ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠲᠦᠷᠪᠡ︶
ᠨᠡᠶᠢᠲᠡᠯᠡᠭᠰᠡᠨ ᠴᠠᠭ᠄
2016-04-14
     11 ᠤ ᠡᠳᠦᠷ ︵ᠭᠠᠷᠠᠬ ᠤᠨ ᠬᠤᠶᠡᠷ᠂ ᠲᠤᠩᠭᠠᠯᠠᠬ︶                 ᠤᠶᠤᠨ ᠪᠤᠯᠤᠨ ᠴᠢᠮᠡᠭ ᠦᠳᠡ ᠶᠢᠨ ᠡᠮᠦᠨ᠎ᠠ ᠪᠠᠭᠤᠳᠠᠯ ᠳᠤ ᠢᠷᠡᠭᠡᠳ ᠰᠦ᠋ ᠶᠢᠩ ᠪᠢᠳᠡ ᠬᠤᠶᠠᠭᠤᠯᠠ ᠶᠢ ᠲᠠᠭᠠᠭᠤᠯᠤᠨ ᠨᠠᠭᠠᠳᠤᠮ ᠤᠨ ᠬᠤᠷᠠᠯ ᠤᠨ ᠡᠬᠢᠯᠡᠬᠦ ᠶᠤᠰᠤᠯᠠᠯ ᠳᠤ ᠤᠷᠤᠯᠴᠠᠬᠤ ᠪᠠᠷ ᠪᠤᠯᠤᠭᠠᠳ 10 ᠴᠠᠬ ᠲᠤ ᠭᠠᠷᠴᠦ ᠶᠠᠪᠤᠵᠠᠢ᠂ ᠲᠡᠮᠡᠢ ᠬᠤᠯᠠ ᠭᠠᠵᠠᠷ ᠪᠢᠰᠢ ᠭᠡᠵᠦ ᠪᠤᠳᠤᠵᠦ ᠪᠠᠶᠢᠬᠰᠠᠠ ᠠᠴᠠ ᠪᠢᠰᠢ ᠲᠡᠷᠭᠡ ᠬᠦᠰᠭᠡ ᠶᠢ ᠬᠦᠭᠦᠷᠭᠡ ᠪᠠᠷ ᠦᠩᠭᠡᠷᠡᠭᠦᠯᠬᠦ ᠦᠭᠡᠢ ᠪᠤᠯᠪᠠ ᠭᠡᠰᠡᠡ ᠢ ᠨᠢ ᠰᠠᠨᠠᠵᠦ ᠤᠯᠤᠬᠰᠠᠠ ᠦᠭᠡᠢ ᠪᠤᠯᠬᠤᠷ ᠬᠦᠮᠦᠨ ᠤ ᠤᠷᠤᠰᠬᠠᠯ ᠢ ᠲᠠᠭᠠᠨ ᠬᠦᠭᠦᠷᠭᠡ ᠶᠢᠨ ᠲᠤᠭᠤᠤᠷ ᠲᠤᠭᠤᠷᠢᠵᠦ ᠶᠠᠪᠤᠪᠠ᠃             ᠪᠢᠳᠡ ᠲᠡᠷᠭᠡ ᠪᠠᠨ ᠬᠦᠭᠦᠷᠭᠡ ᠶᠢᠨ ᠲᠤᠤᠷᠠᠬᠢ ᠵᠠᠮ ᠤᠨ ᠬᠠᠵᠠᠭᠤ ᠳᠤ ᠵᠤᠬᠰᠤᠭᠠᠭᠠᠳ ᠭᠤᠤᠯ ᠤᠨ ᠬᠦᠪᠡᠭᠡᠨ ᠤ ᠵᠦᠯᠭᠡᠨ ᠲᠡᠭᠡᠷᠡᠬᠢ ᠴᠤᠪᠤᠭ᠎ᠠ ᠵᠠᠮ ᠪᠠᠷ ᠨᠠᠭᠠᠳᠤᠮ ᠤᠨ ᠬᠤᠷᠠᠯ ᠤᠨ ᠲᠠᠯᠠᠪᠠᠢ ᠲᠡᠰᠢ ᠠᠯᠬᠤᠪᠠ᠃             ᠡᠨᠡᠬᠦ ᠲᠤᠭᠤᠢᠢᠯᠠᠬᠰᠠᠠ ᠱᠠᠳᠤᠯᠵᠢᠨ ᠭᠡᠯᠪᠡᠷᠢᠳᠦ ᠲᠠᠶᠢᠰᠠ ᠲᠠᠢ ᠵᠠᠳᠠᠭᠠᠢ ᠲᠠᠮᠢᠷ ᠤᠨ ᠲᠠᠯᠠᠪᠠᠢ ᠶᠢᠨ ᠶᠤᠰᠤᠯᠠᠯ ᠦᠵᠡᠬᠦ ᠲᠠᠶᠢᠰᠠᠠ ᠤ ᠲᠤᠤᠷ᠎ᠠ ᠲᠠᠯ᠎ᠠ ᠳᠤ ᠭᠠᠳᠠᠬᠰᠢ ᠬᠠᠨᠳᠤᠭᠤᠯᠤᠬᠰᠠᠠ ᠠᠷᠪᠠᠨ ᠭᠡᠳᠦᠨ ᠡᠭᠦᠳᠡ ᠪᠠᠶᠢᠳᠠᠬ᠂ ᠠᠳᠡ ᠡᠷᠭᠡᠪᠰᠢ ᠴᠢᠮᠡᠭ ᠪᠤᠯᠤᠨ ᠤᠶᠤᠨ ᠲᠠᠢ ᠰᠠᠯᠬᠤ ᠭᠡᠷᠡᠭᠳᠠᠢ᠂ ᠤᠴᠢᠷ ᠨᠢ ᠰᠦ᠋ ᠶᠢᠩ ᠪᠢᠳᠡ ᠬᠤᠶᠠᠭᠤᠯᠠ ᠳᠤ ᠰᠤᠷᠪᠤᠯᠵᠢᠯᠠᠬᠴᠢ ᠶᠢᠨ ᠦᠨᠡᠮᠯᠡᠯ ᠲᠠᠢ ᠪᠤᠯᠬᠤᠷ ᠨᠢᠭᠡᠳᠦᠭᠡᠷ ᠨᠤᠮᠧᠷᠳᠦ ᠡᠭᠦᠳᠡ ᠪᠠᠷ ᠤᠷᠤᠨ᠎ᠠ᠃             ᠶᠤᠰᠤᠯᠠᠯ ᠦᠵᠡᠬᠦ ᠲᠠᠶᠢᠰᠠᠠ ᠲᠡᠭᠡᠷ᠎ᠠ ᠦᠨᠡᠨᠳᠡᠭᠡᠨ ᠪᠠᠰᠠ ᠬᠤᠭᠤᠰᠤᠨ ᠤᠷᠦ ᠪᠠᠶᠢᠨ᠎ᠠ᠂ ᠭᠡᠰᠡᠡ ᠴᠦ ᠭᠡᠷᠡᠯ ᠵᠢᠷᠤᠬ ᠠᠪᠬᠤ ᠪᠠᠨ ᠪᠤᠳᠤᠭᠠᠳ ᠪᠢᠳᠡ ᠲᠠᠯᠠᠪᠠᠢ ᠳᠠᠬᠢ ᠬᠡᠷᠡᠰᠭᠡ ᠶᠢᠨ ᠲᠡᠨᠳᠡ ᠵᠤᠬᠰᠤᠵᠠᠢ᠃ ᠰᠦ᠋ ᠶᠢᠩ ᠴᠦ ᠨᠠᠳᠠ ᠠᠴᠠ ᠰᠠᠯᠵᠦ ᠠᠰᠳᠠᠭᠠᠨ ᠬᠠᠷᠠᠭᠠᠰᠦ ᠶᠢᠨ ᠰᠡᠭᠦᠳᠡᠷ ᠠᠪᠬᠤ ᠪᠠᠷ ᠶᠠᠪᠤᠯ᠎ᠠ᠃         ᠪᠢᠳᠡ ᠪᠤᠰᠤᠳ ᠠᠴᠠ ᠡᠮᠦᠨ᠎ᠠ ᠢᠷᠡᠭᠰᠡᠡ ᠪᠤᠯᠬᠤᠷ ᠬᠡᠷᠡᠰᠭᠡ ᠶᠢᠨ ᠲᠡᠷᠭᠡᠳᠡᠬᠢ ᠲᠤᠬᠢᠷᠠᠮᠵᠢᠳᠠᠢ ᠤᠷᠤᠨ ᠪᠠᠶᠢᠷᠢ ᠶᠢ ᠤᠯᠤᠬᠰᠠᠠ᠃   ᠭᠡᠯᠡᠵᠦ ᠪᠠᠶᠢᠳᠠᠯ᠎ᠠ ᠲᠡᠮᠡᠢ ᠤᠳᠠᠬᠰᠠᠠ ᠦᠭᠡᠢ ᠮᠢᠨᠦ ᠬᠤᠶᠢᠭᠤᠷ ᠤᠷᠳᠤᠭᠤᠷ᠂ ᠠᠷᠦ ᠦᠪᠦᠷ ᠢᠶᠠᠷ ᠰᠡᠭᠦᠳᠡᠷ ᠤᠨ ᠮᠠᠰᠢᠨ ᠲᠡᠭᠦᠵᠢᠯᠡᠭᠰᠡᠡ ᠲᠧᠯᠸᠢᠰ ᠤᠨ ᠰᠤᠷᠪᠤᠯᠵᠢᠯᠠᠬᠴᠢᠳ ᠬᠦᠷᠴᠦ ᠢᠷᠡᠭᠡᠳ ᠵᠢᠶᠠᠰᠠ  ᠪᠠᠨ ᠪᠤᠰᠬᠠᠨ ᠬᠠᠷᠠᠭᠠᠰᠦ ᠪᠠᠨ ᠰᠤᠩᠭᠤᠵᠦ ᠶᠠᠭᠠᠷᠠᠤ ᠪᠡᠯᠡᠳᠭᠡᠯ ᠬᠢᠵᠦ ᠪᠠᠶᠢᠬᠤ ᠳᠤ᠂ ᠪᠢ ᠲᠤᠳᠤᠷ᠎ᠠ ᠪᠠᠨ ᠤᠳᠠᠯ ᠦᠭᠡᠢ ᠫᠷᠦᠭᠷᠠᠮ ᠡᠬᠢᠯᠡᠪᠡᠯ ᠬᠦᠮᠦᠰ ᠪᠦᠷ ᠭᠤᠶᠤ ᠮᠠᠰᠢᠨ ᠢᠶᠠᠷ ᠢᠶᠠᠨ ᠰᠡᠭᠦᠳᠡᠷᠯᠡᠵᠦ ᠡᠬᠢᠯᠡᠨ᠎ᠠ᠂ ᠲᠡᠭᠡᠪᠡᠯ ᠪᠢ ᠲᠡᠷᠡ ᠮᠠᠭᠤ ᠲᠤᠭᠠᠴᠢᠯᠠᠬᠰᠠᠠ ᠪᠠᠭ᠎ᠠ ᠮᠠᠰᠢᠨ ᠢᠶᠠᠨ ᠶᠠᠭᠠᠬᠢᠵᠦ ᠬᠦᠮᠦᠨ ᠤ ᠡᠮᠦᠨ᠎ᠠ ᠭᠠᠷᠭᠠᠵᠦ ᠭᠡᠷᠡᠯ ᠵᠢᠷᠤᠬ ᠲᠠᠳᠠᠬᠤ ᠪᠢᠯᠡ ᠳ᠋ᠡ ᠭᠡᠵᠦ ᠪᠤᠳᠤᠭᠠᠳ ᠢᠨᠢᠶᠡᠳᠦ ᠴᠦ ᠬᠦᠷᠦᠯ᠎ᠠ᠃             ᠭᠡᠶ᠎ᠠ ᠫᠷᠦᠭᠷᠠᠮ ᠡᠬᠢᠯᠡᠮᠡᠭᠴᠡ ᠮᠢᠨᠦ ᠦᠪᠡᠷ ᠤᠨ ᠲᠤᠭᠠᠴᠢᠯᠠᠬᠰᠠᠠ ᠪᠠᠭ᠎ᠠ ᠰᠡᠭᠦᠳᠡᠷ ᠤᠨ ᠮᠠᠰᠢᠨ ᠢᠶᠠᠨ ᠬᠦᠮᠦᠨ ᠤ ᠰᠡᠭᠦᠳᠡᠷ ᠤᠨ ᠮᠠᠰᠢᠨ ᠲᠠᠢ ᠠᠳᠠᠯᠢᠳᠬᠠᠬᠤ ᠪᠤᠳᠤᠯ ᠠᠷᠢᠯᠴᠢᠬᠠᠯ᠎ᠠ᠃ ᠢᠯᠠᠩᠭᠤᠶ᠎ᠠ ᠵᠢᠬᠰᠠᠭᠠᠯ ᠤᠨ ᠡᠩᠨᠡᠭᠡ ᠶᠢᠨ ᠬᠢᠨ ᠤ ᠰᠦᠷ ᠲᠠᠯᠠᠶᠢᠴᠠ ᠲᠠᠢ ᠪᠠᠷ ᠤᠷᠤᠵᠦ ᠢᠷᠡᠬᠦ ᠶᠢ ᠦᠵᠡᠭᠡᠳ ᠨᠢᠭᠡ ᠲᠠᠯ᠎ᠠ ᠪᠠᠷ ᠵᠠᠪᠳᠤᠨ ᠰᠡᠭᠦᠳᠡᠷᠯᠡᠵᠦ ᠨᠦᠬᠦᠭᠡ ᠲᠠᠯ᠎ᠠ ᠪᠠᠷ ᠦᠵᠡᠨ ᠭᠠᠶᠢᠬᠠᠬᠰᠠᠠ ᠢᠶᠠᠷ ᠢᠶᠠᠨ ᠶᠠᠭᠤ ᠪᠦᠬᠦᠨ ᠢ ᠪᠤᠳᠤᠬᠤ ᠪᠠᠨ ᠪᠤᠯᠢᠯ᠎ᠠ᠃             ᠦᠨᠡᠨᠳᠡᠭᠡᠨ 800 ᠵᠠᠭᠤᠨ ᠵᠢᠯ ᠤᠨ ᠤᠢ ᠶᠢ ᠪᠡᠯᠭᠡᠯᠡᠬᠦ ᠶᠢᠨ ᠬᠠᠷᠠᠭ᠎ᠠ ᠠᠴᠠ ᠪᠤᠯᠪᠠᠦ᠂   ᠡᠨᠡ ᠤᠳᠠᠭ᠎ᠠ ᠶᠢᠨ ᠵᠢᠬᠰᠠᠭᠠᠯ ᠤᠨ ᠡᠩᠨᠡᠭᠡ ᠨᠢ ᠶᠠᠬ ᠯᠠ ᠪᠢᠴᠢᠯ ᠮᠠᠶ᠋ᠢᠭ ᠤᠨ ᠲᠡᠤᠭᠡ ᠶᠢᠨ ᠲᠠᠬᠢᠨᠳᠠ ᠢᠯᠡᠷᠡᠭᠦᠯᠦᠯᠳᠡ ᠮᠡᠳᠦ᠂ ᠠᠳᠠᠯᠢ ᠪᠤᠰᠦ ᠤᠨ ᠵᠢᠯ ᠬᠢᠭᠡᠳ ᠠᠳᠠᠯᠢ ᠪᠤᠰᠦ ᠭᠠᠵᠠᠷ ᠤᠷᠤᠨ ᠤ ᠬᠤᠪᠴᠠᠰᠦ ᠵᠠᠰᠠᠯ ᠤᠨ ᠦᠵᠡᠭᠦᠯᠦᠯᠭᠡ᠂ ᠮᠤᠷᠢᠨ ᠮᠡᠷᠭᠡᠵᠢᠯ ᠤᠨ ᠤᠨᠴᠠ ᠤᠷ᠎ᠠ ᠮᠡᠷᠭᠡᠰᠢᠯ᠂ ᠬᠠᠮ ᠪᠦᠵᠢᠭ ᠤᠨ ᠲᠤᠬᠯᠠᠯᠳᠠ ᠵᠡᠷᠭᠡ ᠨᠢ ᠪᠦᠬᠦ᠋ᠢᠯᠡ ᠡᠬᠢᠯᠡᠯᠳᠡ ᠶᠢᠨ ᠶᠤᠰᠤᠯᠠᠯ ᠢ ᠦᠯᠵᠠᠶᠢᠳᠦ ᠰᠠᠶᠢᠬᠠᠨ ᠤᠨ ᠤ ᠴᠤᠬᠯᠠᠭᠠᠨ ᠮᠡᠳᠦ ᠪᠤᠯᠭᠠᠬᠰᠠᠠ ᠪᠠᠶᠢᠨ᠎ᠠ᠃               ᠵᠠᠪᠰᠠᠷ ᠲᠤᠨᠢ ᠶᠡᠷᠦᠩᠭᠡᠶᠢᠯᠡᠭᠴᠢ ᠡᠩᠭᠡᠪᠠᠶᠠᠷ ᠲᠠᠯᠠᠪᠠᠢ ᠳᠤ ᠢᠷᠡᠵᠦ ᠶᠠᠷᠢᠶ᠎ᠠ ᠲᠠᠯᠪᠢᠬᠤ ᠳᠤ ᠬᠡᠷᠡᠰᠭᠡ ᠶᠢᠨ ᠭᠠᠳᠠᠨ᠎ᠠ ᠪᠠᠶᠢᠬᠰᠠᠠ ᠰᠤᠨᠢᠨ ᠮᠡᠳᠡᠭᠡᠨ ᠤ ᠰᠤᠷᠪᠤᠯᠵᠢᠯᠠᠬᠴᠢ ᠶᠢᠨ ᠲᠠᠯᠠᠪᠠᠢ ᠳᠤ ᠤᠷᠤᠵᠦ ᠰᠡᠭᠦᠳᠡᠷᠯᠡᠵᠦ ᠰᠤᠷᠪᠤᠯᠵᠢᠯᠠᠬᠤ ᠶᠢ ᠵᠦᠪᠰᠢᠶᠡᠷᠡᠯ᠎ᠠ᠃ ᠡᠬᠢᠯᠡᠭᠡᠳ ᠪᠢ ᠲᠠᠯᠠᠪᠠᠢ ᠳᠤ ᠤᠷᠤᠬᠤ ᠰᠠᠨᠠᠭ᠎ᠠ ᠦᠭᠡᠢ ᠪᠠᠶᠢᠬᠰᠠᠠ ᠠᠴᠠ ᠪᠠᠨ ᠭᠡᠨᠡᠳᠳᠡ ᠴᠠᠭᠠᠨ ᠰᠦᠯᠳᠡ ︵ᠮᠤᠷᠢᠳᠡᠨ ᠡᠩᠨᠡᠭᠡ ᠶᠢᠨ ᠬᠠᠮᠠᠭᠠᠯᠠᠯᠳᠠ ᠲᠠᠢ ᠪᠠᠷ ᠲᠠᠯᠠᠪᠠᠢ ᠶᠢᠨ ᠲᠦᠪ ᠲᠤ ᠨᠢᠭᠡᠨᠳᠡ ᠲᠤᠬᠢᠳᠠᠢ ᠬᠠᠳᠬᠤᠵᠦ ᠲᠠᠯᠪᠢᠪᠠ︶ ᠶᠢ ᠤᠴᠢᠵᠦ ᠰᠡᠭᠦᠳᠡᠷᠯᠡᠬᠦ ᠪᠤᠳᠤᠯ ᠤᠷᠤᠵᠠᠢ᠃                 ᠢᠩᠭᠢᠭᠡᠳ ᠲᠦᠷᠭᠡᠨ ᠭᠡᠭᠴᠢ ᠤᠴᠢᠵᠦ ᠮᠦᠷᠯᠡᠭᠰᠡᠡ ᠴᠦ ᠠᠳᠠᠬ ᠲᠤᠨᠢ ᠤᠷᠤᠴᠢᠬᠠᠯ᠎ᠠ᠃               ᠰᠤᠷᠪᠤᠯᠵᠢᠯᠠᠬᠴᠢ ᠶᠢᠨ ᠲᠤᠮᠳᠠ ᠠᠴᠠ ᠬᠠᠷᠠᠭᠠᠰᠦ ᠲᠤᠬᠢᠷᠠᠭᠤᠯᠤᠨ ᠰᠢᠷᠳᠡᠪᠡᠯ ᠬᠦᠮᠦᠨ ᠤ ᠲᠤᠯᠤᠭᠠᠢ ᠲᠠᠩᠴᠢ ᠤᠯᠠᠨ ᠬᠠᠷᠠᠬᠳᠠᠬᠤ ᠨᠢ ᠡ᠂ 1991 ᠤᠨ ᠤ ᠬᠢ ᠲᠠᠢ ᠠᠳᠠᠯᠢ ᠲᠡᠶᠢᠮᠦ ᠴᠡᠪᠡᠷ ᠰᠠᠶᠢᠬᠠᠨ ᠲᠦᠷᠰᠦ ᠲᠠᠢ ᠪᠤᠯᠭᠠᠵᠦ ᠴᠢᠳᠠᠬᠤ ᠦᠭᠡᠢ ᠪᠤᠯᠤᠯ᠎ᠠ᠂ ᠵᠦᠪᠭᠡᠨ ᠬᠦᠭᠡ ᠤᠬᠳᠠᠷᠭᠤᠢ ᠬᠦᠪᠦᠩ ᠴᠠᠭᠠᠨ ᠡᠭᠦᠯᠠᠨ ᠤ ᠠᠷᠦ ᠦᠵᠡᠭᠳᠡᠯ᠃               ᠬᠦᠮᠦᠨ ᠠᠴᠠ ᠵᠠᠶᠢᠯᠠᠵᠦ ᠬᠤᠯᠠᠭᠤᠷ ᠲᠤᠭᠤᠷᠢᠵᠦ ᠲᠠᠬᠢᠵᠦ ᠬᠠᠷᠠᠭᠠᠰᠦ ᠲᠤᠬᠢᠷᠠᠭᠤᠯᠵᠦ ᠦᠵᠡᠭᠰᠡᠡ ᠴᠢᠨᠢ ᠬᠦᠮᠦᠨ ᠤ ᠲᠤᠯᠤᠭᠠᠢ ᠴᠦᠭᠡᠨ ᠬᠠᠷᠠᠬᠳᠠᠬᠤ ᠪᠤᠯᠤᠬᠰᠠᠠ ᠴᠦ ᠮᠢᠨᠦ ᠲᠤᠳᠤᠷ᠎ᠠ ᠮᠦᠨ ᠲᠦᠪᠳᠡᠬᠦ ᠦᠭᠡᠢ᠂ ᠤᠴᠦ᠋ᠢᠵᠦ ᠪᠠᠶᠢᠭᠠᠳ ︽ᠦᠭᠡᠳᠡ ᠬᠠᠷᠠᠬᠤ︾ ᠬᠠᠷᠠᠭᠠᠰᠦ ᠶᠢ ᠰᠤᠩᠭᠤᠬᠰᠠᠨ᠎ᠠ ᠦᠨᠳᠦᠷ ᠤᠬᠳᠠᠷᠭᠤᠢ ᠰᠠᠶᠢ ᠴᠡᠯᠮᠡᠭ ᠰᠠᠶᠢᠬᠠᠨ ᠬᠠᠷᠠᠬᠠᠳᠠᠪᠠ᠃               ᠭᠡᠳᠡᠯ᠎ᠠ ᠮᠢᠨᠦ ᠬᠤᠶᠠᠷ ᠡᠪᠦᠳᠦᠭ ᠡᠪᠡᠳᠦᠭᠡᠳ ᠲᠡᠰᠬᠦ ᠦᠭᠡᠢ ᠪᠤᠯᠬᠤ ᠳᠠᠭᠠᠨ ᠵᠦᠯᠭᠡᠨ ᠲᠡᠭᠡᠷ᠎ᠠ ᠰᠠᠭᠤᠵᠦ ᠬᠠᠷᠠᠭᠠᠰᠦ ᠰᠤᠩᠭᠤᠬᠤ ᠶᠢ ᠰᠠᠨᠠᠵᠠᠢ᠃         ᠦᠭᠡᠢ᠂ ᠢᠩᠭᠢᠬᠦ ᠨᠢ ᠪᠠᠰᠠ ᠲᠠᠭᠠᠷᠠᠬᠤ ᠦᠭᠡᠢ ᠬᠠᠷᠠᠭᠠᠰᠦ ᠲᠤᠤᠷ᠎ᠠ ᠪᠤᠯᠬᠤ ᠰᠢᠬ᠂ ᠪᠡᠶ᠎ᠠ ᠶᠢᠨ ᠪᠠᠶᠢᠷᠢᠰᠢᠯ ᠢᠶᠠᠨ ᠰᠤᠯᠢᠵᠦ ᠰᠦᠭᠦᠳᠪᠡᠯ ᠰᠠᠶᠢ ᠪᠤᠯᠤᠮᠠᠷ ᠁         ᠢᠩᠭᠢᠵᠦ ᠪᠠᠶᠢᠨ ᠪᠠᠶᠢᠨ ᠪᠤᠰᠴᠦ᠂ ᠪᠠᠶᠢᠨ ᠪᠠᠶᠢᠨ ᠰᠠᠭᠤᠵᠦ ᠪᠠᠶᠢᠬᠰᠠᠭᠠᠷ ᠮᠦᠨ ᠢᠨᠢᠶᠡᠳᠦ ᠬᠦᠷᠴᠢᠭᠡᠯ᠎ᠠ᠂ ᠪᠢ ᠴᠤᠬᠤᠮ ᠶᠠᠭᠤᠨ ᠳᠠᠭᠠᠨ ᠭᠡᠵᠦ ᠢᠩᠭᠢᠵᠦ ᠦᠢᠯᠡ ᠪᠠᠨ ᠦᠵᠡᠵᠦ ᠦᠰᠦ ᠪᠠᠨ ᠲᠤᠭᠠᠯᠠᠵᠦ ᠪᠠᠶᠢᠬᠤ ᠪᠤᠢ︖             ᠶᠠᠬ ᠡᠨᠡᠬᠦ ᠴᠠᠬ᠂ ᠡᠨᠡᠬᠦ ᠭᠱᠠᠨ ᠳᠤ ᠤᠴᠢᠷ ᠰᠢᠯᠳᠠᠭᠠᠨ ᠢᠶᠠᠨ ᠮᠡᠳᠡᠭᠰᠡᠡ᠃       1991 ᠤᠨ ᠳᠤ ᠮᠦᠨ ᠠᠳᠠᠯᠢᠬᠠᠨ ᠨᠢᠭᠡᠨ ᠭᠠᠵᠠᠷ ᠲᠤ ᠰᠡᠭᠦᠳᠡᠷᠯᠡᠵᠦ ᠠᠪᠤᠬᠰᠠᠠ ᠨᠡᠯᠢᠶᠡᠳ ᠬᠠᠨᠤᠮᠵᠢᠳᠠᠢ ᠭᠡᠵᠦ ᠭᠡᠯᠡᠵᠦ ᠪᠠᠶᠢᠬᠰᠠᠠ ᠲᠡᠷᠡ ᠴᠠᠭᠠᠨ ᠰᠦᠯᠳᠡ ᠶᠢᠨ ᠦᠷ᠎ᠠ ᠪᠦᠳᠦᠮᠵᠢ ᠳᠤ ᠪᠢ ᠦᠨᠡᠨᠳᠡᠭᠡᠨ ᠬᠠᠨᠤᠮᠵᠢ ᠦᠭᠡᠢ ᠪᠠᠶᠢᠬᠰᠠᠠ᠃ ᠲᠤᠬᠠᠢ ᠶᠢᠨ ᠦᠶ᠎ᠠ ᠳᠤ ᠲᠡᠶᠢᠮᠦ ᠰᠠᠶᠢᠬᠠᠨ ᠤᠷᠴᠢᠨ ᠲᠡᠶᠢᠮᠦ ᠰᠠᠶᠢᠬᠠᠨ ᠦᠵᠡᠮᠵᠢ ᠢ ᠢᠯᠡᠬᠦᠦ ᠭᠡᠳᠦ ᠶᠢ ᠰᠡᠭᠦᠳᠡᠷᠯᠡᠵᠦ ᠠᠪᠤᠬᠰᠠᠠ ᠪᠤᠯ ᠵᠤᠬᠢᠬᠤ ᠪᠠᠶᠢᠬᠰᠠᠠ᠃               ᠡᠨᠡ ᠪᠤᠯ ᠲᠠᠷᠤᠢ ᠴᠤᠬᠤᠮ ᠰᠢᠯᠳᠠᠭᠠᠨ ᠪᠠᠶᠢᠪᠠ᠃ 15 ᠵᠢᠯ ᠤᠨ ᠲᠤᠷᠰᠢ᠂ ᠪᠢ ᠦᠪᠡᠷ ᠢ ᠪᠠᠨ ᠶᠠᠭᠤᠨ ᠳᠤ ᠢᠯᠡᠬᠦᠦ ᠭᠡᠳᠦ ᠶᠢ ᠲᠤᠷᠰᠢᠵᠦ ᠰᠡᠭᠦᠳᠡᠷᠯᠡᠵᠦ ᠦᠵᠡᠭᠰᠡᠡ ᠦᠭᠡᠢ ᠶᠤᠮ ᠳ᠋ᠡ︕ ᠡᠭᠦᠨ ᠠᠴᠠ ᠨᠡᠩ ᠰᠠᠶᠢᠬᠠᠨ ᠬᠢᠵᠦ ᠲᠡᠶᠢᠯᠬᠦ ᠪᠠᠶᠢᠬᠰᠠᠠ ᠪᠠᠶᠢᠭᠠᠳ ᠭᠡᠵᠦ ᠪᠡᠶ᠎ᠠ ᠪᠠᠨ ᠵᠢᠮᠡᠯᠡᠭᠰᠡᠭᠡᠷ ᠢᠷᠡᠪᠡ᠃         ᠡᠶᠢᠮᠦ ᠳᠡᠭᠡᠨ ᠪᠢ ᠤᠯᠤᠰ ᠤᠨ ᠪᠠᠶᠠᠷ ᠲᠤ ᠲᠤᠬᠢᠶᠠᠯᠳᠤᠭᠤᠯᠤᠨ ᠮᠤᠩᠭᠤᠯ ᠤᠯᠤᠰ ᠲᠤ ᠢᠷᠡᠵᠦ᠂ ᠬᠦᠭᠡ ᠤᠬᠳᠠᠷᠭᠤᠢ ᠬᠦᠪᠦᠩ ᠴᠠᠭᠠᠨ ᠡᠭᠦᠯᠡᠨ ᠤ ᠲᠤᠤᠷ᠎ᠠ ᠨᠠᠮᠢᠷᠠᠨ ᠭᠡᠶᠢᠰᠴᠦ ᠪᠠᠶᠢᠭ᠎ᠠ ᠴᠠᠭᠠᠨ ᠰᠦᠯᠳᠡ ᠶᠢ ᠲᠠᠬᠢᠨ ᠰᠡᠭᠦᠳᠡᠷᠯᠡᠶ᠎ᠡ᠂ ᠠᠯᠢ ᠴᠦ ᠤᠳᠠᠭ᠎ᠠ ᠠᠴᠠ ᠨᠡᠩ ᠰᠠᠶᠢᠬᠠᠨ ᠰᠡᠭᠦᠳᠡᠷᠯᠡᠶ᠎ᠡ ᠬᠡᠵᠦ ᠰᠠᠨᠠᠵᠦ ᠪᠢᠯᠠ᠃         ᠡᠶᠢᠮᠦ ᠪᠤᠯᠤᠯᠴᠠᠭ᠎ᠠ ᠪᠠᠶᠢᠬᠤ ᠦᠭᠡᠢ ᠭᠡᠵᠢ ᠤᠤ︖             ᠡᠨᠡ ᠵᠢᠯ ᠤᠨ ᠪᠡᠯᠭᠡᠯᠡᠬᠦ ᠶᠤᠰᠤᠯᠠᠯ ᠤᠨ ᠠᠭᠤᠯᠭ᠎ᠠ ᠦᠨᠡᠭᠡᠷ ᠤᠯᠠᠨ᠂ ᠴᠠᠬ ᠨᠢ ᠴᠦ ᠤᠷᠳᠦ᠂ ᠡᠶᠢᠮᠦ  ᠠᠴᠠ ᠵᠢᠬᠰᠠᠭᠠᠯ᠂ ᠪᠦᠵᠢᠭ ᠪᠦᠷ ᠲᠠᠭᠤᠰᠤᠬᠰᠠᠠ ᠤ ᠲᠠᠷᠠᠭ᠎ᠠ ᠪᠦᠭᠡ ᠶᠢᠨ ᠤᠷᠤᠯᠳᠤᠭᠠᠨ ᠡᠬᠢᠯᠡᠬᠦ ᠦᠶ᠎ᠠ ᠪᠠᠷ ︽ ᠤᠴᠢᠷ ᠤᠬᠠᠭᠠᠨ ᠢ ᠮᠡᠳᠡᠬᠦ︾ ᠲᠡᠳᠡᠭᠡᠷ ᠴᠢᠭᠡᠴᠢ ᠦᠵᠡᠭᠴᠢᠳ ᠮᠢᠨᠢ ᠦᠯᠡᠳᠡᠳᠡᠭ᠂ ᠮᠠᠨ ᠤ ᠮᠡᠳᠦ ᠶᠢᠨ ᠲᠠᠭᠠᠵᠦ ᠲᠡᠷᠪᠡᠳᠡᠭ ᠬᠦᠮᠦᠰ ᠭᠡᠳᠦ᠋ᠢᠨ ᠶᠠᠪᠤᠵᠠᠭᠠᠠᠬᠰᠠᠠ ᠪᠠᠶᠢᠨ᠎ᠠ᠃                 ᠴᠤᠬᠯᠠᠭᠠᠨ ᠤ ᠲᠠᠯᠠᠪᠠᠢ ᠠᠴᠠ ᠭᠠᠷᠤᠭᠰᠠᠠ ᠤ ᠲᠠᠷᠠᠭ᠎ᠠ ᠰᠠᠯᠬᠢ ᠰᠠᠯᠬᠢᠯᠠᠨ᠂ ᠡᠭᠦᠯᠡᠰᠢᠵᠦ ᠠᠭᠤᠷ ᠠᠮᠢᠰᠬᠤᠯ ᠭᠡᠨᠡᠳᠳᠡ ᠬᠤᠪᠢᠷᠠᠪᠠ᠃ ᠤᠶᠤᠨ ᠪᠤᠯᠤᠨ ᠴᠢᠮᠡᠭ ᠲᠠᠢ ᠠᠭᠤᠯᠵᠠᠴᠢᠬᠠᠭᠠᠳ ᠰᠠᠶᠢᠬᠠᠨ ᠰᠢᠬ ᠭᠠᠵᠠᠷ ᠤᠴᠢᠵᠦ ᠠᠮᠳᠠ ᠲᠠᠢ ᠬᠤᠭᠤᠯᠠ ᠤᠯᠵᠦ ᠢᠳᠡᠬᠦ ᠶᠢ ᠰᠠᠨᠠᠯ᠎ᠠ᠃               ᠤᠶᠤᠨ ᠮᠠᠨ ᠢ ᠲᠠᠭᠠᠭᠤᠯᠤᠨ ᠨᠢᠭᠡᠨ ᠪᠤᠯᠤᠮᠠᠷ ᠰᠢᠬ ᠭᠠᠵᠠᠷ ᠬᠦᠷᠴᠦ ᠦᠷᠦᠨᠡᠳᠠᠬᠢᠨ ᠤ ᠮᠠᠶ᠋ᠢᠬ ᠤᠨ ᠬᠤᠭᠤᠯᠠ ᠢᠳᠡᠬᠦ ᠪᠠᠷ ᠪᠤᠯᠪᠠ᠂ ᠲᠡᠭᠡᠬᠦ ᠳᠤ ᠮᠦᠨ ᠡᠷᠳᠡ ᠬᠦᠷᠦᠭᠰᠡᠡ ᠳᠡᠭᠡᠨ ᠪᠢᠳᠡ ᠲᠤᠬᠢᠷᠠᠮᠵᠢᠳᠠᠢ ᠤᠷᠤᠨ ᠤᠯᠵᠦ ᠰᠠᠭᠤᠪᠠ᠃ ᠰᠡᠭᠦᠯᠡᠷ ᠨᠢ ᠲᠡᠷᠭᠡ ᠲᠡᠷᠭᠡ ᠪᠠᠷ ᠢᠷᠡᠭᠰᠡᠡ ᠦᠷᠦᠨᠡᠳᠠᠬᠢᠨ ᠤ ᠬᠢᠨ ᠪᠠ ᠶᠠᠫᠤᠨ ᠤ ᠵᠤᠴᠢᠳ ᠪᠦᠷ ᠠᠷᠦ ᠲᠠᠯ᠎ᠠ ᠶᠢᠨ ᠲᠢᠩᠭᠢᠮ ᠳᠤ ᠤᠴᠢᠵᠦ ᠢᠳᠡᠵᠡᠭᠡᠪᠡ᠃                 ᠬᠤᠭᠤᠯᠠᠨ ᠰᠢᠷᠡᠭᠡᠨ ᠲᠡᠭᠡᠷ᠎ᠠ ᠪᠢ ᠶᠠᠳᠠᠷᠠᠯ᠎ᠠ ᠭᠡᠵᠦ ᠭᠡᠯᠡᠪᠡ᠃ ᠬᠤᠭᠤᠯᠠ ᠢᠳᠡᠵᠦ ᠪᠠᠷᠠᠬᠰᠠᠠ ᠤ ᠲᠠᠷᠠᠭ᠎ᠠ ᠤᠶᠤᠨ ᠴᠢᠮᠡᠭ ᠬᠤᠶᠠᠭᠤᠯᠠ ᠰᠦ᠋ ᠶᠢᠩ ᠪᠢᠳᠡ ᠬᠤᠶᠠᠭᠤᠯᠠ ᠶᠢ ᠪᠠᠭᠤᠳᠠᠯ ᠳᠤ ᠬᠦᠷᠭᠡᠪᠡ᠃ ᠪᠢᠳᠡ ᠬᠤᠪᠴᠠᠰᠦ ᠲᠠᠢ  ᠪᠠᠨ ᠭᠡᠪᠳᠡᠭᠡᠳ 4 ᠴᠠᠬ ᠭᠠᠷᠤᠢ ᠠᠴᠠ 5 ᠴᠠᠬ ᠭᠠᠷᠤᠢ ᠪᠤᠯᠳᠠᠯ᠎ᠠ ᠲᠠᠭᠠᠳᠠᠢ ᠰᠠᠶᠢᠬᠠᠨ ᠤᠨᠳᠠᠪᠠ᠃         ᠦᠴᠦᠭᠡᠳᠦᠷ ᠠᠴᠠ ᠪᠠᠰᠠ ᠵᠦᠳᠡᠷᠡᠯ᠎ᠠ᠃               ᠦᠨᠡᠨᠳᠡᠭᠡᠨ ᠦᠴᠦᠭᠡᠳᠦᠷ ᠤᠨ ᠬᠦᠳᠡᠯᠭᠡᠭᠡᠨ ᠡᠨᠡ ᠡᠳᠦᠷ ᠤᠨ ᠬᠢ ᠠᠴᠠ ᠬᠤᠯᠠ ᠤᠯᠠᠨ᠂ ᠤᠯᠤᠰ ᠤᠨ ᠪᠠᠶᠠᠷ ᠢ ᠪᠡᠯᠭᠡᠯᠡᠬᠦ ᠡᠬᠢᠯᠡᠯᠳᠡ ᠶᠢᠨ ᠶᠤᠰᠤᠯᠠᠯ ᠳᠤ ᠤᠷᠤᠯᠴᠠᠬᠰᠠᠠ ᠤ ᠲᠠᠷᠠᠭ᠎ᠠ ᠦᠳᠡ ᠶᠢᠨ ᠬᠤᠶᠢᠨ᠎ᠠ ᠨᠢ ᠪᠠᠳᠠᠷᠠ ᠶᠢᠨ ᠬᠠᠳᠤᠨ ᠪᠠᠳᠠᠷᠠᠬᠴᠢ ᠶᠢᠨ ᠤᠷᠢᠯᠭ᠎ᠠ ᠪᠠᠷ ᠲᠡᠭᠦᠨ ᠤ ᠬᠦᠦ ᠪᠠᠭᠠᠳᠤᠷᠨᠠᠷᠠᠨ᠂ ᠪᠦᠰᠡᠭᠦᠢ ᠪᠠᠳᠤᠴᠡᠴᠡᠭ ᠵᠢᠴᠢ ᠤᠮᠪᠤᠯᠦ ᠦᠬᠢᠨ ᠪᠤᠯᠤᠨ ᠤᠮᠪᠤᠯᠦ ᠦᠬᠢᠨ ᠤ ᠬᠢᠨᠢ ᠡᠷᠡᠭᠳᠠᠢ ᠨᠠᠶᠢᠵᠢ᠂ ᠲᠠᠬᠢᠭᠠᠳ ᠦᠪᠦᠷ ᠮᠤᠩᠭᠤᠯ ᠠᠴᠠ ᠢᠷᠡᠭᠰᠡᠡ ᠬᠤᠶᠠᠷ ᠡᠷᠭᠢᠮ ᠵᠤᠴᠢᠨ ᠯᠾᠠᠰᠦ᠋ᠷᠦᠩ ᠪᠤᠯᠤᠨ ᠶᠤᠺᠴᠢᠨ ᠠᠪᠤᠭᠠᠢ ᠲᠠᠢ ᠬᠠᠮᠳᠦ ᠤᠯᠠᠭᠠᠨᠪᠠᠭᠠᠳᠤᠷ ᠬᠤᠳᠠ ᠶᠢᠨ ᠲᠡᠭᠦᠷᠭᠡ ᠶᠢᠨ ᠤᠯᠤᠰ ᠤᠨ ᠴᠡᠴᠡᠷᠯᠢᠭ ᠤᠨ ᠲᠤᠳᠤᠷᠠᠬᠢ ᠨᠢᠭᠡᠨ ︽ᠨᠦᠬᠦᠳ︾ ᠬᠤᠭᠤᠯᠠᠨ ᠭᠡᠷ ᠲᠤ ᠢᠷᠡᠵᠦ ᠤᠷᠤᠢ ᠶᠢᠨ ᠬᠤᠭᠤᠯᠠ ᠢᠳᠡᠵᠡᠭᠡᠪᠡ᠃               ᠪᠠᠳᠠᠷᠠ ᠶᠢᠨ ᠬᠠᠳᠤᠨ ᠤ ᠭᠡᠯᠡᠬᠦ ᠪᠠᠷ ᠤᠯᠠᠭᠠᠨᠪᠠᠭᠠᠳᠤᠷ ᠬᠤᠳᠠ ᠳᠤ ᠲᠡᠶᠢᠮᠦ ᠤᠯᠠᠨ ᠰᠠᠶᠢᠨ ᠬᠤᠭᠤᠯᠠᠨ ᠭᠡᠷ ᠪᠠᠶᠢᠬᠤ ᠳᠤ   ᠡᠨᠡ ᠬᠤᠭᠤᠯᠠᠨ ᠭᠡᠷ ᠢ ᠰᠤᠩᠭᠤᠬᠰᠠᠠ ᠨᠢ ᠵᠦᠪᠭᠡᠨ 1991 ᠤᠨ ᠳᠤ ᠮᠠᠨ ᠤ ᠨᠢᠭᠡ ᠪᠦᠯᠦᠭ ᠠᠷᠪᠠᠨ ᠵᠢᠷᠭᠤᠭᠠᠨ ᠬᠦᠮᠦᠨ ᠢᠶᠠᠷ ᠪᠦᠷᠢᠯᠳᠦᠭᠰᠡᠡ ᠲᠠᠶᠢᠸᠠᠨ ᠤ ᠪᠦᠯᠬᠦᠮ ᠤᠨ ᠰᠠᠭᠤᠬᠰᠠᠠ ᠵᠤᠴᠢᠳ ᠤᠨ ᠪᠠᠭᠤᠳᠠᠯ ᠶᠤᠮ ᠭᠡᠯᠳᠠᠢ᠂ ᠨᠠᠮᠠᠢᠢ ᠲᠡᠷᠡ ᠭᠠᠵᠠᠷ ᠲᠠᠬᠢᠨ ᠤᠴᠢᠵᠦ ᠦᠵᠡᠨ᠎ᠠ ᠭᠡᠵᠦ ᠭᠡᠯᠡᠭᠡᠳ ᠪᠠᠶᠢᠬᠤ ᠪᠠᠷ ᠨᠢ   ᠡᠨᠡ ᠤᠳᠠᠭ᠎ᠠ ᠮᠠᠨ ᠢ ᠲᠠᠭᠠᠭᠤᠯᠤᠨ   ᠠᠳᠡ ᠰᠢᠭᠤᠳ ᠢᠷᠡᠵᠦ ᠬᠤᠭᠤᠯᠠ ᠢᠳᠡᠭᠦᠯᠬᠦ ᠪᠠᠷ ᠪᠤᠯᠤᠬᠰᠠᠠ ᠭᠡᠨ᠎ᠠ᠃              1991 ᠤᠨ ᠳᠤ ᠪᠢ ᠲᠠᠶᠢᠸᠠᠨ ᠤ ᠤᠷᠠᠯᠢᠬ ᠤᠨ ᠡᠳᠡᠭᠡᠳ ᠤᠨ ᠮᠠᠰᠢ ᠤᠯᠠᠨ ᠨᠠᠶᠢᠵᠢ ᠨᠠᠷ ᠢ ᠲᠠᠭᠠᠵᠦ ᠮᠤᠩᠭᠤᠯ ᠤᠯᠤᠰ ᠲᠤ ᠢᠷᠡᠭᠰᠡᠡ ᠨᠢ ᠪᠠᠳᠠᠷᠠ ᠠᠪᠤᠭᠠᠢ ᠶᠢᠨ ᠤᠷᠢᠯᠭ᠎ᠠ ᠪᠠᠷ ᠶᠤᠮ᠂ ᠲᠡᠷᠡ ᠤᠳᠠᠭ᠎ᠠ ᠲᠡᠭᠦᠨ ᠤ ᠡᠷᠭᠢᠯᠡᠵᠦ ᠪᠦᠬᠦᠢ ᠨᠢᠭᠡᠨ ᠠᠷᠠᠳ ᠤᠨ ᠤᠷᠠᠯᠢᠭ ᠤᠨ ᠨᠡᠶᠢᠭᠡᠮᠯᠢᠭ ᠠᠴᠠ ᠮᠠᠨ ᠢ ᠬᠦᠯᠢᠶᠡᠨ ᠠᠪᠴᠦ ᠵᠤᠴᠢᠯᠠᠵᠦ ᠪᠢᠯᠠ ᠃ ᠲᠡᠷᠡ ᠡᠳᠦᠷ ᠨᠢᠰᠭᠡᠯ ᠠᠴᠠ ᠪᠠᠭᠤᠮᠠᠬᠴᠠ ᠡᠨᠡ ᠪᠠᠭᠤᠳᠠᠯ ᠳᠤ ᠲᠤᠰᠴᠦ ᠠᠪᠴᠢᠷᠡᠵᠦ ᠰᠠᠭᠤᠯᠭᠠᠵᠠᠢ᠂ ᠲᠡᠷᠡ ᠨᠢ ᠤᠯᠠᠭᠠᠨᠪᠠᠭᠠᠳᠤᠷ ᠤᠯᠤᠰ ᠤᠨ ᠴᠡᠴᠡᠷᠯᠢᠭ ᠤᠨ ᠵᠠᠬ᠎ᠠ ᠳᠤ ᠪᠠᠶᠢᠳᠠᠬ᠂ ᠤᠢᠢᠷ᠎ᠠ ᠬᠠᠪᠢ ᠳᠤᠨᠢ ᠲᠤᠪᠤᠴᠠᠬ᠂ ᠠᠭᠤᠯᠠᠨ ᠬᠦᠳᠦᠯ ᠪᠠᠶᠢᠳᠠᠬ᠂ ᠠᠭᠤᠯᠠᠨ ᠬᠦᠳᠦᠯ ᠲᠡᠭᠡᠷ᠎ᠠ ᠨᠢ ᠢᠬᠴᠢ ᠰᠠᠬᠤᠯᠠᠬ ᠤᠢ ᠮᠤᠳᠦ ᠲᠠᠢ ᠡᠳᠡᠭᠡᠳ ᠭᠤᠶᠤ ᠰᠠᠶᠢᠬᠠᠨ ᠪᠠᠶᠢᠯ᠎ᠠ᠃                 ᠬᠤᠶᠢᠰᠢᠳᠡ ᠶᠢᠨ ᠠᠷᠪᠠᠨ ᠭᠡᠳᠦᠨ ᠵᠢᠯ ᠤᠨ ᠬᠤᠭᠤᠴᠠᠭᠠᠨ ᠳᠤ ᠪᠢ ᠭᠡᠳᠦ᠋ᠢᠪᠡᠷ ᠤᠯᠠᠭᠠᠨᠪᠠᠭᠠᠳᠤᠷ ᠲᠤ ᠤᠯᠠᠨᠳᠠ ᠢᠷᠡᠭᠰᠡᠡ ᠪᠤᠯᠪᠠᠴᠦ ᠠᠳᠡ ᠢᠷᠡᠬᠦ ᠲᠤᠬᠢᠶᠠᠯ ᠶᠡᠷᠦ ᠲᠠᠭᠠᠷᠠᠯᠳᠤᠬᠰᠠᠠ ᠦᠭᠡᠢ᠃ ᠦᠴᠦᠭᠡᠳᠦᠷ ᠪᠤᠯ ᠠᠷᠪᠠᠨ ᠲᠠᠪᠤᠨ ᠵᠢᠯ ᠤᠨ ᠲᠠᠷᠠᠭ᠎ᠠ ᠠᠩᠬ᠎ᠠ ᠤᠳᠠᠭ᠎ᠠ ᠠᠳᠡ ᠢᠷᠡᠵᠦ ᠪᠠᠶᠢᠭ᠎ᠠ ᠶᠤᠮ᠂ ᠲᠡᠷᠡᠴᠢᠯᠡᠨ ᠪᠠᠰᠠ ᠲᠤᠯᠤᠭᠠᠨ ᠰᠠᠷ᠎ᠠ᠂ ᠠᠳᠠᠯᠢᠬᠠᠨ ᠨᠢᠭᠡᠨ ᠴᠠᠬ ᠤᠯᠠᠷᠢᠯ ᠳᠤ ᠲᠤᠬᠢᠶᠠᠯᠳᠤᠬᠰᠠᠠ ᠪᠤᠯᠬᠤᠷ ᠴᠡᠯ ᠨᠤᠭᠤᠭᠠᠨ ᠲᠠᠯ᠎ᠠ᠂ ᠬᠦᠪᠡᠭᠡ ᠬᠢᠵᠠᠭᠠᠷ ᠨᠢ ᠬᠠᠷᠠᠬᠳᠠᠬᠤ ᠦᠭᠡᠢ ᠤᠢ ᠰᠢᠭᠤᠢ ᠶᠠᠭᠤ ᠪᠦᠬᠦᠨ ᠡᠭᠡᠭᠡ ᠠᠳᠠᠯᠢᠬᠠᠨ ᠰᠢᠤᠬᠠᠨ ᠁             ᠦᠴᠦᠭᠡᠳᠦᠷ ᠤᠷᠤᠢ ᠶᠢᠨ ᠬᠤᠭᠤᠯᠠ ᠶᠢ ᠨᠢᠭᠡᠨ ᠵᠢᠵᠢᠭ ᠬᠤᠭᠤᠯᠠᠨ ᠲᠢᠩᠭᠢᠮ ᠳᠤ ᠢᠳᠡᠭᠰᠡᠡ ᠶᠤᠮ᠂   ᠡᠨᠡ ᠵᠢᠵᠢᠭ ᠬᠤᠭᠤᠯᠠᠨ ᠲᠢᠩᠭᠢᠮ ᠤᠨ ᠵᠡᠷᠭᠡᠯᠡᠳᠡᠭᠡ ᠪᠤᠯ ᠲᠠᠷᠤᠢ ᠮᠠᠨ ᠤ ᠲᠤᠬᠠᠢ ᠶᠢᠨ ᠵᠢᠯ ᠳᠤ ᠪᠦᠭᠡᠮ ᠢᠶᠠᠷ ᠢᠶᠠᠨ ᠬᠤᠭᠤᠯᠠ ᠢᠳᠡᠭᠰᠡᠡ ᠲᠤᠮᠦ ᠲᠢᠩᠭᠢᠮ ᠪᠤᠯᠤᠨ᠎ᠠ᠂ ᠡᠨᠡ ᠦᠶ᠎ᠠ ᠳᠤ ᠮᠦᠨ ᠪᠠᠰᠠ ᠨᠢᠭᠡ ᠪᠦᠯᠦᠭ ᠵᠤᠴᠢᠳ ᠲᠡᠨᠳᠡ ᠬᠤᠭᠤᠯᠠ ᠢᠳᠡᠵᠦ ᠪᠠᠶᠢᠯ᠎ᠠ᠃ ᠲᠡᠳᠡᠨ ᠤ ᠢᠨᠢᠶᠡᠳᠦ ᠬᠠᠨᠢᠶᠠᠳᠦ ᠶᠢᠨ ᠲᠠᠭᠤᠨ ᠨᠢ ᠲᠦᠷᠪᠡᠯᠵᠢᠨ ᠲᠦᠷᠪᠡᠯᠵᠢᠨ ᠭᠡᠷᠴᠢᠯᠡᠭᠡᠰᠦ ᠲᠠᠢ ᠬᠤᠶᠠᠷ ᠲᠤᠮᠦ ᠰᠢᠯ ᠤᠨ ᠡᠭᠦᠳᠡ ᠪᠠᠷ ᠲᠠᠮᠵᠢᠬᠳᠡᠨ ᠰᠤᠨᠤᠰᠳᠠᠬᠤ ᠳᠤ ᠲᠤᠬᠠᠢ ᠶᠢᠨ ᠵᠢᠯ ᠳᠤ ᠮᠠᠨ ᠤ ᠭᠡᠳᠦᠭᠦᠯᠡ ᠶᠠᠬ ᠯᠠ ᠵᠡᠷᠭᠡᠯᠡᠳᠡᠭᠡ ᠭᠡᠷ ᠲᠤᠨᠢ ᠨᠠᠷᠬᠢᠯᠳᠤᠵᠦ ᠪᠠᠶᠢᠬᠤ ᠮᠡᠳᠦ᠂ ᠲᠡᠳᠡᠨᠨᠤᠰ ᠤᠨ ᠬᠦᠭᠵᠢᠶᠡᠨ ᠨᠠᠷᠬᠢᠶᠠᠨ ᠨᠢ ᠮᠠᠨ ᠤ ᠲᠡᠷᠡ ᠤᠳᠠᠭ᠎ᠠ ᠶᠢᠨ ᠪᠦᠯᠬᠦᠮ ᠤᠨ ᠠᠷᠪᠠᠨ ᠭᠡᠳᠦᠨ ᠬᠦᠮᠦᠨ ᠤ ᠲᠠᠭᠤ ᠮᠡᠳᠦ ᠰᠠᠨᠠᠬᠳᠠᠭᠤᠯᠵᠠᠢ ᠃ ᠮᠠᠰᠢ ᠰᠤᠨᠢᠷᠬᠠᠯ ᠲᠠᠢ ᠪᠤᠷᠤᠭᠤ ᠲᠦᠷᠦᠭᠳᠡᠯ ᠪᠤᠯᠠᠢ᠂ ᠮᠢᠨᠦ ᠪᠡᠶ᠎ᠠ ᠠᠳᠠᠯᠢ ᠪᠤᠰᠦ ᠶᠢᠨ ᠴᠠᠬ ᠤᠷᠤᠨ ᠵᠠᠢ ᠳᠤ ᠵᠡᠷᠭᠡᠪᠡᠷ ᠤᠷᠤᠰᠢᠵᠦ ᠶᠠᠭᠤ ᠪᠦᠬᠦᠨ ᠨᠢᠳᠤᠨ ᠡᠮᠦᠨ᠎ᠠ ᠦᠵᠡᠭᠳᠡᠵᠦ ᠪᠠᠶᠢᠬᠤ ᠮᠡᠳᠦ᠃               ᠦᠴᠦᠭᠡᠳᠦᠷ ᠤᠷᠤᠢ ᠬᠤᠭᠤᠯᠠ ᠢᠳᠡᠵᠦ ᠪᠠᠷᠠᠭᠠᠳ ᠤᠯᠠᠭᠠᠨᠪᠠᠭᠠᠳᠤᠷ ᠲᠤ ᠪᠤᠴᠠᠬᠤ ᠵᠠᠮ ᠵᠠᠭᠤᠷ᠎ᠠ ᠲᠡᠭᠷᠢ ᠬᠠᠷᠠᠬᠠᠨ ᠭᠡᠭᠡᠷᠡᠭᠡᠳᠦᠢ ᠪᠠᠶᠢᠯ᠎ᠠ᠂ ᠬᠤᠯᠠ ᠶᠢᠨ ᠲᠡᠷᠭᠡᠯ ᠠᠭᠤᠯᠠ ᠶᠢᠨ ᠬᠦᠳᠦᠯ ᠲᠡᠭᠡᠷ᠎ᠠ ᠤᠯᠠᠨ ᠮᠠᠶᠢᠬᠠᠨ ᠬᠠᠷᠠᠬᠳᠠᠬᠤ ᠪᠠᠷ ᠨᠢ ᠮᠢᠨᠦ ᠰᠡᠳᠭᠢᠯ ᠲᠦᠢᠯ ᠢᠶᠠᠷ ᠬᠦᠨᠳᠦᠷᠡᠯ᠎ᠠ᠃ ᠤᠴᠢᠷ ᠨᠢ ᠬᠤᠳᠠ ᠶᠢᠨ ᠲᠡᠭᠦᠷᠭᠡ ᠶᠢᠨ ᠭᠠᠳᠠᠨᠠᠬᠢ ᠠᠭᠤᠯᠠᠨ ᠬᠦᠳᠦᠯ ᠲᠡᠭᠡᠷ᠎ᠠ ᠲᠠᠷᠴᠠᠬ ᠪᠤᠰᠬᠠᠬᠰᠠᠠ ᠮᠤᠩᠭᠤᠯ ᠭᠡᠷ ᠲᠤ ᠰᠠᠭᠤᠵᠦ ᠪᠠᠶᠢᠭ᠎ᠠ ᠨᠢ ᠪᠦᠷ ᠭᠠᠳᠠᠨ᠎ᠠ ᠠᠴᠠ ᠢᠷᠡᠭᠰᠡᠡ ᠤᠷᠤᠬᠤ ᠭᠡᠷ ᠤᠭᠤᠴᠢᠬᠤ ᠠᠶᠠᠭ᠎ᠠ ᠦᠭᠡᠢ ᠪᠤᠯᠵᠦ ᠬᠤᠴᠤᠷᠤᠬᠰᠠᠠ ᠮᠠᠯᠴᠢᠳ ᠪᠤᠯᠤᠨ᠎ᠠ᠂ ᠲᠡᠳᠡ ᠤᠤᠯ ᠳᠠᠭᠠᠨ ᠲᠠᠯ᠎ᠠ ᠨᠤᠳᠤᠬ ᠲᠠᠭᠠᠨ ᠮᠠᠯ ᠢᠶᠠᠨ ᠬᠠᠷᠢᠭᠤᠯᠤᠨ ᠡᠷᠭᠡ ᠲᠤᠷ᠎ᠠ ᠪᠠᠷ ᠠᠮᠢᠳᠤᠷᠠᠵᠦ ᠪᠠᠶᠢᠬᠰᠠᠠ ᠶᠤᠮ᠂ ᠪᠠᠶᠢᠭᠠᠯᠢ ᠶᠢᠨ ᠭᠠᠩ ᠭᠠᠮᠰᠢᠬ ᠴᠠᠰᠦ ᠰᠢᠭᠤᠷᠭ᠎ᠠ ᠲᠤᠬᠢᠶᠠᠯᠳᠤᠬᠤ ᠪᠤᠶᠤ ᠡᠰᠡᠪᠡᠯ ᠬᠠᠬᠢᠷ ᠭᠦᠢᠳᠡᠨ ᠠᠭᠤᠷ ᠠᠮᠢᠰᠬᠤᠯ ᠳᠤ ᠮᠠᠯ ᠤᠨᠤᠭ᠎ᠠ ᠨᠢ ᠬᠦᠯᠳᠡᠵᠦ ᠦᠬᠦᠬᠦ ᠳᠤ ᠬᠦᠷᠪᠡᠯ ᠨᠢᠭᠡ ᠰᠦᠨᠢ ᠶᠢᠨ ᠬᠤᠭᠤᠷᠤᠨᠳᠦ ᠶᠠᠭᠤ ᠴᠦ ᠦᠭᠡᠢ ᠬᠤᠭᠤᠰᠤᠷᠠᠳᠠᠬ᠃ ᠭᠡᠳᠡᠯ᠎ᠠ ᠤᠳᠦ ᠶᠢᠨ ᠵᠠᠰᠠᠬ ᠤᠨ ᠤᠷᠳᠤᠨ ᠴᠦ ᠦᠩᠭᠡᠷᠡᠭᠰᠡᠡ ᠤ ᠨᠡᠶᠢᠭᠡᠮ ᠵᠢᠷᠤᠮ ᠤᠨ ᠴᠠᠬ ᠦᠶ᠎ᠠ ᠶᠢᠨ ᠬᠢ ᠲᠠᠢ ᠠᠳᠠᠯᠢ ᠠᠪᠤᠷᠠᠨ ᠲᠡᠳᠭᠦᠬᠦ ᠠᠷᠭ᠎ᠠ ᠭᠡᠮᠵᠢᠶ᠎ᠠ ᠠᠪᠳᠠᠬ ᠦᠭᠡᠢ ᠪᠤᠯᠤᠬᠰᠠᠠ ᠲᠤᠯᠠᠳᠠ ᠵᠦᠪᠭᠡᠨ ᠦᠪᠡᠷ ᠤᠨ ᠬᠦᠴᠦᠨ ᠳᠡᠭᠡᠨ ᠲᠦᠰᠢᠭᠯᠡᠳᠡᠭ᠂ ᠡᠶᠢᠮᠦ ᠠᠴᠠ ᠲᠡᠳᠡ ᠠᠷᠭ᠎ᠠ ᠪᠤᠰᠤ ᠭᠡᠷ ᠤᠷᠤᠨ ᠢᠶᠠᠨ ᠬᠤᠳᠠ ᠶᠢᠨ ᠲᠡᠭᠦᠷᠭᠡ ᠳᠤ ᠠᠪᠴᠢᠷᠡᠨ ᠲᠦᠪᠬᠢᠨᠡᠭᠦᠯᠵᠦ ᠶᠠᠮᠠᠷ ᠨᠢᠭᠡᠨ ᠠᠵᠢᠯ ᠤᠯᠵᠦ ᠬᠢᠬᠦ ᠪᠠᠷ ᠭᠤᠷᠢᠳᠡᠵᠦ ᠪᠠᠶᠢᠬᠤ  ᠨᠢ ᠲᠡᠷᠡ ᠪᠢᠯᠡ᠃         ᠡᠳᠡᠭᠡᠷ ᠮᠠᠯᠴᠢᠳ ᠤᠯᠠᠭᠠᠨᠪᠠᠭᠠᠳᠤᠷ ᠲᠤ ᠲᠡᠳᠦᠢ ᠤᠳᠠᠭᠠᠨ ᠰᠠᠭᠤᠬᠤ ᠪᠠᠷ ᠦᠭᠡᠢ ᠶᠤᠮ ᠭᠡᠨ᠎ᠠ᠂ ᠵᠤᠭᠤᠰ ᠮᠦᠩᠭᠦ ᠤᠯᠤᠬᠰᠠᠠ ᠤ ᠲᠠᠷᠠᠭ᠎ᠠ᠂ ᠲᠠᠬᠢᠨ ᠦᠬᠡᠷ ᠮᠠᠯ ᠬᠤᠳᠠᠯᠳᠤᠨ ᠠᠪᠴᠦ ᠲᠦᠷᠦᠭᠰᠡᠡ ᠨᠤᠳᠤᠭ ᠲᠠᠭᠠᠨ ᠪᠤᠴᠠᠬᠤ ᠶᠢ ᠯᠠ ᠬᠦᠰᠡᠵᠦ ᠪᠠᠶᠢᠬᠰᠠᠠ᠃         ᠭᠡᠪᠡᠴᠦ ᠲᠡᠳᠡᠭᠡᠷ ᠮᠠᠯᠴᠢᠳ ᠤᠨ ᠬᠦᠰᠡᠭᠰᠡᠡ ᠢᠶᠠᠨ ᠪᠡᠶᠡᠯᠡᠭᠦᠯᠵᠦ ᠴᠢᠳᠠᠬᠤ ᠨᠢ ᠲᠦᠢᠯ ᠤᠨ ᠴᠦᠭᠡᠨ ᠲᠤᠭᠠᠨ ᠤ ᠪᠠᠶᠢᠳᠠᠬ᠃ ᠡᠶᠢᠮᠦ ᠠᠴᠠ ᠡᠷᠭᠢᠨ ᠲᠤᠭᠤᠷᠢᠨ ᠤ ᠠᠭᠤᠯᠠ ᠬᠦᠳᠦᠯ ᠲᠡᠭᠡᠷᠡᠬᠢ ᠮᠤᠩᠭᠤᠯ ᠭᠡᠷ ᠶᠠᠪᠤᠬᠤ ᠲᠤᠳᠤᠮ ᠤᠯᠠᠮ ᠢᠶᠠᠷ ᠤᠯᠠᠰᠢᠷᠠᠬᠰᠠᠠ ᠠᠴᠠ ᠡᠭᠦᠨ ᠢ ᠦᠵᠡᠭᠰᠡᠡ ᠮᠢᠨᠦ ᠰᠡᠳᠭᠢᠯ ᠴᠦ ᠵᠤᠪᠠᠨᠢᠵᠦ ᠴᠤᠬᠤᠮ ᠶᠠᠭᠠᠬᠢᠬᠤ ᠪᠠᠨ ᠤᠯᠬᠤ ᠦᠭᠡᠢ ᠪᠤᠯᠵᠠᠢ᠃                                                                             ︵  ᠦᠷᠬᠦᠯᠵᠢᠯᠠᠯ   ᠪᠤᠢ︶                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号