ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠨᠢᠭᠡ︶
ᠨᠡᠶᠢᠲᠡᠯᠡᠭᠰᠡᠨ ᠴᠠᠭ᠄
2016-04-14
        ᠡᠮᠤᠨᠡᠬᠢ ᠥᠬᠡ᠄ ︽ᠡᠴᠢᠭᠡ ᠡᠭᠡ ᠶᠢᠨ ᠨᠤᠳᠤᠭ ᠤᠰᠤᠨ︾ ᠭᠡᠰᠡᠨ ᠲᠠᠭᠤᠤ ᠶᠢᠨ ᠦᠭᠡ ᠶᠢ ᠵᠤᠬᠢᠶᠠᠵᠦ ᠦᠢ ᠲᠦᠮᠡᠨ ᠮᠤᠩᠭᠤᠯᠴᠤᠳ ᠤᠨ ᠢᠶᠠᠨ ᠰᠡᠳᠬᠢᠯ ᠢ ᠳᠤᠭᠳᠤᠯᠤᠭᠤᠯᠤᠬᠰᠠᠠ ᠲᠠᠶᠢᠸᠠᠨ ᠤ ᠮᠤᠩᠭᠤᠯ ᠵᠤᠬᠢᠶᠠᠯᠴᠢ ᠰᠢ᠊ · ᠮᠦᠷᠡᠨ ᠤᠷᠴᠢᠮᠬᠠᠨ ︽ᠮᠤᠩᠭᠤᠯ ᠭᠡᠯᠡᠨ ᠤ ᠬᠢᠴᠢᠶᠡᠯ︾᠂ ︽ᠵᠡᠭᠦᠳᠦᠨ ᠳᠤ ᠬᠤᠨᠤᠬᠰᠢᠬᠰᠠᠠ ᠨᠤᠳᠤᠭ︾ ᠬᠡᠮᠡᠬᠦ ᠬᠤᠶᠠᠷ ᠨᠤᠮ ᠤᠨ ᠪᠡᠯᠡᠭ ᠲᠠᠢ ᠳᠡᠭᠡᠳᠦ ᠶᠢᠨ ᠨᠤᠲᠤᠭ ᠦᠪᠦᠷ ᠮᠤᠩᠭᠤᠯ ᠳᠠᠭᠠᠨ ᠬᠠᠷᠢᠵᠦ ᠢᠷᠡᠭᠡᠳ᠂ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠬᠤᠷᠠᠬᠰᠠᠠ ᠤᠯᠠᠨ ᠲᠠᠢ ᠮᠤᠩᠭᠤᠯ ᠢᠶᠠᠷ ᠢᠶᠠᠨ ᠮᠡᠨᠳᠦᠴᠢᠯᠡᠨ ᠵᠤᠯᠭᠠᠵᠦ ᠢᠯᠡᠳᠭᠡᠯ ᠬᠢᠪᠡ᠃ ᠲᠡᠭᠦᠨ ᠤ ᠬᠡᠯᠡᠬᠦ ᠪᠠᠷ᠂ ︽ᠮᠤᠩᠭᠤᠯ ᠭᠡᠯᠡᠨ ᠤ ᠬᠢᠴᠢᠶᠡᠯ︾ ᠨᠤᠮ ᠢᠶᠠᠨ ᠡᠴᠢᠭᠡ ᠡᠭᠡ ᠪᠤᠯᠤᠨ ᠲᠡᠳᠡᠨ ᠤ ᠪᠠᠨ ᠲᠡᠨᠦᠬᠦᠴᠢᠯᠡᠵᠦ ᠶᠠᠪᠤᠬᠰᠠᠠ ᠨᠢᠭᠡ ᠨᠠᠰᠤᠨ ᠳᠤ ᠵᠤᠷᠢᠭᠤᠯᠵᠦ᠂ ︽ᠵᠡᠭᠦᠳᠦᠨ ᠳᠤ ᠬᠤᠨᠤᠬᠰᠢᠬᠰᠠᠠ ᠨᠤᠳᠤᠬ︾ ᠭᠡᠮᠡᠬᠦ ᠨᠤᠮ ᠢᠶᠠᠨ ᠡᠯᠢᠭᠡᠨ ᠬᠠᠶᠢᠷᠠᠳᠦ ᠡᠭᠡ ᠨᠤᠳᠤᠭ ᠲᠠᠭᠠᠨ ᠵᠤᠷᠢᠭᠤᠯᠵᠠᠢ᠃           ᠦᠨᠦᠳᠦᠷ ᠠᠴᠠ ᠡᠬᠢᠯᠡᠨ ᠠᠯᠳᠠᠷᠳᠦ ᠵᠤᠬᠢᠶᠠᠯᠴᠢ ᠰᠢ᠊ · ᠮᠦᠷᠡᠨ ᠤ ︽ᠮᠤᠩᠭᠤᠯ ᠭᠡᠯᠡᠨ ᠤ ᠬᠢᠴᠢᠶᠡᠯ︾ ᠭᠡᠮᠡᠬᠦ ᠨᠤᠮ ᠢ ᠰᠤᠩᠭᠤᠨ ᠤᠷᠴᠢᠭᠤᠯᠵᠦ ᠴᠤᠪᠤᠷᠠᠭᠤᠯᠤᠨ ᠨᠡᠶᠢᠳᠡᠯᠡᠵᠦ᠂ ᠤᠩᠰᠢᠬᠴᠢ ᠲᠠ ᠪᠦᠬᠦᠨ ᠳᠡᠭᠡᠨ ᠤᠶᠤᠨ ᠤ ᠬᠦᠷᠳᠡᠭᠡᠯ ᠪᠤᠯᠭᠠᠠ ᠲᠡᠪᠰᠢᠭᠦᠯᠬᠦ ᠪᠠᠷ ᠪᠤᠯᠤᠯ᠎ᠠ᠂ ᠲᠠᠭᠠᠰᠢᠶᠠᠨ ᠤᠩᠰᠢᠬᠤ ᠪᠤᠯᠪᠠᠦ︕                                     ᠬᠤᠶᠠᠳᠡᠬᠢ ᠨᠠᠶᠢᠷᠠᠭᠤᠯᠤᠯ᠄ ᠡᠳᠦᠷ ᠤᠨ ᠲᠡᠮᠳᠡᠭᠯᠡᠯ                        2006 ᠤᠨ ᠤ 7 ᠰᠠᠷ᠎ᠠ ᠶᠢᠨ 1 ᠤ ᠡᠳᠦᠷ ︵ᠭᠠᠷᠠᠬ ᠤᠨ ᠵᠢᠷᠭᠤᠭᠠᠨ᠂ ᠲᠤᠩᠭᠠᠯᠠᠭ ᠬᠠᠯᠠᠭᠤᠨ︶               ᠮᠤᠷᠳᠠᠬᠤ ᠪᠤᠯᠤᠯ᠎ᠠ᠃   ᠡᠨᠡ ᠤᠳᠠᠭ᠎ᠠ ᠠᠯᠢ ᠰᠡᠭᠦᠳᠡᠷ ᠤᠨ ᠮᠠᠰᠢᠨ ᠢ ᠠᠪᠴᠦ ᠶᠠᠪᠤᠬᠤ ᠪᠢᠯᠡ︖               ᠬᠠᠭᠤᠴᠢᠨ Nikon ᠢ ᠬᠠᠷᠠᠭᠠᠰᠦ ᠬᠤᠪᠢᠷᠠᠭᠤᠯᠬᠤ ᠯᠧᠨ᠋ᠰ ᠲᠠᠢ ᠨᠢ ᠠᠪᠴᠦ ᠶᠠᠪᠤᠬᠤ ᠨᠢ ᠨᠠᠳᠠᠳᠦ ᠠᠪᠴᠦ ᠭᠡᠯᠡᠪᠡᠯ ᠬᠦᠨᠳᠦ ᠰᠠᠨᠠᠬᠳᠠᠬᠤ ᠪᠤᠯᠵᠠᠢ᠃ ᠵᠢᠵᠢᠭ ᠲᠤᠭᠠᠴᠢᠯᠠᠭᠰᠠᠨ ᠵᠢᠷᠤᠬ ᠤᠨ ᠮᠠᠰᠢᠨ ᠬᠦᠩᠭᠡᠨ ᠪᠤᠯᠪᠠᠴᠦ ᠰᠡᠭᠦᠳᠡᠷ ᠤᠨ ᠴᠢᠨᠠᠷ ᠦᠢᠯᠡᠳᠦᠯ ᠢᠶᠠᠷ ᠵᠤᠯᠠ ᠰᠡᠭᠦᠳᠡᠷ ᠤᠨ ᠹᠢᠯᠢᠮ ᠤᠨ ᠬᠢᠷᠢ ᠤᠯᠠᠠ ᠲᠠᠪᠬᠤᠷᠭ᠎ᠠ ᠦᠭᠡᠢ᠂ ᠦᠨᠡᠨ ᠵᠤᠪᠠᠭᠤᠷᠢ ᠲᠠᠢ ᠳ᠋ᠠ︕ ᠲᠡᠷᠡ ᠦᠶ᠎ᠡ ᠳᠤ ᠲᠤᠭᠠᠴᠢᠯᠠᠭᠰᠠᠨ ᠰᠡᠭᠦᠳᠡᠷ ᠤᠨ ᠮᠠᠰᠢᠨ ᠬᠠᠷᠠᠬᠠᠨ ᠭᠡᠷᠡᠭᠯᠡᠭᠳᠡᠵᠦ ᠡᠭᠢᠯᠡᠭᠡᠳᠦᠢ ᠪᠠᠶᠢᠬᠤ ᠳᠤ ᠪᠢ ᠮᠤᠩᠭᠤᠯ ᠤᠨ ᠦᠨᠳᠦᠷᠯᠢᠭ ᠲᠤ ᠬᠦᠷᠬᠦ ᠪᠤᠯᠭᠠᠨ ᠪᠡᠶ᠎ᠠ ᠳᠡᠭᠡᠨ ᠭᠤᠷᠪᠠᠨ ᠵᠦᠢᠯ ᠤᠨ ᠰᠡᠭᠦᠳᠡᠷ ᠤᠨ ᠮᠠᠰᠢᠨ ᠠᠪᠴᠦ ᠶᠠᠪᠤᠳᠠᠬ᠂ ᠨᠢᠭᠡ ᠨᠢ NiKon ᠵᠤᠯᠠ ᠰᠡᠭᠦᠳᠡᠷ ᠤᠨ ᠹᠢᠯᠢᠮ ᠠᠪᠳᠠᠬ᠂ ᠨᠦᠬᠦᠭᠡ  ᠨᠢ Leica-Minilux ᠨᠢ ᠰᠦᠭᠡᠷᠬᠦ ᠹᠢᠯᠢᠮ ᠠᠪᠳᠠᠬ᠂ ᠪᠠᠰᠠ ᠨᠢᠭᠡ ᠨᠢ ︽ᠯᠢᠳᠧ︾   ᠪᠠᠷ ᠲᠠᠳᠠᠭᠤᠯᠤᠬᠰᠠᠠ ᠰᠡᠭᠦᠳᠡᠷ ᠢ ᠠᠪᠤᠨ ᠲᠤᠤᠷ᠎ᠠ ᠪᠠᠨ ᠭᠠᠷᠭᠠᠵᠦ ᠴᠢᠳᠠᠬᠤ ᠪᠤᠯᠬᠤᠷ ᠮᠠᠯᠴᠢᠳ ᠲᠤ ᠭᠠᠷᠳᠠᠭᠤᠯᠬᠤ ᠳᠤ ᠲᠦᠭᠦᠮ᠃ ᠪᠠᠰᠠ ᠲᠠᠬᠢᠪᠡᠯ ᠪᠤᠬᠴᠤᠨ ᠲᠤᠳᠤᠷ᠎ᠠ ᠭᠡᠳᠦᠨ ᠠᠷᠪᠠᠨ ᠤᠷᠢᠶᠠᠮᠠᠬ ᠭᠡᠷᠡᠯ ᠵᠢᠷᠤᠬ ᠤᠨ ᠢᠯᠳᠠᠰᠦ ᠵᠡᠷᠭᠡ ᠶᠢ ᠶᠠᠭᠠᠬᠢᠵᠦ ᠠᠪᠴᠦ ᠶᠠᠪᠤᠵᠦ ᠪᠠᠶᠢᠬᠰᠠᠠ ᠪᠤᠯ︖                 ᠭᠡᠳᠦᠬᠡᠨ ᠵᠢᠯ ᠤᠨ ᠡᠮᠦᠨ᠎ᠠ ᠪᠠᠶᠢᠬᠰᠠᠠ᠂ ᠲᠡᠷᠡ ᠦᠶ᠎ᠠ ᠳᠤ ᠲᠡᠷᠡ ᠨᠦᠰᠡᠷ ᠬᠦᠨᠳᠦ ᠪᠤᠭᠴᠤ ᠶᠢ ᠨᠢᠷᠤᠭᠤᠨ ᠳᠠᠭᠠᠨ ᠡᠭᠦᠷᠴᠢᠬᠡᠭᠰᠡᠨ ᠬᠦᠮᠦᠰᠭᠡ ᠴᠦ ᠠᠲᠤᠷᠢᠬᠤ ᠦᠭᠡᠢ᠂ ᠬᠡᠴᠢᠨᠡᠨ ᠰᠠᠨᠠᠭ᠎ᠠ ᠠᠮᠤᠷ ᠪᠠᠶᠢᠪᠠ ᠳ᠋ᠡ᠃                 ᠵᠠ ᠪᠤᠯᠢᠶ᠎ᠠ᠂ ᠤᠳᠦ ᠶᠢᠨ ᠪᠠᠶᠢᠳᠠᠯ ᠳᠠᠭᠠᠨ ᠰᠡᠳᠬᠢᠯ ᠬᠠᠨᠤᠵᠦ ᠰᠤᠷᠤᠶ᠎ᠠ᠂ ᠰᠠᠶᠢᠨ ᠡᠷ᠎ᠠ ᠪᠡᠶ᠎ᠠ ᠪᠠᠨ ᠭᠠᠶᠢᠬᠠᠭᠤᠯᠬᠤ ᠦᠭᠡᠢ ᠶᠤᠮ᠂ ᠬᠦᠨᠳᠦ ᠶᠢᠨ ᠲᠤᠬᠠᠢ ᠬᠠᠰᠢᠯᠠ ᠨᠠᠷᠢᠨ ᠲᠤᠩᠭᠠᠵᠦ ᠪᠠᠶᠢᠭᠠᠳ ᠲᠤᠭᠲᠠᠶ᠎ᠠ᠃                       3 ᠤ ᠡᠳᠦᠷ ︵ᠭᠠᠷᠠᠬ ᠤᠨ ᠨᠢᠭᠡᠨ᠂ ᠲᠤᠩᠭᠠᠯᠠᠭ ᠬᠠᠯᠠᠭᠤᠨ︶             ᠦᠨᠡᠭᠡᠷᠡᠨ ᠬᠦᠮᠦᠨ ᠢ ᠪᠠᠴᠢᠮᠳᠠᠭᠤᠯᠬᠤ ᠨᠢ ᠡ︕                       ᠮᠢᠨᠦ DHL ᠪᠠᠷ ᠱᠠᠩᠬᠠᠢ ᠳᠤ ᠶᠠᠪᠤᠭᠤᠯᠤᠬᠰᠠᠠ ᠲᠦᠷᠭᠡᠨ ᠵᠠᠬᠢᠳᠠᠯ ᠢ ᠯᠢ ᠵᠢᠩ ᠬᠤᠶᠠᠷ ᠡᠳᠦᠷ ᠤᠨ ᠲᠤᠳᠤᠷ᠎ᠠ ᠤᠯᠵᠤ ᠲᠤᠰᠴᠠᠢ᠃ ᠭᠡᠳᠡᠯ᠎ᠠ ᠲᠡᠭᠦᠨ ᠤ ᠨᠠᠳᠠᠳᠦ ᠬᠠᠷᠢᠭᠤ ᠢᠯᠡᠭᠡᠭᠰᠡᠡ ᠵᠠᠬᠢᠳᠠᠯ ᠳᠡᠭᠡᠷ᠎ᠡ ᠭᠠᠷᠠᠭ ᠤᠨ ᠳᠦᠷᠪᠡᠨ ᠳᠤ ᠭᠠᠷᠴᠦ ᠢᠷᠡᠭᠰᠡᠨ᠂ ᠲᠦᠷᠪᠡᠨ ᠡᠳᠦᠷ ᠪᠤᠯᠤᠭᠠᠳ ᠪᠠᠰᠠ ᠢᠷᠡᠭᠡᠳᠦᠢ᠂   ᠡᠨᠡ ᠦᠳᠡ ᠶᠢᠨ ᠡᠮᠦᠨ᠎ᠠ 10 ᠴᠠᠬ ᠤᠨ ᠦᠶ᠎ᠠ ᠪᠠᠷ DHL ᠳᠤ ᠤᠳᠠᠰᠤᠳᠠᠵᠦ ᠯᠠᠪᠯᠠᠨ ᠠᠰᠠᠭᠤᠬᠰᠠᠠ ᠴᠢᠨᠢ ᠲᠡᠳᠡ ᠬᠠᠷᠢᠨ ᠮᠢᠨᠦ ᠰᠠᠭᠤᠵᠦ ᠪᠠᠶᠢᠭ᠎ᠠ ᠭᠠᠵᠠᠷ ︽ᠭᠡᠳᠦᠷᠭᠡᠢ ᠬᠤᠯᠠ︾᠂ ᠬᠦᠷᠭᠡᠬᠦ ᠭᠡᠪᠴᠢᠶᠡᠨ ᠳᠤ ᠪᠠᠶᠢᠬᠤ ᠦᠭᠡᠢ ᠪᠤᠯᠬᠤᠷ ᠨᠢ ᠰᠢᠤᠳᠠᠨ ᠲᠤᠪᠴᠢᠶ᠎ᠠ ᠪᠠᠷ ᠲᠠᠮᠵᠢᠭᠤᠯᠤᠭᠰᠠᠨ᠂ ᠬᠤᠶᠠᠷ ᠭᠤᠷᠪᠠᠨ ᠡᠳᠦᠷ ᠤᠨ ᠲᠠᠷᠠᠭ᠎ᠠ ᠤᠯᠴᠢᠬᠠᠨ᠎ᠠ ᠭᠡᠨ᠎ᠡ᠃                 ᠡᠨᠡ ︽ᠬᠤᠯᠠ︾ ᠭᠡᠳᠡᠭ ᠴᠢᠨᠢ ᠶᠠᠮᠠᠷ ᠤᠳᠬ᠎ᠠ ᠲᠠᠢ ᠦᠭᠡ ᠪᠤᠢ︖                 ᠪᠢ ᠲᠠᠶᠢᠪᠸᠢ ᠰᠢᠶᠠᠨ ᠳᠤ ᠰᠠᠭᠤᠵᠦ ᠪᠠᠶᠢᠬᠤ ᠠᠴᠠ ᠪᠢᠰᠢ ᠰᠢᠨᠵᠢᠶᠠᠩ ᠤᠨ ᠬᠠᠨᠠᠰ ᠨᠠᠭᠤᠷ ᠲᠤ ᠰᠠᠭᠤᠵᠦ ᠪᠠᠶᠢᠬᠤ ᠪᠢᠰᠢ᠂ ︽ᠭᠠᠵᠠᠷ ᠢ ᠬᠤᠯᠠ ᠭᠡᠵᠦ ᠦᠯᠦ ᠪᠤᠳᠤᠬᠤ︾ ᠬᠡᠮᠡᠭᠳᠡᠭᠰᠡᠨ ᠤᠯᠠᠨ ᠤᠯᠤᠰ ᠤᠨ ᠲᠦᠷᠭᠡᠨ ᠭᠤᠪᠢᠭᠤᠯᠭ᠎ᠠ ᠭᠡᠳᠡᠭ ᠴᠢᠨᠢ ᠵᠦᠪᠭᠡᠨ ᠵᠠᠷ ᠮᠡᠳᠡᠭᠡ ᠲᠡᠭᠡᠷ᠎ᠠ ᠯᠠ ᠭᠡᠯᠡᠭᠰᠡᠡ ᠲᠡᠳᠦᠢ ᠶᠠᠪᠤᠳᠠᠯ ᠰᠢᠳᠠ᠂ ᠬᠠᠷᠢᠨ ᠬᠤᠶᠠᠷᠬᠠᠨ ᠠᠯᠬᠤᠮ ᠤᠨ ᠬᠤᠯᠠ ᠪᠠᠶᠢᠬᠤ ᠳ᠋ᠠᠨ ᠱᠦᠢ ᠪᠠᠯᠭᠠᠰᠦ ᠶᠢ ᠪᠠᠰᠠ ᠬᠠᠷᠠᠭᠠᠯᠵᠠᠵᠦ ᠲᠡᠶᠢᠯᠬᠦ ᠦᠭᠡᠢ ᠶᠤᠮ ᠤᠤ︖               ᠮᠢᠨᠦ ᠭᠡᠯᠡᠭᠰᠡᠡ ᠦᠭᠡ ᠲᠠᠩᠴᠢ ᠪᠠᠴᠢᠮ ᠲᠤᠯᠭᠠᠭᠤ ᠪᠤᠯᠤᠭᠰᠠᠨ ᠪᠢᠵᠡ᠂ ᠤᠳᠠᠰᠦ ᠶᠢ ᠲᠤᠰᠤᠭᠰᠠᠠ ᠦᠢᠯᠡᠴᠢᠯᠡᠭᠴᠢ ᠠᠪᠠᠭ᠋ᠠᠢ ᠬᠠᠷᠢᠴᠠᠵᠦ ᠦᠵᠡᠶ᠎ᠠ᠂ ᠭᠡᠷᠪᠡ ᠵᠠᠬᠢᠳᠠᠯ ᠢ ᠴᠢᠨᠢ ᠰᠢᠤᠳᠠᠨ ᠲᠤᠪᠴᠢᠶ᠎ᠠ ᠳᠤ ᠲᠠᠮᠵᠢᠭᠤᠯᠤᠭᠠᠳᠦᠢ ᠪᠤᠯ ᠰᠢᠭᠤᠳ ᠱᠢ ᠯᠢᠨ ᠤ ᠠᠵᠢᠯᠯᠠᠬᠤ ᠭᠠᠵᠠᠷ ᠲᠤᠨᠢ ᠤᠴᠢᠭᠠᠳ ᠠᠪᠴᠦ ᠪᠤᠯᠤᠨ᠎ᠠ ᠭᠡᠨ᠎ᠡ᠃   ᠵᠤᠯ ᠢᠶᠠᠷ ᠵᠠᠬᠢᠳᠠᠯ ᠱᠢ ᠯᠢᠨ ᠳᠤ ᠪᠠᠶᠢᠯ᠎ᠠ᠃         ᠢᠩᠭᠢᠭᠡᠳ DHL ᠠᠵᠢᠯᠯᠠᠬᠤ ᠭᠠᠵᠠᠷ ᠲᠤ ᠳᠠᠪᠬᠢᠭᠤᠯᠵᠦ ᠬᠦᠷᠦᠭᠡᠳ ᠰᠢᠨ᠎ᠠ ᠨᠤᠮ ᠤᠨ ᠭᠤᠷᠪᠠᠳᠡᠬᠢ ᠬᠠᠷᠭᠤᠭᠤᠯᠬᠤ ᠡᠭᠡ ᠪᠢᠴᠢᠭ ᠢ ᠤᠯᠵᠦ ᠠᠪᠴᠠᠢ᠃         ᠭᠡᠪᠡᠴᠦ ᠵᠢᠱᠢᠭᠰᠡᠨ ᠠᠴᠠ ᠨᠢᠭᠡᠨᠲᠡ ᠬᠤᠶᠠᠷ ᠡᠳᠦᠷ ᠤᠷᠦ᠋ᠢᠲᠡᠵᠠᠢ᠃ 7 ᠰᠠᠷ᠎ᠠ ᠶᠢᠨ 7 ᠤ ᠡᠳᠦᠷ ᠮᠤᠩᠭᠤᠯ ᠤᠯᠤᠰ ᠲᠤ ᠤᠴᠢᠬᠤ ᠪᠠᠷ ᠮᠤᠷᠳᠠᠨ᠎ᠠ᠂ 7 ᠰᠠᠷ᠎ᠠ ᠶᠢᠨ 5 ᠤ ᠡᠳᠦᠷ ᠰᠢᠨᠵᠦ ᠶᠢᠨ ᠪᠠᠭᠰᠢ ᠶᠢᠨ ᠰᠤᠷᠭᠠᠭᠤᠯᠢ ᠶᠢᠨ ᠬᠤᠶᠠᠳᠤᠭᠠᠷ ᠬᠤᠭᠤᠴᠠᠭᠠᠨ ᠤ ᠲᠡᠭᠦᠰᠬᠦ ᠰᠤᠷᠤᠬᠴᠢᠳ ᠲᠠᠢ ᠬᠤᠭᠤᠯᠠ ᠢᠳᠡᠬᠦ ᠪᠠᠷ ᠪᠤᠯᠵᠤᠬᠰᠠᠠ ᠶᠡᠪᠤᠳᠠᠯ ᠤᠳᠦ ᠦᠵᠡᠭᠦᠯᠡᠷ ᠵᠠᠪᠳᠤᠬᠤ ᠦᠭᠡᠢ ᠪᠤᠯᠵᠠᠢ᠃                            5 ᠤ ᠡᠳᠦᠷ ︵ᠭᠠᠷᠠᠬ ᠤᠨ ᠭᠤᠷᠪᠠᠨ᠂ ᠲᠤᠩᠭᠠᠯᠠᠬ ᠬᠠᠯᠠᠭᠤᠨ︶                           ᠰᠢᠨᠵᠤ  ᠳᠤ ᠬᠦᠷᠴᠦ ᠰᠤᠷᠤᠬᠴᠢᠳ ᠲᠠᠢ ᠠᠭᠤᠯᠵᠠᠵᠦ ᠴᠢᠳᠠᠬᠤ ᠦᠭᠡᠢ ᠪᠤᠯᠤᠯ᠎ᠠ᠃   ᠡᠨᠡ ᠪᠤᠯ ᠲᠡᠳᠡᠨ ᠤ ᠰᠤᠷᠭᠠᠭᠤᠯᠢ ᠲᠡᠭᠦᠰᠦᠭᠰᠡᠡ 30 ᠵᠢᠯ ᠤᠨ ᠬᠠᠮᠳᠦ ᠰᠤᠷᠤᠯᠭᠠᠳᠠᠨ ᠤ ᠴᠤᠬᠯᠠᠭᠠᠨ᠂ ᠠᠯᠢ ᠡᠷᠳᠡ ᠨᠠᠳᠠ  ᠲᠠᠢ ᠪᠤᠯᠵᠤᠨ ᠲᠤᠬᠳᠠᠵᠦ ᠪᠢᠯᠡ᠃ ᠡᠭᠦᠨ ᠤ ᠲᠤᠬᠠᠢ ᠪᠢ ᠮᠤᠩᠭᠤᠯ ᠤᠯᠤᠰ ᠲᠤ ᠤᠴᠢᠬᠤ ᠡᠳᠦᠷ ᠢᠶᠠᠨ ᠲᠤᠰᠬᠠᠢᠢᠯᠠᠨ ᠨᠢᠭᠡ ᠡᠳᠦᠷ ᠬᠤᠶᠢᠰᠢᠯᠠᠭᠤᠯᠵᠦ 7 ᠤ ᠡᠳᠦᠷ ᠮᠤᠷᠳᠠᠬᠤ ᠪᠠᠷ ᠪᠤᠯᠤᠬᠰᠠᠠ ᠰᠢᠦ᠃         ᠤᠳᠦ ᠵᠦᠪᠭᠡᠨ ᠲᠡᠳᠡᠨᠠᠷ ᠲᠤ ᠤᠰᠤᠯ ᠬᠦᠯᠢᠶᠡᠬᠦ ᠯᠠ ᠭᠡᠷᠡᠭ ᠪᠤᠯᠵᠠᠢ᠃ ︵ᠭᠡᠨ ᠨᠠᠮᠠᠢᠢ DHL ᠶᠢ ᠲᠡᠩᠳᠡᠭᠦᠦ ᠢᠳᠡᠭᠡ ᠭᠡᠵᠦ ᠭᠡᠯᠡᠵᠦ ᠪᠢᠯᠡ︕︶         ᠵᠧᠨ ᠳ᠋ᠦᠩ ᠳᠤ ᠤᠳᠠᠰᠦ ᠶᠠᠪᠤᠭᠤᠯᠵᠦ ᠲᠡᠭᠦᠨ ᠢᠶᠠᠷ ᠬᠠᠮᠳᠦ ᠰᠤᠷᠤᠯᠭᠠᠳᠠᠨ ᠨᠡᠷ ᠲᠠᠭᠠᠨ ᠤᠴᠢᠷ ᠰᠢᠯᠳᠠᠭᠠᠨ ᠢ ᠨᠢ   ᠲᠤᠳᠤᠷᠬᠠᠶᠢᠯᠠᠭᠤᠯᠬᠤ ᠭᠡᠵᠦ ᠪᠤᠳᠤᠬᠰᠠᠠ ᠴᠦ ᠲᠡᠷᠡ ᠭᠠᠷ ᠤᠲᠠᠰᠤ ᠪᠠᠨ ᠨᠡᠭᠡᠭᠡᠵᠦ ᠦᠭᠡᠢ᠃                 ᠹᠠᠺᠰ ᠪᠠᠰᠠ ᠭᠡᠮ ᠲᠠᠢ ᠪᠤᠯᠴᠢᠬᠠᠯ᠎ᠠ᠂   ︽ᠹᠧᠩ ᠬᠤᠸᠠᠩ  ︾ ᠲᠧᠯᠸᠢᠰ ᠬᠤᠷᠢᠶ᠎ᠠ ᠶᠢᠨ ᠱᠢ ᠠᠪᠤᠭᠠᠢ ᠪᠡᠭᠡᠵᠢᠩ ᠶᠡᠭᠡ ᠰᠤᠷᠭᠠᠭᠤᠯᠢ ᠳᠤ ᠲᠠᠯᠪᠢᠬᠰᠠᠠ ᠶᠠᠷᠢᠶᠠᠨ ᠤ ᠪᠠᠨ ᠡᠭᠡ ᠨᠤᠤᠷᠠᠬ ᠢ ᠨᠠᠳᠠ ᠪᠠᠷ ᠬᠠᠷᠭᠤᠭᠤᠯᠬᠤ ᠭᠡᠰᠡᠡ ᠶᠠᠪᠤᠳᠠᠯ ᠴᠦ ᠪᠦᠳᠦᠬᠦ ᠦᠭᠡᠢ ᠪᠤᠯᠵᠠᠢ᠃ ︵ᠡᠨᠡ ᠪᠤᠯ ᠮᠢᠨᠦ ᠺᠤᠮᠫᠢᠦ᠋ᠲ᠋ᠧᠷ ᠭᠡᠷᠡᠭᠯᠡᠬᠦ ᠦᠭᠡᠢ ᠶᠢᠨ ᠤᠷᠰᠢᠭ︕︶               ᠬᠠᠢ︕ ᠲᠡᠭᠦᠨ ᠤ ᠶᠠᠷᠢᠶᠠᠨ ᠤ ᠡᠭᠡ ᠨᠤᠤᠷᠠᠬ ᠢ ᠬᠦᠰᠡᠯ ᠨᠡᠶᠢᠭᠡᠮᠯᠢᠭ ᠤᠨ ᠭᠠᠵᠠᠷ ᠤᠨ ᠹᠠᠺᠰ  ᠢᠶᠠᠷ ᠲᠠᠮᠵᠢᠭᠤᠯᠤᠨ ᠢᠷᠡᠭᠦᠯᠵᠦ ᠪᠤᠯᠤᠨ᠎ᠠ ᠰᠢᠳᠡ᠂ ᠤᠴᠢᠷ ᠨᠢ ᠮᠠᠷᠭᠠᠰᠢ ᠪᠢ ᠲᠡᠨᠳᠡ ᠬᠦᠷᠴᠦ ︽ᠪᠤᠳᠤᠬᠳᠦ ᠵᠢᠷᠤᠬ ᠤᠨ ᠬᠦᠰᠡᠯᠡᠩ︾ ᠤᠨ ᠱᠠᠩᠨᠠᠯ ᠤᠯᠭᠤᠬᠤ ᠶᠤᠰᠤᠯᠠᠯ ᠳᠤ ᠤᠷᠤᠯᠴᠠᠬᠤ ᠶᠤᠮ ᠴᠢᠨᠢ᠂ ᠨᠡᠭᠡᠷᠡᠨ ᠴᠦ ᠠᠮᠠᠷᠬᠠᠨ ᠪᠦᠲᠦᠬᠦ ᠶᠤᠮ ᠪᠠᠶᠢᠨ᠎ᠠ᠂ ᠠᠷᠪᠠᠨ ᠨᠢᠭᠤᠷ ᠤᠨ ᠮᠠᠲ᠋ᠧᠷᠢᠶᠠᠯ ᠢ ᠬᠤᠷᠢᠶᠠᠵᠦ ᠤᠯᠤᠭᠠᠳ ᠰᠡᠳᠬᠢᠯ ᠨᠢᠭᠡ ᠠᠮᠠᠷᠠᠯ᠎ᠠ᠂ ᠡᠨᠡ ᠶᠠᠪᠤᠳᠠᠯ ᠴᠦ ᠮᠦᠨ ᠮᠤᠩᠭᠤᠯ ᠤᠯᠤᠰ ᠲᠤ ᠤᠴᠢᠬᠤ ᠠᠴᠠ ᠡᠮᠦᠨ᠎ᠠ ᠲᠠᠭᠤᠰᠬᠠᠬᠤ ᠶᠠᠪᠤᠳᠠᠯ᠃                          7 ᠤ ᠡᠳᠦᠷ ︵ᠭᠠᠷᠠᠬ ᠤᠨ ᠲᠠᠪᠤᠨ᠂ ᠲᠠᠶᠢᠪᠸᠢ ᠳᠤ ᠲᠤᠩᠭᠠᠯᠠᠭ᠂ ᠤᠯᠠᠭᠠᠨᠪᠠᠭᠠᠳᠤᠷ ᠲᠤ ᠪᠤᠷᠤᠭᠠᠨ ᠲᠠᠢ︶                       ᠮᠤᠷᠳᠠᠬᠤ ᠪᠤᠯᠤᠯ᠎ᠠ︕ ᠦᠴᠦᠭᠡᠳᠦᠷ ᠤᠷᠤᠢ ᠶᠠᠭᠤᠮ᠎ᠠ ᠬᠡᠤᠮ᠎ᠠ ᠪᠠᠨ ᠪᠠᠭᠴᠠᠯᠠᠭᠠᠳ ᠦᠷᠯᠦᠭᠡ ᠶᠢᠨ ᠬᠤᠶᠠᠷ ᠴᠠᠬ ᠬᠠᠭᠠᠰ ᠬᠦᠷᠦᠭᠡᠳ ᠰᠠᠶᠢ ᠲᠡᠷ᠎ᠠ ᠲᠤᠯᠤᠭᠠᠢ ᠨᠡᠶᠢᠯᠡᠭᠦᠯᠦᠯ᠎ᠠ᠂ ᠭᠡᠶ᠎ᠠ ᠦᠷᠯᠦᠭᠡ ᠪᠤᠰᠬᠤᠯᠠᠷ ᠴᠤᠭ ᠰᠦᠯᠳᠡ ᠪᠠᠷ ᠪᠠᠰᠠ ᠪᠤᠯᠤᠮᠠᠷ᠃               ᠮᠤᠩᠭᠤᠯ ᠤᠯᠤᠰ ᠲᠤ ᠬᠦᠷᠦᠨ᠎ᠠ ᠭᠡᠳᠡᠭ ᠴᠢᠨᠢ ᠮᠠᠰᠢ ᠪᠠᠶᠠᠷᠳᠠᠢ ᠶᠠᠪᠤᠳᠠᠯ ᠪᠤᠯᠤᠬᠰᠠᠠ ᠤ ᠴᠦ ᠶᠤᠮ ᠤᠤ ᠶᠠᠳᠠᠷᠠᠬᠤ ᠪᠠᠨ ᠴᠦ ᠮᠠᠷᠳᠠᠵᠦ ᠤᠷᠬᠢᠯ᠎ᠠ᠃ ᠤᠳᠦ ᠵᠦᠪᠭᠡᠨ ᠠᠪᠴᠦ ᠶᠠᠪᠤᠬᠤ ᠶᠠᠭᠤᠮ᠎ᠠ ᠠᠷᠪᠢᠳᠠᠭᠠᠳ ᠨᠠᠳᠠ ᠶᠢ ᠵᠤᠪᠠᠭᠠᠵᠦ ᠪᠠᠶᠢᠨ᠎ᠠ᠂ ᠲᠡᠨᠳᠡ ᠲᠦᠷᠪᠡᠨ ᠤᠯᠠᠷᠢᠯ ᠤᠨ ᠬᠤᠪᠴᠠᠰᠦ ᠪᠦᠷ ᠭᠡᠷᠡᠭ ᠲᠠᠢ᠂ ᠭᠡᠪᠡᠴᠦ ᠪᠠᠭᠠᠰᠬᠠᠬᠰᠠᠠ ᠲᠡᠭᠡᠷ᠎ᠠ ᠨᠢ ᠪᠠᠭᠠᠰᠬᠠᠪᠡᠯ ᠰᠠᠶᠢ ᠬᠦᠨᠳᠦ ᠭᠡᠳᠦᠷᠡᠬᠦ ᠦᠭᠡᠢ᠃            9 ᠴᠠᠬ ᠭᠠᠷᠤᠢ ᠶᠢᠨ ᠠᠯᠳᠠ ᠪᠠᠷ ᠰᠦ᠋ ᠶᠢᠩ ᠨᠠᠮᠠᠢᠢ ᠲᠤᠰᠬᠤ ᠪᠠᠷ ᠢᠷᠡᠯ᠎ᠠ᠂   ᠡᠨᠡ ᠤᠳᠠᠭ᠎ᠠ ᠬᠠᠨᠢ ᠲᠠᠢ ᠶᠠᠪᠤᠬᠤ ᠪᠤᠯᠬᠤᠷ ᠵᠢᠭᠠᠬᠠᠨ ᠰᠠᠨᠠᠭ᠎ᠠ ᠠᠮᠤᠷ᠃         ᠨᠢᠰᠭᠡᠯ ᠤᠨ ᠪᠠᠭᠤᠳᠠᠯ ᠳᠤ ᠬᠢᠯᠢ ᠶᠢᠨ ᠪᠤᠭᠤᠮᠳᠠ ᠶᠢᠨ ᠬᠢᠨ ᠫᠠᠰᠫᠤᠷᠲ ᠪᠠᠶᠢᠴᠠᠭᠠᠬᠤ ᠦᠶ᠎ᠠ ᠳᠤ ᠮᠢᠨᠦ ᠨᠡᠷ᠎ᠠ ᠶᠢ ᠦᠵᠡᠴᠢᠭᠡᠭᠡᠳ ᠲᠡᠷᠡ ᠵᠠᠯᠠᠭᠤ ᠠᠯᠪᠠᠨ ᠲᠤᠰᠢᠶᠠᠯᠳᠠᠨ ᠨᠠᠳᠠ ᠠᠴᠠ᠄ ︽ᠲᠦᠷᠦᠯ ᠰᠠᠳᠤᠨ ᠢᠶᠠᠨ ᠡᠷᠭᠢᠵᠦ ᠦᠵᠡᠨ᠎ᠠ ᠤᠤ︖︾ ᠭᠡᠵᠦ ᠢᠨᠢᠶᠡᠮᠰᠦᠭᠯᠡᠨ ᠠᠰᠠᠭᠤᠬᠤᠯᠠᠷ ᠪᠢ᠄ ︽ᠪᠡᠯᠭᠡᠯᠡᠬᠦ ᠶᠤᠰᠤᠯᠠᠯ ᠳᠤ ᠤᠷᠤᠯᠴᠠᠷ᠎ᠠ ᠤᠴᠢᠨ᠎ᠠ᠂   ᠡᠨᠡ ᠵᠢᠯ ᠪᠤᠯ ᠮᠤᠩᠭᠤᠯ ᠬᠠᠭᠠᠨᠳᠦ ᠤᠯᠤᠰ ᠪᠠᠶᠢᠭᠤᠯᠤᠬᠳᠠᠬᠰᠠᠠ 800 ᠵᠢᠯ ᠤᠨ ᠤᠢ ᠪᠤᠯᠤᠨ᠎ᠠ︕︾ ᠭᠡᠵᠦ ᠲᠡᠰᠴᠦ ᠶᠠᠳᠠᠨ ᠬᠠᠷᠢᠭᠤᠯᠪᠠ᠃                 ᠲᠡᠷᠡ ᠢᠨᠢᠶᠡᠭᠡᠳ ᠲᠠᠬᠢᠵᠦ ᠶᠠᠭᠤᠮ᠎ᠠ ᠭᠡᠯᠡᠭᠰᠡᠡ ᠦᠭᠡᠢ᠂ ᠪᠤᠳᠤᠬᠤ ᠳᠤ ᠪᠢ ᠤᠯᠠᠨ ᠶᠠᠷᠢᠴᠢᠬᠠᠯ᠎ᠠ ᠪᠢᠵᠡ   ᠳ᠋ᠡ︕             ᠲᠡᠭᠡᠭᠦ ᠳᠤ ᠪᠢ ᠪᠠᠰᠠ ᠦᠪᠡᠷ ᠢ ᠪᠠᠨ ᠭᠠᠶᠢᠬᠠᠵᠦ ᠤᠴᠢᠯ᠎ᠠ᠂ ᠲᠠᠨᠢᠯ ᠲᠠᠰᠤᠯ ᠪᠤᠰᠦ ᠬᠦᠮᠦᠨ ᠳᠤ ᠲᠡᠳᠦᠢ ᠯᠡ ᠬᠠᠯᠠᠭᠤᠮᠰᠤᠭ ᠲᠠᠶᠢᠯᠪᠤᠷᠢᠯᠠᠴᠢᠬᠠᠭᠰᠠᠨ ᠮᠢᠨᠢ ᠶᠠᠭᠤ ᠪᠢᠯᠡ︖   ᠪᠤᠳᠤᠪᠡᠯ ᠮᠦᠨ ︽ᠪᠠᠶᠠᠷᠯᠠᠬᠰᠠᠠ ᠭᠡᠷᠢᠶ᠎ᠠ ᠪᠠᠷᠬᠢᠷᠠᠭ᠎ᠠ︾ ᠭᠡᠭᠴᠢ ᠶᠢᠨ ᠬᠢ ᠪᠢᠵᠡ᠃             ᠡᠨᠡ ᠵᠢᠯ ᠪᠤᠯ ᠴᠢᠩᠭᠢᠰ ᠬᠠᠭᠠᠨ ᠰᠠᠭᠤᠷᠢᠨ ᠳᠤ ᠰᠠᠭᠤᠬᠰᠠᠠ 800 ᠵᠢᠯ ᠤᠨ ᠤᠢ᠂ ᠮᠦᠨ ᠴᠦ ᠮᠤᠩᠭᠤᠯ ᠬᠠᠭᠠᠨᠳᠦ ᠤᠯᠤᠰ ᠪᠠᠶᠢᠭᠤᠯᠤᠬᠳᠠᠬᠰᠠᠠ 800 ᠵᠢᠯ ᠤᠨ ᠤᠢ ᠪᠤᠯᠤᠨ᠎ᠠ᠃                 ᠮᠢᠨᠦ ᠡᠨᠡ ᠪᠦᠬᠦᠨ ᠪᠡᠯᠡᠳᠭᠡᠯ ᠮᠢᠨᠢ ᠪᠦᠷ ᠡᠨᠡ ᠤᠳᠠᠭ᠎ᠠ ᠶᠢᠨ ᠠᠶᠠᠯᠠᠯ ᠤᠨ ᠲᠦᠯᠦᠭᠡ ᠪᠢᠯᠠ᠃                   ᠠᠯᠢ ᠡᠷᠳᠡ ᠭᠤᠷᠪᠠᠨ ᠵᠢᠯ ᠤᠨ ᠡᠮᠦᠨ᠎ᠠ ᠠᠴᠠ ᠬᠦᠰᠡᠵᠦ ᠬᠦᠯᠢᠶᠡᠭᠰᠡᠨ ᠶᠤᠮᠰᠠᠨ᠃ ︽ᠮᠤᠩᠭᠤᠯ ᠤᠨ ᠨᠢᠭᠤᠴᠠ ᠲᠤᠪᠴᠢᠶᠠᠨ︾ ᠤ 202 ᠳ᠋ᠤᠭᠠᠷ ᠪᠦᠯᠦᠭ ᠲᠤ ᠡᠬᠢᠯᠡᠮᠡᠭᠴᠡ ᠢᠩᠬᠢᠵᠦ ᠲᠡᠮᠳᠡᠭᠯᠡᠵᠦ ᠪᠠᠶᠢᠳᠠᠭ᠄                 ᠲᠡᠭᠷᠢᠯᠢᠭ ᠬᠦᠪᠡᠭᠦᠨ ᠲᠡᠮᠦᠵᠢᠨ ᠤᠯᠠᠨ ᠮᠤᠩᠭᠤᠯᠵᠢᠨ ᠠᠶᠢᠮᠠᠭ ᠢ ᠨᠢᠬᠡᠳᠭᠡᠵᠦ᠂ ᠪᠦᠬᠦ ᠢᠰᠡᠭᠡᠢ ᠳᠤᠭᠤᠷᠭᠠᠳᠡᠨ ᠢ ᠡᠩᠬᠡ ᠲᠦᠪᠰᠢᠨ ᠪᠤᠯᠭᠠᠵᠦ ᠪᠠᠷᠰ ᠵᠢᠯ ︵1206 ᠤᠨ︶ ᠳᠤ ᠤᠨᠤᠨ ᠮᠦᠷᠡᠨ ᠤ ᠡᠬᠢᠨ ᠳᠤ ᠶᠢᠰᠦᠨ ᠬᠦᠯᠳᠦ ᠴᠠᠭᠠᠨ ᠳᠤᠭ ᠢ ᠮᠠᠨᠳᠤᠭᠤᠯᠤᠨ ᠬᠠᠭᠠᠨ ᠰᠠᠭᠤᠷᠢᠨ ᠳᠤ ᠰᠠᠭᠤᠵᠦ ︽ᠴᠢᠩᠬᠢᠰ ᠬᠠᠭᠠᠨ︾ ᠬᠡᠮᠡᠨ ᠡᠷᠭᠦᠮᠵᠢᠯᠡᠪᠡᠢ᠃                  800 ᠤᠨ ᠡᠮᠦᠨᠡᠬᠢ ᠲᠡᠷᠡ ᠡᠳᠦᠷ᠂ ᠲᠡᠷᠡ ᠴᠠᠬ ᠪᠤᠯ ᠡᠷᠳᠡᠮᠳᠡᠨ ᠮᠡᠷᠭᠡᠳ ᠤᠨ ᠨᠡᠶᠢᠳᠡᠮ ᠢᠶᠠᠷ ᠮᠡᠳᠡᠷᠡᠭᠰᠡᠡ ︽ᠠᠶᠢᠮᠠᠬ ᠤᠬᠰᠠᠭ᠎ᠠ ᠶᠢᠨ ᠨᠡᠶᠢᠭᠡᠮ ᠤᠨ ᠲᠡᠭᠦᠰᠬᠡᠯ᠂ ᠮᠤᠩᠭᠤᠯ ᠬᠦᠮᠦᠨ ᠤ ᠡᠬᠢᠯᠡᠯᠳᠡ︾ ᠪᠤᠯᠤᠬᠰᠠᠠ ᠲᠡᠤᠭᠡ ᠶᠢᠨ ᠴᠠᠬ ᠮᠦᠴᠠ᠃                 ᠮᠤᠩᠭᠤᠯ ᠤᠯᠤᠰ ᠨᠢᠭᠡᠨᠳᠡ ᠡᠨᠡ ᠵᠢᠯ ᠤᠨ 1 ᠰᠠᠷ᠎ᠠ ᠶᠢᠨ 1 ᠤ ᠡᠳᠦᠷ ᠠᠴᠠ 12 ᠰᠠᠷ᠎ᠠ ᠶᠢᠨ 31 ᠤ ᠡᠳᠦᠷ ᠪᠤᠯᠳᠠᠯ᠎ᠠ ᠪᠦᠷ ᠪᠡᠯᠭᠡᠯᠡᠬᠦ ᠠᠵᠢᠯᠯᠠᠭ᠎ᠠ ᠲᠤᠬᠢᠷᠠᠭᠤᠯᠤᠬᠰᠠᠠ ᠭᠡᠵᠦ ᠨᠡᠶᠢᠳᠡᠯᠡᠪᠡ᠃ ᠭᠡᠶ᠎ᠠ ᠨᠠᠳᠠᠳᠦ ᠠᠪᠴᠦ ᠭᠡᠯᠡᠪᠡᠯ᠂ 7 ᠰᠠᠷ᠎ᠠ ᠶᠢᠨ ᠲᠤᠮᠳᠠᠴᠢ ᠶᠢᠨ ᠮᠤᠩᠭᠤᠯ ᠤᠯᠤᠰ ᠤᠨ ᠤᠯᠤᠰ ᠤᠨ ᠪᠠᠶᠠᠷ ᠪᠤᠯ ᠪᠡᠯᠭᠡᠯᠡᠬᠦ ᠠᠵᠢᠯᠯᠠᠭ᠎ᠠ ᠶᠢᠨ ᠲᠤᠳᠤᠷᠠᠬᠢ ᠪᠡᠯᠭᠡᠯᠡᠬᠦ ᠠᠵᠢᠯᠯᠠᠭ᠎ᠠ ᠪᠤᠯᠤᠨ᠎ᠠ᠃ ᠪᠢ ᠶᠠᠭᠤ ᠴᠦ ᠬᠦᠰᠡᠬᠦ ᠦᠭᠡᠢ᠂ ᠵᠦᠪᠭᠡᠨ ᠲᠡᠷᠡ ᠭᠡᠳᠦᠨ ᠡᠳᠦᠷ ᠤᠯᠠᠭᠠᠨᠪᠠᠭᠠᠳᠤᠷ ᠬᠤᠳᠠ ᠳᠤ ᠪᠠᠶᠢᠵᠦ᠂ ᠠᠭᠤᠳᠠᠮ ᠲᠠᠯᠠᠪᠠᠢ ᠳᠤ ᠪᠠᠶᠢᠭ᠎ᠠ ᠲᠡᠯᠡᠭᠡᠢ ᠶᠢᠨ ᠡᠯ᠎ᠠ ᠭᠠᠵᠠᠷ ᠤᠷᠤᠨ ᠠᠴᠠ ᠢᠷᠡᠭᠰᠡᠡ ᠬᠦᠮᠦᠰ ᠤᠨ ᠲᠤᠮᠳᠠ ᠪᠠᠶᠢᠪᠡᠯ ᠪᠤᠯᠴᠢᠬᠠᠨ᠎ᠠ᠃         ᠮᠢᠩᠭᠠᠨ ᠤᠨ ᠳᠤ ᠲᠤᠬᠢᠶᠠᠯᠳᠤᠬᠤᠶ᠎ᠠ ᠪᠡᠷᠭᠡ ᠭᠡᠳᠡᠭ ᠨᠢ ᠡᠭᠦᠨ ᠢ ᠭᠡᠯᠡᠵᠦ ᠪᠠᠶᠢᠭ᠎ᠠ ᠭᠡᠯᠳᠠᠢ᠃                   ᠡᠶᠢᠮᠦ ᠠᠴᠠ ᠪᠢ ᠭᠤᠷᠪᠠᠨ ᠰᠠᠷ᠎ᠠ ᠶᠢᠨ ᠡᠮᠦᠨ᠎ᠠ ᠮᠤᠩᠭᠤᠯ ᠤᠯᠤᠰ ᠲᠠᠭᠠᠨ ᠬᠠᠷᠢᠬᠰᠠᠠ ᠴᠢᠮᠡᠭ ᠢᠶᠠᠷ ᠤᠯᠠᠭᠠᠨᠪᠠᠭᠠᠳᠤᠷ ᠲᠤ ᠵᠤᠴᠢᠳ ᠤᠨ ᠪᠠᠭᠤᠳᠠᠯ ᠵᠠᠬᠢᠶᠠᠯᠠᠭᠤᠯᠵᠦ ᠬᠤᠢ ᠵᠦ ᠪᠠᠷ ᠭᠠᠷ ᠬᠦᠢᠴᠡᠳᠬᠡᠯ ᠬᠢᠯᠭᠡᠭᠰᠠᠡ᠂ ᠲᠠᠬᠢᠪᠠᠯ ᠪᠠᠰᠠ ᠠᠯᠢ ᠡᠷᠲᠡ ᠨᠢᠰᠭᠡᠯ ᠤᠨ ᠪᠢᠯᠧᠲ ᠤᠷᠢᠳᠴᠢᠯᠡᠨ ᠠᠪᠤᠭᠤᠯᠤᠭᠠᠳ ᠰᠦ᠋ ᠶᠢᠩ ᠲᠠᠢ ᠡᠨᠡ ᠤᠳᠠᠭ᠎ᠠ ᠬᠠᠮᠳᠦ ᠠᠶᠠᠯᠠᠬᠤ ᠪᠠᠷ ᠲᠤᠬᠳᠠᠯ᠎ᠠ᠃                   ᠡᠨᠡ ᠤᠳᠠᠭ᠎ᠠ ᠪᠢ ᠰᠦ᠋ ᠶᠢᠩ ᠲᠠᠢ ᠺᠤᠷᠢᠶᠠ ᠶᠢᠨ ᠵᠢᠱᠢᠶᠠᠨ ᠤ ᠨᠢᠰᠭᠡᠯ ᠳᠤ ᠰᠠᠭᠤᠵᠦ ᠲᠠᠶᠢᠪᠸᠢ ᠠᠴᠠ ᠰᠸᠦ᠋ᠯ ᠬᠦᠷᠴᠦ᠂ ᠷᠧᠨ ᠴᠤᠸᠠᠨ ᠨᠢᠰᠭᠡᠯ ᠤᠨ ᠪᠠᠭᠤᠳᠠᠯ ᠳᠤ ᠭᠡᠳᠦᠨ ᠴᠠᠬ ᠬᠦᠯᠢᠶᠡᠭᠰᠡᠡ ᠤ ᠲᠠᠷᠠᠭ᠎ᠠ ᠲᠠᠬᠢᠨ ᠤᠯᠠᠭᠠᠨᠪᠠᠭᠠᠳᠤᠷ ᠲᠡᠰᠢ ᠨᠢᠰᠦᠨ᠎ᠠ᠃ ᠲᠤᠰ ᠡᠳᠦᠷ ᠲᠡᠭᠡᠨ ᠬᠦᠷᠦᠨ᠎ᠠ ᠭᠡᠵᠦ ᠭᠡᠯᠡᠬᠦ ᠪᠤᠯᠪᠠᠴᠦ ᠤᠯᠠᠭᠠᠨᠪᠠᠭᠠᠳᠤᠷ ᠲᠤ ᠨᠢᠰᠭᠡᠯ ᠠᠴᠠ ᠪᠠᠭᠤᠳᠠᠯ᠎ᠠ ᠨᠢᠭᠡᠨᠲᠡ ᠰᠦᠨᠢ ᠶᠢᠨ 11 ᠴᠠᠬ ᠦᠩᠭᠡᠷᠡᠴᠢᠬᠡᠭᠰᠡᠠ ᠪᠠᠶᠢᠪᠠ᠃                 ᠮᠤᠩᠭᠤᠯ ᠳᠤ ᠬᠠᠷᠢᠵᠦ ᠵᠤᠨ ᠤ ᠠᠮᠠᠷᠠᠯᠳᠠ ᠠᠪᠬᠤ ᠪᠠᠷ ᠢᠷᠡᠭᠰᠡᠡ ᠴᠠᠰᠤᠨᠴᠤᠯᠮᠤᠨ ᠨᠢᠭᠡ ᠵᠠᠯᠠᠭᠤ ᠲᠠᠢ ᠪᠢᠳᠡᠨ ᠢ ᠬᠦᠯᠢᠶᠡᠵᠦ ᠪᠠᠶᠢᠪᠠ᠃ ᠬᠢᠯᠢ ᠪᠠᠷ ᠤᠷᠤᠬᠤ ᠭᠠᠷᠳᠠᠮ ᠬᠢᠵᠦ ᠪᠠᠷᠠᠬᠰᠠᠠ ᠤ ᠲᠠᠷᠠᠭ᠎ᠠ ᠨᠢᠰᠭᠡᠯ ᠤᠨ ᠪᠠᠭᠤᠳᠠᠯ  ᠠᠴᠠ ᠭᠠᠷᠤᠮᠠᠬᠴᠠ ᠡᠪᠡᠰᠦᠨ ᠤ ᠦᠨᠦᠷ ᠬᠠᠩᠬᠤᠯᠤᠬᠰᠠᠠ ᠳᠤ ᠪᠢ᠄ ︽ᠡᠪᠡᠰᠦᠨ ᠤ ᠦᠨᠦᠷ᠂ ᠡᠪᠡᠰᠦᠨ ᠤ ᠦᠨᠦᠷ ᠡ︕︾ ᠭᠡᠵᠦ ᠲᠡᠰᠭᠡᠯ ᠦᠭᠡᠢ ᠪᠠᠷᠬᠢᠷᠠᠯ᠎ᠠ᠃                 ᠶᠠᠮᠠᠷ ᠰᠠᠶᠢᠬᠠᠨ   ᠰᠠᠨᠠᠭᠳᠠᠬᠤ ᠶᠤᠮ   ᠪᠤᠢ᠂ ᠰᠦᠨᠢ ᠶᠢᠨ ᠬᠦᠨ ᠤ ᠨᠢᠰᠭᠡᠯ ᠤᠨ ᠲᠠᠯᠠᠪᠠᠢ ᠡᠪᠡᠰᠦᠨ ᠤ ᠦᠨᠦᠷ ᠢᠶᠠᠷ ᠳᠦᠬᠦᠷᠡᠩ᠃ ᠡᠶᠢᠮᠦ ᠦᠨᠦᠷ ᠨᠢ ᠵᠦᠪᠭᠡᠨ ᠮᠤᠩᠭᠤᠯ ᠤᠨ ᠦᠨᠳᠦᠷᠯᠢᠭ ᠲᠤ ᠯᠠ ᠪᠠᠶᠢᠳᠠᠬ᠃                                                             ︵ᠦᠷᠭᠦᠯᠵᠢᠯᠡᠯ ᠪᠤᠢ︶                         ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号