14 ᠤ ᠡᠳᠦᠷ ︵ᠭᠠᠷᠠᠬ ᠤᠨ ᠲᠠᠪᠤᠨ ᠲᠤᠩᠭᠠᠯᠠᠭ︶ | | ᠦᠷᠯᠦᠭᠡ ᠴᠢᠮᠡᠭ ᠤᠨ ᠴᠢᠮᠡᠭᠡ ᠶᠢ ᠬᠦᠯᠢᠶᠡᠵᠦ ᠪᠠᠶᠢᠳᠠᠯ᠎ᠠ ᠲᠡᠷᠭᠡᠡ ᠵᠢᠯᠤᠭᠤᠴᠢ ᠤᠯᠳᠠᠯ᠎ᠠ ᠭᠡᠰᠡᠡ ᠴᠢᠮᠡᠭᠡ | ᠰᠤᠨᠤᠰᠤᠯ᠎ᠠ᠂ ᠮᠠᠨ ᠤ ᠬᠦᠰᠡᠵᠦ ᠪᠠᠶᠢᠬᠰᠠᠠ ᠭᠡᠭᠡᠷᠡᠯᠡᠨ ᠠᠶᠠᠯᠠᠬᠤ ᠲᠡᠷᠭᠡ ᠪᠠᠶᠢᠪᠠ᠂ ᠮᠤᠩᠭᠤᠯ ᠳᠤ ᠤᠯᠠᠭᠠᠨᠪᠠᠭᠠᠳᠤᠷ | ᠠᠴᠠ ᠭᠠᠷᠪᠡᠯ ᠬᠠᠮᠤᠭ ᠤᠨ ᠰᠠᠶᠢᠨ ᠨᠢ ᠭᠡᠭᠡᠷᠡᠯᠡᠨ ᠠᠶᠠᠯᠠᠬᠤ ᠲᠡᠷᠭᠡ ᠪᠠᠷ ᠶᠠᠪᠤᠪᠠᠯ ᠠᠰᠢᠳᠠᠢ᠃ | ᠦᠳᠡ ᠶᠢᠨ ᠬᠤᠶᠢᠨᠠᠬᠢ 4 ᠴᠠᠬ ᠲᠤ ᠮᠤᠷᠳᠠᠬᠤ ᠪᠠᠷ ᠪᠤᠯᠤᠬᠰᠠᠠ ᠨᠢ ᠵᠢᠭᠠᠬᠠᠨ ᠤᠷᠤᠢ ᠰᠢᠭ᠋ | ᠰᠠᠨᠠᠬᠳᠠᠬᠰᠠᠠ᠂ ᠭᠡᠪᠡᠴᠦ ᠪᠡᠯᠡᠳᠭᠡᠯ ᠠᠵᠢᠯ ᠢ ᠰᠠᠶᠢᠳᠤᠷ ᠬᠢᠬᠦ ᠴᠢᠬᠤᠯᠠᠲᠠᠢ ᠪᠠᠶᠢᠯ᠎ᠠ᠃ | ᠰᠦ᠋ ᠶᠢᠩ ᠪᠢᠳᠡ ᠬᠤᠶᠠᠭᠤᠯᠠ ᠪᠠᠭᠤᠳᠠᠯ ᠤᠨ ᠤᠢᠢᠷᠠᠯᠴᠠᠭ᠎ᠠ ᠪᠦᠷᠢᠨ ᠪᠠᠷᠠᠭᠠᠳᠦ ᠺᠤᠮᠫᠠᠨᠢ ᠳᠤ ᠤᠴᠢᠵᠦ | ᠬᠠᠭᠤᠷᠠᠢ ᠠᠮᠦ ᠬᠦᠨᠡᠰᠦ ᠪᠠ ᠤᠰᠦ ᠤᠮᠳᠠ ᠬᠤᠳᠠᠯᠳᠤᠨ ᠠᠪᠴᠦ ᠢᠷᠡᠵᠠᠢ᠃ ᠲᠤᠰ ᠺᠤᠮᠫᠠᠨᠢ ᠶᠢ 1924 | ᠤᠨ ᠳᠤ ᠪᠠᠷᠢᠬᠰᠠᠠ ᠪᠤᠯᠬᠤᠷ ᠦᠨᠡᠭᠡᠷ ᠬᠠᠭᠤᠴᠢᠷᠠᠭᠰᠠᠨ ᠪᠠᠶᠢᠯ᠎ᠠ᠃ | 1990 ᠤᠨ ᠳᠤ ᠮᠤᠩᠭᠤᠯ ᠳᠤ ᠠᠩᠬ᠎ᠠ ᠢᠷᠡᠬᠦ ᠳᠤ ᠪᠢ ᠭᠤᠳᠤᠯ ᠡᠮᠦᠰᠦᠭᠰᠡᠡ ᠦᠭᠡᠢ᠂ ᠮᠢᠨᠦ ᠮᠤᠩᠭᠤᠯ | ᠨᠠᠶᠢᠵᠢ ᠠᠮᠠᠰᠠᠶᠠ ᠨᠠᠮᠠᠢᠢ ᠲᠠᠭᠠᠭᠤᠯᠤᠨ ᠲᠤᠰ ᠺᠤᠮᠫᠠᠨᠢ ᠳᠤ ᠢᠷᠡᠵᠦ ᠬᠤᠳᠠᠯᠳᠤᠨ ᠠᠪᠴᠦ ᠦᠭᠭᠦᠭᠰᠡᠡ᠃ ᠲᠤᠰ | ᠪᠦᠷᠢᠨ ᠪᠠᠷᠠᠭᠠᠳᠦ ᠲᠡᠯᠭᠡᠭᠦᠷ ᠤᠨ ᠲᠤᠳᠤᠷᠠᠬᠢ ᠠᠰᠠᠷ ᠤᠨ ᠱᠠᠳᠦᠨ ᠤ ᠬᠢᠨᠢ ᠦᠷᠭᠡᠨ ᠨᠢ ᠨᠠᠳᠠᠳᠦ ᠶᠡᠭᠡ ᠰᠠᠭᠤᠬᠳᠠᠯ | ᠦᠯᠡᠳᠡᠭᠡᠵᠠᠢ᠃ ᠤᠴᠢᠷ ᠨᠢ ᠨᠠᠮᠠᠢᠢ ᠤᠴᠢᠬᠤ ᠲᠡᠷᠠ ᠡᠳᠦᠷ ᠨᠢᠭᠡᠳᠦᠭᠡᠷ ᠲᠠᠪᠬᠤᠷᠯᠢᠬ ᠠᠴᠠ ᠭᠤᠷᠪᠠᠳᠤᠭᠠᠷ | ᠲᠠᠪᠬᠤᠷᠯᠢᠬ ᠬᠦᠷᠳᠡᠯ᠎ᠠ ᠪᠦᠷ ᠠᠷᠪᠠᠨ ᠭᠡᠳᠦ ᠬᠤᠷᠢᠨ ᠨᠠᠰᠤᠳᠠᠢ ᠬᠦᠦᠴᠤᠤᠯ ︽ ᠬᠢ ᠬᠢ ᠬᠠ ᠬᠠ︾ ᠭᠡᠵᠦ | ᠢᠨᠢᠶᠡᠯᠳᠤᠨ ᠠᠰᠠᠷ ᠤᠨ ᠱᠠᠳᠤᠨ ᠤ ᠲᠦᠰᠢᠭᠦᠷ ᠢ ᠨᠠᠭᠠᠯᠳᠤᠨ ᠮᠦᠷᠯᠡᠨ ᠵᠤᠬᠰᠤᠵᠦ ᠪᠠᠶᠢᠵᠠᠢ᠃ ᠡᠶᠢᠮᠦ ᠤᠯᠠᠨ | ᠬᠦᠮᠦᠨ ᠪᠠᠶᠢᠳᠠᠯ᠎ᠠ ᠪᠠᠰᠠ ᠲᠡᠶᠢᠮᠦ ᠶᠡᠭᠡ ᠱᠤᠤᠬᠢᠶᠠᠨ ᠦᠭᠡᠢ᠂ ᠺᠢᠨᠤ᠋ ᠡᠬᠢᠯᠡᠵᠦ ᠭᠠᠷᠬᠤ ᠠᠴᠠ ᠡᠮᠦᠨ᠎ᠠ ᠮᠦᠷᠯᠡᠵᠦ | ᠪᠠᠶᠢᠬᠰᠠᠠ ᠦᠵᠡᠭᠴᠢᠳ ᠲᠠᠢ ᠠᠳᠠᠯᠢ ᠪᠠᠷ ᠰᠢᠷᠭᠤᠯᠠᠵᠦ ᠲᠡᠮᠡᠤᠯᠳᠡᠭ ᠴᠦ ᠦᠭᠡᠢ ᠪᠠᠶᠢᠯ᠎ᠠ᠃ | ᠪᠢ ᠨᠢᠭᠡ ᠲᠠᠯ᠎ᠠ ᠪᠠᠷ ᠲᠡᠳᠡᠨ ᠤ ᠵᠠᠶᠢᠯᠠᠵᠦ ᠦᠭᠭᠦᠭᠰᠡᠡ ᠵᠠᠢ ᠪᠠᠷ ᠲᠡᠭᠡᠭᠰᠢ ᠭᠠᠷᠴᠦ ᠨᠦᠬᠦᠭᠡ ᠲᠠᠯ᠎ᠠ ᠪᠠᠷ | ᠠᠮᠠᠰᠠᠶᠠ ᠠᠴᠠ ᠶᠠᠭᠤ ᠪᠤᠯᠤᠬᠰᠠᠠ ᠢ ᠠᠰᠠᠭᠤᠬᠰᠠᠠ ᠳᠤ ᠲᠡᠷᠡ᠄ ︽ᠲᠡᠯᠭᠡᠭᠦᠷ ᠲᠤ ᠡᠷᠡᠭᠳᠡᠢ ᠬᠦᠮᠦᠨ ᠤ ᠵᠡᠭᠦᠳᠡᠭ | 200 ᠭᠠᠷᠤᠢ ᠬᠤᠤᠰ ᠪᠡᠭᠡᠯᠡᠢ ᠢᠷᠡᠭᠰᠡᠡ ᠭᠡᠨ᠎ᠠ᠂ ᠲᠡᠶᠢᠮᠦ ᠳᠡᠭᠡᠨ ᠬᠦᠤᠴᠤᠤᠯ ᠯᠠ ᠮᠦᠷᠯᠡᠨ ᠵᠤᠬᠰᠤᠵᠦ ᠪᠠᠶᠢᠬᠤ | ᠦᠭᠡᠢ ᠤᠤ ᠳ᠋ᠡ︕︾ ᠭᠡᠵᠦ ᠬᠠᠷᠢᠭᠤᠯᠵᠠᠢ᠃ | ᠲᠡᠷᠠ ᠦᠶ᠎ᠠ ᠳᠤ ᠲᠡᠯᠭᠡᠭᠦᠷ ᠤᠨ ᠪᠠᠷᠠᠭ᠎ᠠ ᠶᠢᠨ ᠲᠦᠷᠦᠯ ᠲᠡᠶᠢᠮᠦ ᠤᠯᠠᠨ ᠶᠠᠩᠵᠦ ᠶᠢᠨ ᠪᠢᠰᠢ ᠪᠠᠶᠢᠵᠠᠢ᠂ | ᠭᠡᠶ᠎ᠠ ᠨᠠᠳᠠᠳᠦ ᠨᠢᠭᠡ ᠵᠦᠢᠷᠠᠢ ᠭᠤᠳᠤᠯ᠂ ᠨᠢᠭᠡ ᠬᠤᠷᠠᠭᠠᠨ ᠠᠷᠠᠰᠤᠨ ᠲᠡᠪᠡᠯ ᠤᠯᠳᠠᠬᠰᠠᠠ᠂ ᠰᠡᠭᠦᠯᠡᠷ ᠨᠢ | ᠮᠤᠩᠭᠤᠯ ᠳᠤ ᠭᠡᠳᠦᠨ ᠭᠦᠢᠳᠡᠨ ᠰᠦᠨᠢ ᠶᠢ ᠦᠩᠭᠡᠷᠡᠭᠦᠯᠬᠦ ᠳᠤ ᠪᠦᠷ ᠲᠡᠭᠦᠨ ᠢ ᠡᠮᠦᠰᠴᠦ ᠪᠢᠯᠡ᠃ | ᠤᠳᠦ ᠶᠢᠨ ᠪᠦᠷᠢᠨ ᠪᠠᠷᠠᠭᠠᠳᠦ ᠲᠡᠯᠭᠡᠭᠦᠷ ᠤᠨ ᠪᠠᠷᠠᠭ᠎ᠠ ᠨᠢᠳᠦ ᠡᠷᠢᠶᠡᠯᠵᠢᠮᠠ ᠤᠯᠠᠰᠢᠷᠠᠬᠰᠠᠠ ᠴᠦ ᠨᠠᠷᠢᠨ | ᠠᠵᠢᠬᠯᠠᠵᠦ ᠦᠵᠡᠭᠦᠯᠡᠷ ᠤᠯᠠᠩᠭᠢ ᠨᠢ ᠪᠦᠷ ᠲᠤᠮᠳᠠᠳᠦ ᠶᠢᠨ ᠪᠠ ᠺᠤᠷᠢᠶᠠ ᠠᠴᠠ ᠤᠷᠤᠭᠤᠯᠤᠬᠰᠠᠠ ᠪᠠᠷᠠᠭ᠎ᠠ ᠪᠠᠶᠢᠯ᠎ᠠ᠂ | ᠭᠡᠶ᠎ᠠ ᠡᠸᠦ᠋ᠷᠦᠫᠠ ᠠᠮᠧᠷᠢᠺᠠ ᠶᠢᠨ ᠪᠠ ᠶᠠᠫᠤᠨ ᠤ ᠪᠠᠷᠠᠭ᠎ᠠ ᠴᠦ ᠴᠦᠭᠡᠨ ᠪᠤᠰᠦ ᠬᠠᠷᠠᠬᠳᠠᠵᠦ ᠪᠠᠶᠢᠪᠠ᠃ | ᠲᠠᠸᠠᠷ ᠢ ᠴᠦ ᠤᠷᠤᠭᠤᠯᠵᠦ ᠵᠤᠬᠢᠴᠠᠭᠤᠯᠬᠤ ᠪᠠᠨ ᠪᠠᠶᠢᠯ᠎ᠠ᠂ ᠠᠰᠠᠷ ᠤᠨ ᠱᠠᠳᠤᠨ ᠤ ᠲᠡᠨᠳᠡ ᠮᠦᠷᠯᠡᠨ | ᠵᠤᠬᠰᠤᠬᠤ ᠬᠦᠮᠦᠨ ᠴᠦ ᠬᠠᠷᠠᠬᠳᠠᠬᠤ ᠦᠭᠡᠢ᠂ ᠲᠤᠬᠠᠢ ᠶᠢᠨ ᠦᠶ᠎ᠠ ᠳᠤ ︽ ᠬᠢ ᠬᠢ ᠬᠠ ᠬᠠ︾ ᠭᠡᠵᠦ | ᠢᠨᠢᠶᠡᠯᠳᠤᠨ ᠵᠤᠬᠰᠤᠵᠦ ᠪᠠᠶᠢᠬᠰᠠᠠ ᠬᠦᠤᠴᠤᠤᠯ ᠤᠳᠦ ᠨᠢᠭᠡᠨᠳᠡ ᠠᠶᠢᠯ ᠭᠡᠷ ᠪᠤᠯᠤᠬᠰᠠᠠ ᠪᠠᠶᠢᠬ᠎ᠠ︕ | ᠦᠳᠡ ᠶᠢᠨ ᠬᠤᠶᠢᠨᠠᠬᠢ 4 ᠴᠠᠬ ᠲᠤ᠂ ᠵᠢᠯᠤᠭᠤᠴᠢ ᠯᠠᠰᠢᠶᠠ ᠭᠤᠸᠠᠢ ᠴᠠᠬ ᠲᠠᠭᠠᠨ ᠬᠦᠷᠴᠦ ᠢᠷᠡᠵᠠᠢ᠂ | ᠲᠡᠷᠭᠡ ᠴᠦ ᠰᠠᠶᠢᠨ ᠪᠠᠶᠢᠪᠠ᠂ ᠰᠦ᠋ ᠶᠢᠩ᠂ ᠴᠢᠮᠡᠭ ᠨᠠᠳᠠ ᠲᠠᠢ ᠲᠦᠷᠪᠡᠭᠦᠯᠡ ᠭᠡᠨᠳᠠᠢ ᠠᠶᠢᠮᠠᠬ ᠲᠡᠰᠢ ᠮᠤᠷᠳᠠᠯ᠎ᠠ᠃ | ᠵᠡᠭᠦᠨᠰᠢ ᠭᠠᠷᠤᠭᠠᠳ ᠲᠠᠬᠢᠨ ᠬᠤᠶᠢᠰᠢ ᠬᠠᠨᠳᠤᠨ ᠶᠠᠪᠤᠵᠠᠢ᠃ ᠨᠢᠭᠡᠳᠦᠭᠡᠷ ᠦᠷᠳᠡᠭᠡ ᠰᠢᠯᠦᠭᠴᠢ | ᠨᠠᠴᠤᠬᠳᠤᠷᠵᠢ ︵1902 - 1934 ᠤᠨ︶ ᠶᠢᠨ ᠲᠦᠷᠦᠭᠰᠡᠡ ᠨᠤᠳᠤᠬ Gungauut ᠪᠤᠯᠤᠨ᠎ᠠ᠃ ᠤᠤᠯ | ᠨᠢ ᠰᠠᠶᠢᠬᠠᠨ ᠨᠤᠳᠤᠬ ᠪᠠᠶᠢᠬᠰᠠᠠ᠂ ᠨᠠᠶᠠᠭᠠᠳ ᠤᠨ ᠤ ᠦᠶ᠎ᠠ ᠳᠤ ᠨᠡᠭᠦᠷᠡᠰᠦᠨ ᠤ ᠭᠠᠷᠤᠯᠳᠠ ᠶᠢᠨ ᠤᠷᠤᠨ ᠪᠤᠯᠵᠦ | ᠂ 20 ᠭᠠᠷᠤᠢ ᠵᠢᠯ ᠤᠨ ᠲᠤᠷᠰᠢ ᠰᠡᠭᠴᠢᠵᠦ ᠮᠠᠯᠳᠠᠬᠰᠠᠭᠠᠷ ᠪᠠᠶᠢᠵᠦ ᠤᠳᠤ ᠴᠢᠯᠠᠭᠤ ᠰᠢᠷᠤᠢ ᠨᠢ ᠤᠪᠤᠭᠠᠯᠠᠬᠳᠠᠠ | ᠵᠠᠯᠭᠠᠯᠳᠤᠬᠰᠠᠠ ᠲᠤᠪᠤᠴᠠᠬ ᠪᠤᠯᠵᠦ ᠬᠤᠴᠤᠷᠴᠠᠢ᠃ ᠤᠷᠤᠰ ᠵᠦᠪᠯᠡᠯᠳᠦ ᠶᠢᠨ ᠪᠠᠷᠢᠯᠭ᠎ᠠ ᠶᠢᠨ ᠠᠩᠭᠢ ᠢᠷᠡᠵᠦ | ᠰᠠᠭᠤᠭᠠᠳ ᠮᠠᠰᠢ ᠤᠯᠠᠨ ᠪᠦᠳᠦᠭᠦᠯᠢᠭ ᠠᠰᠠᠷ ᠪᠠᠶᠢᠰᠢᠩ ᠪᠠᠷᠢᠵᠦ ᠭᠠᠷᠭᠠᠬᠰᠠᠠ ᠪᠤᠯᠪᠠᠴᠦ ᠲᠡᠮᠡᠢ ᠤᠨᠴᠠᠯᠢᠬ ᠰᠢᠨᠵᠢ | ᠲᠠᠢ ᠪᠢᠰᠢ᠂ ᠵᠢᠵᠢᠭ ᠬᠤᠳᠠ ᠶᠢᠨ ᠪᠠᠶᠢᠳᠠᠯ ᠮᠡᠳᠡᠷᠡᠭᠳᠡᠨ᠎ᠠ᠃ | ᠲᠤᠰ ᠨᠡᠭᠦᠷᠡᠰᠦᠨ ᠲᠤᠭᠤᠷᠢᠭ ᠢ ᠪᠠᠭ᠎ᠠ ᠨᠠᠭᠤᠷ ᠭᠡᠳᠡᠭ᠃ | ᠰᠢᠯᠦᠭᠴᠢ ᠶᠢᠨ ᠬᠦᠷᠡᠯ ᠱᠤᠭᠤᠮᠠᠯ ᠬᠦᠷᠦᠭ ᠢ ᠲᠤᠰ ᠲᠤᠭᠤᠷᠢᠭ ᠤᠨ ᠨᠡᠶᠢᠳᠡ ᠶᠢᠨ ᠪᠠᠶᠢᠷᠢ ᠶᠢᠨ ᠡᠮᠦᠨᠡᠬᠢ | ᠠᠭᠤᠳᠠᠮ ᠲᠠᠯᠠᠪᠠᠢ ᠳᠤ ᠪᠤᠰᠬᠠᠵᠠᠢ᠂ ᠡᠷᠭᠢᠨ ᠲᠤᠭᠤᠷᠢᠨ ᠳᠤᠨᠢ ᠡᠮᠬᠢ ᠵᠠᠮᠪᠠᠷᠠᠭ᠎ᠠ ᠦᠭᠡᠢ ᠪᠠᠷᠢᠯᠭ᠎ᠠ ᠨᠤᠭᠤᠳ | ᠬᠠᠷᠠᠬᠳᠠᠨ᠎ᠠ᠃ ᠭᠡᠳᠦᠢ ᠭᠤᠨᠢᠬ ᠵᠤᠪᠠᠯᠠᠩ ᠲᠠᠢ ᠰᠢᠯᠦᠭᠴᠢ ᠪᠤᠢ︕ ᠲᠡᠭᠦᠨ ᠤ ᠪᠢᠴᠢᠭᠰᠡᠡ ᠤᠷᠳᠦ ᠰᠢᠯᠦᠭ ︽ | ᠮᠢᠨᠦ ᠡᠭᠡ ᠤᠷᠤᠨ︾ ᠨᠢ ᠭᠡᠴᠢᠨᠡᠨ ᠤᠯᠠᠨ ᠮᠤᠩᠭᠤᠯᠴᠤᠳ ᠤᠨ ᠡᠭᠡ ᠨᠤᠳᠤᠬ ᠢᠶᠠᠨ ᠬᠠᠶᠢᠷᠠᠯᠠᠬᠤ ᠦᠵᠡᠯ | ᠰᠡᠳᠭᠢᠯᠭᠡ ᠶᠢ ᠬᠦᠭᠵᠢᠭᠡᠭᠰᠡᠡ ᠪᠤᠯ︕ ᠡᠨᠡ ᠪᠤᠯ ᠦᠨᠳᠦᠰᠦᠳᠡᠨ ᠤ ᠤᠮᠤᠬᠰᠢᠯ ᠪᠤᠯᠬᠤ ᠶᠤᠰᠤᠳᠠᠢ᠃ ᠭᠡᠳᠡᠯ᠎ᠠ | ᠲᠡᠷᠡ ᠡᠨᠡᠬᠦ ᠲᠤᠮᠦ ᠪᠦᠳᠦᠭᠡᠯ ᠤᠨ ᠢᠶᠠᠨ ᠯᠤᠳᠦ ᠶᠡᠭᠡ ᠨᠦᠯᠦᠭᠡᠯᠡᠬᠦ ᠬᠦᠴᠦᠨ ᠠᠴᠠ ᠪᠤᠯᠵᠦ ᠪᠠᠷᠢᠪᠴᠢᠯᠠᠬᠳᠠᠨ | ᠱᠤᠷᠤᠩ ᠳᠤ ᠰᠠᠭᠤᠵᠦ ᠡᠮᠡᠰ ᠭᠡᠤᠭᠡᠳ ᠠᠴᠠ ᠪᠠᠨ ᠰᠠᠯᠵᠠᠢ᠂ ᠰᠡᠭᠦᠯᠡᠷ ᠨᠢ ᠱᠤᠷᠤᠩ ᠠᠴᠠ ᠭᠠᠷᠴᠦ ᠢᠷᠡᠭᠰᠡᠡ | ᠪᠤᠯᠪᠠᠴᠦ ᠪᠡᠶ᠎ᠠ ᠰᠡᠳᠭᠢᠯ ᠨᠢ ᠭᠡᠪ ᠤᠨ ᠪᠠᠶᠢᠳᠠᠯ ᠳᠠᠭᠠᠨ ᠤᠷᠤᠵᠦ ᠴᠢᠳᠠᠬᠤᠶᠠ ᠪᠡᠷᠭᠡ ᠪᠤᠯᠬᠤ ᠶᠢᠨ ᠳ᠋ᠦᠩ ᠳᠤ | ᠤᠢᠢᠳᠬᠠᠷᠯᠠᠨ ᠪᠠᠶᠢᠵᠦ ᠤᠯᠠᠭᠠᠨᠪᠠᠭᠠᠳᠤᠷ ᠤᠨ ᠵᠡᠭᠡᠯᠢ ᠲᠡᠭᠡᠷ᠎ᠠ ᠨᠠᠰᠤᠨ ᠡᠴᠦᠰ ᠪᠤᠯᠵᠠᠢ᠃ | ᠲᠡᠭᠦᠨ ᠤ ᠲᠦᠷᠦᠭᠰᠡᠡ ᠨᠤᠳᠤᠬ ᠤᠨ ᠬᠦᠷᠦᠰᠦᠨ ᠳᠤ᠂ ᠲᠡᠭᠦᠨ ᠤ ᠬᠦᠷᠡᠯ ᠱᠤᠭᠤᠮᠠᠯ ᠤᠨ ᠡᠮᠦᠨ᠎ᠠ | ᠵᠤᠬᠰᠤᠭᠰᠠᠠ ᠲᠡᠷᠡᠬᠦ ᠭᠱᠠᠨ᠎ᠠ ᠪᠢ ᠰᠢᠯᠦᠭᠴᠢ ᠶᠢᠨ ᠰᠢᠯᠦᠭ ᠲᠡᠭᠡᠨ ᠮᠠᠬᠳᠠᠠ ᠰᠢᠯᠦᠭᠯᠡᠭᠰᠡᠡ ᠡᠭᠡ ᠤᠷᠤᠨ ᠨᠢ | ᠲᠡᠭᠦᠨ ᠤ ᠬᠦᠰᠡᠯ ᠱᠠᠭᠠᠷᠳᠠᠯᠭ᠎ᠠ ᠶᠢ ᠪᠤᠤ ᠯᠠ ᠬᠦᠰᠡᠷ ᠬᠠᠶᠠᠭᠠᠰᠠᠢ ᠭᠡᠵᠦ ᠪᠤᠳᠤᠯ᠎ᠠ᠃ | ᠠᠶᠠᠯᠠᠯ ᠢᠶᠠᠨ ᠦᠷᠬᠦᠯᠵᠢᠯᠡᠭᠦᠯᠦᠯᠠ᠂ ᠲᠠᠷᠠᠭᠠᠴᠢ ᠶᠢᠨ ᠵᠤᠷᠢᠬᠰᠠᠠ ᠭᠠᠵᠠᠷ ᠬᠦᠭᠡᠨᠠᠭᠤᠷ — ᠵᠠᠯᠠᠭᠤ | ᠦᠶ᠎ᠠ ᠶᠢᠨ ᠲᠡᠮᠦᠵᠢᠨ ᠤ ᠲᠤᠰ ᠠᠶᠢᠮᠠᠬ ᠤᠬᠰᠠᠭ᠎ᠠ ᠶᠢᠨ ᠶᠡᠭᠡ ᠬᠤᠷᠠᠯ ᠲᠡᠭᠡᠷ᠎ᠠ ᠬᠠᠨ ᠡᠷᠭᠦᠮᠵᠢᠯᠡᠭᠳᠡᠭᠰᠡᠡ ᠭᠠᠵᠠᠷ | ᠪᠢᠯᠡ᠃ ᠲᠤᠬᠠᠢ ᠶᠢᠨ ᠵᠢᠯ ᠨᠢ 1189 ᠤᠨ ᠪᠠᠶᠢᠯ᠎ᠠ᠂ ᠬᠠᠷᠢᠶᠠᠨ ᠤ ᠤᠷᠤᠨ ᠨᠢ ᠭᠤᠷᠪᠠᠨ ᠮᠦᠷᠡᠨ ᠤ ᠡᠭᠢ ᠪᠠᠷ | ᠲᠦᠪ ᠪᠤᠯᠭᠠᠬᠰᠠᠠ ᠮᠤᠩᠭᠤᠯ ᠤᠨ ᠬᠢᠶᠠᠨ ᠠᠶᠢᠮᠠᠬ ᠤᠨ ᠭᠠᠵᠠᠷ ᠨᠤᠳᠤᠬ ᠪᠤᠯᠤᠨ᠎ᠠ᠃ ᠬᠤᠷᠠᠯ ᠲᠡᠭᠡᠷ᠎ᠠ᠂ ᠴᠢᠩᠭᠢᠰ | ᠬᠠᠭᠠᠨ ︽ᠲᠠᠶᠢᠨ ᠪᠠᠶᠢᠯᠳᠤᠭᠠᠨ᠂ ᠦᠢᠯᠡᠳᠪᠦᠷᠢᠯᠡᠯ ᠠᠮᠢᠳᠤᠷᠠᠯ ᠤᠨ ᠭᠡᠷᠡᠭᠴᠡᠭᠡ ᠶᠢ ᠦᠨᠳᠦᠰᠦᠯᠡᠨ ᠰᠤᠮᠤᠨ ᠤ | ᠬᠤᠪᠳᠦ᠂ ᠢᠳᠡᠭᠡᠨ ᠤᠮᠳᠠᠭᠠᠨ᠂ ᠬᠤᠨᠢ ᠬᠠᠷᠢᠭᠤᠯᠬᠤ᠂ ᠮᠠᠶᠢᠬᠠᠨ ᠬᠦᠰᠭᠡ᠂ ᠭᠡᠷ ᠪᠦᠯᠢ᠂ ᠬᠦᠮᠦᠨ ᠠᠮᠠ᠂ | ᠬᠢᠳᠤᠭ᠎ᠠ ᠰᠠᠯᠠᠮ᠎ᠠ᠂ ᠴᠡᠷᠢᠭ ᠮᠤᠷᠢ ᠶᠢ ᠲᠤᠬᠢᠷᠠᠭᠤᠯᠬᠤ᠂ ᠠᠳᠤᠭᠤ ᠮᠠᠯ ᠬᠠᠷᠢᠭᠤᠯᠬᠤ ᠵᠡᠷᠭᠡ ᠶᠢᠰᠦᠨ ᠴᠢᠬᠤᠯᠠ | ᠪᠠᠶᠢᠭᠤᠯᠤᠮᠵᠢ︾ ᠪᠠᠶᠢᠭᠤᠯᠪᠠ᠃ | ᠵᠠᠮ ᠤᠨ ᠭᠤᠳᠤᠰ ᠲᠤ ᠯᠠᠰᠢᠶᠠ ᠭᠤᠸᠠᠢ ᠲᠡᠷᠭᠡ ᠪᠠᠨ ᠵᠤᠬᠰᠤᠭᠠᠠᠭᠠᠳ ᠲᠡᠷᠳᠡᠭᠡ ᠬᠤᠯᠠ ᠠᠭᠤᠯᠠ ᠶᠢ | ᠤᠷᠢᠶᠠᠨ ᠤᠭᠠᠯᠵᠠᠯᠠᠨ ᠤᠷᠤᠰᠴᠦ ᠪᠠᠶᠢᠭ᠎ᠠ ᠭᠡᠷᠤᠯᠤᠨ ᠭᠤᠤᠯ ᠢ ᠵᠢᠭᠠᠭᠠᠳ ᠮᠤᠩᠭᠤᠯ ᠤᠨ ᠲᠡᠤᠭᠡᠨ ᠲᠡᠭᠡᠷᠡᠬᠢ ᠨᠡᠷ᠎ᠠ | ᠲᠠᠢ ᠲᠠᠪᠤᠨ ᠶᠡᠭᠡ ᠭᠤᠤᠯ ᠮᠦᠷᠡᠨ ᠲᠤᠤᠯᠠ᠂ ᠤᠨᠤᠨ᠂ ᠭᠡᠷᠦᠯᠦᠨ᠂ ᠡᠷᠭᠦᠨ᠎ᠠ ᠵᠢᠴᠢ ᠰᠡᠯᠡᠩᠭᠡ ᠮᠦᠷᠡᠨ ᠤ ᠠᠯᠢ ᠶᠢ | ᠨᠢ ᠦᠵᠡᠵᠦ ᠦᠩᠭᠡᠷᠡᠭᠰᠡᠡ ᠪᠤᠢ︖ ᠭᠡᠵᠦ ᠨᠠᠳᠠ ᠠᠴᠠ ᠠᠰᠠᠭᠤᠯ᠎ᠠ᠃ | ︵ᠤᠷᠬᠦᠯᠵᠢᠯᠡᠯ ᠪᠤᠢ︶ | | | ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ |