ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠲᠠᠪᠤ︶
ᠨᠡᠶᠢᠲᠡᠯᠡᠭᠰᠡᠨ ᠴᠠᠭ᠄
2016-04-14
     12 ᠤᠨ ᠡᠳᠦᠷ ︵ᠭᠠᠷᠠᠬ ᠤᠨ ᠭᠤᠷᠪᠠᠨ᠂ ᠲᠤᠩᠭᠠᠯᠠᠬ︶                 ᠰᠦ᠋ ᠶᠢᠩ ᠨᠠᠳᠠ ᠠᠴᠠ ᠰᠠᠯᠤᠭᠠᠳ ᠨᠦᠬᠦᠭᠡ ᠨᠠᠶᠢᠵᠢ ᠲᠠᠢ ᠪᠠᠨ ᠮᠤᠷᠢᠨ ᠤᠷᠤᠯᠳᠤᠭᠠᠨ ᠦᠵᠡᠬᠦ ᠪᠠᠷ ᠶᠠᠪᠤᠵᠦ᠂ ᠪᠢ ᠪᠢᠮᠪᠠᠰᠦ᠋ᠷᠦᠩ ᠭᠤᠸᠠᠢ ᠲᠠᠢ ᠵᠤᠯᠭᠠᠬᠤ ᠪᠠᠷ ᠪᠤᠯᠪᠠ᠃ 1993 ᠤᠨ ᠤ ᠵᠤᠨ ᠶᠠᠪᠤᠬᠳᠠᠬᠰᠠᠠ ︽ ᠲᠡᠯᠡᠭᠡᠢ ᠶᠢᠨ ᠮᠤᠩᠭᠤᠯᠴᠤᠳ ᠤᠨ ᠶᠡᠭᠡ ᠬᠤᠷᠠᠯ︾ ᠢ ᠪᠢᠮᠪᠠᠰᠦ᠋ᠷᠦᠩ ᠡᠷᠭᠢᠯᠡᠨ ᠬᠢᠭᠰᠡᠨ ᠶᠤᠮ᠂ ᠮᠠᠰᠢ ᠠᠮᠵᠢᠯᠳᠠ  ᠲᠠᠢ ᠶᠠᠪᠤᠬᠳᠠᠬᠰᠠᠨ ᠴᠤᠬᠯᠠᠭᠠᠨ ᠪᠤᠯᠤᠬᠰᠠᠨ᠂ ᠲᠡᠯᠡᠭᠡᠢ ᠶᠢᠨ ᠡᠯ᠎ᠠ ᠤᠯᠤᠰ ᠠᠴᠠ ᠢᠷᠡᠭᠰᠡᠡ 200 ᠭᠠᠷᠤᠢ ᠮᠤᠩᠭᠤᠯ ᠬᠦᠮᠦᠨ ᠤᠷᠤᠯᠴᠠᠪᠠ᠃ ᠪᠢᠮᠪᠠᠰᠦ᠋ᠷᠦᠩ ᠬᠠᠳᠤᠨ ᠲᠤᠯᠠᠭᠠᠨ ᠲᠠᠢ ᠪᠠᠨ ᠲᠤᠰ ᠵᠢᠯ ᠤᠨ 12 ᠰᠠᠷ᠎ᠠ ᠳᠤᠨᠢ ᠤᠷᠢᠯᠭ᠎ᠠ ᠪᠠᠷ ᠲᠠᠶᠢᠸᠠᠨ ᠳᠤ ᠬᠦᠷᠴᠦ ᠠᠶᠢᠯᠴᠢᠯᠬᠰᠠᠠ᠂ ᠲᠡᠷᠡ ᠦᠶ᠎ᠠ ᠳᠤ ᠪᠢ ᠲᠠᠶᠢᠪᠸᠢ ᠶᠢᠨ ᠠᠫᠦᠸᠧᠯᠤ᠋ ᠵᠢᠷᠤᠬᠳᠦ ᠬᠤᠩᠭᠢᠯ ᠳᠤ ᠲᠤᠰᠤᠨ ᠵᠢᠷᠤᠬ ᠤᠨ ᠦᠵᠡᠰᠭᠦᠯᠡᠩ ᠭᠠᠷᠭᠠᠵᠦ ᠪᠠᠶᠢᠬᠰᠠᠠ ᠳᠤ ᠲᠡᠳᠡ ᠪᠠᠰᠠ ᠲᠤᠰᠬᠠᠢᠢᠯᠠᠨ   ᠤᠴᠢᠵᠦ ᠲᠤᠭᠤᠷᠢᠨ ᠦᠵᠡᠭᠰᠡᠨ᠃ 1995 ᠤᠨ ᠤ ᠵᠤᠨ ᠪᠢ ᠼᠢ ᠡᠯ ᠪᠠᠨ ᠠᠪᠤᠭᠠᠳ ᠮᠤᠩᠭᠤᠯ ᠳᠤ ᠬᠦᠷᠦᠭᠰᠡᠡ ᠳᠤ ᠪᠢᠮᠪᠠᠰᠦ᠋ᠷᠦᠩ ᠡᠷ᠎ᠠ ᠡᠮ᠎ᠠ ᠬᠤᠶᠠᠭᠤᠯᠠ ᠮᠠᠨ ᠢ ᠬᠠᠯᠠᠭᠤᠨ ᠢᠶᠠᠷ ᠵᠤᠴᠢᠯᠠᠵᠦ ᠭᠤᠤᠯ ᠤᠨ ᠬᠦᠪᠡᠭᠡᠨ ᠳᠤ ᠤᠴᠢᠵᠦ ᠭᠡᠭᠡᠷ᠎ᠠ ᠬᠤᠭᠤᠯᠯᠠᠬᠰᠠᠠ ᠢ ᠭᠡᠯᠡᠬᠦ ᠦᠭᠡᠢ ᠼᠢ ᠡᠯ ᠳᠤ ᠮᠤᠷᠢ ᠤᠨᠤᠭᠤᠯᠵᠦ ᠰᠤᠷᠭᠠᠪᠠ᠃             ᠬᠤᠩᠭᠤᠷ ᠪᠤᠯ ᠲᠡᠳᠡᠨ ᠤ ᠬᠠᠶᠢᠷ᠎ᠠ ᠲᠠᠢ ᠭᠡᠤᠭᠡᠨ ᠨᠢ ᠪᠢᠯᠡ᠂ 1993 ᠤᠨ ᠳᠤ ᠨᠤᠨᠵᠢ ᠪᠠᠶᠢᠬᠰᠠᠠ᠂ 1995 ᠤᠨ ᠪᠤᠯᠬᠤ ᠳᠤ ᠪᠤᠰᠤᠭ᠎ᠠ ᠭᠡᠤᠭᠡᠨ ᠪᠤᠯᠤᠭᠠᠳ ᠬᠠᠷᠢ ᠳᠤ ᠮᠤᠷᠳᠠᠪᠠ᠃ ᠲᠡᠷᠠ ᠵᠢᠷᠤᠭ ᠵᠢᠷᠤᠳᠠᠬ ᠪᠤᠯᠬᠤᠷ ᠨᠠᠳᠠ ᠲᠠᠢ ᠶᠡᠭᠡᠳᠡ ᠬᠤᠪᠢ ᠪᠠᠷᠢᠯᠳᠤᠯᠭ᠎ᠠ ᠲᠠᠢ ᠪᠠᠶᠢᠪᠠ᠃ ᠤᠳᠦ 11 ᠵᠢᠯ ᠦᠩᠭᠡᠷᠡᠴᠢᠭᠡᠯ᠎ᠠ᠂ ᠲᠡᠷᠡ ᠨᠠᠳᠠ ᠲᠠᠢ ᠤᠳᠠᠰᠦ ᠪᠠᠷ ᠶᠠᠷᠢᠬᠤ ᠳᠠᠭᠠᠨ ᠭᠤᠷᠪᠠᠨ ᠭᠡᠤᠭᠡᠳ ᠤᠨ ᠡᠵᠢ ᠪᠤᠯᠤᠬᠰᠠᠠ   ᠬᠡᠵᠦ ᠪᠠᠶᠢᠭᠰᠠᠨ᠃ ᠭᠡᠶ᠎ᠠ ᠲᠡᠭᠦᠨ ᠤ ᠵᠢᠷᠤᠭ ᠵᠢᠷᠤᠬᠤ ᠪᠠᠨ ᠬᠠᠶᠠᠭᠠᠳᠦᠢ ᠦᠷᠭᠦᠯᠵᠢᠯᠡᠨ ᠡᠭᠦᠳᠦᠨ ᠪᠦᠳᠦᠭᠡᠯᠳᠡ ᠬᠢᠵᠦ ᠤᠷᠤᠯᠳᠤᠯᠭ᠎ᠠ ᠲᠠᠢ ᠪᠠᠶᠢᠬᠤ ᠶᠢ  ᠨᠢ ᠰᠤᠨᠤᠰᠤᠭᠠᠳ ᠪᠢ ᠪᠠᠶᠠᠷᠯᠠᠬᠰᠠᠠ᠂ ᠭᠡᠬᠦ ᠳᠤ ᠡᠵᠢ ᠨᠢ ᠨᠢᠳᠤᠨᠤᠨ ᠨᠠᠰᠦ ᠪᠠᠷᠠᠯ᠎ᠠ ᠭᠡᠬᠦᠯᠡᠷ ᠪᠢ ᠲᠡᠰᠬᠦᠶ᠎ᠠ ᠪᠡᠷᠭᠡ ᠪᠤᠯᠵᠠᠢ᠃           ᠪᠢ ᠭᠡᠤᠭᠡᠨ ᠬᠤᠩᠭᠤᠷ ᠲᠠᠢ ᠨᠢ ᠤᠳᠠᠰᠦ ᠨᠡᠪᠳᠡᠷᠡᠭᠰᠡᠡ ᠶᠤᠮ ᠴᠢᠨᠢ ᠤᠯᠠᠭᠠᠨᠪᠠᠭᠠᠳᠤᠷ ᠲᠤ ᠬᠦᠷᠦᠭᠰᠡᠡ ᠤ ᠲᠠᠷᠠᠭ᠎ᠠ ᠲᠤᠯᠠᠭᠠᠨ ᠲᠠᠢ ᠠᠭᠤᠯᠵᠠᠬᠤ ᠪᠤᠯ ᠡᠷᠳᠡ ᠤᠷᠤᠢ ᠶᠢᠨ ᠤᠴᠢᠷ ᠭᠡᠮᠡᠵᠦ ᠠᠮᠠᠷᠬᠠᠨ ᠪᠤᠳᠤᠬᠰᠠᠠ ᠠᠴᠠ 1995 ᠤᠨ ᠤ ᠠᠭᠤᠯᠵᠠᠯᠳᠠ ᠮᠢᠨᠢ ᠡᠴᠦᠰ ᠤᠨ ᠠᠭᠤᠯᠵᠠᠯᠳᠠ ᠪᠤᠯᠬᠤ ᠭᠡᠳᠡᠭ ᠢ ᠰᠠᠨᠠᠵᠦ ᠤᠯᠤᠬᠰᠠᠠ ᠦᠭᠡᠢ᠃        1993 ᠤᠨ ᠤ ᠵᠤᠨ ᠠᠩᠬ᠎ᠠ ᠲᠠᠨᠢᠯᠴᠠᠬᠰᠠᠠ   ᠡᠨᠡ ᠠᠶᠢᠯ ᠤᠨ ᠬᠦᠮᠦᠰ ᠲᠠᠢ ᠠᠶᠠᠷᠯᠠᠨ ᠰᠠᠯᠵᠦ ᠲᠠᠶᠢᠪᠸᠢ ᠳᠤ ᠪᠤᠴᠠᠬᠤ ᠦᠶ᠎ᠠ ᠳᠤ ᠲᠤᠯᠠᠭᠠᠨ ᠨᠠᠳᠠᠳᠦ ᠲᠤᠷᠭᠠᠨ ᠪᠠᠭᠯᠠᠭ᠎ᠠ ᠲᠠᠢ ᠪᠡᠯᠡᠭ ᠦᠭᠭᠦᠭᠰᠡᠡ᠃ ᠲᠡᠯᠭᠡᠭᠡᠳ ᠦᠵᠡᠭᠦᠯᠡᠷ ᠨᠤᠭᠤᠭᠠᠨ ᠬᠤᠸᠠᠷ ᠲᠠᠢ ᠴᠠᠭᠠᠨ ᠲᠤᠷᠭᠠᠨ ᠠᠯᠴᠢᠭᠤᠷ ᠪᠠᠶᠢᠪᠠ᠂ ᠲᠡᠭᠦᠨ ᠤ ᠨᠢᠭᠡ ᠦᠨᠴᠦᠭ ᠲᠤᠨᠢ ᠤᠯᠠᠭᠠᠨ ᠲᠤᠷᠭᠠᠨ ᠪᠦᠴᠡ ᠤᠶᠤᠵᠦ ᠲᠠᠯᠪᠢᠬᠰᠠᠠ ᠨᠢ ᠲᠤᠷᠭᠠᠨ ᠪᠠᠭᠯᠠᠭ᠎ᠠ ᠪᠠᠨ ᠤᠶᠠᠬᠤ ᠶᠢᠨ ᠲᠤᠰᠠᠳᠠ ᠭᠡᠳᠡᠭ ᠢ ᠦᠵᠡᠮᠡᠭᠴᠡ ᠮᠡᠳᠡᠴᠢᠭᠡᠨ᠎ᠠ᠂ ᠴᠠᠭᠠᠨ ᠲᠤᠷᠭᠠᠨ ᠠᠯᠴᠢᠭᠤᠷ ᠲᠤᠳᠤᠷ᠎ᠠ ᠭᠤᠷᠪᠠᠨ ᠵᠢᠵᠢᠭ ᠴᠢᠯᠠᠭᠤ ᠪᠠᠶᠢᠪᠠ᠂ ᠨᠢᠭᠡ  ᠨᠢ ᠬᠠᠷ᠎ᠠ ᠰᠠᠷᠠᠯ ᠦᠩᠭᠡ ᠲᠠᠢ᠂ ᠨᠦᠬᠦᠭᠡ ᠨᠢ ᠬᠦᠷᠡᠩ ᠤᠯᠭᠠᠨ ᠦᠩᠭᠡ ᠲᠠᠢ᠂ ᠪᠠᠰᠠ ᠨᠢᠭᠡ ᠨᠢ ᠰᠢᠯᠯᠢᠭ ᠮᠠᠨᠦ ᠶᠢᠨ ᠰᠢᠨᠵᠢ ᠲᠠᠢ ᠴᠠᠭᠠᠨ ᠦᠩᠭᠡ ᠶᠢᠨ ᠴᠢᠯᠠᠭᠤ ᠪᠠᠶᠢᠪᠠ᠂ ᠭᠤᠷᠪᠠᠨ ᠭᠡᠰᠡᠭ ᠴᠢᠯᠠᠭᠤ ᠨᠢ ᠪᠦᠷ ᠦᠵᠦᠮ ᠤᠨ ᠴᠢᠨᠡᠭᠡ ᠴᠦ ᠶᠡᠭᠡ ᠦᠭᠡᠢ ᠪᠠᠶᠢᠯ᠎ᠠ᠃           ᠲᠤᠯᠠᠭᠠᠨ ᠮᠤᠩᠭᠤᠯ ᠢᠶᠠᠷ ᠨᠠᠳᠠᠳᠦ   ᠡᠨᠡ ᠭᠤᠷᠪᠡᠨ ᠭᠡᠰᠡᠭ ᠴᠢᠯᠠᠭᠤ ᠶᠢᠨ ᠲᠤᠬᠠᠢ ᠶᠠᠷᠢᠵᠦ ᠦᠭᠬᠦ ᠳᠤ ᠭᠡᠤᠭᠡᠨ ᠬᠤᠩᠭᠤᠷ ᠨᠢ ᠬᠢᠳᠡᠳ ᠢᠶᠠᠷ ᠤᠷᠴᠢᠭᠤᠯᠤᠨ᠄ ︽  ᠡᠨᠡ ᠪᠤᠯ ᠲᠤᠤᠯᠠ ᠭᠤᠤᠯ ᠤᠨ ᠴᠢᠯᠠᠭᠤ ᠭᠡᠨ᠎ᠠ᠂ ᠮᠠᠨ ᠤ ᠬᠢᠨ ᠤ ᠬᠠᠭᠤᠴᠢ ᠦᠭᠡ ᠪᠠᠷ ᠭᠡᠯᠡᠪᠡᠯ ᠬᠠᠷᠢ ᠳᠤ ᠮᠤᠷᠳᠠᠬᠰᠠᠠ ᠭᠡᠤᠭᠡᠨ ᠭᠡᠷ ᠨᠤᠳᠤᠬ ᠢᠶᠠᠨ ᠰᠠᠨᠠᠬᠰᠠᠠ ᠦᠶ᠎ᠠ ᠳᠤ   ᠡᠨᠡ ᠭᠤᠷᠪᠠᠨ ᠴᠢᠯᠠᠭᠤ ᠪᠠᠨ ᠪᠤᠴᠠᠯᠤᠬᠰᠠᠠ ᠤᠰᠤᠨ ᠳᠤ ᠬᠢᠵᠦ ᠴᠢᠯᠠᠵᠦ ᠤᠤᠭᠤᠪᠠᠯ ᠭᠡᠷ ᠨᠤᠳᠤᠬ ᠢᠶᠠᠨ ᠰᠠᠨᠠᠬᠤ ᠪᠠᠨ ᠪᠠᠶᠢᠴᠢᠬᠠᠳᠠᠬ︾ ᠭᠡᠵᠦ ᠭᠡᠯᠡᠵᠦ ᠦᠭᠪᠡ᠃             ᠪᠢ ᠡᠨᠡᠬᠦ ᠤᠯᠠᠮᠵᠢᠯᠠᠯ ᠶᠠᠷᠢᠶᠠᠨ ᠤ ᠤᠴᠢᠷ ᠤᠳᠬ᠎ᠠ ᠶᠢ ᠤᠬᠠᠬᠰᠠᠠ ᠤ ᠡᠷᠭᠡᠨ ᠳᠤ ᠲᠤᠯᠤᠭᠠᠢ ᠪᠠᠨ ᠡᠷᠭᠦᠨ ᠲᠤᠯᠠᠭᠠᠨ ᠤ ᠦᠭᠡᠳᠡ ᠢᠨᠢᠶᠡᠮᠰᠦᠭᠯᠡᠨ ᠬᠠᠷᠠᠬᠤ ᠳᠤ ᠲᠡᠷᠡ ᠴᠦ ᠨᠠᠳᠠ ᠤᠷᠤᠭᠤ ᠬᠠᠨᠳᠤᠨ ᠢᠨᠢᠶᠡᠮᠰᠦᠭᠯᠡᠨ ᠰᠢᠷᠳᠡᠬᠦ ᠲᠦᠯᠦᠪ ᠠᠴᠠ ᠨᠢ ᠲᠤᠰ ᠪᠡᠯᠡᠭ ᠤᠨ ᠰᠠᠶᠢᠨ ᠰᠠᠶᠢᠬᠠᠨ ᠤ ᠪᠡᠯᠭᠡ ᠲᠡᠮᠪᠡᠷᠢᠯ ᠤᠨ ᠡᠴᠢᠨ᠎ᠠ ᠤᠳᠬ᠎ᠠ ᠶᠢ ᠪᠦᠷᠢᠨ ᠤᠢᠢᠯᠠᠭᠠᠯ᠎ᠠ᠃             ᠢᠩᠭᠢᠭᠡᠳ ᠪᠢ ᠡᠨᠡᠬᠦ ᠪᠡᠯᠡᠭ ᠢ ᠡᠪᠦᠷᠳᠦᠯᠡᠭᠡᠳ ᠮᠤᠩᠭᠤᠯ ᠤᠯᠤᠰ ᠠᠴᠠ ᠰᠠᠯᠵᠠᠢ᠂   ᠡᠨᠡ ᠪᠤᠯ ᠦᠶ᠎ᠠ ᠶᠢᠨ ᠦᠶ᠎ᠠ ᠳᠡᠭᠡᠨ ᠲᠤᠤᠯᠠ ᠭᠤᠤᠯ ᠤᠨ ᠬᠦᠪᠡᠭᠡᠨ ᠳᠤ ᠠᠵᠦ ᠲᠦᠷᠦᠵᠦ ᠪᠠᠶᠢᠬᠰᠠᠠ ᠲᠤᠯᠠᠭᠠᠨ ᠤ ᠦᠯᠡᠳᠡᠭᠡᠵᠦ ᠦᠭᠭᠦᠭᠰᠡᠡ ᠴᠢᠩ ᠦᠨᠡᠨᠴᠢ ᠦᠨᠢᠳᠡ ᠶᠢᠨ ᠪᠡᠯᠭᠡᠳᠡᠯ ᠪᠢᠯᠡ᠃          1993 ᠤᠨ ᠠᠴᠠ ᠤᠳᠦ ᠬᠦᠷᠳᠡᠯ᠎ᠠ ᠡᠨᠡᠬᠦ ᠪᠡᠯᠡᠭ ᠢ ᠪᠢ ᠨᠠᠭᠠᠴᠦ ᠡᠮᠡᠭᠡ ᠶᠢᠨ ᠢᠶᠠᠨ ᠬᠦᠷᠦᠭ ᠤᠨ ᠡᠮᠦᠨ᠎ᠠ ᠲᠠᠯᠪᠢᠬᠰᠠᠭᠠᠷ᠃   ᠡᠨᠡ ᠲᠦᠷᠪᠡᠯᠵᠢᠨ ᠲᠤᠷᠭᠠᠨ ᠠᠯᠴᠢᠭᠤᠷ ᠲᠠᠢ ᠪᠠᠭᠯᠠᠭᠠᠨ ᠳᠤ ᠲᠦᠷᠦᠭᠰᠡᠡ ᠨᠤᠳᠤᠬ ᠤᠨ ᠬᠢᠨᠢ ᠠᠭᠤᠯᠠ ᠤᠰᠦ ᠡᠭᠡ ᠭᠠᠵᠠᠷ ᠪᠠᠭᠳᠠᠵᠦ ᠪᠤᠢ᠂   ᠡᠨᠡ ᠨᠢ ᠮᠦᠨᠴᠦ ᠨᠠᠭᠠᠴᠦ ᠡᠮᠡᠭᠡ ᠶᠢᠨ ᠵᠠᠯᠠᠭᠤ ᠨᠠᠰᠤᠨ ᠤ ᠲᠤᠷᠠᠳᠬᠠᠯ ᠪᠤᠯᠤᠨ᠎ᠠ᠃ ᠲᠡᠷᠡ ᠮᠠᠨᠢ ᠨᠠᠭᠠᠴᠦ ᠡᠪᠦᠭᠡ ᠶᠢ ᠲᠠᠭᠠᠵᠦ ᠭᠤᠪᠢ ᠨᠤᠳᠤᠬ ᠢ ᠲᠠᠪᠠᠨ ᠤᠮᠠᠷᠠᠰᠢᠯᠠᠵᠦ ᠤᠯᠠᠭᠠᠨᠪᠠᠭᠠᠳᠤᠷ ᠲᠤ ᠬᠦᠷᠦᠭᠡᠳ ᠲᠤᠤᠯᠠ ᠭᠤᠤᠯ ᠤᠨ ᠡᠷᠬᠢᠨ ᠲᠤᠭᠤᠷᠢᠨ ᠳᠤ ᠨᠢᠭᠡ ᠬᠤᠭᠤᠴᠠᠭ᠎ᠠ ᠬᠦᠯ ᠲᠤᠬᠳᠠᠨ ᠠᠮᠢᠳᠤᠷᠠᠬᠰᠠᠠ ᠤ ᠬᠤᠶᠢᠨ᠎ᠠ ᠰᠠᠶᠢ ᠡᠮᠦᠨᠡᠰᠢᠯᠡᠭᠰᠡᠡ ᠪᠠᠶᠢᠨ᠎ᠠ᠃             ᠪᠢ ᠦᠨᠡᠨᠳᠡᠭᠡᠨ   ᠡᠨᠡ ᠭᠡᠳᠦᠨ ᠵᠢᠯ ᠤᠨ ᠤᠯᠠᠨ ᠶᠠᠪᠤᠳᠠᠯ ᠪᠤᠯᠤᠨ ᠪᠤᠳᠤᠯ ᠢᠶᠠᠨ ᠲᠤᠯᠠᠭᠠᠨ ᠳᠤ ᠭᠡᠯᠡᠵᠦ ᠦᠭᠭᠦᠶ᠎ᠠ ᠯᠠ ᠭᠡᠵᠦ ᠪᠤᠳᠤᠵᠦ ᠬᠦᠷᠦᠭᠰᠡᠡ ᠶᠤᠮ᠂ ᠭᠡᠳᠡᠯ᠎ᠡ ᠲᠤᠭᠠᠴᠠᠬᠤ ᠬᠦᠮᠦᠨ ᠦᠭᠡᠢ ᠪᠤᠯᠵᠦ ᠬᠤᠴᠤᠷᠤᠯ᠎ᠠ︕             ᠬᠤᠩᠭᠤᠷ ᠨᠦᠬᠦᠷ ᠢᠶᠠᠨ ᠶᠠᠪᠤᠭᠤᠯᠤᠨ ᠪᠠᠭᠤᠳᠠᠯ ᠳᠤ ᠢᠷᠡᠵᠦ ᠨᠠᠳᠠ ᠶᠢ ᠲᠤᠰᠬᠤ ᠪᠠᠷ ᠪᠤᠯᠵᠠᠢ᠂ ᠡᠨᠡ ᠡᠳᠦᠷ ᠪᠢᠮᠪᠠᠰᠦ᠋ᠷᠦᠩ ᠭᠤᠸᠠᠢ ᠶᠢᠨ ᠬᠦᠳᠡᠭᠡ ᠶᠢᠨ ᠵᠤᠰᠠᠭᠠᠯ ᠳᠤ ᠬᠦᠷᠴᠦ ᠬᠤᠭᠤᠯᠠ ᠢᠳᠡᠬᠦ ᠪᠤᠯᠵᠤᠭ᠎ᠠ ᠲᠠᠢ᠃ ᠭᠡᠰᠡᠡ ᠴᠦ ᠬᠤᠩᠭᠤᠷ ᠲᠡᠭᠦᠨ ᠤ ᠨᠦᠬᠦᠷ ᠢ ᠨᠢ ᠪᠢ ᠲᠠᠨᠢᠬᠤ ᠦᠭᠡᠢ ᠭᠡᠰᠡᠡ ᠪᠤᠯᠤᠯᠳᠠᠢ ᠲᠡᠨᠳᠡ ᠪᠠᠨ ᠰᠠᠨᠠᠭ᠎ᠠ ᠠᠮᠤᠷ ᠦᠭᠡᠢ ᠰᠠᠭᠤᠵᠦ ᠪᠠᠶᠢᠪᠠ᠂ ᠲᠡᠭᠡᠬᠦ ᠳᠤ ᠪᠢ᠄ ︽95 ᠤᠨ ᠳᠤ ᠠᠭᠤᠯᠵᠠᠵᠦ ᠦᠩᠭᠡᠷᠡᠭᠰᠡᠡ᠂ ᠭᠠᠩᠪᠠ ᠭᠡᠳᠡᠭ ᠨᠡᠷ᠎ᠠ ᠲᠠᠢ ᠪᠢᠰᠢᠦ︖ ᠦᠨᠳᠦᠷ ᠮᠦᠷᠳᠡᠭᠡᠨ ᠲᠤᠷᠠᠩᠬᠠᠢ ᠪᠡᠶ᠎ᠠ ᠲᠠᠢ ᠬᠦᠦ ᠪᠠᠶᠢᠬᠰᠠᠠ︾ ᠭᠡᠯ᠎ᠠ᠃             ᠬᠤᠩᠭᠤᠷ ᠢᠨᠢᠶᠡᠭᠰᠡᠡ ᠢᠶᠠᠨ᠄ ︽ᠦᠭᠡᠢ  ᠂ ᠠᠯᠢ ᠭᠡᠳᠦ᠋ᠢᠨ ᠪᠦᠳᠦᠭᠦᠨ ᠡᠷ᠎ᠠ ᠪᠤᠯᠴᠢᠬᠬᠰᠠᠠ︾ ᠭᠡᠪᠡ᠃       ᠨᠡᠭᠡᠷᠡᠨ ᠳ᠋ᠡ︕ ᠭᠠᠩᠪᠠ ᠦᠨᠳᠦᠷ ᠲᠤᠷᠠᠩᠬᠠᠢ ᠬᠦᠦ ᠪᠠᠶᠢᠬᠰᠠᠠ ᠠᠴᠠ ᠪᠠᠨ ᠬᠠᠩᠬᠠᠭᠠᠷ ᠦᠷᠭᠡᠨ ᠮᠦᠷᠦ  ᠲᠠᠢ ᠪᠤᠰᠤᠭ᠎ᠠ ᠡᠷ᠎ᠠ ᠪᠤᠯᠴᠢᠬᠠᠬᠤ ᠪᠠᠷ ᠲᠠᠨᠢᠬᠳᠠᠬᠤ ᠪᠠᠨ ᠪᠤᠯᠢᠵᠠᠢ᠃             ᠲᠡᠷᠡ ᠦᠪᠴᠢ ᠪᠡᠶ᠎ᠠ ᠨᠦᠮᠦᠭᠡᠨ ᠬᠤᠪᠴᠠᠰᠦ ᠡᠮᠦᠰᠴᠦ ᠭᠡᠭᠡᠷᠡᠯᠡᠨ ᠠᠶᠠᠯᠠᠬᠤ ᠮᠠᠰᠢᠨ ᠲᠡᠷᠭᠡ ᠵᠢᠯᠤᠭᠤᠳᠤᠨ ᠨᠠᠳᠠ ᠶᠢ ᠲᠤᠰᠬᠤ ᠪᠠᠷ ᠢᠷᠡᠪᠡ᠂ ᠮᠠᠰᠢᠨ ᠲᠡᠷᠭᠡᠨ ᠤ ᠠᠷᠦ ᠶᠢᠨ ᠰᠠᠭᠤᠳᠠᠯ ᠳᠤ ᠮᠠᠰᠢ ᠤᠯᠠᠨ ᠰᠡᠭᠦᠳᠡᠷᠯᠡᠬᠦ ᠪᠠᠭᠠᠵᠢ ᠭᠡᠷᠡᠭᠰᠡᠯ ᠲᠠᠯᠪᠢᠬᠰᠠᠠ ᠢ ᠦᠵᠡᠭᠡᠳ ᠠᠰᠠᠭᠤᠬᠤᠯᠠᠷ ᠮᠤᠷᠢᠨ ᠤᠷᠤᠯᠳᠤᠭᠠᠨ ᠢ ᠰᠡᠭᠦᠳᠡᠷᠯᠡᠬᠦ ᠪᠠᠷ ᠤᠴᠢᠬᠤ ᠭᠡᠵᠦ ᠪᠠᠶᠢᠬᠰᠠᠠ ᠪᠠᠶᠢᠯ᠎ᠠ᠃ ᠪᠠᠶᠢᠳᠠᠯ ᠢ ᠦᠵᠡᠬᠦ ᠳᠤ ᠭᠡᠷᠭᠡᠢ ᠳᠡᠭᠡᠨ ᠪᠠᠷᠢᠬᠳᠠᠵᠦ ᠨᠠᠮᠠᠢᠢ ᠲᠤᠰᠬᠤ ᠠᠯᠪᠠ ᠶᠢ ᠭᠦᠢᠴᠡᠳᠭᠡᠵᠦ ᠪᠠᠶᠢᠭ᠎ᠠ ᠨᠢ   ᠡᠨᠡ ᠪᠤᠯᠤᠯᠳᠠᠢ᠂ ᠲᠡᠭᠡᠭᠦ ᠳᠤ ᠪᠢ ᠲᠤᠳᠤᠷ᠎ᠠ ᠪᠠᠨ ᠨᠠᠳᠠ ᠶᠢ ᠲᠤᠰᠴᠦ ᠠᠪᠠᠴᠢᠬᠰᠠᠠ ᠤ ᠬᠤᠶᠢᠨ᠎ᠠ ᠲᠡᠷᠡ ᠡᠷᠭᠢᠭᠡᠳ ᠮᠤᠷᠢᠨ ᠲᠠᠯᠠᠪᠠᠢ ᠤᠷᠤᠭᠤ ᠲᠤᠪᠳᠤᠯᠤᠨ᠎ᠠ ᠭᠡᠵᠦ ᠪᠤᠳᠤᠬᠰᠠᠠ ︵ᠮᠢᠨᠦ ᠪᠤᠳᠤᠬᠰᠠᠠ ᠠᠴᠠ ᠭᠠᠷᠤᠬᠰᠠᠠ ᠦᠭᠡᠢ ᠦᠨᠡᠨ ᠲᠡᠶᠢᠮᠦ ᠪᠠᠶᠢᠯ᠎ᠠ︶᠃             ᠭᠠᠩᠪᠠ ᠪᠤᠯ ᠲᠤᠬᠯᠠᠯᠳᠠ ᠶᠢᠨ ᠲᠠᠶᠢᠰᠠᠨ ᠤ ᠲᠤᠰᠬᠠᠢ ᠮᠡᠷᠭᠡᠵᠢᠯ ᠤᠨ ᠲᠦᠰᠦᠪᠯᠡᠭᠴᠢ ᠪᠤᠯᠬᠤᠷ ᠠᠵᠢᠯ ᠬᠢᠳᠡᠯ ᠨᠢ ᠲᠤᠩ ᠤᠯᠠᠨ᠃ ᠮᠤᠩᠭᠤᠯ ᠤᠯᠤᠰ ᠤᠨ ᠵᠠᠯᠠᠭᠤ ᠮᠦᠷᠳᠡᠭᠡᠨ ᠴᠢᠷᠮᠠᠶᠢᠯᠳᠠ ᠲᠠᠢ ᠨᠢᠭᠡ ᠦᠶ᠎ᠠ ᠶᠢᠨ ᠬᠢᠨ ᠪᠤᠯᠤᠬᠰᠡᠡ ᠢ ᠭᠡᠯᠡᠬᠦ ᠦᠭᠡᠢ ᠲᠡᠭᠦᠨ ᠳᠤ ᠲᠤᠬᠢᠶᠠᠯᠳᠤᠵᠦ ᠪᠦᠬᠦᠢ ᠠᠵᠠ ᠵᠢᠷᠭᠠᠯ᠂ ᠵᠤᠯ ᠵᠠᠪᠰᠢᠶᠠᠨ ᠵᠢᠴᠢ ᠨᠦᠬᠦᠴᠡᠯ ᠪᠤᠯᠤᠯᠴᠠᠭ᠎ᠠ ᠨᠢ ᠡᠴᠢᠭᠡ ᠲᠡᠭᠡᠳᠦ ᠶᠢᠨ ᠦᠶ᠎ᠠ ᠳᠤᠨᠢ ᠶᠡᠷᠦ ᠪᠠᠶᠢᠬᠰᠠᠠ ᠦᠭᠡᠢ᠃                 ᠲᠡᠭᠦᠨ ᠤ ᠬᠠᠳᠠᠮ ᠡᠵᠢ ᠨᠢ ᠨᠢᠳᠤᠨᠤᠨ ᠡᠯᠢᠭᠡᠨ ᠦᠮᠡᠨ ᠢᠶᠠᠷ ᠨᠠᠰᠦ ᠪᠠᠷᠠᠵᠠᠢ᠃ ᠭᠡᠨᠡᠳᠳᠡ ᠡᠪᠡᠳᠴᠢᠯᠡᠵᠤ ᠂ ᠭᠡᠳᠦᠭᠡᠨ ᠰᠠᠷ᠎ᠠ ᠪᠤᠯᠤᠬᠰᠠᠠ ᠦᠭᠡᠢ ᠨᠠᠰᠦ ᠪᠠᠷᠠᠬᠰᠠᠨ ᠳᠤ ᠭᠤᠤᠨᠢ ᠭᠠᠭᠴᠠᠭᠠᠷ ᠦᠯᠡᠳᠡᠵᠦ ᠬᠤᠴᠤᠷᠤᠬᠰᠠᠠ ᠪᠢᠮᠪᠠᠰᠦ᠋ᠷᠦᠩ ᠪᠤᠯᠤᠨ ᠭᠡᠤᠭᠡᠳ ᠠᠴᠢ ᠨᠠᠷ ᠨᠢ ᠭᠡᠨᠡᠳᠳᠡ ᠪᠤᠯᠤᠭᠰᠠᠨ ᠡᠨᠡ ᠪᠠᠶᠢᠳᠠᠯ ᠢ ᠰᠡᠳᠬᠢᠯ ᠳᠡᠭᠡᠨ ᠬᠦᠯᠢᠶᠡᠨ ᠠᠪᠴᠤ ᠴᠢᠳᠠᠯ ᠦᠭᠡᠢ ᠭᠡᠴᠡᠭᠦᠦ ᠵᠤᠪᠠᠵᠦ ᠭᠡᠨ᠎ᠠ ᠭᠡᠵᠦ ᠲᠡᠷᠡ ᠨᠠᠳᠠᠳᠦ ᠭᠡᠯᠡᠵᠦ ᠦᠭᠴᠠᠢ᠃               ᠪᠢᠮᠪᠠᠰᠦ᠋ᠷᠦᠩ ᠲᠠᠢ ᠠᠭᠤᠯᠵᠠᠬᠤ ᠳᠤ ᠶᠡᠭᠡᠳᠡ ᠭᠤᠨᠢᠵᠦ ᠵᠤᠪᠠᠭᠰᠠᠠ ᠤ ᠬᠠᠷᠠᠭ᠎ᠠ ᠠᠴᠠ ᠪᠤᠯᠪᠠᠦ  ᠂ ᠵᠢᠰᠦ ᠴᠢᠷᠠᠢ ᠨᠢ ᠬᠤᠵᠶᠢᠵᠦ ᠴᠤᠬ ᠰᠦᠯᠳᠡ ᠦᠭᠡᠢ ᠬᠠᠷᠠᠬᠳᠠᠨ᠎ᠠ᠃ ᠬᠤᠩᠭᠤᠷ ᠬᠠᠷᠢᠨ ᠮᠠᠷᠢᠶᠠᠯᠢᠬ ᠰᠠᠶᠢᠬᠠᠨ ᠪᠤᠯᠵᠦ᠂ ᠬᠤᠶᠠᠷ ᠬᠦᠦ ᠨᠢᠭᠡ ᠦᠬᠢᠨ ᠤ ᠡᠵᠢ ᠪᠤᠯᠤᠭᠠᠳ ᠶᠤᠰᠤᠳᠠᠢ ᠭᠡᠷ ᠤᠨ ᠡᠵᠡᠨ ᠬᠠᠳᠤᠬᠳᠠᠢ ᠶᠢᠨ ᠲᠦᠯᠦᠪ ᠤᠷᠤᠬᠰᠠᠠ ᠪᠠᠶᠢᠯ᠎ᠠ᠃             ᠪᠢᠳᠡ ᠲᠡᠪᠡᠷᠢᠯᠳᠤᠨ ᠵᠤᠯᠭᠠᠪᠠ᠃               ᠲᠡᠨᠳᠡ ᠰᠠᠭᠤᠵᠦ ᠪᠠᠶᠢᠬᠰᠠᠠ ᠵᠤᠴᠢᠨ ᠤ ᠲᠤᠳᠤᠷ᠎ᠠ ᠪᠠᠰᠠ ᠸᠴᠢᠷᠪᠠᠳᠦ ᠬᠠᠳᠤᠨ ᠲᠠᠢ ᠪᠠᠨ᠂ ᠬᠠᠳᠠᠮ ᠠᠪᠤ  ᠲᠠᠢ ᠪᠠᠨ ᠪᠠᠶᠢᠵᠠᠢ᠃                 ᠸᠴᠢᠷᠪᠠᠳᠦ ᠪᠤᠯᠤᠨ ᠪᠢᠮᠪᠠᠰᠦ᠋ᠷᠦᠩ ᠭᠤᠸᠠᠢ ᠪᠤᠯ ᠲᠤᠮᠳᠠᠳᠦ ᠰᠤᠷᠭᠠᠭᠤᠯᠢ ᠶᠢᠨ ᠬᠠᠮᠳᠦ ᠰᠤᠷᠤᠯᠭᠠᠳᠠᠨ᠂ ᠤᠯᠠᠨ ᠵᠢᠯ ᠤᠨ ᠰᠠᠶᠢᠨ ᠨᠠᠶᠢᠵᠢ᠂ ᠡᠳᠦᠭᠡ ᠪᠦᠷ ᠤᠯᠤᠰ ᠲᠦᠷᠦ ᠶᠢᠨ ᠲᠠᠪᠴᠠᠩ ᠠᠴᠠ ᠪᠠᠭᠤᠵᠦ ᠲᠠᠷᠬᠠᠯᠠᠬᠳᠠᠭᠠᠳ ᠪᠠᠶᠢᠨ ᠲᠠᠬᠢᠨ ᠬᠠᠷᠢᠯᠴᠠᠵᠦ ᠪᠠᠶᠢᠳᠠᠬ᠃             ᠬᠤᠩᠭᠤᠷ ᠤᠨ ᠠᠬ᠎ᠠ ᠡᠭᠡᠴᠢ ᠲᠡᠭᠦᠦ ᠨᠠᠷ ᠴᠦ ᠪᠦᠷ ᠢᠷᠡᠪᠡ᠂ ᠦᠳᠡ ᠶᠢᠨ ᠬᠤᠭᠤᠯᠠᠨ ᠳᠤ ᠬᠤᠨᠢ ᠭᠠᠷᠭᠠᠵᠦ᠂ ᠮᠢᠬ᠎ᠠ ᠴᠢᠨᠠᠵᠦ ᠭᠡᠳᠡᠰᠦ ᠴᠢᠳᠬᠤᠵᠤ᠂ ᠪᠤᠤᠪᠤ ᠬᠠᠭᠠᠷᠢᠵᠠᠢ᠃ ᠰᠢᠨ᠎ᠠ ᠰᠤᠷᠭᠤᠬ ᠠᠮᠳᠠᠳᠦ ᠵᠢᠮᠢᠰᠭᠡᠨ᠎ᠠ ᠶᠢᠨ ᠡᠭᠡᠳᠡᠩ᠂ ᠲᠦᠭᠦᠭᠡᠢ ᠨᠤᠭᠤᠭ᠎ᠠ ᠶᠢᠨ ᠰᠧᠯᠠᠳ᠋ ᠵᠡᠷᠭᠡ ᠤᠯᠠᠨ ᠢᠳᠡᠭᠡᠨ ᠤ ᠠᠯᠢ ᠶᠢ ᠨᠢ ᠦᠵᠡᠪᠡᠴᠦ ᠢᠳᠡᠮᠡᠷ ᠰᠠᠨᠠᠬᠳᠠᠬᠰᠠᠠ ᠠᠴᠠ ᠤᠯᠠᠨ ᠢᠶᠠᠷ ᠢᠶᠠᠨ ᠪᠦᠷ ᠭᠡᠳᠡᠰᠦ ᠪᠠᠨ ᠲᠦᠨᠳᠦᠶᠢᠳᠡᠯ᠎ᠠ ᠢᠳᠡᠯ᠎ᠠ᠃           ᠬᠤᠭᠤᠯᠠᠨ ᠤ ᠲᠠᠷᠠᠭ᠎ᠠ ᠺᠤᠹᠧ ᠪᠤᠯᠤᠨ ᠴᠠᠢ ᠤᠤᠭᠤᠪᠠ᠃ ᠸᠴᠢᠷᠪᠠᠳᠦ ᠬᠠᠳᠤᠨ᠂ ᠬᠠᠳᠠᠮ ᠡᠴᠢᠭᠡ ᠲᠠᠢ  ᠪᠠᠨ ᠬᠠᠷᠢᠬᠰᠠᠠ ᠤ ᠬᠤᠶᠢᠨ᠎ᠠ ᠪᠢᠮᠪᠠᠰᠦ᠋ᠷᠦᠩ ᠭᠡᠳᠦᠨ ᠵᠢᠯ ᠤᠨ ᠬᠤᠭᠤᠷᠤᠨᠳᠦ ᠲᠠᠷᠢᠬᠰᠠᠠ ᠨᠢᠯᠬ᠎ᠠ ᠮᠤᠳᠦ ᠪᠠᠨ ᠲᠤᠭᠤᠷᠢᠨ ᠦᠵᠡᠭᠦᠯᠪᠡ᠃ ᠤᠤᠯ ᠨᠢ ᠠᠳᠡ ᠵᠦᠪᠭᠡᠨ ᠰᠢᠪᠠᠷ ᠴᠢᠯᠠᠭᠤ ᠪᠤᠯᠤᠨ ᠪᠢᠴᠢᠬᠠᠨ ᠪᠤᠳᠠ ᠮᠤᠳᠦ ᠪᠠᠶᠢᠬᠰᠠᠠ ᠭᠡᠨ᠎ᠠ᠂ ᠲᠡᠷᠡ ᠪᠦᠰᠡᠭᠦᠢ ᠲᠠᠢ ᠪᠠᠨ ᠮᠠᠰᠢ ᠤᠯᠠᠨ ᠨᠡᠷᠠᠳᠠᠢ ᠨᠢᠯᠬ᠎ᠠ ᠮᠤᠳᠦ ᠠᠪᠴᠢᠷᠠᠨ ᠵᠠᠶᠢᠯᠵᠦ ᠲᠠᠯᠪᠢᠭᠠᠳ ᠡᠳᠡᠭᠡᠷᠡᠬᠦ ᠶᠢ ᠬᠦᠰᠡᠵᠦ ᠪᠠᠶᠢᠬᠰᠠᠠ᠂ ᠤᠳᠦ ᠡᠳᠡᠭᠡᠷ ᠮᠤᠳᠦᠳ ᠤᠨ ᠵᠠᠷᠢᠮ ᠨᠢ ᠪᠦᠷ ᠬᠦᠮᠦᠨ ᠤ ᠬᠢᠷᠢᠳᠠᠢ ᠪᠤᠯᠵᠦ ᠤᠷᠭᠤᠳᠠᠯ᠎ᠠ᠂ ᠲᠡᠷᠡ ᠪᠠᠰᠠ ᠭᠡᠨᠡᠳᠳᠡ ᠶᠠᠪᠤᠴᠢᠬᠠᠯ᠎ᠠ ᠁ ᠭᠡᠵᠦ ᠪᠢᠮᠪᠠᠰᠦ᠋ᠷᠦᠩ ᠭᠤᠨᠢᠭᠳᠠᠢ ᠭᠡᠯᠡᠨ᠎ᠠ᠃           ᠠᠭᠤᠯᠠᠨ ᠬᠦᠳᠦᠯ ᠲᠡᠭᠡᠷᠡᠬᠢ ᠨᠢᠭᠡ ᠭᠡᠰᠡᠭ ᠭᠠᠵᠠᠷ ᠤᠨᠴᠠᠭᠠᠢ ᠲᠡᠭᠰᠢᠭᠡᠨ ᠬᠠᠷᠠᠬᠳᠠᠨ᠎ᠠ᠂ ᠪᠠᠰᠠ ᠵᠢᠭᠠᠬᠠᠨ ᠭᠠᠳᠠᠬᠰᠢ ᠪᠠᠨ ᠰᠤᠨᠤᠬᠰᠠᠠ ᠤᠷᠳᠦ ᠲᠠᠪᠴᠠᠩ ᠲᠠᠢ᠂ ᠡᠨᠡᠬᠦ ᠭᠡᠰᠡᠭ ᠭᠠᠵᠠᠷ ᠲᠡᠭᠡᠷ᠎ᠠ ᠳ᠋ᠦᠨᠵᠡ ᠮᠤᠳᠦ ᠶᠢ ᠵᠡᠷᠭᠡᠯᠡᠨ ᠪᠤᠰᠬᠠᠭᠰᠠᠨ ᠪᠤᠶᠤ ᠬᠡᠪᠳᠡᠭᠦᠯᠵᠦ ᠲᠠᠯᠪᠢᠭᠠᠳ ᠤᠷᠳᠦ ᠲᠦᠷᠪᠡᠯᠵᠢᠨ ᠭᠡᠯᠪᠡᠷᠢᠳᠠᠢ ᠰᠡᠷᠢᠭᠦᠴᠡᠬᠦ ᠲᠠᠬᠳᠦ ᠭᠠᠷᠭᠠᠵᠠᠢ᠂ ᠡᠨᠡ ᠲᠠᠭᠳᠤ ᠨᠢ ᠤᠷᠤᠢ ᠲᠠᠢ᠂ ᠪᠠᠰᠠ ᠭᠡᠷᠡᠰᠭᠡ ᠲᠠᠢ᠂ ᠲᠤᠤᠷ᠎ᠠ ᠨᠢ ᠤᠷᠳᠦ ᠰᠠᠨᠳᠠᠯᠢ ᠶᠢ ᠭᠡᠷᠡᠮ ᠲᠦᠰᠢᠭᠦᠯᠦᠨ ᠲᠠᠯᠪᠢᠵᠠᠢ᠃ ᠲᠠᠬᠳᠦ ᠶᠢᠨ ᠡᠷᠭᠢᠨ ᠲᠤᠭᠤᠷᠢᠨ ᠬᠤᠪ ᠬᠤᠭᠤᠰᠤᠨ᠂ ᠲᠤᠩ ᠰᠠᠶᠢᠬᠠᠨ ᠦᠵᠦᠮᠦᠷᠢ ᠦᠵᠡᠬᠦ ᠲᠠᠬᠳᠦ ᠪᠤᠯᠵᠠᠢ᠃           ᠪᠢᠮᠪᠠᠰᠦ᠋ᠷᠦᠩ ᠨᠠᠳᠠ ᠶᠢ ᠲᠠᠬᠳᠦ ᠳᠤ ᠤᠷᠤᠵᠦ ᠰᠠᠭᠤᠭᠠᠷᠠᠢ ᠭᠡᠵᠦ ᠭᠡᠯᠡᠭᠡᠳ ᠭᠡᠤᠭᠡᠳ ᠢᠶᠠᠷ ᠢᠶᠠᠨ ᠤᠮᠳᠠᠭᠠᠨ ᠠᠪᠴᠢᠷᠠᠭᠤᠯᠤᠨ ᠨᠠᠳᠠ ᠲᠠᠢ ᠬᠤᠷᠢᠨᠭᠤᠤ ᠳᠤ ᠬᠢᠬᠦ ᠬᠤᠷᠠᠯ ᠤᠨ ᠲᠤᠬᠠᠢ ᠶᠠᠷᠢᠵᠦ ᠴᠠᠬ ᠲᠠᠢ ᠪᠤᠯ ᠨᠠᠮᠠᠢᠢ ᠪᠠᠰᠠ ᠤᠷᠤᠯᠴᠠᠭᠠᠷᠠᠢ ᠭᠡᠵᠦ ᠤᠷᠢᠯ᠎ᠠ᠃             ᠭᠤᠷᠪᠠᠨ ᠵᠢᠭᠡ ᠤᠮᠪᠤᠯᠦ ᠨᠢ ᠪᠠᠶᠢᠨ ᠲᠠᠬᠢᠨ ᠢᠷᠡᠵᠦ ᠡᠨᠡ ᠲᠡᠷᠡ ᠠᠰᠠᠭᠤᠨ ᠭᠤᠩᠰᠢᠵᠦ ᠪᠠᠶᠢᠬᠤ ᠠᠴᠠ ᠨᠢ ᠠᠵᠢᠬᠯᠠᠬᠤᠯᠠᠷ ᠬᠠᠮᠤᠭ ᠤᠨ ᠪᠠᠭ᠎ᠠ ᠵᠢᠭᠡ ᠤᠮᠪᠤᠯᠦ ᠨᠢ ᠨᠠᠭᠠᠴᠦ ᠡᠪᠦᠭᠡ ᠶᠢᠨ ᠢᠶᠠᠨ ᠬᠠᠶᠢᠷ᠎ᠠ ᠶᠢ ᠤᠯᠤᠬᠰᠠᠠ ᠪᠤᠯᠤᠯᠳᠠᠢ ᠪᠢᠮᠪᠠᠰᠦ᠋ᠷᠦᠩ ᠪᠠᠶᠢᠨ ᠲᠠᠬᠢᠨ ᠲᠡᠪᠡᠷᠢᠭᠡᠳ ᠲᠠᠯᠪᠢᠬᠤ ᠲᠤᠷ᠎ᠠ ᠦᠭᠡᠢ ᠪᠠᠶᠢᠯ᠎ᠠ᠃       ᠮᠢᠨᠦ ᠲᠡᠷᠭᠡᠳᠡ ᠰᠠᠭᠤᠵᠦ ᠪᠠᠶᠢᠬᠰᠠᠠ ᠬᠤᠩᠭᠤᠷ᠄ ︽  ᠡᠨᠡ ᠲᠠᠬᠳᠦ ᠶᠢ ᠨᠢᠳᠤᠨᠤᠨ ᠡᠵᠢ ᠮᠢᠨᠢ ᠡᠪᠡᠳᠴᠢᠯᠡᠭᠡᠳ ᠪᠠᠶᠢᠬᠤ ᠳᠤ ᠠᠪᠤ ᠲᠡᠭᠦᠨ ᠳᠤ ᠪᠠᠷᠢᠵᠦ ᠦᠭᠴᠠᠢ᠃ ᠰᠠᠶᠢᠬᠠᠨ ᠡᠳᠦᠷ ᠭᠠᠷᠪᠠᠯ ᠡᠵᠢ ᠶᠢ ᠠᠳᠡ ᠲᠠᠭᠠᠭᠤᠯᠤᠨ ᠠᠪᠴᠢᠷᠠᠵᠦ ᠰᠠᠭᠤᠯᠭᠠᠨ ᠬᠤᠯᠠ ᠶᠢᠨ ᠪᠠᠷ᠎ᠠ ᠬᠠᠷᠠᠵᠦ ᠡᠷᠭᠢᠨ ᠲᠤᠭᠤᠷᠢᠨ ᠢ ᠠᠵᠢᠬᠯᠠᠭᠤᠯᠳᠠᠬ ᠪᠠᠶᠢᠬᠰᠠᠠ᠂ ᠭᠡᠳᠡᠯ᠎ᠠ ᠮᠢᠨᠦ ᠡᠵᠢ ᠠᠳᠡ ᠭᠠᠭᠴᠠᠬᠠᠨ ᠤᠳᠠᠭ᠎ᠠ ᠢᠷᠡᠵᠦ ᠦᠵᠡᠭᠰᠡᠡ᠂ ᠰᠡᠭᠦᠯᠡᠷ ᠨᠢ ᠡᠪᠡᠳᠴᠢᠨ ᠨᠢ ᠬᠦᠨᠳᠦᠷᠡᠵᠦ ᠪᠤᠰᠴᠦ ᠲᠡᠶᠢᠯᠬᠦ ᠪᠠᠨ ᠪᠤᠯᠢᠵᠠᠢ᠃ ᠡᠵᠢ ᠮᠢᠨᠢ ᠨᠠᠰᠦ ᠪᠠᠷᠠᠬᠰᠠᠠ ᠤ ᠬᠤᠶᠢᠨ᠎ᠠ ᠡᠨᠡ ᠲᠠᠬᠳᠦ ᠬᠤᠭᠤᠰᠤᠨ ᠬᠤᠴᠤᠷᠪᠠ᠂ ᠭᠡᠨ ᠴᠦ ᠲᠠᠬᠢᠵᠦ ᠤᠷᠤᠵᠦ ᠢᠷᠡᠬᠦ ᠵᠤᠷᠢᠬ ᠬᠦᠷᠬᠦ ᠦᠭᠡᠢ ᠪᠠᠶᠢᠯ᠎ᠠ᠃ ᠡᠨᠡ ᠡᠳᠦᠷ ᠪᠢᠳᠡ ᠠᠩᠬ᠎ᠠ ᠤᠳᠠᠭ᠎ᠠ ᠡᠨᠡ ᠲᠠᠬᠳᠦ ᠳᠤ ᠢᠷᠡᠵᠦ ᠪᠠᠶᠢᠨ᠎ᠠ︾ ᠭᠡᠵᠦ ᠴᠢᠬᠢᠨ ᠳᠤ ᠰᠢᠪᠡᠨᠡᠵᠠᠢ᠃           ᠬᠤᠩᠭᠤᠷ ᠡᠵᠢ ᠪᠠᠨ ᠰᠠᠨᠠᠭᠠᠯᠵᠠᠬᠤ ᠶᠢᠨ ᠡᠷᠭᠡᠨ ᠳᠤ ᠲᠡᠰᠴᠦ ᠶᠠᠳᠠᠨ ᠨᠢᠯᠪᠤᠰᠦ ᠠᠰᠬᠠᠷᠠᠭᠤᠯᠪᠠ᠃ ︽ ᠠᠪᠤ ᠶᠢᠨ ᠢᠶᠠᠨ ᠲᠡᠷᠭᠡᠳᠡ ᠤᠬᠢᠯᠠᠬᠤ ᠦᠭᠡᠢ ᠶᠤᠮ ᠰᠢᠦ︕︾ ᠭᠡᠵᠦ ᠪᠢ ᠡᠷᠭᠢᠭᠡᠳ ᠲᠡᠭᠦᠨ ᠤ ᠴᠢᠬᠢᠨ ᠳᠤ ᠰᠢᠪᠠᠨᠠᠪᠠ᠃           ᠲᠡᠷᠡ ᠨᠡᠭᠡᠷᠡᠨ ᠨᠢᠯᠪᠤᠰᠦ ᠪᠠᠨ ᠬᠤᠷᠢᠯ᠎ᠠ᠃ ᠲᠡᠭᠡᠭᠦ ᠳᠤ ᠪᠢ ᠬᠠᠷᠢᠨ ᠬᠠᠷᠠᠮᠰᠠᠬᠤ ᠰᠢᠦ ᠪᠤᠯᠪᠠ᠂ ᠰᠡᠳᠭᠢᠯ ᠤᠨ ᠡᠪᠡᠷᠰᠢᠶᠡᠯ ᠢᠶᠠᠨ ᠢᠩᠭᠢᠵᠦ ᠲᠠᠷᠤᠬᠤ ᠨᠢ ᠪᠤᠯᠬᠤ ᠡᠰᠡᠬᠦ ᠶᠢ ᠡᠰᠡ ᠮᠡᠳᠡᠯ᠎ᠠ︕         ᠡᠳᠦᠷ ᠬᠤᠨᠤᠬ ᠴᠠᠬ ᠬᠤᠭᠤᠴᠠᠭ᠎ᠠ ᠶᠢᠨ ᠡᠯᠡᠭᠡᠯᠳᠡ ᠡᠳᠡᠭᠡᠷ ᠰᠢᠷᠬ᠎ᠠ ᠰᠤᠷᠪᠢ ᠶᠢ ᠠᠨᠠᠭᠠᠬᠤ ᠪᠤᠯᠤᠭᠠᠰᠠᠢ ᠭᠡᠵᠦ ᠪᠢ ᠪᠤᠳᠤᠪᠠ᠃       ᠪᠢᠮᠪᠠᠰᠦ᠋ᠷᠦᠩ ᠲᠠᠢ ᠲᠡᠪᠡᠷᠢᠯᠴᠠᠵᠦ ᠰᠠᠯᠬᠤ ᠶᠤᠰᠦ ᠭᠦᠢᠴᠡᠳᠭᠡᠭᠡᠳ ᠪᠢ ᠨᠦᠬᠦᠭᠡᠳᠦᠷ ᠬᠡᠨᠳᠠᠢ ᠠᠶᠢᠮᠠᠬ  ᠲᠤ ᠤᠴᠢᠨ᠎ᠠ ᠭᠡᠭᠦᠯᠡᠷ ᠲᠡᠷᠡ ᠮᠠᠰᠢ ᠪᠠᠶᠠᠷᠯᠠᠵᠠᠢ᠂ ᠶᠠᠭᠤ ᠭᠡᠪᠡᠯ ᠲᠡᠷᠡ ᠨᠢ ᠲᠡᠭᠦᠨ ᠤ ᠲᠦᠷᠦᠭᠰᠡᠡ ᠨᠤᠳᠤᠬ ᠪᠠᠶᠢᠬᠰᠠᠠ ᠰᠠᠨᠵᠠᠢ᠂   ᠡᠨᠡ ᠵᠢᠯ ᠬᠤᠷ᠎ᠠ ᠤᠰᠦ ᠰᠠᠶᠢᠨ᠂ ᠬᠦᠳᠡᠭᠡ ᠨᠤᠳᠤᠬ ᠨᠡᠩ ᠰᠠᠢᠬᠠᠨ ᠪᠤᠯᠤᠬᠰᠠᠠ ᠪᠠᠶᠢᠯᠭᠦᠢ ᠭᠡᠵᠦ ᠭᠡᠯᠡᠪᠡ᠃             ᠬᠤᠩᠭᠤᠷ ᠲᠡᠷᠭᠡ ᠪᠠᠷ ᠢᠶᠠᠨ ᠨᠠᠳᠠ ᠶᠢ ᠬᠤᠳᠠ ᠳᠤ ᠬᠦᠷᠭᠡᠪᠡ᠃ ᠪᠢᠳᠡ ᠮᠠᠷᠭᠠᠰᠢ ᠵᠢᠷᠤᠬ ᠤᠨ ᠦᠵᠡᠰᠭᠦᠯᠡᠩ ᠦᠵᠡᠬᠦ ᠪᠠᠷ ᠪᠤᠯᠵᠤᠵᠠᠢ᠃       ᠪᠢ ᠪᠠᠭᠤᠳᠠᠯ ᠳᠠᠭᠠᠨ ᠢᠷᠡᠬᠦ ᠳᠤ ᠰᠦ᠋ ᠶᠢᠩ ᠪᠤᠴᠠᠵᠦ ᠢᠷᠡᠭᠡᠳᠦᠢ ᠪᠠᠶᠢᠯ᠎ᠠ᠃ ᠲᠡᠮᠳᠡᠭᠯᠡᠯ ᠤᠨ ᠲᠡᠪᠳᠡᠷ ᠢᠶᠠᠨ ᠲᠡᠯᠭᠡᠭᠡᠳ ᠡᠳᠦᠷ ᠤᠨ ᠲᠡᠮᠳᠡᠭᠯᠡᠯ ᠢᠶᠠᠨ ᠦᠷᠬᠦᠯᠵᠢᠯᠡᠨ ᠪᠢᠴᠢᠬᠦ ᠭᠡᠰᠡᠡ ᠴᠢᠨᠢ ᠦᠵᠡᠬᠦ ᠨᠢᠳᠤᠨ ᠳᠤ ᠵᠦᠭᠡᠷ ᠯᠡ ᠲᠡᠷᠡᠬᠦ ᠠᠭᠤᠯᠠᠨ ᠬᠦᠳᠦᠯ ᠲᠡᠭᠡᠷ᠎ᠠ ᠪᠠᠷᠢᠬᠰᠠᠠ ᠰᠡᠷᠢᠭᠦᠴᠡᠬᠦ ᠲᠠᠬᠳᠦ ᠬᠠᠷᠠᠬᠳᠠᠭᠠᠳ᠂ ᠪᠤᠳᠤᠯᠭ᠎ᠠ ᠴᠡᠭᠡᠵᠢᠨ ᠳᠤ ᠮᠢᠨᠢ ︽ᠲᠤᠯᠠᠭᠠᠨ ᠨᠠᠳᠠ ᠠᠴᠠ ᠡᠶᠢᠮᠦ ᠡᠷᠳᠡ ᠰᠠᠯᠤᠭᠠᠳ ᠶᠠᠪᠤᠴᠢᠬᠠᠨ᠎ᠠ ᠭᠡᠵᠦ ᠪᠢ ᠶᠡᠷᠦᠨᠢ ᠰᠠᠨᠠᠵᠦ ᠤᠯᠤᠬᠰᠠᠠ ᠦᠭᠡᠢ᠂ ᠤᠳᠦ ᠪᠢ ᠦᠨᠦᠴᠢᠷᠡᠨ ᠬᠤᠴᠤᠷᠤᠯ᠎ᠠ ᠁︾           ︽ᠲᠠ ᠦᠵᠡ᠂ ᠲᠡᠭᠦᠨ ᠤ ᠲᠠᠷᠢᠬᠰᠠᠠ ᠮᠤᠳᠤ ᠨᠢ ᠪᠦᠷ ᠡᠶᠢᠮᠦ ᠦᠨᠳᠦᠷ ᠪᠤᠯᠴᠢᠬᠠᠬᠰᠠᠠ ᠰᠢᠦ ᠁︾ ᠭᠡᠵᠦ ᠪᠢᠮᠪᠠᠰᠦ᠋ᠷᠦᠩ ᠤᠨ ᠭᠡᠯᠡᠭᠰᠡᠡ ᠦᠭᠡ ᠪᠤᠳᠤᠬᠳᠠᠨ᠎ᠠ᠃                                                                             ︵ᠦᠷᠭᠦᠯᠵᠢᠯᠠᠯ ᠪᠤᠢ︶                         ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号