ᠰᠢ᠊ ·  ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠬᠤᠶᠠᠷ︶
ᠨᠡᠶᠢᠲᠡᠯᠡᠭᠰᠡᠨ ᠴᠠᠭ᠄
2016/4/14
      8 ᠤ ᠡᠳᠦᠷ ︵ᠭᠠᠷᠠᠬ ᠤᠨ ᠵᠢᠷᠭᠤᠭᠠᠨ᠂ ᠲᠤᠩᠭᠠᠯᠠᠭ᠂ ᠵᠢᠷᠪᠢᠰᠬᠢᠨ ᠪᠤᠷᠤᠭᠠᠨ ᠲᠠᠢ︶                ᠦᠴᠦᠭᠡᠳᠦᠷ ᠤᠷᠤᠢ᠂ ᠨᠢᠰᠭᠡᠯ 11 ᠴᠠᠬ 15 ᠮᠢᠨᠦ᠋ᠲ ᠤᠨ ᠠᠯᠳᠠ ᠪᠠᠷ ᠤᠯᠠᠭᠠᠨᠪᠠᠭᠠᠳᠤᠷ ᠲᠤ ᠬᠦᠷᠦᠭᠰᠡᠡ ᠳᠤ ᠴᠠᠰᠤᠨᠴᠤᠯᠮᠤᠨ ᠨᠠᠶᠢᠵᠠ ᠬᠤᠤᠰᠪᠠᠶᠠᠷ ᠠᠪᠤᠭᠠᠢ ᠲᠠᠢ ᠨᠢᠰᠭᠡᠯ ᠢ ᠲᠤᠰᠴᠦ ᠪᠠᠶᠢᠪᠠ᠃ ᠬᠤᠳᠠ ᠶᠢᠨ ᠲᠤᠭᠤᠷᠢᠭ ᠤᠨ ᠨᠢᠭᠡ ᠦᠨᠴᠦᠭ ᠤᠨ ︽ᠲᠠᠶᠢᠸᠠᠨ ᠬᠤᠢ ᠭᠤᠸᠠᠨ︾ ᠳᠤ ᠰᠠᠭᠤᠪᠠ᠂ ᠮᠤᠩᠭᠤᠯ ᠢᠶᠠᠷ ︽ᠲᠠᠶᠢᠸᠠᠨ ᠤ ᠲᠦᠪ︾ ᠭᠡᠰᠡᠡ ᠤᠳᠬ᠎ᠠ ᠲᠠᠢ᠃         ᠬᠤᠤᠰᠪᠠᠶᠠᠷ ᠠᠪᠤᠭᠠᠢ ᠦᠴᠦᠭᠡᠳᠦᠷ ᠦᠳᠡ ᠶᠢᠨ ᠬᠤᠶᠢᠨ᠎ᠠ ᠪᠤᠷᠤᠭᠠᠨ ᠤᠷᠤᠯ᠎ᠠ ᠭᠡᠵᠦ ᠭᠡᠯᠡᠵᠠᠢ᠂ ᠦᠵᠡᠬᠦ ᠳᠤ ᠶᠡᠭᠡ ᠪᠤᠷᠤᠭᠠᠨ ᠤᠷᠤᠬᠰᠠᠠ ᠪᠠᠶᠢᠳᠠᠯ ᠲᠠᠢ ᠵᠠᠮ ᠤᠨ ᠬᠠᠵᠠᠭᠤ ᠳᠠᠬᠢ ᠬᠤᠳᠤᠭᠤᠷ ᠪᠤᠯᠤᠨ ᠨᠦᠭᠡᠨ ᠤ ᠤᠰᠦ ᠲᠠᠳᠠᠷᠠᠭᠠᠳᠦᠢ ᠪᠠᠶᠢᠬᠰᠠᠭᠠᠷ᠃           ᠲᠠᠶᠢᠸᠠᠨ ᠬᠤᠢ ᠭᠤᠸᠠᠨ ᠤ ᠤᠷᠤᠨ ᠰᠠᠭᠤᠴᠠ ᠠᠭᠤᠵᠢᠮ ᠳᠤ ᠲᠤᠭᠠᠴᠠᠬᠳᠠᠨ᠎ᠠ᠂ ᠲᠦᠭᠦᠭᠡᠷᠦᠮᠵᠢ ᠨᠢ ᠬᠠᠭᠤᠴᠢᠷᠠᠬᠰᠠᠠ ᠪᠤᠯᠪᠠᠴᠦ ᠵᠤᠷᠯᠤᠩ᠂ ᠤᠬᠢᠶᠠᠯᠭ᠎ᠠ ᠶᠢᠨ ᠭᠠᠵᠠᠷ ᠲᠠᠢ ᠪᠠᠷ ᠪᠠᠷᠠᠬᠤ ᠦᠭᠡᠢ ᠪᠦᠬᠦᠯᠢ ᠡᠳᠦᠷ ᠲᠤ ᠬᠠᠯᠠᠭᠤᠨ ᠤᠰᠦ ᠬᠠᠩᠭᠠᠨ᠎ᠠ᠃ ᠪᠢ ᠬᠤᠷᠳᠤᠬᠠᠨ ᠪᠡᠶ᠎ᠠ ᠪᠠᠨ ᠤᠬᠢᠶᠠᠵᠦ ᠪᠠᠷᠠᠮᠠᠭᠴᠠ ᠤᠨᠳᠠᠬᠰᠠᠠ᠃         ᠡᠨᠡ ᠡᠳᠦᠷ ᠤᠨ 9 ᠴᠠᠬ ᠲᠤ ᠦᠷᠯᠦᠭᠡ ᠶᠢᠨ ᠬᠤᠭᠤᠯᠠ ᠢᠳᠡᠬᠦ ᠪᠠᠷ ᠪᠠᠭᠤᠬᠰᠠᠠ ᠳᠤ ᠭᠡᠳᠦᠨ ᠲᠤᠮᠦ ᠲᠤᠭᠤᠷᠢᠬ ᠰᠢᠷᠡᠭᠡ ᠬᠠᠷᠠᠬᠳᠠᠬᠤ ᠪᠠᠷ ᠨᠢ ᠤᠴᠢᠬᠤ ᠳᠤ ᠬᠠᠷᠢᠨ ᠰᠢᠩᠭᠡᠨ ᠪᠤᠳᠠᠭ᠎ᠠ ᠲᠠᠢ ᠲᠠᠶᠢᠸᠠᠨ ᠤ ᠮᠠᠶ᠋ᠢᠬ ᠤᠨ ᠡᠷᠳᠡ ᠶᠢᠨ ᠬᠤᠭᠤᠯᠠ ᠪᠠᠵᠠᠭᠠᠵᠦ ᠲᠠᠯᠪᠢᠬᠰᠠᠠ ᠪᠠᠶᠢᠯ᠎ᠠ᠃         ᠸᠧᠢ ᠲᠠᠢ ᠶᠢᠩ ᠠᠪᠠᠭᠠᠢ ᠲᠠᠢ ᠵᠤᠯᠭᠠᠭᠠᠳ ᠲᠡᠷᠡ ᠮᠠᠨ ᠳᠤ ᠮᠠᠰᠢ ᠤᠯᠠᠨ ᠬᠠᠮᠢᠭ᠎ᠠ ᠪᠦᠬᠦᠢ ᠰᠤᠷᠠᠬ ᠴᠢᠮᠡᠭᠡ ᠬᠠᠩᠭᠠᠵᠦ ᠦᠭᠴᠠᠢ᠃             ᠡᠨᠡ ᠲᠠᠶᠢᠸᠠᠨ ᠬᠤᠢ ᠭᠤᠸᠠᠨ ᠨᠢ ᠲᠠᠪᠤᠨ ᠲᠠᠪᠬᠤᠷ ᠠᠰᠠᠷ᠂ ᠬᠠᠷᠢᠨ ᠮᠠᠨ ᠤ ᠲᠠᠶᠢᠸᠠᠨ ᠬᠦᠮᠦᠨ ᠤ ᠡᠵᠡᠩᠨᠡᠵᠦ ᠪᠠᠶᠢᠭ᠎ᠠ ᠠᠵᠦ ᠦᠢᠯᠡᠰ ᠭᠡᠨ᠎ᠠ᠃ ᠬᠤᠶᠠᠳᠤᠭᠠᠷ ᠲᠠᠪᠬᠤᠷᠯᠢᠬ ᠲᠤᠨᠢ ᠠᠯᠪᠠᠯᠠᠵᠦ ᠪᠠᠶᠢᠬᠤ ᠠᠴᠠ ᠪᠤᠰᠤᠳ  ᠨᠢ ᠪᠦᠷ ᠵᠤᠴᠢᠳ ᠤᠨ ᠦᠷᠦᠭᠡ ᠪᠤᠯᠭᠠᠵᠦ᠂  ᠲᠤᠰᠬᠠᠢ ᠬᠦᠮᠦᠨ ᠬᠠᠮᠢᠶᠠᠳᠠᠵᠦ ᠴᠡᠪᠡᠷᠯᠡᠵᠦ ᠪᠤᠢ᠂ ᠠᠰᠠᠷ ᠤᠨ ᠲᠤᠤᠷᠠᠬᠢ ᠦᠢᠯᠡᠴᠢᠯᠡᠬᠦ ᠲᠠᠪᠴᠠᠩ ᠳᠤ ᠪᠠᠶᠢᠭ᠎ᠠ ᠨᠢ ᠮᠤᠩᠭᠤᠯ ᠭᠡᠤᠭᠡᠨ ᠪᠤᠯᠪᠠᠴᠦ ᠬᠢᠳᠡᠳ ᠦᠭᠡ ᠮᠡᠳᠡᠳᠡᠭ᠃           ᠦᠨᠡᠨ ᠠᠱᠢᠳᠠᠢ︕ ᠲᠦᠮᠡᠨ ᠭᠠᠵᠠᠷ ᠤᠨ ᠬᠤᠯᠠ ᠮᠤᠩᠭᠤᠯ ᠤᠯᠤᠰ ᠲᠤ ᠢᠷᠡᠭᠡᠳ ᠪᠦᠬᠦ ᠵᠤᠴᠢᠳ ᠤᠨ ᠪᠠᠭᠤᠳᠠᠯ ᠢᠶᠠᠷ ᠢᠶᠠᠨ ᠲᠠᠶᠢᠸᠠᠨ ᠬᠦᠮᠦᠨ ᠲᠠᠢ ᠲᠠᠭᠠᠷᠠᠯᠳᠤᠯ᠎ᠠ᠃ ᠲᠡᠭᠡᠭᠦ ᠮᠦᠷᠳᠡᠭᠡᠨ ᠡᠷᠳᠡ ᠶᠢᠨ ᠬᠤᠭᠤᠯᠠ ᠲᠡᠭᠡᠷ᠎ᠠ ᠪᠠᠰᠠ ᠰᠢᠩᠭᠡᠨ ᠪᠤᠳᠠᠭ᠎ᠠ᠂ ᠲᠠᠪᠤᠰᠤᠯᠠᠬᠰᠠᠠ ᠬᠠᠶᠢᠳᠠᠢ ᠨᠤᠭᠤᠭ᠎ᠠ᠂ ᠪᠤᠷᠴᠠ ᠶᠢᠨ ᠨᠤᠨᠳᠠᠬ᠂ ᠴᠤᠬᠤᠢᠢᠳᠠᠬᠰᠠᠠ ᠦᠨᠳᠡᠭᠡ᠂ ᠲᠠᠪᠤᠰᠤᠯᠠᠬᠰᠠᠠ ᠨᠤᠭᠤᠰᠤᠨ ᠦᠨᠳᠡᠭᠡ ᠵᠡᠷᠭᠡ ᠁ ᠪᠤᠢ᠃         ᠪᠦᠳᠦᠨ ᠨᠢᠭᠡ ᠦᠳᠡ ᠶᠢᠨ ᠬᠤᠶᠢᠨ᠎ᠠ ᠴᠢᠮᠡᠭ ᠮᠠᠨ ᠢ ᠲᠠᠭᠠᠭᠤᠯᠤᠨ ᠭᠠᠳᠠᠭᠠᠳᠦ ᠶᠠᠪᠤᠳᠠᠯ ᠤᠨ ᠶᠠᠮᠤᠨ ᠬᠢᠭᠡᠳ ᠬᠤᠳᠠ ᠶᠢᠨ ᠵᠠᠰᠠᠬ ᠤᠨ ᠤᠷᠳᠤᠨ ᠤ ᠬᠤᠭᠤᠷᠤᠨᠳᠦ ᠨᠠᠰᠢ ᠴᠠᠰᠢ ᠬᠦᠶᠦᠯ᠎ᠠ᠂ ᠤᠴᠢᠷ ᠨᠢ ᠪᠢ ᠨᠢᠭᠡ ᠰᠤᠷᠪᠤᠯᠵᠢᠯᠠᠬᠴᠢ ᠶᠢᠨ ᠦᠨᠡᠮᠯᠡᠯ ᠤᠯᠵᠦ ᠪᠡᠯᠭᠡᠯᠡᠬᠦ ᠶᠤᠰᠤᠯᠠᠯ ᠲᠡᠭᠡᠷ᠎ᠠ ᠰᠡᠭᠦᠳᠡᠷ ᠠᠪᠤᠶ᠎ᠠ ᠭᠡᠵᠦ ᠪᠤᠳᠤᠬᠰᠠᠠ᠃       ᠡᠨᠡ ᠡᠳᠦᠷ ᠭᠡᠳᠦ᠋ᠢᠪᠡᠷ ᠭᠠᠷᠠᠬ ᠤᠨ ᠵᠢᠷᠭᠤᠭᠠᠨ ᠪᠠᠶᠢᠬᠰᠠᠠ ᠴᠦ ᠤᠯᠤᠰ ᠤᠨ ᠪᠠᠶᠠᠷ ᠪᠤᠯᠬᠤ ᠭᠡᠵᠦ ᠪᠠᠶᠢᠬᠤ ᠶᠢᠨ ᠬᠠᠷᠠᠭ᠎ᠠ ᠪᠠᠷ ᠵᠠᠰᠠᠬ ᠤᠨ ᠤᠷᠳᠤᠨ ᠤ ᠪᠤᠢ ᠪᠦᠬᠦᠢ ᠪᠠᠶᠢᠭᠤᠯᠤᠮᠵᠢ ᠪᠦᠷ ᠠᠵᠢᠯᠯᠠᠵᠦ ᠪᠠᠶᠢᠨ᠎ᠠ᠃         ᠭᠡᠳᠡᠯ᠎ᠠ ᠵᠠᠮ ᠬᠠᠷᠢᠯᠴᠠᠭ᠎ᠠ ᠮᠦᠨ ᠠᠰᠠᠭᠤᠳᠠᠯ ᠪᠤᠯᠪᠠ᠃          1998 ᠤᠨ ᠠᠴᠠ ᠬᠤᠶᠢᠰᠢ ᠪᠢ ᠲᠤᠯᠤᠭᠠᠨ ᠵᠢᠯ ᠮᠤᠩᠭᠤᠯ ᠳᠤ ᠢᠷᠡᠭᠡᠳᠦᠢ᠂ ᠤᠯᠠᠭᠠᠨᠪᠠᠭᠠᠳᠤᠷ ᠬᠤᠳᠠ ᠲᠤᠭᠤᠷᠢᠭ ᠲᠤ ᠡᠶᠢᠮᠦ ᠤᠯᠠᠨ ᠲᠡᠷᠭᠡ ᠬᠦᠰᠭᠡ ᠲᠠᠢ ᠪᠤᠯᠵᠦ ᠵᠠᠮ ᠲᠦᠭᠵᠢᠷᠡᠭᠡᠳ ᠶᠠᠪᠤᠬᠤ ᠶᠢᠨ ᠠᠷᠭ᠎ᠠ ᠦᠭᠡᠢ ᠪᠤᠯᠤᠬᠰᠠᠠ ᠢ ᠶᠠᠬ ᠰᠠᠨᠠᠵᠦ ᠤᠯᠤᠬᠰᠠᠠ ᠦᠭᠡᠢ᠂ ᠴᠢᠮᠡᠭ ᠠᠷᠭ᠎ᠠ ᠪᠤᠰᠦ ᠦᠪᠡᠷ ᠤᠨ ᠦᠶᠡᠯᠢᠳ ᠦᠬᠢᠨ ᠲᠡᠭᠦᠦ ᠤᠶᠤᠨ᠎ᠠ ᠳᠠᠭᠠᠨ ᠤᠳᠠᠰᠤᠳᠠᠯ᠎ᠠ᠂ ᠲᠡᠭᠡᠭᠡᠳ ᠲᠡᠮᠡᠢ ᠤᠳᠠᠬᠰᠠᠠ ᠦᠭᠡᠢ ᠤᠶᠤᠨ᠎ᠠ ᠨᠢᠰᠬᠦ ᠮᠡᠳᠦ ᠲᠦᠷᠭᠡᠨ ᠲᠡᠷᠭᠡ  ᠪᠠᠨ ᠲᠠᠪᠬᠢᠭᠤᠯᠤᠨ ᠢᠷᠡᠭᠰᠡᠡ ᠠᠴᠠ ᠮᠠᠨ ᠤ ᠬᠦᠴᠢᠷᠳᠡᠯ ᠰᠠᠶᠢ ᠰᠢᠢᠳᠪᠦᠷᠢᠯᠡᠭᠳᠡᠵᠠᠢ᠃              ᠭᠠᠳᠠᠭᠠᠳᠦ ᠶᠠᠪᠤᠳᠠᠯ ᠤᠨ ᠶᠠᠮᠤᠨ ᠳᠤ ᠡᠯ᠎ᠠ ᠤᠯᠤᠰ ᠤᠨ ᠰᠤᠷᠪᠤᠯᠵᠢᠯᠠᠬᠴᠢ ᠳᠤ ᠲᠤᠰᠬᠠᠢᠢᠯᠠᠨ ᠬᠦᠰᠦᠨᠦᠭ ᠭᠠᠷᠭᠠᠬᠤ ᠠᠴᠠ ᠡᠮᠦᠨ᠎ᠠ᠂ ᠪᠢ ᠲᠡᠭᠦᠨ ᠳᠤ ᠵᠤᠷᠢᠭᠤᠯᠤᠬᠰᠠᠠ ᠰᠡᠳᠭᠦᠯ — ︽ᠰᠦᠯᠵᠢᠶ᠎ᠠ ᠶᠢᠨ ᠵᠠᠮ ᠬᠢᠭᠡᠳ ᠨᠤᠮ︾ ᠢ ᠲᠦᠳᠡᠭᠡᠯᠵᠡᠯ ᠦᠭᠡᠢ ᠲᠠᠬᠯᠠᠪᠠ᠃           ᠭᠡᠯᠡᠪᠡᠯ ᠪᠠᠰᠠ ᠬᠠᠴᠢᠨ ᠶᠤᠮ ᠭᠡᠯᠳᠠᠢ᠂ ︽ᠲᠡᠭᠷᠢ ᠶᠢᠨ ᠲᠤᠤᠷ᠎ᠠ ᠰᠡᠳᠭᠦᠯ︾ ᠤᠨ 25 ᠵᠢᠯ ᠤᠨ ᠤᠢ ᠶᠢᠨ ᠪᠡᠯᠭᠡᠯᠡᠬᠦ ᠶᠤᠰᠤᠯᠠᠯ ᠲᠡᠭᠡᠷ᠎ᠠ᠂ ᠪᠢ ᠬᠤᠤ ᠮᠢᠩ ᠢ ᠠᠪᠤᠭᠠᠢ ᠲᠠᠢ ᠠᠭᠤᠯᠵᠠᠪᠠ᠂ ᠲᠡᠷᠡ ᠨᠡᠳᠡ ᠠᠴᠠ ᠤᠢᠢᠷ᠎ᠠ ᠳᠤ ᠶᠠᠮᠠᠷ ᠲᠦᠯᠦᠪᠯᠡᠭᠡ ᠲᠠᠢ ᠪᠤᠢ ᠭᠡᠵᠦ ᠠᠰᠠᠭᠤᠬᠰᠠᠠ ᠳᠤ ᠪᠢ ᠲᠡᠰᠦᠭᠰᠡᠡ ᠦᠭᠡᠢ ᠮᠤᠩᠭᠤᠯ ᠳᠤ ᠤᠴᠢᠵᠦ 800 ᠵᠢᠯ ᠤᠨ ᠪᠡᠯᠭᠡᠯᠡᠬᠦ ᠶᠤᠰᠤᠯᠠᠯ ᠳᠤ ᠤᠷᠤᠯᠴᠠᠨ᠎ᠠ ᠭᠡᠵᠦ ᠬᠠᠷᠢᠭᠤᠯᠵᠠᠢ᠃ ᠲᠡᠮᠡᠢ ᠤᠳᠠᠬᠰᠠᠠ ᠦᠭᠡᠢ᠂ ︽ᠰᠦᠯᠵᠢᠶ᠎ᠠ ᠶᠢᠨ ᠵᠠᠮ ᠬᠢᠭᠡᠳ ᠨᠤᠮ︾ ᠤᠨ ᠨᠠᠶᠢᠷᠠᠭᠤᠯᠤᠬᠴᠢ ᠨᠠᠳᠠ ᠲᠠᠢ ᠬᠠᠷᠢᠴᠠᠵᠦ᠂ ᠨᠠᠳᠠ ᠪᠠᠷ ᠮᠡᠳᠡᠭᠡᠯᠡᠭᠦᠯᠬᠦ  ᠪᠠᠷ ᠭᠡᠯᠡᠯᠴᠡᠨ ᠲᠤᠬᠳᠠᠬᠰᠠᠠ ᠠᠴᠠ ᠪᠢ ᠲᠤᠰᠬᠠᠢ ᠰᠤᠷᠪᠤᠯᠵᠢᠯᠠᠭ᠎ᠠ ᠬᠢᠬᠦ ᠡᠷᠭᠡ ᠲᠠᠢ ᠪᠤᠯᠤᠬᠰᠠᠠ᠃       ᠴᠢᠮᠡᠭ ᠲᠤ ᠦᠨᠡᠨ ᠲᠠᠯᠠᠷᠬᠠᠬᠤ ᠶᠤᠰᠤᠳᠠᠢ᠂ ᠨᠠᠳᠠᠳᠦ ᠲᠡᠷᠠ ᠰᠤᠷᠪᠤᠯᠵᠢᠯᠠᠬᠴᠢ ᠶᠢᠨ ᠦᠨᠡᠮᠯᠡᠯ ᠤᠯᠵᠦ ᠦᠭᠭᠦᠭᠰᠡᠡ ᠦᠭᠡᠢ ᠪᠤᠯ ᠪᠢ ᠡᠨᠡ ᠤᠳᠠᠭ᠎ᠠ ᠶᠢᠨ ᠠᠵᠢᠯᠯᠠᠭ᠎ᠠ ᠶᠢᠨ ᠪᠠᠶᠢᠳᠠᠯ ᠢ ᠲᠡᠶᠢᠮᠦ ᠤᠢᠢᠷ᠎ᠠ ᠵᠠᠢ ᠠᠴᠠ ᠦᠨᠡᠨ ᠮᠦᠨ ᠢᠶᠠᠷ ᠨᠢ ᠰᠡᠭᠦᠳᠡᠷᠯᠡᠵᠦ ᠴᠢᠳᠠᠬᠤ ᠦᠭᠡᠢ ᠶᠤᠮ᠃ ᠦᠨᠡᠡ ᠵᠢᠷᠦᠭᠡᠨ ᠠᠴᠠ ᠪᠠᠨ ᠲᠠᠯᠠᠷᠬᠠᠵᠦ ᠪᠠᠶᠢᠨ᠎ᠠ︕           ᠰᠤᠷᠪᠤᠯᠵᠢᠯᠠᠬᠴᠢ ᠶᠢᠨ ᠦᠨᠡᠮᠯᠡᠯ ᠢᠶᠠᠨ ᠠᠪᠬᠤ ᠶᠢᠨ ᠲᠠᠭᠠᠤ ᠪᠢ ᠪᠠᠰᠠ ᠪᠢᠴᠢᠭ ᠮᠠᠲ᠋ᠧᠷᠢᠶᠠᠯ ᠬᠢᠭᠰᠡᠡ ᠨᠢᠭᠡᠨ ᠤᠭᠤᠳᠠ ᠭᠠᠷᠳᠠᠨ ᠠᠪᠤᠯ᠎ᠠ᠂ ᠲᠤᠳᠤᠷ᠎ᠠ ᠨᠢ ᠲᠤᠭᠤᠷᠢᠨ ᠵᠤᠭᠠᠴᠠᠬᠤ ᠭᠠᠵᠠᠷ ᠤᠨ ᠵᠢᠷᠤᠬ ᠵᠢᠴᠢ ᠲᠦᠭᠦᠮ ᠲᠠᠨᠢᠯᠴᠠᠭᠤᠯᠭ᠎ᠠ ᠪᠠᠶᠢᠪᠠ᠃ ᠡᠭᠦᠨ ᠤ ᠲᠤᠳᠤᠷ᠎ᠠ ᠪᠠᠰᠠ 20 ᠨᠢᠭᠤᠷ ᠲᠠᠢ ᠡᠨᠡ ᠤᠳᠠᠭ᠎ᠠ ᠶᠢᠨ ᠶᠡᠭᠡ ᠴᠤᠭᠯᠭᠠᠠᠨ ᠤ ᠫᠷᠦᠭᠷᠡᠮ ᠤᠨ ᠬᠠᠭᠤᠳᠠᠰᠦ ᠪᠠᠶᠢᠪᠠ᠂ ᠨᠢᠭᠤᠷ ᠤᠨ ᠬᠠᠪᠢᠰᠦᠨ ᠤ ᠲᠤᠳᠤᠷ᠎ᠠ ᠲᠠᠯ᠎ᠠ ᠶᠢᠨ ᠨᠢᠭᠤᠷ ᠤᠨ ᠲᠡᠭᠡᠷ᠎ᠠ ᠲᠠᠯ᠎ᠠ ᠳᠤ ᠬᠦᠭᠡ ᠤᠬᠳᠠᠷᠭᠤᠢ ᠬᠦᠪᠦᠩ ᠴᠠᠭᠠᠨ ᠡᠭᠦᠯᠡᠨ ᠤ ᠲᠤᠤᠷ᠎ᠠ ᠰᠠᠯᠬᠢᠨ ᠤ ᠠᠶ᠎ᠠ ᠶᠢ ᠲᠠᠭᠠᠨ ᠲᠡᠷᠪᠡᠯᠵᠨᠨ ᠬᠡᠶᠢᠰᠴᠦ ᠪᠠᠶᠢᠭ᠎ᠠ ᠴᠠᠭᠠᠨ ᠰᠦᠯᠳᠡ ᠶᠢᠨ ᠰᠡᠭᠦᠳᠡᠷ ᠪᠠᠶᠢᠬᠤ ᠶᠢ ᠬᠠᠷᠠᠭᠠᠳ ᠨᠠᠳᠠᠳᠦ ᠤᠨᠴᠠ ᠬᠠᠯᠠᠭᠤᠬᠠᠨ ᠰᠠᠨᠠᠬᠳᠠᠯ᠎ᠠ᠂ ᠲᠡᠷᠡ ᠨᠢ ᠮᠢᠨᠦ 1991 ᠤᠨ ᠳᠤ ᠰᠡᠭᠦᠳᠡᠷᠯᠡᠵᠦ ᠠᠪᠤᠬᠰᠠᠠ ᠴᠠᠭᠠᠨ ᠰᠦᠯᠳᠡ ᠶᠢᠨ ᠵᠢᠷᠤᠬ ᠲᠠᠢ ᠠᠳᠠᠯᠢ ᠪᠠᠶᠢᠪᠠ᠃       ᠦᠨᠡᠨ ᠳᠡᠭᠡᠨ ᠶᠠᠳᠠᠷᠠᠬᠤ ᠶᠢᠨ ᠲᠦᠢᠯ ᠳᠤ ᠲᠤᠯᠵᠠᠢ᠂ ᠭᠡᠶ᠎ᠠ ᠦᠳᠡ ᠶᠢᠨ ᠬᠤᠶᠢᠨᠠᠬᠢ ᠵᠢᠷᠭᠤᠭᠠᠨ ᠴᠠᠬ ᠲᠤ ᠴᠠᠰᠤᠨᠴᠤᠯᠮᠤᠨ ᠲᠠᠢ ᠬᠠᠮᠳᠦ ᠮᠤᠩᠭᠤᠯ ᠤᠷᠠᠯᠢᠭ ᠬᠢᠭᠡᠳ ᠰᠤᠶᠤᠯ ᠤᠨ ᠶᠡᠭᠡ ᠰᠤᠷᠭᠠᠭᠤᠯᠢ ᠶᠢᠨ ᠵᠠᠬᠢᠷᠤᠯ ᠴᠡᠳᠦᠪ ᠠᠪᠤᠭᠠᠢ ᠶᠢ ᠰᠤᠷᠪᠤᠯᠵᠢᠯᠠᠨ᠎ᠠ ᠭᠡᠵᠦ ᠪᠤᠯᠵᠤᠨ ᠲᠤᠬᠳᠠᠬᠰᠠᠠ ᠪᠤᠯᠬᠤᠷ ᠴᠠᠬ ᠲᠠᠭᠠᠨ ᠬᠦᠷᠬᠦ ᠪᠠᠷ ᠲᠡᠮᠡᠤᠯᠵᠠᠢ᠃           ᠰᠤᠷᠭᠠᠭᠤᠯᠢ ᠶᠢᠨ ᠵᠠᠬᠢᠷᠤᠯ ᠰᠢᠯᠦᠭ᠂ ᠨᠠᠶᠢᠷᠠᠭᠤᠯᠤᠯ᠂ ᠵᠢᠭᠤᠯᠴᠢᠯᠠᠯ ᠤᠨ ᠲᠡᠮᠳᠡᠭᠯᠡᠯ ᠪᠢᠴᠢᠳᠡᠭ ᠢᠶᠠᠷ ᠪᠠᠷᠠᠬᠤ ᠦᠭᠡᠢ᠂ ᠲᠡᠷᠡ ᠮᠦᠨ ᠴᠦ ᠨᠢᠭᠡᠨ ᠤᠳᠬ᠎ᠠ ᠵᠤᠬᠢᠶᠠᠯ ᠤᠨ ᠰᠢᠭᠦᠮᠵᠢᠯᠡᠭᠴᠢ ᠪᠤᠯᠤᠨ ᠰᠤᠳᠤᠯᠤᠬᠴᠢ ︵ᠡᠷᠳᠡ ᠦᠶ᠎ᠠ ᠳᠡᠭᠡᠨ ᠠᠵᠢᠯ ᠤᠨ ᠬᠠᠷᠢᠴᠠᠭ᠎ᠠ ᠠᠴᠠ ᠪᠤᠯᠵᠦ ᠮᠤᠩᠭᠤᠯ ᠰᠤᠳᠤᠯᠤᠯ ᠤᠨ ᠲᠤᠬᠠᠢ ᠤᠯᠠᠨ ᠤᠯᠤᠰ ᠤᠨ ᠡᠷᠳᠡᠮ ᠰᠢᠨᠵᠢᠯᠡᠭᠡᠨ ᠤ ᠬᠤᠷᠠᠯ ᠢ ᠤᠯᠠᠨᠳᠡ ᠡᠷᠭᠢᠯᠡᠨ ᠬᠢᠵᠦ ᠦᠩᠭᠡᠷᠡᠭᠰᠡᠡ︶᠃           ᠲᠡᠷᠡ ᠤᠷᠢᠳᠠᠪᠡᠷ ᠵᠠᠬᠢᠷᠤᠯ ᠤᠨ ᠠᠯᠪᠠᠨ ᠭᠡᠷ ᠲᠡᠭᠡᠨ ᠮᠠᠨ ᠢ ᠬᠦᠯᠢᠶᠡᠨ ᠠᠪᠴᠦ ᠠᠭᠤᠯᠵᠠᠵᠦ ᠰᠤᠷᠭᠠᠭᠤᠯᠢ ᠶᠢᠨ ᠢᠶᠠᠨ ᠲᠡᠤᠭᠡ ᠪᠤᠯᠤᠨ ᠤᠯᠠᠷᠢᠨ ᠬᠤᠪᠢᠰᠤᠬᠰᠠᠠ ᠶᠠᠪᠤᠴᠠ ᠵᠢᠴᠢ ᠤᠳᠦ ᠶᠢᠨ ᠬᠦᠷᠢᠶ᠎ᠠ ᠭᠡᠪᠴᠢᠶ᠎ᠠ ᠵᠡᠷᠭᠡ ᠶᠢ ᠲᠠᠨᠢᠯᠴᠠᠭᠤᠯᠤᠬᠰᠠᠠ ᠳᠤ ᠴᠠᠰᠤᠨᠴᠤᠯᠮᠤᠨ ᠨᠠᠳᠠᠳᠦ ᠠᠩᠭ᠍ᠯᠢ ᠪᠠᠷ ᠤᠷᠴᠢᠭᠤᠯᠵᠦ ᠦᠭᠴᠦ ᠪᠢ ᠬᠢᠳᠡᠳ ᠢᠶᠠᠷ ᠲᠡᠮᠳᠡᠭᠯᠡᠵᠤ ᠠᠪᠤᠪᠠ᠃       ᠭᠡᠳᠡᠯ᠎ᠠ ᠡᠶᠢᠮᠦᠷᠬᠦ ᠰᠤᠷᠪᠤᠯᠵᠢᠯᠠᠭ᠎ᠠ ᠦᠨᠡᠨᠬᠦ ᠤᠶᠢᠳᠬᠠᠷ ᠲᠠᠢ ᠰᠠᠨᠠᠬᠳᠠᠪᠠ ︵ᠰᠤᠷᠪᠤᠯᠵᠢᠯᠠᠬᠴᠢ ᠪᠤᠯᠤᠨ᠎ᠠ ᠭᠡᠳᠡᠭ ᠴᠢᠨᠢ ᠦᠨᠡᠨ ᠠᠮᠠᠷ ᠦᠭᠡᠢ︶᠃ ᠲᠡᠭᠡᠭᠡᠳ ᠨᠠᠮᠠᠢᠢ ᠲᠦᠷᠪᠡ ᠲᠠᠪᠤᠨ ᠨᠢᠭᠤᠷ ᠲᠡᠮᠳᠡᠭᠯᠡᠭᠰᠡᠡ ᠤ ᠬᠤᠶᠢᠨ᠎ᠠ ᠴᠡᠳᠦᠪ ᠵᠠᠬᠢᠷᠤᠯ ᠨᠠᠳᠠᠳᠦ ᠪᠡᠯᠡᠨ ᠪᠠᠶᠢᠭ᠎ᠠ ᠰᠤᠷᠭᠠᠭᠤᠯᠢ ᠶᠢᠨ ᠲᠦᠢᠮᠦ ᠪᠠᠶᠢᠳᠠᠯ ᠤᠨ ᠲᠡᠪᠳᠡᠷ ᠢᠶᠠᠨ ᠭᠠᠷᠳᠠᠭᠤᠯᠤᠭᠠᠳ ᠰᠤᠷᠪᠤᠯᠵᠢᠯᠠᠭ᠎ᠠ ᠪᠠᠨ ᠲᠡᠭᠦᠰᠭᠡᠶ᠎ᠠ ᠭᠡᠰᠡᠡ ᠤ ᠪᠠᠨ ᠲᠠᠷᠠᠭ᠎ᠠ ᠤᠷᠤᠢ ᠶᠢᠨ ᠬᠤᠭᠤᠯᠠ ᠶᠢ ᠬᠠᠮᠳᠦ ᠳᠠᠭᠠᠨ ᠢᠳᠡᠶ᠎ᠠ ᠭᠡᠵᠦ ᠭᠡᠯᠡᠬᠦ ᠪᠠᠷ ᠨᠢ ᠮᠢᠨᠦ ᠡᠭᠦᠷᠭᠡ ᠬᠦᠩᠭᠡᠷᠡᠭᠰᠡᠡ ᠮᠠᠳᠦ ᠰᠠᠨᠠᠬᠳᠠᠯ᠎ᠠ᠃           ᠬᠤᠭᠤᠯᠠᠨ ᠭᠡᠷ ᠨᠢ ᠰᠤᠷᠭᠠᠭᠤᠯᠢ ᠶᠢᠨ ᠤᠢᠢᠷᠠᠯᠴᠠᠭ᠎ᠠ ᠪᠠᠶᠢᠭ᠎ᠠ ᠢᠲ᠋ᠠᠯᠢ ᠶᠢᠨ ᠦᠨᠦᠷ ᠠᠮᠳᠠ ᠲᠠᠢ ᠨᠢᠭᠡᠨ ᠬᠤᠭᠤᠯᠠᠨ ᠭᠡᠷ ᠪᠠᠶᠢᠯ᠎ᠠ᠂ ᠡᠭᠦᠳᠡ ᠪᠠᠷ ᠤᠷᠤᠮᠠᠬᠴᠠ ᠨᠢᠭᠡᠨ ᠪᠠᠭ᠎ᠠ ᠭᠤᠳᠤᠮᠵᠢ ᠲᠠᠢ᠃           ᠬᠤᠭᠤᠯᠠ ᠵᠠᠭᠤᠰᠢ ᠦᠨᠦᠷ ᠠᠮᠳᠠ ᠪᠠᠷ ᠪᠠᠷᠤᠬᠳᠠᠢ᠂ ᠭᠡᠪᠡᠴᠦ ᠬᠤᠭᠤᠯᠠ ᠢᠳᠡᠵᠦ ᠠᠷᠢᠬᠢ ᠠᠮᠰᠠᠬᠤ ᠵᠠᠭᠤᠷ᠎ᠠ ᠴᠡᠳᠦᠪ ᠵᠠᠬᠢᠷᠤᠯ ᠤᠨ ᠶᠠᠷᠢᠶ᠎ᠠ ᠤᠯᠠᠮ ᠢᠶᠠᠷ ᠰᠤᠨᠢᠭᠤᠴᠢ ᠰᠤᠨᠤᠰᠪᠤᠷᠢ ᠲᠠᠢ ᠪᠤᠯᠵᠦ ᠢᠷᠡᠪᠡ᠃ ᠢᠯᠠᠩᠭᠤᠶ᠎ᠠ ᠪᠢᠳᠡ ᠪᠦᠬᠦᠨ ᠤ ᠮᠡᠳᠡᠳᠡᠭ ᠰᠢᠯᠦᠭᠴᠢ ᠨᠠ᠊ · ᠰᠠᠶᠢᠨᠴᠤᠬᠳᠦ ᠶᠢᠨ ᠲᠤᠬᠠᠢ ᠶᠠᠷᠢᠶ᠎ᠠ ᠨᠢ ᠨᠠᠳᠠᠳᠦ ᠬᠦᠨ ᠰᠠᠭᠤᠬᠳᠠᠯ ᠦᠯᠡᠳᠡᠭᠡᠯ᠎ᠠ᠂ ᠲᠡᠭᠡᠭᠦ ᠳᠤ ᠮᠠᠨ ᠤ ᠬᠤᠶᠠᠭᠤᠯᠠ ᠶᠢᠨ ᠠᠰᠠᠭᠤᠵᠦ ᠬᠠᠷᠢᠭᠤᠯᠬᠤ ᠶᠢ ᠴᠠᠰᠤᠨᠴᠤᠯᠮᠤᠨ ᠤᠷᠴᠢᠭᠤᠯᠤᠭᠠᠳ ᠵᠠᠪᠳᠤᠬᠤ ᠦᠭᠡᠢ ᠪᠤᠯᠤᠬᠰᠠᠠ᠂ ᠪᠢ ᠴᠦ ᠦᠪᠡᠷ ᠤᠨ ᠦᠰᠦᠭ ᠲᠠᠳᠠᠯᠬᠤ ᠳᠠᠭᠠᠨ ᠭᠡᠵᠢᠶ᠎ᠠ ᠠᠴᠠ ᠡᠶᠢᠮᠦ ᠰᠠᠶᠢᠨ ᠪᠤᠯᠤᠬᠰᠠᠠ ᠭᠡᠳᠡᠭ ᠢᠶᠠᠨ ᠮᠡᠳᠡᠭᠰᠡᠡ ᠦᠭᠡᠢ ᠪᠢᠴᠢᠵᠦ ᠯᠠ ᠪᠠᠶᠢᠪᠠ᠂ ᠲᠡᠮᠳᠡᠭᠯᠡᠵᠦ ᠯᠠ ᠪᠠᠶᠢᠪᠠ ᠁           ᠨᠠ᠊ · ᠰᠠᠶᠢᠨᠴᠤᠬᠳᠦ ︵1914  — 1973 ᠤᠨ︶᠂ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠬ ᠤᠨ ᠰᠢᠯᠤᠭᠤᠨ ᠬᠦᠭᠡ ᠬᠤᠰᠢᠭᠤᠨ ᠤ ᠬᠦᠮᠦᠨ᠃ ᠮᠤᠩᠭᠤᠯ ᠦᠨᠳᠦᠰᠦᠳᠡᠨ ᠤ ᠤᠳᠦ ᠦᠶ᠎ᠠ ᠶᠢᠨ ᠬᠠᠶᠢᠷ᠎ᠠ ᠬᠦᠨᠳᠦᠳᠭᠡᠯ ᠲᠠᠢ ᠠᠯᠳᠠᠷᠳᠦ ︽ᠮᠠᠯᠴᠢᠨ ᠰᠢᠯᠦᠭᠴᠢᠨ︾ ᠮᠦᠨ᠃ ᠲᠡᠷᠡ ᠶᠠᠫᠤᠨ ᠪᠤᠯᠤᠨ ᠮᠤᠩᠭᠤᠯ ᠳᠤ ᠰᠤᠷᠤᠯᠴᠠᠵᠦ ᠦᠩᠭᠡᠷᠡᠭᠰᠡᠡ᠃ ᠴᠡᠳᠦᠪ ᠵᠠᠬᠢᠷᠤᠯ ᠤᠨ ᠡᠨᠡ ᠤᠷᠤᠢ ᠶᠢᠨ ᠶᠠᠷᠢᠬᠰᠠᠠ ᠨᠢ  ᠶᠠᠭ ᠡᠨᠡᠬᠦ ᠠᠯᠳᠠᠷᠳᠦ ᠰᠢᠯᠦᠭᠴᠢᠨ ᠤ ᠮᠤᠩᠭᠤᠯ ᠤᠯᠤᠰ ᠲᠤ ᠰᠤᠷᠤᠯᠴᠠᠵᠦ ᠪᠠᠶᠢᠬᠰᠠᠠ ᠦᠶ᠎ᠠ ᠳᠤ ᠪᠢᠴᠢᠭᠰᠡᠡ ᠨᠢᠭᠡᠨ ᠲᠡᠮᠳᠡᠭᠯᠡᠯ ᠤᠨ ᠲᠡᠪᠳᠡᠷ ᠤᠨ ᠤᠴᠢᠷ ᠪᠢᠯᠠ᠃ ︵ᠡᠨᠡᠬᠦ ᠲᠡᠮᠳᠡᠭᠯᠡᠯ ᠤᠨ ᠲᠡᠪᠳᠡᠷ ᠤᠨ ᠳᠤᠳᠤᠷᠠᠬᠢ ᠠᠭᠤᠯᠭ᠎ᠠ ᠵᠢᠴᠢ ᠰᠡᠭᠦᠯᠡᠷ ᠨᠢ ᠪᠤᠯᠤᠬᠰᠠᠠ ᠵᠦᠢᠯ ᠵᠦᠢᠯ ᠤᠨ ᠭᠡᠷᠡᠭ ᠶᠠᠪᠤᠳᠠᠯ ᠤᠨ ᠲᠤᠬᠠᠢ ᠮᠢᠨᠦ ᠪᠤᠳᠤᠬᠤ ᠪᠠᠷ ᠬᠤᠵᠢᠮ ᠰᠠᠶᠢᠬᠠᠨ ᠨᠢᠭᠡ ᠵᠤᠬᠢᠶᠠᠯ ᠪᠢᠴᠢᠪᠡᠯ ᠵᠤᠬᠢᠬᠤ ᠶᠤᠮ︶᠃ ᠲᠤᠮᠳᠠᠳᠦ ᠤᠯᠤᠰ ᠲᠤ᠂ ᠦᠪᠦᠷ ᠮᠤᠩᠭᠤᠯ ᠤᠨ ᠰᠡᠭᠡᠭᠡᠳᠡᠳ ︽ᠰᠤᠶᠤᠯ ᠤᠨ ᠶᠡᠭᠡ ᠬᠤᠪᠢᠰᠬᠠᠯ︾  ᠤᠨ ᠲᠤᠮᠳᠠ ᠬᠢᠯᠢᠰ ᠢᠶᠠᠷ ᠱᠤᠷᠤᠩ ᠳᠤ ᠤᠷᠤᠬᠰᠠᠠ ᠬᠦᠮᠦᠰ ᠬᠡᠴᠢᠨᠡᠨ ᠦᠭᠡᠢ ᠪᠤᠢ︖ ᠢᠩᠭᠢᠭᠰᠡᠡ ᠢᠶᠠᠷ ᠬᠢᠯᠢᠰ ᠬᠦᠵᠢᠷ ᠢᠶᠠᠷ ᠬᠠᠷᠠᠰᠠᠯᠳᠠᠢ ᠪᠠᠷ ᠦᠬᠦᠭᠰᠡᠡ ᠬᠦᠮᠦᠨ ᠲᠦᠷᠪᠡᠨ ᠲᠦᠮᠡ ᠭᠠᠷᠤᠢ ᠪᠠᠶᠢᠨ᠎ᠠ᠃ ᠨᠠ᠊ · ᠰᠠᠶᠢᠨᠴᠤᠬᠳᠦ ᠭᠤᠸᠠᠢ ᠴᠦ ᠲᠡᠳᠡᠭᠡᠷ ᠤᠨ ᠲᠤᠳᠤᠷᠠᠬᠢ ᠨᠢᠭᠡ ᠨᠢ ᠶᠤᠮ᠃           ᠭᠡᠪᠡᠴᠦ ᠰᠢᠯᠦᠭᠴᠢ ᠶᠢᠨ ᠵᠠᠯᠠᠭᠤ ᠨᠠᠰᠤᠨ ᠳᠠᠭᠠᠨ ᠮᠤᠩᠭᠤᠯ ᠤᠯᠤᠰ ᠲᠤ ᠪᠢᠴᠢᠭᠰᠡᠡ ᠰᠢᠯᠦᠭ ᠨᠢ ᠤᠷᠭᠢᠯᠤᠮ᠎ᠠ ᠬᠠᠯᠠᠭᠤᠨ ᠰᠡᠳᠭᠢᠯᠭᠡ ᠲᠠᠢ᠂ ᠡᠳᠡᠭᠡᠷ ᠢᠶᠠᠨ ᠪᠦᠷ ᠨᠢᠭᠡᠨ ᠲᠡᠮᠳᠡᠭᠯᠡᠯ ᠤᠨ ᠲᠡᠪᠳᠡᠷ ᠲᠡᠭᠡᠨ ᠦᠯᠡᠳᠡᠭᠡᠭᠰᠡᠡ᠂ ᠲᠡᠶᠢᠮᠦ ᠳᠡᠭᠡᠨ ᠲᠡᠭᠦᠨ ᠤ ᠲᠡᠷᠡᠬᠦ ᠠᠪᠢᠶᠠᠰ ᠴᠢᠳᠠᠪᠤᠷᠢ ᠪᠤᠯᠤᠨ ᠬᠦᠰᠡᠯ ᠵᠤᠷᠢᠯᠳᠡ ᠳᠤᠨᠢ ᠬᠦᠮᠦᠨ ᠪᠦᠬᠦᠨ ᠬᠠᠷᠠᠮᠰᠠᠮᠠᠷ᠃           ᠬᠤᠭᠤᠯᠠᠨ ᠤ ᠲᠠᠷᠠᠭ᠎ᠠ ᠴᠡᠳᠦᠪ ᠵᠠᠬᠢᠷᠤᠯ ᠲᠠᠢ ᠰᠠᠯᠬᠤ ᠶᠤᠰᠦ ᠭᠦᠢᠴᠡᠳᠭᠡᠭᠡᠳ᠂ ᠦᠭᠡᠢ ᠶᠠᠭᠤ ᠭᠡᠰᠡᠡ ᠦᠭᠡ ᠪᠤᠢ᠂ ᠤᠳᠦ ᠰᠢᠯᠦᠭᠴᠢ ᠴᠡᠳᠦᠪ ᠲᠠᠢ ᠰᠠᠯᠬᠤ ᠶᠤᠰᠦ ᠭᠦᠢᠴᠡᠳᠭᠡᠯ᠎ᠠ ᠭᠡᠵᠦ ᠭᠡᠯᠡᠪᠡᠯ ᠵᠤᠬᠢᠬᠤ ᠰᠡᠡ᠂ ᠤᠴᠢᠷ ᠨᠢ ᠠᠯᠪᠠᠨ ᠤ ᠲᠠᠯ᠎ᠠ ᠶᠢᠨ ᠶᠤᠰᠤᠷᠬᠠᠬ ᠦᠭᠡ ᠶᠠᠷᠢᠶ᠎ᠠ ᠬᠤᠯᠠᠳᠠᠬᠰᠠᠠ᠂  ᠡᠨᠡ ᠦᠶ᠎ᠠ ᠳᠤ ᠲᠡᠷᠡ ᠮᠠᠨᠤᠰ  ᠲᠠᠢ ᠭᠠᠷ ᠡᠷᠭᠦᠨ ᠰᠠᠯᠬᠤ ᠶᠤᠰᠦ ᠭᠦᠢᠴᠡᠳᠭᠡᠭᠡᠳ ᠲᠡᠷᠳᠡᠭᠡ ᠵᠡᠭᠡᠯᠢ ᠬᠦᠷᠬᠦ ᠦᠶ᠎ᠠ ᠪᠠᠷ ᠲᠡᠷᠡ ᠨᠢᠭᠡᠨᠳᠡ ᠡᠭᠡᠯ ᠲᠤᠳᠤᠨᠤ ᠰᠢᠯᠦᠭᠴᠢ ᠨᠠᠶᠢᠵᠠ ᠪᠤᠯᠴᠢᠬᠠᠭᠰᠠᠨ ᠪᠠᠶᠢᠯ᠎ᠠ᠃                          9 ᠤ ᠡᠳᠦᠷ ︵ᠭᠠᠷᠠᠬ ᠤᠨ ᠡᠳᠦᠷ᠂ ᠲᠤᠩᠭᠠᠯᠠᠭ︶               ᠪᠢ ᠤᠯᠠᠭᠠᠨᠪᠠᠭᠠᠳᠤᠷ ᠬᠤᠳᠠ ᠶᠢᠨ ᠦᠩᠭᠡ ᠦᠵᠡᠮᠵᠢ ᠶᠢᠨ ᠲᠤᠬᠠᠢ ᠭᠠᠶᠢᠬᠠᠰᠢ ᠲᠦᠷᠦᠵᠦ᠂ ᠪᠠᠰᠠ ᠰᠡᠳᠭᠢᠯ ᠴᠦᠬᠦᠷᠡᠵᠠᠢ᠃ ᠶᠠᠭᠤ ᠭᠡᠪᠡᠯ ᠭᠡᠳᠦᠨ ᠵᠢᠯ ᠪᠤᠯᠤᠬᠰᠠᠠ ᠦᠭᠡᠢ ᠪᠠᠷ ᠲᠡᠷᠭᠡ ᠬᠦᠰᠭᠡ ᠨᠡᠮᠡᠭᠳᠡᠵᠦ᠂ ᠬᠦᠮᠦᠨ ᠬᠠᠷ᠎ᠠ ᠤᠯᠠᠰᠢᠷᠠᠬᠰᠠᠠ ᠳᠤᠨᠢ ᠭᠠᠶᠢᠬᠠᠰᠢ ᠲᠦᠷᠦᠵᠦ᠂ ᠦᠩᠭᠡᠷᠡᠭᠰᠡᠡ ᠳᠡᠭᠡᠨ ᠠᠭᠤᠳᠠᠮ ᠰᠠᠷᠠᠭᠤᠯ ᠨᠠᠮ ᠵᠢᠮᠭᠡᠨ ᠬᠤᠳᠠ ᠶᠢᠨ ᠲᠦᠷᠰᠦ ᠪᠠᠶᠢᠳᠠᠯ ᠤᠷᠦ ᠮᠦᠷ ᠦᠭᠡᠢ ᠠᠷᠢᠯᠤᠭᠠᠳ ᠡᠮᠬᠢ ᠵᠠᠮᠪᠠᠷᠠᠭ᠎ᠠ ᠪᠠᠨ ᠠᠯᠳᠠᠬᠰᠠᠠ ᠨᠢᠳᠦ ᠡᠷᠢᠶᠡᠯᠵᠡᠮᠡᠷ ᠦᠩᠭᠡ ᠪᠦᠷᠢ ᠶᠢᠨ ᠵᠠᠷ ᠮᠡᠳᠡᠭᠡ ᠶᠢᠨ ᠫᠠᠶᠢᠰᠠ ᠪᠠᠷ ᠤᠷᠤᠯᠠᠬᠳᠠᠬᠰᠠᠠ ᠢ ᠭᠡᠯᠡᠬᠦ ᠦᠭᠡᠢ᠂ ᠵᠡᠭᠡᠯᠢ ᠭᠤᠳᠤᠮᠵᠢ ᠶᠢᠨ ᠲᠤᠳᠤᠷ᠎ᠠ ᠪᠠᠶᠢᠨ ᠲᠠᠬᠢᠨ ᠮᠠᠰᠢᠨ ᠲᠡᠷᠭᠡᠨ ᠤ ᠯᠠᠪᠠᠷ ᠢ ᠲᠤᠤᠭᠠᠷᠭᠠᠭᠠᠳ ᠬᠦᠮᠦᠨ ᠤ ᠡᠭ᠍ᠳᠡᠭᠦᠦ ᠬᠦᠷᠭᠡᠬᠦ ᠳᠤᠨᠢ ᠰᠡᠳᠭᠢᠯ ᠴᠦᠬᠦᠷᠡᠵᠠᠢ᠃           ᠵᠦᠪᠭᠡᠨ ᠮᠦᠴᠸᠢ ᠳᠤ ᠯᠠ ᠮᠦᠨ ᠨᠠᠮ ᠵᠢᠮ ᠭᠡᠪ ᠢᠶᠠᠷ ᠢᠶᠠᠨ᠃           ᠦᠷᠯᠦᠭᠡ ᠡᠷᠳᠡ ᠤᠷᠢᠳᠠᠪᠡᠷ ᠲᠡᠤᠭᠡ ᠶᠢᠨ ᠮᠦᠽᠸᠢ ᠳᠤ ᠬᠦᠷᠪᠡ᠃        1990 ᠤᠨ ᠳᠤ ᠠᠩᠬ᠎ᠠ ᠤᠳᠠᠭ᠎ᠠ ᠤᠯᠠᠭᠠᠨᠪᠠᠭᠠᠳᠤᠷ ᠲᠤ ᠬᠦᠷᠬᠦ ᠦᠶ᠎ᠠ ᠳᠤ ᠠᠯᠳᠠᠨ ᠰᠢᠷᠭᠠᠯ ᠭᠡᠵᠢᠭᠡ  ᠲᠠᠢ ᠴᠡᠩᠭᠡᠷ ᠨᠢᠳᠦ ᠲᠠᠢ ᠮᠠᠰᠢ ᠤᠯᠠᠨ ᠵᠠᠯᠠᠭᠤ ᠤᠷᠤᠰ ᠴᠡᠷᠢᠭ ᠬᠠᠷᠠᠬᠳᠠᠵᠤ ᠪᠠᠶᠢᠭᠰᠠᠨ ᠶᠤᠮ᠂ ᠲᠡᠳᠡ ᠠᠰᠪᠤᠷ ᠰᠢᠯᠤᠭᠤᠨ ᠬᠠᠴᠢᠷᠬᠠᠭᠰᠠᠨ ᠪᠤᠳᠤᠯ ᠢᠶᠠᠷ᠂  ᠮᠦᠽᠸᠢ  ᠲᠤᠳᠤᠷ᠎ᠠ ᠲᠤᠭᠤᠷᠢᠨ ᠦᠵᠡᠵᠦ ᠪᠠᠶᠢᠭᠰᠠᠨ᠃           ᠲᠡᠷᠡ ᠦᠶ᠎ᠠ ᠳᠤ ᠤᠷᠤᠰ ᠤᠨ ᠬᠢᠨ ᠴᠡᠷᠢᠭ ᠢᠶᠠᠨ ᠲᠠᠳᠠᠵᠦ ᠡᠬᠢᠯᠡᠵᠠᠢ᠂ ᠮᠤᠩᠭᠤᠯ ᠤᠯᠤᠰ ᠠᠴᠠ ᠰᠠᠯᠬᠤ ᠭᠡᠵᠦ ᠪᠠᠶᠢᠭ᠎ᠠ ᠡᠳᠡᠭᠡᠷ ᠴᠡᠷᠢᠭ ᠤᠳ ᠬᠠᠮᠤᠭ ᠤᠨ ᠡᠴᠦᠰ ᠤᠨ ᠴᠠᠬ ᠢ ᠠᠰᠢᠬᠯᠠᠨ ᠮᠤᠩᠭᠤᠯ ᠤᠨ ᠰᠤᠶᠤᠯ ᠢ ᠤᠢᠢᠯᠠᠭᠠᠨ ᠰᠤᠨᠢᠷᠬᠠᠵᠦ ᠪᠠᠶᠢᠭ᠎ᠠ ᠭᠡᠯᠳᠠᠢ᠃           ᠵᠦᠪᠯᠡᠯᠳᠦ ᠬᠤᠯᠪᠤᠭᠠᠳᠦ ᠤᠯᠤᠰ ᠤᠬᠤᠷᠢᠨ ᠭᠠᠷᠤᠬᠰᠠᠠ ᠤ ᠲᠠᠷᠠᠭ᠎ᠠ᠂ ᠬᠦᠷᠦᠩᠭᠡᠳᠦ ᠶᠤᠰᠤᠨ ᠤ ᠨᠦᠯᠦᠭᠡ ᠠᠯᠭᠤᠷ ᠠᠭᠠᠵᠢᠮ ᠢᠶᠠᠷ ᠤᠷᠤᠵᠦ ᠢᠷᠡᠵᠠᠢ᠃ ᠢᠯᠠᠩᠭᠤᠶ᠎ᠠ ᠤᠢᠢᠷ᠎ᠠ ᠶᠢᠨ ᠲᠠᠪᠤ ᠭᠤᠷᠪᠠᠨ ᠵᠢᠯ ᠳᠤ ᠭᠡᠨᠡᠳᠳᠡ ᠲᠤᠩ ᠬᠦᠭᠵᠢᠶᠡᠨ ᠲᠠᠢ ᠪᠤᠯᠤᠬᠰᠠᠠ ᠭᠡᠵᠦ ᠴᠢᠮᠡᠭ ᠭᠡᠯᠡᠵᠦ ᠪᠠᠶᠢᠪᠠ᠃             ᠡᠶᠢᠮᠦᠷᠬᠦ ᠬᠤᠪᠢᠷᠠᠯᠳᠠ ᠶᠢᠨ ᠰᠠᠶᠢᠨ ᠮᠠᠭᠤ ᠶᠢ ᠪᠢ  ᠠᠪᠤᠨ ᠲᠤᠤᠷ᠎ᠠ ᠪᠠᠨ ᠲᠤᠳᠤᠷᠬᠠᠢ ᠬᠡᠯᠡᠵᠦ ᠴᠢᠳᠠᠬᠤ ᠦᠭᠡᠢ᠃ ᠭᠡᠶ᠎ᠠ᠂ ᠲᠡᠤᠭᠡ ᠶᠢᠨ ᠮᠦᠽᠸᠢ ᠦᠩᠭᠡᠷᠡᠭᠰᠡᠡ ᠠᠴᠠ ᠪᠠᠨ ᠬᠤᠯᠠ ᠰᠠᠶᠢᠬᠠᠨ ᠪᠤᠯᠪᠠ᠂ ᠲᠡᠤᠭᠡ ᠶᠢᠨ ᠲᠤᠷᠠᠰᠬᠠᠯᠳᠦ ᠵᠦᠢᠯᠡᠰ ᠤᠨ ᠦᠵᠡᠭᠦᠯᠦᠯᠭᠡ ᠶᠢᠨ ᠠᠷᠭ᠎ᠠ ᠭᠡᠯᠪᠡᠷᠢ ᠪᠤᠯᠤᠨ ᠲᠡᠯᠭᠡᠯᠳᠡ ᠶᠢᠨ ᠲᠠᠯ᠎ᠠ ᠪᠠᠷ ᠪᠦᠷ ᠮᠠᠰᠢ ᠭᠤᠴᠦ ᠰᠠᠶᠢᠬᠠᠨ ᠤᠨᠴᠠᠯᠢᠬ ᠲᠠᠢ ᠪᠤᠯᠤᠬᠰᠠᠠ᠃             ᠸᠧᠢ ᠲᠠᠢ ᠶᠢᠩ ᠠᠪᠠᠭᠠᠢ ᠶᠢᠨ ᠭᠡᠯᠡᠭᠰᠡᠡ ᠵᠦᠪ  ᠪᠠᠶᠢᠨᠠᠮ᠂ ᠲᠡᠷᠡ ᠮᠤᠩᠭᠤᠯ ᠳᠤ ᠠᠩᠬ᠎ᠠ ᠬᠦᠷᠴᠦ ᠪᠠᠶᠢᠭ᠎ᠠ ᠲᠠᠶᠢᠸᠠᠨᠴᠤᠳ ᠢ ᠶᠡᠷᠦ ᠨᠢ ᠤᠷᠢᠳᠠᠪᠡᠷ ᠮᠤᠩᠭᠤᠯᠴᠤᠳ ᠤᠨ ᠲᠡᠤᠭᠡ ᠶᠢᠨ ᠮᠦᠽᠸᠢ ᠳᠤ ᠤᠴᠢᠵᠦ ᠲᠠᠳᠡᠨ ᠤ ᠦᠪᠡᠷ ᠤᠨ ᠲᠡᠤᠭᠡ ᠰᠤᠶᠤᠯ ᠢᠶᠠᠨ ᠭᠡᠷᠭᠢᠨ ᠭᠠᠶᠢᠬᠠᠭᠤᠯᠤᠨ ᠦᠵᠡᠬᠦᠯᠵᠦ ᠪᠠᠶᠢᠬᠤ ᠠᠴᠠ ᠨᠢ ᠦᠵᠡᠪᠡᠯ ᠬᠠᠴᠢᠨ ᠰᠤᠨᠢᠭᠤᠴᠢ ᠶᠠᠭᠤᠮ᠎ᠠ ᠶᠠᠷᠢᠬᠤ ᠦᠭᠡᠢ ᠪᠤᠯᠤᠨ᠎ᠠ᠂ ᠵᠢᠱᠢᠶᠡᠯᠡᠪᠡᠯ᠄        ︽ᠲᠡᠳᠡ  ︿ᠮᠤᠩᠭᠤᠯ ᠦᠭᠡ﹀ ᠪᠠᠨ ᠭᠡᠯᠡᠨ᠎ᠠ ᠤᠤ ᠦᠭᠡᠢ ᠤᠤ︖      ᠮᠦᠽᠸᠢ ᠲᠤᠳᠤᠷ᠎ᠠ᠂ ᠬᠠᠭᠤᠴᠢᠨ ᠴᠢᠯᠠᠭᠤᠨ ᠵᠡᠪᠰᠡᠭ ᠤᠨ ᠦᠶ᠎ᠠ ᠠᠴᠠ ᠡᠬᠢᠯᠡᠭᠡᠳ᠂ ᠾᠦᠩᠨᠦ ᠶᠢᠨ ᠦᠶ᠎ᠠ ᠪᠤᠯᠳᠠᠯᠡᠬᠢ ᠨᠡᠭᠦᠳᠡᠯ ᠮᠠᠯᠵᠢᠯ ᠤᠨ ᠡᠯ᠎ᠠ ᠦᠨᠳᠦᠰᠦᠳᠡᠨ ᠤᠬᠰᠠᠭ᠎ᠠ᠂  ᠲᠡᠭᠢᠭᠠᠳ ᠾᠦᠩᠨᠦ ᠶᠢᠨ ᠦᠶ᠎ᠠ ᠠᠴᠠ ᠬᠤᠶᠢᠰᠢ᠂ ᠰᠢᠶᠠᠨᠪᠢ᠂  ᠿᠸᠦ ᠿᠠᠨ᠂ ᠲᠦᠷᠺ᠂ ᠡᠷᠳᠡᠨ ᠤ ᠤᠢᠢᠭᠤᠷ᠂ ᠬᠢᠳᠡᠨ᠂ ᠮᠤᠩᠭᠤᠯ ᠠᠶᠢᠮᠠᠬ ᠤᠨ ᠴᠠᠬ ᠦᠶ᠎ᠠ᠂ 1206 ᠤᠨ ᠠᠴᠠ ᠡᠬᠢᠯᠡᠭᠰᠡᠡ ᠶᠡᠭᠡ ᠮᠤᠩᠭᠤᠯ ᠤᠯᠤᠰ᠂ ᠮᠤᠩᠭᠤᠯ ᠬᠠᠭᠠᠨᠳᠦ ᠤᠯᠤᠰ ︵ᠲᠦᠷᠪᠡᠨ ᠲᠤᠮᠤ ᠬᠠᠭᠠᠨᠲᠤ ᠤᠯᠤᠰ ᠪᠠᠭᠳᠠᠨ᠎ᠠ︶᠂ ᠹᠸᠤᠳᠠᠯ ᠤᠨ ᠬᠠᠭᠠᠴᠠᠯᠳᠦ ᠴᠠᠬ ᠦᠶ᠎ᠠ ︵ᠲᠤᠬᠠᠢ ᠶᠢᠨ ᠦᠶ᠎ᠠ ᠶᠢᠨ ᠲᠤᠮᠳᠠᠳᠦ ᠤᠯᠤᠰ ᠤᠨ ᠮᠢᠩ ᠤᠯᠤᠰ︶᠂ ᠮᠠᠨᠵᠦ ᠴᠢᠩ ᠤᠨ ᠨᠤᠶᠠᠷᠬᠠᠯ ᠤᠨ ᠴᠠᠬ ᠦᠶ᠎ᠠ᠂ ᠲᠠᠬᠢᠭᠠᠳ ᠵᠠᠯᠭᠠᠭᠠᠳ ᠤᠷᠴᠢᠨ ᠦᠶ᠎ᠠ  ᠂  ᠦᠭᠡᠷ᠎ᠠ ᠪᠠᠷ ᠬᠡᠯᠡᠪᠡᠯ 1911 ᠤᠨ ᠤ ᠵᠢᠪᠽᠤᠨᠳᠠᠮᠪᠠ ᠶᠢᠨ ᠬᠤᠪᠢᠰᠬᠠᠯ ᠢᠯᠠᠯᠳᠠ ᠤᠯᠤᠬᠰᠠᠠ ᠂ ᠮᠠᠨᠵᠦ ᠴᠢᠩ ᠤᠨ ᠨᠤᠶᠠᠷᠬᠠᠯ ᠠᠴᠠ  ᠲᠤᠰᠠᠭᠠᠷᠯᠠᠵᠦ ᠭᠠᠷᠤᠭᠰᠠᠨ᠂ 1921 ᠤᠨ ᠳᠤ ᠠᠷᠠᠳ ᠤᠨ ᠬᠤᠪᠢᠰᠬᠠᠯ ᠢᠯᠠᠯᠳᠠ ᠤᠯᠵᠦ᠂ 1924 ᠤᠨ ᠳᠤ ᠪᠦᠬᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠢ ᠪᠠᠶᠢᠭᠤᠯᠤᠬᠰᠠᠠ ᠵᠡᠷᠭᠡ ᠶᠢ ᠪᠦᠷ ᠤᠨ ᠲᠠᠷᠠᠭᠠᠯᠠᠨ  ᠲᠠᠯᠭᠡᠨ ᠦᠵᠡᠬᠦᠯᠵᠦ ᠪᠤᠢ ᠁             ᠵᠦᠪᠯᠡᠯᠳᠦ ᠬᠤᠯᠪᠤᠭᠠᠳᠦ ᠤᠯᠤᠰ ᠲᠤ ᠲᠠᠯᠠᠨ ᠵᠢᠯ ᠡᠷᠭᠡᠰᠢᠶᠡᠭᠳᠡᠭᠰᠡᠡ ᠤ ᠲᠠᠷᠠᠭ᠎ᠠ᠂ 1989 ᠤᠨ ᠳᠤ ᠮᠠᠨ ᠤ ᠡᠨᠡ ᠦᠶ᠎ᠠ ᠶᠢᠨ ᠬᠦᠮᠦᠰ ᠪᠦᠷ ᠤᠯᠠᠭᠠᠨᠪᠠᠭᠠᠳᠤᠷ ᠤᠨ ᠰᠦᠭᠡᠪᠠᠭᠠᠳᠤᠷ ᠠᠭᠤᠳᠠᠮ ᠲᠠᠯᠠᠪᠠᠢ ᠳᠤ ᠭᠠᠷᠤᠬᠰᠠᠠ ᠠᠷᠠᠳᠴᠢᠯᠠᠬᠰᠠᠠ ᠬᠦᠳᠡᠯᠭᠡᠭᠡᠨ ᠢ ᠠᠩᠬᠠᠷᠤᠯ ᠳᠠᠭᠠᠨ ᠠᠪᠤᠯ᠎ᠠ᠃ ᠲᠡᠭ ᠠᠴᠠ ᠲᠤᠭᠤᠬᠰᠢ ᠬᠤᠷᠢᠨ ᠭᠡᠳᠦᠨ ᠭᠷᠠᠳᠦ᠋ᠰ ᠴᠢᠨᠠᠬᠰᠢᠯᠠᠪᠠᠯ ᠭᠤᠴᠢᠨ ᠭᠷᠠᠳᠦ᠋ᠰ ᠬᠦᠷᠦᠭᠰᠡᠨ ᠬᠦᠢᠳᠡᠨ ᠴᠠᠰᠦ ᠰᠢᠭᠤᠷᠭ᠎ᠠ ᠲᠠᠢ ᠡᠳᠦᠷ᠂ ᠲᠦᠷᠪᠡᠨ ᠵᠦᠭ ᠨᠠᠢᠮᠠᠨ ᠵᠤᠪᠬᠢᠰ ᠠᠴᠠ ᠬᠦᠷᠦᠯᠴᠡᠨ ᠢᠷᠡᠭᠰᠡᠡ ᠤᠯᠠᠨ ᠲᠦᠮᠡᠨ ᠠᠭᠤᠳᠠᠮ ᠲᠠᠯᠠᠪᠠᠢ ᠳᠤ ᠡᠷᠭᠡ ᠴᠢᠯᠦᠭᠡ ᠶᠢᠨ ᠲᠦᠯᠦᠭᠡ ᠬᠠᠰᠬᠢᠷᠤᠯᠳᠤᠯ᠎ᠠ᠃ 1990 ᠤᠨ ᠳᠤ ᠡᠴᠦᠰ ᠲᠡᠭᠡᠨ ᠵᠦᠪᠯᠡᠯᠳᠦ ᠬᠤᠯᠪᠤᠭᠠᠳᠦ ᠤᠯᠤᠰ ᠠᠴᠠ ᠰᠠᠯᠵᠦ ᠲᠤᠰᠠᠭᠠᠷ ᠲᠤᠬᠳᠠᠨᠢᠪᠠ᠃ ᠤᠳᠦ ᠶᠢᠨ ᠤᠯᠤᠰ ᠤᠨ ᠨᠡᠷ᠎ᠠ — ᠮᠤᠩᠭᠤᠯ ᠤᠯᠤᠰ ︵MongoIia︶ ᠢᠩᠭᠢᠭᠡᠳ ᠬᠠᠮᠤᠭ ᠤᠨ ᠡᠬᠢᠨ ᠤ ᠦᠶ᠎ᠠ ᠶᠢᠨ ᠭᠡᠪ ᠤᠨ ᠪᠠᠶᠢᠳᠠᠯ ᠳᠤ ᠪᠤᠴᠠᠵᠠᠢ᠃           ᠡᠭᠦᠨ ᠠᠴᠠ ᠪᠢᠳᠡ ︽ᠤᠯᠤᠰ ᠤᠨ ᠭᠡᠯᠡ︾ ᠪᠠᠨ ᠭᠡᠯᠡᠬᠦ ᠡᠰᠡᠬᠦ ᠶᠢ ᠮᠡᠳᠡᠵᠦ ᠪᠤᠯᠤᠨ᠎ᠠ᠃           ᠪᠢ ᠦᠷᠭᠦᠯᠵᠢ ᠲᠠᠶᠢᠸᠠᠨ ᠤ ᠨᠦᠬᠦᠳ ᠲᠤ᠄ ︽ᠲᠠᠳᠠ ᠤᠯᠤᠰ ᠤᠨ ᠭᠡᠯᠡ ᠪᠠᠨ ᠭᠡᠯᠡᠳᠡᠭ᠂ ᠲᠡᠳᠡᠨ ᠤ ᠤᠯᠤᠰ ᠤᠨ ᠭᠡᠯᠡ ᠨᠢ ᠡᠷᠳᠡ ᠢᠵᠠᠭᠤᠷ ᠠᠴᠠ ᠡᠳᠦᠭᠡ ᠬᠦᠷᠳᠡᠯ᠎ᠠ ᠪᠦᠷ ᠮᠤᠩᠭᠤᠯ ᠦᠭᠡ︾ ᠭᠡᠵᠦ ᠬᠠᠷᠢᠭᠤᠯᠳᠠᠬ᠃         ᠦᠳᠡ ᠶᠢᠨ ᠬᠤᠶᠢᠨᠠᠬᠢ 4 ᠴᠠᠬ ᠲᠤ᠂  ᠪᠢᠳᠠᠨ ᠢ ᠵᠤᠴᠢᠳ ᠤᠨ ᠪᠠᠭᠤᠳᠠᠯ ᠳᠠᠭᠠᠨ ᠪᠤᠴᠠᠵᠦ ᠢᠷᠡᠭᠰᠡᠡ ᠤ ᠬᠤᠶᠢᠨ᠎ᠠ ᠴᠠᠰᠤᠨᠴᠤᠯᠮᠤᠨ ᠪᠤᠯᠤᠨ ᠬᠤᠤᠰᠪᠠᠶᠠᠷ ᠢᠷᠡᠭᠡᠳ ᠰᠦ᠋ ᠶᠢᠩ ᠪᠢᠳᠡ ᠬᠤᠶᠠᠭᠤᠯᠠ ᠶᠢ ᠲᠠᠭᠠᠭᠤᠯᠤᠨ ᠨᠢᠭᠡᠨ ᠲᠤᠷᠠᠰᠬᠠᠯ ᠤᠨ ᠬᠦᠰᠢᠶ᠎ᠠ ᠶᠢ ᠦᠵᠡᠭᠦᠯᠬᠦ ᠪᠠᠷ ᠤᠴᠢᠪᠠ᠃             ᠡᠨᠡ ᠲᠤᠷᠠᠰᠬᠠᠯ ᠤᠨ ᠬᠦᠰᠢᠶ᠎ᠠ ᠨᠢ ᠰᠦᠭᠡᠪᠠᠭᠠᠳᠤᠷ ᠠᠭᠤᠳᠠᠮ ᠲᠠᠯᠠᠪᠠᠢ ᠶᠢᠨ ᠭᠠᠳᠠᠷ ᠬᠦᠷᠢᠶᠡᠨ ᠳᠤ ᠪᠠᠶᠢᠵᠦ ᠨᠢᠭᠡᠨ ᠲᠤᠮᠦ ᠵᠡᠭᠡᠯᠢ ᠪᠠᠷ ᠠᠯᠤᠰᠯᠠᠵᠦ ᠪᠠᠶᠢᠳᠠᠬ᠂ ᠲᠡᠭᠦᠨ ᠤ ᠪᠠᠷᠠᠭᠤᠨ ᠪᠡᠶ᠎ᠠ ᠳᠤ ᠨᠢᠭᠡ ᠭᠡᠰᠡᠭ ᠵᠦᠯᠭᠡ ᠭᠠᠵᠠᠷ ᠢᠶᠠᠷ ᠠᠯᠤᠰᠯᠬᠠᠳᠠᠨ ᠪᠠᠶᠢᠭ᠎ᠠ ᠨᠢ ᠲᠠᠷᠤᠢ ᠭᠠᠳᠠᠭᠠᠳᠦ ᠶᠠᠪᠤᠳᠠᠯ ᠤᠨ ᠶᠠᠮᠤᠨ ᠤ ᠤᠷᠤᠰ ᠮᠠᠶ᠋ᠢᠭ ᠤᠨ ᠪᠠᠷᠢᠯᠭ᠎ᠠ ᠪᠠᠶᠢᠯ᠎ᠠ᠃           ᠡᠨᠡᠬᠦ ᠴᠢᠯᠠᠭᠤᠨ ᠬᠦᠰᠢᠶ᠎ᠠ ᠶᠢ ᠬᠠᠷ᠎ᠠ ᠦᠩᠭᠡ ᠶᠢᠨ ᠭᠠᠨᠳᠢᠭ ᠴᠢᠯᠠᠭᠤ ᠪᠠᠷ ᠰᠠᠭᠤᠷᠢ ᠪᠤᠯᠭᠠᠨ ᠬᠦᠨᠳᠡᠯᠢᠳᠤᠭᠦᠯᠦᠨ ᠲᠠᠯᠪᠢᠬᠰᠠᠠ ᠠᠴᠠ ᠨᠢ ᠦᠵᠡᠭᠦᠯᠡᠷ ᠶᠠᠬ ᠯᠠ ᠮᠤᠩᠭᠤᠯ ᠤᠯᠤᠰ ᠤᠨ ᠭᠠᠵᠠᠷ ᠤᠨ ᠵᠢᠷᠤᠬ ᠮᠡᠳᠦ ᠬᠠᠷᠠᠬᠳᠠᠳᠠᠬ᠂ ᠲᠡᠭᠡᠭᠦ ᠳᠤ ᠴᠠᠰᠤᠴᠤᠯᠮᠤᠨ᠄ ᠡᠨᠡᠬᠦ ᠦᠨᠡᠰᠦᠨ ᠦᠩᠭᠡ ᠲᠠᠢ ︵ᠪᠤᠷᠵᠢᠨ ᠴᠢᠯᠠᠭᠤ ᠮᠡᠳᠦ︶ ᠬᠠᠳᠠᠨ ᠴᠢᠯᠠᠭᠤ ᠶᠢ ᠶᠠᠮᠠᠷ ᠴᠦ ᠵᠠᠰᠠᠯᠳᠠ ᠤᠷᠤᠭᠤᠯᠵᠦ ᠴᠢᠮᠡᠵᠦ ᠱᠤᠭᠤᠬᠰᠠᠠ ᠦᠭᠡᠢ ᠰᠢᠦ᠂ ᠲᠡᠭᠦᠨ ᠤ ᠤᠬ ᠲᠦᠷᠰᠦ ᠨᠢ ᠡᠶᠢᠮᠦ ᠶᠤᠮ ᠭᠡᠵᠦ ᠭᠡᠯᠡᠵᠦ ᠦᠭᠴᠠᠢ᠃   ᠡᠨᠡᠬᠦ ᠠᠶᠠᠨᠳᠠᠭᠠᠨ ᠪᠦᠷᠢᠯᠳᠦᠵᠦ ᠲᠤᠬᠳᠠᠬᠰᠠᠠ ᠮᠤᠩᠭᠤᠯ ᠤᠯᠤᠰ ᠤᠨ ᠭᠠᠵᠠᠷ ᠤᠨ ᠵᠢᠷᠤᠭ ᠲᠡᠭᠡᠷ᠎ᠠ ︽ᠬᠤᠷᠢᠳᠤᠭᠠᠷ ᠵᠠᠭᠤᠨ ᠤ ᠬᠠᠮᠤᠭ ᠤᠨ ᠰᠢᠯᠢᠳᠡᠭ ᠲᠠᠭᠤᠤ︾ ᠭᠡᠮᠡᠨ ᠰᠡᠶᠢᠯᠦᠭᠰᠡᠡ ᠪᠠᠶᠢᠯ᠎ᠠ᠂ ᠲᠤᠤᠷ᠎ᠠ ᠲᠠᠯ᠎ᠠ ᠳᠤᠨᠢ ᠲᠡᠷᠡ ᠲᠠᠭᠤᠤ ᠶᠢᠨ ᠲᠦᠷᠦᠭᠦᠦ ᠪᠠᠳᠠᠬ ᠤᠨ ᠭᠡᠳᠦᠨ ᠭᠡᠰᠡᠭ ᠲᠠᠪᠤᠨ ᠱᠤᠭᠤᠮᠳᠦ ᠨᠤᠲ ᠵᠢᠴᠢ ᠲᠠᠭᠤᠤ ᠶᠢᠨ ᠦᠭᠡ ᠪᠠᠶᠢᠪᠠ᠂ ᠲᠡᠷᠡ ᠲᠠᠭᠤᠤ ᠶᠢᠨ ᠨᠡᠷ᠎ᠠ ᠨᠢ ︽ ᠬᠠᠯᠠᠭᠤᠨ ᠡᠯᠢᠭᠡᠨ ᠨᠤᠳᠤᠭ  ︾  ᠁ ᠲᠠᠭᠤᠤ ᠶᠢᠨ ᠠᠶ᠎ᠠ ᠪᠤᠯᠤᠨ ᠲᠠᠭᠤᠤ ᠶᠢᠨ ᠦᠭᠡ ᠶᠢ ᠵᠤᠬᠢᠶᠠᠬᠰᠠᠠ ᠤᠷᠠᠯᠢᠬᠴᠢᠨ ᠤ ᠨᠡᠷ᠎ᠠ ᠶᠢ ᠰᠠᠭᠤᠷᠢ ᠲᠡᠭᠡᠷ᠎ᠠ ᠨᠢ ᠰᠡᠶᠢᠯᠵᠡᠢ᠃ ᠲᠡᠷᠡ ᠪᠤᠯ ᠨᠠᠰᠦ ᠪᠠᠷᠠᠬᠰᠠᠠ ᠮᠢᠨᠦ ᠨᠠᠶᠢᠵᠠ ᠪᠠᠳᠠᠷᠠ ᠠᠪᠤᠭᠠᠢ ᠪᠤᠯᠤᠨ᠎ᠠ᠃           ᠬᠦᠰᠢᠶᠡᠨ ᠤ ᠡᠮᠦᠨ᠎ᠠ᠂ ᠪᠢ ᠴᠠᠰᠤᠨᠴᠤᠯᠮᠤᠨ ᠢᠶᠠᠷ  ᠲᠠᠭᠤᠤ ᠶᠢᠨ ᠦᠭᠡ ᠶᠢ ᠨᠢ ᠤᠷᠴᠢᠭᠤᠯᠵᠤ᠂ ᠬᠤᠤᠰᠪᠠᠶᠠᠷ  ᠢᠶᠠᠷ ᠠᠶ᠎ᠠ ᠶᠢ ᠨᠢ ᠬᠦᠩᠭᠡᠨ ᠬᠢᠩᠰᠢᠬᠦᠯᠵᠦ ᠵᠤᠭᠰᠤᠬᠤ ᠳᠠᠭᠠᠨ᠂ ᠲᠡᠰᠭᠡᠯ ᠦᠭᠡᠢ ᠬᠠᠯᠠᠭᠤᠨ ᠨᠢᠯᠪᠤᠰᠦ ᠮᠡᠯᠮᠡᠷᠡᠭᠦᠯᠪᠡ᠃       ᠦᠳᠡ ᠶᠢᠨ ᠬᠤᠶᠢᠨᠠᠬᠢ ᠨᠠᠷᠠᠨ ᠭᠡᠷᠡᠯ ᠮᠦᠨ ᠯᠠ ᠬᠤᠷᠴᠠ ᠭᠡᠪ ᠢᠶᠠᠷ᠃       1991 ᠤᠨ ᠳᠤ ᠪᠠᠳᠠᠷᠠ ᠠᠪᠤᠭᠠᠢ ᠲᠠᠢ ᠠᠩᠬ᠎ᠠ ᠲᠠᠨᠢᠯᠴᠠᠬᠤ ᠦᠶ᠎ᠠ ᠳᠡᠭᠡᠨ ᠪᠢ ᠡᠨᠡ ᠡᠳᠦᠷ ᠤᠨ ᠮᠡᠳᠦ ᠪᠠᠶᠢᠳᠠᠯ ᠲᠠᠢ ᠪᠤᠯᠤᠨ᠎ᠠ ᠭᠡᠳᠡᠭ ᠢ ᠰᠠᠨᠠᠵᠦ ᠤᠯᠤᠬᠰᠠᠠ ᠦᠭᠡᠢ᠂ ᠨᠠᠰᠦ ᠪᠠᠷᠠᠬᠰᠠᠠ ᠨᠠᠶᠢᠵᠠ ᠶᠢᠨ ᠢᠶᠠᠨ ᠬᠦᠰᠢᠶᠡᠨ ᠤ ᠡᠮᠦᠨ᠎ᠠ ᠵᠤᠬᠰᠤᠭᠠᠳ ᠡᠩᠭᠦᠷᠠᠢ ᠬᠠᠶᠢᠷᠠᠳᠦ ᠤᠮᠪᠤᠯᠦ ᠦᠬᠢᠨ ᠨᠢ ᠪᠦᠳᠦᠭᠡᠯ ᠢ ᠨᠢ ᠤᠷᠴᠢᠭᠤᠯᠵᠦ᠂ ᠨᠢᠭᠡᠨ ᠮᠤᠩᠭᠤᠯ ᠵᠠᠯᠠᠭᠤ ᠶᠢᠨ ᠬᠦᠩᠭᠢᠨᠡᠮ᠎ᠠ ᠬᠤᠭᠤᠯᠠᠢ ᠪᠠᠷ ᠢᠶᠠᠨ ᠮᠠᠨ ᠤ ᠮᠤᠩᠭᠤᠯᠴᠤᠳ ᠤᠨ ᠲᠠᠭᠤᠯᠠᠬᠤ ᠲᠤᠷ᠎ᠠ ᠲᠠᠢ ᠡᠨᠡᠬᠦ ᠲᠠᠭᠤᠤ ᠶᠢ ᠲᠠᠭᠤᠯᠠᠵᠦ ᠦᠭᠭᠦ ᠶᠢ ᠨᠢ ᠰᠤᠨᠤᠰᠤᠭᠠᠳ ᠨᠠᠳᠠᠳᠤ ᠤᠨᠴᠠ ᠲᠤᠳᠤᠨᠤ ᠰᠠᠨᠠᠬᠳᠠᠯ᠎ᠠ᠃            ᠴᠠᠬ ᠮᠦᠴᠠ ᠮᠢᠨᠦ ᠨᠠᠶᠢᠵᠠ ᠯᠤᠭ᠎ᠠ ᠶᠢᠨ ᠤᠴᠠᠷᠠᠯ ᠢ ᠠᠷᠭ᠎ᠠ ᠪᠢᠯᠢᠭ ᠬᠤᠶᠠᠷ  ᠬᠤᠪᠢᠶᠠᠵᠠᠢ᠂ ᠴᠠᠬ ᠮᠦᠴᠡ ᠮᠦᠨ ᠴᠦ ᠡᠶᠢᠮᠦᠷᠬᠦ ᠨᠦᠬᠦᠷᠯᠡᠯ ᠢ ᠨᠡᠩ ᠵᠤᠵᠠᠭᠠᠳᠬᠠᠵᠦ ᠡᠳᠦᠭᠡ ᠭᠤᠷᠪᠠᠨ ᠦᠶ᠎ᠠ ᠶᠢᠨ ᠨᠦᠬᠦᠷᠯᠡᠯ ᠢ ᠬᠤᠯᠪᠤᠪᠠ᠂ ᠨᠠᠰᠦ ᠪᠠᠷᠠᠬᠰᠠ ᠬᠦᠮᠦᠨ ᠤ ᠲᠤᠷᠰᠬᠠᠯ ᠤᠨ ᠬᠦᠰᠢᠶ᠎ᠠ ᠶᠢᠨ ᠡᠮᠦᠨ᠎ᠠ ᠤᠮᠪᠤᠯᠦ ᠲᠠᠢ ᠨᠢ ᠬᠠᠮᠳᠦ ᠲᠡᠭᠦᠨ ᠢ ᠲᠤᠷᠠᠰᠤᠨ ᠰᠠᠨᠠᠭᠠᠯᠵᠠᠬᠤ ᠨᠢ ᠭᠤᠨᠢᠭ ᠲᠠᠢ ᠴᠤ ᠶᠠᠪᠤᠳᠠᠯ᠂  ᠪᠠᠶᠠᠷ ᠲᠠᠢ ᠴᠦ ᠶᠠᠪᠤᠳᠠᠯ ᠪᠤᠯᠵᠦ ᠬᠤᠴᠤᠷᠴᠠᠢ᠃          ᠲᠠᠬᠢᠭᠠᠳ ᠪᠢ ᠪᠠᠰᠠ 1992 ᠤᠨ ᠳᠤ ᠬᠤᠸᠠ ᠯᠢᠶᠠᠨ ᠳᠤ ᠪᠠᠶᠢᠬᠰᠠᠠ ᠦᠶ᠎ᠠ ᠶᠢ ᠰᠠᠨᠠᠵᠦ ᠤᠯᠤᠯ᠎ᠠ᠂ ᠪᠠᠳᠠᠷᠠ ᠠᠪᠤᠭᠠᠢ ᠤᠷᠢᠯᠭ᠎ᠠ ᠪᠠᠷ ᠲᠠᠶᠢᠸᠠᠨ ᠳᠤ ᠠᠶᠢᠯᠴᠢᠯᠠᠬᠤ ᠳᠠᠭᠠᠨ ᠬᠠᠩᠭᠢᠨᠠᠮ᠎ᠠ ᠬᠤᠭᠤᠯᠠᠢ ᠶᠢᠨ ᠲᠠᠭᠤᠴᠢᠨ ᠫᠦᠷᠪᠦᠳᠤᠷᠵᠢ᠂ ᠮᠤᠷᠢᠨ ᠬᠤᠭᠤᠷᠴᠢ ᠫᠦᠷᠪᠦᠵᠠᠪ ᠲᠠᠢ ᠬᠠᠮᠳᠦ ᠢᠷᠡᠪᠡ᠃ ᠨᠢᠭᠡ ᠡᠳᠦᠷ᠂ ᠬᠤᠸᠠ ᠯᠢᠶᠠᠨ ᠱᠠᠨ ᠤ ᠵᠤᠴᠢᠳ ᠤᠨ ᠪᠠᠭᠤᠳᠠᠯ ᠳᠤ ᠵᠢᠶᠠᠩ ᠰᠢᠶᠦ᠋ᠨ ᠪᠢᠳᠡ ᠬᠤᠶᠠᠭᠤᠯᠠ ᠲᠡᠳᠡ ᠭᠤᠷᠪᠠᠭᠤᠯᠠ ᠲᠠᠢ ᠲᠠᠭᠤᠯᠠᠵᠦ ᠨᠠᠶᠢᠷᠯᠠᠬᠰᠠᠠ ᠲᠡᠷᠡ ᠤᠷᠤᠢ᠂ ᠡᠬᠢᠯᠡᠭᠡᠳ ᠬᠠᠷᠢᠯᠴᠠᠨ ᠠᠷᠢᠬᠢ ᠪᠠᠷᠢᠵᠦ᠂ ᠨᠢᠭᠡ ᠨᠢ ᠨᠢᠭᠡ ᠪᠠᠳᠠᠬ ᠲᠠᠭᠤᠯᠠᠵᠦ ᠪᠠᠶᠢᠬᠰᠠᠠ ᠢᠶᠠᠨ ᠰᠡᠭᠦᠯᠳᠡᠵᠦ ᠢᠷᠡᠭᠡᠳ ᠬᠤᠶᠠᠷ ᠠᠩᠭᠢ ᠪᠤᠯᠵᠦ ᠬᠤᠪᠢᠶᠠᠬᠳᠠᠨ ᠨᠢᠭᠡ ᠨᠢ ᠭᠤᠤᠯᠯᠠᠨ ᠲᠠᠭᠤᠯᠠᠵᠦ ᠨᠦᠬᠦᠭᠡ ᠬᠤᠶᠠᠷ ᠨᠢ᠂ ᠡᠰᠡᠪᠡᠯ ᠨᠢᠭᠡ ᠨᠢ ᠬᠠᠪᠰᠤᠷᠤᠨ ᠲᠠᠭᠤᠯᠠᠵᠠᠢ᠃ ᠲᠡᠳᠡ ᠭᠤᠷᠪᠠᠭᠤᠯᠠ ᠲᠠᠭᠤᠤ ᠤᠷᠠᠯᠢᠬ ᠲᠤ ᠲᠠᠩᠴᠢ ᠠᠪᠢᠶᠠᠰᠳᠠᠢ ᠪᠠᠶᠢᠬᠰᠠᠠ ᠪᠤᠯᠬᠤᠷ ᠲᠠᠭᠤᠯᠠᠬᠰᠠᠠ ᠲᠠᠭᠤᠤ ᠶᠢᠨ ᠬᠢᠨᠢ ᠰᠠᠶᠢᠬᠠᠨ ᠭᠡᠳᠡᠭ ᠢ ᠲᠦᠷᠰᠦᠯᠡᠬᠦ ᠶᠢᠨ ᠠᠷᠭ᠎ᠠ ᠦᠭᠡᠢ᠂ ᠲᠡᠭᠡᠬᠦ ᠳᠤ ᠮᠢᠨᠦ ᠤᠷᠮᠠᠰ ᠬᠦᠳᠡᠯᠵᠦ ᠠᠯᠢ ᠪᠤᠯᠬᠤ ᠶᠢᠨ ᠲᠤᠳᠤᠷ᠎ᠠ ᠲᠠᠭᠤᠤ ᠶᠢᠨ ᠰᠠᠶᠢᠬᠠᠨ ᠢ ᠰᠤᠩᠭᠤᠵᠦ ᠬᠠᠷᠢᠭᠤ ᠲᠠᠭᠤᠤ ᠡᠷᠭᠦᠬᠦ ᠪᠠᠷ   ᠴᠢᠷᠮᠠᠶᠢᠯ᠎ᠠ ᠁          ᠲᠡᠷᠡ ᠤᠷᠤᠢ ᠦᠨᠡᠨ ᠰᠤᠯᠢᠶᠠᠷᠠᠬᠰᠠᠠ ᠮᠡᠳᠦ ᠬᠦᠭᠡᠷᠦᠯᠳᠤᠵᠠᠢ︕ ᠰᠡᠭᠦᠯᠡᠷ ᠨᠢ ᠰᠢᠶᠤᠤ ᠹᠧᠩ ᠳᠤ ᠭᠡᠯᠡᠭᠰᠡᠡ ᠳᠤ ᠲᠡᠷᠡ ᠲᠠᠨᠠᠤᠰ ᠶᠠᠭᠠᠬᠢᠭᠠᠳ ᠰᠢᠩᠭᠡᠭᠡᠯᠳᠡ ᠬᠢᠵᠦ ᠠᠪᠤᠬᠰᠠᠠ ᠦᠭᠡᠢ ᠪᠤᠢ︖ ᠭᠡᠵᠦ ᠭᠡᠯᠡᠪᠡ᠃ ᠦᠨᠡᠨ ᠰᠢᠳᠡ᠂ ᠭᠡᠳᠦᠢ ᠬᠠᠷᠠᠮᠰᠠᠯᠳᠠᠢ ᠪᠢᠯᠡ︕        ᠮᠠᠨ ᠤ ᠲᠠᠪᠤᠭᠤᠯᠠ ᠮᠠᠷᠠᠽᠤᠨ ᠤ ᠮᠠᠶ᠋ᠢᠬ ᠢᠶᠠᠷ ᠰᠦᠨᠢ ᠲᠦᠯᠢ ᠪᠤᠯᠳᠠᠯ᠎ᠠ ᠲᠠᠭᠤᠯᠠᠬᠤ ᠶᠢ ᠯᠡ ᠮᠡᠳᠡᠭᠰᠡᠡ  ᠠᠴᠠ ᠪᠢᠰᠢ ᠬᠠᠷᠢᠨ ᠰᠢᠩᠭᠡᠭᠡᠯᠳᠡ ᠬᠢᠬᠦ ᠶᠢ ᠶᠠᠭ ᠪᠤᠳᠤᠵᠦ ᠤᠯᠤᠬᠰᠠᠠ ᠦᠭᠡᠢ᠃ ᠨᠡᠭᠡᠷᠡᠨ ᠳ᠋ᠡ︕ ᠵᠦᠪᠭᠡᠨ ᠲᠡᠷᠡ ᠨᠢᠭᠡ ᠯᠠ ᠤᠷᠤᠢ ᠪᠠᠶᠢᠬᠰᠠᠠ᠂ ᠲᠡᠭᠦᠨ ᠠᠴᠠ ᠬᠤᠶᠢᠰᠢ ᠬᠤᠶᠠᠳᠡᠬᠢ ᠤᠳᠠᠭ᠎ᠠ ᠪᠠᠶᠢᠬᠤ ᠦᠭᠡᠢ ᠳ᠋ᠠ᠃                                                                                ︵ᠦᠷᠬᠦᠯᠵᠢᠯᠠᠯ ᠪᠤᠢ )                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号