ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠵᠢᠷᠭᠤᠭ᠎ᠠ︶
ᠨᠡᠶᠢᠲᠡᠯᠡᠭᠰᠡᠨ ᠴᠠᠭ᠄
2016-04-14
     13 ᠤ ᠡᠳᠦᠷ ︵ᠭᠠᠷᠠᠬ ᠤᠨ ᠲᠦᠷᠪᠡᠨ᠂ ᠲᠤᠩᠭᠠᠯᠠᠬ︶             ᠦᠷᠯᠦᠭᠡ᠂ ᠬᠤᠩᠭᠤᠷ ᠨᠠᠳᠠ ᠶᠢ ᠲᠤᠰᠬᠤ ᠪᠠᠷ ᠢᠷᠡᠪᠠ  ᠂ ᠪᠢᠳᠠ ᠵᠢᠷᠤᠭ ᠤᠨ ᠦᠵᠡᠰᠭᠦᠯᠡᠩ ᠦᠵᠡᠬᠦ ᠪᠠᠷ ᠤᠴᠢᠬᠤ ᠭᠡᠵᠦ ᠪᠠᠶᠢᠭᠰᠠᠨ ᠶᠤᠮ᠃ ᠦᠷᠯᠦᠭᠡ ᠶᠢᠨ ᠬᠤᠭᠤᠯᠠᠨ ᠰᠢᠷᠡᠭᠡᠨ ᠳᠤ ᠤᠯᠠᠭᠠᠨᠪᠠᠭᠠᠳᠤᠷ ᠲᠤ ᠢᠷᠡᠭᠰᠡᠡ ᠲᠠᠶᠢᠸᠠᠨ ᠤ ᠬᠤᠶᠠᠷ ᠵᠤᠴᠢᠨ ᠢᠤᠢ ᠠᠪᠤᠭᠠᠢ ᠪᠤᠯᠤᠨ ᠬᠤᠸᠠᠩ ᠠᠪᠤᠭᠠᠢ ᠲᠠᠢ ᠬᠠᠷᠭᠤᠯ᠎ᠠ᠂ ᠲᠡᠳ᠋ᠨ ᠴᠤ ᠦᠵᠡᠰᠭᠦᠯᠡᠩ ᠦᠵᠡᠬᠦ ᠪᠠᠷ ᠤᠴᠢᠬᠤ ᠰᠠᠨᠠᠭ᠎ᠠ ᠲᠠᠢ  ᠪᠠᠶᠢᠪᠠ᠂ ᠲᠡᠭᠡᠭᠡᠳ ᠪᠦᠭᠦᠳᠡᠭᠡᠷ ᠢᠶᠠᠨ ᠬᠤᠩᠭᠤᠷ ᠤᠨ ᠲᠡᠷᠭᠡᠨ ᠳᠤ ᠭᠠᠷᠴᠠᠢ᠃             ᠮᠤᠩᠭᠤᠯ ᠤᠯᠤᠰ ᠤᠨ ᠲᠤᠰᠤᠨ ᠪᠤᠳᠤᠬ ᠤᠨ ᠵᠢᠷᠤᠬ ᠢ ᠦᠵᠡᠬᠦᠯᠡᠷ ᠤᠷᠤᠰ ᠤᠨ ᠬᠢᠨ ᠳᠤ ᠲᠤᠩ ᠨᠦᠯᠦᠭᠡᠯᠡᠭᠳᠡᠭᠰᠡᠡ ᠪᠤᠯᠪᠠᠴᠦ ᠰᠲ᠋ᠧᠯᠢ ᠭᠡᠯᠪᠡᠷᠢ ᠶᠢᠨ ᠲᠠᠯ᠎ᠠ ᠪᠠᠷ ᠦᠪᠡᠷ ᠤᠨ ᠭᠡᠰᠡᠡ ᠤᠨᠴᠠᠯᠢᠬ ᠲᠠᠢ ᠪᠠᠶᠢᠬᠤ ᠨᠢ ᠢᠯᠡᠭᠡᠨ᠂ ᠡᠨᠡ ᠤᠳᠠᠭ᠎ᠠ ᠶᠢᠨ ᠲᠤᠰᠤᠨ ᠪᠤᠳᠤᠬ ᠤᠨ ᠵᠢᠷᠤᠬ ᠤᠨ ᠦᠵᠡᠰᠭᠦᠯᠡᠩ ᠨᠢ ᠨᠠᠢᠮᠠᠨ ᠵᠠᠭᠤᠨ ᠵᠢᠯ ᠤᠨ ᠤᠢ ᠳᠤ ᠵᠤᠷᠢᠭᠤᠯᠤᠬᠰᠠᠠ ᠪᠤᠯᠬᠤᠷ ᠮᠤᠩᠭᠤᠯ ᠤᠨ ᠲᠡᠤᠭᠡ ᠶᠢᠨ ᠲᠤᠳᠤᠷᠠᠬᠢ ᠦᠵᠡᠮᠵᠢ ᠪᠠᠶᠢᠳᠠᠯ ᠪᠤᠯᠤᠨ ᠲᠡᠤᠭᠡ ᠶᠢᠨ ᠠᠯᠳᠠᠷᠳᠦ ᠬᠦᠮᠦᠰ ᠢ ᠢᠯᠡᠷᠡᠭᠦᠯᠦᠨ ᠭᠠᠶᠢᠬᠠᠮᠰᠢᠬᠳᠦ ᠰᠠᠶᠢᠬᠠᠨ ᠤᠶᠯᠠᠳᠤᠯ ᠢ ᠪᠦᠳᠦᠭᠡᠭᠰᠡᠡ ᠢᠶᠠᠷ ᠪᠠᠷᠠᠬᠤ ᠦᠭᠡᠢ᠂ ᠪᠦᠭᠡ ᠮᠦᠷᠭᠦᠯ ᠠᠴᠠ ᠰᠡᠳᠦᠪᠯᠡᠭᠰᠡᠡ ᠡᠳᠡᠭᠡᠳ ᠰᠠᠶᠢᠬᠠᠨ ᠪᠦᠳᠦᠭᠡᠯ ᠤᠳ ᠨᠢ ᠠᠭᠤᠯᠭ᠎ᠠ ᠶᠢ ᠶᠡᠭᠡᠳᠡ ᠪᠠᠶᠠᠯᠢᠬᠵᠢᠭᠤᠯᠪᠠ᠃         ᠲᠠᠷᠠᠭ᠎ᠠ ᠪᠠᠷ ᠨᠢ ᠪᠠᠰᠠ ᠤᠷᠠᠨ ᠵᠢᠷᠤᠬ ᠤᠨ ᠤᠷᠳᠤᠨ ᠳᠤ ᠬᠦᠷᠦᠭᠰᠡᠡ ᠳᠤ ᠬᠤᠩᠭᠤᠷ ᠤᠨ ᠪᠢᠴᠢᠬᠠᠨ ᠭᠡᠤᠭᠡᠨ ᠨᠢ ᠬᠦᠯᠢᠶᠡᠬᠦ ᠪᠠᠨ ᠪᠤᠯᠢᠯ᠎ᠠ᠂ ᠠᠷᠭ᠎ᠠ ᠪᠤᠰᠦ ᠤᠷᠢᠳᠴᠢᠯᠠᠨ ᠪᠤᠴᠠᠵᠠᠢ᠂ ᠲᠡᠭᠡᠭᠡᠳ ᠬᠡᠨᠳᠠᠢ ᠠᠶᠢᠮᠠᠬ ᠠᠴᠠ ᠪᠤᠴᠠᠵᠦ ᠢᠷᠡᠭᠰᠡᠡ ᠤ ᠬᠤᠶᠢᠨ᠎ᠠ ᠲᠡᠭᠦᠨ ᠤ ᠪᠦᠳᠦᠭᠡᠯ ᠢ ᠦᠵᠡᠬᠦ ᠪᠠᠷ ᠪᠤᠯᠵᠤᠪᠠ᠃       ᠦᠳᠡ ᠶᠢᠨ ᠬᠤᠶᠢᠨᠠᠬᠢ 3 ᠴᠠᠬ ᠲᠤ᠂ ᠴᠠᠰᠤᠨᠴᠤᠯᠮᠤᠨ ᠪᠤᠯᠤᠨ ᠬᠤᠤᠰᠪᠠᠶᠠᠷ ᠢᠷᠡᠭᠡᠳ ᠰᠦ᠋ ᠶᠢᠩ ᠪᠢᠳᠠ ᠬᠤᠶᠠᠷ ᠢ ᠲᠠᠭᠠᠭᠤᠯᠤᠨ ᠬᠤᠪᠴᠠᠰᠦ ᠵᠠᠰᠠᠯ ᠤᠨ ᠦᠵᠡᠰᠭᠦᠯᠡᠩ ᠤᠨ ᠤᠷᠳᠤᠨ ᠳᠤ ᠬᠦᠷᠪᠡ᠂ ᠬᠤᠤᠰᠪᠠᠶᠠᠷ ᠤᠷᠠᠯᠢᠬᠴᠢᠨ ᠬᠦᠮᠦᠨ ᠪᠤᠯᠬᠤᠷ ᠠᠳᠡᠬᠢ ᠭᠡᠳᠦᠨ ᠵᠠᠬ᠎ᠠ ᠬᠤᠪᠴᠠᠰᠤᠨ ᠤ ᠪᠦᠳᠦᠭᠡᠯᠳᠡ ᠶᠢᠨ ᠲᠠᠯ᠎ᠠ ᠪᠠᠷ ᠬᠢ ᠲᠠᠪᠠᠭᠤᠯᠤᠯ ᠢ ᠵᠦᠪᠰᠢᠶᠡᠷᠡᠬᠦ ᠦᠭᠡᠢ ᠪᠠᠶᠢᠯ᠎ᠠ᠂ ᠲᠡᠭᠦᠨ ᠤ ᠭᠡᠯᠡᠬᠦ ᠪᠠᠷ ᠢᠩᠭᠢᠬᠦ ᠨᠢ ᠪᠤᠳᠠᠳᠠᠢ ᠠᠴᠠ ᠰᠠᠯᠤᠬᠰᠠᠠ ᠭᠡᠨ᠎ᠠ᠃ ᠭᠡᠶ᠎ᠠ ᠪᠢ ᠬᠠᠷᠢᠨ ᠨᠢᠭᠡ ᠬᠤᠶᠠᠷ ᠵᠠᠬ᠎ᠠ ᠬᠤᠪᠴᠠᠰᠤᠨ ᠤ ᠶᠠᠩᠵᠦ ᠭᠡᠯᠪᠡᠷᠢ ᠶᠢ ᠲᠤᠭᠤᠵᠦ   ᠡᠨᠡ   ᠶᠠᠩᠵᠦ  ᠪᠠᠷ ᠬᠢᠯᠭᠡᠵᠦ ᠡᠮᠦᠰᠬᠦ ᠶᠢ ᠰᠠᠨᠠᠪᠠ᠃           ᠲᠠᠭᠢᠭᠠᠳ ᠬᠤᠤᠰᠪᠠᠶᠠᠷ ᠮᠠᠨ ᠢ ᠲᠠᠭᠠᠭᠤᠯᠤᠨ ᠲᠡᠭᠦᠨ ᠤ ᠨᠠᠶᠢᠵᠢ ᠲᠠᠢ ᠪᠠᠨ ᠬᠤᠷᠰᠢᠨ ᠨᠡᠭᠡᠭᠡᠭᠰᠡᠡ ᠵᠢᠷᠤᠬᠳᠦ ᠬᠤᠩᠭᠢᠯ ᠳᠤ ᠬᠦᠷᠪᠡ᠂ ᠨᠢᠭᠡᠨ ᠠᠬᠠᠠᠮᠠᠳ ᠵᠢᠷᠤᠬᠴᠢᠨ IchinnoroY ᠠᠪᠤᠭᠠᠢ ᠶᠢᠨ ᠮᠠᠰᠢ   ᠬᠤᠷᠴᠠ ᠦᠩᠭᠡ ᠪᠤᠳᠤᠬ ᠢᠶᠠᠷ ᠭᠤᠪᠢ ᠨᠤᠳᠤᠬ ᠪᠤᠯᠤᠨ ᠲᠠᠯ᠎ᠠ ᠨᠤᠳᠤᠬ ᠢ ᠦᠨᠡᠨ ᠮᠦᠨ ᠢᠶᠠᠷ ᠲᠦᠷᠰᠦᠯᠡᠨ ᠭᠠᠷᠭᠠᠬᠰᠠᠠ ᠢ ᠦᠵᠡᠭᠡᠳ ᠨᠠᠳᠠᠳᠦ ᠪᠠᠭ᠋ᠠᠳᠤᠨ ᠠᠳᠠᠭᠠᠷᠬᠠᠬᠤ ᠪᠤᠳᠤᠯ ᠲᠦᠷᠦᠭᠳᠡᠪᠡ᠃           ᠵᠢᠷᠤᠬᠳᠦ ᠬᠤᠩᠭᠢᠯ ᠠᠴᠠ ᠭᠠᠷᠴᠦ ᠢᠷᠡᠭᠡᠳ ᠦᠵᠡᠭᠦᠯᠡᠷ ᠭᠠᠨᠳᠠᠩ ᠰᠦᠮ᠎ᠠ ᠠᠴᠠ ᠤᠢᠢᠷᠠᠬᠠᠨ ᠪᠠᠶᠢᠬᠰᠠᠠ ᠪᠠᠶᠢᠵᠠᠢ᠂ ᠲᠡᠭᠡᠭᠦᠯᠡᠷ ᠬᠤᠤᠰᠪᠠᠶᠠᠷ ᠢ ᠭᠤᠶᠤᠵᠦ ᠲᠡᠰᠢ ᠪᠠᠨ ᠲᠦᠭᠦᠪᠡ᠂ ᠭᠡᠳᠦᠷᠭᠡᠢ ᠤᠷᠤᠢ ᠪᠤᠯᠤᠬᠰᠠᠠ ᠪᠤᠯᠤᠯᠳᠠᠢ ᠰᠦᠮ᠎ᠠ ᠶᠢᠨ ᠡᠭᠦᠳᠡ ᠬᠠᠭᠠᠬᠰᠠᠠ ᠢᠶᠠᠷ ᠪᠢᠳᠡ ᠵᠦᠪᠭᠡᠨ ᠲᠤᠮᠦ ᠪᠤᠷᠬᠠᠨ ᠲᠠᠯᠪᠢᠵᠦ ᠪᠠᠶᠢᠭ᠎ᠠ ᠬᠠᠵᠠᠭᠤ ᠶᠢᠨ ᠶᠡᠭᠡ ᠲᠤᠭᠠᠩ ᠳᠤ ᠤᠷᠤᠵᠦ ᠪᠠᠷᠠᠳᠠᠵᠠᠢ᠃           ᠶᠡᠭᠡ ᠲᠤᠭᠠᠩ ᠳᠤ ᠬᠤᠷᠢᠨ ᠵᠢᠷᠭᠤᠭᠠᠨ ᠮᠧᠲᠷ ᠦᠨᠳᠦᠷ ᠠᠷᠢᠶᠠᠪᠠᠯᠦ ᠪᠤᠷᠬᠠᠨ ᠤ ᠪᠤᠰᠤᠭ᠎ᠠ ᠬᠦᠷᠦᠭ ᠢ ᠲᠠᠬᠢᠵᠦ ᠪᠠᠶᠢᠪᠠ᠃ ᠤᠤᠯ ᠤᠨ 1838 ᠤᠨ ᠳᠤ ᠪᠠᠶᠢᠭᠤᠯᠤᠬᠰᠠᠠ ᠭᠠᠨᠳᠠᠩ ᠰᠦᠮ᠎ᠠ ᠨᠢ 1930 ᠤᠨ ᠳᠤ ᠤᠷᠤᠰ ᠤᠨ ᠱᠠᠰᠢᠨ ᠢ ᠤᠰᠠᠳᠬᠠᠬᠤ ᠬᠦᠳᠡᠯᠭᠡᠭᠡᠨ ᠳᠤ ᠡᠪᠳᠡᠭᠳᠡᠪᠡ᠂ ᠲᠡᠳᠡ ᠪᠤᠷᠬᠠᠨ ᠤ ᠬᠦᠷᠦᠭ ᠢ ᠡᠪᠳᠡᠨ ᠭᠡᠰᠡᠭ ᠭᠡᠰᠡᠭ ᠪᠤᠯᠭᠠᠭᠠᠳ ᠵᠠᠷᠢᠮ ᠢ ᠨᠢ ᠠᠪᠠᠴᠢᠭᠠᠳ ᠲᠡᠮᠦᠷᠯᠢᠭ ᠤᠨ ᠵᠦᠢᠯ ᠪᠤᠯᠭᠠᠨ ᠵᠡᠷ ᠵᠡᠪᠰᠡᠭ ᠪᠤᠯᠤᠨ ᠰᠤᠮᠦ ᠲᠠᠷᠢ ᠵᠤᠬᠢᠶᠠᠬᠤ ᠳᠤ ᠭᠡᠷᠡᠭᠯᠡᠵᠠᠢ᠂ ᠦᠯᠡᠳᠡᠭᠰᠡᠡ ᠴᠦᠭᠡᠨ ᠵᠦᠢᠯᠡᠰ ᠢ ᠤᠳᠦ ᠮᠦᠽᠸᠢ ᠳᠤ ᠬᠠᠳᠠᠭᠠᠯᠠᠬᠰᠠᠭᠠᠷ᠃           ᠤᠳᠦ ᠶᠢᠨ ᠡᠨᠡᠬᠦ ᠠᠷᠢᠶᠠᠪᠠᠯᠦ ᠪᠤᠷᠠᠬᠨ ᠤ ᠪᠤᠰᠤᠭ᠎ᠠ ᠬᠦᠷᠦᠭ ᠢ 1990 ᠤᠨ ᠳᠤ ᠠᠯᠪᠠᠨ ᠶᠤᠰᠤᠭᠠᠷ ᠲᠤᠰᠠᠭᠠᠷ ᠲᠤᠬᠳᠠᠨᠢᠬᠰᠠᠠ ᠤ ᠬᠤᠶᠢᠨ᠎ᠠ ᠰᠠᠶᠢ ᠡᠬᠢᠯᠡᠨ ᠪᠠᠶᠢᠭᠤᠯᠵᠦ᠂ 1996 ᠤᠨ ᠳᠤ ᠪᠠᠶᠢᠭᠤᠯᠵᠦ ᠲᠠᠭᠤᠰᠬᠠᠪᠠ ᠃ ᠭᠤᠸᠠᠩ ᠢᠤᠢ ᠪᠤᠯᠤᠨ ᠬᠦᠸᠧ ᠬᠠᠨ ᠬᠤᠶᠠᠷ ᠤᠨ ᠪᠢᠴᠢᠭᠰᠡᠡ ︽ᠮᠤᠩᠭᠤᠯ ᠤᠯᠤᠰ︾ ᠭᠡᠮᠡᠬᠦ ᠵᠢᠭᠤᠯᠴᠢᠯᠠᠯ ᠤᠨ ᠨᠤᠮ ᠳᠤ᠂ ᠰᠦᠮ᠎ᠠ ᠭᠡᠶᠢᠳ ᠤᠨ ᠲᠤᠳᠤᠷᠠᠬᠢ ᠰᠢᠨ᠎ᠠ ᠨᠢᠭᠡ ᠦᠶ᠎ᠠ ᠶᠢᠨ ᠯᠠᠮᠠ ᠤᠷᠠᠯᠢᠬᠴᠢᠨ ᠨᠠᠷ 40 ᠲᠤᠨ ᠬᠦᠷᠡᠯ ᠪᠤᠯᠤᠨ 16 ᠲᠤᠨ ᠴᠡᠪᠡᠷ ᠠᠯᠳᠠ ᠪᠠᠷ ᠲᠠᠬᠢᠨ ᠵᠤᠬᠢᠶᠠᠨ ᠪᠦᠳᠦᠭᠡᠵᠦ ᠭᠠᠷᠭᠠᠬᠰᠠᠠ᠂ ᠠᠷᠢᠶᠠᠪᠠᠯᠦ ᠪᠤᠷᠬᠠᠨ ᠤ ᠪᠡᠶ᠎ᠠ ᠲᠡᠭᠡᠷᠡᠬᠢ ᠰᠤᠪᠤᠳ ᠡᠷᠳᠡᠨᠢ ᠪᠤᠯᠤᠨ ᠲᠤᠮᠦ ᠮᠠᠨᠢ ᠶᠢᠨ ᠡᠷᠢᠭᠡ ᠶᠢ ᠬᠦᠷᠳᠡᠯ᠎ᠠ ᠪᠦᠷ ᠮᠤᠩᠭᠤᠯ ᠤᠯᠤᠰ ᠤᠨ ᠬᠢ ᠭᠡᠵᠦ ᠲᠡᠮᠳᠡᠭᠯᠡᠵᠦ ᠪᠤᠢ᠃           ᠪᠢᠳᠡ ᠠᠷᠢᠶᠠᠪᠠᠯᠦ ᠪᠤᠷᠬᠠᠨ ᠳᠤ ᠮᠦᠷᠬᠦᠵᠦ ᠪᠠᠷᠠᠬᠰᠠᠠ ᠤ ᠲᠠᠷᠠᠭ᠎ᠠ ᠴᠠᠬ ᠤᠨ ᠵᠡᠭᠦᠦ ᠶᠢᠨ ᠡᠷᠭᠢᠯᠳᠡ ᠶᠢ ᠲᠠᠭᠠᠵᠦ ᠶᠡᠭᠡ ᠲᠤᠭᠠᠩ ᠢ ᠨᠢᠭᠡ ᠲᠤᠭᠤᠢᠢᠯᠠᠬᠰᠠᠠ ᠤ ᠬᠤᠶᠢᠨ᠎ᠠ ᠭᠠᠷᠴᠦ ᠶᠠᠪᠤᠪᠠ᠃ ᠲᠡᠭᠡᠬᠦ ᠳᠤ ᠮᠢᠨᠦ ᠲᠤᠳᠤᠷ᠎ᠠ ᠭᠡᠳᠦᠨ ᠵᠢᠯ ᠤᠨ ᠡᠮᠦᠨ᠎ᠠ ᠨᠢᠭᠡ ᠭᠡᠤᠭᠡᠨ ᠤ ᠭᠡᠯᠡᠭᠰᠡᠡ ᠦᠭᠡ ᠪᠤᠳᠤᠬᠳᠠᠪᠠ᠃         ᠲᠡᠷᠡ ᠨᠢ 2000 ᠤᠨ ᠤ ᠨᠠᠮᠤᠷ ᠪᠠᠶᠢᠯ᠎ᠠ᠂ ᠱᠠᠩᠬᠠᠢ ᠶᠡᠭᠡ ᠰᠤᠷᠭᠠᠭᠤᠯᠢ ᠶᠢᠨ ᠬᠠᠭᠤᠴᠢ ᠰᠤᠳᠤᠯᠤᠯ ᠬᠦᠮᠦᠨ ᠲᠦᠷᠦᠯᠬᠢᠳᠡᠨ ᠤ ᠤᠬᠠᠭᠠᠨ ᠤ ᠰᠠᠯᠪᠤᠷᠢ ᠠᠴᠠ ᠲᠡᠭᠦᠰᠦᠭᠰᠡᠡ ᠰᠢᠶᠠ ᠶᠢᠩ ᠨᠠᠳᠠ ᠲᠠᠢ ᠬᠠᠮᠳᠦ ᠦᠪᠦᠷ ᠮᠤᠩᠭᠤᠯ ᠤᠨ ᠪᠠᠷᠠᠭᠤᠨ ᠭᠡᠰᠡᠭ ᠤᠨ ᠠᠯᠠᠱᠠ ᠵᠡᠭᠦᠨ ᠬᠤᠰᠢᠭᠤᠨ ᠤ ᠲᠠᠬᠢᠨ ᠪᠦᠳᠦᠭᠡᠨ ᠪᠠᠶᠢᠭᠤᠯᠵᠦ ᠪᠠᠶᠢᠭ᠎ᠠ ᠪᠤᠶᠠᠨ ᠪᠠᠳᠠᠷᠠᠭᠤᠯᠤᠬᠴᠢ ᠰᠦᠮ᠎ᠠ ᠪᠠᠷ ᠲᠤᠭᠤᠷᠢᠨ ᠦᠵᠡᠪᠡ᠃           ᠪᠤᠶᠠᠨ ᠪᠠᠳᠠᠷᠠᠭᠤᠯᠤᠬᠴᠢ ᠰᠦᠮ᠎ᠠ ᠪᠤᠯ ᠲᠦᠪᠡᠳ ᠤᠨ ᠪᠤᠳ᠋ᠳ᠋ᠾᠨ ᠶᠢᠨ ᠱᠠᠰᠢᠨ ᠤ ᠲᠡᠤᠭᠡᠨ ᠳᠤ ᠨᠡᠷᠡᠳᠡᠢ ᠰᠦᠮ᠎ᠠ ᠭᠡᠶᠢᠳ ᠪᠢᠯᠡ᠂   ᠤᠴᠢᠷ ᠨᠢ ᠡᠨᠡ ᠪᠤᠯ ᠵᠢᠷᠭᠤᠳᠤᠭᠠᠷ ᠲᠦᠷᠢ ᠶᠢᠨ ᠲᠠᠯᠠᠢ ᠯᠠᠮᠠ ᠶᠢᠨ ᠲᠠᠭᠠᠯᠠᠯ ᠲᠡᠭᠦᠰᠦᠭᠰᠡᠡ ᠭᠠᠵᠠᠷ ᠶᠤᠮ ᠭᠡᠵᠦ ᠤᠯᠠᠮᠵᠢᠯᠠᠬᠳᠠᠵᠦ ᠪᠤᠢ᠃ ᠭᠡᠳᠡᠯ᠎ᠠ ︽ᠰᠤᠶᠤᠯ ᠤᠨ ᠶᠡᠭᠡ ᠬᠤᠪᠢᠰᠬᠠᠯ︾ ᠤᠨ ᠲᠤᠮᠳᠠ ᠪᠦᠬᠦᠨ ᠢᠶᠠᠷ ᠢᠶᠠᠨ ᠡᠪᠳᠡᠭᠳᠡᠪᠡ᠃ 2000 ᠤᠨ ᠤ ᠦᠶ᠎ᠠ ᠠᠴᠠ ᠵᠠᠰᠠᠨ ᠰᠡᠯᠪᠢᠬᠤ ᠠᠵᠢᠯ ᠢ ᠡᠬᠢᠯᠡᠭᠦᠯᠵᠠᠢ ᠂ 2005 ᠤᠨ ᠳᠤ ᠲᠠᠬᠢᠵᠦ ᠬᠦᠷᠭᠦ ᠳᠤ ᠤᠪᠤᠭ᠎ᠠ ᠦᠵᠡᠮᠦᠷᠢ ᠲᠠᠢ ᠪᠤᠯᠤᠬᠰᠠᠠ   ᠪᠠᠶᠢᠪᠠ᠃         ᠲᠤᠬᠠᠢ ᠶᠢᠨ ᠦᠶ᠎ᠠ ᠳᠤ ᠪᠢ ᠠᠭᠤᠷ ᠬᠦᠷᠬᠦ ᠶᠢᠨ ᠡᠷᠭᠡᠨ ᠳᠤ ᠰᠢᠶᠠ ᠶᠢᠩ ᠳᠤ᠄ ︽ᠰᠢᠨ᠎ᠠ ᠰᠦᠮ᠎ᠠ ᠶᠢ ᠶᠠᠭᠠᠬᠢᠵᠦ ᠪᠠᠶᠢᠭᠤᠯᠵᠦ ᠭᠠᠷᠭᠠᠬᠰᠠᠠ ᠴᠦ ᠤᠤᠯ ᠤᠨ ᠬᠢ ᠳᠤ ᠬᠦᠷᠬᠦ ᠦᠭᠡᠢ ᠰᠢᠦ᠂ ᠲᠡᠭᠡᠪᠡᠯ ᠶᠠᠮᠠᠷ ᠤᠳᠬ᠎ᠠ ᠠᠭᠤᠯᠭ᠎ᠠ ᠲᠠᠢ ᠪᠤᠢ︖︾ ᠭᠡᠵᠦ ᠭᠡᠯᠡᠭᠰᠡᠡ ᠳᠤ ᠰᠢᠶᠠ ᠶᠢᠩ ᠬᠠᠷᠢᠨ᠄ ︽ᠮᠦᠷᠡᠨ ᠪᠠᠭᠰᠢ ᠡ᠂ ᠲᠡᠯᠡᠭᠡᠢ ᠲᠡᠭᠡᠷᠡᠬᠢ ᠠᠯᠢ ᠨᠢᠭᠡ ᠰᠦᠮ᠎ᠠ ᠭᠡᠶᠢᠳ ᠨᠢ ᠡᠪᠳᠡᠭᠳᠡᠭᠰᠡᠡ ᠦᠭᠡᠢ ᠪᠤᠢ︕ ᠮᠦᠨ ᠯᠠ ᠲᠠᠬᠢᠨ ᠪᠠᠷᠢᠵᠦ ᠪᠠᠶᠢᠭᠤᠯᠵᠦ ᠪᠠᠶᠢᠭ᠎ᠠ ᠪᠢᠰᠢᠦ︖︾ ᠭᠡᠵᠦ ᠭᠡᠯᠡᠪᠡ᠃         ᠰᠢᠶᠠ ᠶᠢᠩ ᠮᠢᠨᠦ ᠭᠡᠤᠭᠡᠨ ᠲᠠᠢ ᠨᠠᠰᠦ ᠰᠠᠴᠠᠭᠤ᠂ ᠲᠡᠭᠦᠨ ᠤ ᠭᠡᠯᠡᠭᠰᠡᠡ ᠡᠨᠡ ᠦᠭᠡ ᠨᠠᠳᠠᠳᠦ ᠬᠢᠷᠢ ᠵᠡᠷᠭᠡ ᠨᠦᠯᠦᠭᠡ ᠪᠤᠯᠬᠤ ᠭᠡᠳᠡᠭ ᠢ ᠲᠡᠷᠡ ᠯᠠᠪ ᠪᠤᠳᠤᠵᠦ ᠤᠯᠬᠤ ᠦᠭᠡᠢ ᠶᠤᠮ᠃             ᠮᠢᠨᠦ ᠪᠤᠳᠤᠯ ᠰᠡᠳᠭᠢᠯᠭᠡ ᠲᠡᠷᠡᠬᠦ ᠭᠱᠠᠨ᠎ᠠ ᠨᠡᠭᠡᠭᠡᠭᠳᠡᠵᠦ᠂ ᠮᠠᠰᠢ ᠤᠯᠠᠨ ᠬᠠᠯᠠᠭᠤᠨ ᠲᠤᠯᠠᠭᠠᠨ ᠮᠡᠳᠡᠭᠡ ᠴᠢᠮᠡᠭᠡ ᠪᠦᠬᠦᠨ ᠢᠶᠠᠷ ᠬᠦᠷᠴᠦ ᠢᠷᠡᠭᠰᠡᠡ ᠮᠡᠳᠦ ᠰᠠᠨᠠᠬᠳᠠᠪᠠ᠃ ᠲᠡᠶᠢᠮᠦ ᠡ︕ ᠤᠯᠵᠦ ᠠᠯᠳᠠᠬᠤ ᠶᠢ ᠶᠠᠭᠤᠨ ᠳᠤᠨᠢ ᠪᠤᠳᠤᠴᠢᠬᠠᠬᠰᠠᠠ ᠪᠤᠢ︖ ᠪᠦᠬᠦ᠋ᠢᠯᠡ ᠲᠡᠯᠡᠭᠡᠢ ᠳ᠋ᠠᠬᠢᠨ ᠢᠩᠭᠢᠵᠦ ᠯᠠ ᠲᠠᠪᠳᠠᠵᠦ ᠪᠠᠶᠢᠬᠤ ᠪᠢᠰᠢ ᠭᠡᠵᠢ ᠤᠤ︖             ᠭᠠᠨᠳᠠᠩ ᠰᠦᠮ᠎ᠠ ᠶᠢᠨ ᠬᠠᠵᠠᠭᠤᠳᠠᠬᠢ ᠶᠡᠭᠡ ᠲᠤᠭᠠᠩ ᠠᠴᠠ ᠭᠠᠷᠤᠬᠰᠠᠠ ᠤ ᠲᠠᠷᠠᠭ᠎ᠠ ᠰᠦ᠋ ᠶᠢᠩ ᠮᠠᠨ ᠢ ᠤᠷᠢᠵᠦ ᠬᠤᠤᠰᠪᠠᠶᠠᠷ ᠤᠨ ᠵᠢᠷᠤᠬᠳᠦ ᠬᠤᠩᠭᠢᠯ ᠤᠨ ᠠᠰᠠᠷ ᠤᠨ ᠲᠤᠤᠷᠠᠬᠢ ᠡᠸᠦ᠋ᠷᠤᠫᠠ ᠬᠤᠭᠤᠯᠠᠨ ᠲᠢᠩᠭᠢᠮ ᠳᠤ ᠤᠷᠤᠢ ᠶᠢᠨ ᠬᠤᠭᠤᠯᠠ ᠢᠳᠡᠵᠦ ᠪᠠᠷᠠᠭᠠᠳ ᠰᠠᠶᠢ ᠲᠡᠳᠡᠨ ᠲᠠᠢ ᠰᠠᠯᠤᠯᠴᠠᠪᠠ᠃         ᠤᠷᠤᠢ ᠨᠢ ᠼᠢ ᠵᠢᠢ ᠶᠢᠨ ︽ᠰᠤᠩᠭᠤᠳᠠᠬ︾ ᠰᠠᠳᠬᠦᠯ ᠤᠨ ᠰᠤᠷᠪᠤᠯᠵᠢᠯᠠᠬᠴᠢ ᠶᠧ ᠰᠢᠨ ᠬᠤᠢ ᠠᠪᠠᠭᠠᠢ ᠶᠢᠨ ᠰᠤᠷᠪᠤᠯᠵᠢᠯᠠᠭ᠎ᠠ ᠶᠢ ᠬᠦᠯᠢᠶᠡᠨ᠎ᠠ ᠭᠡᠵᠦ ᠲᠤᠬᠳᠠᠵᠠᠢ᠃ ᠲᠡᠷᠡ ᠮᠤᠩᠭᠤᠯ ᠤᠯᠤᠰ ᠲᠤ ᠠᠩᠬ᠎ᠠ ᠤᠳᠠᠭ᠎ᠠ ᠢᠷᠡᠵᠦ ᠪᠠᠶᠢᠨ᠎ᠠ᠂ ᠦᠷᠯᠦᠭᠡ ᠠᠭᠤᠯᠵᠠᠬᠤ ᠳᠠᠭᠠᠨ ᠤᠷᠤᠢ ᠶᠢᠨ ᠨᠠᠢᠮᠠᠠ ᠴᠠᠭ ᠬᠠᠭᠠᠰ ᠠᠴᠠ ᠶᠢᠰᠦᠨ ᠴᠠᠬ ᠤᠨ ᠬᠤᠭᠤᠷᠤᠨᠳᠦ ᠠᠭᠤᠯᠵᠠᠨ᠎ᠠ ᠭᠡᠵᠦ ᠪᠤᠯᠵᠤᠬᠰᠠᠨ ᠶᠤᠮ᠂ ᠤᠤᠯ ᠨᠢ ᠪᠢ ᠭᠠᠭᠴᠠᠭᠠᠷ ᠪᠤᠯᠴᠢᠬᠠᠨ᠎ᠠ ᠭᠡᠵᠦ ᠪᠤᠳᠤᠵᠦ ᠪᠠᠶᠢᠬᠰᠠᠠ᠃ ᠲᠡᠨᠦᠬᠦᠯ ᠭᠡᠤᠭᠡᠳ ᠤᠨ ᠠᠰᠠᠭᠤᠳᠠᠯ ᠤᠨ ᠲᠤᠬᠠᠢ ᠶᠠᠷᠢᠯᠴᠠᠬᠤ ᠦᠶᠡᠰ᠂ ᠸᠧᠢ ᠲᠠᠢ ᠶᠢᠩ ᠠᠪᠠᠭᠠᠢ ᠶᠢᠨ ᠡᠨᠡ ᠲᠠᠯ᠎ᠠ ᠪᠠᠷ ᠦᠨᠡᠨ ᠪᠤᠳᠠᠳᠠᠢ ᠲᠤᠰᠠᠯᠠᠮᠵᠢ ᠶᠢᠨ ᠠᠵᠢᠯ ᠬᠢᠵᠦ ᠪᠠᠶᠢᠬᠤ ᠶᠢ ᠰᠠᠨᠠᠵᠦ ᠤᠯᠤᠭᠠᠳ ᠪᠢ ᠲᠡᠭᠦᠨ ᠢ ᠤᠷᠢᠵᠦ ᠶᠠᠷᠢᠭᠤᠯᠬᠤ ᠭᠡᠰᠡᠡ ᠳᠤ ᠲᠡᠷᠡ ᠪᠠᠶᠠᠷᠳᠠᠢ   ᠬᠦᠯᠢᠶᠡᠨ ᠠᠪᠴᠠᠢ᠃ ᠤᠳᠠᠭᠰᠠᠨ ᠦᠭᠡᠢ ︽ ᠰᠤᠩᠭᠤᠳᠠᠬ︾ ᠰᠡᠳᠭᠦᠯ ᠤᠨ ᠭᠡᠷᠡᠯ ᠵᠢᠷᠤᠬᠴᠢᠨ ᡁᠢ ᠭᠠᠩ ᠠᠪᠤᠭᠠᠢ ᠴᠤ ᠬᠦᠷᠦᠯᠴᠠᠨ ᠢᠷᠡᠯ᠎ᠠ  ᠂   ᠭᠡᠳᠦᠨ ᠨᠠᠶᠢᠵᠢ ᠠᠬ᠎ᠠ ᠲᠠᠭᠦᠦ ᠴᠤ ᠶᠠᠪᠤᠬᠤ ᠪᠠᠨ ᠪᠤᠯᠢᠵᠦ ᠶᠠᠷᠢᠯᠴᠠᠭᠠᠨ ᠳᠤ ᠤᠷᠤᠯᠴᠠᠯ᠎ᠠ᠃ ᠢᠩᠭᠢᠭᠡᠳ ᠤᠯᠠᠭᠠᠨᠪᠠᠭᠠᠳᠤᠷ ᠬᠤᠳᠠ ᠶᠢᠨ ᠲᠠᠶᠢᠸᠠᠨ ᠬᠤᠢ ᠭᠤᠸᠠᠨ ᠤ ᠠᠰᠠᠷ ᠤᠨ ᠲᠦᠷᠪᠡᠳᠦᠭᠡᠷ ᠲᠠᠪᠬᠤᠷᠯᠢᠭ ᠤᠨ ᠠᠭᠤᠵᠢᠮ ᠬᠤᠩᠬᠢᠯ ᠤᠨ ᠱᠠᠹᠠ ᠲᠡᠭᠡᠷ᠎ᠠ ᠭᠡᠳᠦᠭᠦᠯᠡ ᠡᠰᠡᠷᠭᠦᠯᠡᠨ ᠰᠠᠭᠤᠯᠴᠠᠵᠦ ᠮᠤᠩᠭᠤᠯ ᠤᠯᠤᠰ ᠤᠨ ᠲᠡᠨᠦᠬᠦᠯ ᠭᠡᠤᠭᠡᠳ ᠢ ᠭᠡᠷᠬᠢᠨ ᠬᠠᠪᠰᠤᠷᠴᠦ ᠲᠡᠮᠵᠢᠬᠦ ᠲᠤᠬᠠᠢ ᠬᠦᠭᠵᠢᠶᠠᠨ ᠲᠠᠢ ᠶᠠᠷᠢᠯᠴᠠᠵᠠᠭᠠᠪᠠ᠃ ᠭᠡᠤᠭᠡᠳ ᠤᠨ ᠢᠳᠡᠵᠦ ᠤᠤᠭᠤᠬᠤ ᠡᠮᠦᠰᠴᠦ ᠵᠡᠭᠦᠬᠦ ᠠᠴᠠ ᠠᠪᠤᠭᠠᠳ ᠰᠤᠷᠭᠠᠨ ᠬᠦᠮᠦᠵᠢᠯ ᠬᠦᠷᠳᠡᠬᠦ ᠬᠦᠷᠳᠡᠯ᠎ᠠ᠂ ᠤᠬᠤᠷ ᠬᠤᠭᠤᠴᠠᠭᠠᠨ ᠤ ᠲᠤᠰᠠᠯᠠᠮᠵᠢ ᠠᠴᠠ ᠤᠷᠳᠦ ᠬᠤᠭᠤᠴᠠᠭᠠᠨ ᠤ ᠬᠠᠪᠰᠤᠷᠤᠨ ᠵᠢᠯᠤᠭᠤᠳᠬᠤ ᠬᠦᠷᠳᠡᠯ᠎ᠠ ᠨᠢᠭᠡ ᠨᠢᠭᠡ ᠰᠡᠳᠦᠪ ᠢᠶᠠᠷ ᠨᠠᠷᠢᠨ ᠶᠠᠷᠢᠯᠴᠠᠪᠠ᠂ ᠨᠢᠭᠡ ᠮᠡᠳᠡᠬᠦ ᠳᠤ ᠰᠦᠨᠢ ᠶᠢᠨ ᠬᠦᠨ ᠤ 1 ᠴᠠᠬ 30 ᠮᠢᠨᠦ᠋ᠲ ᠪᠤᠯᠴᠢᠬᠠᠯ᠎ᠠ᠂ ᠪᠢ ᠠᠷᠭ᠎ᠠ ᠪᠤᠰᠦ ᠤᠯᠠᠨ ᠢ ᠢᠳᠬᠠᠨ ᠲᠤᠰ ᠲᠤᠰ ᠤᠨ ᠠᠮᠠᠷᠠᠯᠳᠠ ᠶᠢᠨ ᠦᠷᠦᠭᠡ ᠳᠤᠨᠢ ᠬᠠᠷᠢᠭᠤᠯᠪᠠ᠃       ᠲᠠᠶᠢᠸᠠᠨᠴᠤᠳ ᠤᠨ ᠦᠷᠦᠪᠴᠢ ᠰᠡᠳᠭᠢᠯᠭᠡ ᠬᠦᠮᠦᠰ ᠲᠤ ᠭᠠᠶᠢᠬᠠᠳᠠᠬᠰᠠᠠ ᠦᠨᠡᠳᠦ ᠡᠷᠳᠡᠨᠢ ᠪᠢᠯᠡ᠃                                                                               ︵ᠦᠷᠭᠦᠯᠵᠢᠯᠠᠯ ᠪᠤᠢ︶                     ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号