ᠬᠤᠵᠢᠮᠳᠠᠬᠰᠠᠨ ᠰᠡᠭᠡᠭᠡᠷᠡᠯ ︵ᠲᠦᠷᠪᠡ︶
ᠨᠡᠶᠢᠲᠡᠯᠡᠭᠰᠡᠨ ᠴᠠᠭ᠄
2016/4/14
                  ᠲᠦᠷᠪᠡ                   ᠡᠳᠦᠷ ᠬᠤᠨᠤᠭ ᠤᠨ ᠡᠭᠡᠯᠵᠢᠯᠡᠬᠦ ᠴᠠᠭ ᠤᠨ ᠤᠷᠤᠰᠬᠠᠯ ᠢ ᠲᠠᠭᠠᠵᠤ᠂ ᠠᠵᠤ ᠠᠮᠢᠳᠤᠷᠠᠯ ᠨᠢ ᠡᠳᠦᠷ ᠪᠦᠷᠢ ᠤᠥᠯ ᠤᠨ ᠠᠴᠠ ᠪᠠᠨ ᠲᠠᠪᠰᠢᠯᠳᠠ ᠲᠠᠢ ᠪᠠᠷ ᠨᠢᠭᠡ ᠨᠢᠭᠡ ᠡᠳᠦᠷ ᠢ ᠡᠯᠡᠭᠡᠵᠤ ᠯᠡ ᠪᠠᠶᠢᠯ᠎ᠠ᠃ ᠲᠡᠷᠭᠡᠯ ᠴᠦ ᠲᠡᠳᠡᠨ ᠤ ᠬᠠᠮᠳᠤ ᠰᠤᠷᠤᠯᠭᠠᠳᠠᠨ ᠨᠡᠷ ᠲᠠᠢ ᠪᠠᠨ ᠠᠳᠠᠯᠢ ᠪᠠᠷ ᠡᠳᠦᠷ ᠪᠦᠷᠢ ᠶᠢᠨ ᠤᠷᠭᠤᠬᠤ ᠨᠠᠷᠠ ᠶᠢ ᠤᠭᠳᠤᠭᠰᠠᠭᠠᠷ᠂ ᠪᠡᠶ᠎ᠡ ᠰᠡᠳᠭᠢᠯ ᠨᠢ ᠬᠠᠷᠢᠨ ᠤᠥᠯ ᠤᠨ ᠬᠢ ᠠᠴᠠ ᠪᠠᠨ ᠦᠳᠡᠯᠦᠭᠰᠡᠨ ᠰᠢᠭ ᠪᠤᠯᠬᠤ ᠳᠤ᠂ ᠦᠪᠡᠷ ᠤᠨ ᠪᠡᠶ᠎ᠡ ᠳᠤᠨᠢ ᠴᠦ ᠤᠯᠠᠮ ᠤᠯᠠᠮ  ᠦᠳᠡᠯᠦᠭᠰᠡᠨ ᠰᠢᠭ ᠪᠠᠶᠢᠳᠠᠯ ᠮᠡᠳᠡᠭᠳᠡᠭᠦᠶᠢᠴᠡ ᠪᠤᠯᠵᠤ᠂ ᠶᠠᠭ ᠯᠡ ᠨᠢᠭᠡ ᠨᠠᠰᠤᠨ ᠤ ᠡᠴᠦᠰ ᠤᠨ ᠴᠡᠭ ᠨᠢ ᠴᠦ ᠤᠯᠠᠮ ᠠᠴᠠ ᠤᠯᠠᠮ ᠤᠶᠢᠷᠠᠳᠤᠵᠤ ᠪᠠᠶᠢᠬᠤ ᠮᠡᠳᠦ ᠰᠠᠨᠠᠭᠳᠠᠨ᠎ᠠ᠃ ᠲᠡᠷᠡ ᠦᠷᠯᠦᠭᠡ ᠡᠷᠳᠡ ᠪᠤᠰᠪᠠᠯ ᠬᠠᠮᠤᠭ ᠲᠦᠷᠦᠭᠦᠥ ᠨᠢᠭᠡ ᠠᠵᠢᠯ ᠨᠢ ᠲᠠᠷᠤᠢ ᠵᠤᠷᠯᠤᠩ ᠳᠤ ᠤᠷᠢᠳᠠᠪᠡᠷ ᠤᠷᠤᠵᠤ ᠪᠡᠶ᠎ᠡ ᠪᠠᠨ ᠴᠡᠪᠡᠷᠯᠡᠬᠦ ᠳᠤ᠂ ᠦᠯᠦᠨ ᠢᠶᠠᠷ ᠲᠡᠭᠡᠷ᠎ᠡ ᠲᠡᠭᠡᠷ᠎ᠡ ᠬᠡᠳᠦ ᠬᠠᠨᠢᠶᠠᠵᠤ ᠬᠠᠭᠰᠢᠨ᠂ ᠬᠤᠭᠤᠯᠠᠢ ᠳᠤᠨᠢ ᠴᠠᠷ ᠨᠠᠭᠠᠯᠳᠤᠵᠤ ᠪᠠᠶᠢᠬᠤ ᠳᠤ ᠨᠢᠯᠪᠤᠪᠠᠯ ᠬᠠᠷᠢᠨ ᠴᠢᠰᠤ ᠲᠠᠭᠠᠯᠳᠤᠨ ᠭᠠᠷᠴᠤ ᠪᠠᠶᠢᠬᠤ ᠨᠢ  ᠵᠭᠡᠨᠳᠡ ᠲᠠᠪᠤ ᠵᠢᠷᠭᠤᠭᠠᠨ ᠵᠢᠯ ᠪᠤᠯᠵᠤ ᠪᠠᠶᠢᠨ᠎ᠠ᠂ ᠭᠡᠳᠡᠯ᠎ᠡ ᠤᠶᠢᠷ᠎ᠠ ᠶᠢᠨ ᠬᠡᠳᠦᠨ ᠵᠢᠯ ᠪᠤᠯᠵᠤ ᠢᠷᠡᠭᠡᠳ᠂ ᠡᠩ ᠤᠨ ᠴᠠᠭ ᠲᠤ ᠠᠮᠢᠰᠬᠤᠬᠤ ᠳᠤ ᠴᠦ ᠤᠥᠯ ᠤᠨ ᠬᠢ  ᠠᠴᠠ ᠪᠠᠨ ᠤᠯᠠᠮ ᠢᠯᠡᠭᠦᠥ ᠪᠠᠴᠢᠮᠳᠠᠨ ᠰᠠᠨᠳᠤᠷᠴᠤ᠂ ᠶᠠᠭ ᠯᠡ ᠲᠤᠳᠤᠷ᠎ᠠ ᠨᠢ ᠠᠮᠢᠰᠬᠤᠯ ᠨᠢ ᠭᠦᠢᠴᠡᠭᠦ ᠦᠭᠡᠢ ᠮᠡᠳᠦ ᠰᠠᠨᠠᠭᠳᠠᠵᠤ ᠪᠠᠶᠢᠳᠠᠭ ᠰᠠᠨ᠃ ᠡᠭᠦᠨ ᠠᠴᠠ ᠪᠤᠯᠵᠤ ᠲᠡᠷᠡ ᠪᠤᠳᠤᠬᠤ ᠲᠤᠳᠤᠮ ᠶᠠᠭ ᠯᠡ ᠶᠠᠮᠠᠷ ᠨᠢᠭᠡᠨ ᠬᠦᠨᠳᠦ ᠡᠪᠡᠳᠴᠢᠨ ᠳᠤ ᠨᠡᠷᠪᠡᠭᠳᠡᠭᠰᠡᠨ ᠮᠡᠳᠦ ᠲᠤᠳᠤᠷ᠎ᠠ ᠨᠢ ᠠᠶᠢᠳᠠᠰ ᠬᠦᠷᠳᠡᠭ ᠪᠢᠯᠡ᠃             ᠲᠡᠷᠡ ᠵᠤᠷᠯᠤᠩ ᠠᠴᠠ ᠭᠠᠷᠴᠤ ᠢᠷᠡᠪᠡᠯ᠂ ᠲᠤᠯᠮ᠎ᠠ ᠶᠢᠨ ᠢᠶᠠᠨ ᠰᠢᠷᠡᠭᠡᠨ ᠲᠡᠭᠡᠷ᠎ᠡ ᠦᠷᠦᠵᠤ ᠲᠠᠯᠪᠢᠭᠰᠠᠨ ᠦᠷᠯᠦᠭᠡ ᠶᠢᠨ ᠬᠤᠭᠤᠯᠠ ᠪᠠᠨ ᠢᠳᠡᠳᠡᠭ ᠰᠠᠨ᠃ ᠦᠨᠦ ᠦᠷᠯᠦᠭᠡ ᠶᠢᠨ ᠬᠤᠭᠤᠯᠠ ᠨᠢ ᠤᠥᠯ ᠤᠨ ᠶᠤᠰᠤᠭᠠᠷ ᠲᠠᠬᠢᠶ᠎ᠠ ᠶᠢᠨ ᠦᠨᠳᠡᠭᠡ᠂ ᠰᠢᠩᠭᠡᠨ ᠪᠤᠳᠠᠭ᠎ᠠ᠂  ᠲᠠᠪᠤᠰᠤᠯᠠᠭᠰᠠᠨ ᠨᠤᠭᠤᠭ᠎ᠠ  ᠂ ᠪᠤᠥᠪᠤ ᠪᠤᠭᠤᠷᠰᠤᠭ ᠪᠠᠶᠢᠯ᠎ᠠ᠂ ᠤᠳᠤ ᠬᠤᠭᠤᠯᠠ ᠪᠠᠨ ᠢᠳᠡᠭᠦ ᠳᠤ ᠪᠠᠰᠠ ᠬᠡᠳᠦᠨᠳᠡ ᠬᠠᠨᠢᠶᠠᠵᠤ ᠤᠭᠰᠢᠨ᠂ ᠲᠤᠳᠤᠷ᠎ᠠ ᠨᠢ ᠲᠤᠶᠢᠯ ᠤᠨ ᠡᠪ ᠦᠭᠡᠢ ᠰᠠᠨᠠᠭᠳᠠᠵᠤ ᠪᠠᠶᠢᠪᠠ᠂ ᠪᠤᠳᠠᠭ᠎ᠠ ᠢᠳᠡᠭᠰᠡᠨ ᠴᠦ ᠲᠡᠶᠢᠮᠦ ᠯᠡ ᠪᠠᠶ᠎ᠡ ᠳᠤᠨᠢ ᠲᠠᠭᠠᠯᠠᠮᠵᠢ ᠦᠭᠡᠢ ᠮᠡᠳᠦ ᠰᠠᠨᠠᠭᠳᠠᠨ᠎ᠠ᠃  ᠲᠤᠯᠮ᠎ᠠ ᠲᠡᠭᠦᠨ ᠤ ᠪᠠᠶᠢᠳᠠᠯ ᠢ ᠦᠵᠡᠨ ᠭᠠᠷᠴᠤ᠂ ᠮᠦᠨ ᠯᠡ ᠲᠤᠳᠤᠷ᠎ᠠ ᠨᠢ ᠴᠦ ᠪᠠᠴᠢᠮᠳᠠᠨ ᠪᠠᠶᠢᠵᠤ᠄ ᠰᠤᠷᠭᠠᠭᠤᠯᠢ  ᠶᠢᠨ ᠬᠡᠳᠦᠨ ᠤᠳᠠᠭ᠎ᠠ ᠶᠢᠨ ᠪᠡᠶ᠎ᠡ ᠶᠢᠨ ᠪᠠᠶᠢᠴᠠᠭᠠᠯᠳᠠ ᠬᠢᠬᠦ ᠳᠤ ᠴᠢ ᠪᠦᠷ ᠤᠷᠤᠯᠴᠠᠭᠰᠠᠨ ᠦᠭᠡᠢ᠂ ᠡᠨᠡ ᠵᠢᠯ ᠳᠤ ᠲᠠᠬᠢᠨ ᠰᠤᠷᠭᠠᠭᠤᠯᠢ ᠶᠢᠨ ᠨᠢᠭᠡᠳᠦᠯᠳᠡᠢ ᠪᠠᠶᠢᠴᠠᠭᠠᠯᠳᠠ ᠬᠢᠯᠭᠡᠪᠡᠯ᠂  ᠴᠢ ᠶᠠᠭᠠᠬᠢᠭᠰᠠᠨ ᠴᠦ ᠪᠡᠶ᠎ᠡ ᠪᠠᠨ ᠨᠢᠭᠡ ᠪᠠᠶᠢᠴᠠᠭᠠᠯᠭᠠᠵᠤ ᠪᠤᠯᠤᠨ᠎ᠠ᠂ ᠪᠢᠳᠡᠬᠡᠢ ᠰᠠᠨᠠᠭ᠎ᠠ ᠠᠮᠤᠷ ᠪᠠᠶᠢᠭᠠᠳ ᠯᠡ ᠪᠠᠢ︕ ᠭᠡᠪᠡ᠃             ᠲᠡᠷᠭᠡᠯ ᠬᠠᠷᠢᠨ ᠲᠡᠮᠡᠢ ᠴᠦ ᠤᠶᠢᠰᠢᠶᠠᠭᠰᠠᠨ ᠴᠦ ᠦᠭᠡᠢ ᠪᠠᠷ᠄ ᠪᠡᠶ᠎ᠡ ᠪᠠᠨ ᠪᠠᠶᠢᠴᠠᠭᠠᠯᠭᠠᠭᠠᠳ ᠶᠠᠮᠠᠷ ᠬᠡᠷᠡᠭ ᠪᠠᠶᠢᠬᠤ ᠶᠤᠮ ᠪᠤᠢ︖  ᠨᠡᠳᠠᠳᠤ ᠡᠪᠡᠳᠴᠢᠨ ᠦᠭᠡᠢ ᠶᠤᠮ ᠴᠢᠨᠢ︕ ᠬᠡᠳᠦᠶᠢᠪᠡᠷ ᠪᠡᠶ᠎ᠡ ᠳᠤ ᠡᠪᠡᠳᠴᠢᠨ ᠦᠭᠡᠢ ᠪᠤᠯᠪᠠᠴᠤ᠂ ᠬᠡᠷᠪᠡ ᠪᠠᠶᠢᠴᠠᠭᠠᠯᠭᠠᠪᠠᠯ ᠯᠠᠪᠲᠠᠢ  ᠪᠠᠰᠠ ᠡᠪᠡᠳᠴᠢᠨ ᠲᠠᠢ ᠭᠡᠵᠤ ᠤᠨᠤᠴᠢᠯᠠᠬᠤ ᠨᠢ ᠲᠡᠷᠡ ᠡ︕ ᠪᠢ ᠬᠤᠪᠢᠨ ᠤ ᠪᠡᠶ᠎ᠡ ᠪᠠᠨ ᠲᠤᠪ ᠲᠤᠳᠤᠷᠬᠠᠢ ᠮᠡᠳᠡᠬᠦ ᠲᠤᠯᠠ ᠲᠡᠶᠢᠮᠦ ᠶᠡᠭᠡ ᠡᠪᠡᠳᠴᠢᠨ ᠯᠠᠪᠳᠠᠢ ᠦᠭᠡᠢ ᠶᠤᠮ᠃             ᠲᠤᠯᠮ᠎ᠠ᠄ ᠴᠢ ᠲᠠᠪᠤ ᠵᠢᠷᠭᠤᠭᠠᠨ ᠵᠢᠯ ᠤᠨ ᠲᠤᠷᠰᠢ ᠦᠷᠯᠦᠭᠡ ᠪᠤᠰᠬᠤ ᠪᠦᠷᠢ ᠬᠠᠨᠢᠶᠠᠵᠤ ᠬᠠᠭᠰᠢᠭᠠᠳ ᠯᠡ ᠪᠠᠶᠢᠬᠤ ᠴᠢᠨᠢ ᠪᠡᠶ᠎ᠡ ᠴᠢᠨᠢ  ᠲᠡᠶᠢᠮᠦ ᠯᠡ ᠬᠡᠪ ᠤᠨ ᠪᠤᠰᠤ ᠪᠠᠶᠢᠳᠠᠯ ᠲᠠᠢ ᠭᠡᠵᠤ ᠪᠢ ᠦᠵᠡᠨ᠎ᠡ᠃ ᠴᠢ ᠬᠠᠰᠢᠯᠠ ᠮᠢᠨᠦ ᠦᠭᠡ ᠪᠠᠷ ᠲᠤᠰᠬᠠᠶᠢᠯᠠᠨ ᠡᠮᠨᠡᠯᠭᠡ ᠶᠢᠨ ᠬᠤᠶ᠋ᠢᠶᠠᠨ ᠳᠤ ᠬᠦᠷᠴᠦ᠂ ᠪᠦᠬᠦ ᠪᠡᠶ᠎ᠡ ᠪᠠᠨ ᠨᠢᠭᠡ ᠤᠳᠠᠭ᠎ᠠ ᠪᠠᠶᠢᠴᠠᠭᠠᠯᠭᠠᠪᠠᠯ ᠵᠤᠬᠢᠨ᠎ᠠ᠃           ᠲᠡᠷᠭᠡᠯ᠄ ᠲᠠᠷᠠᠭ᠎ᠠ ᠪᠠᠷ ᠰᠤᠷᠭᠠᠭᠤᠯᠢ ᠶᠢᠨ ᠪᠦᠬᠦ ᠪᠠᠭᠰᠢ ᠠᠵᠢᠯᠳᠠᠨ ᠢ ᠵᠤᠬᠢᠶᠠᠨ ᠪᠠᠶᠢᠭᠤᠯᠵᠤ ᠪᠡᠶ᠎ᠡ ᠪᠠᠶᠢᠴᠠᠭᠠᠯᠭᠠᠬᠤ ᠲᠤᠯᠠ ᠡᠨᠡ ᠤᠳᠠᠭ᠎ᠠ ᠴᠢᠨᠦ ᠦᠭᠡ ᠪᠠᠷ ᠪᠡᠶ᠎ᠡ ᠪᠠᠨ ᠨᠢᠭᠡ ᠪᠠᠶᠢᠴᠠᠭᠠᠯᠭᠠᠶ᠎ᠠ ᠳ᠋ᠠ︕ ᠪᠤᠯᠤᠨ᠎ᠠ ᠪᠠ︖           ᠨᠢᠭᠡ ᠭᠠᠷᠠᠭ ᠤᠨ ᠲᠠᠷᠠᠭ᠎ᠠ᠂ ᠲᠡᠷᠭᠡᠯ ᠪᠠᠶ᠎ᠠ ᠪᠠᠨ ᠪᠠᠶᠢᠴᠠᠯᠭᠠᠨ ᠭᠠᠷᠴᠤ ᠢᠷᠡᠭᠦ ᠳᠤ  ᠂ ᠡᠮᠴᠢ ᠲᠡᠭᠦᠨ ᠢ  ᠪᠤᠷᠪᠢᠳᠡᠨ ᠲᠠᠭᠠᠵᠤ ᠪᠠᠶᠢᠭᠠᠳ᠄ ᠬᠦᠢ︕ ᠴᠢ ᠵᠠᠪᠠᠯ ᠮᠦᠭᠡᠷᠡᠰᠦᠨ ᠬᠤᠭᠤᠯᠠᠢ ᠶᠢᠨ ᠰᠢᠰᠲ᠋ᠧᠮ ᠢᠶᠠᠨ ᠲᠠᠬᠢᠨᠳᠠ ᠨᠢᠭᠡ ᠤᠳᠠᠭ᠎ᠠ ᠪᠠᠶᠢᠴᠠᠭᠠᠵᠤ ᠦᠵᠡ︕ ᠰᠢᠨᠵᠢᠯᠡᠬᠦ ᠤᠬᠠᠭᠠᠨ ᠢᠶᠠᠷ ᠤᠨᠤᠰᠢᠯᠠᠬᠤ ᠨᠢ ᠲᠤᠶᠢᠯ ᠤᠨ ᠶᠡᠭᠡ ᠠᠴᠢ ᠲᠤᠰᠠ ᠶᠤᠮ ᠰᠢᠦ︕ ᠡᠨᠡ ᠬᠡᠳᠦᠨ ᠵᠢᠯ ᠳᠤ ᠲᠡᠷᠭᠡᠯ ᠬᠡᠳᠦᠶᠢᠪᠡᠷ ᠡᠮᠨᠡᠯᠭᠡ ᠶᠢᠨ ᠬᠤᠷᠢᠶᠠᠨ ᠳᠤ ᠬᠦᠷᠴᠦ ᠪᠠᠶᠢᠴᠠᠯᠭᠠᠭᠰᠠᠨ ᠦᠭᠡᠢ᠂ ᠲᠤᠯᠮ᠎ᠠ ᠶᠢᠨ ᠢᠶᠠᠨ ᠡᠮᠦᠨ᠎ᠡ ᠨᠢᠭᠡᠴᠤ ᠤᠳᠠᠭ᠎ᠠ ᠪᠠᠰᠠ ᠡᠪᠡᠳᠴᠢᠨ ᠲᠠᠢ ᠰᠢᠭ ᠪᠠᠶᠢᠳᠠᠯ ᠭᠠᠷᠭᠠᠭᠰᠠᠨ ᠦᠭᠡᠢ᠂ ᠭᠡᠪᠡᠴᠦ ᠲᠡᠷᠡ ᠤᠷᠳᠤ ᠬᠤᠭᠤᠴᠠᠭ᠎ᠠ ᠪᠠᠷ ᠵᠢᠭᠠᠨ ᠰᠤᠷᠭᠠᠬᠤ ᠠᠵᠢᠯ ᠤᠨ ᠢᠶᠠᠨ ᠲᠦᠯᠦᠭᠡ᠂ ᠲᠤᠥᠷ ᠰᠦᠯᠵᠢᠶᠡᠨ ᠳᠤ ᠭᠠᠷᠴᠤ᠂ ᠦᠪᠡᠷ ᠤᠨ ᠪᠡᠶ᠎ᠡ ᠰᠡᠳᠭᠢᠯ ᠤᠨ ᠢᠶᠠᠨ ᠡᠷᠡᠭᠦᠯ ᠮᠡᠨᠳᠦ ᠶᠢ ᠨᠢᠭᠡᠴᠤ ᠪᠠᠰᠠ ᠬᠠᠮᠢᠶᠠᠷᠬᠤ ᠦᠭᠡᠢ᠂ ᠤᠯᠠᠨ ᠵᠦᠢᠯ ᠤᠨ ᠲᠤᠥᠷ ᠰᠦᠯᠵᠢᠶᠡᠨ ᠲᠡᠭᠡᠷ᠎ᠡ ᠲᠠᠷᠢᠬᠢ ᠲᠤᠯᠤᠭᠠᠢ ᠪᠠᠨ ᠰᠢᠪᠬᠠᠨ ᠪᠠᠶᠢᠵᠤ᠂ ᠤᠯᠠᠩᠭᠢ ᠦᠳᠡᠰᠢ ᠳᠤ ᠰᠦᠨᠢ ᠶᠢᠨ ᠠᠷᠪᠠᠨ ᠨᠢᠭᠡ ᠬᠤᠶᠠᠷ ᠴᠠᠭ ᠪᠤᠯᠳᠠᠯ᠎ᠠ ᠰᠦᠯᠵᠢᠶᠡᠨ ᠳᠤ ᠰᠠᠭᠤᠬᠤ ᠨᠢ ᠡᠩ  ᠤᠨ ᠶᠠᠪᠤᠳᠠᠯ᠂ ᠦᠨᠦᠳᠦᠷ ᠬᠠᠷᠢᠨ ᠲᠡᠭᠦᠨ ᠤ ᠦᠪᠡᠷ ᠤᠨ ᠬᠢᠨᠢ ᠪᠤᠳᠤᠭᠰᠠᠨ ᠠᠴᠠ ᠭᠠᠳᠠᠭᠤᠷ ᠭᠠᠷᠤᠭᠰᠠᠨ ᠦᠭᠡᠢ ᠪᠢᠯᠡ︕ ᠠᠭᠤᠰᠭᠢᠨ ᠦᠮᠠᠨ ᠭᠡᠵᠤ ᠲᠤᠳᠤᠯᠠᠪᠠ᠃ ᠡᠮᠴᠢ ᠶᠢᠨ ᠠᠪᠤᠷᠢ ᠪᠠᠶᠢᠳᠠᠯ ᠠᠴᠠ ᠲᠠᠷᠤᠢ ᠦᠪᠡᠷ ᠤᠨ ᠪᠡᠶ᠎ᠡ  ᠶᠢᠨ ᠤᠷᠳᠤ ᠬᠤᠭᠤᠴᠠᠭᠠᠨ ᠤ ᠲᠤᠷᠰᠢ ᠲᠤᠥᠷ ᠰᠦᠯᠵᠢᠶᠡᠨ ᠲᠡᠭᠡᠷ᠎ᠡ ᠤᠨᠤᠰᠢᠯᠠᠭᠰᠠᠨ ᠲᠠᠢ ᠪᠦᠷᠢᠮᠰᠣᠨ ᠠᠳᠠᠯᠢ ᠪᠤᠯᠵᠠᠢ᠃ ᠲᠡᠷᠡ ᠤᠷᠢᠳᠠᠪᠡᠷ ᠡᠮᠴᠢ ᠶᠢᠨ ᠵᠦᠭ ᠲᠤᠯᠤᠭᠠᠢ ᠲᠤᠬᠢᠵᠤ᠄ ᠲᠠᠨ ᠳᠤ ᠪᠠᠶᠠᠷᠯᠠᠯ᠎ᠠ︕ ᠪᠢ ᠬᠤᠵᠢᠮ ᠪᠡᠶ᠎ᠡ  ᠪᠠᠨ ᠵᠤᠷᠢᠯᠭ᠎ᠠ ᠲᠠᠢ ᠪᠠᠷ ᠤᠯᠠᠮ ᠬᠢᠴᠢᠶᠡᠬᠦ ᠶᠤᠮ᠃ ᠲᠡᠷᠡ ᠦᠩᠭᠡᠷᠡᠭᠰᠡᠨ ᠳᠤ ᠡᠨᠡᠬᠦ ᠡᠪᠡᠳᠴᠢᠨ ᠪᠤᠯᠬᠤ ᠮᠠᠭᠠᠳ ᠭᠡᠵᠤ ᠲᠠᠭᠠᠮᠠᠭᠯᠠᠵᠤ ᠪᠠᠶᠢᠭᠰᠠᠨ ᠲᠤᠯᠠ ᠤᠳᠤ ᠬᠠᠷᠢᠨ ᠡᠮᠴᠢ ᠠᠴᠠ ᠲᠡᠭᠦᠨ ᠳᠤ ᠤᠨᠤᠴᠢᠯᠠᠨ ᠦᠭᠬᠦ ᠳᠤ ᠬᠠᠷᠢᠨ ᠲᠤᠳᠤᠷ᠎ᠠ ᠨᠢ ᠲᠤᠶᠢᠯ ᠤᠨ ᠡᠪ ᠦᠭᠡᠢ ᠰᠢᠭ ᠰᠠᠨᠠᠭᠳᠠᠵᠤ᠂ ᠲᠦᠢᠯ ᠢᠶᠠᠷ ᠪᠠᠴᠢᠮᠳᠠᠨ ᠰᠠᠨᠳᠤᠷᠴᠤ ᠡᠬᠢᠯᠡᠬᠦ ᠰᠡᠳᠭᠢᠯᠭᠡ ᠲᠦᠷᠦᠭᠳᠡᠪᠡ᠃ ᠲᠡᠷᠡ ᠡᠮᠨᠡᠯᠭᠡ ᠶᠢᠨ ᠬᠤᠷᠢᠶᠠᠨ ᠤ ᠡᠭᠦᠳᠡᠨ ᠲᠡᠭᠡᠷ᠎ᠡ ᠭᠠᠷᠴᠤ ᠢᠷᠡᠨ᠂ ᠡᠰᠢ ᠲᠡᠶᠢᠰᠢ ᠬᠠᠷᠠᠨ ᠵᠤᠭᠰᠤᠵᠤ ᠴᠤᠬᠤᠮ ᠶᠠᠭᠠᠬᠢᠬᠤ ᠪᠠᠨ ᠴᠦ ᠤᠯᠵᠤ ᠶᠠᠳᠠᠨ ᠪᠠᠶᠢᠭᠰᠠᠭᠠᠷ᠂ ᠭᠡᠨᠡᠳᠳᠡ ᠨᠢᠭᠡᠨ ᠬᠦᠯᠦᠰᠦᠨ ᠮᠠᠰᠢᠨ ᠲᠡᠷᠭᠡ ᠤᠯᠵᠤ ᠰᠠᠭᠤᠬᠤ ᠳᠤ ᠵᠢᠯᠤᠭᠤᠴᠢ ᠴᠦ ᠰᠠᠨᠳᠤᠷᠣᠨ ᠠᠪᠴᠤ᠂ ᠲᠠ ᠬᠠᠮᠢᠭᠠᠰᠢ ᠶᠠᠮᠠᠷ ᠭᠠᠵᠠᠷ ᠬᠦᠷᠭᠦ ᠪᠤᠢ︖ ᠭᠡᠭᠦ ᠳᠤ ᠲᠡᠷᠡ ᠰᠠᠶ᠋ᠢ ᠲᠤᠳᠤᠷ᠎ᠠ ᠪᠠᠨ ᠰᠡᠭᠡᠰᠭᠢᠵᠤ ᠠᠪᠤᠭᠠᠳ᠄ ᠠ︕ ᠪᠢᠳᠡ ᠰᠢᠭᠤᠳ ᠬᠤᠳᠠ ᠶᠢᠨ ᠲᠦᠭᠦᠷᠭᠡ ᠳᠠᠬᠢ ᠬᠤᠶᠢᠳᠤ ᠭᠤᠥᠯ ᠤᠨ ᠬᠦᠪᠡᠭᠡᠨ ᠳᠤ ᠬᠦᠷᠦᠶ᠎ᠡ︕ ᠭᠡᠪᠡ᠃            ᠬᠤᠶᠢᠳᠤ ᠭᠤᠥᠯ ᠤᠨ ᠡᠷᠬᠢ ᠶᠢᠨ ᠤᠶᠢᠷ᠎ᠠ ᠤᠷᠴᠢᠮ ᠢ ᠨᠢ ᠤᠶᠢᠷ᠎ᠠ ᠶᠢᠨ ᠬᠡᠳᠦᠨ ᠵᠢᠯ ᠳᠤ ᠵᠠᠰᠠᠨ ᠰᠡᠯᠪᠢᠭᠡᠳ᠂ ᠴᠡᠴᠡᠷᠯᠢᠭ ᠪᠤᠯᠭᠠᠨ ᠪᠠᠶᠢᠭᠤᠯᠵᠤ᠂ ᠭᠤᠥᠯ ᠳᠤ ᠪᠠᠰᠠ ᠲᠤᠭᠳᠠᠮᠠᠯ ᠤᠰᠤ ᠲᠠᠢ᠂ ᠤᠰᠤᠨ ᠲᠤᠳᠤᠷ᠎ᠠ  ᠨᠢ ᠪᠠᠰᠠ ᠵᠦᠢᠯ ᠪᠦᠷᠢ ᠶᠢᠨ ᠨᠤᠭᠤᠰᠤ ᠭᠠᠯᠠᠭᠤ ᠢᠷᠡᠵᠤ᠂ ᠲᠡᠷᠭᠡᠳᠡᠭᠦᠷ ᠨᠢ ᠵᠦᠢᠯ ᠪᠦᠷᠢ ᠶᠢᠨ ᠰᠢᠪᠠᠭᠤᠳ ᠵᠡᠷᠭᠡᠨ ᠨᠢᠰᠴᠦ᠂ ᠤᠰᠤᠨ ᠤ ᠨᠢᠭᠤᠷ ᠲᠤ ᠶᠠᠩᠵᠤ ᠶᠢᠨ ᠵᠢᠭᠦᠷᠳᠡᠨ ᠨᠤᠭᠤᠳ ᠡᠷᠭᠡ ᠴᠢᠯᠦᠭᠡᠳᠡᠢ  ᠱᠤᠩᠪᠠᠵᠤ ᠪᠠᠶᠢᠯ᠎ᠠ︕ ᠭᠤᠥᠯ ᠤᠨ ᠲᠡᠷᠳᠡᠭᠡ ᠬᠦᠪᠡᠭᠡᠨ ᠲᠡᠭᠡᠷ᠎ᠡ ᠤᠳᠠ ᠤᠯᠢᠶᠠᠰᠤ ᠨᠠᠷᠠᠰᠤ ᠮᠠᠶᠢᠯᠠᠰᠤ ᠲᠠᠷᠢᠵᠤ᠂ ᠭᠤᠥᠯ ᠤᠨ ᠡᠷᠭᠢ ᠶᠢ ᠲᠠᠭᠠᠯᠳᠤᠨ ᠨᠤᠮᠢᠨ ᠨᠤᠭᠤᠭᠠᠨ ᠢᠶᠠᠷ ᠦᠷᠭᠦᠯᠵᠢᠯᠡᠵᠤ᠂ ᠭᠤᠥᠯ ᠤᠨ ᠤᠰᠤ ᠬᠡᠳᠦᠶᠢᠪᠡᠷ ᠲᠡᠶᠢᠮᠦ ᠪᠤᠯᠤᠷ ᠲᠤᠩᠭᠠᠯᠠᠭ ᠪᠢᠰᠢ ᠴᠦ ᠭᠡᠰᠡᠨ᠂ ᠪᠠᠰᠠ ᠮᠡᠷ ᠮᠡᠷ ᠦᠯᠢᠶᠡᠨ ᠢᠷᠡᠭᠦ ᠵᠥᠭᠡᠯᠡᠨ ᠰᠠᠯᠬᠢᠨ ᠳᠤ ᠠᠭᠠᠵᠢᠮ ᠰᠠᠶᠢᠬᠠᠨ ᠭᠦᠶᠦᠭᠡᠨ ᠲᠠᠪᠠᠯᠭᠠᠨ ᠤ ᠬᠤᠨᠢᠶᠠᠰᠤ ᠡᠭᠦᠰᠦᠨ᠂ ᠬᠠᠵᠠᠭᠤ ᠬᠠᠪᠢᠷᠭ᠎ᠠ ᠪᠠᠷ ᠨᠢ ᠤᠯᠨᠨ ᠵᠦᠢᠯ ᠤᠨ ᠡᠰᠢ ᠲᠡᠰᠢ ᠲᠠᠪᠬᠢᠭᠤᠯᠬᠤ ᠲᠡᠷᠭᠡ ᠬᠦᠰᠭᠡ ᠶᠢᠨ ᠪᠤᠳᠠᠷᠠᠭᠤᠯᠬᠤ ᠲᠤᠭᠤᠰᠤ ᠰᠢᠷᠤᠢ ᠴᠦ ᠠᠶᠠᠨᠳᠠᠭᠠᠨ ᠭᠤᠥᠯ ᠤᠨ ᠨᠢᠭᠤᠷ ᠲᠡᠭᠡᠷ᠎ᠡ ᠲᠤᠰᠴᠤ ᠯᠡ ᠪᠠᠶᠢᠪᠠ᠃ ᠤᠨᠴᠠᠭᠠᠶᠢᠯᠠᠨ ᠭᠤᠥᠯ ᠤᠨ ᠢᠷᠮᠡᠭ ᠠᠴᠠ ᠲᠡᠮᠡᠢ ᠬᠤᠯᠠ ᠦᠭᠡᠢ ᠨᠢᠭᠡᠨ ᠦᠢᠯᠡᠳᠪᠦᠷᠢ ᠪᠠᠶᠢᠵᠤ᠂ ᠦᠢᠯᠡᠳᠪᠦᠷᠢ ᠶᠢᠨ ᠲᠤᠮᠤ ᠬᠤᠯᠠᠩ ᠠᠴᠠ ᠰᠤᠭᠤᠨᠠᠭᠯᠠᠬᠤ ᠦᠳᠭᠡᠨ ᠬᠠᠷ᠎ᠠ ᠤᠳᠤᠭ᠎ᠠ ᠴᠦ ᠭᠤᠥᠯ ᠤᠨ ᠤᠰᠤ ᠶᠢ ᠤᠳᠠᠭᠠᠨ ᠡᠳᠦᠷ ᠵᠤᠵᠠᠭᠠᠨ ᠬᠤᠨᠤᠭ ᠪᠤᠵᠠᠷᠳᠠᠭᠤᠯᠵᠤ ᠢᠷᠡᠭᠰᠡᠨ ᠨᠢ ᠢᠪ ᠢᠯᠡᠷᠭᠡᠢ ᠪᠠᠶᠢᠯ᠎ᠠ︕              ᠲᠡᠷᠭᠡᠯ ᠰᠠᠨᠠᠮᠰᠠᠷ ᠦᠭᠡᠢ ᠪᠠᠷ᠂ ᠡᠨᠡᠬᠦ ᠭᠤᠥᠯ ᠤᠨ ᠬᠦᠪᠡᠭᠡ ᠠᠴᠠ ᠲᠡᠮᠢ ᠬᠤᠯᠠ ᠦᠭᠡᠢ ᠨᠢᠭᠡᠨ ᠴᠠᠭᠠᠨ ᠢᠳᠡᠭᠡᠨ ᠤ ᠲᠡᠯᠭᠡᠭᠦᠷ ᠲᠤ ᠬᠦᠷᠴᠦ ᠢᠷᠡᠪᠡ᠃ ᠭᠠᠳᠠᠨ᠎ᠠ ᠪᠠᠨ ᠬᠡᠯᠬᠢᠶ᠎ᠡ ᠲᠠᠢ ᠬᠤᠷᠤᠳ ᠡᠯᠬᠦᠵᠤ᠂ ᠭᠡᠷ ᠲᠤᠨᠢ ᠤᠷᠤᠪᠠᠯ ᠪᠠᠰᠠ ᠰᠤᠯᠠ ᠬᠦᠮᠦᠰ ᠴᠠᠢ ᠤᠥᠭᠤᠨ ᠰᠠᠭᠤᠯᠴᠠᠵᠤ᠂ ᠰᠤᠯᠠ ᠵᠤᠭᠤᠭ ᠬᠡᠯᠡᠯᠴᠡᠵᠤ ᠪᠠᠶᠢᠯ᠎ᠠ᠂ ᠲᠡᠷᠭᠡᠯ ᠢ ᠤᠷᠤᠵᠤ ᠢᠷᠡᠭᠦ ᠳᠤ᠂ ᠪᠠᠷᠤᠭ ᠲᠡᠳᠡᠨ ᠤ ᠴᠠᠭᠠᠨ ᠢᠳᠡᠭᠡᠨ ᠢ ᠠᠪᠬᠤ ᠪᠠᠷ ᠢᠷᠡᠭᠰᠡᠨ ᠬᠦᠮᠦᠨ ᠭᠡᠵᠤ ᠪᠤᠳᠤᠭᠰᠠᠨ ᠮᠠᠶ᠋ᠢᠭ ᠲᠠᠢ᠂ ᠲᠤᠳᠤᠷ᠎ᠠ ᠬᠠᠨ᠎ᠠ ᠶᠢᠨ ᠲᠡᠷᠭᠡᠳᠡ ᠠᠴᠠ ᠲᠡᠷᠭᠡᠯ ᠤᠨ ᠵᠦᠭ ᠨᠢᠬᠡᠨ ᠤᠶᠤᠳᠠᠨ ᠰᠢᠭ᠋ ᠵᠠᠯᠠᠭᠤ  ᠬᠦᠮᠦᠨ ᠄ ᠡᠷᠬᠢᠮ ᠵᠤᠴᠢᠨ ᠲᠠ ᠴᠠᠭᠠᠨ ᠢᠳᠡᠭᠡᠨ ᠠᠪᠬᠤ ᠤᠤ︖ ᠭᠡᠵᠤ ᠲᠦᠪ ᠶᠤᠰᠤᠷᠬᠠᠭ ᠢᠶᠠᠷ  ᠬᠡᠯᠡᠨ᠎ᠡ᠃ ᠲᠡᠷᠭᠡᠯ ᠦᠭᠡ ᠲᠠᠭᠤᠨ ᠦᠭᠡᠢ ᠪᠠᠷ ᠲᠡᠯᠭᠡᠭᠦᠷ ᠤᠨ ᠰᠠᠨᠳᠠᠯᠢ ᠲᠡᠭᠡᠷ᠎ᠡ ᠨᠢ ᠰᠠᠭᠤᠬᠤ ᠳᠤ  ᠂ ᠲᠡᠷᠡ ᠵᠠᠯᠠᠭᠤ ᠬᠠᠵᠠᠭᠤ ᠳᠤᠨᠢ ᠢᠷᠡᠵᠤ ᠪᠠᠰᠠ ᠬᠡᠳᠦᠨ ᠰᠠᠨᠳᠠᠯᠢ ᠨᠦᠬᠦᠪᠦᠷᠢᠯᠡᠨ ᠲᠠᠯᠪᠢᠵᠤ᠄ ᠮᠠᠨ ᠤ ᠠᠳᠡ ᠴᠠᠭᠠᠨ ᠢᠳᠡᠭᠡᠨ ᠤ ᠲᠡᠯᠭᠡᠭᠦᠷ ᠢ ᠡᠵᠡᠩᠨᠡᠬᠦ ᠪᠦᠭᠡᠳ ᠪᠠᠰᠠ ᠴᠠᠢ ᠶᠢᠨ ᠮᠤᠬᠤᠯᠢᠭ ᠢ ᠬᠠᠪᠰᠤᠷᠭᠠᠨ ᠡᠷᠬᠢᠯᠡᠵᠤ ᠪᠠᠶᠢᠨ᠎ᠠ᠂ ᠵᠤᠴᠢᠨ ᠲᠠ ᠶᠠᠮᠠᠷ ᠴᠠᠢ ᠤᠥᠭᠤᠬᠤ ᠪᠤᠢ︖            ᠲᠡᠷᠭᠡᠯ᠄ ᠲᠠᠨ ᠤ ᠬᠢᠨᠢ ᠶᠠᠮᠠᠷ ᠴᠠᠢ ᠪᠠᠶᠢᠬᠤ ᠪᠤᠢ︖          ᠵᠠᠯᠠᠭᠤ ᠪᠡᠶ᠎ᠡ ᠮᠡᠬᠦᠶᠢᠨ᠄ ᠮᠠᠨ ᠤ ᠠᠳᠡ ᠰᠦ ᠲᠠᠢ ᠴᠠᠢ ᠠᠴᠠ ᠡᠬᠢᠯᠡᠨ ᠪᠠᠰᠠ ᠵᠦᠢᠯ ᠤᠨ ᠴᠠᠢ ᠪᠦᠷ ᠪᠠᠶᠢᠨ᠎ᠠ᠂ ᠲᠠ ᠲᠤᠷ᠎ᠠ ᠪᠠᠷ ᠰᠤᠩᠭᠤᠵᠤ ᠤᠥᠭᠤᠵᠤ ᠪᠤᠯᠤᠨ᠎ᠠ ᠳ᠋ᠠ︕          ᠲᠡᠷᠭᠡᠯ᠄ ᠪᠢ ᠬᠠᠰᠢᠯᠠ ᠰᠦ ᠲᠠᠢ ᠴᠠᠢ ᠤᠥᠭᠤᠶ᠎ᠠ︕ ᠡᠨᠡ ᠦᠶ᠎ᠡ ᠳᠤ ᠲᠡᠷᠡᠬᠦ ᠵᠠᠯᠠᠭᠤ ᠰᠦ ᠲᠠᠢ ᠴᠠᠢ  ᠪᠠᠨ  ᠪᠦᠷᠢᠵᠤ ᠪᠤᠴᠠᠯᠭᠠᠵᠤ ᠪᠠᠶᠢᠳᠠᠯ᠎ᠠ᠂ ᠴᠠᠭᠠᠳᠤ ᠲᠠᠯ᠎ᠠ ᠠᠴᠠ ᠨᠢ ᠨᠢᠭᠡᠨ ᠲᠠᠯᠠ ᠭᠠᠷᠤᠢ ᠨᠠᠰᠤᠨ ᠤ ᠡᠪᠦᠭᠡᠨ ᠶᠡᠭᠡᠯ᠎ᠡ ᠴᠤᠭ ᠵᠢᠪᠬᠤᠭ᠎ᠠ ᠲᠠᠢ ᠪᠠᠷ ᠲᠡᠷᠭᠡᠯ ᠤᠨ ᠵᠦᠭ ᠠᠯᠬᠤᠨ᠂ ᠬᠤᠶᠠᠷ ᠨᠢᠳᠦ ᠨᠢ ᠭᠡᠷᠡᠯ  ᠭᠠᠷᠴᠤ᠄ ᠲᠠ ᠰᠦ  ᠲᠠᠢ ᠴᠠᠢ ᠤᠥᠭᠤᠬᠤ ᠭᠡᠨ᠎ᠡ︖ ᠰᠠᠶᠢᠨ ᠪᠤᠴᠠᠯᠭᠠᠵᠤ ᠦᠭᠬᠦ︕ ᠨᠢᠭᠡ ᠲᠠᠪᠤᠷ᠎ᠠ ᠪᠤᠴᠠᠯᠭᠠᠭᠠᠳ ᠤᠥᠭᠤᠵᠤ ᠪᠠᠷᠠᠬᠤ ᠦᠭᠡᠢ ᠪᠠ︖        ᠲᠡᠷᠭᠡᠯ ᠲᠡᠷᠡ ᠲᠠᠷᠤᠢ ᠳᠤᠨᠢ ᠬᠤᠶᠠᠷ ᠭᠠᠷ ᠢᠶᠠᠨ ᠬᠠᠪᠰᠤᠷᠭᠠᠨ ᠪᠠᠶᠢᠵᠤ᠂ ᠡᠪᠦᠭᠡᠨ ᠳᠤ ᠨᠢᠭᠡ ᠭᠦᠨ ᠶᠤᠰᠤ ᠬᠢᠵᠤ ᠲᠡᠪᠰᠢᠭᠦᠯᠪᠡ᠃            ᠡᠪᠦᠭᠡᠨ ᠲᠡᠷᠭᠡᠯ ᠢ ᠦᠵᠡᠭᠡᠳ ᠲᠤᠰᠬᠠᠶᠢᠯᠠᠨ ᠰᠠᠨᠳᠠᠯᠢ ᠶᠢ ᠵᠢᠭᠠᠨ ᠠᠳᠡ ᠰᠠᠭᠤᠭᠠᠷᠠᠢ︕ ᠭᠡᠳ ᠶᠠᠭ ᠰᠠᠶ᠋ᠢᠬᠠᠨ ᠲᠡᠷᠭᠡᠯ ᠲᠠᠢ ᠡᠰᠡᠷᠭᠦᠯᠡᠨ ᠰᠠᠭᠤᠵᠤ  ᠄ ᠲᠠ ᠶᠠᠭᠠᠷᠠᠥ ᠪᠠ︖ ᠮᠢᠨᠦ ᠠᠳᠡ ᠢᠷᠡᠵᠤ ᠴᠠᠢ ᠤᠥᠭᠤᠬᠤ ᠬᠦᠮᠦᠰ ᠤᠨ ᠤᠯᠠᠩᠭᠢ ᠨᠢ ᠦᠩᠭᠡᠷᠡᠭᠰᠡᠨ ᠢᠶᠠᠨ ᠲᠤᠷᠠᠰᠤᠨ ᠰᠠᠨᠠᠭᠠᠯᠵᠠᠵᠤ᠂ ᠡᠷᠭᠢᠴᠡᠭᠦᠯᠦᠨ ᠶᠠᠷᠢᠯᠴᠠᠳᠠᠭ ᠪᠠᠶᠢᠨ᠎ᠠ  ᠃            ᠲᠡᠷᠭᠡᠯ᠄ ᠰᠤᠶᠤᠯ ᠤᠷᠠᠯᠢᠭ ᠨᠢ ᠤᠥᠯ ᠠᠴᠠ ᠪᠠᠨ ᠦᠭᠡ ᠬᠡᠯᠡ ᠪᠤᠶᠤ ᠦᠰᠦᠭ ᠪᠢᠴᠢᠭ ᠢᠶᠠᠷ ᠲᠠᠮᠵᠢᠨ ᠤᠯᠠᠮᠵᠢᠯᠠᠭᠳᠠᠵᠤ ᠪᠠᠶᠢᠳᠠᠭ᠂ ᠤᠯᠠᠮᠵᠢᠯᠠᠯ ᠨᠢ ᠲᠡᠥᠬᠡᠨ ᠶᠠᠪᠤᠴᠠ ᠲᠠᠢ ᠨᠢᠭᠳᠠ ᠬᠠᠷᠢᠴᠠᠭ᠎ᠠ ᠲᠠᠢ ᠲᠤᠯᠠ ᠲᠡᠥᠬᠡ ᠪᠤᠯ ᠲᠠᠷᠤᠢ ᠲᠤᠷᠠᠰᠤᠨ ᠰᠠᠨᠠᠭᠠᠯᠵᠠᠬᠤ ᠪᠠᠷ ᠭᠤᠥᠯ ᠪᠤᠯᠭᠠᠨ  ᠂ᠦᠶ᠎ᠡ ᠤᠯᠠᠷᠢᠨ ᠲᠠᠮᠵᠢᠨ ᠤᠳᠤᠬᠢ ᠬᠦᠮᠦᠰ ᠲᠤ ᠦᠢᠯᠡᠴᠢᠯᠡᠳᠡᠭ  ᠪᠢᠯᠡ᠃              ᠡᠪᠦᠭᠡᠨ᠄ ᠲᠠ ᠴᠢᠨᠢ ᠶᠡᠭᠡ ᠡᠷᠳᠡᠮᠳᠡᠢ ᠬᠦᠮᠦᠨ ᠪᠠᠶᠢᠨ᠎ᠠ ᠰᠢᠦ ᠳ᠋ᠠ︕          ᠲᠡᠷᠭᠡᠯ᠄ ᠨᠢᠭᠡ ᠨᠠᠰᠤᠨ ᠳᠠᠭᠠᠨ ᠲᠤᠮᠳᠠᠳᠤ ᠰᠤᠷᠭᠠᠭᠤᠯᠢ ᠳᠤ ᠪᠢᠴᠢᠭ ᠵᠢᠭᠠᠵᠤ᠂ ᠬᠦᠮᠦᠨ ᠤ ᠨᠠᠷᠠ ᠬᠡᠥᠬᠡᠳ ᠤᠨ ᠶᠢᠷᠳᠢᠨᠴᠦ ᠶᠢᠨ ᠲᠤᠮᠳᠠ ᠶᠠᠪᠤᠭᠠᠳ᠂ ᠶᠠᠮᠠᠷᠴᠤ ᠭᠦᠨ‌ᠡᠷᠳᠡᠮ ᠮᠡᠳᠡᠯᠭᠡ ᠭᠡᠵᠤ ᠴᠠᠭᠠᠷᠠᠭᠰᠠᠨ ᠦᠭᠡᠢ᠃              ᠡᠪᠦᠭᠡᠨ᠄ ᠪᠢᠴᠢᠭ ᠵᠢᠭᠠᠵᠤ ᠶᠤᠰᠤ ᠤᠯᠠᠮᠵᠢᠯᠠᠨ ᠶᠠᠪᠤᠭᠰᠠᠨ ᠲᠠᠨ ᠤ ᠦᠢᠯᠡᠰ ᠪᠤᠯ ᠤᠯᠠᠨ ᠲᠦᠮᠡᠨ ᠳᠤ ᠶᠡᠭᠡ ᠪᠢᠰᠢᠷᠡᠭᠦᠰᠢᠳᠡᠢ ᠳ᠋ᠠ︕ ᠶᠠᠮᠠᠷᠴᠤ ᠲᠦᠷᠦ ᠭᠦᠷᠦᠨ ᠳᠤ ᠭᠡᠳ ᠪᠠᠭᠰᠢ ᠬᠦᠮᠦᠨ ᠪᠠᠶᠢᠬᠤ ᠦᠭᠡᠢ ᠶᠤᠮ ᠪᠤᠯ᠂ ᠮᠡᠳᠡᠯᠭᠡ ᠴᠢᠳᠠᠪᠤᠷᠢ ᠶᠢ ᠤᠯᠠᠮᠵᠢᠯᠠᠨ ᠲᠠᠷᠬᠠᠭᠠᠵᠤ ᠲᠡᠶᠢᠯᠬᠦ ᠦᠭᠡᠢ ᠶᠤᠮ᠃ ᠬᠦᠮᠦᠨ ᠢ ᠬᠠᠷᠬᠠᠨ ᠪᠠᠭ᠎ᠠ ᠠᠴᠠ ᠨᠢ ᠮᠤᠷᠠᠯ ᠰᠤᠷᠳᠠᠯ᠂ ᠵᠠᠩ ᠠᠪᠤᠷᠢ᠂ ᠪᠤᠯᠪᠠᠰᠤᠨ ᠤ ᠬᠡᠮᠵᠢᠶ᠎ᠡ ᠶᠢ ᠤᠯᠠᠮᠵᠢᠯᠠᠨ ᠰᠤᠷᠭᠠᠬᠤ ᠦᠭᠡᠢ ᠶᠤᠮ ᠪᠤᠯ ᠦᠶ᠎ᠡ ᠦᠶ᠎ᠡ ᠪᠠᠷ ᠲᠡᠩ ᠪᠢᠳᠠᠭᠤ ᠪᠤᠯᠵᠤ᠂ ᠲᠡᠷᠡ ᠴᠠᠭ ᠲᠤ ᠬᠦᠮᠦᠨ ᠭᠡᠳᠡᠭ ᠲᠡᠭᠡᠳᠦ ᠵᠡᠷᠭᠡ ᠶᠢᠨ ᠠᠮᠢᠳᠠᠨ ᠴᠢᠨᠢ ᠮᠠᠯ ᠠᠳᠤᠭᠤᠰᠤ ᠠᠴᠠ ᠶᠠᠭᠤᠨ ᠲᠤᠥᠷ᠎ᠠ ᠪᠤᠯᠬᠤ ᠪᠤᠢ︖ ᠡᠵᠡᠨ ᠴᠢᠩᠭᠢᠰ ᠤᠨ ᠪᠢᠯᠢᠭᠳᠦ ᠰᠤᠷᠭᠠᠯ ᠪᠤᠯᠬᠤ ︽ᠪᠠᠶ᠎ᠠ ᠪᠠᠭᠠᠳᠤᠷ ᠪᠤᠯᠪᠠᠰᠤ ᠨᠢᠭᠡᠨ ᠦᠶ᠎ᠡ ᠶᠢᠨ ᠪᠠᠭᠠᠳᠤᠷ ᠪᠤᠯᠢᠶᠤ᠂ ᠪᠢᠯᠢᠭ ᠪᠠᠭᠠᠳᠤᠷ ᠪᠤᠯᠪᠠᠰᠤ ᠲᠦᠮᠡᠨ ᠦᠶ᠎ᠡ ᠶᠢᠨ ᠪᠠᠭᠠᠳᠤᠷ ᠪᠤᠯᠢᠶᠤ︾ ᠭᠡᠬᠦ ᠭᠦᠨ ᠤᠬᠠᠭᠠᠯᠢᠭ ᠶᠤᠰᠤ ᠶᠢ ᠬᠡᠷᠪᠡ ᠦᠶ᠎ᠡ ᠤᠯᠠᠷᠢᠨ ᠤᠯᠠᠮᠵᠢᠯᠠᠨ ᠢᠷᠡᠭᠰᠡᠨ ᠦᠭᠡᠢ ᠶᠤᠮ ᠪᠤᠯ᠂ ᠬᠠᠨᠠᠰᠠ ᠪᠠᠰᠠ ᠮᠢᠩᠭ᠎ᠠ ᠰᠢᠬᠠᠮ ᠵᠢᠯ ᠤᠨ ᠡᠵᠡᠨ ᠴᠢᠩᠭᠢᠰ ᠤᠨ ᠡᠨᠡᠬᠦ ᠦᠨᠡᠳᠦ ᠰᠤᠷᠭᠠᠯ ᠢ ᠬᠦᠮᠦᠰ ᠮᠡᠳᠡᠬᠦ ᠠᠵᠠᠢ︕               ᠲᠡᠷᠭᠡᠯ ᠡᠪᠦᠭᠡᠨ ᠲᠠᠢ ᠬᠡᠳᠦᠬᠡᠨ ᠦᠭᠡ ᠬᠡᠯᠡᠯᠴᠡᠭᠡᠳ ᠡᠪᠦᠭᠡᠨ ᠤ ᠡᠷᠳᠡᠮ ᠮᠡᠳᠡᠯᠭᠡ ᠳᠤ ᠲᠤᠶᠢᠯ ᠤᠨ ᠤᠷᠮ᠎ᠠ ᠪᠠᠬ᠎ᠠ ᠲᠠᠢ ᠪᠠᠶᠢᠬᠤ ᠶᠢ   ᠨᠢ ᠮᠡᠳᠡᠭᠡᠳ᠂  ᠦᠪᠡᠷ ᠤᠨ ᠪᠡᠶ᠎ᠡ ᠶᠢᠨ ᠬᠢᠨᠢ ᠰᠠᠨᠠᠭ᠎ᠠ ᠰᠡᠳᠭᠢᠯ ᠨᠢ ᠴᠦ ᠠᠪᠢᠶᠠᠰ ᠬᠦᠷᠴᠦ᠄ ᠡᠵᠡᠨ ᠴᠢᠩᠭᠢᠰ ᠤᠨ ᠪᠢᠯᠢᠭᠳᠦ ᠰᠤᠷᠭᠠᠯ ᠮᠠᠰᠢ ᠤᠯᠠᠨ ᠪᠠᠶᠢᠳᠠᠭ᠂ ᠨᠢᠭᠡᠨ ᠨᠡᠷᠡᠳᠦ ᠬᠦᠮᠦᠨ ᠤ ᠨᠡᠷᠡᠳᠦ ᠦᠭᠡ ᠨᠢ ᠦᠶ᠎ᠡ ᠤᠯᠠᠷᠢᠨ ᠠᠷᠠᠳ ᠲᠦᠮᠡᠨ ᠤ ᠲᠤᠮᠳᠠ ᠤᠯᠠᠮᠵᠢᠯᠠᠭᠳᠠᠨ ᠲᠠᠷᠬᠠᠭᠳᠠᠵᠤ ᠪᠠᠶᠢᠳᠠᠭ᠂ ᠡᠭᠦᠨ  ᠳᠤ ︽ᠢᠯᠠᠯᠳᠠ ᠪᠤᠯ ᠬᠠᠮᠤᠭ ᠡᠴᠦᠰ ᠤᠨ ᠲᠠᠪᠤᠨ ᠮᠢᠨᠦᠲ ᠳᠤ ᠪᠠᠶᠢᠳᠠᠭ︾  ︽ᠬᠦᠮᠦᠰᠭᠡ ᠵᠠᠩᠭᠢᠳᠤᠨ ᠬᠦᠴᠦᠳᠡᠨ ᠰᠦᠷᠳᠡᠨ ᠳᠤ ᠬᠦᠢᠳᠡᠨ ᠢᠶᠠᠷ ᠬᠠᠨᠳᠤᠨ᠂ ᠬᠦᠵᠦᠭᠦᠥ  ᠪᠦᠬᠦᠶᠢᠨ ᠬᠠᠷ᠎ᠠ ᠲᠦᠷᠦᠭᠦᠳᠡᠨ ᠳᠤ ᠦᠭᠡᠷ ᠮᠡᠳᠦ ᠵᠢᠳᠭᠦᠨ᠎ᠠ︾ ᠭᠡᠭᠦ ᠨᠢ ᠲᠤᠰ ᠲᠤᠰ ᠠᠭᠤᠥ ᠬᠦᠮᠦᠰ ᠤᠨ ᠨᠢᠭᠡ ᠨᠠᠰᠤᠨ ᠤ ᠴᠤᠭ ᠵᠢᠪᠬᠤᠭ᠎ᠠ ᠶᠢ ᠬᠤᠶᠢᠰᠢᠳᠠ ᠶᠢᠨ ᠬᠦᠮᠦᠰ ᠲᠤ ᠬᠤᠴᠤᠷᠭᠠᠨ ᠤᠠᠯᠮᠵᠢᠯᠠᠨ ᠲᠤᠷᠠᠰᠬᠠᠵᠤ ᠪᠠᠶᠢᠳᠠᠭ ᠰᠠᠨ︕               ᠡᠪᠦᠭᠡᠨ᠄ ᠠ︕ ᠲᠠᠨ ᠤ ᠬᠡᠯᠡᠬᠦ ᠲᠤᠶᠢᠯ ᠤᠨ ᠶᠤᠰᠤᠳᠠᠢ ᠯᠡ ᠪᠠᠶᠢᠨ᠎ᠠ ᠳ᠋ᠠ  ︕ ᠲᠦᠷᠦᠭᠦᠨ ᠤ ᠬᠢᠨᠢ ᠲᠡᠯᠡᠬᠡᠢ ᠶᠢ ᠲᠤᠩᠰᠤᠯᠭᠠᠭᠰᠠᠨ ᠲᠤᠮᠤ ᠴᠡᠷᠢᠭ ᠤᠨ ᠡᠷᠭᠡᠳᠡᠨ ᠨᠠᠫᠤᠯᠢᠶᠤᠨ ᠤ ᠨᠡᠷᠡᠳᠦ ᠦᠭᠡ ᠪᠠᠶᠢᠵᠤ᠂ ᠰᠡᠭᠦᠯ ᠤᠨ ᠬᠢᠨᠢ ᠲᠡᠯᠡᠭᠡᠢ ᠶᠢᠨ ᠨᠡᠷᠡᠳᠦ ᠵᠤᠬᠢᠶᠠᠯᠴᠢ ᠯᠦ ᠰᠢᠶᠦ᠋ᠨ ᠤ ᠨᠡᠷᠡᠳᠦ ᠦᠭᠡ ᠪᠠᠶᠢᠨ᠎ᠠ ᠳ᠋ᠠ︕ ᠴᠢᠨᠦ ᠡᠳᠡᠭᠡᠷ ᠨᠡᠷᠡᠳᠦ ᠦᠭᠡ ᠶᠢ ᠪᠢ ᠪᠠᠭ᠎ᠠ ᠰᠤᠷᠭᠠᠭᠤᠯᠢ ᠳᠤ ᠪᠢᠴᠢᠭ ᠦᠵᠡᠵᠤ ᠪᠠᠶᠢᠬᠤ ᠳᠤ ᠪᠠᠭᠰᠢ ᠵᠢᠭᠠᠵᠤ ᠦᠭᠬᠦᠭᠰᠡᠨ ᠶᠤᠮ᠃ ᠪᠢᠴᠢᠭ ᠦᠵᠡᠵᠤ ᠪᠠᠶᠢᠬᠤ ᠳᠤ ᠪᠢ ᠴᠢᠨᠢ ᠪᠠᠶᠢᠭᠠᠯᠢ ᠶᠢᠨ ᠰᠢᠨᠵᠢᠯᠡᠬᠦ ᠤᠬᠠᠭᠠᠨ ᠭᠡᠪᠡᠯ ᠲᠤᠯᠤᠭᠠᠢ ᠡᠪᠡᠳᠭᠦ ᠪᠤᠯᠪᠠᠴᠤ ᠂ ᠬᠠᠷᠢᠨ ᠡᠷᠳᠡᠨ ᠤ ᠬᠦᠮᠦᠰ ᠤᠨ ᠬᠠᠪᠤᠳᠤ ᠦᠭᠡ᠂ ᠨᠡᠷᠡᠳᠦ ᠬᠦᠮᠦᠨ ᠤ ᠰᠡᠴᠡᠨ ᠦᠭᠡ᠂ ᠰᠤᠩᠭᠤᠳᠠᠭ ᠦᠭᠡ ᠬᠡᠯᠡᠯᠭᠡ ᠶᠢ ᠪᠠᠭᠰᠢ ᠠᠴᠠ ᠪᠠᠭ᠎ᠠ ᠯᠡ ᠵᠢᠭᠠᠭᠠᠳ ᠦᠭᠬᠦᠪᠡᠯ᠂  ᠪᠢ ᠴᠢᠨᠢ ᠲᠠᠷᠤᠢ ᠲᠡᠮᠳᠡᠭᠯᠡᠯ ᠲᠡᠭᠡᠷ᠎ᠡ ᠪᠠᠨ ᠲᠡᠮᠳᠡᠭᠯᠡᠨ ᠠᠪᠴᠤ ᠰᠢᠩᠭᠡᠴᠢᠭᠡᠳᠡᠭ ᠪᠢᠯᠡ᠃ ᠮᠠᠨ ᠤ ᠡᠨᠡᠬᠦ ᠵᠢᠵᠢᠭ ᠴᠠᠭᠠᠨ ᠢᠳᠡᠭᠡᠨ ᠤ ᠲᠡᠯᠭᠡᠭᠦᠷ ᠪᠠᠰᠠ ᠰᠦ ᠲᠠᠢ ᠴᠠᠢ ᠵᠢᠴᠢ ᠤᠯᠠᠨ ᠵᠦᠢᠯ ᠤᠨ ᠴᠠᠢ ᠶᠢ ᠡᠵᠡᠩᠨᠡᠵᠤ ᠪᠠᠶᠢᠨ᠎ᠠ ᠰᠢᠦ︕ ᠡᠬᠦᠨ ᠳᠤ ᠬᠡᠪ ᠤᠨ ᠴᠠᠢ᠂ ᠪᠤᠴᠠᠯᠭᠠᠭᠰᠠᠨ ᠨᠤᠭᠤᠭᠠᠨ ᠲᠠᠢ ᠴᠠᠢ᠂ ᠰᠦ ᠲᠠᠢ ᠴᠠᠢ᠂ ᠨᠤᠭᠤᠭᠠᠨ ᠴᠠᠢ ᠵᠡᠷᠭᠡ ᠶᠢ ᠡᠵᠡᠩᠨᠡᠵᠤ ᠵᠤᠴᠢᠨ ᠤᠯᠠᠨ ᠪᠤᠯᠪᠠᠴᠤ᠂ ᠬᠠᠷᠢᠨ ᠤᠷᠤᠯᠭ᠎ᠠ ᠨᠢᠮᠭᠡᠨ ᠰᠢᠦ︕ ᠭᠤᠥᠯ ᠨᠢ ᠬᠦᠮᠦᠰ ᠠᠳᠡ ᠢᠷᠡᠵᠤ ᠴᠠᠢ ᠤᠥᠭᠤᠭᠰᠠᠳ ᠬᠠᠮᠳᠤ ᠪᠠᠷ  ᠶᠢᠷᠳᠢᠨᠴᠦ ᠶᠢᠨ ᠤᠴᠢᠷ ᠶᠠᠪᠤᠳᠠᠯ ᠢ ᠴᠢᠯᠦᠭᠡᠳᠡᠢ ᠶᠠᠷᠢᠯᠴᠠᠨ᠂ ᠰᠠᠨᠠᠭ᠎ᠠ ᠰᠡᠳᠭᠢᠯ   ᠢᠶᠠᠨ ᠬᠠᠷᠢᠯᠴᠢᠨ ᠰᠤᠯᠢᠯᠴᠢᠨ ᠰᠠᠭᠤᠳᠠᠭ ᠰᠠᠨ᠃ ᠠᠪᠤᠭᠠᠢ ᠲᠠᠨ ᠳᠤ ᠶᠠᠮᠠᠷ ᠵᠤᠯ ᠪᠤᠰᠤ ᠤᠴᠢᠷ ᠲᠤᠬᠢᠶᠠᠯᠳᠤᠪᠠ︖ ᠬᠡᠷᠬᠡᠢ ᠲᠠᠢ ᠪᠠᠨ ᠰᠠᠨᠠᠭ᠎ᠠ ᠰᠡᠳᠭᠢᠯ ᠨᠡᠶᠢᠯᠡᠬᠦ ᠦᠭᠡᠢ ᠤᠤ︖ ᠡᠰᠡᠭᠦᠯ᠎ᠡ ᠬᠡᠥᠬᠡᠳ ᠴᠢᠨᠢ ᠪᠢᠴᠢᠭ ᠶᠢᠨ ᠰᠠᠶᠢᠳᠤᠷ ᠰᠤᠷᠬᠤ ᠦᠭᠡᠢ ᠪᠠᠷ ᠲᠠᠨ ᠢ ᠵᠤᠪᠠᠭᠠᠵᠤ ᠪᠠᠶᠢᠨᠠᠥ︖         ᠲᠡᠷᠭᠡᠯ ᠤᠳᠤ ᠰᠠᠶ᠋ᠢ ᠨᠢᠭᠡ ᠤᠷᠳᠤ ᠭᠡᠭᠴᠢ ᠠᠮᠢᠰᠬᠤᠵᠤ ᠠᠪᠤᠭᠠᠳ᠂  ᠲᠡᠮᠡᠢ ᠦᠭᠡ  ᠲᠤᠥᠭᠠᠷᠤᠭᠰᠠᠨ ᠦᠭᠡᠢ᠂ ᠤᠶᠢᠯᠡᠴᠢᠯᠡᠭᠴᠢ  ᠰᠢᠷᠡᠭᠡᠨ ᠲᠡᠭᠡᠷ᠎ᠡ ᠨᠢ ᠮᠡᠯᠮᠡᠯᠵᠡᠭᠰᠡᠨ ᠬᠤᠶᠠᠷ ᠴᠤᠮᠤ ᠴᠠᠢ ᠲᠠᠯᠪᠢᠬᠤ ᠶᠢᠨ ᠬᠠᠮᠳᠤ᠄ ᠵᠠ︕ ᠵᠤᠴᠢᠨ ᠲᠠ ᠠᠮᠰᠠᠭᠠᠷᠠᠢ︕ ᠪᠠᠰᠠ ᠶᠠᠭᠤ ᠴᠢᠬᠤᠯᠠ ᠲᠠᠢ ᠪᠤᠯ ᠨᠠᠳᠠᠳᠤ ᠬᠡᠯᠡᠭᠡᠴᠢ ᠳ᠋ᠡ︕ ᠭᠡᠵᠤ ᠪᠡᠶ᠎ᠡ ᠮᠡᠬᠦᠶᠢᠪᠡ᠃                    ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号