ᠰᠢ᠊ ·  ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠭᠤᠷᠪᠠ︶
ᠨᠡᠶᠢᠲᠡᠯᠡᠭᠰᠡᠨ ᠴᠠᠭ᠄
2016/4/14
     10 ᠤ ᠡᠳᠦᠷ ︵ᠭᠠᠷᠠᠬ ᠤᠨ ᠨᠢᠭᠡᠨ᠂ ᠲᠤᠩᠭᠠᠯᠠᠬ︶               ᠤᠯᠤᠰ ᠤᠨ ᠪᠠᠶᠠᠷ ᠤᠨ ᠪᠡᠯᠭᠡᠯᠡᠬᠦ ᠠᠵᠢᠯᠯᠠᠭ᠎ᠠ 7 ᠰᠠᠷ᠎ᠠ ᠶᠢᠨ 10 ᠤ ᠡᠳᠦᠷ ᠠᠴᠠ ᠡᠬᠢᠯᠡᠭᠡᠳ 31 ᠤ ᠡᠳᠦᠷ ᠪᠤᠯᠳᠠᠯ᠎ᠠ ᠶᠠᠪᠤᠬᠳᠠᠨ᠎ᠠ᠂  ᠡᠨᠡ ᠡᠳᠦᠷ ᠪᠤᠯ ᠨᠢᠭᠡᠳᠦᠭᠡᠷ ᠡᠳᠦᠷ᠃ ᠪᠢ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠡ  —  ᠶᠢᠰᠦᠨ ᠬᠦᠯᠳᠦ ᠴᠠᠭᠠᠨ ᠵᠠᠯᠠᠭᠠᠳᠦ ᠲᠤᠭ ᠢ ᠤᠯᠵᠦ ᠦᠵᠡᠬᠦ ᠶᠢ ᠰᠠᠨᠠᠯ᠎ᠠ᠂ ᠲᠡᠭᠦᠨ ᠢ ᠪᠠᠰᠠ ᠶᠢᠰᠦᠨ ᠵᠠᠯᠮᠠᠳᠦ ᠴᠠᠭᠠᠨ ᠲᠤᠭ ᠭᠡᠳᠡᠭ᠃               ᠡᠨᠡ ᠨᠢ ᠡᠩᠭᠡ ᠲᠠᠶᠢᠪᠤᠩ ᠤᠨ ᠪᠡᠯᠭᠡ ᠲᠡᠮᠳᠡᠭ ᠪᠤᠯᠵᠦ ᠪᠠᠶᠢᠳᠠᠬ᠂ ᠮᠤᠩᠭᠤᠯ ᠦᠭᠡᠨ ᠳᠤ ︽ᠴᠠᠭᠠᠨ ᠰᠦᠯᠳᠡ︾ ᠭᠡᠳᠡᠭ ᠤᠳᠬ᠎ᠠ ᠲᠠᠢ᠃ ︽ᠴᠠᠭᠠᠨ︾ ᠭᠡᠳᠡᠭ ᠨᠢ ᠴᠠᠭᠠᠨ ᠦᠩᠭᠡ ᠶᠢ ᠵᠢᠭᠠᠵᠦ᠂ ︽ᠰᠦᠯᠳᠡ︾ ᠭᠡᠳᠡᠭ ᠨᠢ ︽ᠶᠡᠭᠡ ᠲᠠᠯᠪᠠᠭ᠎ᠠ︾ ᠶᠢ ᠵᠢᠭᠠᠵᠦ ᠪᠤᠢ᠃ ᠨᠤᠮ ᠳᠤ ︽ᠸᠴᠢᠷ ᠡᠷᠳᠡᠨᠢ ᠶᠢᠨ ᠵᠢᠳᠠ ᠶᠢᠨ ᠲᠤᠤᠷ᠎ᠠ ᠲᠠᠯ᠎ᠠ ᠳᠤ ᠲᠤᠭᠤᠷᠢᠬ ᠫᠠᠨᠰᠠ ᠲᠠᠢ ᠲᠡᠭᠦᠨ ᠢ ᠨᠠᠶᠠᠨ ᠨᠢᠭᠡ ᠨᠦᠭᠡᠯᠡᠨ ᠴᠠᠭᠠᠨ ᠰᠠᠭᠠᠯᠳᠤᠷᠭ᠎ᠠ ᠤᠷᠤᠭᠤᠯᠵᠦ ᠰᠤᠷ ᠢᠶᠠᠷ ᠬᠤᠯᠪᠤᠨ ᠤᠶᠠᠵᠦ ᠡᠰᠢ ᠲᠠᠭᠠᠷᠠᠭᠤᠯᠤᠨ ᠪᠤᠰᠬᠠᠵᠦ ᠨᠠᠢᠮᠠᠨ ᠬᠠᠪᠰᠤᠷᠤᠭ᠎ᠠ ᠵᠢᠳᠠ ᠲᠠᠢ ᠬᠤᠯᠪᠤᠨ ᠲᠤᠬᠳᠠᠭᠠᠳᠠᠬ︾ ᠭᠡᠵᠦ ᠲᠡᠮᠳᠡᠭᠯᠡᠵᠦ ᠪᠤᠢ  ︵︽ᠴᠢᠩᠭᠢᠰ ᠤᠨ ᠲᠠᠬᠢᠯᠭ᠎ᠠ︾ ᠶᠢᠨ 222 ᠳ᠋ᠤᠭᠠᠷ ᠨᠢᠭᠤᠷ︶᠃           ᠴᠠᠭᠠᠨ ᠰᠠᠭᠠᠯᠳᠤᠷᠭ᠎ᠠ ︵ᠵᠠᠯᠠᠭ᠎ᠠ︶ ᠶᠢ ᠪᠤᠯ ᠠᠵᠢᠷᠭ᠎ᠠ ᠶᠢᠨ ᠴᠠᠭᠠᠨ ᠲᠡᠯ ᠢᠶᠠᠷ ᠬᠢᠳᠡᠭ᠃ ᠲᠤᠮᠳᠠ ᠨᠢ ᠨᠢᠭᠡᠨ ᠲᠤᠮᠦ ᠵᠢᠳᠠ ᠲᠠᠢ᠂ ᠨᠠᠢᠮᠠᠨ ᠬᠠᠪᠰᠤᠷᠤᠬᠰᠠᠠ ᠵᠢᠳᠠ ᠪᠤᠢ᠂ ᠡᠩᠭᠡ ᠲᠠᠶᠢᠪᠤᠩ ᠴᠠᠬ ᠦᠶ᠎ᠠ ᠳᠤ ᠶᠢᠰᠦᠨ ᠵᠠᠯᠠᠭᠠᠳᠦ ᠲᠤᠭ ᠢᠶᠠᠷ ᠤᠯᠤᠰ ᠤᠨ ᠪᠡᠯᠭᠡ ᠲᠡᠮᠳᠡᠭ ᠪᠤᠯᠭᠠᠳᠠᠬ᠃            ᠲᠠᠶᠢᠨ ᠳᠤ ᠮᠤᠷᠳᠠᠬᠤ ᠦᠶ᠎ᠠ ᠳᠤ ᠮᠤᠬᠤᠯᠠᠢ ᠶᠢᠨ ᠲᠦᠷᠦᠯ ᠤᠬᠰᠠᠭ᠎ᠠ ᠶᠢᠨ ᠮᠠᠨᠳᠤᠭᠤᠯᠵᠦ ᠶᠠᠪᠤᠭ᠎ᠠ ︽ᠬᠠᠷ᠎ᠠ ᠲᠤᠬ︾ ︵ᠪᠠᠰᠠ ᠲᠦᠷᠪᠡᠨ ᠵᠠᠯᠮᠠᠳᠦ ᠬᠤᠪᠢᠯᠭᠠᠨ ᠵᠢᠳᠠ ᠭᠡᠳᠡᠭ︶ ᠢᠶᠠᠷ ᠲᠠᠶᠢᠨ ᠢ ᠵᠢᠯᠤᠭᠤᠳᠤᠳᠠᠬ᠃ ᠡᠨᠡ ᠪᠤᠯ ᠴᠢᠩᠭᠢᠰ ᠬᠠᠭᠠᠨ ᠤ ᠴᠡᠷᠢᠭ ᠤᠨ ᠲᠤᠭ ᠪᠤᠯᠤᠨ᠎ᠠ᠂ ᠮᠤᠩᠭᠤᠯ ᠢᠶᠠᠷ ︽ᠬᠠᠷ᠎ᠠ ᠰᠦᠯᠳᠡ︾ ᠭᠡᠳᠡᠭ᠃ ︽ᠬᠠᠷ᠎ᠠ︾ ᠪᠤᠯ ᠬᠠᠷ᠎ᠠ ᠦᠩᠭᠡ ᠶᠢ ᠵᠢᠭᠠᠵᠦ᠂ ᠶᠢᠰᠦ ᠶᠢᠰᠦ ᠨᠠᠶᠠᠨ ᠨᠢᠭᠡᠨ ᠭᠡᠭᠡᠷ ᠮᠤᠷᠢᠨ ᠤ ᠲᠡᠯ ᠢᠶᠠᠷ ᠬᠢᠭᠰᠡᠡ ᠪᠠᠶᠢᠨ᠎ᠠ᠂ ᠬᠠᠷ᠎ᠠ ᠲᠤᠬ ᠤᠨ ᠡᠰᠢ ᠶᠢ ᠪᠤᠯ ᠠᠰ ᠰᠢᠯᠤᠭᠤᠨ ᠮᠠᠶᠢᠯᠠᠰᠦᠨ ᠮᠤᠳᠦ ᠪᠠᠷ ᠬᠢᠵᠦ᠂ ᠨᠢᠭᠡ ᠭᠤᠤᠯ ᠵᠢᠳᠠ ᠲᠦᠷᠪᠡᠨ ᠪᠠᠭ᠎ᠠ ᠵᠢᠳᠠ ᠪᠠᠷ ᠪᠦᠷᠢᠯᠳᠦᠵᠠᠢ᠂ ᠡᠨᠡ ᠲᠠᠪᠤᠨ ᠬᠠᠷ᠎ᠠ ᠲᠤᠭ ᠨᠢ ᠨᠢᠭᠡᠯᠡ ᠤᠳᠬ᠎ᠠ ᠲᠠᠢ᠂ ︽ᠠᠮᠢᠨ ᠰᠦᠨᠡᠰᠦ ᠶᠢᠨ ᠠᠮᠢᠨ ᠰᠦᠨᠡᠰᠦ︾ ᠭᠡᠳᠡᠭ᠂ ᠴᠡᠷᠢᠭ ᠤᠨ ᠰᠦᠷ ᠤᠨ ᠪᠡᠯᠭᠡ ᠲᠡᠮᠳᠡᠭ᠂ ᠮᠦᠨ ᠴᠦ ᠪᠤᠷᠬᠠᠨ ᠲᠡᠭᠷᠢ ᠠᠴᠠ ᠢᠪᠡᠭᠡᠨ ᠰᠤᠶᠤᠷᠬᠠᠬᠰᠠᠠ ᠬᠤᠪᠢᠯᠭᠠᠨ ᠪᠡᠯᠡᠭ᠂ ᠭᠡᠷᠪᠡ ᠡᠨᠡᠬᠦ ᠬᠠᠷ᠎ᠠ ᠲᠤᠭ ᠢ ᠮᠠᠨᠳᠤᠭᠤᠯᠤᠨ ᠭᠠᠷᠭᠠᠮᠠᠬᠴᠠ ᠲᠡᠭᠷᠢ ᠶᠢᠨ ᠲᠤᠤᠷᠠᠬᠢ ᠠᠮᠢᠳᠡᠨ ᠭᠤᠤᠯᠳᠠᠨ ᠢ ᠪᠦᠷ ᠨᠤᠮᠤᠬᠠᠳᠬᠠᠨ ᠲᠠᠭᠠᠭᠤᠯᠵᠦ ᠴᠢᠳᠠᠳᠠᠬ ᠭᠡᠨ᠎ᠠ᠃           ᠴᠢᠩᠬᠢᠰ ᠬᠠᠭᠠᠨ ᠤ ︽ᠬᠠᠷ᠎ᠠ ᠰᠦᠯᠳᠡ︾ ᠶᠢ ᠡᠳᠦᠭᠡ ᠦᠪᠦᠷ ᠮᠤᠩᠭᠤᠯ ᠤᠨ ᠤᠷᠳᠤᠰ ᠬᠤᠳᠠ ᠶᠢᠨ ᠡᠵᠡᠨ ᠬᠤᠷᠤᠭ᠎ᠠ ᠶᠢᠨ ᠴᠢᠩᠬᠢᠰ ᠤᠨ ᠤᠩᠭᠤᠨ ᠳᠤ ᠲᠠᠬᠢᠵᠦ ᠪᠠᠶᠢᠨ᠎ᠠ᠃           ᠮᠤᠩᠭᠤᠯ ᠤᠯᠤᠰ ᠤᠨ ᠲᠠᠬᠢᠵᠦ ᠪᠠᠶᠢᠭ᠎ᠠ ︽ᠴᠠᠭᠠᠨ ᠰᠦᠯᠳᠡ︾ ᠶᠢ ᠡᠩ ᠤᠨ ᠦᠶ᠎ᠠ ᠳᠤ ᠤᠯᠠᠭᠠᠨᠪᠠᠭᠠᠳᠤᠷ ᠤᠨ ᠵᠠᠰᠠᠬ ᠤᠨ ᠤᠷᠳᠤᠨ ᠤ ᠲᠤᠮᠦ ᠠᠰᠠᠷ ᠤᠨ ᠶᠡᠭᠡ ᠬᠠᠭᠠᠯᠭ᠎ᠠ ᠶᠢᠨ ᠲᠡᠨᠳᠡ ᠬᠠᠳᠬᠤᠵᠦ ᠪᠤᠢ᠂ ᠤᠯᠤᠰ ᠤᠨ ᠪᠠᠶᠠᠷ ᠪᠤᠯᠬᠤ ᠦᠶ᠎ᠠ ᠳᠤ ᠮᠤᠷᠢᠳᠠᠨ ᠠᠩᠬᠢ ᠪᠠᠷ ᠵᠠᠯᠠᠨ ᠭᠠᠷᠭᠠᠵᠦ ᠬᠤᠳᠠ ᠶᠢᠨ ᠲᠦᠪ ᠲᠤ ᠪᠠᠶᠢᠭ᠎ᠠ ᠰᠦᠭᠡᠪᠠᠭᠠᠳᠤᠷ ᠠᠭᠤᠳᠠᠮ ᠲᠠᠯᠠᠪᠠᠢ ᠳᠤ ᠬᠠᠳᠬᠤᠵᠦ᠂ ︽ᠨᠠᠭᠠᠳᠤᠮ ᠤᠨ ᠬᠤᠷᠠᠯ︾ ᠶᠠᠪᠤᠬᠳᠠᠭᠤᠯᠬᠤ ᠦᠶ᠎ᠠ ᠳᠤ ᠪᠡᠯᠭᠡᠯᠡᠬᠦ ᠶᠡᠭᠡ ᠬᠤᠷᠠᠯ ᠤᠨ ᠲᠠᠯᠠᠪᠠᠢ ᠶᠢᠨ ᠲᠦᠪ ᠲᠤ ᠬᠠᠳᠬᠤᠳᠠᠬ᠃             1991 ᠤᠨ ᠳᠤ ᠪᠢ ᠲᠠᠶᠢᠪᠸᠢ ᠶᠢᠨ ᠤᠳᠬ᠎ᠠ ᠤᠷᠠᠯᠢᠭ ᠤᠨ ᠡᠳᠡᠭᠡᠳ ᠤᠨ 16 ᠨᠠᠶᠢᠵᠢ ᠲᠠᠢ ᠤᠷᠢᠯᠭ᠎ᠠ  ᠪᠠᠷ ᠮᠤᠩᠭᠤᠯ ᠤᠯᠤᠰ ᠲᠤ ᠬᠦᠷᠴᠦ ᠲᠡᠷᠡ ᠵᠢᠯ ᠤᠨ ᠤᠯᠤᠰ ᠤᠨ ᠪᠠᠶᠠᠷ ᠢ ᠪᠡᠯᠭᠡᠯᠡᠬᠦ ᠠᠵᠢᠯᠯᠠᠭ᠎ᠠ ᠳᠤ ᠤᠷᠤᠯᠴᠠᠬᠰᠠᠨ ᠶᠤᠮ᠃ ᠰᠠᠶᠢᠨ ᠰᠠᠨᠠᠭ᠎ᠠ ᠲᠠᠢ ᠮᠤᠩᠭᠤᠯᠴᠤᠳ ᠨᠠᠳᠠᠳᠦ ᠰᠤᠷᠪᠤᠯᠵᠢᠯᠠᠬᠴᠢ ᠶᠢᠨ ᠦᠨᠡᠮᠯᠡᠯ ᠤᠯᠵᠦ ᠦᠭᠭᠦᠭᠰᠡᠡ ᠠᠴᠠ ᠪᠢ ︽ᠨᠠᠭᠠᠳᠤᠮ ᠤᠨ ᠬᠤᠷᠠᠯ︾ ᠤᠨ ᠭᠤᠤᠯ ᠲᠠᠯᠠᠪᠠᠢ ᠳᠤ ᠤᠷᠤᠵᠦ ᠡᠯ᠎ᠠ ᠵᠦᠢᠯ ᠤᠨ ᠠᠵᠢᠯᠯᠠᠭ᠎ᠠ ᠶᠢᠨ ᠪᠠᠶᠢᠳᠠᠯ ᠢ ᠤᠢᠢᠷ᠎ᠠ ᠵᠠᠢ ᠠᠴᠠ ᠰᠡᠭᠦᠳᠡᠷᠯᠡᠵᠦ ᠴᠢᠳᠠᠬᠰᠠᠠ᠃              ᠪᠢ ᠴᠠᠭᠠᠨ ᠰᠦᠯᠳᠡ ᠳᠤ ᠤᠨᠴᠠ ᠬᠠᠶᠢᠷ᠎ᠠ ᠰᠡᠳᠭᠢᠯᠭᠡ ᠲᠠᠢ᠃ ᠬᠦᠭᠡᠮᠳᠦᠭ ᠤᠬᠳᠠᠷᠭᠤᠢ ᠬᠦᠪᠦᠩ ᠴᠠᠭᠠᠨ ᠡᠭᠦᠯᠡ ᠶᠢᠨ ᠲᠤᠤᠷ᠎ᠠ ᠰᠠᠯᠬᠢᠨ ᠤ ᠠᠶ᠎ᠠ ᠪᠠᠷ ᠲᠡᠷᠪᠡᠯᠵᠡᠨ ᠭᠡᠶᠢᠰᠬᠦ ᠶᠢᠰᠦᠨ ᠬᠦᠯᠳᠦ ᠴᠠᠭᠠᠨ ᠲᠤᠭ ᠨᠢ ᠦᠨᠡᠭᠡᠷ ᠰᠦᠷ ᠲᠠᠢ ᠬᠠᠷᠠᠬᠳᠠᠨ᠎ᠠ᠂ ᠪᠠᠶᠢᠨ ᠲᠠᠬᠢᠨ ᠭᠡᠳᠦᠢ ᠴᠦ ᠰᠡᠭᠦᠳᠡᠷᠯᠡᠭᠰᠡᠡ ᠢ ᠪᠤᠤ ᠮᠡᠳᠡ᠂ ᠲᠠᠶᠢᠸᠠᠨ ᠳᠤ ᠪᠤᠴᠠᠬᠰᠠᠠ ᠤ ᠬᠤᠶᠢᠨ᠎ᠠ ᠴᠦ ᠭᠡᠳᠦᠢ ᠶᠢ ᠲᠤᠮᠤᠷᠠᠭᠤᠯᠤᠨ ᠤᠬᠢᠶᠠᠯᠭᠠᠵᠦ ᠠᠪᠤᠭᠠᠳ ᠨᠠᠶᠢᠵᠢ ᠨᠦᠬᠦᠳ ᠲᠡᠭᠡᠨ ᠪᠡᠯᠡᠭᠯᠡᠵᠦ ᠪᠢᠯᠠ᠃ ᠮᠦᠨ ᠵᠢᠯ ᠤᠨ 9 ᠰᠠᠷ᠎ᠠ ᠳᠤ ᠤᠯᠠᠭᠠᠨᠪᠠᠭᠠᠳᠤᠷ ᠲᠤ ᠲᠠᠬᠢᠭᠠᠳ ᠬᠦᠷᠦᠭᠰᠡᠡ ᠤ ᠬᠤᠶᠢᠨ᠎ᠠ ᠲᠤᠰ ᠭᠠᠵᠠᠷ ᠤᠨ ᠭᠡᠳᠦᠨ ᠨᠠᠶᠢᠵᠢ ᠨᠠᠷ ᠲᠠᠭᠠᠨ ᠴᠦ ᠪᠡᠯᠡᠭ ᠪᠤᠯᠭᠠᠨ ᠪᠠᠷᠢᠬᠰᠠᠠ᠃        ᠭᠡᠳᠡᠯ᠎ᠠ ᠭᠡᠷᠡᠯ ᠵᠢᠷᠤᠬ ᠤᠨ ᠢᠯᠳᠡᠰᠦ ᠶᠢ ᠬᠠᠮᠢᠭ᠎ᠠ ᠲᠠᠯᠪᠢᠬᠰᠠᠠ ᠢᠶᠠᠨ ᠮᠡᠳᠡᠬᠦ ᠦᠭᠡᠢ ᠪᠤᠯᠵᠠᠢ᠃            ᠡᠨᠡ ᠤᠳᠠᠭ᠎ᠠ ᠵᠠᠪᠠᠯ ᠰᠠᠶᠢᠬᠠᠨ ᠰᠡᠭᠦᠳᠡᠷᠯᠡᠵᠦ ᠠᠪᠴᠢᠷᠠᠶ᠎ᠠ ᠭᠡᠵᠦ ᠪᠤᠳᠤᠯ᠎ᠠ᠃       11 ᠴᠠᠬ ᠲᠤ ᠴᠢᠮᠡᠭ ᠪᠠᠭᠤᠳᠠᠯ ᠳᠤ ᠢᠷᠡᠭᠡᠳ ᠰᠦ᠋ ᠶᠢᠩ ᠪᠢᠳᠡ ᠬᠤᠶᠠᠭᠤᠯᠠ ᠶᠢ ᠠᠪᠤᠭᠠᠳ ᠰᠦᠭᠡᠪᠠᠭᠠᠳᠤᠷ ᠠᠭᠤᠳᠠᠮ ᠲᠠᠯᠠᠪᠠᠢ ᠳᠤ ᠬᠦᠷᠴᠠᠢ᠃       ᠠᠭᠤᠷ ᠠᠮᠢᠰᠬᠤᠯ ᠤᠶᠠᠬᠠᠨ ᠲᠤᠯᠠᠭᠠᠨ᠂ ᠠᠭᠤᠳᠠᠮ ᠲᠠᠯᠠᠪᠠᠢ ᠳᠤ ᠭᠡᠳᠦ᠋ᠢᠨ ᠰᠡᠷᠭᠡᠶᠢᠯᠡᠯᠳᠡ ᠶᠢᠨ ᠬᠠᠰᠢᠭᠤᠷ ᠭᠠᠷᠭᠠᠵᠦ᠂ ᠶᠤᠰᠤᠯᠠᠯ ᠤᠨ ᠲᠠᠯᠠᠪᠠᠢ ᠶᠢᠨ ᠬᠦᠷᠢᠶ᠎ᠠ ᠭᠡᠪᠴᠢᠶ᠎ᠠ ᠶᠢ ᠲᠤᠬᠳᠠᠭᠠᠨ ᠴᠠᠬᠳᠠᠭ᠎ᠠ ᠬᠠᠷᠠᠭᠤᠯ ᠵᠤᠬᠰᠤᠵᠦ ᠡᠬᠢᠯᠡᠭᠰᠡᠡ ᠠᠴᠠ ᠰᠤᠯᠠ ᠬᠦᠮᠦᠰ ᠤᠨ ᠤᠷᠤᠵᠦ ᠭᠠᠷᠬᠤ ᠶᠢ ᠬᠤᠷᠢᠬᠯᠠᠬᠰᠠᠠ ᠪᠠᠶᠢᠯ᠎ᠠ᠃ ᠰᠦ᠋ ᠶᠢᠩ ᠪᠢᠳᠡ ᠬᠤᠶᠠᠭᠤᠯᠠ ᠰᠤᠷᠪᠤᠯᠵᠢᠯᠠᠬᠤ ᠦᠨᠡᠮᠯᠡᠯ ᠢᠶᠠᠨ ᠡᠩᠭᠡᠷ ᠲᠡᠭᠡᠨ ᠵᠡᠭᠦᠵᠦ᠂ ᠴᠢᠮᠡᠭ ᠮᠠᠨ ᠳᠤ ᠤᠷᠴᠢᠭᠤᠯᠤᠬᠴᠢ ᠪᠤᠯᠤᠬᠰᠠᠠ ᠤᠴᠢᠷ ᠠᠴᠠ ᠭᠤᠷᠪᠠᠭᠤᠯᠠ ᠬᠠᠷᠠᠭᠤᠯ ᠤᠨ ᠬᠦᠮᠦᠰ ᠤᠨ ᠪᠠᠶᠢᠴᠠᠭᠠᠯᠳᠠ ᠶᠢ ᠰᠠᠭᠠᠳ ᠦᠭᠡᠢ ᠦᠩᠭᠡᠷᠡᠨ ᠲᠠᠯᠠᠪᠠᠢ ᠳᠤ ᠤᠷᠤᠵᠦ᠂ ᠡᠯ᠎ᠠ ᠤᠯᠤᠰ ᠠᠴᠠ ᠢᠷᠡᠭᠰᠡᠡ ᠰᠤᠷᠪᠤᠯᠵᠢᠯᠠᠬᠴᠴᠢ ᠶᠢᠨ ᠡᠩᠨᠡᠭᠡᠨ ᠳᠤ ᠤᠷᠤᠵᠦ ᠵᠤᠬᠰᠤᠨ ᠰᠠᠨᠠᠬᠰᠠᠠ ᠳᠠᠭᠠᠨ ᠬᠦᠷᠦᠭᠡᠳ ᠦᠨᠡᠭᠡᠷ ᠪᠠᠶᠠᠷᠯᠠᠵᠠᠢ᠃ ᠰᠠᠶᠢᠨ ᠶᠠᠪᠤᠳᠠᠯ ᠳᠤ ᠰᠠᠭᠠᠳ ᠤᠯᠠᠨ ᠭᠡᠳᠡᠭ ᠢᠶᠠᠷ ᠮᠢᠨᠦ ᠠᠪᠴᠢᠷᠠᠬᠰᠠᠠ ᠬᠤᠶᠠᠷ ᠰᠡᠭᠦᠳᠡᠷ ᠤᠨ ᠮᠠᠰᠢᠨ ᠤ ᠨᠢᠭᠡ ᠨᠢ ᠲᠤᠭᠠᠴᠢᠯᠠᠬᠰᠠᠠ ᠪᠠᠭ᠎ᠠ ᠮᠠᠰᠢᠨ᠂ ᠨᠦᠬᠦᠭᠡ ᠨᠢ ᠤᠯᠠᠨ ᠵᠢᠯ ᠪᠤᠯᠵᠦ ᠪᠠᠶᠢᠭ᠎ᠠ ᠭᠠᠭᠴᠠ ᠨᠢᠳᠦ ᠲᠠᠢ NiKon ᠪᠠᠶᠢᠪᠠ᠃ ᠶᠤᠰᠤᠯᠠᠯ ᠡᠬᠢᠯᠡᠬᠦ ᠠᠴᠠ ᠡᠮᠦᠨ᠎ᠠ ᠪᠢ ᠲᠡᠷᠡ ᠤᠯᠠᠨ ᠪᠢᠴᠢᠬᠠ ᠮᠤᠷᠢᠨ ᠬᠤᠭᠤᠷᠴᠢᠳ ᠢ ᠰᠡᠭᠦᠳᠡᠷᠯᠡᠵᠦ ᠠᠪᠤᠶ᠎ᠠ ᠭᠡᠭᠦᠯᠡᠷ ᠲᠠᠷᠤᠮ ᠨᠢ ᠬᠦᠳᠡᠯᠬᠦ ᠪᠠᠨ ᠪᠤᠯᠢᠴᠢᠬᠠᠪᠠ ᠃              ᠭᠡᠷᠡᠯ ᠵᠢᠷᠤᠬ ᠤᠨ ᠢᠯᠳᠠᠰᠦ ᠶᠢ ᠶᠠᠭᠠᠷᠠᠦ ᠰᠠᠨᠳᠤᠷᠤᠤ ᠰᠤᠯᠢᠬᠰᠠᠠ ᠤ ᠬᠠᠷᠠᠭ᠎ᠠ ᠠᠴᠠ ᠪᠤᠯᠪᠠᠤ ᠭᠡᠷᠯ ᠵᠢᠷᠤᠬ ᠤᠨ ᠮᠠᠰᠢᠨ ᠳᠤ ᠭᠡᠮ ᠭᠠᠷᠤᠯ᠎ᠠ᠃ ᠦᠨᠡᠨ ᠠᠭᠤᠷ ᠢ ᠬᠦᠷᠭᠡᠮᠡᠷ ᠳ᠋ᠡ︕ ᠲᠡᠷᠡ ᠬᠤᠯᠠ ᠠᠴᠠ ᠡᠭᠦᠷᠴᠦ ᠠᠪᠴᠢᠷᠠᠬᠰᠠᠠ ᠭᠠᠶᠢᠬᠠᠯᠳᠦ ᠮᠠᠰᠢᠨ ᠢ ᠲᠡᠮᠡᠢ ᠬᠡᠳᠦ ᠭᠡᠷᠡᠭᠯᠡᠭᠰᠡᠡ ᠦᠭᠡᠢ ᠪᠤᠯᠬᠤ ᠪᠠᠨ ᠪᠠᠶᠢᠴᠢᠬᠠᠪᠠ᠃       ᠡᠨᠡ ᠦᠶ᠎ᠠ ᠳᠤ ᠴᠠᠭᠠᠨ ᠰᠦᠯᠳᠡ ᠶᠢ ᠬᠠᠮᠠᠭᠠᠯᠠᠨ ᠬᠦᠷᠭᠡᠵᠦ ᠢᠷᠡᠭᠰᠡᠡ ᠮᠤᠷᠢᠳᠡᠨ ᠡᠩᠨᠡᠭᠡ ᠠᠯᠭᠤᠷ ᠢᠶᠠᠷ ᠤᠷᠤᠵᠦ ᠢᠷᠡᠯ᠎ᠠ᠂ ᠪᠢ ᠵᠦᠪᠭᠡᠨ ᠲᠤᠭᠠᠴᠢᠯᠠᠬᠰᠠᠠ ᠪᠠᠭ᠎ᠠ ᠰᠡᠭᠦᠳᠡᠷ ᠤᠨ ᠮᠠᠰᠢᠨ ᠢᠶᠠᠨ ᠭᠡᠷᠡᠭᠯᠡᠬᠦ ᠠᠴᠠ ᠦᠭᠡᠷ᠎ᠠ ᠠᠷᠭ᠎ᠠ ᠦᠭᠡᠢ ᠪᠤᠯᠵᠠᠢ᠃             ᠲᠤᠭᠠᠴᠢᠯᠠᠬᠰᠠᠠ ᠪᠠᠭ᠎ᠠ ᠰᠡᠭᠦᠳᠡᠷ ᠤᠨ ᠮᠠᠰᠢᠨ ᠤ ᠲᠠᠪᠬᠤᠷᠭ᠎ᠠ ᠨᠢ ᠵᠤᠯᠠ ᠰᠡᠭᠦᠳᠡᠷ ᠤᠨ ᠹᠢᠯᠢᠮ ᠢ ᠬᠦᠷᠬᠦ ᠦᠭᠡᠢ ᠪᠤᠯᠪᠠᠴᠦ ᠲᠡᠭᠦᠨ ᠢ ᠭᠡᠷᠡᠭᠯᠡᠪᠡᠯ ᠭᠡᠷᠡᠯ ᠵᠢᠷᠤᠬ ᠤᠨ ᠢᠯᠳᠠᠰᠦ ᠰᠤᠯᠢᠬᠤ ᠴᠢᠬᠤᠯᠠ ᠦᠭᠡᠢ ᠪᠤᠯᠬᠤᠷ ᠮᠤᠷᠢᠳᠡᠨ ᠡᠩᠨᠡᠭᠡ ᠶᠢᠨ ᠤᠯᠠᠨ ᠬᠦᠳᠡᠯᠪᠤᠷᠢ ᠶᠢ ᠰᠡᠭᠦᠳᠡᠷᠯᠡᠵᠦ ᠵᠠᠪᠳᠤᠵᠠᠢ᠃             ᠮᠤᠷᠢᠳᠡᠨ ᠡᠩᠨᠡᠭᠡ ᠶᠢᠨ ᠲᠤᠳᠤᠷᠠᠬᠢ ᠡᠷᠳᠡᠨ ᠤ ᠮᠠᠶ᠋ᠢᠬ ᠤᠨ ᠴᠡᠷᠢᠭ ᠤᠨ ᠬᠤᠪᠴᠠᠰᠦ ᠡᠮᠦᠰᠦᠭᠡᠳ ᠪᠠᠷᠠᠭᠤᠨ ᠭᠠᠷ ᠲᠠᠭᠠᠨ ᠴᠠᠭᠠᠨ ᠦᠩᠭᠡ ᠶᠢᠨ ᠶᠢᠰᠦᠨ ᠵᠠᠯᠠᠭᠠᠳᠦ ᠲᠤᠭ ᠪᠠᠷᠢᠬᠰᠠᠠ ᠴᠡᠷᠢᠭ ᠤᠳ ᠤᠨ ᠲᠠᠯᠠᠪᠠᠢ ᠳᠤ ᠤᠷᠤᠵᠦ ᠢᠷᠡᠬᠦ ᠨᠢ ᠤᠨᠴᠠ ᠢᠯᠡ ᠲᠠᠢ ᠬᠠᠷᠠᠬᠳᠠᠨ᠎ᠠ᠂ ᠵᠢᠭᠳᠡ ᠮᠦᠷᠡᠯᠡᠨ ᠲᠤᠬᠳᠠᠮ ᠠᠯᠬᠤᠭ᠎ᠠ ᠪᠠᠷ ᠬᠤᠷᠠᠯ ᠤᠨ ᠲᠠᠯᠠᠪᠠᠢ ᠶᠢᠨ ᠡᠮᠦᠨ᠎ᠠ ᠪᠠᠶᠢᠷᠢ ᠶᠢᠨ ᠭᠤᠤᠯ ᠳᠤ ᠬᠦᠷᠴᠦ ᠢᠷᠡᠭᠡᠳ ᠮᠤᠷᠢ ᠪᠠᠨ ᠡᠷᠭᠢᠭᠦᠯᠦᠨ ᠬᠦᠨᠳᠡᠯᠡᠨ ᠮᠦᠷᠯᠡᠵᠦ ᠵᠤᠬᠰᠤᠬᠰᠠᠠ ᠤ ᠪᠠᠨ ᠲᠠᠷᠠᠭ᠎ᠠ ᠭᠠᠷ ᠲᠠᠬᠢ ᠲᠤᠭ ᠢᠶᠠᠨ ᠠᠪ ᠠᠰᠬᠠᠨ ᠡᠷᠭᠦᠨ ᠮᠤᠷᠢᠨ ᠤ ᠡᠮᠦᠨ᠎ᠠ ᠵᠤᠬᠰᠤᠵᠦ ᠪᠠᠶᠢᠬᠰᠠᠠ ᠨᠦᠬᠦᠭᠡ ᠶᠢᠰᠦᠨ ᠴᠡᠷᠢᠭ ᠲᠤ ᠲᠠᠮᠵᠢᠭᠤᠯᠤᠨ ᠦᠭᠭᠦᠭᠡᠳ ᠲᠡᠳᠡ ᠰᠠᠶᠢ ᠮᠤᠷᠢᠨ ᠠᠴᠠ ᠪᠠᠨ ᠪᠠᠭᠤᠵᠠᠢ᠃ ᠭᠠᠶᠢᠬᠠᠯ ᠲᠠᠢ ᠰᠠᠶᠢᠠᠬᠨ ᠰᠤᠷᠭᠠᠭᠤᠯᠢᠯᠠᠯ ᠲᠠᠢ ᠮᠤᠷᠢᠳ᠂ ᠬᠠᠳᠠᠬᠰᠠᠠ ᠬᠠᠳᠠᠭᠠᠰᠦ ᠰᠢᠬ ᠬᠦᠳᠡᠯᠬᠦ ᠴᠦ ᠦᠭᠡᠢ᠂ ᠰᠦᠷ ᠵᠢᠪᠬᠤᠭ᠎ᠠ ᠲᠠᠢ ᠬᠠᠷᠠᠬᠳᠠᠨ᠎ᠠ᠃ ᠠᠱᠢᠳᠠᠢ᠂ ᠠᠱᠢᠳᠠᠢ︕ ᠮᠤᠷᠢᠳᠡᠨ ᠦᠨᠳᠦᠰᠦᠳᠡᠨ ᠭᠡᠳᠡᠭ ᠨᠡᠷ᠎ᠠ ᠨᠢᠳᠡᠷ  ᠲᠡᠭᠡᠨ ᠬᠦᠷᠦᠯ᠎ᠠ᠃ ᠠᠬᠳᠠ ᠬᠦᠯᠦᠭ ᠤᠨ ᠠᠭᠠᠰᠢ ᠶᠢ ᠮᠡᠳᠡᠵᠦ ᠡᠳᠡᠭᠡᠳ ᠤᠯᠤᠯᠴᠠᠳᠠᠬ ᠤᠨ ᠨᠢᠭᠤᠴᠠ ᠶᠢ ᠴᠦ ᠭᠠᠶᠢᠬᠠᠯ᠎ᠠ ︵ᠬᠠᠪᠤᠷ ᠮᠢᠨᠦ ᠫᠤᠯᠠᠨᠳ᠋ ᠲᠤ ᠦᠵᠡᠭᠰᠡᠡ ᠮᠤᠷᠢᠳᠡᠨ ᠡᠩᠨᠡᠭᠡ ᠳᠤ ᠤᠯᠠᠨ ᠭᠡᠪ ᠤᠨ ᠪᠤᠰᠦ ᠪᠠᠶᠢᠳᠠᠯ ᠭᠠᠷᠴᠠᠢ︶᠃             ᠬᠤᠷᠠᠯ ᠤᠨ ᠲᠠᠯᠠᠪᠠᠢ ᠶᠢᠨ ᠲᠦᠪ ᠲᠠᠬᠢ ᠮᠤᠳᠤᠨ ᠲᠠᠶᠢᠰᠠ ᠶᠢ ᠠᠯᠢ ᠭᠡᠳᠦ᠋ᠢᠨ ᠪᠡᠯᠡᠭᠡᠨ ᠪᠤᠯᠭᠠᠯ᠎ᠠ᠂ ᠶᠢᠰᠦᠨ ᠴᠡᠷᠢᠭ ᠬᠤᠶᠠᠷ ᠭᠠᠷ ᠢᠶᠠᠷ ᠢᠶᠠᠨ ᠲᠤᠬ ᠢ ᠡᠷᠭᠦᠨ ᠲᠦᠪ ᠠᠯᠬᠤᠮ ᠢᠶᠠᠷ ᠮᠤᠳᠤᠨ ᠲᠠᠶᠢᠰᠠ ᠶᠢ ᠨᠢᠭᠡ ᠡᠷᠭᠢᠭ᠍ᠰᠡᠡ ᠤ ᠲᠠᠷᠠᠭ᠎ᠠ ᠭᠤᠤᠯ ᠲᠠᠯᠪᠠᠭ᠎ᠠ ᠶᠢ ᠡᠷᠭᠦᠭᠰᠠᠠ ᠡᠩᠨᠡᠭᠡ ᠶᠢᠨ ᠲᠠᠷᠤᠭ᠎ᠠ ᠨᠢ ᠤᠷᠢᠳᠠᠪᠡᠷ ᠲᠠᠶᠢᠰᠠᠨ ᠳᠤ ᠭᠠᠷᠴᠦ ᠲᠤᠭ ᠢ ᠭᠤᠤᠯ ᠲᠤᠮᠳᠠ ᠨᠢ ᠬᠠᠳᠬᠤᠵᠦ᠂ ᠲᠠᠷᠠᠭ᠎ᠠ ᠪᠠᠷ ᠨᠢ ᠨᠠᠢᠮᠠᠨ ᠴᠡᠷᠢᠭ ᠬᠠᠪᠰᠤᠷᠭᠠᠬᠰᠠᠠ ᠨᠠᠢᠮᠠᠨ ᠲᠤᠬ ᠢ ᠴᠠᠭᠠᠷᠢᠭ ᠤᠨ ᠭᠠᠳᠠᠷ ᠲᠠᠯ᠎ᠠ ᠳᠤ ᠬᠠᠳᠬᠤᠵᠠᠢ᠃             ᠬᠦᠭᠡ ᠤᠬᠳᠠᠷᠭᠤᠢ ᠬᠦᠪᠦᠩ ᠴᠠᠭᠠᠨ ᠡᠭᠦᠯᠡᠨ ᠲᠤᠤᠷ᠎ᠠ᠂ ᠴᠠᠭᠠᠨ ᠰᠦᠯᠳᠡ ᠰᠠᠯᠬᠢᠨ ᠤ ᠠᠶ᠎ᠠ ᠪᠠᠷ ᠨᠠᠮᠢᠷᠠᠨ ᠭᠡᠶᠢᠰᠦᠨ᠎ᠠ᠃           ᠡᠨᠡ ᠦᠶ᠎ᠠ ᠳᠤ ᠨᠦᠬᠦᠭᠡ ᠲᠦᠷᠪᠡᠨ ᠰᠠᠬᠢᠨ ᠬᠠᠮᠠᠭᠠᠯᠠᠬᠴᠢ ᠴᠡᠷᠢᠭ ᠲᠦᠪ ᠠᠯᠬᠤᠮ ᠢᠶᠠᠷ ᠤᠷᠤᠵᠦ ᠢᠷᠡᠭᠡᠳ ᠮᠤᠳᠤᠨ ᠲᠠᠶᠢᠰᠠᠠ ᠤ ᠲᠦᠷᠪᠡᠨ ᠦᠨᠴᠦᠭ ᠲᠤ ᠵᠤᠬᠰᠤᠬᠤ ᠦᠶ᠎ᠠ ᠳᠤ ᠨᠦᠬᠦᠭᠡ ᠲᠦᠷᠪᠡᠨ ᠰᠠᠬᠢᠨ ᠬᠠᠮᠠᠭᠠᠯᠠᠬᠴᠢ ᠴᠡᠷᠢᠭ ᠲᠦᠪ ᠠᠯᠬᠤᠮ ᠢᠶᠠᠷ ᠠᠯᠬᠤᠨ ᠲᠠᠶᠢᠰᠠ ᠤ ᠭᠠᠳᠠᠷ ᠲᠠᠯ᠎ᠠ ᠶᠢᠨ ᠲᠦᠷᠪᠡᠨ ᠦᠨᠴᠦᠭ ᠲᠤ ᠵᠤᠬᠰᠤᠨ ᠪᠠᠷᠠᠭᠤᠨ ᠭᠠᠷ ᠢᠶᠠᠷ ᠢᠶᠠᠨ ᠰᠦᠪᠡᠭᠡ ᠪᠠᠨ ᠲᠤᠯᠵᠦ᠂ ᠵᠡᠭᠦᠨ ᠭᠠᠷ ᠢᠶᠠᠷ ᠢᠶᠠᠨ ᠢᠯᠳᠦ ᠪᠠᠨ ᠪᠠᠷᠢᠨ ᠵᠡᠷᠭᠡᠪᠡᠷ ᠲᠤᠯᠤᠭᠠᠢ ᠪᠠᠨ ᠡᠷᠭᠦᠨ ᠲᠤᠬ ᠢ ᠰᠢᠷᠳᠡᠨ ᠰᠢᠯᠵᠢᠰᠢ ᠦᠭᠡᠢ ᠵᠤᠬᠰᠤᠨ᠎ᠠ  ︵ᠪᠢ ᠰᠡᠭᠦᠳᠡᠷᠯᠡᠬᠦ ᠪᠠᠨ ᠪᠤᠳᠤᠭᠠᠳ ᠲᠡᠳᠡᠨᠤᠰ ᠤᠨ ᠴᠤᠬᠤᠮ ᠭᠡᠳᠦᠢ ᠤᠳᠠᠭᠠᠨ ᠵᠤᠬᠰᠤᠬᠰᠠᠠ ᠢ ᠮᠡᠳᠡᠭᠰᠡᠡ ᠦᠭᠡᠢ︶᠃             ᠲᠠᠷᠠᠭ᠎ᠠ ᠪᠠᠷ ᠨᠢ ᠮᠤᠷᠢᠳᠡᠨ ᠡᠩᠨᠡᠭᠡ ᠲᠠᠯᠠᠪᠠᠢ ᠠᠴᠠ ᠭᠠᠷᠴᠠᠢ᠂  ᠡᠨᠡ ᠦᠶ᠎ᠠ ᠳᠤ ᠲᠠᠯᠠᠪᠠᠢ ᠳᠤ ᠪᠠᠶᠢᠬᠰᠠᠠ ᠴᠡᠷᠢᠭ ᠤᠨ ᠬᠦᠭᠵᠢᠮ ᠤᠨ ᠠᠩᠭᠢ ᠤᠳᠠᠭᠠᠪᠳᠤᠷ ᠤᠶᠠᠩᠭᠠᠯᠢᠬ ᠰᠠᠶᠢᠠᠬᠨ ᠬᠦᠭᠵᠢᠮ ᠬᠦᠭᠵᠢᠮᠳᠡᠯ᠎ᠠ᠂ ᠲᠡᠭᠡᠭᠦ ᠳᠤ ᠴᠢᠮᠡᠭ ᠤᠢᠢᠷᠠᠳᠤᠵᠦ ᠢᠷᠡᠭᠡᠳ ᠡᠨᠡ ᠪᠤᠯ ᠡᠷᠳᠡᠨ ᠤ ᠴᠡᠷᠢᠭ ᠤᠨ ᠲᠠᠭᠤᠤ ᠭᠡᠵᠦ ᠭᠡᠯᠡᠵᠦ ᠦᠭᠴᠠᠢ᠃ ᠬᠦᠭᠵᠢᠮ ᠤᠨ ᠠᠩᠭᠢ ᠶᠢᠨ ᠬᠦᠮᠦᠰ ᠮᠤᠷᠢᠳᠡᠨ ᠡᠩᠨᠡᠭᠡ ᠵᠢᠴᠢ ᠲᠤᠬ ᠬᠠᠮᠠᠭᠠᠯᠠᠬᠤ ᠴᠡᠷᠢᠭ ᠤᠨ ᠬᠢ ᠲᠠᠢ ᠠᠳᠠᠯᠢ ᠪᠠᠷ ᠭᠤᠤᠯᠳᠠᠭᠤ ᠤᠯᠠᠭᠠᠨ ᠪᠠ ᠬᠦᠨ ᠬᠦᠭᠡ ᠦᠩᠭᠡ ᠶᠢᠨ ᠠᠯᠳᠠᠨ ᠡᠮᠵᠢᠶᠡᠷᠢ ᠲᠠᠢ ᠡᠷᠳᠡᠨ ᠤ ᠴᠡᠷᠢᠭ ᠤᠨ ᠬᠤᠪᠴᠠᠰᠦ ᠡᠮᠦᠰᠴᠠᠢ᠂ ᠮᠦᠨ ᠴᠦ ᠲᠤᠭᠤᠯᠠᠭ᠎ᠠ ᠪᠠᠶᠢᠬᠤ ᠨᠢ ᠶᠠᠷᠢᠶᠠᠨ ᠦᠭᠡᠢ᠃             ᠶᠡᠭᠡ ᠰᠤᠨᠢᠷᠬᠠᠯ ᠲᠠᠢ ᠴᠠᠬ ᠤᠷᠤᠨ ᠵᠠᠢ ᠶᠢᠨ ᠰᠤᠯᠪᠢᠴᠠᠯ ᠪᠤᠯᠤᠯ᠎ᠠ᠃ ᠡᠷᠳᠡᠨ ᠤ ᠴᠡᠷᠢᠭ ᠤᠨ ᠬᠤᠪᠴᠠᠰᠦ ᠡᠮᠦᠰᠦᠭᠰᠡᠡ ᠴᠡᠷᠢᠭ᠂ ᠤᠳᠦ ᠦᠶ᠎ᠠ ᠶᠢᠨ ᠴᠡᠷᠢᠭ ᠤᠨ ᠬᠤᠪᠴᠠᠰᠦ ᠡᠮᠦᠰᠦᠭᠰᠡᠡ ᠪᠠᠶᠢᠯᠳᠤᠬᠴᠢᠳ ᠪᠤᠯᠤᠨ ᠴᠠᠬᠳᠠᠭ᠎ᠠ ᠨᠠᠷ ᠲᠤᠰ ᠲᠤᠰ ᠤᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠨ ᠶᠤᠰᠤᠯᠠᠯ ᠤᠨ ᠡᠬᠢᠯᠡᠬᠦ ᠶᠢ ᠬᠦᠯᠢᠶᠡᠨᠡᠮ᠃             ᠶᠤᠰᠤᠯᠠᠯ ᠤᠨ ᠬᠠᠮᠤᠭ ᠤᠨ ᠴᠢᠬᠤᠯᠠ ᠨᠢᠭᠡ ᠵᠦᠢᠯ ᠭᠡᠪᠡᠯ ᠴᠢᠩᠭᠢᠰ ᠬᠠᠭᠠᠨ ᠤ ᠬᠦᠷᠡᠯ ᠱᠤᠭᠤᠮᠠᠯ ᠤᠨ ᠬᠦᠰᠢᠭᠡ ᠢᠷᠠᠬᠤ ᠶᠤᠰᠤᠯᠠᠯ ᠪᠤᠯᠤᠨ᠎ᠠ᠃       ᠵᠠᠰᠠᠬ ᠤᠨ ᠤᠷᠳᠤᠨ ᠤ ᠵᠠᠰᠠᠬ ᠵᠠᠬᠢᠷᠭᠠᠨ ᠤ ᠲᠤᠮᠦ ᠠᠰᠠᠷ ᠬᠢᠭᠡᠳ ᠰᠦᠭᠡᠪᠠᠭᠠᠳᠤᠷ ᠠᠭᠤᠳᠠᠮ ᠲᠠᠯᠠᠪᠠᠢ ᠶᠢᠨ ᠬᠤᠭᠤᠷᠤᠨᠳᠦ ︵ᠵᠠᠰᠠᠬ ᠵᠠᠬᠢᠷᠭᠠᠨ ᠤ ᠲᠤᠮᠦ ᠠᠰᠠᠷ ᠢ ᠨᠠᠭᠠᠯᠳᠤᠵᠦ ᠪᠠᠶᠢᠨ᠎ᠠ ᠭᠡᠵᠦ ᠭᠡᠯᠡᠵᠦ ᠪᠤᠯᠤᠨ᠎ᠠ︶ ᠢᠪᠴᠦᠤ ᠤᠷᠳᠦ ᠪᠠᠷᠢᠯᠭ᠎ᠠ ᠶᠢ ᠰᠢᠨ᠎ᠠ ᠪᠠᠷ ᠪᠠᠷᠢᠵᠠᠢ᠂ ᠲᠡᠷᠡ ᠨᠢ ᠤᠯᠠᠨ ᠪᠠᠭᠠᠨ᠎ᠠ ᠪᠤᠰᠬᠠᠬᠰᠠᠠ ᠦᠨᠳᠦᠷ ᠲᠤᠮᠦ ᠭᠤᠳᠤᠮᠵᠢ ᠪᠠᠶᠢᠵᠦ᠂ ᠦᠨᠳᠦᠷ ᠤᠨ ᠭᠡᠮᠵᠢᠶ᠎ᠠ ᠪᠤᠯᠤᠨ ᠤᠷᠳᠦ ᠶᠢᠨ ᠭᠡᠮᠵᠢᠶ᠎ᠠ ᠨᠢ ᠤᠤᠯ ᠤᠨ ᠵᠠᠰᠠᠬ ᠵᠠᠬᠢᠷᠭᠠᠨ ᠤ ᠠᠰᠠᠷ ᠢ ᠬᠠᠯᠬᠠᠯᠠᠬᠰᠠᠠ ᠪᠠᠶᠢᠨ᠎ᠠ᠂ ᠲᠤᠰ ᠪᠠᠷᠢᠯᠭ᠎ᠠ ᠶᠢᠨ ᠭᠤᠤᠯ ᠳᠤ ᠴᠡᠩᠭᠡᠷ ᠪᠦᠰᠡ ᠪᠠᠷ ᠪᠦᠳᠡᠭᠡᠭᠰᠡᠭᠡᠷ ᠪᠠᠶᠢᠭ᠎ᠠ ᠴᠢᠩᠭᠢᠰ ᠬᠠᠭᠠᠨ ᠤ ᠲᠤᠮᠦ ᠰᠠᠭᠤᠮᠠᠯ ᠬᠦᠷᠦᠭ ᠪᠤᠢ᠃ ᠭᠤᠳᠤᠮᠵᠢ ᠶᠢᠨ ᠬᠤᠶᠠᠷ ᠲᠠᠯ᠎ᠠ ᠳᠤ ᠲᠤᠰ ᠲᠤᠰ ᠨᠢᠭᠡᠨ ᠪᠠᠭ᠎ᠠ ᠰᠠᠭᠤᠮᠠᠯ ᠬᠦᠷᠦᠭ ᠲᠠᠢ᠂ ᠴᠢᠩᠭᠢᠰ ᠬᠠᠭᠠᠨ ᠤ ᠪᠠᠷᠠᠭᠤᠨ ᠭᠠᠷ ᠲᠠᠯ᠎ᠠ ᠳᠤ ᠪᠠᠶᠢᠭ᠎ᠠ ᠨᠢ ᠲᠡᠭᠦᠨ ᠤ ᠬᠦᠪᠡᠭᠦᠨ ᠦᠭᠡᠳᠠᠢ ᠬᠠᠭᠠᠨ᠂ ᠵᠡᠭᠦᠨ ᠭᠠᠷ ᠲᠠᠯ᠎ᠠ ᠳᠤ ᠪᠠᠶᠢᠭ᠎ᠠ ᠨᠢ ᠲᠡᠭᠦᠨ ᠤ ᠤᠮᠪᠤᠯᠦ ᠬᠤᠪᠢᠯᠠᠢ ᠬᠠᠭᠠᠨ ᠪᠤᠯᠤᠨ᠎ᠠ᠃ ᠴᠢᠩᠭᠢᠰ ᠬᠠᠭᠠᠨ ᠤ ᠰᠠᠭᠤᠮᠠᠯ ᠬᠦᠷᠦᠭ ᠤᠨ ᠡᠮᠦᠨᠡᠬᠢ ᠬᠤᠶᠠᠷ ᠲᠠᠪᠬᠤᠷ ᠲᠠᠶᠢᠰᠠᠨ ᠤ ᠬᠤᠭᠤᠷᠤᠨᠳᠤᠬᠢ ᠦᠷᠭᠡᠨ ᠭᠡᠭᠴᠢ ᠱᠠᠳᠦ ᠪᠠᠷ ᠰᠢᠭᠤᠳ ᠠᠭᠤᠳᠠᠮ ᠲᠠᠯᠠᠪᠠᠢ ᠬᠦᠷᠴᠦ ᠪᠤᠯᠤᠨ᠎ᠠ᠃ ᠱᠠᠳᠦ ᠶᠢᠨ ᠬᠤᠶᠠᠷ ᠲᠠᠯ᠎ᠠ ᠪᠠᠷ᠂ ᠲᠤᠰ ᠲᠤᠰ ᠨᠢᠭᠡᠨ ᠤᠷᠳᠦ ᠦᠨᠳᠦᠷ ᠲᠠᠶᠢᠰᠠ ᠶᠢ ᠰᠤᠩᠭᠠᠨ ᠪᠠᠷᠢᠵᠦ ᠲᠡᠭᠡᠷ᠎ᠠ ᠨᠢ ᠮᠤᠷᠢ ᠤᠨᠤᠬᠰᠠᠠ ᠬᠤᠶᠠᠷ ᠵᠠᠩᠵᠤᠨ ᠤ ᠬᠦᠷᠦᠭ ᠢ ᠱᠤᠭᠤᠵᠦ ᠭᠠᠷᠭᠠᠵᠠᠢ᠂ ᠪᠤᠳᠤᠬᠤ ᠳᠤ ᠨᠢᠭᠡ ᠨᠢ ᠵᠠᠯᠮ᠎ᠠ᠂ ᠨᠦᠬᠦᠭᠡ ᠨᠢ ᠪᠤᠭᠤᠷᠴᠢ ᠪᠤᠯᠤᠯᠳᠠᠢ᠃         ᠴᠢᠩᠬᠢᠰ ᠬᠠᠭᠠᠨ ᠤ ᠰᠠᠭᠤᠮᠠᠯ ᠬᠦᠷᠦᠭ ᠠᠴᠠ ᠪᠤᠰᠤᠳ ᠲᠡᠷᠡ ᠲᠦᠷᠪᠡᠨ ᠱᠤᠭᠤᠮᠠᠯ ᠢ ᠤᠯᠠᠨ ᠳᠤ ᠪᠦᠳᠦᠨ ᠰᠠᠶᠢᠬᠠᠨ ᠨᠡᠭᠡᠭᠡᠨ ᠦᠵᠡᠭᠦᠯᠵᠠᠢ᠂ ᠡᠨᠡ ᠦᠶ᠎ᠠ ᠳᠤ ᠤᠯᠠᠨ ᠢᠶᠠᠷ ᠢᠶᠠᠨ ᠪᠦᠷ ᠶᠡᠷᠦᠩᠭᠡᠶᠢᠯᠡᠭᠴᠢ ᠪᠤᠯᠤᠨ ᠶᠡᠷᠦᠩᠭᠡᠢ ᠰᠠᠶᠢᠳ ᠵᠢᠴᠢ ᠡᠷᠭᠢᠮ ᠵᠤᠴᠢᠳ ᠤᠨ ᠬᠦᠷᠴᠦ ᠢᠷᠡᠬᠦ ᠶᠢ ᠬᠦᠰᠡᠡ ᠬᠦᠯᠢᠶᠡᠵᠦ ᠪᠠᠶᠢᠯ᠎ᠠ᠃       ᠶᠤᠰᠤᠯᠠᠯ ᠡᠬᠢᠯᠡᠬᠦ ᠪᠤᠯᠤᠯ᠎ᠠ᠂ ᠡᠬᠢᠯᠡᠬᠦ ᠦᠭᠡ᠂ ᠰᠤᠷᠭᠤᠬ ᠴᠡᠴᠡᠭ᠂ ᠬᠦᠭᠵᠢᠮ ᠵᠡᠷᠭᠡ ᠵᠦᠢᠯ ᠵᠦᠢᠯ ᠤᠨ ᠶᠤᠰᠤᠯᠠᠯ ᠤᠨ ᠶᠠᠪᠤᠴᠠ ᠠᠯᠬᠤᠮ ᠠᠯᠬᠤᠮ ᠢᠶᠠᠷ ᠶᠠᠪᠤᠬᠳᠠᠬᠤ ᠲᠠᠰᠢᠷᠠᠮ ᠳᠤ ᠶᠠᠭᠠᠬᠢᠭᠠᠳ ᠢ ᠪᠤᠤ ᠮᠡᠳᠡ᠂ ᠮᠢᠨᠦ ᠠᠩᠬᠠᠷᠤᠯ ᠶᠡᠷᠦᠨᠢ ᠵᠢᠭᠳᠡᠷᠡᠨ ᠪᠠᠶᠢᠭ᠎ᠠ ᠲᠡᠷᠡ ᠶᠢᠰᠦᠨ ᠴᠠᠭᠠᠨ ᠰᠦᠯᠳᠡ ᠲᠡᠭᠡᠷ᠎ᠠ ᠯᠠ ᠲᠦᠪᠯᠡᠷᠡᠭᠡᠳ ᠪᠠᠶᠢᠳᠠᠬ᠃ ᠰᠠᠯᠬᠢ ᠦᠯᠢᠶᠡᠨ ᠢᠷᠡᠬᠦ ᠪᠤᠯᠭᠠᠨ ᠴᠠᠭᠠᠨ ᠦᠩᠭᠡ ᠶᠢᠨ ᠵᠠᠯᠠᠭᠠᠳᠦ ᠲᠤᠭ ᠤᠨ ᠵᠠᠯᠠᠭ᠎ᠠ ᠰᠠᠯᠬᠢᠨ ᠤ ᠠᠶ᠎ᠠ ᠪᠠᠷ ᠭᠡᠶᠢᠰᠴᠦ ᠮᠦᠩᠭᠦᠨ ᠲᠤᠶᠠᠭ᠎ᠠ ᠰᠠᠴᠤᠷᠠᠭᠤᠯᠤᠨᠠᠮ᠃           ᠨᠠᠢᠮᠠᠨ ᠵᠠᠭᠤᠨ ᠵᠢᠯ ᠪᠤᠯᠤᠯ᠎ᠠ᠂ ᠤᠨᠤᠨ ᠮᠦᠷᠡᠨ ᠤ ᠡᠬᠢᠨ ᠳᠤ ᠡᠬᠢᠯᠡᠨ ᠰᠦᠨᠳᠡᠷᠯᠡᠭᠦᠯᠦᠨ ᠬᠠᠳᠬᠤᠬᠰᠠᠠ ᠴᠠᠬ ᠠᠴᠠ ᠠᠪᠤᠭᠠᠳ  ᠡᠨᠡ ᠴᠠᠭᠠᠨ ᠰᠦᠯᠳᠡ ᠤᠯᠤᠰ ᠦᠨᠳᠦᠰᠦᠳᠡᠨ ᠤ ᠪᠡᠯᠭᠡ ᠲᠡᠮᠳᠡᠭ ᠪᠤᠯᠤᠬᠰᠠᠭᠠᠷ ᠢᠷᠡᠪᠡ᠃ ᠨᠢᠭᠡᠨ ᠮᠠᠬᠳᠠᠭᠠᠯ ᠲᠠᠭᠤᠤ ᠳᠤ᠄           ᠮᠦᠩᠭᠡ ᠲᠡᠭᠷᠢ ᠶᠢᠨ ᠢᠪᠡᠭᠡᠯ ᠰᠤᠶᠤᠷᠬᠠᠯ ᠢᠶᠠᠷ ᠶᠡᠭᠡ ᠮᠤᠩᠭᠤᠯ ᠤᠯᠤᠰ ᠤᠨ ᠰᠦᠯᠳᠡ ᠪᠤᠯᠤᠬᠰᠠᠠ ᠁ ᠭᠡᠵᠦ ᠪᠠᠶᠢᠳᠠᠬ ᠡᠨᠡᠬᠦ ᠰᠦᠯᠳᠡ ᠭᠡᠷᠡᠯ ᠰᠠᠴᠤᠷᠠᠩᠭᠤᠢ ᠤᠨ ᠵᠢᠯ ᠤᠳ ᠤᠨ ᠭᠡᠷᠡᠴᠢᠯᠡᠭᠴᠢ ᠪᠤᠯᠤᠬᠰᠠᠠ᠂ ᠡᠨᠡᠬᠦ ᠰᠦᠯᠳᠡ ᠭᠤᠳᠤᠭᠠᠬᠳᠠᠨ ᠲᠤᠷᠤᠮᠵᠢᠯᠠᠬᠳᠠᠬᠰᠠᠠ ᠤᠷᠤᠭ᠎ᠠ ᠪᠤᠰᠬᠠᠭ᠎ᠠ ᠤᠨ ᠵᠢᠯ ᠢ ᠡᠯᠡᠭᠡᠭᠰᠡᠡ᠃ ᠨᠠᠢᠮᠠᠨ ᠵᠠᠭᠤᠨ ᠵᠢᠯ ᠤᠨ ᠭᠠᠰᠠᠯᠠᠩ ᠵᠤᠪᠠᠯᠠᠩ ᠦᠩᠭᠡᠷᠡᠨ ᠤᠳᠤᠯ᠎ᠠ᠂ ᠡᠳᠦᠭᠡ ᠲᠡᠷᠡ ᠠᠭᠤᠳᠠᠮ ᠲᠠᠯᠠᠪᠠᠢ ᠶᠢᠨ ᠲᠦᠪ ᠲᠤ ᠰᠦᠨᠳᠡᠷᠯᠡᠨ᠂ ᠡᠷᠭᠡ ᠴᠢᠯᠦᠭᠡ ᠪᠠᠨ ᠲᠠᠬᠢᠨᠳᠠ ᠤᠯᠵᠦ ᠲᠤᠰᠠᠭᠠᠷ ᠲᠤᠬᠳᠠᠨᠢᠬᠰᠠᠠ ᠤᠯᠤᠰ ᠤᠨ ᠢᠶᠠᠨ ᠨᠤᠳᠤᠬ ᠲᠡᠪᠢᠰᠭᠡᠷ ᠲᠡᠭᠡᠷ᠎ᠠ ᠰᠦᠨᠳᠡᠷᠯᠡᠨ ᠵᠤᠬᠰᠤᠯ᠎ᠠ᠃ ᠲᠡᠭᠡᠬᠦ ᠳᠤ ᠰᠦᠯᠳᠡ ᠶᠢᠨ ᠠᠷᠦ ᠲᠠᠯ᠎ᠠ ᠶᠢᠨ ᠠᠭᠤᠳᠠᠮ ᠲᠡᠨᠢᠭᠡᠷ ᠦᠨᠳᠦᠷ ᠭᠠᠵᠠᠷ ᠲᠤ ᠴᠡᠩᠭᠡᠷ ᠪᠦᠰᠡ ᠪᠠᠷ ᠪᠦᠳᠡᠭᠡᠵᠦ ᠲᠠᠯᠪᠢᠬᠰᠠᠠ ᠬᠠᠨ ᠤ ᠰᠠᠭᠤᠮᠠᠯ ᠬᠦᠷᠦᠭ ᠲᠡᠭᠡᠷ᠎ᠠ ᠤᠯᠠᠨ ᠤ ᠠᠩᠬᠠᠷᠤᠯ ᠲᠦᠪᠯᠡᠷᠡᠪᠡ᠃              ᠬᠦᠭᠵᠢᠮ ᠡᠬᠢᠯᠡᠬᠦ ᠲᠠᠢ ᠵᠡᠷᠭᠡ ᠪᠤᠬᠳᠠ ᠡᠵᠡᠨ ᠴᠢᠩᠭᠢᠰ ᠬᠠᠭᠠᠨ ᠤ ᠬᠦᠷᠡᠯ ᠱᠤᠭᠤᠮᠠᠯ ᠤᠨ ᠬᠦᠰᠢᠭᠡ ᠶᠢ ᠢᠷᠠᠬᠤ ᠶᠤᠰᠤᠯᠠᠯ ᠡᠬᠢᠯᠡᠪᠡ᠃ ᠴᠡᠩᠭᠡᠷ ᠪᠦᠰᠡ ᠶᠢ ᠵᠡᠭᠦᠨ ᠪᠠᠷᠠᠭᠤᠨ ᠬᠤᠶᠠᠷ ᠲᠠᠯ᠎ᠠ ᠠᠴᠠ ᠨᠢ ᠠᠭᠠᠵᠢᠮ ᠢᠶᠠᠷ ᠲᠠᠳᠠᠨ ᠰᠡᠭᠦᠯ᠎ᠠ᠂ ᠬᠦᠷᠡᠯ ᠱᠤᠭᠤᠮᠠᠯ ᠤᠨ ᠲᠡᠭᠡᠳᠦ ᠲᠡᠯ᠎ᠠ ᠠᠴᠠ ᠢᠮᠠᠬᠤ ᠶᠢᠨ ᠴᠢᠨᠡᠭᠡ ᠢᠮᠠᠬᠤ ᠶᠢᠨ ᠴᠢᠨᠡᠭᠡ ᠪᠠᠷ ᠵᠡᠭᠦᠨ ᠪᠠᠷᠠᠭᠤᠨ ᠬᠤᠶᠠᠷ ᠲᠡᠰᠢ ᠲᠤᠭᠤᠬᠰᠢᠯᠠᠭᠤᠯᠬᠤ ᠳᠤ ᠪᠢᠳᠡ ᠤᠷᠢᠳᠠᠪᠡᠷ ᠬᠠᠭᠠᠨ ᠤ ᠵᠢᠰᠦ ᠴᠢᠷᠠᠢ᠂ ᠲᠠᠷᠠᠭ᠎ᠠ  ᠪᠠᠷ ᠨᠢ ᠬᠤᠶᠠᠷ ᠮᠦᠷᠦ᠂ ᠲᠠᠬᠢᠭᠠᠳ ᠲᠦᠰᠢᠯᠭᠡ ᠲᠡᠭᠡᠷ᠎ᠠ ᠲᠠᠯᠪᠢᠵᠦ ᠪᠠᠶᠢᠭ᠎ᠠ ᠬᠤᠶᠠᠷ ᠭᠠᠷ᠂ ᠬᠠᠮᠤᠭ ᠤᠨ ᠰᠡᠭᠦᠯ ᠳᠤᠨᠢ ᠬᠠᠭᠠᠨ ᠰᠢᠷᠡᠭᠡᠨ ᠳᠤ ᠲᠤᠬᠳᠠᠭᠤᠨ ᠰᠠᠭᠤᠭ᠎ᠠ ᠮᠠᠨ ᠤ ᠬᠠᠭᠠᠨ ᠡᠵᠡᠨ ᠤ ᠰᠠᠭᠤᠮᠠᠯ ᠬᠦᠷᠦᠭ ᠪᠦᠳᠦᠨ ᠢᠶᠠᠷ ᠢᠶᠠᠨ ᠮᠠᠨ ᠤ ᠡᠮᠦᠨ᠎ᠠ ᠢᠯᠡᠷᠡᠭᠰᠡᠨ᠎ᠠ ᠲᠠᠯᠠᠪᠠᠢ ᠲᠠᠶᠠᠭᠠᠷ ᠤᠤᠬᠠᠢᠢᠯᠠᠨ ᠬᠠᠰᠬᠢᠷᠤᠯᠳᠤᠯ᠎ᠠ᠃            ᠦᠨᠳᠦᠷ ᠰᠦᠷᠯᠢᠭ᠂ ᠲᠦᠪ ᠶᠡᠭᠡᠮᠰᠦᠭ ᠮᠦᠷᠳᠡᠭᠡᠨ ᠡᠨᠡᠷᠢᠩᠭᠦᠢ ᠦᠷᠦᠰᠢᠶᠡᠯᠳᠠᠢ ᠭᠡᠪ ᠢᠶᠠᠷ᠂ ᠡᠨᠡ ᠪᠤᠯ ᠬᠠᠭᠠᠨ ᠰᠢᠷᠡᠭᠡᠨ ᠳᠤ ᠰᠠᠭᠤᠭ᠎ᠠ ᠭᠤᠷᠪᠠᠨ ᠮᠢᠩᠭᠠᠨ ᠲᠦᠮᠡᠨ ᠲᠡᠭᠰᠢ ᠲᠦᠷᠪᠡᠯᠵᠢᠨ ᠺᠢᠯᠦᠮᠧᠲᠷ ᠨᠤᠳᠤᠭ ᠲᠡᠪᠢᠰᠭᠡᠷ  ᠲᠠᠢ ᠶᠡᠭᠡ ᠮᠤᠩᠭᠤᠯ ᠬᠠᠭᠠᠨᠳᠦ ᠤᠯᠤᠰ ᠤᠨ ᠬᠠᠨ ᠤ ᠬᠤᠶᠢᠴᠢ ᠦᠶ᠎ᠠ ᠶᠢᠨ ᠬᠢᠨᠢ ᠰᠡᠳᠭᠢᠯ ᠳᠤ ᠬᠤᠨᠤᠬᠰᠢᠨ ᠪᠤᠳᠤᠬᠳᠠᠬᠰᠠᠠ ᠦᠩᠭᠡ ᠭᠠᠯᠪᠢᠷ ᠭᠡᠯᠳᠠᠢ᠃ ᠲᠠᠯᠠᠪᠠᠢ ᠲᠠᠶᠠᠭᠠᠷ ᠪᠠᠶᠠᠷᠯᠠᠯᠳᠤᠨ ᠬᠠᠰᠬᠢᠷᠤᠯᠳᠤᠬᠰᠠᠠ ᠭᠡᠪ ᠢᠶᠠᠷ ᠪᠠᠶᠢᠯ᠎ᠠ᠂ ᠭᠡᠬᠦ ᠳᠤ ᠰᠠᠯᠬᠢ ᠦᠯᠢᠶᠡᠨ ᠢᠷᠡᠬᠦ ᠳᠤ ᠪᠤᠬᠳᠠ ᠡᠵᠡᠨ ᠤ ᠰᠠᠭᠤᠮᠠᠯ ᠬᠦᠷᠦᠭ ᠤᠨ ᠬᠠᠷᠠᠴᠠ ᠶᠢᠨ ᠲᠤᠤᠷᠠᠬᠢ ᠴᠠᠭᠠᠨ ᠰᠦᠯᠳᠡ ᠨᠠᠷᠠᠨ ᠤ ᠭᠡᠷᠡᠯ ᠲᠤᠤᠷ᠎ᠠ ᠲᠠᠬᠢᠨᠳᠠ ᠮᠦᠩᠭᠦᠨ ᠲᠤᠶᠠᠭ᠎ᠠ ᠪᠠᠨ ᠰᠠᠴᠤᠷᠠᠭᠤᠯᠤᠨ ᠰᠠᠯᠬᠢᠨ ᠤ ᠠᠶ᠎ᠠ ᠪᠠᠷ ᠲᠡᠷᠪᠡᠯᠵᠡᠨ ᠭᠡᠶᠢᠰᠬᠦ ᠨᠢ ᠤᠨᠴᠠᠭᠠᠢ ᠰᠦᠷᠯᠢᠭ ᠦᠵᠡᠮᠵᠢᠳᠠᠢ ᠭᠤᠶᠤᠬᠠᠨ ᠬᠠᠷᠠᠬᠳᠠᠨ᠎ᠠ᠃         ᠴᠡᠯᠮᠡᠭ ᠤᠬᠳᠠᠷᠭᠤᠢ ᠭᠡᠷᠡᠯᠳᠦ ᠨᠠᠷᠠᠨ ᠤ ᠲᠤᠤᠷᠠᠬᠢ ᠬᠠᠭᠠᠨ ᠤ ᠰᠠᠭᠤᠮᠠᠯ ᠬᠦᠷᠦᠭ ᠤᠨ ᠲᠤᠬᠳᠠᠭᠤᠨ ᠰᠠᠭᠤᠷᠢᠯᠢᠬ ᠰᠢᠨᠵᠢ᠂ ᠰᠠᠯᠬᠢᠨ ᠤ ᠠᠶ᠎ᠠ ᠪᠠᠷ ᠲᠡᠷᠪᠡᠯᠵᠡᠨ ᠭᠡᠶᠢᠰᠬᠦ ᠴᠠᠭᠠᠨ ᠰᠦᠯᠳᠡ ᠶᠢᠨ ᠬᠢᠯᠠᠯᠠᠵᠠᠮ᠎ᠠ ᠲᠦᠷᠢ ᠨᠢ ᠮᠢᠨᠦ ᠨᠢᠳᠦᠨ ᠳᠤ ᠲᠦᠪᠯᠡᠭᠦᠨ ᠮᠦᠷᠳᠡᠭᠡᠨ ᠭᠤᠶᠢᠳᠠ ᠰᠠᠶᠢᠬᠠᠨ ᠬᠠᠷᠠᠬᠳᠠᠬᠤ ᠪᠠᠷ ᠨᠢ ᠮᠢᠨᠦ ᠰᠡᠳᠭᠢᠯ ᠳᠤ ᠪᠠᠭ᠋ᠠᠷᠴᠦ ᠰᠢᠨᠤᠬᠰᠠᠠ ᠨᠢᠯᠬ᠎ᠠ ᠶᠢᠨ ᠪᠤᠳᠤᠯ ᠢᠶᠠᠷ ᠪᠢᠯᠬᠠᠯ᠎ᠠ᠃ ᠰᠠᠶ᠎ᠠ ᠲᠦᠮᠡᠨ ᠤ ᠴᠤᠬᠯᠠᠭᠠᠨ ᠪᠤᠯᠤᠬᠰᠠᠠ ᠡᠨᠡᠬᠦ ᠦᠪᠡᠳᠡᠭᠰᠢ ᠶᠤᠰᠤᠯᠠᠯ ᠢ ᠦᠵᠡᠭᠡᠳ ᠮᠢᠨᠦ ᠲᠠᠷᠢᠬᠢᠨ ᠳᠤ ᠠᠰᠳᠠᠭᠠᠨ ᠨᠢᠭᠡᠨ ᠲᠦᠢᠯ ᠤᠨ ᠨᠠᠮ ᠵᠢᠮ᠂ ᠲᠦᠢᠯ ᠤᠨ ᠪᠤᠷᠤᠬᠵᠢᠭᠤᠨ ᠪᠤᠯᠪᠠᠴᠦ ᠡᠨᠡᠬᠦ ᠴᠠᠬ ᠮᠦᠴᠠ ᠲᠠᠢ ᠪᠦᠷᠢᠮᠦᠰᠦᠨ ᠠᠳᠠᠯᠢᠬᠠᠨ ᠨᠢᠭᠡᠨ ᠶᠠᠪᠤᠳᠠᠯ ᠪᠤᠳᠤᠬᠳᠠᠪᠠ᠃               ᠨᠢᠳᠤᠨᠤᠨ ᠨᠠᠮᠤᠷ᠂ ᠦᠪᠦᠷ ᠮᠤᠩᠭᠤᠯ ᠤᠨ ᠠᠯᠠᠱᠠ ᠠᠶᠢᠮᠠᠬ ᠤᠨ ᠲᠦᠷᠪᠡᠨ ᠲᠦᠮᠡ ᠲᠤᠯᠤᠭᠠᠨ ᠮᠢᠩᠭᠠᠨ ᠲᠡᠭᠰᠢ ᠲᠦᠷᠪᠡᠯᠵᠢᠨ ᠺᠢᠯᠦᠮᠧᠲᠷ ᠲᠠᠯᠠᠪᠠᠢ ᠲᠠᠢ ᠪᠠᠳᠠᠢ ᠶᠢᠨ ᠵᠢᠷᠠᠨ ᠤ ᠡᠯᠡᠰᠦᠨ ᠴᠦᠯ ᠳᠤ᠂ ᠨᠢᠭᠡᠨ ᠮᠠᠯᠴᠢᠨ ᠠᠶᠢᠯ ᠤᠨ ᠬᠢᠨ ᠭᠡᠷ ᠲᠡᠭᠡᠨ ᠴᠢᠩᠭᠢᠰ ᠬᠠᠭᠠᠨ ᠤ ᠬᠦᠷᠦᠭ ᠢ ᠲᠡᠭᠡᠳᠦᠯᠡᠨ ᠲᠠᠬᠢᠵᠦ ᠪᠠᠶᠢᠬᠤ ᠶᠢ ᠤᠯᠵᠦ ᠦᠵᠡᠪᠡ᠃ ᠲᠡᠷᠡ ᠨᠢ ᠲᠠᠶᠢᠪᠸᠢ ᠶᠢᠨ ᠬᠠᠭᠠᠨ ᠤ ᠤᠷᠳᠤᠨ ᠤ ᠮᠦᠽᠸᠢ ᠶᠢᠨ ᠬᠦᠷᠢᠶᠡᠯᠡᠩ ᠳᠤ ᠬᠠᠳᠠᠭᠠᠯᠠᠵᠦ ᠪᠠᠶᠢᠭ᠎ᠠ ᠲᠡᠷᠡ ᠵᠢᠷᠤᠭ ᠤᠨ ᠭᠡᠪᠯᠡᠯ ᠮᠠᠶ᠋ᠢᠬ ᠲᠠᠢ᠂ ᠭᠡᠪᠡᠴᠦ ᠭᠡᠪᠯᠡᠵᠦ ᠲᠠᠷᠤᠮᠠᠯᠯᠠᠬᠰᠠᠠ ᠨᠢ ᠶᠡᠭᠡᠳᠡ ᠪᠦᠳᠦᠭᠦᠯᠢᠭ ᠬᠠᠷᠠᠬᠳᠠᠨ᠎ᠠ᠃ ᠬᠦᠷᠦᠭ ᠤᠨ ᠡᠮᠦᠨᠡᠬᠢ ᠲᠠᠬᠢᠯ ᠤᠨ ᠰᠢᠷᠡᠭᠡᠨ ᠲᠡᠭᠡᠷ᠎ᠠ ᠲᠡᠮᠡᠢ ᠶᠠᠭᠤᠮ᠎ᠠ ᠬᠠᠷᠠᠬᠳᠠᠬᠤ ᠦᠭᠡᠢ ᠪᠤᠯᠪᠠᠴᠦ ᠨᠢᠭᠡᠨ ᠪᠠᠭ᠎ᠠ ᠰᠦᠯᠢᠶᠤᠤ ᠤᠰᠤᠨ ᠰᠠᠪᠠ ᠲᠠᠯᠪᠢᠴᠢᠬᠠᠭᠠᠳ ᠲᠤᠳᠤᠷ᠎ᠠ ᠨᠢ ᠨᠠᠪᠴᠢ᠂ ᠴᠡᠴᠡᠭ᠂ ᠡᠪᠡᠰᠦ ᠶᠢ ᠲᠦᠭᠦᠷᠳᠡᠯ᠎ᠠ ᠬᠠᠳᠬᠤᠬᠰᠠᠠ ᠢ ᠦᠵᠡᠭᠡᠳ ᠮᠢᠨᠦ ᠰᠡᠳᠭᠢᠯ ᠬᠦᠨᠳᠦᠷᠡᠯ᠎ᠠ᠃ ᠲᠡᠷᠡ ᠨᠢ ᠮᠠᠯᠴᠢᠳ ᠤᠨ ᠡᠯᠡᠰᠦᠨ ᠲᠤᠳᠤᠷ᠎ᠠ ᠠᠴᠠ ᠲᠡᠭᠦᠵᠦ ᠢᠷᠡᠭᠰᠡᠡ ᠪᠤᠷᠭᠠᠰᠦ ᠪᠤᠯᠤᠨ ᠰᠢᠷ᠎ᠠ ᠴᠡᠴᠡᠭ ︵ᠲᠡᠳᠡ ᠡᠭᠦᠨ ᠢ ︽ᠲᠠᠯᠠᠨ ᠲᠤᠪᠴᠢᠳᠦ︾ ᠴᠡᠴᠡᠭ ᠭᠡᠳᠡᠭ︶ ᠪᠤᠯᠤᠨ᠎ᠠ᠂ ᠡᠭᠦᠳᠡ ᠴᠤᠩᠬᠤ ᠪᠠᠷ ᠤᠷᠤᠵᠦ ᠢᠷᠡᠭᠰᠡᠡ ᠨᠠᠷᠠᠨ ᠤ ᠭᠡᠷᠡᠯ ᠪᠤᠬᠳᠠ ᠡᠵᠡᠨ ᠤ ᠬᠦᠷᠦᠭ ᠪᠤᠯᠤᠨ ᠰᠢᠷ᠎ᠠ ᠴᠡᠴᠡᠭ ᠤᠨ ᠲᠡᠭᠡᠷ᠎ᠠ ᠲᠤᠰᠤᠭᠠᠳ ᠪᠦᠳᠡᠬᠢ ᠭᠡᠷᠡᠯ ᠨᠡᠮᠡᠷᠢᠯᠡᠵᠠᠢ᠃ ᠲᠡᠶᠢᠮᠦᠷᠬᠦ ᠪᠦᠳᠦᠭᠦᠯᠢᠭ ᠬᠦᠷᠦᠭ ᠵᠢᠷᠤᠬ᠂ ᠲᠡᠶᠢᠮᠦᠷᠬᠦ ᠲᠦᠭᠦᠮᠭᠡᠨ ᠲᠠᠬᠢᠯᠭ᠎ᠠ ᠶᠢᠨ ᠵᠦᠢᠯ ᠨᠢ ᠬᠦᠮᠦᠰ ᠢ ᠶᠠᠭᠤ ᠨᠢᠭᠡ ᠶᠢ ᠪᠤᠳᠤᠬᠳᠠᠭᠤᠯᠤᠨ᠂ ᠪᠢᠰᠢᠷᠡᠨ ᠬᠦᠨᠳᠦᠳᠭᠡᠬᠦ ᠰᠡᠳᠭᠢᠯ ᠲᠦᠷᠦᠭᠳᠡᠭᠦᠯᠬᠦ ᠦᠭᠡᠢ ᠪᠠᠶᠢᠬᠤ ᠶᠢᠨ ᠠᠷᠭ᠎ᠠ ᠦᠭᠡᠢ ᠪᠤᠯᠭᠠᠵᠠᠢ᠃              ᠲᠡᠭᠡᠪᠡᠯ ᠡᠨᠡ ᠲᠡᠯᠡᠭᠡᠢ ᠳ᠋ᠠᠬᠢᠨ ᠳᠤ ᠠᠯᠢ ᠨᠢᠭᠡᠨ ᠬᠠᠭᠠᠨ ᠡᠵᠡᠨ ᠨᠢ ᠴᠢᠩᠭᠢᠰ ᠬᠠᠭᠠᠨ ᠲᠠᠢ ᠠᠳᠠᠯᠢ ᠪᠠᠷ ᠦᠨᠦᠳᠦᠷ ᠬᠦᠷᠳᠡᠯ᠎ᠠ ᠦᠪᠡᠷ ᠤᠨ ᠦᠷ᠎ᠠ ᠬᠤᠶᠢᠴᠢᠰ ᠠᠷᠠᠳ ᠢᠷᠭᠡᠳ ᠤᠨ ᠢᠶᠠᠨ ᠰᠡᠳᠭᠢᠯ ᠵᠢᠷᠦᠭᠡᠨ ᠳᠤ ᠬᠤᠨᠤᠬᠰᠢᠬᠰᠠᠭᠠᠷ ᠪᠠᠶᠢᠭ᠎ᠠ ᠪᠤᠢ︖ ᠭᠡᠵᠦ ᠪᠢ ᠠᠰᠠᠭᠤᠰᠤᠭᠠᠢ︕        ᠲᠡᠶᠢᠮᠦ ᠡ᠂ ᠦᠨᠦᠳᠦᠷ ᠲᠡᠯᠡᠭᠡᠢ ᠶᠢᠨ ᠡᠯ᠎ᠠ ᠭᠠᠵᠠᠷ ᠤᠷᠤᠨ ᠳᠤ ᠲᠠᠷᠬᠠᠨ ᠠᠮᠢᠳᠤᠷᠠᠵᠦ ᠪᠠᠶᠢᠭ᠎ᠠ ᠮᠢᠩᠭᠠᠨ ᠲᠦᠮᠡᠨ ᠮᠤᠩᠭᠤᠯᠴᠤᠳ ᠲᠤ ᠠᠪᠴᠦ ᠭᠡᠯᠡᠪᠡᠯ᠂ ᠭᠠᠳᠠᠭᠠᠳᠦ ᠤᠯᠤᠰ ᠲᠤ ᠪᠠᠶᠢᠬᠰᠠᠠ ᠴᠦ᠂ ᠦᠪᠡᠷ ᠤᠨ ᠲᠦᠷᠦᠭᠰᠡᠡ ᠨᠤᠳᠤᠭ ᠲᠠᠭᠠᠨ ᠪᠠᠶᠢᠬᠰᠠᠠ ᠴᠦ︔ ᠤᠯᠠᠨ ᠬᠦᠮᠦᠨ ᠤ ᠴᠤᠬᠯᠠᠭᠠᠨ ᠲᠠᠢ ᠬᠤᠳᠠ ᠳᠤ ᠪᠠᠶᠢᠬᠰᠠᠠ ᠴᠦ᠂ ᠦᠷᠭᠡᠨ ᠠᠭᠤᠳᠠᠮ ᠬᠦᠳᠡᠭᠡ ᠨᠤᠳᠤᠭ ᠲᠠᠭᠠᠨ ᠮᠠᠯ ᠬᠠᠷᠢᠭᠤᠯᠵᠦ ᠪᠠᠶᠢᠬᠰᠠᠠ ᠴᠦ᠂ ᠪᠢᠳᠡ ᠭᠡᠵᠢᠶᠡᠳᠡ ᠠᠷᠢᠭᠤᠨ ᠲᠠᠷᠬᠠᠨ ᠡᠨᠡ ᠨᠡᠷ᠎ᠠ ᠶᠢ ᠰᠡᠳᠭᠢᠯ ᠳᠡᠭᠡᠨ ᠬᠠᠳᠠᠵᠦ ᠶᠠᠪᠤᠨ᠎ᠠ᠃                ᠵᠠᠷᠢᠮ ᠬᠦᠮᠦᠨ ᠦᠷᠭᠦᠯᠵᠢ ᠭᠡᠯᠡᠵᠦ ᠶᠠᠷᠢᠬᠤ ᠮᠠᠭᠠᠳ ᠦᠭᠡᠢ᠂ ᠵᠠᠷᠢᠮ ᠬᠦᠮᠦᠨ ᠭᠡᠵᠢᠶᠡᠳᠡ ᠲᠤᠭᠤᠢ ᠪᠠᠶᠢᠬᠤ ᠮᠠᠭᠠᠳ ᠦᠭᠡᠢ᠂ ᠭᠡᠪᠡᠴᠦ ᠨᠠᠢᠮᠠᠨ ᠵᠠᠭᠤᠨ ᠵᠢᠯ ᠤᠨ ᠲᠤᠷᠰᠢ᠂ ᠮᠠᠨ ᠤ ᠰᠡᠳᠭᠢᠯ ᠵᠢᠷᠦᠭᠡᠨ ᠳᠤ ᠬᠠᠳᠠᠩᠰᠢᠬᠰᠠᠭᠠᠷ ᠢᠷᠡᠭᠰᠡᠡ ᠡᠨᠡᠬᠦ ᠨᠡᠷ᠎ᠠ ᠶᠡᠷᠦ ᠠᠴᠠ ᠬᠤᠪᠢᠷᠠᠭᠠᠳᠦᠢ᠂ ᠲᠡᠷᠡ ᠨᠢ ᠮᠠᠨ ᠤ ᠡᠴᠢᠭᠡ ᠲᠠᠢ ᠠᠳᠠᠯᠢ᠂ ᠬᠠᠭᠠᠨ ᠡᠵᠡᠨ ᠲᠠᠢ ᠠᠳᠠᠯᠢ᠂ ᠮᠦᠨ ᠴᠦ ᠪᠤᠷᠬᠠᠨ ᠰᠠᠬᠢᠭᠤᠯᠰᠤᠨ ᠮᠡᠳᠦ᠃               ᠮᠤᠩᠭᠤᠯ ᠤᠯᠤᠰ ᠤᠨ ᠤᠷᠠᠯᠢᠬᠴᠢᠨ ᠤ ᠱᠤᠭᠤᠵᠦ ᠪᠦᠳᠦᠭᠡᠭᠰᠡᠡ ᠬᠠᠭᠠᠨ ᠤ ᠰᠠᠭᠤᠮᠠᠯ ᠬᠦᠷᠦᠭ ᠤᠯᠠᠨ ᠤ ᠨᠢᠳᠤᠨ ᠡᠮᠦᠨ᠎ᠠ ᠢᠯᠡᠷᠡᠯ᠎ᠠ᠂ ᠴᠢᠮᠡᠭ ᠭᠦᠶᠦᠵᠦ ᠢᠷᠡᠭᠡᠳ ᠪᠦᠬᠦᠳᠡ ᠤᠯᠠᠨ ᠲᠠᠢ ᠴᠤᠬᠭᠠᠷ ᠲᠠᠶᠢᠰᠠᠨ ᠳᠤ ᠭᠠᠷᠴᠦ ᠤᠢᠢᠷ᠎ᠠ ᠵᠠᠢ ᠠᠴᠠ ᠪᠠᠷᠠᠳᠠᠨ ᠲᠠᠭᠠᠳᠬᠠᠶ᠎ᠠ ᠭᠡᠯ᠎ᠠ᠃           ᠶᠤᠰᠤᠯᠠᠯ ᠲᠠᠭᠤᠰᠤᠯ᠎ᠠ᠂ ᠲᠠᠯᠠᠪᠠᠢ ᠳᠤ ᠪᠠᠶᠢᠬᠰᠠᠠ ᠪᠤᠢ ᠪᠦᠬᠦᠢ ᠬᠦᠮᠦᠰ ᠱᠠᠳᠦ ᠪᠠᠷ ᠲᠡᠭᠡᠭᠰᠢ ᠮᠠᠴᠤᠵᠦ ᠬᠦᠷᠦᠭ ᠲᠡᠰᠢ ᠲᠡᠮᠡᠤᠯᠵᠠᠢ᠃ ᠦᠨᠡᠨᠳᠡᠭᠡᠨ ᠪᠢᠳᠠ ᠬᠠᠭᠠᠨ ᠤ ᠰᠠᠭᠤᠮᠠᠯ ᠬᠦᠷᠦᠭ ᠲᠤ ᠤᠢᠢᠷᠠᠳᠤᠵᠦ ᠴᠢᠳᠠᠬᠰᠠᠠ ᠦᠭᠡᠢ᠂ ᠤᠴᠢᠷ ᠨᠢ ᠬᠦᠯ ᠭᠠᠷ ᠨᠢ ᠲᠦᠷᠭᠡᠨ ᠠᠬ᠎ᠠ ᠲᠡᠭᠦᠦ ᠨᠠᠷ ᠠᠯᠢ ᠭᠡᠳᠦ᠋ᠢᠨ ᠮᠠᠨ ᠤ ᠡᠮᠦᠨ᠎ᠠ ᠬᠦᠷᠦᠭᠡᠳ ᠮᠦᠷᠯᠡᠭᠰᠡᠡ ᠲᠡᠭᠡᠷ᠎ᠠ ᠨᠢ ᠮᠦᠷᠯᠡᠨ ᠵᠤᠬᠰᠤᠵᠠᠭᠠᠯ᠎ᠠ᠃ ᠬᠦᠮᠦᠨ ᠪᠦᠬᠦᠨ ᠰᠠᠭᠤᠮᠠᠯ ᠬᠦᠷᠦᠭ ᠤᠨ ᠡᠮᠦᠨ᠎ᠠ ᠬᠦᠷᠬᠦ ᠦᠶᠡᠰ ᠭᠠᠷ ᠤᠨ ᠠᠯᠠᠭ᠎ᠠ ᠪᠠᠨ ᠬᠠᠮᠳᠤᠳᠬᠠᠨ ᠮᠦᠬᠦ᠋ᠢᠨ ᠵᠤᠬᠰᠤᠵᠦ ᠵᠠᠯᠪᠠᠷᠢᠨ ᠲᠠᠭᠠᠳᠬᠠᠭᠠᠳ ᠰᠠᠯᠤᠨ ᠶᠠᠳᠠᠨ ᠠᠶᠠᠷᠯᠠᠵᠦ ᠪᠠᠶᠢᠬᠰᠠᠠ᠃              ᠬᠦᠷᠦᠭ ᠲᠤ ᠪᠠᠷᠠᠳᠠᠬᠤ ᠪᠠᠷ ᠮᠦᠷᠯᠡᠨ ᠵᠤᠬᠰᠤᠬᠴᠢᠳ ᠦᠨᠠᠨ ᠤᠯᠠᠨ᠂ ᠬᠦᠮᠦᠨ ᠪᠦᠬᠦᠨ ᠬᠠᠭᠠᠨ ᠤ ᠰᠠᠭᠤᠮᠠᠯ ᠬᠦᠷᠦᠭ ᠯᠦᠭᠡ ᠤᠢᠢᠷᠠᠳᠤᠬᠤ ᠶᠢᠨ ᠲᠡᠷᠡᠬᠦ ᠭᠱᠠᠨ ᠴᠠᠬ ᠨᠢ ᠵᠦᠪᠭᠡᠨ ᠭᠡᠳᠦᠭᠡᠨ ᠰᠧᠺᠦ᠋ᠨ᠋ᠳ᠋ ᠪᠠᠶᠢᠵᠦ ᠮᠠᠭᠠᠳ ᠦᠭᠡᠢ᠂ ᠭᠡᠶ᠎ᠠ ᠨᠢᠭᠡᠨ ᠮᠤᠩᠭᠤᠯ ᠬᠦᠮᠦᠨ ᠳᠤ ᠠᠪᠴᠦ ᠭᠡᠯᠡᠪᠡᠯ᠂ ᠭᠡᠴᠢᠨᠡᠨ ᠡᠷᠭᠢᠮ ᠨᠠᠨᠳᠢᠨ ᠪᠤᠯᠬᠤ ᠪᠢᠯᠡ︕                ᠰᠦᠰᠦᠭ ᠪᠢᠰᠢᠷᠡᠯᠳᠡᠨ ᠤ ᠡᠩᠨᠡᠭᠡ ᠶᠢ ᠦᠵᠡᠭᠡᠳ ᠪᠢ ᠬᠠᠷᠢᠨ ᠤᠷᠤᠬᠰᠢ ᠶᠠᠪᠤᠬᠤ ᠵᠤᠷᠢᠬ ᠦᠭᠡᠢ ᠪᠤᠯᠪᠠ᠃ ᠲᠡᠶᠢᠮᠦ ᠡ᠂ ᠲᠦᠮᠡᠨ ᠭᠠᠵᠠᠷ ᠤᠨ ᠬᠤᠯᠠ ᠠᠴᠠ ᠠᠳᠡ ᠢᠷᠡᠭᠰᠡᠡ ᠨᠠᠮᠠᠢᠢ ᠪᠠᠨ ᠲᠡᠩᠳᠡᠭᠦᠦ ᠡᠩᠭᠦᠷᠡᠶᠢᠯᠠᠨ ᠬᠠᠶᠢᠷᠠᠯᠠᠴᠢᠬᠠᠪᠠ᠃ ᠭᠡᠳᠦᠷᠭᠡᠢ ᠤᠯᠠᠨ ᠶᠠᠭᠤᠮ᠎ᠠ ᠬᠦᠰᠡᠵᠦ᠂ ᠴᠢᠮᠠᠯᠠᠵᠦ ᠪᠤᠯᠬᠤ ᠦᠭᠡᠢ ᠰᠢᠦ ᠭᠡᠵᠦ ᠪᠤᠳᠤᠯ᠎ᠠ᠃               ᠴᠢᠮᠡᠭ ᠴᠦ ᠤᠬᠠᠵᠦ ᠮᠡᠳᠡᠭᠰᠡᠡ ᠪᠤᠯᠤᠯᠳᠠᠢ᠄ ︽ᠰᠢ᠊ ᠪᠠᠭᠰᠢ ᠡ᠂ ᠪᠢᠳᠡ ᠪᠠᠭᠤᠶ᠎ᠠ︾ ᠭᠡᠵᠦ ᠰᠢᠪᠡᠨᠡᠪᠠ᠃         ᠪᠢᠳᠡ ᠬᠤᠶᠠᠭᠤᠯᠠ ᠪᠠᠶᠠᠷᠯᠠᠯᠳᠤᠨ ᠪᠡᠶ᠎ᠠ ᠡᠷᠭᠢᠨ ᠱᠠᠳᠦ ᠪᠠᠷ ᠪᠠᠭᠤᠬᠤ ᠭᠡᠵᠦ ᠪᠠᠶᠢᠳᠠᠯ᠎ᠠ ᠨᠢᠳᠤᠨ ᠡᠮᠦᠨ᠎ᠠ ᠢᠯᠡᠷᠡᠭᠰᠡᠡ ᠡᠨᠡᠬᠦ ᠪᠠᠶᠢᠳᠠᠯ ᠳᠤ ᠰᠤᠴᠢᠰᠬᠢᠨ ᠦᠪᠡᠷ ᠤᠨ ᠡᠷᠭᠡ ᠦᠭᠡᠢ ᠴᠤᠬᠭᠠᠷ ︽ᠠ︕︾ ᠭᠡᠵᠦ ᠪᠠᠷᠬᠢᠷᠠᠪᠠ᠃             ᠪᠤᠷᠬᠠᠨ ᠲᠡᠭᠷᠢ ᠮᠢᠨᠢ ᠡ︕ ᠲᠠᠶᠢᠰᠠᠨ ᠲᠡᠭᠡᠷ᠎ᠠ ᠵᠤᠬᠰᠤᠭᠠᠳ ᠲᠤᠷᠤᠬᠰᠢ ᠬᠠᠷᠠᠬᠤᠯᠠᠷ ᠰᠦᠭᠡᠪᠠᠭᠠᠳᠤᠷ ᠠᠭᠤᠳᠠᠮ ᠲᠠᠯᠠᠪᠠᠢ ᠬᠦᠮᠦᠨ ᠤ ᠲᠠᠯᠠᠢ ᠪᠤᠯᠴᠢᠬᠠᠬᠰᠠᠠ ᠪᠠᠶᠢᠪᠠ᠃             ᠠᠭᠤᠳᠠᠮ ᠲᠠᠯᠠᠪᠠᠢ ᠳᠠᠬᠢ ᠰᠡᠷᠭᠡᠶᠢᠡᠯᠯᠳᠡ ᠶᠢᠨ ᠬᠠᠰᠢᠭᠤᠷ ᠢ ᠠᠪᠴᠦ ᠴᠢᠯᠦᠭᠡ ᠲᠠᠢ ᠪᠤᠯᠭᠠᠬᠰᠠᠠ ᠢᠶᠠᠷ ᠪᠤᠢ ᠪᠦᠬᠦᠢ ᠬᠦᠮᠦᠰ ᠲᠦᠷᠪᠡᠨ ᠵᠦᠭ ᠨᠠᠢᠮᠠᠨ ᠵᠤᠪᠬᠢᠰ ᠠᠴᠠ ᠬᠦᠷᠦᠯᠴᠡᠨ ᠢᠷᠡᠵᠦ ᠬᠠᠨ ᠤ ᠰᠠᠭᠤᠮᠠᠯ ᠬᠦᠷᠦᠭ ᠲᠡᠰᠢ ᠲᠡᠮᠡᠤᠯᠬᠦ ᠪᠠᠷ ᠨᠢ ᠨᠠᠷᠠᠨ ᠤ ᠭᠡᠷᠡᠯ ᠲᠤᠤᠷ᠎ᠠ ᠦᠩᠭᠡ ᠢᠯᠭᠠᠷᠠᠭᠠᠳ ᠶᠠᠭ ᠨᠢᠭᠡᠨ ᠤᠷᠠᠯᠠᠨ ᠬᠠᠳᠬᠤᠵᠦ ᠪᠦᠳᠦᠭᠡᠭᠰᠡᠡ ᠦᠩᠭᠡᠳᠦ ᠭᠡᠪᠢᠰ ᠮᠡᠳᠦ᠃ ᠦᠩᠭᠡᠳᠦ ᠭᠡᠪᠢᠰ ᠤᠨ ᠲᠤᠮᠳᠠ ᠦᠨᠳᠦᠷ ᠰᠦᠷᠯᠢᠭ ᠪᠦᠭᠡᠳ ᠰᠠᠯᠬᠢᠨ ᠤ ᠠᠶ᠎ᠠ ᠪᠠᠷ ᠨᠠᠮᠢᠷᠠᠨ ᠪᠠᠶᠢᠭ᠎ᠠ ᠨᠢ ᠬᠤᠯᠠ ᠵᠠᠢ ᠳᠤ ᠮᠤᠩᠭᠤᠯ ᠤᠯᠤᠰ ᠤᠨ ᠲᠤᠬ ᠪᠤᠯᠤᠨ ᠤᠯᠭᠠᠨᠪᠠᠭᠠᠳᠤᠷ ᠬᠤᠳᠠ ᠶᠢᠨ ᠲᠤᠭ ᠬᠠᠷᠠᠬᠳᠠᠨ᠎ᠠ᠂ ᠤᠢᠢᠷ᠎ᠠ ᠵᠠᠢ ᠳᠤ ᠠᠯᠳᠠ ᠮᠦᠩᠭᠦᠨ ᠭᠢᠯᠪᠠᠭ᠎ᠠ ᠲᠠᠢ ᠶᠢᠰᠦᠨ ᠵᠠᠯᠮᠠᠳᠦ ᠴᠠᠭᠠᠨ ᠵᠠᠯᠠᠭᠠᠳᠦ ᠪᠠᠷ ᠪᠦᠷᠢᠯᠳᠦᠭᠰᠡᠡ ᠴᠠᠭᠠᠨ ᠰᠦᠯᠳᠡ — ᠨᠠᠢᠮᠠᠨ ᠵᠠᠭᠤᠨ ᠵᠢᠯ ᠤᠨ ᠡᠮᠦᠨ᠎ᠠ ᠠᠴᠠ ᠡᠳᠦᠭᠡ ᠬᠦᠷᠳᠡᠯ᠎ᠠ ᠤᠯᠠᠮᠵᠢᠯᠠᠬᠳᠠᠬᠰᠠᠭᠠᠷ ᠢᠷᠡᠭᠰᠡᠡ ᠶᠡᠭᠡ ᠮᠤᠩᠭᠤᠯ ᠤᠯᠤᠰ ᠤᠨ ᠲᠤᠬ ᠤᠨ ᠰᠦᠯᠳᠡ ᠬᠠᠷᠠᠬᠳᠠᠨ᠎ᠠ᠃                ᠲᠤᠬ ᠤᠨ ᠰᠦᠯᠳᠡ ᠶᠢᠨ ᠲᠤᠤᠷ᠎ᠠ ᠪᠠᠶᠢᠬᠰᠠᠠ ᠬᠦᠮᠦᠰ ᠨᠢᠭᠡᠨᠳᠡ ᠤᠢᠢᠷᠠᠳᠤᠵᠦ ᠢᠷᠡᠪᠡ᠂ ᠦᠭᠡᠳᠡ ᠬᠠᠨᠳᠤᠬᠰᠠᠠ ᠴᠢᠷᠠᠢ ᠳᠤᠨᠢ ᠢᠨᠢᠶᠡᠮᠰᠦᠭᠯᠡᠯ ᠲᠤᠳᠤᠷᠠᠨ᠎ᠠ᠃ ᠪᠤᠳᠤᠬᠤ ᠳᠤ ᠠᠭᠤᠳᠠᠮ ᠲᠠᠯᠠᠪᠠᠢ ᠳᠤ ᠪᠠᠶᠢᠬᠰᠠᠠ ᠬᠦᠮᠦᠨ ᠪᠦᠬᠦᠨ ᠤ ᠰᠡᠳᠭᠢᠯ ᠪᠦᠷ ᠪᠠᠶᠠᠰᠤᠩᠭᠤᠢ ᠪᠠᠶᠢᠬᠤ ᠶᠤᠰᠤᠳᠠᠢ᠂ ᠪᠠᠴᠢᠮᠳᠠᠵᠦ ᠰᠠᠨᠳᠤᠷᠬᠤ ᠦᠭᠡᠢ ᠠᠯᠭᠤᠷ ᠠᠭᠠᠵᠢᠮ ᠢᠶᠠᠷ ᠤᠯᠠᠨ ᠬᠦᠮᠦᠨ ᠤ ᠤᠷᠤᠰᠬᠠᠯ ᠢ ᠲᠠᠭᠠᠨ ᠤᠷᠤᠬᠰᠢ ᠠᠯᠬᠤᠯᠠᠨ᠎ᠠ᠂ ᠡᠨᠡ ᠪᠤᠯ ︽ᠤᠷᠤᠯᠴᠠᠭ᠎ᠠ︾ ᠶᠢᠨ ᠰᠡᠳᠭᠢᠯᠭᠡ᠃        ᠡᠨᠡᠬᠦ ᠴᠠᠬ ᠮᠦᠴᠡ ᠳᠤ᠂ ᠮᠤᠩᠭᠤᠯ ᠬᠦᠮᠦᠨ ᠤ ᠤᠮᠪᠤᠯᠦ ᠲᠤᠮᠪᠤᠯᠦ ᠪᠤᠯᠤᠬᠰᠡᠳ ᠶᠠᠭᠤ ᠶᠢ ᠴᠦ ᠬᠦᠰᠡᠬᠦ ᠦᠭᠡᠢ᠂ ᠵᠦᠪᠭᠡᠨ ᠡᠷᠭᠢᠨ ᠲᠤᠭᠤᠷᠢᠨ ᠤ ᠬᠦᠮᠦᠰ ᠲᠠᠢ ᠬᠠᠮᠳᠦ ᠪᠠᠷ ᠠᠯᠭᠤᠷ ᠠᠭᠠᠵᠢᠮ ᠢᠶᠠᠷ ᠤᠷᠤᠬᠰᠢᠯᠠᠨ ᠡᠴᠦᠰ  ᠲᠡᠭᠡᠨ ᠪᠡᠶᠡᠯᠡᠭᠳᠡᠭᠡ ᠰᠡᠳᠭᠢᠯ ᠵᠢᠷᠦᠭᠡᠨ ᠳᠡᠭᠡᠨ ᠦᠨᠢ ᠤᠳᠠᠭᠠᠨ ᠬᠦᠰᠡᠨ ᠮᠦᠷᠦᠭᠡᠳᠦᠭᠰᠡᠭᠡᠷ ᠢᠷᠡᠭᠰᠡᠡ ︽ᠤᠷᠤᠯᠴᠠᠭ᠎ᠠ ᠶᠢᠨ ᠲᠦᠷᠦᠭᠳᠡᠯ︾  —  ᠪᠦᠬᠦ ᠪᠡᠶ᠎ᠠ ᠳᠤ ᠮᠢᠨᠢ ᠪᠠᠶᠠᠷ ᠪᠠᠭ᠋ᠠᠳᠤᠯ ᠪᠤᠯᠤᠨ ᠬᠠᠯᠠᠭᠤᠨ ᠲᠤᠯᠠᠭᠠᠨ ᠢᠶᠠᠷ ᠪᠢᠯᠠᠭᠤᠷᠠᠬᠰᠠᠠ ᠲᠡᠷᠡᠬᠦ ᠰᠡᠳᠭᠢᠭᠳᠡᠯ ᠢ ᠲᠠᠪᠠᠳᠠᠶᠢᠬᠠᠨ ᠡᠳ᠋ᠯᠡᠨ᠎ᠠ᠃               ᠡᠨᠡᠬᠦ ᠴᠠᠬ ᠮᠦᠴᠠ ᠳᠤ ᠬᠦᠷᠳᠡᠭᠰᠡᠡ ᠪᠠᠶᠠᠷ ᠪᠠᠭ᠋ᠠᠳᠤᠯ ᠪᠤᠯᠤᠨ ᠬᠠᠯᠠᠭᠤᠨ ᠲᠤᠯᠠᠭᠠᠨ ᠮᠢᠨᠢ ᠨᠢᠭᠡ ᠨᠠᠰᠤᠨ ᠤ ᠡᠷᠭᠢᠴᠡᠭᠦᠯᠦᠯ ᠪᠤᠯᠬᠤ ᠶᠤᠰᠤᠳᠠᠢ᠃       ᠱᠠᠳᠦ ᠪᠠᠷ ᠲᠤᠷᠤᠬᠰᠢ ᠪᠠᠭᠤᠬᠤ ᠦᠶ᠎ᠠ ᠳᠤ ᠨᠢᠭᠡ ᠬᠦᠮᠦᠨ ᠮᠢᠨᠦ ᠨᠡᠷ᠎ᠠ ᠪᠠᠷ ᠲᠠᠭᠤᠳᠠᠬᠤ ᠰᠤᠨᠤᠰᠳᠠᠯ᠎ᠠ᠂ ᠦᠵᠡᠭᠦᠯᠡᠷ ᠮᠢᠨᠦ ᠠᠪᠤ ᠶᠢᠨ ᠲᠦᠷᠦᠭᠰᠡᠡ ᠨᠤᠳᠤᠬ ᠤᠨ ᠬᠦᠮᠦᠰ ᠪᠠᠶᠢᠪᠠ᠂ ᠠᠷᠪᠠᠨ ᠲᠤᠯᠭᠠᠨ ᠵᠢᠯ ᠤᠨ ᠡᠮᠦᠨ᠎ᠠ ︵1989 ᠤᠨ︶ ᠮᠤᠩᠭᠤᠯ ᠤᠨ ᠦᠨᠳᠦᠷᠯᠢᠭ ᠲᠤ ᠠᠩᠬ᠎ᠠ ᠤᠳᠠᠭ᠎ᠠ ᠢᠷᠡᠬᠦ ᠦᠶ᠎ᠠ ᠳᠤ ᠠᠭᠤᠯᠵᠠᠵᠦ ᠲᠠᠨᠢᠯᠴᠠᠬᠰᠠᠠ ᠠᠨᠢᠶ᠎ᠠ ᠪᠤᠯᠤᠨ ᠠᠪᠠᠭ᠎ᠠ ᠪᠠᠶᠢᠵᠠᠢ᠃ ᠦᠪᠦᠷ ᠮᠤᠩᠭᠤᠯ ᠠᠴᠠ ᠢᠷᠡᠭᠰᠡᠡ ᠭᠤᠷᠪᠠᠨ ᠮᠤᠩᠭᠤᠯ ᠠᠬ᠎ᠠ ᠲᠡᠭᠦᠦ ᠲᠧᠯᠸᠢᠰ ᠤᠨ ᠰᠤᠷᠪᠤᠯᠵᠢᠯᠠᠭ᠎ᠠ ᠪᠠᠷ ᠲᠠᠮᠵᠢᠵᠦ ᠦᠵᠡᠵᠦ ᠦᠩᠭᠡᠷᠡᠭᠰᠡᠡ ᠪᠤᠯᠤᠯᠳᠠᠢ ᠪᠠᠰᠠ ᠬᠦᠷᠴᠦ ᠢᠷᠡᠭᠡᠳ ᠵᠤᠯᠭᠠᠯᠳᠠ ᠬᠢᠯ᠎ᠠ᠃ ᠠᠭᠤᠳᠠᠮ ᠲᠠᠯᠠᠪᠠᠢ ᠶᠢᠨ ᠲᠡᠨᠳᠡ ᠲᠦᠷᠢ ᠰᠢᠩᠭᠡᠭᠡᠯᠳᠡ ᠬᠢᠵᠦ ᠶᠠᠭᠠᠷᠠᠵᠦ ᠪᠠᠶᠢᠭ᠎ᠠ ᠰᠠᠶᠢᠨ᠎ᠠ ᠪᠤᠯᠤᠨ ᠲᠡᠭᠦᠨ ᠤ ᠪᠦᠯᠬᠦᠮ ᠤᠨ ᠬᠢᠨ ᠲᠠᠢ ᠦᠴᠦᠭᠡᠳᠦᠷ ᠲᠡᠤᠭᠡ ᠶᠢᠨ ᠮᠦᠽᠸᠢ ᠶᠢᠨ ᠤᠷᠳᠤᠨ ᠳᠤ ᠶᠠᠬ ᠬᠠᠷᠭᠤᠯ᠎ᠠ ᠃ ᠡᠳᠡᠭᠡᠷ ᠨᠢ ᠴᠦᠭᠡᠨ ᠲᠤᠭᠠᠨ ᠤ ᠬᠢ ᠶᠤᠮ᠂ ᠡᠷᠭᠢᠨ ᠲᠤᠭᠤᠷᠢᠨ ᠢ ᠠᠵᠢᠬᠯᠠᠬᠤᠶ᠎ᠠ ᠦᠪᠦᠷ ᠮᠤᠩᠭᠤᠯ᠂ ᠰᠢᠨᠵᠢᠶᠠᠩ᠂ ᠪᠤᠷᠢᠶᠠᠳ ᠮᠤᠩᠭᠤᠯ᠂ ᠬᠠᠯᠢᠮᠠᠬ ᠮᠤᠩᠭᠤᠯ᠂ ᠲᠤᠸᠠ᠂ ᠠᠯᠳᠠᠢ ᠵᠢᠴᠢ ᠲᠡᠯᠡᠭᠡᠢ ᠶᠢᠨ ᠡᠯ᠎ᠠ ᠭᠠᠵᠠᠷ  ᠠᠴᠠ ᠡᠨᠡ ᠤᠳᠠᠭ᠎ᠠ ᠶᠢᠨ ᠦᠪᠡᠳᠡᠭᠰᠢ ᠴᠤᠬᠯᠠᠭᠠᠨ ᠳᠤ ᠤᠷᠤᠯᠴᠠᠷ᠎ᠠ ᠢᠷᠡᠭᠰᠡᠡ ᠮᠤᠩᠭᠤᠯᠴᠤᠳ ᠮᠠᠰᠢ ᠤᠯᠠᠨ ᠪᠠᠶᠢᠬᠤ ᠶᠤᠰᠤᠳᠠᠢ᠃        ᠴᠡᠯᠮᠡᠭ ᠤᠬᠳᠠᠷᠭᠤᠢ ᠭᠡᠷᠡᠯᠳᠦ ᠨᠠᠷᠠᠨ ᠤ ᠲᠤᠤᠷ᠎ᠠ᠂ ᠴᠠᠭᠠᠨ ᠰᠦᠯᠳᠡ ᠶᠢᠨ ᠤᠷᠢᠶᠠᠯᠠᠯ ᠲᠤᠤᠷ᠎ᠠ᠂ ᠪᠤᠬᠳᠠ ᠡᠵᠡᠨ ᠴᠢᠩᠭᠢᠰ ᠬᠠᠭᠠᠨ ᠤ ᠡᠨᠡᠷᠢᠯ ᠢᠶᠠᠷ᠂ ᠡᠨᠡᠬᠦ ᠴᠠᠬ ᠮᠦᠴᠡ ᠳᠤ ᠮᠠᠨ ᠤ ᠬᠦᠮᠦᠨ ᠪᠦᠬᠦᠨ ᠤ ᠰᠠᠨᠠᠬᠰᠠᠠ ᠭᠡᠷᠡᠭ ᠰᠠᠨᠠᠭ᠎ᠠ ᠪᠠᠷ ᠨᠢ ᠪᠦᠳᠦᠯ᠎ᠠ᠃                                                                                             ︵ ᠦᠷᠬᠦᠯᠵᠢᠯᠠᠯ ᠪᠤᠢ︶                      ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号