨ ᠤ ᠲᠡᠮᠦᠷ ᠲᠠᠩᠭᠢᠮ ᠤᠨ ᠲᠠᠷᠤᠭ᠎ᠠ ᠬᠠᠷᠢᠨ ᠤᠯᠤᠰ ᠤᠨ ᠶᠠᠪᠤᠳᠠᠯ   ᠤᠨ  ᠬᠤᠷᠢᠶᠠᠨ ᠤ ᠪᠠᠴᠢᠮ ᠮᠡᠳᠡᠭᠳᠡᠯ  ᠢ  ᠬᠠᠮᠢᠶᠠᠷᠤᠭᠰᠠᠨ ᠦᠭᠡᠢ᠂ ᠤᠯᠤᠰ ᠤᠨ ᠨᠡᠶᠢᠰᠯᠡᠯ ᠪᠡᠭᠡᠵᠢᠩ ᠳᠤ ᠬᠦᠷᠴᠦ᠂  ᠠᠵᠤ ᠠᠬᠤᠢ ᠶᠢᠨ ᠡᠬᠡ ᠲᠦᠰᠦᠯ ᠶᠠᠷᠢᠯᠴᠠᠬᠤ  ᠴᠢᠬᠤᠯᠠ ᠬᠤᠷᠠᠯ ᠢᠶᠠᠨ ᠲᠠᠬᠢᠨ ᠲᠤᠬᠢᠷᠠᠭᠤᠯᠵᠤ᠂ ᠮᠠᠷᠭᠠᠰᠢ ᠶᠠᠪᠤᠬᠤ ᠪᠠᠷ ᠪᠤᠯᠤᠭᠰᠠᠨ ᠰᠢᠳᠡ︕ ᠲᠡᠭᠷᠢ ᠭᠠᠵᠠᠷ ᠬᠡᠳᠦᠢ ᠶᠡᠭᠡ ᠪᠤᠯᠪᠠᠴᠤ᠂ ᠮᠠᠨ ᠤ  ᠬᠠᠮᠳᠤ ᠰᠤᠷᠤᠭᠴᠢ ᠶᠢᠨ  ᠭᠦᠨ ᠵᠤᠵᠠᠭᠠᠨ ᠬᠠᠶᠢᠷ᠎ᠠ ᠰᠡᠳᠬᠢᠯ  ᠤᠨ ᠬᠢᠷᠢ ᠶᠡᠭᠡ ᠦᠭᠡᠢ ᠰᠢᠦ︕ᠠᠪᠤ ᠡᠵᠢ ᠬᠡᠴᠦᠨᠡᠨ ᠲᠤᠳᠤᠨᠤ ᠪᠤᠯᠤᠭᠰᠠᠨ ᠴᠦ ᠮᠠᠨ ᠤ ᠬᠠᠮᠳᠤ ᠰᠤᠷᠤᠭᠴᠢ ᠶᠢᠨ ᠨᠦᠬᠦᠷᠯᠡᠯ ᠤᠨ ᠬᠢᠷᠢ ᠭᠦᠨ ᠲᠤᠳᠤᠨᠤ ᠦᠭᠡᠢ ᠰᠢᠦ︕  ᠮᠠᠨ ᠤ ᠦᠨᠦᠳᠦᠷ ᠠᠳᠡ ᠴᠤᠭᠯᠠᠷᠠᠭᠰᠠᠨ ᠪᠦᠬᠦᠨ ᠵᠠᠪᠠᠯ ᠠᠷᠢᠬᠢ ᠶᠢ ᠭᠡᠵᠢᠭᠡ ᠪᠠᠨ ᠤᠳᠤᠶᠢᠳᠠᠯ᠎ᠠ ᠪᠠᠨ ᠰᠠᠶᠢᠨ ᠤᠥᠭᠤᠵᠤ᠂  ᠨᠤᠭᠤᠭ᠎ᠠ ᠪᠤᠳᠠᠭ᠎ᠠ ᠶᠢ ᠭᠡᠳᠡᠰᠦ ᠪᠠᠨ ᠭᠤᠯᠤᠶᠢᠳᠠᠯ᠎ᠠ  ᠰᠠᠶᠢᠨ ᠢᠳᠡᠭᠦ ᠬᠡᠷᠡᠭᠳᠡᠢ ᠰᠢᠦ︕  ᠲᠡᠶᠢᠮᠦ ᠪᠢᠰᠢ ᠪᠤᠯ ᠮᠠᠨ ᠤ ᠬᠠᠮᠳᠤ ᠰᠤᠷᠤᠭᠴᠢ ᠪᠤᠯᠵᠤ ᠶᠠᠪᠤᠭᠰᠠᠨ ᠳᠠᠭᠠᠨ ᠤᠰᠤᠯᠳᠤᠨ᠎ᠠ ᠰᠢᠦ︕  ᠪᠢ ᠦᠨᠦᠳᠦᠷ ᠲᠤᠰᠬᠠᠶᠢᠯᠠᠨ ᠨᠢᠭᠡ ᠬᠠᠶᠢᠷᠴᠠᠭ︽ᠮᠠᠥ ᠲᠠᠢ  ︾  ᠠᠷᠢᠬᠢ ᠶᠢ ᠮᠠᠨ ᠤ ᠠᠳᠡ ᠴᠤᠭᠯᠠᠷᠠᠬᠤ ᠬᠠᠮᠳᠤ ᠰᠤᠷᠤᠭᠴᠢᠳ ᠲᠤ ᠵᠤᠷᠢᠭᠤᠯᠤᠨ  ᠦᠢᠯᠡᠳᠪᠦᠷᠢ ᠶᠢᠨ ᠬᠢᠨᠢ ᠲᠠᠷᠤᠭ᠎ᠠ ᠪᠠᠷ ᠨᠢ ᠵᠦᠪᠰᠢᠶᠡᠷᠡᠭᠦᠯᠵᠤ ᠠᠪᠴᠢᠷᠠᠯ᠎ᠠ ᠰᠢᠦ︕ ᠠᠮᠤᠷᠰᠠᠨᠠᠭ᠎ᠠ ᠶᠠᠷᠢᠵᠤ ᠪᠠᠷᠠᠭᠰᠠᠨ ᠤ ᠲᠠᠷᠠᠭ᠎ᠠ᠂  ᠪᠠᠰᠠ ᠵᠠᠯᠭᠠᠭᠠᠳ ᠤᠶᠤᠨ᠎ᠠ ᠶᠢᠨ ᠵᠦᠭ ᠬᠠᠨᠳᠤᠵᠤ᠄ ᠮᠠᠨ   ᠤ ᠡᠳᠡᠭᠡᠷ ᠤᠯᠠᠨ ᠬᠠᠮᠳᠤ ᠰᠤᠷᠤᠭᠴᠢ ᠶᠢᠨ ᠲᠤᠳᠤᠷ᠎ᠠ᠂  ᠴᠢ ᠪᠠᠭ᠋ᠠᠨ ᠬᠠᠷᠠᠮᠰᠠᠯᠳᠠᠢ ᠪᠠᠷ ᠡᠳᠦᠷ ᠬᠤᠨᠤᠭ ᠢ ᠦᠡᠭᠭᠡᠷᠡᠭᠦᠯᠵᠤ ᠪᠠᠶᠢᠨ᠎ᠠ᠂ ᠪᠤᠰᠤᠳ ᠨᠦᠭᠦᠳ ᠲᠤ ᠡᠶᠢᠮᠦ ᠰᠢᠷᠡᠭᠡ ᠪᠤᠳᠠᠭ᠎ᠠ ᠤᠯᠠᠨᠳᠠ ᠲᠤᠬᠢᠶᠠᠯᠳᠤᠭ᠍ᠰᠠᠨ ᠴᠦ  ᠂ ᠴᠢᠮᠠᠶᠢ ᠳᠤ ᠬᠠᠷᠢᠨ ᠲᠤᠶᠢᠯ ᠤᠨ ᠬᠤᠪᠤᠷ ᠲᠤᠬᠢᠶᠠᠯᠳᠤᠬᠤ ᠶᠤᠮ᠂  ᠦᠨᠦᠳᠦᠷ ᠬᠡᠳᠦᠶᠢᠪᠡᠷ ᠨᠡᠷ᠎ᠡ ᠲᠡᠭᠡᠷ᠎ᠡ ᠪᠠᠨ ᠬᠠᠮᠳᠤ ᠨᠦᠬᠦᠳ   ᠤᠨ ᠭᠡᠳᠡᠭ ᠪᠤᠯᠪᠠᠴᠤ᠂ ᠨᠢᠳᠡᠷ ᠲᠡᠭᠡᠷ᠎ᠡ  ᠪᠠᠨ ᠬᠠᠷᠢᠨ ᠭᠤᠥᠯ ᠨᠢ ᠲᠠᠨ ᠢ ᠵᠤᠴᠢᠯᠠᠵᠤ ᠪᠠᠶᠢᠨ᠎ᠠ ᠰᠢᠦ︕            ᠤᠶᠤᠨ᠎ᠠ᠄ ᠲᠡᠶᠢᠮᠦ ᠪᠤᠯ ᠪᠢ ᠯᠠᠪᠳᠠᠢ ᠰᠠᠶᠢᠨ ᠤᠥᠭᠤᠨ᠎ᠠ᠂  ᠪᠢ ᠯᠠᠪ ᠡᠷᠢᠶᠡᠯᠡᠬᠦ ᠦᠭᠡᠢ ᠶᠤᠮ ᠳ᠋ᠡ  ︕  ᠪᠢ ᠶᠡᠷᠦᠳᠡᠭᠡᠨ ᠶᠠᠭᠠᠷᠠᠭᠠᠳ᠂ ᠵᠠᠷᠢᠮ ᠦᠶᠡᠰ ᠲᠤ  ᠠᠷᠠᠯᠵᠢᠶ᠎ᠠ ᠬᠤᠳᠠᠯᠳᠤᠭ᠎ᠠ ᠭᠡᠳ ᠶᠠᠭᠠᠷᠠᠪᠠᠯ  ᠪᠤᠳᠠᠭ᠎ᠠ ᠢᠳᠡᠬᠦ ᠴᠢᠯᠦᠭᠡ ᠴᠦ ᠤᠯᠳᠠᠬᠤ ᠦᠭᠡᠢ ᠲᠤᠯᠠ ᠦᠯᠦᠰᠪᠡᠯ ᠮᠢᠶᠠᠨᠪᠤᠥ ᠡᠨᠡ ᠲᠡᠷᠡ ᠪᠠᠭ᠎ᠠ ᠰᠠᠭ᠎ᠠ ᠢᠳᠡᠭᠡᠳ ᠪᠠᠶᠢᠳᠠᠭ᠂ ᠬᠠᠷᠢᠨ ᠲᠡᠳᠡᠭᠡᠷ ᠠᠷᠰᠠᠷ ᠢᠳᠡᠭᠡᠨ ᠢ ᠤᠳᠠᠭᠠᠨ ᠡᠳᠦᠷ ᠢᠳᠡᠭᠡᠳ ᠢᠷᠡᠪᠡᠯ ᠭᠡᠳᠡᠰᠦᠨ ᠳᠤ ᠪᠠᠰᠠ ᠬᠤᠥᠷ ᠲᠠᠢ ᠶᠤᠮ ᠪᠠ︖ ᠤᠷᠴᠢᠮ ᠪᠤᠯᠵᠤ ᠢᠷᠭᠡᠳ ᠪᠢ ᠲᠡᠳᠡᠭᠡᠷ ᠠᠷᠰᠠᠷ ᠢᠳᠡᠭᠡᠨ ᠢ ᠴᠦ ᠢᠳᠡᠭᠡᠳ ᠤᠷᠤᠬᠤ ᠦᠭᠡᠢ ᠪᠠᠶᠢᠨ᠎ᠠ᠃            ᠲᠤᠯᠮ᠎ᠠ᠄ ᠪᠤᠯᠤᠨ᠎ᠠ︕ ᠪᠤᠯᠤᠨ᠎ᠠ︕  ᠡᠳᠡᠭᠡᠷ  ᠦᠭᠡᠳᠡ ᠦᠭᠡᠢ ᠶᠠᠪᠤᠳᠠᠯ ᠤᠴᠢᠷ ᠢ ᠪᠢᠳᠡ ᠬᠠᠰᠢᠯᠠ ᠲᠤᠲᠠᠭᠤ ᠰᠢᠭ᠋ ᠶᠠᠷᠢᠶ᠎ᠠ᠃ ᠬᠠᠷᠢᠨ ᠠᠷᠢᠭᠤᠨ ᠴᠡᠪᠡᠷ ᠠᠮᠢ ᠪᠡᠶ᠎ᠡ ᠳᠤ ᠲᠤᠰᠠᠳᠠᠢ ᠶᠠᠪᠤᠳᠠᠯ ᠵᠤᠶᠢᠯ ᠢᠶᠠᠨ ᠢᠯᠡᠭᠦᠥ ᠶᠠᠷᠢᠯᠴᠠᠶ᠎ᠠ︕        ᠤᠶᠤᠨ᠎ᠠ ᠢᠨᠢᠶᠡᠭᠰᠡᠭᠡᠷ᠄ ᠪᠤᠯᠤᠨ᠎ᠠ︕ ᠪᠢ ᠪᠠᠰᠠ ᠲᠡᠭᠡᠶ᠎ᠡ ᠭᠡᠵᠤ  ᠪᠤᠳᠤᠵᠤ  ᠪᠠᠶᠢᠭᠰᠠᠨ︕ ᠲᠤᠯᠮ᠎ᠠ  ᠪᠤᠯ ᠠᠷᠢᠭᠤᠨ ᠴᠡᠪᠡᠷ ᠪᠠᠶᠢᠵᠤ᠂ ᠠᠵᠢᠯᠴᠢ ᠰᠤᠷᠳᠠᠯ ᠲᠠᠢ ᠬᠦᠮᠦᠨ᠂ ᠡᠯᠳᠡᠪ  ᠡᠰᠡ ᠶᠢᠨ ᠦᠭᠡ ᠶᠠᠷᠢᠶ᠎ᠠ ᠶᠢ ᠰᠤᠨᠤᠰᠬᠤ ᠲᠤᠷ᠎ᠡ ᠦᠭᠡᠢ  ᠃ ᠪᠢ  ᠠᠳᠡ  ᠤᠯᠠᠨ ᠬᠠᠮᠳᠤ ᠰᠤᠷᠤᠯᠭᠠᠳᠠᠨ   ᠳᠤ ᠨᠢᠭᠡ ᠤᠴᠢᠷ ᠨᠠᠶᠢᠳᠠᠶ᠎ᠠ  ︕  ᠬᠡᠨ ᠬᠡᠷᠪᠡ  ᠭᠤᠰᠢᠭᠤᠨ ᠠᠮᠳᠠ ᠲᠠᠢ ᠱᠦᠯᠦ ᠤᠥᠭᠤᠶ᠎ᠠ ᠭᠡᠪᠡᠯ ᠤᠷᠢᠳᠴᠢᠯᠠᠨ ᠨᠠᠳᠠ ᠳᠤ ᠤᠳᠠᠰᠤ ᠢᠷᠡᠭᠦᠯ︕  ᠪᠢ ᠬᠠᠷᠢᠨ ᠨᠤᠭᠤᠭᠠᠨ ᠤ ᠲᠡᠯᠭᠡᠭᠦᠷ ᠠᠴᠠ ᠵᠢᠩᠭᠢᠨᠢ   ᠶᠢ ᠨᠢ ᠲᠠ ᠨᠠᠷ ᠲᠤ ᠤᠯᠵᠤ ᠦᠭᠭᠦᠶ᠎ᠡ︕              ᠠᠮᠤᠡᠰᠠᠨᠠᠭ᠎ᠠ ᠠᠴᠠ ᠤᠯᠠᠨ ᠤ ᠨᠠᠮ ᠵᠢᠮ ᠪᠤᠯᠵᠤ ᠪᠠᠶᠢᠬᠤ ᠶᠢ ᠬᠠᠷᠠᠭᠠᠳ᠂ ᠤᠶᠢᠯᠡᠴᠢᠯᠡᠭᠴᠢ ᠬᠡᠥᠬᠡᠨ ᠤ ᠵᠦᠭ᠄ ᠴᠢ ᠮᠢᠨᠦ ᠲᠡᠷᠭᠡᠨ ᠳᠤ ᠭᠠᠷᠤᠭᠠᠳ  ︽ᠮᠠᠥ ᠲᠠᠢ  ︾  ᠠᠷᠢᠬᠢ ᠶᠢ ᠠᠪᠴᠤ ᠢᠷ᠎ᠡ︕  ᠮᠢᠨᠦ ᠲᠡᠷᠭᠡ ᠪᠤᠯ ᠬᠠᠷ᠎ᠠ ᠦᠩᠭᠡ ᠲᠠᠢ᠂ ᠲᠡᠷᠭᠡᠨ ᠨᠤᠮᠧᠷ ᠤᠨ ᠰᠡᠭᠦᠯ ᠤᠨ ᠭᠤᠷᠪᠠᠨ ᠤᠷᠤᠨ ᠨᠢ ︽888︾᠂ ᠲᠡᠷᠭᠡᠨ ᠲᠦᠯᠬᠢᠭᠦᠷ ᠠᠮᠤᠷ ᠢ ᠬᠠᠮᠠᠭᠠᠯᠠᠭᠴᠢ ᠳᠤ ᠪᠠᠶᠢᠨ᠎ᠠ᠃ ᠪᠠᠰᠠ ᠲᠡᠮᠦᠷ ᠤᠨ ᠵᠦᠭ᠄ ᠲᠡᠮᠦᠷ ᠡ︕ ᠦᠨᠦᠳᠦᠷ ᠤᠨ  ᠮᠠᠨ ᠤ ᠤᠯᠠᠨ ᠬᠠᠮᠳᠤ ᠰᠤᠷᠤᠭᠴᠢ ᠶᠢᠨ ᠴᠤᠭᠯᠠᠷᠠᠭᠰᠠᠨ ᠨᠢ ᠴᠤᠬᠤᠮ ᠲᠡᠭᠡᠭᠰᠢ ᠪᠠᠨ ᠵᠡᠷᠭᠡ ᠵᠢᠩᠰᠡ ᠲᠡᠪᠰᠢᠬᠦ   ᠶᠢᠨ ᠵᠠᠭᠠᠭ ᠱᠤᠭᠤᠮ ᠲᠡᠭᠡᠷ᠎ᠡ ᠪᠠᠶᠢᠬᠤ ᠲᠤᠯᠠ ᠠᠯᠢ ᠶᠢ ᠨᠢ ᠠᠪᠤᠭᠠᠳ ᠬᠡᠷᠡᠭᠯᠡᠪᠡᠯ ᠴᠦᠮ ᠨᠢᠭᠡᠨ‌ᠡᠷᠭᠡ ᠲᠤᠰᠢᠶᠠᠯ ᠲᠠᠢ ᠨᠤᠶᠠᠨ ᠪᠤᠯᠵᠤ ᠪᠤᠯᠤᠨ᠎ᠠ ᠰᠢᠦ︕ ᠤᠳᠤ ᠴᠢ ᠮᠠᠨ ᠤ ᠤᠯᠠᠨ ᠳᠤ ᠨᠤᠭᠤᠭ᠎ᠠ ᠲᠠᠭᠤᠳᠠ᠂ ᠴᠢ ᠬᠠᠷᠢᠨ ᠡᠳᠦᠷ ᠪᠦᠷᠢ ᠬᠤᠭᠤᠯᠠᠨ ᠭᠡᠷ ᠪᠠᠶᠢᠳᠠᠭ ᠲᠤᠯᠠ ᠮᠠᠨ ᠤ ᠤᠯᠠᠨ ᠳᠤ ᠨᠤᠭᠤᠭ᠎ᠠ ᠶᠢ ᠨᠢᠭᠡ ᠰᠠᠶᠢᠬᠠᠨ ᠲᠤᠬᠢᠷᠠᠭᠤᠯᠬᠤ ᠴᠢᠬᠤᠯᠠ ᠲᠠᠢ ᠰᠢᠦ︕ ᠲᠠᠷᠤᠢ ᠴᠢᠨᠦ ᠤᠨᠴᠠᠭᠠᠶᠢᠯᠠᠨ ᠴᠢᠳᠠᠪᠤᠷᠢ ᠪᠠᠨ ᠤᠳᠤ ᠨᠢᠭᠡ ᠭᠠᠷᠭᠠᠵᠤ ᠦᠵᠡ︕  ᠤᠯᠠᠨ ᠢᠶᠠᠷ ᠢᠶᠠᠨ ᠪᠢᠳᠡᠬᠡᠢ ᠵᠤᠴᠢᠨᠰᠠᠭ ᠪᠠᠢ︕  ᠵᠠᠪᠠᠯ ᠦᠨ᠎ᠡ ᠦᠷᠳᠡᠭ ᠲᠠᠢ  ᠂ ᠠᠮᠳᠠ ᠲᠠᠢ ᠠᠴᠠ ᠨᠢ ᠲᠠᠭᠤᠳᠠᠬᠤ ᠬᠡᠷᠡᠭᠳᠡᠢ᠃ ᠦᠨᠦᠳᠦᠷ ᠨᠠᠳᠠ ᠳᠤ ᠤᠯᠳᠠᠰᠢ ᠦᠭᠡᠢ ᠠᠵᠠ ᠵᠠᠪᠰᠢᠶᠠᠨ ᠲᠠᠭᠠᠷᠠᠵᠤ᠂ ᠬᠠᠮᠳᠤ ᠰᠤᠷᠤᠭᠴᠢ ᠪᠠᠨ ᠦᠨᠡᠨ ᠰᠡᠳᠭᠢᠯ  ᠠᠴᠠ ᠪᠠᠨ ᠨᠢᠭᠡ ᠵᠤᠴᠢᠯᠠᠶ᠎ᠠ︕ ᠲᠠᠨᠠᠷ ᠴᠦ ᠪᠢᠳᠡᠬᠡᠢ ᠨᠠᠳᠠ ᠳᠤ ᠵᠤᠭᠤᠰ ᠠᠷᠪᠢᠯᠠᠵᠤ ᠦᠭ︕             ᠲᠡᠮᠦᠷ ᠨᠤᠭᠤᠭᠠᠨ ᠺᠠᠷᠲ ᠶᠢ ᠤᠷᠪᠠᠭᠤᠯᠵᠤ᠂ ᠨᠢᠭᠡ ᠬᠤᠪᠢ  ᠵᠢᠰᠦᠮᠡᠯ ᠬᠤᠷᠤᠳ ᠰᠢᠷ᠎ᠠ ᠲᠤᠰᠤ ᠨᠢᠭᠡ ᠫᠢᠯᠡ᠂ ᠰᠢᠷᠠᠭᠰᠠᠨ ᠬᠤᠨᠢᠨ ᠭᠤᠶ᠎ᠠ᠂ ᠴᠢᠳᠬᠤᠭᠰᠠᠨ ᠢᠮᠠᠭᠠᠨ ᠭᠡᠳᠡᠰᠦ᠂ ᠡᠧᠥᠷᠦ᠋ᠪ ᠮᠠᠶ᠋ᠢᠭ ᠤᠨ ᠬᠠᠭᠠᠷᠢᠭᠰᠠᠨ  ᠵᠢᠭᠠᠰᠤ᠂ ᠲᠤᠰᠪᠦᠷᠢ ᠲᠠᠭᠤᠳᠠᠭᠠᠳ ᠪᠠᠰᠠ ᠲᠡᠶᠢᠮᠦ ᠶᠡᠭᠡ ᠦᠨ᠎ᠡ ᠦᠷᠲᠡᠭ ᠵᠠᠷᠤᠴᠠᠭᠤᠯᠤᠭᠰᠠᠨ ᠦᠭᠡᠢ ᠪᠢᠯᠡ᠃ ᠲᠡᠷᠡ ᠲᠤᠳᠤᠷ᠎ᠠ ᠪᠠᠨ ᠲᠤᠪ ᠲᠤᠳᠤᠷᠬᠠᠢ ᠮᠡᠳᠡᠵᠤ ᠪᠠᠶᠢᠨ᠎ᠠ᠂ ᠶᠠᠮᠠᠷ ᠨᠢᠭᠡᠨ ᠬᠦᠮᠦᠨ ᠭᠡᠳ ᠪᠤᠰᠤᠳ   ᠢ  ᠵᠤᠴᠢᠯᠠᠬᠤ  ᠳᠤ ᠬᠡᠳᠦᠢ ᠶᠡᠭᠡ ᠲᠠᠩᠭᠠᠶᠢᠮᠠᠯ ᠪᠤᠯᠤᠭᠰᠠᠨ ᠴᠦ᠂ ᠤᠯᠠᠨ ᠤ ᠵᠤᠭᠤᠰ ᠢ ᠵᠠᠷᠤᠴᠠᠭᠤᠯᠵᠤ ᠦᠭᠡᠢ ᠶᠤᠮ ᠴᠢᠨᠢ ᠪᠦᠷᠢᠯᠭᠡᠬᠦ ᠶᠢ ᠪᠦᠷ ᠲᠤᠷ᠎ᠠ ᠦᠭᠡᠢ ᠶᠤᠮ᠃ ᠲᠡᠷᠡ ᠡᠳᠡᠭᠡᠷ ᠨᠤᠭᠤᠭ᠎ᠠ ᠶᠢ ᠲᠠᠭᠤᠳᠠᠵᠤ ᠪᠠᠷᠠᠭᠠᠳ  ᠠᠮᠤᠷᠰᠠᠨᠠᠭ᠎ᠠ ᠶᠢᠨ ᠵᠦᠭ ᠬᠠᠨᠳᠤᠵᠤ᠄ ᠡᠳᠡᠭᠡᠷ ᠨᠤᠭᠤᠭ᠎ᠠ ᠪᠤᠯ ᠲᠠᠷᠤᠢ ᠮᠠᠨ ᠳᠤ ᠢᠳᠡᠵᠤ ᠭᠦᠢᠴᠡᠬᠦ ᠶᠤᠮ  ᠂ ᠪᠠᠰᠠ ᠨᠡᠯᠢᠶᠡᠳ ᠲᠡᠭᠡᠳᠦ ᠵᠡᠷᠭᠡ ᠶᠢᠨ ᠨᠤᠭᠤᠭ᠎ᠠ ᠳᠤ ᠲᠤᠭᠠᠴᠠᠭᠳᠠᠨ᠎ᠠ  ᠃           ᠠᠮᠤᠷᠰᠠᠨᠠᠭ᠎ᠠ ᠬᠠᠷᠢᠨ ᠤᠶᠢᠯᠡᠴᠢᠯᠷᠭᠴᠢ ᠶᠢᠨ ᠭᠠᠷ ᠠᠴᠠ ᠨᠤᠭᠤᠭᠠᠨ ᠺᠠᠷᠲ ᠶᠢ ᠨᠢ ᠠᠪᠴᠤ᠂ ᠨᠢᠭᠡ ᠮᠦᠷ ᠦᠵᠡᠭᠡᠳ ᠲᠡᠮᠦᠷ ᠤᠨ ᠵᠦᠭ  ᠬᠠᠨᠳᠤᠵᠤ᠄ ᠲᠡᠮᠦᠷ ᠴᠢ ᠨᠠᠳᠠ ᠳᠤ ᠵᠤᠭᠤᠰ ᠠᠷᠪᠢᠯᠠᠵᠤ ᠦᠭᠴᠡᠢ᠃ ᠡᠳᠡᠭᠡᠷ ᠡᠭᠡ ᠬᠠᠭᠤᠷᠠᠢ ᠶᠢᠨ ᠨᠤᠭᠤᠭ᠎ᠠ ᠬᠡᠷᠬᠢᠨ ᠮᠢᠨᠦ ᠬᠠᠮᠳᠤ ᠰᠤᠷᠤᠭᠴᠢᠳ ᠲᠤ ᠲᠡᠶᠢᠯᠡᠵᠤ ᠴᠢᠳᠠᠬᠤ ᠠᠵᠠᠢ ᠭᠡᠳ  ᠤᠶᠢᠯᠡᠴᠢᠯᠡᠭᠴᠢ ᠳᠤ᠄ ᠰᠢᠷᠠᠭᠰᠠᠨ ᠲᠤᠮᠤᠵᠢᠭᠠᠳ ᠤᠯᠠᠭᠠᠨ ᠵᠢᠭᠠᠰᠤ ᠨᠢᠭᠡ ᠫᠢᠯᠡ᠂ ᠰᠠᠮ ᠬᠤᠷᠤᠬᠠᠢ ᠨᠢᠭᠡ ᠫᠢᠯᠡ ᠭᠡᠵᠤ ᠨᠦᠬᠦᠪᠦᠷᠢᠯᠡᠪᠡ  ᠃               ᠲᠡᠮᠦᠷ ᠠᠮᠤᠷᠰᠠᠨᠠᠭ᠎ᠠ ᠶᠢᠨ ᠵᠦᠭ ᠬᠠᠨᠳᠤᠭᠠᠳ ᠬᠠᠷᠢᠨ ᠶᠠᠭᠤ ᠴᠦ ᠲᠤᠥᠭᠠᠷᠤᠭᠰᠠᠨ ᠦᠭᠡᠢ ᠶᠤᠮ᠂ ᠵᠠᠷᠢᠮ ᠦᠶᠡᠰ ᠲᠤ ᠬᠡᠷᠡᠭ ᠦᠭᠡᠢ ᠦᠭᠡ ᠶᠠᠷᠢᠪᠠᠯ ᠪᠤᠳᠠᠭᠠᠨ ᠰᠢᠷᠡᠭᠡᠨ ᠲᠡᠭᠡᠷ᠎ᠡ ᠤᠯᠠᠨ ᠤ ᠤᠷᠮᠠᠰ ᠪᠠᠭᠤᠷᠠᠵᠤ ᠮᠡᠳᠡᠭᠦ ᠶᠢ  ᠲᠡᠷᠡ ᠲᠤᠳᠤᠷ᠎ᠠ ᠪᠠᠨ ᠮᠡᠳᠡᠬᠦ ᠲᠤᠯᠠ ᠵᠠᠯᠭᠠᠭᠠᠳ ᠤᠯᠠᠨ ᠢ  ᠤᠷᠠᠶᠢᠯᠠᠨ ᠲᠤᠶᠢᠯ ᠤᠨ ᠪᠠᠶᠠᠷ ᠭᠦᠥᠷ  ᠲᠠᠢ ᠪᠠᠶᠢᠪᠠ᠂ ᠪᠠᠳᠤ ᠬᠡᠳᠦᠶᠢᠪᠡᠷ ᠲᠡᠮᠦᠷ ᠤᠨ ᠮᠡᠳᠦ ᠵᠡᠷᠭᠡ ᠲᠡᠰ ᠦᠨᠳᠦᠷ ᠪᠢᠰᠢ ᠴᠦ᠂ ᠲᠡᠭᠦᠨ ᠤ ᠪᠤᠳᠠᠭᠠᠨ ᠰᠢᠷᠡᠭᠡᠨ ᠲᠡᠭᠡᠷ᠎ᠡ ᠬᠢ ᠦᠩᠭᠡᠷᠡᠯᠳᠡ ᠨᠢ ᠬᠠᠷᠢᠨ ᠲᠡᠮᠦᠷ ᠠᠴᠠ ᠴᠦ ᠲᠡᠮᠡᠢ ᠲᠤᠳᠠᠭᠤ ᠪᠢᠰᠢ ᠶᠤᠮ᠃ ᠲᠠᠷᠤᠢ ᠡᠭᠦᠨ  ᠠᠴᠠ ᠬᠤᠯᠠ  ᠶᠡᠭᠡ ᠪᠠᠶᠠᠷ  ᠨᠠᠶᠢᠷ   ᠤᠨ ᠲᠠᠶᠢᠯᠠᠯᠭ᠎ᠠ   ᠢ ᠴᠦ  ᠤᠯᠠᠨ ᠦᠩᠭᠡᠷᠡᠭᠦᠯᠦᠭᠰᠡᠨ ᠤᠴᠢᠷ ᠠᠴᠠ ᠲᠤᠳᠤᠷ᠎ᠠ ᠨᠢ ᠲᠡᠶᠢᠮᠦ ᠯᠡ ᠬᠠᠴᠢᠨ ᠰᠤᠨᠢᠨ ᠰᠠᠨᠠᠭᠳᠠᠬᠤ ᠦᠭᠡᠢ ᠠᠵᠠᠢ᠃ ᠬᠠᠷᠢᠨ ᠲᠡᠷᠭᠡᠯ ᠪᠤᠯ ᠨᠢᠭᠡᠨ ᠲᠤᠮᠳᠠᠳᠤ ᠰᠤᠷᠭᠠᠭᠤᠯᠢ ᠶᠢᠨ ᠲᠤᠮᠳᠠ ᠵᠡᠷᠭᠡ ᠶᠢᠨ ᠲᠤᠰᠢᠶᠠᠯ ᠲᠠᠢ ᠪᠠᠭᠰᠢ᠂ ᠲᠤᠯᠮ᠎ᠠ ᠨᠢ ᠠᠵᠢᠯ ᠠᠴᠠ ᠪᠠᠨ ᠠᠮᠠᠷᠠᠭᠰᠠᠨ ᠪᠠᠭᠰᠢ ᠲᠤᠯᠠ ᠤᠳᠤ ᠶᠢᠨ ᠮᠡᠳᠦ ᠡᠶᠢᠮᠦᠷᠭᠦ ᠦᠨᠳᠦᠷ ᠲᠦᠪᠰᠢᠨ ᠤ ᠲᠠᠶᠢᠯᠠᠯᠭ᠎ᠠ ᠳᠤ ᠪᠠᠷᠤᠭ ᠠᠩᠬ᠎ᠠ ᠤᠳᠠᠭ᠎ᠠ  ᠲᠤᠬᠢᠶᠠᠯᠳᠤᠵᠤ ᠪᠠᠶᠢᠬᠤ ᠨᠢ ᠮᠡᠳᠡᠭᠡᠵᠢ ᠶᠢᠨ ᠬᠡᠷᠡᠭ᠃ ᠲᠡᠳᠡᠨ ᠢ  ᠵᠠᠷᠢᠮ ᠬᠦᠮᠦᠨ ᠢᠩᠭᠢᠵᠤ ᠵᠤᠴᠢᠯᠠᠭᠰᠠᠨ ᠴᠦ᠂ ᠪᠠᠰᠠ ᠯᠡ ᠲᠡᠳᠡᠨᠡᠷ ᠤᠨ ᠬᠡᠥᠬᠡᠳ᠂ ᠬᠤᠳᠠ ᠬᠤᠳᠠᠭᠠᠢ ᠨᠠᠷ   ᠤᠨ ᠲᠠᠯ᠎ᠠ ᠠᠴᠠ ᠵᠤᠴᠢᠯᠠᠵᠤ ᠮᠡᠳᠡᠨ᠎ᠡ᠃ ᠲᠡᠷᠡ ᠨᠢ ᠴᠦ ᠭᠡᠳ ᠨᠢᠭᠡ ᠰᠢᠷᠡᠭᠡ ᠪᠤᠳᠠᠭ᠎ᠠ ᠠᠷᠠᠢ 300 ᠲᠦᠭᠦᠷᠢᠭ ᠠᠴᠠ ᠲᠡᠮᠡᠢ ᠲᠠᠪᠬᠠᠤ ᠦᠭᠡᠢ ᠲᠤᠯᠠ ᠤᠳᠤ ᠶᠢᠨ ᠡᠨᠡᠬᠦ ᠲᠤᠮᠳᠠᠳᠤ  ᠭᠠᠳᠠᠭᠠᠳᠤ ᠮᠠᠶ᠋ᠢᠭ ᠤᠨ ᠨᠢᠭᠡ ᠵᠢᠭᠠᠰᠤ ᠶᠢᠨ ᠦᠨ᠎ᠡ ᠠᠴᠠ ᠴᠦ ᠬᠡᠳᠦᠷᠭᠦ ᠦᠭᠡᠢ  ᠶᠤᠮ᠃ ᠭᠡᠪᠡᠴᠦ ᠲᠡᠳᠡᠨᠡᠷ ᠪᠤᠯ ᠠᠷᠠᠳ ᠤᠨ ᠪᠠᠭᠰᠢ ᠲᠤᠯᠠ ᠤᠯᠠᠨ ᠳᠤ ᠶᠠᠭᠠᠬᠢᠭᠰᠠᠨ ᠴᠦ ᠲᠡᠶᠢᠮᠦ ᠯᠡ ᠭᠠᠶᠢᠬᠠᠯ ᠪᠤᠯᠵᠤ᠂ ᠤᠯᠠᠨ ᠳᠤ ᠰᠤᠨᠢᠨ ᠭᠠᠶᠢᠬᠠᠯ ᠲᠦᠷᠦᠭᠳᠡᠯ ᠦᠯᠡᠳᠡᠭᠡᠵᠤ᠂ ᠪᠤᠰᠤᠳ ᠲᠤ ᠮᠠᠭᠤ ᠨᠦᠯᠦᠭᠡ ᠦᠵᠡᠭᠦᠯᠬᠦ ᠦᠭᠡᠢ ᠪᠠᠶᠢᠬ᠎ᠠ︖        ᠤᠶᠤᠨ᠎ᠠ ᠠᠵᠢᠯ ᠤᠨ ᠪᠠᠶᠢᠷᠢ ᠲᠡᠭᠡᠷ᠎ᠡ ᠠᠴᠠ ᠪᠠᠨ ᠪᠠᠭᠤᠭᠰᠠᠨ ᠠᠴᠠ ᠨᠠᠰᠢ ᠦᠳᠡᠰᠢ ᠪᠦᠷᠢ ᠵᠡᠭᠡᠯᠢ ᠲᠡᠭᠡᠷ᠎ᠡ ᠡᠳ᠋ ᠪᠠᠷᠠᠭ᠎ᠠ ᠪᠠᠨ ᠬᠤᠳᠠᠯᠳᠤᠵᠤ᠂ ᠡᠳᠦᠢ ᠲᠡᠳᠦᠢ ᠤᠷᠤᠯᠭ᠎ᠠ ᠤᠯᠵᠤ ᠠᠮᠢ ᠭᠤᠥᠯ ᠢᠶᠠᠨ ᠵᠡᠬᠦᠵᠤ ᠶᠠᠪᠤᠳᠠᠭ᠃ ᠬᠤᠳᠠ ᠵᠡᠭᠡᠯᠢ ᠶᠢᠨ ᠬᠠᠮᠢᠶᠠᠷᠤᠯᠳᠠ ᠶᠢᠨ ᠭᠠᠵᠠᠷ ᠤᠨ ᠬᠦᠮᠦᠰ ᠡᠷᠢᠬᠦ ᠦᠭᠡᠢ ᠯᠡ ᠶᠤᠮ ᠪᠤᠯ᠂ ᠵᠢᠷᠦᠬᠡ  ᠪᠠᠨ ᠭᠠᠷ ᠲᠠᠭᠠᠨ ᠪᠠᠷᠢᠵᠤ᠂ ᠨᠢᠭᠤᠨ ᠲᠠᠯᠳᠠᠯᠠᠵᠤ ᠪᠠᠷᠠᠭ᠎ᠠ ᠪᠠᠨ ᠬᠤᠳᠠᠯᠳᠤᠵᠤ᠂ ᠬᠤᠳᠠᠯᠳᠤᠵᠤ ᠪᠠᠶᠢᠳᠠᠯ᠎ᠠ ᠬᠤᠳᠠ  ᠶᠢᠨ ᠬᠠᠮᠢᠶᠠᠷᠤᠯᠳᠠ ᠶᠢᠨ ᠬᠦᠮᠦᠰ ᠢᠷᠡᠭᠦ ᠶᠢ ᠤᠯᠵᠤ ᠦᠵᠡᠪᠡᠯ ᠶᠤᠰᠤᠳᠠᠢ ᠯᠡ ᠮᠤᠥᠷ ᠦᠵᠡᠭᠰᠡᠨ ᠬᠤᠯᠤᠭᠠᠨ᠎ᠠ ᠮᠡᠳᠦ ᠪᠠᠷ ᠭᠤᠳ ᠭᠠᠷᠤᠭᠠᠳ ᠲᠤᠳᠠᠭᠠᠳᠠᠭ ᠰᠠᠨ᠃ ᠲᠡᠭᠡᠭᠡᠳ ᠡᠳᠦᠷ ᠪᠦᠷᠢ ᠪᠠᠰᠠ ᠯᠡ ᠲᠤᠶᠢᠯ ᠤᠨ ᠶᠠᠭᠠᠷᠠᠯᠳᠠᠢ ᠪᠠᠶᠢᠵᠤ᠂ ᠪᠦᠬᠦ ᠭᠡᠷ ᠤᠨ ᠬᠦᠮᠦᠰ ᠤᠨ ᠢᠶᠠᠨ ᠢᠳᠡᠵᠤ ᠤᠥᠭᠤᠬᠤ ᠶᠢ ᠨᠢ ᠠᠷᠭᠠᠴᠠᠨ ᠪᠠᠶᠢᠵᠤ ᠡᠳᠦᠷ ᠪᠦᠷᠢ ᠶᠢ  ᠦᠩᠭᠡᠷᠡᠭᠡᠳᠡᠭ ᠲᠤᠯᠠ ᠬᠠᠨᠠᠰᠠ ᠪᠠᠰᠠ ᠡᠶᠢᠮᠦ ᠶᠡᠭᠡ ᠲᠠᠶᠢᠯᠠᠯᠭ᠎ᠠ ᠲᠠᠭᠠᠷᠠᠬᠤ ᠪᠤᠢ︖ ᠡᠶᠢᠮᠦᠷᠭᠦ ᠦᠨᠡᠳᠦ ᠵᠢᠭᠠᠰᠤ᠂ ᠰᠢᠷᠠᠭᠰᠠᠨ ᠬᠤᠨᠢᠨ ᠮᠢᠬ᠎ᠠ ᠶᠢ ᠴᠦ ᠪᠠᠷᠤᠭ ᠠᠩᠬ᠎ᠠ ᠲᠤᠬᠢᠶᠠᠯᠳᠤᠵᠤ ᠡᠭ ᠮᠡᠭ ᠭᠡᠵᠤ ᠪᠠᠶᠢᠳᠠᠯ᠎ᠠ  ᠦᠢᠯᠡᠴᠢᠯᠡᠭᠴᠢ ᠬᠡᠥᠬᠡᠨ ᠨᠢᠭᠡᠨ ᠲᠤᠮᠤ ᠫᠢᠯᠠ ᠲᠠᠢ ᠵᠢᠭᠠᠰᠤ ᠶᠢ ᠠᠪᠴᠤ ᠤᠷᠤᠵᠤ ᠢᠷᠡᠨ᠂ ᠵᠢᠭᠠᠰᠤ ᠶᠢᠨ ᠳᠡᠭᠡᠷᠡᠬᠢ ᠪᠦᠷᠭᠦᠭᠡᠰᠦ ᠶᠢ  ᠨᠢ ᠢᠷᠠᠬᠤ ᠳᠤ ᠲᠡᠷᠡ ᠬᠠᠷᠢᠨ ᠫᠢᠯᠠ ᠳᠤᠳᠤᠷ᠎ᠠ ᠨᠢ ᠴᠤᠬᠤᠮ ᠶᠠᠭᠤ ᠪᠠᠶᠢᠬᠤ ᠶᠢ ᠴᠦ ᠮᠡᠳᠡᠬᠦ ᠦᠭᠡᠢ ᠮᠡᠯ ᠭᠠᠶᠢᠬᠠᠵᠤ᠄  ᠨᠡᠡ ᠨᠢ ᠴᠤᠬᠤᠮ ᠶᠠᠭᠤ ᠪᠤᠢ︖  ᠪᠢ ᠴᠦ ᠰᠠᠶ᠋ᠢ ᠤᠯᠵᠤ ᠦᠵᠡᠵᠤ ᠪᠠᠶᠢᠨ᠎ᠠ ᠳ᠋ᠠ︕ ᠭᠡᠪᠡ  ᠃        ᠲᠡᠷᠭᠡᠯ ᠲᠤᠯᠮ᠎ᠠ ᠬᠤᠶᠠᠷ ᠬᠡᠳᠦᠶᠢᠪᠡᠷ ᠡᠶᠢᠮᠦᠷᠬᠦ ᠲᠤᠮᠤ ᠶᠡᠭᠡ ᠲᠠᠶᠢᠯᠠᠯᠭ᠎ᠠ ᠳᠤ ᠠᠩᠬ᠎ᠠ ᠤᠷᠤᠯᠴᠠᠵᠤ ᠪᠠᠶᠢᠪᠠᠴᠤ᠂ ᠲᠡᠳᠡᠭᠡᠷ ᠦᠨᠡᠳᠦ ᠵᠢᠭᠠᠰᠤ᠂ ᠰᠠᠮ ᠬᠤᠷᠤᠬᠠᠢ ᠶᠢ ᠬᠠᠷᠢᠨ ᠦᠩᠭᠡᠷᠡᠭᠰᠡᠨ ᠳᠤ  ᠤᠯᠵᠤ ᠦᠵᠡᠭᠰᠡᠨ ᠲᠤᠯᠠ ᠲᠤᠳᠤᠷ᠎ᠠ ᠪᠠᠨ ᠶᠠᠭ ᠯᠡ ᠶᠡᠷᠦ ᠳᠡᠭᠡᠨ ᠢᠳᠡᠵᠤ ᠪᠠᠶᠢᠭᠰᠠᠨ ᠮᠡᠳᠦ  ᠴᠢᠷᠠᠶᠢᠯᠠᠵᠤ ᠲᠡᠮᠡᠢ ᠦᠭᠡ ᠲᠤᠥᠭᠠᠷᠬᠤ ᠦᠭᠡᠢ ᠪᠠᠶᠢᠯ᠎ᠠ  ᠃ ᠲᠡᠮᠦᠷ ᠪᠤᠯᠤᠨ ᠪᠠᠳᠤ ᠬᠠᠷᠢᠨ ᠦᠷᠭᠦᠯᠵᠢ ᠡᠶᠢᠮᠦ ᠲᠠᠶᠢᠯᠠᠯᠭ᠎ᠠ ᠳᠤ ᠰᠠᠭᠠᠳᠠᠵᠤ ᠪᠠᠶᠢᠬᠤ ᠲᠤᠯᠠ ᠲᠠᠳᠬᠠᠯ ᠶᠤᠰᠤᠭᠠᠷ ᠠᠮᠳᠠᠯᠠᠵᠤ ᠯᠡ ᠪᠠᠶᠢᠪᠠ᠃ ᠭᠡᠶ᠎ᠡ᠂ ᠡᠭᠦᠨ ᠢ ᠤᠶᠤᠨ᠎ᠠ   ᠳᠤ ᠨᠠᠷᠢᠨ ᠨᠢᠭᠳᠠ ᠲᠠᠶᠢᠯᠪᠤᠷᠢᠯᠠᠨ ᠦᠭᠬᠦ ᠳᠤ ᠠᠷᠠᠢ ᠡᠪ ᠦᠭᠡᠢ ᠰᠢᠭ ᠪᠤᠳᠤᠬᠤ ᠳᠠᠭᠠᠨ ᠲᠡᠮᠡᠢ ᠴᠦ ᠲᠤᠥᠭᠠᠷᠬᠤ ᠦᠭᠡᠢ ᠪᠠᠶᠢᠯ᠎ᠠ᠃ ᠬᠠᠷᠢᠨ ᠠᠮᠤᠷᠰᠠᠨᠠᠭ᠎ᠠ ᠪᠤᠯ ᠶᠡᠭᠡ ᠲᠠᠭᠠᠭᠠᠮᠠᠯ  ᠪᠦᠭᠡᠳ ᠦᠪᠡᠷ ᠤᠨ ᠵᠤᠭᠤᠰ ᠢᠶᠠᠨ ᠵᠠᠷᠤᠴᠠᠭᠤᠯᠵᠤ᠂ ᠦᠪᠡᠷ ᠤᠨ ᠶᠠᠭᠤᠮ᠎ᠠ  ᠪᠠᠨ ᠦᠪᠡᠷ ᠢᠶᠠᠨ ᠬᠡᠷᠡᠭᠯᠡᠵᠤ ᠪᠠᠶᠢᠬᠤ ᠲᠤᠯᠠ ᠲᠡᠭᠦᠨ ᠢ ᠬᠡᠯᠡᠬᠦ ᠬᠦᠮᠦᠨ ᠬᠡᠵᠤ ᠦᠭᠡᠢ᠂ ᠡᠶᠢᠮᠦ ᠠᠴᠠ ᠲᠡᠭᠦᠨ ᠤ ᠰᠠᠨᠠᠭ᠎ᠠ ᠰᠡᠳᠭᠢᠯ ᠨᠢ ᠤᠯᠠᠮ ᠴᠦ ᠲᠦᠪ ᠶᠡᠬᠡᠮᠰᠦᠭ ᠪᠠᠶᠢᠵᠤ᠂ ᠬᠠᠷᠢᠨ ᠤᠶᠤᠨ᠎ᠠ ᠶᠢᠨ ᠵᠦᠭ᠄ ᠡᠨᠡ ᠪᠤᠯ ᠲᠠᠷᠤᠢ ᠡᠮᠦᠨᠡᠳᠦ ᠤᠷᠤᠨ ᠤ ᠵᠢᠭᠠᠰᠤ ᠰᠢᠦ︕ ᠪᠦᠬᠦ ᠲᠡᠯᠡᠭᠡᠢ ᠲᠡᠭᠡᠷ᠎ᠡ ᠬᠠᠮᠤᠭ ᠤᠨ ᠠᠮᠳᠠᠳᠠᠢ ᠵᠢᠭᠠᠰᠤ ᠪᠤᠯᠬᠤ ᠶᠤᠮ ᠭᠡᠪᠡ᠃       ᠤᠶᠤᠨ᠎ᠠ᠄ ᠡᠨᠡᠬᠦ  ᠵᠢᠭᠠᠰᠤ ᠨᠢ ᠴᠤᠬᠤᠮ ᠬᠡᠳᠦᠢ ᠵᠤᠭᠤᠰ ᠬᠦᠷᠬᠦ  ᠶᠤᠮ︖             ᠲᠡᠷᠭᠡᠯ᠄ ᠲᠠᠪᠤᠨ ᠵᠠᠭᠤ ᠲᠠᠪᠢᠨ ᠨᠠᠢᠮᠠᠨ ᠲᠦᠭᠦᠷᠢᠭ ᠭᠡᠵᠤ ᠨᠢᠭᠡ ᠲᠠᠯ᠎ᠠ ᠪᠠᠷ ᠬᠡᠯᠡᠵᠤ ᠨᠦᠭᠦᠭᠡ ᠲᠠᠯ᠎ᠠ ᠪᠠᠷ ᠰᠠᠯᠠᠭ᠎ᠠ ᠲᠠᠢ ᠬᠠᠪᠠᠯᠭ᠎ᠠ ᠪᠠᠷᠢᠵᠤ᠂  ᠤᠷᠢᠳᠠᠪᠡᠷ ᠵᠢᠭᠠᠰᠤᠨ ᠤ ᠨᠢᠭᠡ ᠬᠡᠰᠡᠭ ᠢ ᠤᠶᠤᠨ᠎ᠠ ᠶᠢᠨ ᠠᠶᠠᠭᠠᠨ ᠳᠤ  ᠬᠢᠵᠤ ᠦᠭᠬᠦᠭᠡᠳ ᠴᠢ ᠡᠬᠦᠨ ᠢ ᠦᠷᠭᠦᠯᠵᠢ ᠤᠯᠵᠤ ᠢᠳᠡᠭᠦ ᠦᠭᠡᠢ ᠲᠤᠯᠠ ᠮᠢᠨᠦ ᠡᠨᠡᠬᠦ ᠬᠡᠰᠡᠭ ᠢ ᠪᠠᠰᠠ  ᠴᠢ ᠢᠳᠡᠭᠡᠷᠡᠢ ᠭᠡᠵᠤ ᠬᠡᠯᠡᠬᠦ ᠬᠠᠮᠳᠤ ᠦᠪᠡᠷ ᠤᠨ ᠠᠶᠠᠭᠠᠨ ᠲᠠᠬᠢ ᠨᠢᠭᠡ ᠬᠡᠰᠡᠭ ᠵᠢᠭᠠᠰᠤ ᠪᠠᠨ ᠪᠠᠰᠠ ᠲᠡᠭᠦᠨ ᠳᠤ ᠦᠭᠪᠡ  ᠃           ᠤᠶᠤᠨ᠎ᠠ ᠴᠦ ᠭᠠᠶᠢᠬᠠᠰᠢ ᠠᠯᠳᠠᠨ ᠪᠠᠶᠢᠵᠤ᠂  ᠰᠤᠨᠢᠨ ᠡ︕ ᠡᠶᠢᠮᠦ ᠬᠡᠳᠦᠬᠡᠨ ᠬᠡᠰᠡᠭ   ᠢ  ᠢᠳᠡᠪᠡᠯ   ᠢ ᠲᠠᠷᠤᠢ ᠲᠠᠪᠤᠨ ᠵᠠᠭᠤ ᠢᠯᠡᠭᠦᠥ ᠲᠦᠭᠦᠷᠢᠭ ᠢ ᠢᠳᠡᠴᠢᠭᠡᠨ᠎ᠡ᠃ ᠮᠢᠨᠦ ᠬᠤᠳᠠᠯᠳᠤᠭ᠎ᠠ ᠶᠢᠨ ᠨᠢᠭᠡ ᠬᠡᠯᠬᠢᠶ᠎ᠡ ᠨᠤᠭᠤᠭ᠎ᠠ ᠰᠠᠶ᠋ᠢ ᠲᠠᠪᠢᠨ ᠮᠦᠩᠭᠦ  ᠃ ᠮᠦᠭᠦ ᠰᠠᠶ᠋ᠢ ᠵᠢᠩ  ᠪᠦᠷᠢ ᠳᠤ ᠲᠦᠷᠪᠡᠨ ᠲᠦᠭᠦᠷᠢᠭ᠂ ᠬᠠᠷᠢᠨ ᠵᠦᠪᠬᠡᠨ ᠨᠢᠭᠡᠨ ᠲᠠᠬᠢᠶᠠᠨ ᠲᠠᠯᠠᠪᠴᠢ ᠶᠢᠨ ᠬᠢᠷᠢ ᠵᠢᠵᠢᠭ ᠵᠢᠭᠠᠰᠤ ᠬᠠᠷᠢᠨ ᠲᠠᠪᠤᠨ ᠵᠠᠭᠤ ᠭᠠᠷᠤᠢ ᠲᠦᠭᠦᠷᠢᠭ ᠲᠤᠯᠠ ᠲᠡᠷᠡ ᠨᠢ ᠬᠠᠷᠢᠨ ᠮᠢᠨᠦ ᠨᠢᠭᠡ ᠤᠳᠠᠭ᠎ᠠ ᠶᠢᠨ ᠡᠭᠦᠷᠦᠬᠦ ᠨᠤᠭᠤᠭᠠᠨ ᠠᠴᠠ ᠬᠤᠯᠠ ᠦᠨᠡᠳᠡᠢ ᠳ᠋ᠡ︕ ᠡᠭᠦᠨ ᠢ ᠢᠳᠡᠪᠡᠯ ᠶᠤᠰᠤᠳᠠᠢ ᠮᠢᠨᠦ ᠬᠠᠭᠠᠰ ᠰᠠᠷ᠎ᠠ ᠶᠢᠨ ᠤᠯᠬᠤ ᠵᠤᠭᠤᠰ ᠢ ᠵᠠᠯᠭᠢᠭᠠᠳ ᠤᠷᠤᠭᠤᠯᠤᠭᠰᠠᠨ ᠶᠠᠪᠤᠳᠠᠯ ᠰᠢᠦ ᠳ᠋ᠠ︕            ᠪᠠᠳᠤ᠄ ᠤᠶᠤᠨ᠎ᠠ ᠡ︕ ᠠᠳᠡ ᠪᠢᠳᠡᠬᠡᠢ ᠨᠢᠭᠤᠷ ᠢᠶᠠᠨ ᠤᠷᠬᠢᠭᠠᠳ ᠯᠠ ᠪᠠᠢ︕ ᠴᠢᠨᠦ ᠲᠡᠷᠡᠬᠦ ᠬᠤᠳᠠᠯᠳᠤᠳᠠᠭ ᠨᠤᠳᠤᠭ ᠤᠨ ᠨᠤᠭᠤᠭ᠎ᠠ ᠶᠢ ᠬᠡᠷᠬᠢᠨ ᠦᠨᠦ ᠶᠢᠨ ᠡᠳᠡᠭᠡᠷ ᠭᠠᠳᠠᠭᠠᠳᠤ ᠮᠠᠶ᠋ᠢᠭ ᠤᠨ ᠨᠤᠭᠤᠭ᠎ᠠ ᠲᠠᠢ ᠬᠠᠷᠢᠴᠠᠭᠤᠯᠵᠤ ᠪᠤᠯᠬᠤ ᠪᠤᠢ︖ ᠴᠠᠭ ᠤᠨ ᠦᠡᠭᠭᠡ ᠶᠢ ᠲᠠᠭᠠᠵᠤ ᠲᠡᠶᠢᠯᠬᠦ ᠬᠦᠮᠦᠨ ᠴᠢᠨᠦ ᠲᠡᠷᠡ ᠨᠤᠭᠤᠭ᠎ᠠ ᠶᠢ  ᠢᠳᠡᠬᠦ ᠦᠭᠡᠢ ᠪᠦᠭᠡᠳ ᠵᠠᠷᠢᠮ ᠬᠦᠮᠦᠰ ᠲᠡᠳᠡᠭᠡᠷ ᠨᠤᠭᠤᠭ᠎ᠠ ᠶᠢ ᠴᠨᠢ ᠠᠳᠠᠭ ᠲᠠᠭᠠᠨ ᠬᠠᠷᠠᠵᠤ ᠦᠵᠡᠬᠦ ᠦᠭᠡᠢ ᠶᠤᠮ ᠰᠢᠦ︕            ᠤᠶᠤᠨ᠎ᠠ᠄ ᠲᠡᠶᠢᠮᠦ ᠡ︕ ᠮᠢᠨᠦ ᠲᠡᠷᠡ ᠭᠠᠰᠢᠭᠤᠨ ᠱᠦᠯᠦ ᠶᠢ ᠬᠤᠳᠠᠯᠳᠤᠨ ᠠᠪᠬᠤ ᠬᠦᠮᠦᠰ ᠴᠦᠮ ᠡᠶᠢᠮᠦᠷᠬᠦ ᠭᠠᠳᠠᠭᠠᠳᠤ ᠮᠠᠶ᠋ᠢᠭ ᠤᠨ ᠵᠢᠭᠠᠰᠤ ᠶᠢ ᠢᠳᠡᠬᠦ ᠬᠦᠮᠦᠰ ᠪᠢᠰᠢ ᠶᠤᠮ ᠳ᠋ᠡ︕ ᠲᠠᠪᠤᠰᠤ ᠢᠳᠡᠭᠰᠡᠨ ᠠᠮᠠ ᠭᠡᠳᠡᠭ ᠴᠢᠨᠢ ᠶᠠᠩᠵᠤ ᠶᠢᠨ ᠦᠭᠡ ᠶᠢ ᠬᠡᠯᠡᠬᠦ ᠠᠴᠠ ᠭᠠᠳᠠᠨ᠎ᠠ᠂ ᠪᠠᠰᠠ ᠶᠠᠩᠵᠤ ᠶᠢᠨ ᠠᠮᠢᠳᠠᠨ ᠤᠷᠭᠤᠮᠠᠯ ᠢ ᠴᠦ ᠢᠳᠡᠳᠡᠭ ᠰᠠᠨ︕ ᠲᠡᠶᠢᠮᠦ ᠦᠨᠡᠳᠡᠢ ᠶᠢ ᠨᠢ ᠤᠯᠵᠤ ᠢᠳᠡᠭᠦ ᠦᠭᠡᠢ ᠳᠤ ᠬᠢᠮᠳᠠ ᠬᠢᠯᠪᠠᠷ ᠢ ᠨᠢ ᠤᠯᠵᠤ ᠢᠳᠡᠳᠡᠭ ᠪᠢᠯᠡ᠂ ᠲᠡᠷᠡ ᠬᠡᠯᠡᠵᠤ ᠪᠠᠷᠠᠬᠤ   ᠶᠢᠨ ᠲᠠᠭᠠᠥ ᠰᠠᠯᠠᠭᠠᠳᠤ ᠬᠠᠯᠪᠠᠭ᠎ᠠ ᠪᠠᠷ ᠨᠢᠭᠡᠨ ᠬᠡᠰᠡᠭ  ᠵᠢᠭᠠᠰᠤᠨ ᠮᠢᠬ᠎ᠠ ᠶᠢ  ᠠᠮᠠᠨ ᠳᠠᠭᠠᠨ ᠬᠢᠵᠤ ᠲᠤᠳᠤᠭᠰᠢ ᠪᠠᠨ ᠵᠠᠯᠭᠢᠬᠤ ᠳᠠᠭᠠᠨ᠄ ᠪᠦᠷ ᠲᠡᠭᠷᠢ ᠠᠪᠤ ᠮᠡᠳᠡᠭ ᠳ᠋ᠡ︕ ᠲᠡᠭᠷᠢ ᠶᠢᠨ ᠬᠠᠨᠭ᠍ᠰᠢ ᠪᠠᠶᠢᠨ᠎ᠠ ᠳ᠋ᠠ︕ ᠲᠠᠪᠤᠨ ᠵᠠᠭᠤ ᠢᠯᠡᠭᠦᠥ ᠲᠦᠭᠦᠷᠢᠭ  ᠡ︕              ᠠᠮᠤᠷᠰᠠᠨᠠᠭ᠎ᠠ ᠠᠴᠠ ᠤᠶᠤᠨ᠎ᠠ ᠶᠢᠨ  ᠵᠦᠭ᠄ ᠪᠢᠳᠡ ᠤᠳᠤ ᠠᠷᠢᠬᠢ ᠪᠠᠨ ᠡᠬᠢᠯᠡᠵᠤ ᠤᠥᠭᠤᠶ᠎ᠠ︕  ᠭᠡᠵᠤ ᠬᠡᠯᠡᠵᠤ ᠪᠠᠷᠠᠩᠭᠤᠳᠠ ᠤᠶᠢᠯᠡᠴᠢᠯᠡᠭᠴᠢ ᠬᠡᠥᠬᠡᠨ ᠢ ᠲᠤᠬᠢᠵᠤ᠂ ᠠᠷᠢᠬᠢ ᠶᠡᠭᠦᠯᠡᠵᠤ ᠡᠬᠢᠯᠡᠪᠡ᠃ ᠠᠮᠤᠷᠰᠠᠨᠠᠭ᠎ᠠ  ᠠᠴᠠ ᠡᠬᠢᠯᠡᠨ ᠬᠤᠨᠳᠠᠭ᠎ᠠ ᠲᠠᠢ ᠠᠷᠢᠬᠢ ᠡᠷᠭᠦᠨ ᠲᠡᠮᠦᠷ ᠤᠨ ᠵᠦᠭ ᠬᠠᠨᠳᠤᠵᠤ᠂ ᠴᠢ ᠤᠳᠤ ᠮᠠᠨ ᠤ ᠬᠠᠮᠳᠤ  ᠰᠤᠷᠤᠭᠴᠢᠳ ᠤᠨ ᠡᠮᠦᠨ᠎ᠡ ᠠᠴᠠ ᠬᠡᠳᠦᠨ ᠦᠭᠡ ᠬᠡᠯᠡᠪᠡᠯ ᠵᠤᠶᠢᠲᠡᠢ︕  ᠲᠡᠮᠦᠷ ᠬᠠᠷᠢᠨ ᠬᠠᠵᠠᠭᠤ ᠳᠠᠬᠢ ᠲᠡᠷᠭᠡᠯ ᠢ ᠰᠢᠷᠳᠡᠵᠤ᠂  ᠬᠠᠰᠢᠯᠡ ᠠᠩᠭᠢ ᠶᠢᠨ ᠲᠠᠷᠤᠭ᠎ᠠ ᠠᠴᠠ ᠬᠡᠳᠦᠨ ᠦᠭᠡ  ᠬᠡᠯᠡᠪᠡᠯ ᠵᠤᠶᠢᠲᠠᠢ︕ ᠠᠮᠤᠷᠰᠠᠨᠠᠭ᠎ᠠ ᠲᠡᠷᠭᠡᠯ  ᠤᠨ ᠵᠦᠭ ᠬᠠᠨᠳᠤᠵᠤ᠄ ᠴᠢ ᠮᠠᠨ ᠤ ᠡᠮᠦᠨ᠎ᠡ ᠠᠴᠠ ᠪᠦᠬᠦ ᠨᠦᠬᠦᠳ ᠲᠤ  ᠬᠡᠳᠦᠨ ᠦᠭᠡ ᠬᠡᠯᠡᠭᠡᠷᠡᠢ︕  ᠶᠠᠭ ᠡᠨᠡ ᠦᠶᠡᠰ ᠲᠤ  ᠲᠡᠷᠭᠡᠯ ᠬᠤᠨᠳᠠᠭ᠎ᠠ ᠲᠠᠢ ᠠᠷᠢᠬᠢ ᠪᠠᠨ ᠪᠠᠷᠢᠨ ᠲᠦᠪ ᠵᠤᠭᠰᠤᠨ᠄ ᠠᠮᠤᠷᠰᠠᠨᠠᠭ᠎ᠠ ᠶᠢᠨ ᠦᠨᠦᠳᠦᠷ ᠤᠨ ᠮᠠᠨ ᠤ ᠬᠠᠮᠳᠤ ᠰᠤᠷᠤᠭᠴᠢᠳ ᠢ ᠤᠷᠢᠨ ᠴᠤᠭᠯᠠᠭᠤᠯᠤᠭᠰᠠᠨ   ᠤ ᠭᠤᠥᠯ ᠵᠤᠷᠢᠯᠭ᠎ᠠ ᠨᠢ ᠲᠠᠷᠤᠢ  ᠤᠯᠠᠨ ᠲᠠᠢ ᠬᠠᠮᠳᠤ ᠪᠠᠷ ᠮᠠᠨ ᠤ ᠤᠥᠯ ᠤᠨ ᠠᠩᠭᠢ ᠶᠢᠨ ᠡᠷᠬᠢᠯᠡᠭᠴᠢ ᠪᠤᠥ ᠪᠠᠭᠰᠢ ᠪᠠᠨ ᠡᠷᠢᠬᠦ ᠶᠢ ᠵᠦᠪᠳᠡᠯᠡᠯᠴᠡᠬᠦ ᠭᠡᠰᠡᠨ ᠶᠤᠮ ᠂ ᠪᠢᠳᠡ ᠲᠡᠭᠡᠳᠦ ᠲᠤᠮᠳᠠᠳᠤ ᠶᠢᠨ  ᠰᠤᠷᠤᠭᠴᠢ ᠶᠢᠨ ᠦᠶᠡᠰ ᠲᠤ ᠪᠤᠥ ᠪᠠᠭᠰᠢ ᠪᠠᠨ ᠬᠠᠷ᠎ᠠ ᠬᠤᠥᠷᠲᠢ ᠪᠠᠷ ᠪᠤᠷᠤᠭᠤᠰᠢᠶᠠᠨ ᠰᠢᠭᠦᠮᠵᠢᠯᠡᠵᠤ᠂ ᠲᠡᠮᠡᠴᠡᠵᠤ᠂ ᠬᠦᠨᠳᠦᠳᠦ ᠪᠤᠥ ᠪᠠᠭᠰᠢ ᠪᠠᠨ ᠪᠠᠰᠠ ᠴᠤᠬᠢᠵᠤ ᠦᠡᠭᠭᠡᠷᠡᠭᠰᠡᠨ ᠲᠤᠯᠠ ᠦᠨᠦᠳᠦᠷ ᠪᠢᠳᠡ ᠵᠠᠪᠠᠯ ᠪᠠᠭᠰᠢ ᠳᠠᠭᠠᠨ ᠪᠤᠷᠤᠭᠤ ᠪᠠᠨ ᠮᠡᠳᠡᠷᠡᠬᠦ ᠶᠤᠰᠤᠳᠠᠢ︕ ᠡᠶᠢᠮᠦ ᠠᠴᠠ ᠪᠢ ᠠᠳᠡ ᠰᠠᠭᠤᠭ᠎ᠠ ᠤᠯᠠᠨ ᠢ ᠤᠷᠠᠶᠢᠯᠠᠨ ᠨᠢᠭᠡᠳᠦᠭᠡᠷ ᠬᠤᠨᠳᠠᠭ᠎ᠠ ᠶᠢ ᠶᠠᠭᠤᠨ ᠤ ᠡᠮᠦᠨ᠎ᠡ ᠪᠤᠥ ᠪᠠᠭᠰᠢ ᠳᠠᠭᠠᠨ ᠡᠷᠭᠦᠵᠤ᠂ ᠡᠷᠬᠢᠮ ᠬᠦᠨᠳᠦᠳᠦ ᠪᠤᠥ ᠪᠠᠭᠰᠢ ᠪᠠᠨ ᠰᠠᠨᠠᠭᠠᠯᠵᠠᠨ ᠬᠦᠨᠳᠦᠳᠭᠡᠭᠦ ᠰᠡᠳᠬᠢᠯᠭᠡ ᠪᠠᠷ ᠪᠠᠭᠰᠢ ᠳᠠᠭᠠᠨ ᠭᠦᠨ ᠵᠤᠵᠠᠭᠠᠨ  ᠬᠠᠶᠢᠷ᠎ᠠ ᠪᠠᠨ ᠲᠡᠪᠰᠢᠭᠦᠯᠦᠶ᠎ᠡ︕              ᠪᠠᠳᠤ᠄ ᠮᠠᠨ ᠤ ᠪᠤᠥ ᠪᠠᠭᠰᠢ ᠴᠤᠬᠤᠮ ᠠᠮᠢᠳᠤ ᠰᠡᠷᠢᠭᠦᠨ ᠪᠠᠶᠢᠬᠤ ᠶᠤᠮ ᠤᠤ︖ ᠡᠰᠡᠭᠦᠯ᠎ᠡ ᠨᠢᠭᠡᠨᠳᠡ ᠨᠠᠰᠤ ᠪᠠᠷᠠᠭᠰᠠᠨ ᠶᠤᠮ ᠤᠤ︖ ᠬᠡᠷᠪᠡ ᠠᠮᠢᠳᠦ ᠰᠡᠷᠢᠭᠦᠨ ᠪᠠᠶᠢᠬᠤ ᠶᠤᠮ ᠪᠤᠯ ᠪᠢᠳᠡ ᠬᠡᠷᠬᠢᠬᠦ ᠪᠤᠢ︖             ᠤᠶᠤᠨ᠎ᠠ᠄ ᠮᠢᠨᠦ ᠮᠡᠳᠡᠭᠡᠵᠢ ᠪᠠᠷ ᠰᠤᠶᠤᠯ ᠤᠨ ᠶᠡᠭᠡ ᠬᠤᠪᠢᠰᠬᠠᠯ ᠡᠬᠢᠯᠡᠬᠦ ᠲᠡᠷᠡ ᠵᠢᠯ ᠳᠤ ᠮᠠᠨ ᠤ ᠪᠤᠥ ᠪᠠᠭᠰᠢ 57 ᠨᠠᠰᠤᠳᠠᠢ ᠪᠠᠶᠢᠪᠠ᠂ ᠬᠡᠷᠪᠡ ᠪᠤᠥ ᠪᠠᠭᠰᠢ ᠤᠳᠤ ᠳᠤ ᠪᠤᠯᠳᠠᠯ᠎ᠠ ᠠᠮᠢᠳᠤ ᠰᠡᠷᠢᠭᠦᠨ ᠪᠠᠶᠢᠪᠠᠯ 103  ᠨᠠᠰᠤᠳᠠᠢ ᠪᠤᠯ ᠰᠠᠶ᠋ᠢ ᠲᠠᠭᠠᠷᠠᠨ᠎ᠠ  ᠃         ᠠᠮᠤᠷᠰᠠᠨᠠᠭ᠎ᠠ᠄ ᠮᠢᠨᠦ ᠦᠵᠡᠭᠦ ᠪᠠᠷ ᠮᠠᠨ ᠤ ᠪᠤᠥ ᠪᠠᠭᠰᠢ ᠯᠠᠪ ᠠᠮᠢᠳᠤ ᠰᠡᠷᠢᠭᠦᠨ ᠪᠠᠶᠢᠬᠤ ᠦᠭᠡᠢ  ᠪᠠᠶᠢᠬ᠎ᠠ︕ ᠡᠶᠢᠮᠦ ᠠᠴᠠ ᠪᠢᠳᠡᠨᠡᠷ ᠨᠠᠰᠤ ᠨᠦᠭᠴᠢᠭᠰᠡᠨ ᠬᠦᠮᠦᠨ ᠳᠤ ᠠᠷᠢᠬᠢ ᠰᠡᠷᠵᠢᠮᠯᠡᠬᠦ ᠶᠤᠰᠤᠭᠠᠷ ᠪᠤᠥ ᠪᠠᠭᠰᠢ ᠳᠠᠭᠠᠨ  ᠠᠷᠢᠬᠢ ᠡᠷᠭᠦᠶ᠎ᠡ︕ ᠭᠡᠳ ᠨᠢᠭᠡ  ᠲᠡᠯ᠎ᠡ ᠪᠠᠷ ᠬᠡᠯᠡᠵᠤ᠂ ᠨᠦᠬᠦᠭᠡ ᠲᠡᠯ᠎ᠡ ᠪᠠᠷ ᠬᠤᠨᠳᠠᠭ᠎ᠠ ᠲᠠᠢ ᠠᠷᠢᠬᠢ ᠪᠠᠨ ᠭᠠᠵᠠᠷ ᠤᠷᠤᠭᠤ ᠴᠢᠳᠬᠤᠵᠤ ᠪᠠᠶᠢᠯ᠎ᠠ  ᠃           ᠲᠡᠷᠭᠡᠯ᠄ ᠠᠮᠤᠷᠰᠠᠨᠠᠭ᠎ᠠ ᠡ︕ ᠪᠢᠳᠡ ᠤᠷᠢᠳᠠᠪᠡᠷ ᠬᠡᠳᠦᠷᠭᠡᠢ ᠶᠠᠭᠠᠷᠠᠭᠰᠠᠨ ᠤ ᠬᠡᠷᠡᠭ ᠦᠭᠡᠢ︕ ᠪᠢᠳᠡ ᠪᠤᠥ ᠪᠠᠭᠰᠢ ᠳᠠᠭᠠᠨ ᠠᠷᠢᠬᠢ ᠡᠷᠭᠦᠬᠦ ᠳᠡᠭᠡᠨ ᠵᠠᠪᠠᠯ ᠬᠦᠮᠦᠨ ᠨᠢᠭᠡᠪᠦᠷᠢ ᠬᠡᠳᠦᠨ ᠦᠭᠡ ᠬᠡᠯᠡᠵᠤ ᠪᠡᠶᠢᠭᠠᠳ ᠠᠷᠢᠬᠢ  ᠪᠠᠨ ᠡᠷᠭᠦᠶ᠎ᠡ︕ ᠲᠤᠬᠠᠢ ᠶᠢᠨ ᠵᠢᠯ ᠳᠤ ᠪᠢ ᠠᠩᠭᠢ ᠶᠢᠨ ᠲᠠᠷᠤᠭ᠎ᠠ ᠪᠠᠶᠢᠭᠰᠠᠨ ᠲᠤᠯᠠ ᠪᠢ ᠲᠡᠷᠢᠭᠦᠯᠡᠨ  ᠭᠦᠢᠴᠡᠳᠭᠡᠶ᠎ᠡ  ︕ ᠭᠡᠵᠤ ᠬᠡᠯᠡᠵᠤ ᠪᠠᠷᠠᠩᠭᠤᠳᠠ  ᠲᠠᠷᠠ ᠬᠤᠨᠳᠠᠭ᠎ᠠ ᠲᠠᠢ ᠠᠷᠢᠬᠢ ᠪᠠᠨ ᠲᠡᠷᠢᠭᠦᠨ ᠲᠡᠭᠡᠷ᠎ᠡ ᠪᠠᠨ ᠪᠠᠷᠢᠵᠤ᠂ ᠲᠤᠯᠤᠭᠠᠢ ᠶᠢᠨ ᠲᠡᠭᠡᠷ᠎ᠡ ᠲᠡᠯ᠎ᠡ ᠳᠠᠭᠠᠨ ᠬᠡᠳᠦᠨᠳᠡ ᠡᠷᠭᠢᠭᠦᠯᠵᠤ ᠲᠦᠪ ᠶᠤᠰᠤᠷᠬᠠᠭ᠂ᠰᠦᠷ ᠵᠢᠪᠬᠤᠯᠠᠩᠲᠠᠢ  ᠪᠠᠷ᠄ ᠪᠠᠭᠰᠢ ᠮᠢᠨᠢ ᠡ︕ ᠰᠤᠷᠤᠭᠴᠢ ᠴᠢᠨᠢ ᠲᠡᠷᠭᠡᠯ ᠠᠴᠠ ᠲᠡᠨ ᠳᠤ ᠠᠷᠢᠬᠢ ᠪᠠᠷᠢᠵᠤ ᠪᠠᠶᠢᠨ᠎ᠠ︕  ᠪᠢ ᠲᠠᠨ  ᠲᠠᠢ ᠰᠠᠶ᠋ᠢ ᠲᠠᠨᠢᠯᠴᠠᠬᠤ ᠦᠶᠡᠰ ᠲᠤ ᠪᠠᠶᠢᠷᠢ ᠳᠤ ᠰᠠᠭᠤᠵᠤ᠂ ᠭᠡᠷ ᠪᠦᠯᠢ ᠲᠤᠶᠢᠯ ᠤᠨ ᠬᠦᠴᠢᠷᠲᠡᠢ ᠪᠠᠶᠢᠵᠤ᠂ ᠬᠠᠭᠠᠰ ᠰᠠᠷ᠎ᠠ ᠪᠠᠷ ᠵᠠᠷᠤᠬᠤ ᠵᠤᠭᠤᠰ ᠦᠭᠡᠢ ᠲᠤᠯᠠ ᠴᠠᠭ ᠤᠨ ᠬᠤᠭᠤᠯᠠ ᠪᠠᠨ ᠴᠦ ᠤᠯᠵᠤ ᠢᠳᠡᠭᠦ ᠦᠭᠡᠢ ᠪᠠᠶᠢᠬᠤ  ᠳᠤ ᠪᠠᠭᠰᠢ ᠲᠠ ᠬᠠᠷᠢᠨ ᠲᠤᠬᠠᠢ ᠶᠢᠨ ᠦᠶᠡᠰ ᠨᠠᠳᠠ ᠶᠢ ᠬᠠᠶᠢᠷᠠᠯᠠᠨ ᠬᠠᠯᠠᠮᠵᠢᠯᠠᠵᠤ᠂  ᠦᠪᠡᠷ ᠤᠨ ᠢᠳᠡᠭᠦ ᠭᠡᠵᠤ ᠪᠠᠶᠢᠭᠰᠠᠨ ᠨᠤᠭᠤᠭ᠎ᠠ ᠪᠠᠨ ᠮᠢᠨᠦ ᠠᠶᠠᠭᠠᠨ ᠳᠤ ᠬᠢᠵᠤ ᠦᠭᠳᠡᠭ ᠰᠡᠨ︕ ᠭᠡᠶ᠎ᠡ︕ ᠮᠤᠩᠬᠠᠭ ᠰᠤᠷᠤᠭᠴᠢ ᠴᠢᠨᠢ ᠪᠢ ᠠᠴᠢᠯᠠᠯ ᠦᠭᠡᠢ ᠶᠠᠪᠤᠵᠤ᠂ ᠴᠠᠭ ᠤᠨ ᠦᠡᠭᠭᠡ ᠶᠢ ᠲᠠᠭᠠᠨ ᠪᠤᠷᠤᠩᠬᠠᠶᠢᠯᠠᠨ ᠠᠭᠠᠰᠢᠯᠠᠵᠤ᠂ ᠬᠦᠨᠳᠦᠳᠦ ᠴᠢᠮᠠᠶᠢ  ᠶᠢ ᠪᠤᠷᠤᠭᠤᠰᠢᠶᠠᠨ ᠰᠢᠭᠦᠮᠵᠢᠯᠡᠬᠦ ᠶᠡᠭᠡ ᠬᠦᠳᠡᠯᠭᠡᠭᠡᠨ ᠳᠤ ᠤᠷᠤᠯᠴᠠᠵᠤ᠂ ᠪᠠᠰᠠ ᠴᠢᠮᠠᠶᠢ ᠶᠢ ᠨᠢᠭᠡ ᠢᠰᠭᠦᠯᠦᠭᠰᠡᠨ ᠶᠤᠮ᠃ ᠰᠤᠷᠤᠭᠴᠢ ᠶᠢᠨ ᠴᠢᠨᠢ ᠬᠢᠭᠰᠡᠨ ᠡᠨᠡᠬᠦ ᠲᠡᠭᠷᠢ ᠲᠤᠯᠤᠮ᠎ᠠ ᠶᠠᠯᠳᠤ ᠠᠵᠢᠯᠯᠠᠭ᠎ᠠ ᠪᠠᠨ ᠲᠡᠨᠡᠭ ᠰᠤᠷᠤᠭᠴᠢ ᠴᠢᠨᠢ ᠪᠢ ᠬᠡᠳᠦᠨ ᠠᠷᠪᠠᠨ ᠵᠢᠯ ᠤᠨ ᠲᠤᠷᠰᠢ ᠡᠨᠡᠬᠦ ᠤᠰᠤᠯ ᠪᠤᠷᠤᠭᠤ ᠶᠢᠨ ᠢᠶᠠᠨ ᠲᠦᠯᠦᠭᠡ ᠰᠠᠨᠠᠭ᠎ᠠ ᠠᠯᠳᠠᠨ ᠬᠠᠷᠠᠮᠰᠠᠵᠤ ᠢᠷᠡᠵᠡᠢ᠂ ᠡᠨᠡᠬᠦ ᠬᠤᠨᠳᠠᠭ᠎ᠠ ᠠᠷᠢᠬᠢ ᠶᠢ ᠨᠠᠰᠤᠳᠠᠨ ᠲᠠᠨ ᠳᠤ ᠡᠷᠭᠦᠨ ᠪᠠᠷᠢᠵᠤ ᠰᠤᠷᠤᠭᠴᠢ ᠴᠢᠨᠢ ᠪᠢ ᠤᠰᠤᠯ ᠪᠤᠷᠤᠭᠤ ᠪᠠᠨ ᠬᠦᠯᠢᠶᠠᠵᠤ ᠪᠠᠶᠢᠨ᠎ᠠ ᠭᠡᠵᠤ ᠬᠡᠯᠡᠵᠤ ᠪᠠᠷᠠᠭᠠᠳ ᠪᠡᠶ᠎ᠡ ᠮᠡᠬᠦᠶᠢᠨ ᠭᠠᠵᠠᠷ ᠤᠷᠤᠭᠤ ᠬᠤᠨᠳᠠᠭ᠎ᠠ ᠲᠠᠢ ᠠᠷᠢᠬᠢ ᠪᠠᠨ ᠪᠦᠬᠦᠨ ᠢ ᠴᠢᠳᠬᠤᠪᠠ᠃        ᠲᠡᠮᠦᠷ ᠪᠠᠰᠠ ᠬᠤᠨᠳᠠᠭ᠎ᠠ ᠲᠠᠢ ᠠᠷᠢᠬᠢ ᠪᠠᠨ ᠲᠤᠯᠤᠭᠠᠢ ᠲᠡᠭᠡᠷ᠎ᠡ ᠪᠠᠨ ᠬᠡᠳᠦᠨᠳᠡ ᠡᠷᠭᠢᠭᠦᠯᠦᠨ ᠲᠦᠪ ᠬᠢᠴᠢᠶᠡᠩᠭᠦᠢ ᠪᠠᠷ ᠨᠠᠰᠤᠳᠠᠨ ᠪᠤᠭᠤᠷᠣᠯ ᠪᠠᠭᠰᠢ ᠮᠢᠨᠢ ᠡ︕ ᠰᠤᠷᠤᠭᠴᠢ ᠴᠢᠨᠢ ᠲᠡᠮᠦᠷ ᠠᠴᠠ ᠴᠢᠮᠠᠶᠢ ᠳᠠᠭᠠᠨ ᠠᠷᠢᠬᠢ ᠪᠠᠷᠢᠨ ᠡᠷᠭᠦᠵᠤ ᠪᠠᠶᠢᠨ᠎ᠠ᠂ ᠲᠤᠬᠠᠢ ᠶᠢᠨ ᠦᠶᠡᠰ ᠲᠠᠬᠢ ᠨᠢᠭᠡᠨ ᠡᠳᠦᠷ ᠪᠢ ᠰᠤᠷᠭᠠᠭᠤᠯᠢ ᠶᠢᠨ ᠡᠭᠦᠳᠡᠨ ᠡᠮᠦᠨ᠎ᠡ ᠶᠢᠨ ᠰᠠᠷᠠᠪᠴᠢᠨ ᠲᠤᠥᠷ᠎ᠠ᠂ ᠰᠢᠷᠦᠭᠦᠨ ᠪᠤᠷᠤᠭᠠᠨ ᠳᠤ ᠬᠠᠰᠢᠭᠳᠠᠨ ᠵᠤᠭᠰᠤᠵᠤ ᠴᠤᠬᠤᠮ ᠬᠠᠮᠢᠭᠠᠰᠢ ᠪᠠᠨ ᠶᠠᠪᠤᠬᠤ ᠪᠠᠨ ᠴᠦ ᠤᠯᠵᠤ ᠶᠠᠳᠠᠨ ᠪᠠᠶᠢᠬᠤ ᠳᠤ ᠨᠢᠭᠡᠨᠳᠡ ᠬᠢᠴᠢᠶᠡᠯ ᠤᠨ ᠪᠡᠯᠡᠳᠭᠡᠯ ᠤᠨ ᠬᠤᠨᠭ᠍ᠬ᠎ᠠ ᠲᠤᠥᠭᠠᠷᠴᠤ ᠪᠠᠶᠢᠯ᠎ᠠ᠂ ᠰᠢᠷᠦᠭᠦᠨ ᠪᠤᠷᠤᠭᠠᠨ ᠮᠦᠨ ᠯᠡ ᠦᠷᠭᠦᠯᠵᠢᠯᠡᠵᠤ ᠯᠡ ᠪᠠᠶᠢᠪᠠ᠂ ᠭᠡᠶ᠎ᠡ᠂ ᠶᠠᠭ ᠡᠨᠡ ᠦᠶᠡᠰ ᠲᠤ ᠴᠢ ᠬᠠᠷᠢᠨ ᠪᠤᠷᠤᠭᠠᠨ ᠤ ᠰᠢᠭᠦᠷ ᠪᠠᠷᠢᠨ ᠰᠢᠷᠦᠭᠦᠨ ᠪᠤᠷᠤᠭᠠᠨ ᠤ ᠲᠤᠮᠳᠠᠭᠤᠷ ᠮᠢᠨᠦ ᠵᠦᠭ ᠬᠦᠶᠦᠨ ᠢᠷᠡᠵᠤ᠂ ᠨᠠᠳᠠ ᠶᠢ ᠬᠠᠮᠵᠢᠨ ᠠᠩᠭᠢ ᠶᠢᠨ ᠭᠡᠷ ᠲᠤ ᠤᠷᠤᠭᠤᠯᠪᠠ᠂ ᠲᠡᠷᠡ ᠦᠶᠡᠰ ᠲᠤ ᠮᠢᠨᠦ ᠪᠠᠶ᠎ᠠ ᠬᠡᠳᠦᠶᠢᠪᠡᠷ ᠨᠢᠭᠡᠴᠦ ᠪᠤᠷᠤᠭᠠᠨ ᠳᠤ ᠨᠤᠷᠤᠭᠳᠠᠭᠰᠠᠨ ᠦᠭᠡᠢ ᠪᠤᠯᠪᠠᠴᠤ᠂ ᠲᠠᠨ ᠤ ᠲᠠᠯ᠎ᠠ ᠪᠡᠶ᠎ᠡ ᠴᠢᠨᠢ ᠬᠠᠷᠢᠨ ᠪᠤᠷᠤᠭᠠᠨ ᠳᠤ ᠨᠤᠷᠴᠢᠬᠠᠭᠰᠠᠨ ᠪᠠᠶᠢᠯ᠎ᠠ᠂ ᠪᠢ ᠬᠡᠳᠦᠶᠢᠪᠡᠷ ᠲᠠᠨ ᠤ ᠰᠠᠶᠢᠨ ᠲᠠᠯ᠎ᠠ ᠶᠢ ᠤᠯᠠᠨ ᠴᠡᠭᠡᠵᠢᠯᠡᠭᠰᠡᠨ ᠪᠤᠯᠪᠠᠴᠤ᠂ ᠬᠠᠷᠢᠨ ᠲᠠᠨ ᠲᠠᠢ ᠠᠰ ᠲᠤᠯᠤᠨ ᠠᠪᠤᠨ ᠬᠠᠷᠢᠭᠤᠴᠠᠵᠤ᠂ ᠲᠠᠨ ᠤ ᠬᠠᠴᠠᠷ ᠢ ᠴᠢᠨᠢ ᠨᠢᠭᠡ ᠠᠯᠠᠭᠠᠳᠠᠭᠠᠳ ᠵᠤᠭᠰᠤᠭᠰᠠᠨ ᠦᠭᠡᠢ᠂ ᠪᠠᠰᠠ ᠲᠠᠨ ᠤ ᠪᠦᠭᠰᠡ ᠤᠷᠤᠭᠤ ᠬᠡᠳᠦᠨᠳᠡ ᠢᠰᠭᠦᠯᠦᠭᠰᠡᠨ ᠶᠤᠮ᠂ ᠲᠡᠷᠡ ᠪᠤᠷᠤᠭᠤ ᠪᠠᠨ ᠮᠡᠳᠡᠵᠤ ᠰᠤᠷᠤᠭᠴᠢ ᠴᠢᠨᠢ ᠪᠢ ᠰᠦᠨᠢ ᠤᠨᠳᠠᠭᠠᠳ ᠨᠤᠶᠢᠷ ᠦᠭᠡᠢ ᠁            ᠲᠤᠯᠮ᠎ᠠ ᠴᠦ ᠲᠡᠳᠡᠨ ᠤ ᠬᠡᠳᠦ ᠶᠢᠨ ᠬᠡᠯᠡᠭᠰᠡᠨ ᠶᠠᠩᠵᠤ ᠪᠠᠷ ᠬᠤᠨᠳᠠᠭ᠎ᠠ ᠲᠠᠢ ᠠᠷᠢᠬᠢ ᠪᠠᠨ ᠲᠤᠯᠤᠭᠠᠢ ᠲᠡᠭᠡᠷ᠎ᠡ ᠪᠠᠨ ᠬᠡᠳᠦᠨᠳᠡ ᠡᠷᠭᠢᠭᠦᠯᠵᠤ᠂ ᠤᠯᠠᠨ ᠢ ᠰᠢᠷᠲᠡᠨ᠄ ᠪᠤᠥ ᠪᠠᠭᠰᠢ ᠮᠢᠨᠢ ᠡ︕ ᠪᠢ ᠪᠤᠯ ᠴᠢᠨᠦ ᠰᠤᠷᠤᠭᠴᠢ ᠲᠤᠯᠮ᠎ᠠ ᠪᠠᠶᠢᠨ᠎ᠠ᠂ ᠪᠢ ᠴᠢᠨᠦ ᠰᠤᠷᠤᠭᠴᠢ ᠪᠤᠯᠵᠤ ᠶᠠᠪᠤᠭᠰᠠᠨ ᠲᠡᠷᠡᠭᠦ ᠤᠨ ᠰᠠᠷ᠎ᠠ ᠳᠤ ᠮᠠᠨ ᠤ ᠭᠡᠷ ᠪᠦᠯᠢ ᠲᠤᠶᠢᠯ  ᠤᠨ ᠬᠦᠴᠢᠷ ᠲᠦᠪᠡᠭ ᠲᠠᠢ ᠲᠤᠯᠠ᠂ ᠠᠪᠤ ᠡᠵᠢ ᠠᠴᠠ ᠬᠡᠥᠬᠡᠨ ᠨᠠᠳᠠ ᠪᠠᠨ ᠪᠢᠴᠢᠭ ᠦᠵᠡᠭᠦᠯᠬᠦ ᠰᠠᠨᠠᠭ᠎ᠠ ᠦᠭᠡᠢ ᠪᠠᠶᠢᠭᠰᠠᠨ ᠶᠤᠮ᠂ ᠶᠠᠭ ᠡᠨᠡ ᠦᠶᠡᠰ ᠲᠤ ᠬᠦᠨᠳᠦᠳᠦ ᠲᠠ ᠮᠠᠨ ᠤ ᠭᠡᠷ ᠲᠤ ᠬᠦᠷᠴᠦ᠂ ᠮᠢᠨᠦ ᠠᠪᠤ ᠡᠵᠢ ᠶᠢ ᠢᠳᠬᠠᠵᠤ  ᠪᠠᠶᠢᠭᠠᠳ ᠨᠠᠳᠠ ᠶᠢ ᠲᠤᠮᠳᠠᠳᠤ ᠰᠤᠷᠭᠠᠭᠤᠯᠢ ᠶᠢᠨ ᠡᠭᠦᠳᠡᠨ ᠪᠤᠱᠤᠭ᠎ᠠ ᠶᠢ ᠲᠠᠪᠠᠭᠤᠯᠤᠭᠰᠠᠨ ᠠᠴᠢᠳᠤ ᠶᠡᠭᠡ ᠪᠠᠭᠰᠢ ᠪᠤᠯᠬᠤ ᠶᠤᠮ᠂ ᠲᠤᠬᠠᠢ ᠶᠢᠨ ᠵᠢᠯ ᠳᠤ ᠲᠠᠨ ᠢ ᠪᠤᠷᠤᠭᠤᠰᠢᠶᠠᠨ ᠰᠢᠭᠦᠮᠵᠢᠯᠡᠬᠦ ᠳᠤ ᠪᠢ ᠪᠠᠰᠠ ᠲᠠᠶᠢᠰᠠᠨ  ᠤ ᠲᠤᠥᠷ᠎ᠠ ᠲᠠᠯ᠎ᠠ ᠠᠴᠠ ᠴᠢᠨᠡᠭᠡ ᠮᠡᠳᠡᠨ ᠤᠷᠢᠶ᠎ᠠ ᠬᠠᠰᠭᠢᠷᠤᠨ᠂ ᠬᠦᠨᠳᠦᠳᠦ ᠲᠠᠨ ᠢ ︽ᠨᠤᠬᠠᠢ ᠶᠢᠨ ᠲᠤᠯᠤᠭᠠᠢ ᠶᠢ ᠴᠢᠨᠢ ᠲᠡᠯᠪᠡᠴᠢᠶ᠎ᠡ︕︾  ᠬᠡᠮᠡᠨ ᠪᠠᠷᠬᠢᠷᠠᠵᠤ ᠪᠠᠶᠢᠭᠰᠠᠨ ᠶᠤᠮ᠂ ᠰᠤᠷᠤᠭᠴᠢ ᠴᠢᠨᠢ ᠤᠳᠤ ᠶᠠᠭ ᠲᠠᠨ ᠤ ᠲᠡᠷᠡ ᠦᠶᠡᠰ ᠤᠨ ᠨᠠᠰᠤ ᠵᠢᠯ ᠤᠨ ᠬᠡᠮᠵᠢᠶ᠎ᠡ ᠲᠠᠢ ᠠᠳᠠᠯᠢ ᠪᠤᠯᠵᠤ᠂ ᠨᠢᠭᠡᠨᠳᠡ ᠶᠠᠪᠤᠳᠠᠯ ᠤᠴᠢᠷ ᠤᠨ ᠮᠦᠨ ᠴᠢᠨᠠᠷ ᠢ ᠰᠦᠪᠡᠭᠴᠢᠯᠡᠨ ᠤᠶᠢᠯᠭᠠᠬᠤ ᠬᠡᠮᠵᠢᠶᠡᠨ ᠳᠤ ᠬᠦᠷᠴᠡᠢ᠂ ᠦᠨᠦ ᠪᠢ ᠪᠤᠷᠤᠭᠤ ᠪᠠᠨ ᠮᠡᠳᠡᠷᠡᠵᠤ᠂ ᠡᠨᠡᠬᠦ ᠬᠤᠨᠳᠠᠭ᠎ᠠ ᠠᠷᠢᠬᠢ ᠪᠠᠷ ᠰᠡᠳᠭᠢᠯ ᠢᠶᠠᠨ ᠤᠷᠤᠯᠠᠨ ᠪᠠᠶᠢᠵᠤ᠂ ᠨᠠᠰᠤᠳᠠᠨ ᠲᠠᠨ ᠳᠤ ᠤᠰᠤᠯ ᠪᠤᠷᠤᠭᠤ ᠪᠠᠨ ᠬᠦᠯᠢᠶᠠᠵᠤ ᠪᠠᠶᠢᠨ᠎ᠠ᠃              ᠤᠶᠤᠨ᠎ᠠ ᠵᠠᠯᠭᠠᠭᠠᠳ᠄ ᠬᠤᠨᠳᠠᠭ᠎ᠠ ᠲᠠᠢ ᠠᠷᠢᠬᠢ ᠪᠠᠨ ᠮᠦᠨ ᠯᠡ ᠲᠤᠯᠤᠭᠠᠢ ᠲᠡᠭᠡᠷ᠎ᠡ ᠪᠠᠨ ᠡᠷᠭᠦᠨ ᠪᠠᠷᠢᠵᠤ᠂  ᠪᠤᠥ ᠪᠠᠭᠰᠢ ᠮᠢᠨᠢ ᠡ︕ ᠪᠢ ᠰᠤᠷᠭᠠᠭᠤᠯᠢ ᠳᠤ ᠠᠩᠬ᠎ᠠ ᠤᠷᠤᠬᠤ ᠳᠤ ᠰᠤᠷᠤᠯᠭ᠎ᠠ ᠠᠨᠠᠢ ᠪᠦᠭᠡᠳ ᠪᠠᠰᠠ ᠲᠤᠶᠢᠯ ᠤᠨ ᠠᠯᠢᠶ᠎ᠠ ᠲᠡᠭᠵᠢᠨ ᠪᠠᠶᠢᠭᠰᠠᠨ ᠶᠤᠮ᠂ ᠲᠤᠬᠠᠢ ᠶᠢᠨ ᠦᠶᠡᠰ ᠲᠤ᠂ ᠪᠠᠭᠰᠢ ᠲᠠ ᠨᠠᠳᠠ ᠶᠢ ᠤᠯᠠᠨ ᠲᠠᠯ᠎ᠠ ᠪᠠᠷ ᠰᠢᠭᠦᠮᠵᠢᠯᠡᠨ ᠰᠤᠷᠭᠠᠭᠠᠵᠤ᠂ ᠲᠠ ᠠᠷᠭ᠎ᠠ ᠪᠠᠷᠠᠬᠤ ᠳᠠᠭᠠᠨ ᠮᠢᠨᠦ ᠴᠢᠬᠢᠨ ᠠᠴᠠ ᠴᠢᠩᠭᠠᠭᠠᠵᠤ ᠪᠦᠬᠦ ᠬᠦᠴᠦ   ᠪᠠᠨ ᠰᠢᠪᠬᠠᠨ ᠨᠠᠳᠠ ᠶᠢ ᠰᠤᠷᠭᠠᠵᠤ ᠪᠠᠶᠢᠭᠰᠠᠨ ᠶᠤᠮ᠂ ᠲᠡᠷᠡ ᠡᠳᠦᠷ᠂ ᠪᠢ ᠤᠯᠠᠨ ᠠᠴᠠ ᠡᠮᠦᠨ᠎ᠡ ᠲᠠᠶᠢᠰᠠᠨ ᠳᠤ ᠬᠦᠶᠦᠨ ᠭᠠᠷᠴᠤ ᠲᠠᠨ ᠢ ᠬᠦᠴᠦᠲᠡᠢ ᠨᠢᠭᠡ ᠢᠰᠭᠦᠯᠦᠭᠰᠡᠨ ᠶᠤᠮ᠂ ᠭᠡᠳᠡᠯ᠎ᠡ ᠴᠢ ᠲᠡᠷᠡᠭᠦ ᠮᠦᠴᠡ ᠳᠤ ᠬᠦᠰᠡᠷ  ᠤᠨᠠᠬᠤ ᠳᠠᠭᠠᠨ ᠨᠠᠳᠠ ᠤᠷᠤᠭᠤ ᠨᠢᠯᠪᠤᠰᠤ ᠠᠰᠬᠠᠷᠠᠭᠤᠯᠤᠨ ᠰᠢᠷᠲᠡᠵᠤ ᠪᠠᠶᠢᠭᠰᠠᠨ ᠢᠶᠠᠨ ᠬᠡᠥᠬᠡ ᠡ︕ ᠪᠢ ᠴᠢᠮᠠᠶᠢ ᠳᠤ ᠬᠤᠷᠤᠰᠬᠤ ᠦᠭᠡᠢ᠂ ᠴᠢ ᠬᠤᠵᠢᠮ ᠵᠠᠪᠠᠯ ᠰᠠᠶᠢᠨ ᠰᠤᠷᠤᠯᠴᠠᠬᠤ ᠬᠡᠷᠡᠭᠳᠡᠢ᠂ ᠪᠢᠴᠢᠭ ᠢᠶᠠᠨ ᠰᠠᠶᠢᠳᠤᠷ ᠰᠤᠷᠤᠯᠴᠠᠬᠤ ᠦᠭᠡᠢ ᠶᠤᠮ ᠪᠤᠯ ᠬᠤᠵᠢᠮ ᠴᠢᠳᠠᠪᠤᠷᠢᠳᠠᠨ ᠪᠤᠯᠵᠤ ᠴᠢᠳᠠᠬᠤ ᠦᠭᠡᠢ ᠶᠤᠮ ᠰᠢᠦ︕ ᠡᠨᠡ ᠪᠦᠬᠦᠨ ᠢ ᠡᠷᠭᠢᠴᠡᠭᠦᠯᠦᠨ ᠪᠤᠳᠤᠬᠤᠯ᠎ᠠ ᠰᠤᠷᠤᠭᠴᠢ ᠴᠢᠨᠢ ᠲᠤᠶᠢᠯ ᠢᠶᠠᠷ ᠬᠠᠷᠠᠮᠰᠠᠵᠤ ᠪᠠᠶᠢᠨ᠎ᠠ᠂ ᠪᠢ ᠬᠡᠷᠪᠡ ᠲᠤᠬᠠᠢ  ᠶᠢᠨ ᠴᠠᠭ ᠠᠴᠠ ᠡᠬᠢᠯᠡᠨ ᠡᠷᠬᠢᠮ ᠬᠦᠨᠳᠦᠳᠦ ᠲᠡᠨ ᠤ ᠬᠡᠯᠡᠭᠰᠡᠨ ᠰᠤᠷᠭᠠᠯ ᠢ ᠠᠪᠤᠭᠰᠠᠨ ᠶᠤᠮ ᠪᠤᠯ ᠪᠦᠬᠦ ᠤᠯᠤᠰ  ᠤᠨ ᠶᠡᠭᠡ ᠰᠤᠷᠭᠠᠭᠤᠯᠢ ᠶᠢᠨ ᠰᠢᠯᠭᠠᠯᠳᠠ ᠶᠢᠨ ᠲᠦᠷᠢᠮ ᠢ ᠰᠡᠷᠭᠦᠭᠡᠭᠰᠡᠨ ᠲᠡᠷᠡᠬᠦ ᠵᠠᠪᠰᠢᠶᠠᠨ ᠢᠶᠠᠷ ᠯᠠᠪᠳᠠᠢ ᠶᠡᠭᠡ ᠰᠤᠷᠭᠠᠭᠤᠯᠢ ᠳᠤ ᠤᠷᠤᠵᠤ ᠲᠡᠶᠢᠯᠬᠦ ᠶᠤᠮ᠂ ᠢᠡᠭᠭᠢᠭᠰᠡᠨ ᠶᠤᠮ ᠪᠤᠯ ᠲᠠᠩᠬᠢᠮ ᠤᠨ ᠲᠡᠰ ᠤᠨ ᠲᠠᠷᠤᠭ᠎ᠠ ᠴᠦ ᠪᠤᠯᠤᠭᠰᠠᠨ ᠪᠠᠶᠢᠵᠤ ᠮᠡᠳᠡᠨ᠎ᠡ᠂ ᠤᠳᠤ ᠪᠢ ᠴᠢᠨᠢ ᠲᠡᠷᠡᠭᠢ ᠭᠠᠳᠠᠭᠠᠳᠤ ᠮᠠᠶ᠋ᠢᠭ ᠤᠨ ᠵᠢᠭᠠᠰᠤ ᠶᠢ ᠴᠦ ᠰᠠᠶ᠋ᠢ ᠤᠯᠵᠤ ᠦᠵᠡᠨ᠂ ᠶᠤᠰᠤᠳᠠᠢ ᠤᠷᠤᠨ ᠳᠠᠭᠠᠨ ᠰᠠᠭᠤᠭᠰᠠᠨ  ᠮᠤᠩᠬᠠᠭ ᠪᠤᠯᠵᠠᠢ  ᠃               ᠤᠶᠤᠨ᠎ᠠ ᠬᠡᠯᠡᠵᠤ ᠪᠠᠷᠠᠬᠤ ᠳᠤ ᠪᠠᠳᠤ ᠵᠠᠯᠭᠠᠭᠠᠳ ᠬᠦᠨᠳᠦᠳᠦ ᠪᠠᠭᠰᠢ ᠳᠠᠭᠠᠨ ᠠᠷᠢᠬᠢ ᠬᠡᠮᠨᠡᠨ  ᠁               ᠶᠠᠭ ᠡᠨᠡ ᠦᠶᠡᠰ ᠲᠤ᠂ ᠬᠤᠭᠤᠯᠠᠨ ᠭᠡᠷ ᠤᠨ ᠳ᠋ᠧᠩ ᠴᠦ ᠠᠯᠭᠤᠷ ᠢᠶᠠᠷ ᠪᠤᠳᠤᠩᠭᠤᠶᠢᠷᠠᠵᠤ᠂ ᠭᠠᠳᠠᠨ᠎ᠠ ᠫᠠᠳ ᠬᠠᠷᠠᠩᠭᠤᠢ ᠪᠤᠯᠵᠤ᠂ ᠬᠠᠷ᠎ᠠ ᠡᠬᠦᠯᠡ ᠬᠤᠳᠠ ᠶᠢ ᠪᠦᠷᠬᠦᠨ ᠬᠤᠮᠠᠭ ᠰᠢᠷᠤᠢ ᠤᠭᠳᠠᠷᠭᠤᠢ ᠳᠤ ᠲᠡᠭᠳᠡᠵᠤ᠂ ᠲᠡᠭᠷᠢ ᠭᠠᠵᠠᠷ ᠢ ᠲᠤᠩᠰᠤᠯᠭᠠᠬᠤ ᠲᠠᠭᠤᠨ ᠭᠠᠷᠬᠤ ᠮᠡᠳᠦ ᠰᠠᠨᠠᠭᠳᠠᠵᠤ ᠢᠷᠡᠯ᠎ᠡ᠂ ᠲᠤᠬᠠᠢ ᠶᠢᠨ ᠵᠢᠯ ᠲᠡᠭᠡᠳᠦ ᠲᠤᠮᠳᠠᠳᠤ ᠳᠤ ᠰᠤᠷᠤᠯᠴᠠᠵᠤ ᠪᠠᠶᠢᠭᠰᠠᠨ ᠡᠨᠡᠬᠦ ᠬᠡᠳᠦᠨ ᠬᠠᠮᠳᠤ ᠰᠤᠷᠤᠭᠴᠢᠳ ᠤᠨ ᠪᠤᠳᠤᠯ ᠰᠡᠳᠭᠢᠭᠦᠢ ᠶᠢᠨ ᠲᠦᠴᠢ ᠭᠠᠷᠤᠢ ᠵᠢᠯ ᠤᠨ ᠡᠮᠦᠨᠡᠬᠢ ᠠᠬᠤᠢ ᠤᠷᠴᠢᠨ ᠳᠤ ᠬᠦᠷᠴᠦ᠂ ᠴᠤᠬᠤᠮ ᠶᠠᠭᠤᠨ ᠳᠤ ᠪᠤᠥ ᠪᠠᠭᠰᠢ ᠪᠠᠨ ᠲᠡᠮᠡᠴᠡᠵᠤ᠂  ᠪᠤᠷᠤᠭᠤᠰᠢᠶᠠᠨ ᠰᠢᠭᠦᠮᠵᠢᠯᠡᠵᠤ ᠪᠠᠶᠢᠭᠰᠠᠨ ᠢᠶᠠᠨ ᠴᠦ ᠤᠳᠤ ᠪᠤᠳᠤᠪᠠᠯ ᠵᠢᠩᠭᠢᠨᠢ ᠤᠴᠢᠷ ᠤᠳᠬ᠎ᠠ ᠶᠢ ᠨᠢ ᠤᠯᠬᠤ ᠦᠭᠡᠢ ᠪᠠᠶᠢᠯ᠎ᠠ᠂ ᠲᠤᠬᠠᠢ ᠶᠢᠨ ᠦᠶ᠎ᠡ ᠶᠢᠨ ᠴᠢᠪ ᠬᠡᠮᠡᠨ ᠬᠠᠮᠳᠤ  ᠰᠤᠷᠤᠭᠴᠢᠳ ᠭᠡᠬᠦᠳᠡᠭ  ᠲᠦᠭᠦᠷᠡᠩ ᠤᠮᠤᠭ ᠪᠠᠭ᠋ᠠᠳᠤᠯᠳᠤ ᠰᠡᠳᠭᠢᠯᠭᠡ ᠶᠢ ᠡᠪᠦᠷᠯᠡᠨ ᠰᠡᠵᠢᠭᠯᠡᠬᠦ᠂ᠤᠷᠪᠠᠯᠭ᠎ᠠ ᠭᠠᠷᠭᠠᠬᠤ᠂ ᠨᠤᠴᠤᠯᠳᠤᠨ ᠦᠵᠡᠯᠴᠡᠬᠦ᠂ ᠰᠢᠭᠦᠮᠵᠢᠯᠡᠨ ᠢᠯᠡᠴᠢᠯᠡᠬᠦ᠂ ᠬᠤᠷᠤᠰᠤᠨ ᠬᠢᠯᠢᠩᠨᠡᠬᠦ ᠵᠡᠷᠭᠡ ᠤᠯᠠᠨ ᠵᠤᠶᠢᠯ ᠤᠨ ᠬᠦᠳᠡᠯᠭᠡᠭᠡᠨ ᠳᠤ ᠤᠷᠤᠯᠴᠠᠵᠤ  ᠪᠠᠶᠢᠯ᠎ᠠ᠂ ᠤᠯᠤᠰ ᠲᠠᠶᠠᠭᠠᠷ ᠤᠯᠠᠭᠠᠨ ᠢᠶᠠᠷ ᠤᠷᠪᠠᠯᠵᠠᠵᠤ᠂ ᠭᠠᠵᠠᠷ ᠰᠠᠢ ᠦᠭᠡᠢ ᠶᠡᠭᠡ ᠦᠰᠦᠭᠳᠦ ᠰᠤᠨᠢᠨ ᠨᠠᠭᠠᠵᠤ᠂ ᠬᠤᠪᠢᠰᠬᠠᠯ ᠤᠨ ᠤᠯᠠᠭᠠᠨ ᠰᠠᠯᠬᠢ ᠲᠠᠪᠠᠯᠭᠠᠯᠠᠨ ᠲᠤᠯᠭᠢᠶᠠᠯᠠᠵᠤ᠂ ᠭᠠᠯᠵᠠᠭᠤᠷᠠᠭᠰᠠᠨ ᠮᠡᠳᠦ ᠤᠯᠠᠨ ᠬᠦᠮᠦᠨ ᠬᠠᠰᠭᠢᠷᠠᠯᠳᠤᠵᠤ᠂ ᠬᠤᠳᠠ ᠬᠦᠳᠡᠭᠡ ᠦᠭᠡᠢ ᠤᠯᠠᠨ ᠬᠦᠮᠦᠨ ᠤ ᠬᠠᠰᠭᠢᠷᠠᠬᠤ ᠲᠠᠭᠤᠨ ᠦᠷᠭᠦᠯᠵᠢᠯᠡᠨ᠂ ᠰᠦᠷ ᠶᠡᠬᠡᠳᠡᠢ ᠪᠤᠷᠤᠭᠤᠰᠢᠶᠠᠨ ᠰᠢᠭᠦᠮᠵᠢᠯᠡᠬᠦ᠂  ᠬᠠᠷᠢᠯᠴᠠᠨ ᠦᠵᠡᠯᠴᠡᠬᠦ᠂ ᠵᠡᠭᠦᠨ ᠭᠠᠷ ᠤᠨ ᠠᠳᠬᠬᠠᠯ ᠲᠡᠭᠡᠷ᠎ᠡ ᠪᠠᠨ ᠵᠤᠶᠢᠯ ᠪᠦᠷᠢ ᠶᠢᠨ ᠦᠰᠦᠭ  ᠲᠠᠢ ᠤᠯᠠᠭᠠᠨ ᠪᠦᠴᠡ ᠵᠡᠭᠦᠵᠤ᠂ ᠬᠦᠮᠦᠨ ᠤ ᠲᠠᠯᠠᠢ ᠲᠤᠯᠬᠢᠶᠠᠯᠠᠵᠤ ᠪᠠᠶᠢᠯ᠎ᠠ  ᠂ ᠨᠡᠷ᠎ᠡ ᠲᠡᠭᠡᠷ᠎ᠡ ᠪᠠᠨ ᠠᠭᠤᠥ ᠨᠠᠮ  ᠳᠠᠭᠠᠨ ᠦᠨᠡᠨᠴᠢ᠂ ᠠᠷᠠᠳ ᠲᠦᠮᠡᠨ ᠳᠡᠭᠡᠨ ᠰᠢᠳᠤᠷᠭᠤ ᠭᠡᠬᠦ ᠬᠠᠯᠬᠠᠪᠴᠢ ᠶᠢ ᠡᠷᠭᠦᠨ᠂ ᠲᠤᠬᠠᠢ ᠶᠢᠨ ᠴᠠᠭ ᠲᠤ ᠡᠶ᠎ᠡ ᠵᠤᠬᠢᠴᠠᠩᠭᠤᠢ᠂ ᠬᠠᠯᠠᠭᠤᠨ ᠲᠤᠳᠤᠨᠤᠰᠤᠭ᠂ ᠡᠯᠪᠡᠷᠢᠯ ᠵᠢᠷᠦᠮ᠂ ᠨᠠᠮ ᠬᠦᠮ ᠪᠠᠶᠢᠬᠤ ᠨᠢ ᠬᠠᠷᠢᠨ ᠲᠡᠷᠰᠯᠡᠭᠦᠥ ᠪᠤᠯᠵᠤ᠂  ᠬᠡᠪ ᠢᠶᠠᠨ ᠰᠠᠬᠢᠵᠤ᠂ ᠤᠯᠠᠮᠵᠢᠯᠠᠯᠳᠤ ᠵᠠᠩ ᠲᠠᠳᠬᠠᠯ ᠢᠶᠠᠨ ᠵᠢᠷᠦᠮᠯᠡᠬᠦ ᠨᠢ ᠬᠠᠷᠢᠨ ᠵᠠᠰᠠᠪᠤᠷᠢᠯᠠᠬᠤ ᠦᠵᠡᠯᠳᠡᠨ ᠪᠤᠯᠵᠤ᠂ ᠬᠦᠷᠦᠩᠭᠡᠳᠦ ᠶᠤᠰᠤᠨ ᠤ ᠵᠠᠮ ᠢᠶᠠᠷ ᠶᠠᠪᠤᠭᠴᠢ ᠪᠤᠯᠳᠠᠭ ᠰᠠᠨ  ᠃ ᠡᠶᠢᠮᠦ ᠠᠴᠠ ᠲᠦᠷᠦᠭᠰᠡᠨ ᠦᠷ᠎ᠡ ᠬᠡᠥᠭᠡᠳ ᠨᠢ ᠬᠦᠷᠦᠳᠡᠯ᠎ᠡ ᠠᠪᠤ ᠡᠵᠢ  ᠶᠡᠭᠡ ᠬᠤᠷᠠᠯ ᠲᠡᠭᠡᠷ᠎ᠡ ᠬᠤᠭᠤᠯᠠᠢ ᠪᠠᠨ ᠬᠠᠭᠠᠷᠠᠳᠠᠯ᠎ᠠ ᠪᠠᠷᠬᠢᠷᠠᠨ ᠪᠠᠶᠢᠵᠤ ᠢᠯᠡᠴᠢᠯᠡᠵᠤ᠂ ᠭᠡᠷ ᠪᠦᠯᠢ ᠲᠤᠳᠤᠷ᠎ᠠ ᠪᠠᠨ ᠠᠩᠭᠢ ᠶᠢᠨ ᠵᠠᠭᠠᠭ ᠱᠤᠭᠤᠮ ᠢᠶᠠᠨ ᠢᠯᠠᠭᠠᠵᠤ᠂ ᠰᠤᠷᠤᠭᠴᠢᠳ  ᠨᠢ ᠪᠠᠭᠰᠢ ᠲᠠᠢ ᠪᠠᠨ ᠲᠡᠮᠡᠴᠡᠯᠳᠣᠬᠦ  ᠂ ᠲᠤᠥᠷ᠎ᠠ ᠱᠠᠳᠤ ᠨᠢ ᠲᠡᠭᠡᠷ᠎ᠡ ᠱᠠᠳᠤ ᠲᠠᠢ ᠪᠠᠷ ᠲᠡᠮᠡᠴᠡᠯᠳᠣᠭᠦ ᠨᠢ ᠬᠠᠷᠢᠨ ᠰᠤᠶᠤᠯ ᠤᠨ ᠶᠡᠭᠡ ᠬᠤᠪᠢᠰᠬᠠᠯ ᠤᠨ ᠴᠠᠭ ᠦᠶ᠎ᠡ ᠶᠢᠨ ᠤᠷᠤᠰᠬᠠᠯ ᠪᠤᠯᠵᠤ ᠢᠷᠡᠯ᠎ᠡ  ᠃ ᠲᠡᠳᠡᠨᠡᠷ ᠡᠨᠡᠬᠦ ᠭᠡᠨᠡᠳᠳᠡ  ᠪᠠᠷ ᠢᠷᠡᠭᠰᠡᠨ ᠭᠤᠥᠯ ᠪᠤᠯᠬᠤ ᠤᠷᠤᠰᠬᠠᠯ ᠤᠨ ᠲᠤᠮᠳᠠ᠂ ᠰᠤᠶᠤᠯ ᠤᠨ ᠶᠡᠭᠡ ᠬᠤᠪᠢᠰᠬᠠᠯ ᠤᠨ ᠭᠤᠥᠯ ᠬᠦᠴᠦᠨ ᠪᠤᠯᠤᠭᠰᠠᠨ ᠤ ᠬᠤᠪᠢ ᠳᠤ᠂ ᠪᠠᠭᠰᠢ ᠪᠠᠨ ᠲᠠᠶᠢᠰᠠᠨ ᠲᠡᠭᠡᠷ᠎ᠡ ᠴᠢᠷᠤᠨ ᠭᠠᠷᠭᠠᠵᠤ᠂ ᠠᠷᠦ ᠨᠢᠷᠤᠭᠤᠨ ᠲᠡᠭᠡᠷ᠎ᠡ ᠨᠢ ᠬᠠᠷ᠎ᠠ ᠦᠰᠦᠭ ᠲᠠᠢ ᠴᠠᠭᠠᠨ  ᠪᠦᠰᠡ ᠶᠢ ᠨᠠᠭᠠᠵᠤ᠂ ᠭᠡᠵᠢᠭᠡ ᠦᠰᠦ ᠶᠢ ᠨᠢ ᠠᠳᠬᠤᠨ ᠠᠪᠴᠤ᠂ ᠲᠤᠯᠤᠭᠠᠢ ᠲᠦᠷᠦᠭᠦᠥ ᠶᠢ ᠨᠢ ᠵᠢᠭᠠᠵᠤ᠂ ᠦᠨᠳᠦᠷ ᠲᠠᠭᠤᠨ ᠢᠶᠠᠷ ᠤᠯᠠᠨ ᠢ ᠤᠷᠠᠶᠢᠯᠠᠨ ᠲᠡᠮᠡᠴᠡᠯ ᠶᠠᠪᠤᠭᠤᠯᠵᠤ ᠪᠠᠶᠢᠯ᠎ᠠ  ᠃ ᠡᠨᠡᠬᠦ ᠴᠠᠭ ᠲᠦᠷᠦ ᠶᠢᠨ ᠤᠷᠤᠭ᠎ᠠ ᠪᠤᠰᠤᠭ᠎ᠠ ᠤᠨ ᠵᠢᠯ ᠨᠢᠭᠡᠨᠳᠡ ᠲᠦᠴᠢ ᠭᠠᠷᠤᠢ ᠵᠢᠯ  ᠪᠤᠯᠤᠭᠰᠠᠨ ᠪᠤᠯᠪᠠᠴᠤ᠂ ᠲᠤᠬᠠᠢ ᠶᠢᠨ ᠦᠶᠡᠰ ᠲᠠᠬᠢ ᠰᠤᠷᠤᠭᠴᠢ ᠪᠠᠶᠢᠭᠰᠠᠨ ᠲᠡᠳᠡᠭᠡᠷ ᠵᠠᠯᠠᠭᠤᠰ ᠦᠡᠭᠭᠡᠷᠡᠭᠰᠡᠨ ᠢᠶᠠᠨ ᠡᠷᠭᠢᠴᠡᠭᠦᠯᠬᠦ ᠪᠦᠷᠢ ᠲᠡᠳᠡᠨᠡᠷ ᠤᠨ ᠲᠡᠥᠬᠡᠨ ᠤᠯᠠ ᠮᠦᠷ ᠨᠢ ᠮᠦᠨ ᠯᠡ ᠲᠡᠭᠡᠵᠤ ᠲᠤᠷᠠᠶᠢᠵᠤ ᠪᠠᠶᠢᠯ᠎ᠠ  ᠂ ᠤᠳᠤ ᠡᠳᠡᠭᠡᠷ ᠵᠠᠯᠠᠭᠤᠰ ᠤᠳ ᠨᠠᠰᠤᠨ ᠤ ᠨᠠᠮᠤᠷ ᠲᠠᠭᠠᠨ ᠤᠷᠤᠵᠤ᠂ ᠶᠠᠪᠤᠳᠠᠯ ᠤᠴᠢᠷ ᠲᠤ ᠯᠠᠪᠳᠠᠭᠤᠨ ᠲᠤᠭᠳᠠᠭᠤᠨ   ᠢᠶᠠᠷ ᠲᠤᠩᠭᠠᠬᠤ  ᠤᠬᠠᠭᠠᠨ ᠤᠷᠤᠵᠤ᠂ ᠤᠳᠤ ᠨᠢᠭᠡᠨᠳᠡ  ᠶᠢᠷᠳᠢᠨᠴᠦ ᠶᠢᠨ ᠬᠠᠯᠠᠭᠤᠨ ᠬᠦᠢᠳᠡᠨ ᠤ ᠲᠤᠮᠳᠠ ᠬᠦᠮᠦᠨ ᠤ ᠵᠡᠷᠭᠡ ᠳᠤ ᠬᠦᠷᠦᠭᠰᠡᠨ ᠪᠤᠯᠪᠠᠴᠤ᠂ ᠡᠨᠡᠬᠦ ᠲᠡᠥᠭᠡᠨ ᠤᠯᠠ ᠮᠦᠷ ᠢᠶᠠᠨ ᠡᠷᠭᠢᠴᠡᠭᠦᠯᠵᠤ᠂  ᠲᠡᠳᠡᠨ ᠤ ᠬᠢᠭᠰᠡᠨ ᠲᠡᠳᠡᠭᠡᠷ ᠶᠠᠯᠳᠤ ᠠᠵᠢᠯᠯᠠᠭ᠎ᠠ ᠪᠠᠨ ᠪᠤᠳᠤᠬᠤ ᠪᠦᠷᠢ ᠲᠤᠰ ᠲᠤᠰ ᠦᠪᠡᠷ ᠤᠨ ᠡᠷᠭᠡ ᠦᠭᠡᠢ ᠬᠠᠷᠠᠮᠰᠠᠨ ᠭᠡᠮᠰᠢᠵᠤ᠂ ᠶᠠᠭ ᠯᠡ ᠬᠦᠮᠦᠨ  ᠤ ᠵᠢᠷᠦᠬᠡ ᠶᠢ ᠵᠡᠭᠦᠥ ᠪᠡᠷ‌‍ᠰᠢᠪᠡᠵᠤ ᠪᠠᠶᠢᠬᠤ ᠮᠡᠳᠦ ᠲᠤᠶᠢᠯ ᠢᠶᠠᠷ  ᠭᠤᠳᠤᠷᠠᠨ ᠭᠤᠨᠢᠳᠠᠭ ᠰᠠᠨ  ᠃          ᠤᠳᠤ ᠲᠡᠳᠡᠨᠡᠷ ᠪᠤᠥ ᠪᠠᠭᠰᠢ ᠳᠠᠭᠠᠨ ᠠᠷᠢᠬᠢ ᠪᠠᠨ ᠪᠠᠷᠢᠵᠤ ᠪᠠᠷᠠᠭᠠᠳ᠂ ᠵᠠᠯᠭᠠᠭᠠᠳ ᠬᠤᠪᠢ ᠬᠤᠪᠢᠨ ᠤ ᠠᠷᠢᠬᠢ ᠪᠠᠨ ᠡᠬᠢᠯᠡᠵᠤ ᠤᠥᠭᠤᠵᠤ ᠡᠬᠢᠯᠡᠯ᠎ᠡ᠂ ᠠᠷᠢᠬᠢ ᠤᠥᠭᠤᠭᠠᠳ ᠨᠢᠭᠡᠨᠳᠡ ᠭᠤᠷᠪᠠ ᠡᠷᠭᠢᠬᠦ ᠳᠤ ᠤᠳᠤ ᠶᠡᠭᠡ ᠴᠢᠯᠦᠭᠡ ᠲᠠᠢ ᠪᠠᠷ ᠶᠠᠷᠢᠯᠴᠠᠵᠤ ᠡᠬᠢᠯᠡᠯ᠎ᠡ᠂ ᠲᠡᠮᠦᠷ ᠠᠴᠠ ᠲᠡᠷᠭᠡᠯ ᠤᠨ ᠵᠦᠭ ᠬᠠᠨᠳᠤᠵᠤ᠄ ᠤᠳᠤ ᠡᠳᠡᠭᠡᠷ ᠬᠠᠮᠳᠤ  ᠰᠤᠷᠤᠭᠴᠢᠳ ᠤᠨ ᠴᠤᠭᠯᠠᠷᠠᠭᠰᠠᠨ ᠡᠨᠡᠬᠦ ᠵᠠᠪᠰᠢᠶᠠᠨ ᠢ ᠠᠰᠢᠭᠯᠠᠨ᠂ ᠦᠪᠡᠷ ᠤᠨ ᠪᠤᠳᠤᠯᠭ᠎ᠠ ᠪᠠᠨ ᠤᠯᠠᠨ ᠳᠤ ᠬᠡᠯᠡᠵᠤ᠂ ᠤᠯᠠᠨ ᠤ ᠰᠠᠨᠠᠯ ᠵᠦᠪᠯᠡᠯᠭᠡ ᠶᠢ ᠠᠪᠤᠭᠠᠷᠠᠢ  ᠪᠤᠯᠬᠤ︖            ᠲᠡᠷᠭᠡᠯ ᠬᠤᠨᠳᠠᠭ᠎ᠠ ᠲᠠᠢ ᠠᠷᠢᠬᠢ ᠪᠠᠨ ᠲᠡᠭᠡᠷ᠎ᠡ ᠡᠷᠭᠦᠨ ᠪᠠᠷᠢᠵᠤ᠂ ᠲᠦᠪ ᠵᠤᠭᠰᠤᠨ᠄ ᠪᠢ ᠶᠠᠭᠤᠨ ᠤ ᠡᠮᠦᠨ᠎ᠡ ᠤᠷᠢᠳᠠᠪᠡᠷ ᠮᠠᠨ ᠤ ᠤᠯᠠᠨ ᠬᠠᠮᠳᠤ ᠰᠤᠷᠤᠭᠴᠢᠳ ᠲᠠᠢ ᠪᠠᠨ ᠨᠢᠬᠡ ᠬᠤᠨᠳᠠᠭ᠎ᠠ ᠡᠷᠭᠦᠶ᠎ᠡ︕ ᠲᠠᠷᠠᠭ᠎ᠠ ᠪᠠᠷ ᠤᠯᠠᠨ ᠲᠠᠢ ᠰᠠᠨᠠᠯ ᠵᠦᠪᠳᠡᠯᠡᠯᠴᠡᠶ᠎ᠡ︕  ᠭᠡᠵᠤ ᠬᠡᠯᠡᠵᠤ ᠪᠠᠷᠠᠭᠠᠳ ᠬᠤᠨᠳᠠᠭ᠎ᠠ ᠲᠠᠢ ᠠᠷᠢᠬᠢ ᠪᠠᠨ ᠨᠢᠭᠡ ᠯᠡ ᠬᠦᠨᠳᠦᠷᠴᠢᠭᠡᠪᠡ  ᠃            ᠤᠯᠠᠨ ᠢᠶᠠᠷ ᠢᠶᠠᠨ ᠨᠢᠵᠢᠬᠢᠨᠡᠳᠡᠯ᠎ᠡ ᠪᠠᠨ ᠭᠠᠷ ᠠᠯᠠᠭᠠᠳᠠᠨ ᠦᠨᠳᠦᠷ ᠲᠠᠭᠤᠨ ᠢᠶᠠᠷ᠄ ᠬᠠᠰᠢᠯᠠ ᠮᠠᠨ ᠤ ᠠᠩᠭᠢ ᠶᠢᠨ ᠲᠠᠷᠤᠭ᠎ᠠ ᠦᠨᠡᠨᠴᠢ ᠰᠢᠳᠤᠷᠭᠤ᠂ ᠠᠰᠠᠪᠤᠷᠢ ᠴᠠᠭᠠᠪᠤᠷᠢ ᠪᠠᠶᠢᠨ᠎ᠠ ᠳ᠋ᠠ︕ ᠠᠩᠭᠢ ᠶᠢᠨ ᠲᠠᠷᠤᠭ᠎ᠠ ᠶᠠᠮᠠᠷ ᠰᠠᠨᠠᠯ ᠵᠦᠪᠯᠡᠯᠭᠡ ᠪᠠᠶᠢᠪᠠᠯ ᠪᠢᠳᠡ ᠲᠠᠷᠤᠢ ᠲᠡᠷᠡ ᠶᠤᠰᠤ ᠪᠠᠷ ᠨᠢ ᠰᠠᠨᠠᠯ ᠨᠢᠭᠡᠳᠡᠢ ᠲᠡᠮᠵᠢᠨ᠎ᠡ︕ ᠤᠴᠢᠷ ᠨᠢ ᠪᠢᠳᠡ ᠬᠠᠮᠳᠤ ᠰᠤᠷᠤᠯᠭᠠᠳᠠᠨ ᠶᠤᠮ ᠴᠢᠨᠢ ᠬᠠᠷᠢᠯᠴᠠᠨ ᠬᠠᠮᠵᠢᠯᠴᠠᠬᠤ ᠦᠭᠡᠢ ᠦᠭᠡᠷ᠎ᠡ ᠬᠡᠨ ᠬᠠᠮᠵᠢᠯᠴᠠᠬᠤ ᠶᠤᠮ ᠳ᠋ᠠ︕        ᠲᠡᠷᠭᠡᠯ᠄ ᠦᠨᠦ ᠰᠠᠶ᠋ᠢ ᠤᠯᠠᠨ ᠢᠶᠠᠷ ᠢᠶᠠᠨ ᠮᠠᠨ ᠤ ᠪᠤᠥ ᠪᠠᠭᠰᠢ ᠳᠤ ᠠᠷᠢᠬᠢ ᠪᠠᠷᠢᠵᠤ ᠲᠤᠰ ᠲᠤᠰ ᠤᠨ ᠪᠤᠷᠤᠭᠤ ᠪᠠᠨ ᠮᠡᠳᠡᠷᠡᠭᠰᠡᠨ ᠪᠢᠯᠡ  ᠂ ᠮᠢᠨᠦ ᠦᠵᠡᠬᠦ ᠪᠠᠷ ᠡᠨᠡ ᠵᠢᠯ ᠤᠨ ᠵᠤᠨ ᠤ ᠠᠮᠠᠷᠠᠯᠳᠠ ᠶᠢ ᠠᠰᠢᠭᠯᠠᠨ ᠮᠠᠨ ᠤ ᠬᠡᠳᠦᠨ ᠬᠠᠮᠳᠤ ᠰᠤᠷᠤᠭᠴᠢᠳ ᠪᠤᠥ ᠪᠠᠭᠰᠢ ᠶᠢᠨ ᠠᠷᠤ ᠭᠡᠷ ᠲᠤᠨᠢ ᠬᠦᠷᠴᠦ᠂ ᠪᠠᠭᠰᠢ ᠪᠠᠨ ᠡᠷᠢᠵᠤ ᠠᠪᠤᠶ᠎ᠠ︕  ᠬᠡᠷᠪᠡ ᠬᠦᠨᠳᠦᠳᠦ ᠪᠠᠭᠰᠢ ᠮᠢᠨᠢ ᠨᠢᠭᠡᠨᠳᠡ ᠨᠠᠰᠤ ᠪᠠᠷᠠᠭᠰᠠᠨ ᠶᠤᠮ ᠪᠤᠯ ᠲᠡᠭᠦᠨ ᠤ ᠤᠡᠭᠭᠤᠨ ᠢ ᠨᠢ ᠡᠷᠢᠵᠤ ᠤᠯᠤᠭᠠᠳ ᠪᠡᠯᠪᠡᠰᠡᠷᠡᠯ ᠤᠨ ᠴᠠᠭᠠᠰᠤ ᠰᠢᠳᠠᠭᠠᠨ ᠦᠭᠴᠦ᠂  ᠪᠤᠥ ᠪᠠᠭᠰᠢ ᠶᠢᠨ ᠦᠷ᠎ᠡ ᠬᠡᠥᠬᠡᠳ ᠲᠤᠨᠢ ᠲᠠᠷᠤᠢ  ᠮᠠᠨ ᠤ ᠬᠢᠭᠰᠡᠨ ᠪᠤᠷᠤᠭᠤ ᠪᠠᠨ ᠬᠦᠯᠢᠶᠡᠪᠡᠯ ᠰᠠᠶ᠋ᠢ ᠲᠠᠭᠠᠷᠠᠨ᠎ᠠ᠂ ᠢᠡᠭᠭᠢᠪᠡᠯ ᠰᠠᠶ᠋ᠢ ᠨᠠᠰᠤᠳᠠᠨ ᠪᠠᠭᠰᠢ ᠮᠢᠨᠢ ᠶᠢᠰᠦᠨ ᠪᠤᠯᠠᠭ ᠤᠨ ᠲᠤᠥᠷ᠎ᠠ ᠠᠮᠤᠷ ᠲᠦᠪᠰᠢᠨ ᠵᠢᠷᠭᠠᠵᠤ᠂ ᠰᠠᠨᠠᠭ᠎ᠠ ᠰᠡᠳᠬᠢᠯ ᠪᠠᠶᠠᠰᠬᠤ ᠶᠤᠮ ᠡ︕ ᠲᠠ ᠨᠠᠷ ᠶᠠᠮᠠᠷ ᠪᠤᠳᠤᠯᠭ᠎ᠠ ᠪᠠᠶᠢᠨ᠎ᠠ︖ ᠭᠡᠵᠤ ᠬᠡᠯᠡᠵᠤ ᠪᠠᠷᠠᠭᠠᠳ ᠤᠯᠠᠨ ᠢᠶᠠᠨ ᠬᠠᠷᠠᠵᠤ᠂  ᠬᠠᠮᠳᠤ ᠨᠦᠬᠦᠳ ᠠᠴᠠ ᠪᠠᠨ ᠰᠠᠨᠠᠯ ᠵᠦᠪᠯᠡᠯᠭᠡ ᠬᠦᠯᠢᠶᠡᠪᠡ᠃             ᠪᠠᠳᠤ᠄ ᠲᠡᠷᠭᠡᠯ ᠤᠨ ᠦᠭᠡᠨ ᠤ ᠬᠠᠷᠢᠭᠤ ᠳᠤ ᠡᠨᠡ ᠪᠤᠯ ᠶᠠᠭ ᠲᠭᠠᠷᠠᠵᠤ ᠪᠠᠶᠢᠨ᠎ᠠ᠂ ᠲᠠᠷᠤᠢ ᠮᠠᠨ ᠤ ᠬᠠᠮᠳᠤ ᠰᠤᠷᠤᠭᠴᠢᠳ ᠤᠳᠤ ᠳᠤ ᠪᠤᠯ ᠴᠦᠮ ᠠᠵᠢᠯ ᠤᠨ ᠪᠠᠶᠢᠷᠢ ᠲᠡᠭᠡᠷ᠎ᠡ ᠪᠠᠨ ᠪᠠᠶᠢᠬᠤ ᠶᠤᠮ ᠴᠢᠨᠢ ᠬᠡᠳᠦᠨ ᠡᠳᠦᠷ  ᠤᠨ ᠰᠠᠭᠠᠳᠠᠯ ᠭᠠᠷᠭᠠᠪᠠᠯ ᠪᠠᠰᠠ ᠠᠰᠢᠭ ᠦᠭᠡᠢ ᠶᠤᠮ᠂ ᠮᠢᠨᠦ ᠦᠵᠡᠬᠦ ᠪᠠᠷ ᠤᠳᠤ ᠳᠤ ᠤᠯᠠᠨ ᠢᠶᠠᠷ ᠢᠶᠠᠨ ᠰᠠᠨᠠᠯ ᠨᠢᠭᠡᠳᠡᠢ ᠪᠠᠷ ᠪᠤᠥ ᠪᠠᠭᠰᠢ ᠳᠠᠭᠠᠨ ᠠᠷᠢᠬᠢ ᠡᠷᠭᠦᠨ ᠪᠤᠷᠤᠭᠤ ᠪᠠᠨ ᠬᠦᠯᠢᠶᠡᠵᠡᠢ᠂ ᠡᠨᠡ ᠪᠠᠰᠠ ᠨᠢᠭᠡ ᠲᠠᠯ᠎ᠠ ᠪᠠᠷ  ᠤᠰᠤᠯ ᠪᠤᠷᠤᠭᠤ ᠪᠠᠨ ᠬᠦᠯᠢᠶᠡᠵᠤ ᠪᠠᠶᠢᠭ᠎ᠠ ᠪᠤᠳᠠᠳᠤ  ᠢᠯᠡᠷᠡᠯ ᠪᠤᠯᠤᠨ᠎ᠠ᠃ ᠭᠡᠪᠡᠴᠦ ᠵᠠᠪᠠᠯ ᠪᠤᠥ ᠪᠠᠭᠰᠢ ᠶᠢᠨ ᠲᠤᠬᠠᠢ ᠶᠢᠨ ᠭᠠᠵᠠᠷ ᠲᠤᠨᠢ ᠬᠦᠷᠴᠦ ᠪᠤᠷᠤᠭᠤ ᠪᠠᠨ ᠬᠦᠯᠢᠶᠡᠬᠦ ᠬᠡᠯᠪᠡᠷᠢ ᠮᠠᠶ᠋ᠢᠭ ᠢ ᠯᠡ ᠬᠦᠭᠡᠴᠡᠯᠳᠦᠭᠰᠡᠨ ᠤ ᠴᠢᠬᠤᠯᠠ ᠦᠭᠡᠢ ᠪᠠ  ︖               ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号