ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠨᠠᠢᠮᠠ︶
ᠨᠡᠶᠢᠲᠡᠯᠡᠭᠰᠡᠨ ᠴᠠᠭ᠄
2016-04-14
      ᠪᠢ ᠲᠤᠤᠯᠠ ᠭᠤᠤᠯ ᠢ ᠤᠯᠠᠭᠠᠨᠪᠠᠭᠠᠳᠤᠷ ᠲᠤ ᠦᠵᠡᠯ᠎ᠠ᠂ ᠡᠷᠭᠦᠨ᠎ᠠ ᠭᠤᠤᠯ ᠢ 1990 ᠤᠨ ᠳᠤ ᠬᠠᠷᠠᠬᠤᠷᠢᠨ ᠳᠤ ᠤᠴᠢᠬᠤ ᠵᠠᠮ ᠳᠠᠭᠠᠨ ᠦᠵᠡᠭᠰᠡᠡ ᠶᠤᠮ᠂ ᠭᠡᠷᠦᠯᠦᠨ ᠭᠤᠤᠯ ᠢ ᠦᠪᠦᠷ ᠮᠤᠩᠭᠤᠯ ᠤᠨ ᠬᠦᠯᠦᠨ ᠪᠤᠶᠢᠷ ᠤᠨ ᠪᠠᠷᠠᠭᠤᠨ ᠪᠡᠶ᠎ᠠ ᠳᠤ ᠬᠦᠷᠪᠡᠯ ᠤᠯᠵᠦ ᠦᠵᠡᠵᠦ ᠪᠤᠯᠤᠨ᠎ᠠ᠂ ᠤᠨᠤᠨ ᠮᠦᠷᠡᠨ ᠪᠤᠯ ᠮᠠᠨ ᠤ   ᠡᠨᠡ ᠤᠳᠠᠭ᠎ᠠ ᠶᠢᠨ ᠠᠶᠠᠯᠠᠯ ᠤᠨ ᠭᠤᠤᠯ ᠬᠠᠷᠠᠯᠳᠠ ᠤᠴᠢᠷ ᠠᠴᠠ ᠤᠳᠠᠯ ᠦᠭᠡᠢ ᠤᠯᠵᠦ ᠦᠵᠡᠨ᠎ᠠ ᠳ᠋ᠠ᠂ ᠨᠠᠳᠠᠳᠦ ᠠᠪᠴᠦ ᠭᠡᠯᠡᠪᠡᠯ ᠰᠡᠯᠡᠩᠭᠡ ᠮᠦᠷᠡᠨ ᠢ ᠲᠤᠭᠤᠷᠢᠨ ᠦᠵᠡᠬᠦ ᠪᠤᠯ ᠮᠢᠨᠦ ᠲᠠᠷᠠᠭᠠᠴᠢ ᠶᠢᠨ ᠠᠯᠬᠤᠮ ᠤᠨ ᠮᠤᠩᠭᠤᠯ ᠳᠠᠬᠢ ᠠᠶᠢᠯᠴᠢᠯᠠᠯᠳᠠ ᠶᠢᠨ ᠲᠦᠯᠦᠪᠯᠡᠭᠡ ᠶᠢᠨ ᠨᠢᠭᠡ ᠮᠦᠨ ᠭᠡᠵᠦ ᠭᠡᠯᠡᠪᠡ᠃       ᠪᠢᠳᠡ ᠤᠷᠢᠳᠠᠪᠡᠷ ᠭᠡᠷᠦᠯᠦᠨ ᠭᠤᠤᠯ ᠤᠨ ᠬᠦᠪᠡᠭᠡ ᠪᠠᠷ ᠠᠯᠬᠤᠯᠠᠪᠠ᠃ ᠬᠤᠷᠴᠠ ᠨᠠᠷᠠᠨ ᠤ ᠭᠡᠷᠡᠯ   ᠭᠤᠤᠯ ᠤᠨ   ᠤᠰᠤᠨ ᠳᠤ   ᠬᠢᠯᠳᠤᠭᠠᠨᠠᠨ ᠤᠶᠢᠨ᠎ᠠ᠃ ᠭᠤᠤᠯ ᠤᠨ ᠬᠦᠪᠡᠭᠡᠨ ᠳᠤ ᠬᠤᠶᠠᠷ ᠭᠤᠷᠪᠠᠨ ᠮᠠᠰᠢᠨ ᠲᠡᠷᠭᠡ ᠬᠦᠷᠴᠦ ᠢᠷᠡᠵᠦ ᠵᠤᠬᠰᠤᠯ᠎ᠠ᠂ ᠬᠤᠳᠠ ᠶᠢᠨ ᠭᠡᠷ ᠪᠦᠯᠢ ᠶᠢᠨ ᠬᠢᠨ ᠭᠡᠤᠭᠡᠳ ᠢᠶᠠᠨ ᠲᠠᠭᠠᠭᠤᠯᠤᠨ ᠭᠤᠤᠯ ᠤᠨ ᠬᠦᠪᠡᠭᠡᠨ ᠳᠤ ᠢᠷᠡᠵᠦ ᠭᠡᠭᠡᠷ᠎ᠠ ᠭᠠᠳᠠᠨᠠᠬᠢ ᠶᠢᠨ ᠦᠵᠡᠮᠵᠢ ᠶᠢ ᠰᠤᠨᠢᠷᠬᠠᠭᠤᠯᠬᠤ ᠵᠤᠷᠢᠯᠭ᠎ᠠ ᠲᠠᠢ ᠪᠠᠶᠢᠬᠤ ᠨᠢ ᠲᠤᠳᠤᠬᠠᠨ᠃ ᠵᠤᠨ ᠤ ᠤᠯᠠᠷᠢᠯ ᠪᠤᠯ ᠬᠠᠮᠤᠭ ᠤᠨ ᠲᠠᠭᠠᠯᠠᠮᠵᠢᠳᠠᠢ ᠴᠠᠬ ᠪᠤᠯᠬᠤᠷ ᠦᠳᠡᠭᠦᠰ ᠵᠠᠯᠠᠭᠤᠰ ᠤᠨ ᠬᠦᠳᠡᠭᠡ ᠭᠡᠭᠡᠷ᠎ᠠ ᠤᠴᠢᠵᠦ ᠦᠵᠡᠬᠦ ᠭᠡᠰᠡᠡ ᠰᠠᠨᠠᠭ᠎ᠠ ᠶᠢ ᠭᠡᠨ ᠴᠦ ᠬᠤᠷᠢᠬᠯᠠᠵᠦ ᠦᠯᠦ ᠴᠢᠳᠠᠨ᠎ᠠ ᠪᠢᠯᠡ᠃       ᠵᠠᠮ ᠤᠨ ᠬᠠᠵᠠᠭᠤᠳᠠᠬᠢ ᠨᠢᠭᠡᠨ ᠵᠢᠵᠢᠭ ᠬᠤᠭᠤᠯᠠᠨ ᠭᠡᠷ ᠲᠤ ᠰᠢᠨ᠎ᠠ ᠰᠤᠷᠭᠤᠭ ᠦᠭᠡᠷ ᠤᠨ ᠮᠢᠬᠠᠨ ᠱᠦᠯᠦ  ᠲᠠᠢ ᠭᠤᠯᠢᠷ ᠬᠤᠭᠤᠯᠠ ᠢᠳᠡᠯ᠎ᠠ᠃ ᠠᠷᠪᠠᠨ ᠲᠠᠪᠤ ᠵᠢᠷᠭᠤᠭᠠᠨ ᠨᠠᠰᠤᠳᠠᠢ ᠡᠭᠡᠴᠢ ᠦᠬᠢᠨ ᠲᠡᠭᠦᠦ ᠬᠤᠶᠠᠭᠤᠯᠠ ᠬᠢᠵᠦ ᠦᠭᠭᠦᠭᠰᠡᠡ᠂ ᠭᠠᠯ ᠨᠤᠴᠤᠭᠠᠵᠦ᠂ ᠭᠤᠯᠢᠷ ᠨᠤᠬᠤᠬᠤ ᠠᠴᠠ ᠠᠪᠤᠭᠠᠳ ᠰᠢᠷᠡᠭᠡᠨ ᠲᠡᠭᠡᠷ᠎ᠠ ᠭᠠᠷᠭᠠᠬᠤ ᠬᠦᠷᠳᠡᠯ᠎ᠠ ᠲᠡᠮᠡᠢ ᠴᠠᠬ ᠭᠡᠷᠡᠭᠰᠡᠭᠰᠡᠡ ᠦᠭᠡᠢ᠂ ᠭᠡᠶ᠎ᠠ ᠲᠡᠳᠡ ᠮᠤᠳᠦ ᠲᠦᠯᠡᠭᠡ᠂ ᠲᠤᠭᠤᠭ᠎ᠠ ᠵᠤᠤᠬ᠎ᠠ ᠬᠦᠳᠡᠯᠭᠡᠭᠰᠡᠡ ᠢᠶᠠᠷ ᠪᠠᠷᠠᠬᠤ ᠦᠭᠡᠢ ᠭᠤᠯᠢᠷ ᠢᠶᠠᠨ ᠪᠠᠷᠢᠨ ᠨᠤᠬᠤᠵᠦ ᠪᠠᠷᠢᠨ ᠭᠡᠷᠴᠢᠵᠦ ᠭᠠᠷᠭᠠᠬᠰᠠᠠ ᠭᠤᠯᠢᠷ ᠬᠤᠭᠤᠯᠠ ᠰᠢᠦ᠃ ᠨᠢᠭᠡ ᠠᠶᠠᠭ᠎ᠠ ᠱᠦᠯᠦ ᠲᠠᠢ ᠭᠤᠯᠢᠷ ᠬᠤᠭᠤᠯᠠ ᠠᠴᠠ ᠭᠠᠳᠠᠨ᠎ᠠ ᠪᠠᠰᠠ ᠨᠢᠭᠡ ᠫᠢᠯᠠ ᠬᠤᠨᠢᠨ ᠮᠢᠬᠠᠨ ᠰᠢᠶᠠᠨᠽᠢ ᠲᠠᠢ ᠱᠠᠯᠪᠢᠩ ᠭᠠᠷᠭᠠᠯ᠎ᠠ᠂ ᠮᠤᠩᠭᠤᠯ ᠢᠶᠠᠷ ︽ᠬᠤᠤᠱᠤᠤᠷ︾ ᠭᠡᠳᠡᠭ᠃   ᠡᠨᠡ ᠨᠢᠭᠡ ᠡᠷᠡᠨ ᠤ ᠬᠤᠭᠤᠯᠠ ᠶᠢ ᠶᠡᠭᠡᠳᠡ ᠠᠮᠳᠠ ᠲᠠᠢ ᠢᠳᠡᠪᠠ᠂ ᠲᠡᠷᠭᠡᠨ ᠳᠤ ᠭᠠᠷᠬᠤ ᠦᠶ᠎ᠠ ᠳᠤ ᠲᠠᠭᠠᠯᠠᠮᠵᠢᠳᠠᠢ᠂ ᠴᠤᠬ ᠰᠦᠯᠳᠡ ᠲᠠᠢ ᠪᠤᠯᠵᠦ᠂ ᠲᠠᠯᠠᠢ ᠶᠢᠨ ᠲᠡᠷᠳᠡᠭᠡ ᠲᠡᠭᠷᠢ ᠶᠢᠨ ᠬᠠᠶᠠᠭ᠎ᠠ ᠬᠦᠷᠦᠭᠰᠡᠡ ᠴᠦ ᠦᠯᠦᠰᠬᠦ ᠪᠠᠷ ᠦᠭᠡᠢ ᠰᠠᠨᠠᠬᠳᠠᠭᠰᠠᠠ᠃             ᠵᠠᠯᠭᠠᠭᠠᠳ ᠲᠡᠶᠢᠮᠦ ᠠᠮᠠᠷᠬᠠᠨ ᠪᠢᠰᠢ ᠪᠤᠯᠪᠠ᠃ ᠡᠷᠳᠡ ᠰᠢᠭ ᠬᠦᠳᠡᠯᠦᠭᠰᠡᠡ ᠦᠭᠡᠢ ᠶᠢ ᠭᠡᠯᠡᠬᠦ ᠦᠭᠡᠢ ᠯᠠᠰᠢᠶᠠ ᠭᠤᠸᠠᠢ ᠴᠦ ᠲᠡᠷᠭᠡ ᠪᠠᠨ ᠬᠤᠷᠳᠤᠯᠠᠭᠤᠯᠳᠠᠬ ᠦᠭᠡᠢ᠂ ᠴᠠᠬ ᠤᠨ ᠬᠤᠷᠳᠤᠴᠠ ᠶᠢ ᠪᠠᠶᠢᠨ ᠲᠠᠬᠢᠨ 50 ᠺᠢᠯᠦᠮᠧᠲᠷ ᠠᠴᠠ ᠲᠠᠪᠠᠭᠤᠯᠳᠠᠬ ᠦᠭᠡᠢ᠃ ᠵᠠᠮ ᠲᠤᠵᠢ ᠪᠢᠳᠠ ᠪᠠᠰᠠ ᠭᠡᠷᠡᠯ ᠵᠢᠷᠤᠭ ᠠᠪᠬᠤ ᠶᠢ ᠪᠤᠳᠤᠵᠦ᠂ ᠬᠤᠨᠢᠨ ᠰᠦᠷᠦᠭ ᠦᠵᠡᠪᠡᠯ ᠵᠤᠬᠰᠤᠵᠦ᠂ ᠴᠡᠴᠡᠭ ᠬᠤᠸᠠᠷ ᠲᠡᠯᠭᠡᠷᠡᠭᠰᠡᠡ ᠰᠠᠶᠢᠬᠠᠨ ᠦᠵᠡᠮᠵᠢ ᠲᠠᠭᠠᠷᠠᠯᠳᠤᠪᠡᠯ ᠪᠠᠭᠤᠵᠦ ᠢᠷᠡᠭᠡᠳ ᠮᠤᠷᠢ ᠤᠨᠤᠵᠦ ᠪᠠᠶᠢᠭ᠎ᠠ ᠬᠤᠨᠢᠴᠢᠨ ᠲᠠᠢ ᠵᠤᠭᠤᠬᠳᠠᠨ ᠰᠡᠭᠦᠳᠡᠷ ᠠᠪᠤᠭᠤᠯᠤᠨ ᠴᠠᠬ ᠢ ᠬᠤᠷᠤᠭᠠᠬᠰᠠᠭᠠᠷ   ᠪᠠᠶᠢᠯ᠎ᠠ᠃ ᠯᠠᠰᠢᠶᠠ ᠭᠤᠸᠠᠢ ᠪᠤᠯᠤᠨ ᠴᠢᠮᠡᠭ ᠨᠠᠳᠠ ᠲᠠᠢ ᠠᠳᠠᠯᠢ ᠬᠡᠨᠳᠡᠢ ᠠᠶᠢᠮᠠᠬ ᠲᠤ ᠠᠩᠬ᠎ᠠ ᠢᠷᠡᠵᠦ ᠪᠠᠶᠢᠬᠤ ᠤᠴᠢᠷ ᠠᠴᠠ ᠵᠠᠮ ᠤᠨ ᠵᠢᠭᠠᠯᠳᠠ ᠦᠵᠡᠬᠦ ᠴᠢᠬᠤᠯᠠ ᠲᠠᠢ᠃           ᠡᠴᠦᠰ ᠲᠡᠭᠡᠨ ︽ᠬᠦᠬᠡᠨᠠᠭᠤᠷ 35 ᠺᠢᠯᠦᠮᠧᠲᠷ︾ ᠭᠡᠰᠡᠡ ᠵᠠᠮ ᠤᠨ ᠵᠢᠵᠢᠭ ᠵᠢᠭᠠᠯᠳᠠ ᠲᠡᠮᠳᠡᠭ ᠢ ᠤᠯᠵᠦ ᠦᠵᠡᠭᠡᠳ ᠪᠢᠳᠡ ᠪᠠᠶᠠᠷᠯᠠᠬᠰᠠᠠ ᠭᠡᠵᠢ ᠡ︕ ᠲᠡᠭᠡᠭᠡᠳ ᠵᠠᠮ ᠤᠨ ᠫᠠᠶᠢᠰᠠ ᠶᠢᠨ ᠵᠢᠭᠠᠯᠳᠠ ᠶᠤᠰᠤᠭᠠᠷ ᠵᠡᠭᠦᠨᠰᠢ ᠡᠷᠭᠢᠨ ᠵᠠᠰᠠᠮᠠᠯ ᠵᠠᠮ ᠠᠴᠠ ᠰᠠᠯᠵᠠᠢ᠃         ᠡᠨᠡ ᠦᠶ᠎ᠠ ᠨᠠᠷᠨ ᠰᠢᠩᠭᠡᠬᠦ ᠰᠢᠬᠠᠵᠦ ᠡᠮᠦᠨ᠎ᠠ ᠲᠠᠯ᠎ᠠ ᠶᠢᠨ ᠠᠭᠤᠯᠠᠨ ᠰᠡᠭᠦᠳᠡᠷ ᠤᠷᠳᠤᠰᠪᠠ᠃ ᠪᠢᠳᠡ ᠬᠦᠳᠡᠭᠡ ᠨᠤᠳᠤᠬ ᠤᠨ ᠨᠠᠷᠢᠨ ᠵᠠᠮ ᠢᠶᠠᠷ ᠨᠠᠷᠠᠰᠤᠨ ᠤᠢ ᠳᠤ ᠤᠷᠤᠵᠠᠢ᠂ ᠶᠠᠪᠤᠬᠰᠠᠭᠠᠷ ᠶᠠᠪᠤᠬᠰᠠᠭᠠᠷ ᠪᠠᠰᠠ ᠨᠢᠭᠡᠨ ᠤᠷᠳᠦ ᠲᠦᠷᠪᠡᠯᠵᠢᠨ ᠴᠠᠭᠠᠨ ᠦᠩᠭᠡ ᠲᠠᠢ ᠵᠠᠮ ᠤᠨ ᠵᠢᠭᠠᠯᠳᠠ ᠫᠠᠶᠢᠰᠠᠨ ᠲᠡᠭᠡᠷ᠎ᠠ ︽ᠬᠦᠬᠡᠨᠠᠭᠤᠷ 20 ᠺᠢᠯᠦᠮᠧᠲᠷ︾ ᠭᠡᠵᠦ ᠪᠢᠴᠢᠭᠰᠡᠡ ᠢ ᠤᠯᠵᠦ ᠦᠵᠡᠭᠡᠳ ᠮᠠᠨ ᠤ ᠮᠠᠰᠢᠨ ᠲᠡᠷᠭᠡ ᠨᠢᠭᠡᠨᠳᠡ ᠤᠢ ᠶᠢᠨ ᠲᠤᠳᠤᠷᠠᠬᠢ ᠨᠠᠷᠢᠨ ᠵᠠᠮ ᠢᠶᠠᠷ ᠲᠡᠭᠡᠭᠰᠢ ᠦᠭᠰᠦᠨ ᠠᠭᠤᠯᠠᠨ ᠳᠤ ᠭᠠᠷᠴᠦ ᠢᠷᠡᠭᠰᠡᠡ ᠢ ᠮᠡᠳᠡᠯ᠎ᠠ᠃   ᠡᠨᠡ ᠦᠶ᠎ᠠ ᠳᠤ ᠲᠡᠭᠷᠢ ᠨᠢᠭᠡᠨᠳᠡ ᠪᠦᠷᠦᠢ ᠪᠤᠯᠵᠠᠢ᠃ ᠠᠭᠤᠯᠠᠨ ᠳᠤ ᠪᠦᠷ ᠨᠠᠷᠠᠰᠤᠨ ᠤᠢ᠂ ᠲᠡᠷᠭᠡᠨ ᠳ᠋ᠧᠩ ᠢ ᠨᠤᠴᠤᠭᠠᠠ ᠦᠵᠡᠭᠦᠯ᠎ᠠ ᠭᠡᠷᠡᠯ ᠤᠨ ᠰᠠᠴᠤᠷᠠᠬ ᠤᠨ ᠭᠡᠪᠴᠢᠶᠡᠨ ᠳᠤ ᠨᠠᠷᠢᠨ ᠵᠠᠮ ᠲᠦᠢᠯ ᠤᠨ ᠮᠤᠷᠤᠢ ᠰᠠᠷᠤᠢ ᠰᠠᠨᠠᠬᠳᠠᠵᠦ᠂ ᠵᠠᠮ ᠤᠨ ᠬᠤᠶᠠᠷ ᠬᠠᠪᠢ ᠪᠠᠷ ᠬᠠᠨᠠᠷᠠᠨ ᠪᠤᠰᠤᠬᠰᠠᠠ ᠬᠦᠪᠡᠭᠡ ᠬᠢᠵᠠᠭᠠᠷ ᠨᠢ ᠦᠯᠦ ᠮᠡᠳᠡᠭᠳᠡᠬᠦ ᠡᠷᠢᠶᠡᠨ ᠠᠯᠠᠬ ᠮᠤᠳᠦ ᠬᠠᠷᠠᠬᠳᠠᠨ᠎ᠠ᠃ ᠰᠦ᠋ ᠶᠢᠩ ᠡᠮᠦᠨ᠎ᠠ ᠰᠠᠭᠤᠳᠠᠯ ᠳᠤ ᠰᠠᠭᠤᠭᠠᠳ ᠤᠨᠳᠠᠴᠢᠬᠠᠯ᠎ᠠ᠂ ᠴᠢᠮᠡᠭ ᠪᠢᠳᠡ ᠬᠤᠶᠠᠭᠤᠯᠠ ᠠᠷᠦ ᠶᠢᠨ ᠰᠠᠭᠤᠳᠠᠯ ᠳᠤ ᠰᠠᠭᠤᠵᠦ ᠬᠠᠵᠠᠭᠤ ᠶᠢᠨ ᠴᠤᠩᠬᠤ ᠪᠠᠷ ᠭᠠᠳᠠᠬᠰᠢ ᠬᠠᠷᠠᠵᠦ ᠠᠵᠢᠬᠯᠠᠨ᠎ᠠ᠂ ᠬᠠᠷᠠᠩᠭᠤᠢ ᠪᠠᠶᠢᠬᠰᠠᠠ ᠴᠦ ᠮᠦᠨ ᠪᠤᠰᠤᠭ᠎ᠠ ᠪᠤᠰᠤᠭ᠎ᠠ ᠮᠤᠳᠤᠨ ᠰᠡᠭᠦᠳᠡᠷ ᠤᠨ ᠪᠤᠳᠤᠩᠭᠤᠢ ᠲᠦᠷᠰᠦ ᠮᠠᠨ ᠢ ᠴᠤᠭᠤᠷᠠᠳᠠᠯ᠎ᠠ ᠬᠠᠷᠠᠵᠦ ᠪᠠᠶᠢᠭ᠎ᠠ ᠮᠡᠳᠦ ᠰᠠᠨᠠᠬᠳᠠᠭᠤᠯᠤᠯ᠎ᠠ ᠁       ᠴᠢᠮᠡᠭ ᠲᠤᠤᠷ᠎ᠠ ᠲᠠᠭᠤᠨ ᠢᠶᠠᠷ᠄ ︽ᠮᠦᠷᠡᠨ ᠪᠠᠭᠰᠢ ᠡ᠂ ᠠᠶᠤᠵᠦ ᠪᠠᠶᠢᠨ᠎ᠠ ᠤᠤ︖︾ ᠭᠡᠵᠦ ᠠᠰᠠᠭᠤᠪᠠ ᠃             ᠭᠡᠷᠪᠡ ᠤᠨᠳᠤᠦ ᠤᠯᠤᠰ ᠲᠤ ᠡᠶᠢᠮᠦ ᠪᠠᠶᠢᠳᠠᠯ ᠲᠤᠯᠭᠠᠷᠠᠬᠰᠠᠠ ᠪᠤᠯ ᠠᠶᠤᠬᠤ ᠪᠠᠶᠢᠬᠰᠠᠠ᠂ ᠪᠢ ᠵᠢᠷᠦᠭᠡ ᠪᠠᠭ᠎ᠠ ᠬᠦᠮᠦᠨ ᠰᠢᠦ᠃   ᠭᠡᠳᠡᠯ᠎ᠠ ᠰᠤᠨᠢᠨ ᠳ᠋ᠠ᠂ ᠮᠤᠩᠭᠤᠯ ᠤᠨ ᠦᠨᠳᠦᠷᠯᠢᠭ ᠲᠤ ᠢᠷᠡᠬᠦ ᠪᠤᠯᠭᠠᠨ ᠦᠪᠡᠷ ᠤᠨ ᠪᠡᠶ᠎ᠠ ᠮᠢᠨᠢ ᠡᠪᠦᠭᠡ ᠲᠡᠭᠡᠳᠦᠰ ᠤᠨ ᠢᠶᠠᠨ ᠨᠤᠳᠤᠬ ᠲᠤ ᠪᠠᠶᠢᠨ᠎ᠠ ᠭᠡᠰᠡᠡ ᠪᠤᠯᠤᠯᠳᠠᠢ ᠭᠡᠳᠦᠢ ᠬᠠᠷᠠᠩᠭᠤᠢ ᠰᠦᠨᠢ ᠴᠦ ᠰᠠᠨᠠᠭ᠎ᠠ ᠠᠮᠤᠷ ᠶᠠᠪᠤᠵᠦ ᠰᠠᠭᠤᠳᠠᠬ᠃ ᠴᠢᠮᠡᠭ ᠮᠢᠨᠦ ᠭᠡᠯᠡᠭᠰᠡᠡ ᠢ ᠰᠤᠨᠤᠰᠤᠭᠠᠳ ᠬᠠᠷᠢᠭᠤ ᠶᠠᠭᠤᠮ᠎ᠠ ᠭᠡᠯᠡᠭᠰᠡᠡ ᠦᠭᠡᠢ᠃ ᠤᠳᠠᠵᠦ ᠤᠳᠠᠵᠦ᠄ ︽ᠲᠠ ᠲᠠᠶᠢᠸᠠᠨ ᠳᠤ ᠪᠠᠶᠢᠬᠤ ᠳᠠᠭᠠᠨ ᠭᠠᠳᠠᠭᠤᠷᠴᠢᠯᠠᠬᠳᠠᠵᠦ ᠦᠩᠭᠡᠷᠡᠭᠰᠡᠡ ᠤᠤ︖︾ ᠭᠡᠵᠦ ᠠᠰᠠᠭᠤᠬᠤ ᠳᠤ             ︽ᠶᠠᠭᠤ   ᠬᠡᠪᠠ︖︾   ᠭᠡᠵᠦ ᠪᠢ ᠯᠠᠪᠳᠠᠭᠤᠯᠤᠨ ᠠᠰᠠᠭᠤᠪᠠ᠃         ︽ᠲᠠᠶᠢᠸᠠᠨ ᠳᠤ ᠪᠠᠶᠢᠬᠤ ᠳᠠᠭᠠᠨ ᠮᠤᠩᠭᠤᠯ ᠬᠦᠮᠦᠨ ᠭᠡᠳ ᠭᠠᠳᠠᠭᠤᠷᠴᠢᠯᠠᠬᠳᠠᠬᠰᠠᠠ ᠤᠤ︖︾ ᠭᠡᠵᠦ ᠲᠠᠬᠢᠨ ᠨᠦᠬᠦᠪᠦᠷᠢᠯᠡᠨ ᠠᠰᠠᠭᠤᠬᠰᠠᠠ ᠳᠤ ᠪᠢ᠄ ︽ᠡᠦ᠋︕ ᠡᠶᠢᠮᠦ ᠤᠴᠢᠷ ᠶᠤᠮ ᠤᠤ︕︾ ᠭᠡᠳ ᠶᠠᠬ ᠠᠮᠠ ᠨᠡᠭᠡᠭᠡᠵᠦ ᠲᠠᠶᠢᠯᠪᠤᠷᠢᠯᠠᠶ᠎ᠠ ᠭᠡᠵᠦ ᠪᠠᠶᠢᠳᠠᠯ᠎ᠠ ᠪᠠᠷᠠᠭᠤᠨ ᠲᠠᠯ᠎ᠠ ᠪᠠᠷ ︽ᠬᠦᠬᠡᠨᠠᠭᠤᠷ 18 ᠺᠢᠯᠦᠮᠧᠲᠷ︾ ᠭᠡᠰᠡᠡ ᠵᠠᠮ ᠤᠨ ᠵᠢᠭᠠᠯᠳᠠ ᠫᠠᠶᠢᠰᠠ ᠬᠠᠷᠠᠬᠳᠠᠯ᠎ᠠ᠂ ᠰᠠᠶᠢᠨ ᠶᠠᠪᠤᠳᠠᠯ︕ ᠤᠳᠠᠯ ᠦᠭᠡᠢ ᠬᠦᠷᠬᠦ ᠶᠤᠮ ᠪᠠᠶᠢᠨ᠎ᠠ᠃         ᠭᠡᠶ᠎ᠠ ᠤᠢ ᠰᠢᠭᠤᠢ ᠶᠠᠪᠤᠬᠤ ᠲᠤᠳᠤᠮ ᠢᠬᠴᠢ ᠰᠠᠬᠤᠯᠢᠬ ᠪᠤᠯᠪᠠ᠃ ᠭᠡᠷᠪᠡ ᠡᠳᠦᠷ ᠪᠠᠶᠢᠬᠰᠠᠠ ᠪᠤᠯ ᠲᠦᠢᠯ ᠤᠨ ᠦᠵᠡᠰᠭᠦᠯᠡᠩᠳᠦ ᠰᠠᠶᠢᠬᠠᠨ ᠤᠷᠤᠨ ᠪᠠᠶᠢᠳᠠᠬ ᠰᠠᠨᠵᠢ᠃ ᠲᠠᠬᠢᠭᠠᠳ ᠪᠢ ᠴᠢᠮᠡᠭ ᠤᠨ ᠲᠡᠰᠢ ᠬᠠᠨᠳᠤᠨ ᠮᠢᠨᠦ ᠦᠰᠦᠯᠳᠡ ᠪᠤᠶᠢᠵᠢᠯᠳᠠ ᠶᠢᠨ ᠶᠠᠪᠤᠴᠠ ᠳᠤ᠂ ᠲᠠᠶᠢᠸᠠᠨ ᠳᠤ ︽ᠰᠢ᠊ · ᠮᠦᠷᠡᠨ︾ ᠭᠡᠮᠡᠬᠦ ᠬᠤᠪᠢ ᠬᠦᠮᠦᠨ ᠤ ᠨᠡᠷ᠎ᠠ ᠪᠠᠷ ᠠᠪᠴᠦ ᠭᠡᠯᠡᠪᠡᠯ ᠶᠠᠮᠠᠷ ᠴᠦ ᠭᠠᠳᠠᠭᠤᠷᠴᠢᠯᠠᠯ ᠠᠮᠰᠠᠬᠰᠠᠠ ᠦᠭᠡᠢ ︵ᠠᠩᠬ᠎ᠠ ᠲᠤᠮᠳᠠᠳᠦ ᠶᠢᠨ ᠦᠶ᠎ᠠ ᠳᠤ ᠲᠤᠭ᠎ᠠ ᠹᠢᠽᠢᠺ ᠤᠨ ᠬᠢᠷᠢ ᠪᠦᠳᠦᠮᠵᠢ ᠪᠠᠷᠤᠬᠳᠠᠢ ᠪᠠᠶᠢᠵᠦ ᠪᠠᠭᠰᠢ ᠳᠤ ᠵᠠᠩᠨᠠᠬᠳᠠᠬᠰᠠᠠ ᠶᠠᠪᠤᠳᠠᠯ ᠪᠤᠯ ᠬᠤᠬᠢ ᠨᠢ ᠲᠡᠷᠡ᠂ ᠭᠠᠳᠠᠭᠤᠷᠴᠢᠯᠠᠯ ᠳᠤ ᠲᠤᠭᠠᠴᠠᠬᠳᠠᠬᠤ ᠦᠭᠡᠢ︶᠃ ᠭᠡᠪᠡᠴᠦ ᠪᠢ ᠨᠦᠬᠦᠭᠡ ᠡᠳᠡᠭᠡᠳ ᠲᠠᠢ ᠪᠦᠷ ᠲᠤᠰ ᠲᠤᠰ ᠤᠨ ᠦᠨᠳᠦᠰᠦᠳᠡᠨ ᠤᠬᠰᠠᠭ᠎ᠠ ᠶᠢᠨ ᠠᠰᠠᠭᠤᠳᠠᠯ ᠲᠤᠯᠭᠠᠷᠠᠬᠤ ᠦᠶ᠎ᠠ ᠳᠤ ᠮᠠᠨ ᠤ ᠮᠤᠩᠭᠤᠯ ᠦᠨᠳᠦᠰᠦᠳᠡᠨ ᠬᠢᠳᠡᠳ ᠰᠤᠶᠤᠯ ᠤᠨ ᠪᠦᠷᠢᠯᠳᠦᠯ ᠲᠠᠢ ᠦᠨᠳᠦᠰᠦᠳᠡᠨ ᠤᠬᠰᠠᠭ᠎ᠠ ᠶᠢᠨ ᠡᠮᠦᠨ᠎ᠠ ᠭᠠᠳᠠᠭᠤᠷᠴᠢᠯᠠᠬᠳᠠᠵᠦ ᠦᠩᠭᠡᠷᠡᠭᠰᠡᠡ ︵ᠵᠢᠱᠢᠶᠡᠯᠡᠪᠡᠯ ᠠᠩᠬ᠎ᠠ ᠲᠤᠮᠳᠠᠳᠦ ᠶᠢᠨ ᠦᠶ᠎ᠠ ᠳᠤ ᠭᠠᠵᠠᠷ ᠵᠦᠢ ᠶᠢᠨ ᠬᠢᠴᠢᠶᠡᠯ ᠤᠷᠤᠬᠰᠠᠠ ᠲᠡᠷᠡ ᠤᠳᠠᠭ᠎ᠠ ᠨᠡᠭᠡᠷᠡᠨ ᠴᠢᠩᠭ᠎ᠠ ᠰᠡᠷᠡᠭᠳᠡᠯ ᠲᠠᠢ ᠪᠤᠯᠪᠠ︶᠃           ᠡᠴᠢᠨᠡᠨ ᠤᠯᠠᠨ ᠵᠢᠯ ᠢ ᠪᠦᠷ ᠦᠩᠭᠡᠷᠡᠭᠦᠯᠦᠭᠡᠳ ᠢᠷᠡᠯ᠎ᠠ᠂ ︽ᠭᠠᠳᠠᠭᠤᠷᠴᠢᠯᠠᠬᠳᠠᠬᠤ︾ ᠭᠡᠬᠦ ᠦᠵᠡᠯᠳᠡ  ᠪᠠᠷ ᠪᠢ ᠠᠰᠠᠭᠤᠳᠠᠯ ᠢ ᠦᠵᠡᠳᠡᠭ ᠦᠭᠡᠢ᠂ ᠮᠠᠨ ᠤ ᠡᠨᠡᠬᠦ ᠦᠨᠳᠦᠰᠦᠳᠡᠨ ᠤ ᠬᠦᠮᠦᠰ ᠲᠤ ︽ᠪᠤᠷᠤᠭᠤ ᠪᠠᠷ ᠤᠢᠢᠯᠠᠭᠠᠬᠳᠠᠬᠤ︾ ᠠᠭᠤᠯᠬᠤᠨ ᠤ ᠭᠡᠮᠵᠢᠶ᠎ᠠ ᠦᠨᠳᠦᠷ ᠪᠠᠶᠢᠬᠤ ᠨᠢ ᠭᠠᠷᠴᠠᠭ᠎ᠠ ᠦᠭᠡᠢ ᠶᠤᠮ ᠭᠡᠵᠦ ᠲᠠᠶᠢᠯᠪᠤᠷᠢᠯᠠᠵᠠᠢ᠃             ᠭᠡᠳᠡᠯ᠎ᠠ ᠮᠤᠩᠭᠤᠯ ᠳᠤ ᠠᠮᠢᠳᠤᠷᠠᠬᠰᠠᠭᠠᠷ ᠢᠷᠡᠭᠰᠡᠡ ᠵᠠᠯᠠᠭᠤ ᠴᠢᠮᠡᠭ ᠤᠨ ᠭᠡᠨᠡᠳᠳᠡ ᠶᠠᠭᠠᠬᠢᠭᠠᠳ ᠢᠩᠭᠢᠵᠦ ᠠᠰᠠᠭᠤᠵᠦ ᠪᠠᠶᠢᠬᠤ ᠶᠢ ᠪᠢ ᠬᠠᠷᠢᠨ ᠮᠡᠳᠡᠮᠡᠷ ᠲᠤᠷ᠎ᠠ ᠬᠦᠷᠦᠯ᠎ᠠ᠃             ᠬᠠᠷᠠᠩᠭᠤᠢ ᠤᠢ ᠳᠤ᠂ ᠴᠢᠮᠡᠭ ᠦᠪᠡᠷ ᠤᠨ ᠤᠴᠠᠷᠠᠯ ᠲᠤᠬᠢᠶᠠᠯᠳᠤᠯ ᠢᠶᠠᠨ ᠨᠠᠳᠠᠳᠦ ᠠᠭᠠᠵᠢᠭᠤ ᠶᠠᠷᠢᠵᠦ ᠦᠭᠴᠠᠢ᠃ ᠤᠤᠯ ᠨᠢ ᠲᠠᠶᠢᠸᠠᠨ ᠳᠤ ᠢᠷᠡᠵᠦ ᠰᠤᠶᠤᠯ ᠤᠨ ᠮᠦᠷ ᠬᠦᠭᠡᠭᠡᠭᠰᠡᠡ ᠬᠤᠭᠤᠴᠠᠭᠠᠨ ᠳᠤ ᠬᠢᠴᠢᠶᠡᠯ ᠲᠡᠭᠡᠷ᠎ᠠ ᠮᠠᠰᠢ ᠤᠯᠠᠨ ᠬᠠᠴᠢᠨ ᠰᠤᠨᠢᠨ ᠠᠰᠠᠭᠤᠯᠳᠠ ᠲᠤᠯᠭᠠᠷᠠᠬᠰᠠᠠ ᠪᠠᠶᠢᠨ᠎ᠠ᠂ ᠡᠭᠦᠨ ᠤ ᠲᠤᠳᠤᠷᠠᠬᠢ ᠭᠠᠵᠢᠭᠤ ᠶᠠᠷᠢᠶ᠎ᠠ᠂ ᠪᠤᠯᠬᠢ ᠪᠦᠳᠦᠭᠦᠯᠢᠭ᠂ ᠶᠤᠰᠦ ᠪᠤᠰᠦ᠂ ᠮᠡᠳᠡᠯᠭᠡ ᠦᠭᠡᠢ ᠳᠤᠨᠢ ᠲᠡᠰᠪᠦᠷᠢᠯᠡᠭᠦᠶ᠎ᠠ ᠪᠡᠷᠭᠡ ᠪᠤᠯᠤᠬᠰᠠᠠ ᠭᠡᠨ᠎ᠠ ᠃           ᠴᠢᠮᠡᠭ᠂ ᠲᠡᠭᠦᠨ ᠠᠴᠠ ᠪᠢ ᠬᠦᠨ ᠲᠦᠷᠦᠭᠳᠡᠯ ᠲᠠᠢ ᠪᠤᠯᠤᠬᠰᠠᠠ᠂ ᠦᠪᠡᠷ ᠤᠨ ᠢᠶᠠᠨ ᠲᠤᠬᠢᠶᠠᠯᠳᠤᠯ ᠠᠴᠠ  ᠪᠠᠨ ᠡᠭᠦᠰᠴᠦ ᠲᠠᠶᠢᠸᠠᠨ ᠳᠤ ᠠᠮᠢᠳᠤᠷᠠᠵᠦ ᠪᠠᠶᠢᠭ᠎ᠠ ᠮᠤᠩᠭᠤᠯᠴᠤᠳ ᠤᠨ ᠬᠢᠯᠢᠰᠳᠡᠯ ᠮᠢᠨᠦᠬᠢ ᠠᠴᠠ ᠤᠯᠠᠨ ᠪᠢᠰᠢ ᠭᠡᠵᠢ ᠤᠤ︖ ᠭᠡᠵᠦ ᠪᠤᠳᠤᠬᠰᠠᠠ ᠭᠡᠵᠦ ᠭᠡᠯᠡᠪᠡ᠃         ᠬᠤᠶᠠᠭᠤᠯᠠ ᠲᠡᠷᠭᠡᠨ ᠤ ᠠᠷᠦ ᠶᠢᠨ ᠰᠠᠭᠤᠳᠠᠯ ᠳᠤ ᠪᠠᠭ᠎ᠠ ᠲᠠᠭᠤᠨ ᠢᠶᠠᠷ ᠬᠢᠳᠡᠳ ᠢᠶᠠᠷ ᠶᠠᠷᠢᠯᠴᠠᠬᠤ ᠳᠤ ᠭᠠᠳᠠᠨᠠᠬᠢ ᠤᠢ ᠮᠤᠳᠦ ᠶᠡᠷᠦᠨᠢ ᠢᠬᠴᠢ ᠰᠠᠬᠤᠯᠢᠬ ᠮᠦᠷᠳᠡᠭᠡᠨ ᠬᠠᠷᠠᠩᠭᠤᠢ ᠪᠠᠶᠢᠯ᠎ᠠ᠂ ᠯᠠᠰᠢᠶᠠ ᠭᠤᠸᠠᠢ ᠭᠡᠨᠡᠳᠳᠡ ᠡᠷᠭᠢᠵᠦ ᠬᠠᠨᠳᠤᠨ᠄ ︽ᠰᠠᠶ᠋ᠢ ᠶᠢᠨ ᠵᠠᠮ ᠤᠨ ᠵᠢᠭᠠᠯᠳᠠ ᠫᠠᠶᠢᠰᠠᠨ ᠲᠡᠭᠡᠷ᠎ᠠ 18 ᠺᠢᠯᠦᠮᠧᠲᠷ ᠭᠡᠵᠦ ᠪᠢᠴᠢᠵᠦ ᠪᠠᠶᠢᠬᠰᠠᠠ ᠪᠢᠰᠢ ᠤᠤ︖ ᠭᠡᠳᠡᠯ᠎ᠠ ᠪᠢᠳᠡ ᠲᠠᠬᠢᠭᠠᠳ ᠪᠠᠰᠠ 38 ᠺᠢᠯᠦᠮᠧᠲᠷ ᠶᠠᠪᠤᠯ᠎ᠠ ᠰᠢᠦ︾ ᠭᠡᠵᠦ ᠭᠡᠯᠡᠵᠠᠢ᠃ ︵ ᠶᠠᠷᠢᠶᠠᠨ ᠦᠭᠡᠢ ᠯᠠᠰᠢᠶᠠ ᠭᠤᠸᠠᠢ ᠶᠢᠨ ᠭᠡᠯᠡᠭᠰᠡᠡ ᠢ ᠴᠢᠮᠡᠭ ᠨᠠᠳᠠᠳᠦ ᠤᠷᠴᠢᠭᠤᠯᠵᠦ ᠦᠭᠴᠠᠢ︶           ᠳ᠋ᠧᠩ ᠤᠨ ᠭᠡᠷᠡᠯ   ᠳᠤ ᠪᠢᠳᠡ ᠵᠡᠷᠭᠡᠪᠡᠷ ᠤᠷᠤᠬᠰᠢ ᠪᠠᠨ ᠬᠠᠷᠠᠭᠠᠳ ᠦᠵᠡᠭᠦᠯᠡᠷ ᠠᠶᠢᠯ ᠡᠷᠦᠭᠡ ᠪᠠᠶᠢᠬᠤ ᠮᠠᠶ᠋ᠢᠭ ᠶᠠᠷᠦ ᠦᠭᠡᠢ ᠪᠠᠶᠢᠪᠠ᠃ ᠲᠡᠭᠡᠭᠡᠳ ᠪᠢ ᠬᠠᠰᠢᠯᠠ ᠪᠤᠴᠠᠭᠠᠳ ᠶᠠᠪᠤᠶ᠎ᠠ᠂ ᠵᠠᠰᠠᠮᠠᠯ ᠵᠠᠮ ᠲᠡᠭᠡᠷ᠎ᠠ ᠭᠠᠷᠤᠭᠠᠳ ᠪᠠᠭᠤᠳᠠᠯ ᠤᠯᠵᠦ ᠬᠤᠨᠤᠶ᠎ᠠ᠂ ᠮᠠᠷᠭᠠᠰᠢ ᠢᠷᠡᠭᠡᠳ ᠲᠠᠬᠢᠵᠦ ᠡᠷᠢᠪᠡᠯ ᠠᠮᠤᠷ ᠶᠤᠮ ᠭᠡᠵᠦ ᠭᠡᠯᠡᠵᠠᠢ᠃ ᠪᠤᠴᠠᠭᠠᠳ ᠶᠠᠪᠤᠬᠤ ᠵᠠᠮ ᠵᠠᠭᠤᠷ᠎ᠠ ᠨᠢᠭᠡᠨ ᠵᠤᠭᠠᠴᠠᠯ ᠤᠨ ᠰᠠᠭᠤᠷᠢᠰᠢᠯ ᠲᠠᠭᠠᠷᠠᠪᠠ᠂ ᠠᠷᠪᠠᠨ ᠭᠡᠳᠦᠨ ᠮᠤᠩᠭᠤᠯ ᠭᠡᠷ ᠲᠠᠢ᠂ ᠪᠢᠳᠡ ᠮᠠᠰᠢᠨ ᠲᠡᠷᠭᠡ ᠪᠠᠨ ᠰᠠᠭᠤᠷᠢᠰᠢᠯ ᠤᠨ ᠲᠤᠭᠤᠷᠢᠭ ᠤᠨ ᠭᠡᠷᠡᠰᠭᠡ ᠳᠤ ᠤᠢᠢᠷᠠᠳᠤᠭᠤᠯᠤᠨ ᠨᠢᠭᠡ ᠳᠤ ᠵᠠᠮ ᠠᠰᠠᠭᠤᠵᠦ ᠬᠤᠶᠠᠷ ᠲᠤ ᠬᠤᠭᠤᠰᠤᠨ ᠤᠷᠦ ᠪᠠᠶᠢᠪᠡᠯ ᠵᠠᠰᠠᠮᠠᠯ ᠵᠠᠮ ᠲᠡᠭᠡᠷ᠎ᠠ ᠭᠠᠷᠬᠤ ᠦᠭᠡᠢ ᠪᠠᠷ ᠬᠤᠨᠤᠬ ᠠᠪᠤᠬᠰᠠᠠ ᠴᠦ ᠪᠤᠯᠤᠨ᠎ᠠ ᠭᠡᠵᠦ ᠰᠠᠨᠠᠯ᠎ᠠ᠃         ᠲᠡᠷᠡ ᠦᠶ᠎ᠠ ᠳᠤ ᠨᠢᠭᠡᠨᠳᠡ ᠰᠦᠨᠢ ᠶᠢᠨ 11 ᠴᠠᠬ ᠪᠤᠯᠵᠠᠢ᠃ ᠮᠠᠰᠢᠨ ᠲᠡᠷᠭᠡᠨ ᠤ ᠳ᠋ᠧᠩ ᠤᠨ ᠭᠡᠷᠡᠯ ᠳᠤ ᠰᠤᠴᠢᠨ ᠰᠡᠷᠢᠭᠰᠡᠡ ᠬᠠᠮᠢᠶᠠᠷᠤᠬᠴᠢ ᠮᠤᠩᠭᠤᠯ ᠭᠡᠷ ᠠᠴᠠ ᠪᠠᠨ ᠭᠠᠷᠴᠦ ᠢᠷᠡᠭᠡᠳ ᠡᠨᠡ ᠰᠦᠨᠢ ᠤᠷᠦ ᠦᠭᠡᠢ ᠪᠤᠯᠤᠯ᠎ᠠ ︵ᠨᠡᠭᠡᠷᠡᠨ᠂ ᠭᠠᠳᠠᠨ᠎ᠠ ᠤᠯᠠᠨ ᠲᠡᠷᠭᠡ ᠬᠦᠰᠭᠡ ᠵᠤᠬᠰᠤᠬᠤ ᠬᠠᠷᠠᠬᠳᠠᠨ᠎ᠠ︶ ᠭᠡᠵᠦ ᠭᠡᠯᠡᠭᠡᠳ ᠠᠰᠳᠠᠭᠠᠨ ᠨᠢᠭᠡ ᠵᠠᠮ ᠵᠢᠭᠠᠵᠦ ᠦᠭᠴᠠᠢ᠃ ᠯᠠᠰᠢᠶᠠ ᠭᠤᠸᠠᠢ ᠰᠠᠨᠠᠭ᠎ᠠ ᠠᠮᠤᠷ ᠦᠭᠡᠢ ᠶᠠᠪᠤᠵᠦ ᠪᠠᠶᠢᠳᠠᠯ᠎ᠠ ᠡᠮᠦᠨ᠎ᠠ ᠨᠢᠭᠡ ᠮᠤᠩᠭᠤᠯ ᠭᠡᠷ ᠪᠠᠶᠢᠬᠤ ᠶᠢ ᠤᠯᠵᠦ ᠦᠵᠡᠭᠡᠳ ᠪᠠᠰᠠ ᠤᠴᠢᠵᠦ ᠵᠠᠮ ᠠᠰᠠᠭᠤᠵᠠᠢ᠃           ᠰᠦᠨᠢ ᠲᠦᠯᠢ ᠤᠢᠢᠷᠠᠳᠤᠬᠰᠠᠠ ᠶᠤᠮ ᠴᠢᠨᠢ ᠮᠤᠩᠭᠤᠯ ᠭᠡᠷ ᠲᠤ ᠳ᠋ᠧᠩ ᠤᠨᠳᠠᠷᠠᠵᠦ ᠭᠡᠳᠦ᠋ᠢᠨ ᠤᠨᠳᠠᠴᠢᠬᠠᠬᠰᠠᠠ ᠪᠠᠶᠢᠵᠠᠢ᠃ ᠭᠡᠶ᠎ᠠ ᠯᠠᠰᠢᠶᠠ ᠭᠤᠸᠠᠢ ᠮᠠᠰᠢᠨ ᠲᠡᠷᠭᠡ ᠪᠠᠨ ᠮᠤᠩᠭᠤᠯ ᠭᠡᠷ ᠢ ᠬᠠᠪᠢᠳᠠᠭᠤᠯᠤᠨ ᠵᠤᠬᠰᠤᠵᠦ ᠴᠠᠬᠢᠯᠭᠠᠨ ᠬᠦᠳᠡᠯᠭᠡᠭᠦᠷ ᠢ ᠤᠨᠳᠠᠷᠠᠭᠠᠬᠰᠠᠠ ᠦᠭᠡᠢ᠂ ᠲᠡᠷᠭᠡᠨ ᠤ ᠪᠠᠷᠠᠭᠤᠨ ᠲᠠᠯ᠎ᠠ ᠶᠢᠨ ᠴᠤᠩᠬᠤ ᠶᠢ ᠨᠡᠭᠡᠭᠡᠵᠦ᠄ ︽ᠨᠤᠬᠠᠢ ᠪᠠᠨ ᠬᠤᠷᠢ᠂ ᠨᠤᠬᠠᠢ ᠪᠠᠨ ᠬᠤᠷᠢ︾ ᠭᠡᠵᠦ ᠬᠦᠩᠭᠡᠨ ᠲᠤᠤᠭᠠᠷᠪᠠ᠃           ᠡᠨᠡ ᠨᠢ ᠬᠦᠳᠡᠭᠡ ᠨᠤᠳᠤᠬ ᠤᠨ ᠵᠠᠩᠰᠢᠯ ᠪᠠᠶᠢᠯᠳᠠᠢ᠂ ᠢᠷᠡᠭᠰᠡᠡ ᠵᠤᠴᠢᠨ ᠭᠡᠷ ᠤᠨ ᠡᠵᠡᠨ ᠳᠤ ᠬᠤᠯᠠ ᠠᠴᠠ ᠮᠡᠳᠡᠭᠳᠡᠳᠡᠭ ᠤᠨ ᠤᠴᠢᠷ ᠨᠢ ᠠᠶᠢᠯ ᠤᠨ ᠬᠤᠳᠠᠴᠢ ᠨᠤᠬᠠᠢ ᠶᠢᠨ ᠭᠡᠴᠡᠭᠦᠦ ᠠᠴᠠ ᠪᠤᠯᠵᠦ ᠭᠡᠷ ᠤᠨ ᠡᠵᠡᠨ ᠢᠶᠠᠷ ᠨᠤᠬᠠᠢ ᠶᠢ ᠨᠢ ᠤᠶᠠᠭᠤᠯᠵᠦ ᠲᠠᠯᠪᠢᠬᠰᠠᠠ ᠬᠤᠶᠢᠨ᠎ᠠ ᠰᠠᠶᠢ ᠮᠤᠷᠢᠨ ᠠᠴᠠ ᠪᠠᠨ ᠪᠠᠭᠤᠳᠠᠬ ᠭᠡᠨ᠎ᠠ᠃       ᠬᠠᠭᠤᠴᠢᠨ ᠵᠠᠩᠰᠢᠯ ᠲᠤᠰᠠ ᠦᠵᠡᠭᠦᠯᠦᠭᠰᠡᠡ ᠦᠭᠡᠢ᠂ ᠮᠤᠩᠭᠤᠯ ᠭᠡᠷ ᠲᠤ ᠠᠨᠢᠷ ᠴᠢᠮᠡᠭᠡ ᠠᠯᠠᠭ᠎ᠠ᠃             ᠭᠡᠰᠡᠭ ᠬᠦᠯᠢᠶᠡᠭᠡᠳ ᠪᠠᠰᠠ ᠴᠢᠮᠡᠭᠡ ᠦᠭᠡᠢ ᠪᠤᠯᠬᠤᠷ ᠨᠢ ᠤᠳᠦ ᠶᠢᠨ ᠠᠷᠭ᠎ᠠ ᠪᠠᠷ ᠮᠠᠰᠢᠨ ᠲᠡᠷᠭᠡᠨ ᠤ ᠯᠠᠪᠠᠷ ᠢ ᠬᠦᠩᠭᠡᠨ ᠭᠡᠳᠦ ᠲᠠᠷᠤᠬᠰᠠᠠ ᠴᠢᠨᠢ ᠮᠤᠩᠭᠤᠯ ᠭᠡᠷ ᠤᠨ ᠬᠠᠨ᠎ᠠ ᠶᠢᠨ ᠵᠠᠪᠰᠠᠷ ᠢᠶᠠᠷ ᠪᠦᠳᠡᠭᠢ ᠭᠡᠷᠡᠯ ᠰᠦᠮᠡᠯᠵᠡᠵᠦ ᠬᠦᠮᠦᠨ ᠤ ᠰᠡᠭᠦᠳᠡᠷ ᠪᠦᠷᠳᠤᠯᠵᠡᠨ ᠡᠭᠦᠳᠡ ᠨᠡᠭᠡᠭᠡᠭᠳᠡᠯ᠎ᠠ᠂ ᠮᠤᠩᠭᠤᠯ ᠭᠡᠷ ᠠᠴᠠ ᠭᠠᠷᠴᠦ ᠢᠷᠡᠭᠰᠡᠡ ᠡᠷᠡᠭᠳᠠᠢ ᠲᠡᠷᠯᠢᠭ ᠤᠨ ᠢᠶᠠᠨ ᠲᠤᠪᠴᠢ ᠶᠢ ᠴᠦ ᠲᠤᠪᠴᠢᠯᠠᠵᠦ ᠠᠮᠵᠢᠭᠠᠳᠦᠢ᠂ ᠬᠦᠳᠡᠯᠪᠤᠷᠢ ᠪᠠᠶᠢᠳᠠᠯ ᠨᠢ ᠤᠳᠠᠭᠠᠪᠳᠤᠷ ᠂ ᠠᠯᠪᠠ ᠪᠠᠷ ᠲᠠᠭᠤᠳᠠᠨ ᠪᠤᠰᠬᠠᠬᠳᠠᠭᠠᠳ ᠰᠤᠴᠢᠬᠰᠠᠠ ᠴᠢᠷᠠᠢ ᠲᠠᠢ ᠪᠠᠶᠢᠬᠰᠠᠠ ᠴᠦ ᠠᠭᠤᠷᠯᠠᠬᠰᠠᠠ ᠦᠭᠡᠢ᠃   ᠨᠡᠭᠡᠷᠡᠨ︕   ᠡᠨᠡ ᠠᠪᠤᠭᠠᠢ ᠵᠢᠭᠠᠬᠠᠨ ᠴᠦ ᠠᠭᠤᠷᠯᠠᠬᠰᠠᠠ ᠦᠭᠡᠢ ᠮᠦᠷᠳᠡᠭᠡᠨ ᠮᠠᠨ ᠳᠤ ᠶᠠᠪᠤᠬᠤ ᠵᠠᠮ ᠢ ᠲᠤᠳᠦ ᠰᠠᠶᠢᠬᠠᠨ ᠵᠢᠭᠠᠵᠦ ᠦᠭᠴᠠᠢ᠂ ᠪᠢᠳᠡ ᠪᠠᠶᠢᠨ ᠲᠠᠬᠢᠨ ᠲᠠᠯᠠᠷᠬᠠᠬᠤ ᠰᠡᠳᠭᠢᠯ ᠢᠶᠠᠨ ᠢᠯᠡᠳᠭᠡᠵᠤ ᠨᠡᠯᠢᠶᠡᠳ ᠶᠠᠪᠤᠭᠰᠠᠨ ᠤ ᠬᠤᠶᠢᠨ᠎ᠠ ᠡᠷᠭᠢᠵᠦ ᠬᠠᠷᠠᠬᠤᠯᠡᠷ ᠲᠡᠷᠡ ᠮᠦᠨ ᠤᠷᠤᠵᠦ ᠤᠨᠳᠠᠵᠠᠢ ︵ᠪᠠᠰᠠ ᠨᠢᠭᠡ ᠲᠤᠪᠴᠢ ᠪᠠᠨ ᠶᠡᠷᠦ  ᠨᠢ ᠲᠤᠪᠴᠢᠯᠠᠬᠰᠠᠠ ᠦᠭᠡᠢ ᠪᠠᠶᠢᠯ᠎ᠠ︶᠃             ᠲᠡᠷᠡ ᠮᠠᠨᠢ ᠰᠠᠶᠢᠬᠠᠨ ᠵᠡᠭᠦᠳᠦ ᠵᠡᠭᠦᠳᠦᠯᠡᠭᠡᠷᠡᠢ᠃           ᠪᠢᠳᠡ ᠲᠠᠬᠢᠭᠠᠳ ᠠᠭᠤᠯᠠ ᠦᠭᠡᠳᠡ ᠮᠠᠰᠢ ᠤᠳᠠᠭᠠᠨ ᠲᠠᠪᠬᠢᠭᠤᠯᠤᠯ᠎ᠠ᠂ ᠮᠦᠨ ᠯᠠ ᠬᠦᠪᠡᠭᠡ ᠬᠢᠵᠠᠭᠠᠷ ᠨᠢ ᠬᠠᠷᠠᠬᠳᠠᠬᠤ ᠦᠭᠡᠢ ᠨᠠᠷᠠᠰᠤᠨ ᠤᠢ᠂ ᠲᠦᠨᠡᠷ ᠬᠠᠷᠠᠩᠭᠤᠢ ᠪᠠᠶᠢᠬᠰᠠᠠ ᠴᠦ ᠨᠠᠷᠠᠰᠤᠨ ᠤᠢ ᠶᠢᠨ ᠤᠷᠤᠢ ᠲᠡᠭᠡᠭᠦᠷ ᠮᠦᠩᠭᠦᠨ ᠴᠠᠭᠠᠨ ᠡᠭᠦᠯᠡᠨ ᠲᠠᠪᠬᠤᠷᠭ᠎ᠠ ᠬᠠᠷᠢᠨ ᠴᠡᠯᠮᠡᠭ ᠤᠬᠳᠠᠷᠭᠤᠢ ᠳᠤ ᠪᠦᠭᠡᠮᠨᠡᠷᠡᠨ ᠡᠪᠭᠡᠷᠦᠯᠳᠤᠬᠦ ᠨᠢ ᠲᠤᠳᠦ ᠬᠠᠷᠠᠬᠳᠠᠨ᠎ᠠ᠃               ᠭᠡᠨᠡᠳᠳᠡ ᠪᠠᠰᠠ ᠵᠠᠮ ᠤᠨ ᠵᠢᠭᠠᠯᠳᠠ ᠫᠠᠶᠢᠰᠠ ᠪᠠᠶᠢᠬᠤ ᠶᠢ ᠤᠯᠵᠦ ᠦᠵᠠᠪᠠ᠂ ᠭᠡᠶ᠎ᠠ ᠲᠡᠷᠡ ᠵᠠᠮ ᠤᠨ ᠵᠢᠭᠠᠯᠳᠠ ᠫᠠᠶᠢᠰᠠ ᠨᠢ ᠪᠤᠷᠤᠭᠤ ᠬᠠᠨᠳᠤᠬᠰᠠᠠ ᠪᠤᠯᠬᠤᠷ ᠪᠢᠳᠡ ᠮᠠᠰᠢᠨ ᠲᠡᠷᠭᠡ ᠪᠠᠨ ᠡᠷᠭᠢᠭᠦᠯᠦᠨ ᠬᠦᠷᠴᠦ ᠤᠴᠢᠭᠠᠳ ᠮᠠᠰᠢᠨ   ᠤ ᠳ᠋ᠧᠩ ᠤᠨ ᠭᠡᠷᠡᠯ ᠢ ᠲᠤᠰᠬᠠᠨ ᠦᠵᠡᠭᠦᠯᠡᠷ᠄ ︽ᠬᠦᠬᠡᠨᠠᠭᠤᠷ 18 ᠺᠢᠯᠦᠮᠧᠲᠷ︕︾ ᠭᠡᠵᠦ ᠪᠠᠶᠢᠪᠠ᠃           ᠪᠢᠳᠡ   ᠲᠠᠬᠢᠭᠠᠳ ᠤᠭ ᠤᠨ ᠭᠠᠵᠠᠷ ᠲᠠᠭᠠᠨ ᠢᠷᠡᠴᠢᠬᠡᠵᠠᠢ᠃       ᠰᠦᠨᠢ ᠶᠢᠨ ᠬᠤᠶᠠᠷ ᠴᠠᠬ ᠪᠤᠯᠬᠤ ᠭᠡᠵᠦ ᠪᠠᠶᠢᠨ᠎ᠠ᠃ ᠯᠠᠰᠢᠶᠠ ᠭᠤᠸᠠᠢ ᠯᠠᠪᠳᠠᠢ ᠶᠠᠳᠠᠷᠠᠬᠰᠠᠠ᠃ ᠪᠢᠳᠡ ᠲᠡᠷᠭᠡ ᠪᠠᠨ ᠵᠤᠬᠰᠤᠭᠠᠵᠦ ᠮᠠᠰᠢᠨ ᠲᠤᠳᠤᠷ᠎ᠠ ᠪᠠᠨ ᠤᠨᠳᠠᠵᠠᠭᠠᠶ᠎ᠠ ᠭᠡᠵᠦ ᠪᠢ ᠭᠡᠯᠡᠭᠰᠡᠡ ᠳᠤ ᠴᠢᠮᠡᠭ᠂ ᠨᠢᠭᠡ ᠰᠦᠨᠢ ᠪᠤᠯᠬᠤ ᠦᠭᠡᠢ ᠯᠠ ᠳ᠋ᠠ᠂ ᠰᠦᠨᠢ ᠶᠢᠨ ᠲᠦᠷᠪᠡᠨ ᠴᠠᠬ ᠪᠤᠯᠪᠠᠯ ᠲᠡᠭᠷᠢ ᠭᠡᠭᠡᠷᠡᠴᠢᠭᠡᠨ᠎ᠠ ᠰᠢᠦ ᠭᠡᠵᠦ ᠭᠡᠯᠡᠪᠡ᠃             ᠯᠠᠰᠢᠶᠠ ᠭᠤᠸᠠᠢ ᠮᠠᠰᠢᠨ ᠲᠡᠷᠭᠡ ᠪᠠᠨ ᠵᠠᠮ ᠠᠴᠠ ᠵᠠᠶᠢᠳᠠᠭᠤᠯᠤᠨ ᠦᠷᠭᠡᠨ ᠲᠡᠭᠰᠢ ᠵᠦᠯᠭᠡᠨ ᠲᠡᠭᠡᠷ᠎ᠠ ᠵᠤᠬᠰᠤᠭᠠᠬᠤ ᠭᠡᠯ᠎ᠠ᠃ ᠲᠡᠭᠡᠭᠦ ᠳᠤ ᠪᠢ ᠵᠠᠮ ᠠᠴᠠ ᠤᠢᠢᠷᠠᠬᠠᠨ ᠰᠢᠬ ᠭᠠᠵᠠᠷ ᠢ ᠤᠯᠵᠦ ᠵᠤᠬᠰᠤᠭᠠᠪᠡᠯ ᠲᠡᠭᠡᠷ᠎ᠠ ᠪᠠᠶᠢᠬ᠎ᠠ᠂ ᠢᠩᠭᠢᠵᠦ ᠪᠠᠶᠢᠳᠠᠯ᠎ᠠ ᠲᠡᠷᠭᠡ ᠬᠦᠰᠭᠡ ᠢᠷᠡᠬᠦ ᠶᠠᠭᠤ ᠮᠠᠭᠠᠳ᠂ ᠲᠡᠭᠡᠪᠡᠯ ᠪᠢᠳᠡ ᠪᠠᠰᠠ ᠳ᠋ᠧᠩ ᠢᠶᠠᠨ ᠨᠤᠴᠤᠭᠠᠨ ᠲᠤᠬᠢᠶ᠎ᠠ ᠦᠭᠴᠦ ᠠᠮᠵᠢᠬᠤ ᠪᠢᠰᠢᠦ ᠭᠡᠵᠦ ᠭᠡᠯᠡᠪᠡ᠃   ᠯᠠᠰᠢᠶᠠ ᠮᠢᠨᠦ ᠦᠭᠡ ᠪᠠᠷ ᠵᠠᠮ ᠤᠨ ᠬᠠᠵᠠᠭᠤᠳᠠᠬᠢ ᠵᠦᠯᠭᠡᠨ ᠲᠡᠭᠡᠷ᠎ᠠ ᠲᠡᠷᠭᠡ ᠪᠠᠨ ᠵᠤᠬᠰᠤᠭᠠᠬᠰᠠᠠ ᠤ ᠬᠤᠶᠢᠨ᠎ᠠ ᠪᠢᠳᠡ ᠲᠦᠷᠪᠡᠭᠦᠯᠡ ᠪᠠᠨ ᠤᠨᠳᠠᠪᠠ᠃       ᠦᠨᠡᠭᠡᠷ ᠤᠨᠳᠠᠴᠢᠬᠠᠯ᠎ᠠ᠂ ᠬᠦᠳᠡᠯᠭᠡᠭᠦᠷ ᠮᠠᠰᠢᠨ ᠤ ᠲᠠᠭᠤᠨ ᠭᠠᠷᠬᠤᠯᠠᠷ ᠪᠢᠳᠡ ᠰᠠᠶᠢ ᠰᠤᠴᠢᠨ ᠰᠡᠷᠢᠵᠠᠢ᠃         ᠰᠠᠨᠠᠮᠰᠠᠷ ᠦᠭᠡᠢ ᠰᠦᠨᠢ ᠶᠢᠨ ᠬᠤᠶᠠᠷ ᠴᠠᠬ ᠭᠠᠷᠤᠢ ᠳᠤ ᠪᠠᠰᠠ ᠲᠤᠮᠦ ᠵᠠᠳᠠᠭᠠᠢ ᠮᠠᠰᠢᠨ ᠬᠦᠷᠴᠦ ᠢᠷᠡᠭᠦ ᠨᠢ ᠡ︕ ᠮᠠᠨ ᠤ ᠳ᠋ᠧᠩ ᠤᠨ ᠲᠤᠬᠢᠶ᠎ᠠ ᠶᠢ ᠤᠯᠵᠦ ᠦᠵᠡᠭᠡᠳ ᠲᠡᠳᠡ ᠲᠡᠷᠭᠡ ᠪᠠᠨ ᠵᠤᠬᠰᠤᠭᠠᠵᠠᠢ᠃           ᠰᠠᠶᠢᠨ ᠪᠤᠯᠤᠯ᠎ᠠ᠂ ᠬᠦᠬᠡᠨᠠᠭᠤᠷ ᠤᠨ ᠵᠤᠴᠢᠳ ᠤᠨ ᠪᠠᠭᠤᠳᠠᠯ ᠳᠤ ᠪᠠᠷᠠᠭ᠎ᠠ ᠬᠦᠷᠭᠡᠬᠦ ᠪᠠᠷ ᠶᠠᠪᠤᠵᠦ ᠪᠠᠶᠢᠭ᠎ᠠ ᠮᠠᠰᠢᠨ ᠲᠡᠷᠭᠡ᠂ ᠪᠢᠳᠡ ᠬᠤᠶᠢᠨ᠎ᠠ ᠠᠴᠠ ᠨᠢ ᠲᠠᠭᠠᠶ᠎ᠠ᠃ ᠴᠢᠮᠡᠭ ᠪᠤᠯᠤᠨ ᠰᠦ᠋ ᠶᠢᠩ ᠤᠨ ᠭᠡᠨ ᠨᠢ ᠭᠡᠯᠡᠭᠰᠡᠡ ᠢ   ᠪᠤᠤ ᠮᠡᠳᠡ᠂ ᠵᠤᠴᠢᠳ ᠤᠨ ᠪᠠᠭᠤᠳᠠᠯ ᠳᠤ ᠬᠦᠷᠦᠭᠡᠳ ᠤᠷᠦ ᠠᠪᠤᠬᠰᠠᠠ ᠤ ᠬᠤᠶᠢᠨ᠎ᠠ ᠭᠡᠨ ᠴᠦ ᠲᠠᠭᠤᠳᠠᠨ ᠰᠡᠷᠢᠭᠡᠵᠦ ᠪᠤᠯᠬᠤ ᠦᠭᠡᠢ᠂ ᠤᠨᠳᠠᠵᠦ ᠬᠠᠨᠤᠬᠰᠠᠠ ᠤ ᠬᠤᠶᠢᠨ᠎ᠠ ᠰᠠᠶᠢ ᠪᠤᠰᠤᠨ᠎ᠠ ᠭᠡᠯ᠎ᠠ᠃         ᠡᠨᠡᠬᠦ ᠬᠦᠰᠡᠯ ᠢ ᠪᠠᠶᠠᠯᠠᠭᠦᠯᠬᠦ ᠳᠤ ᠬᠦᠴᠢᠷ ᠪᠤᠯᠪᠠ᠃ ᠤᠴᠢᠷ ᠨᠢ ᠶᠠᠪᠤᠵᠦ ᠪᠠᠶᠢᠳᠠᠯ᠎ᠠ᠂ ᠡᠮᠦᠨ᠎ᠠ ᠶᠠᠪᠤᠵᠦ ᠪᠠᠶᠢᠬᠰᠠᠠ ᠪᠠᠷᠠᠭᠠᠨ ᠤ ᠮᠠᠰᠢᠨ ᠲᠡᠷᠭᠡ ᠭᠡᠮ ᠭᠠᠷᠪᠠ᠂ ᠪᠠᠶᠢᠳᠠᠯ ᠢ ᠦᠵᠡᠭᠦ ᠳᠤ ᠠᠪᠤᠨ ᠲᠤᠤᠷ᠎ᠠ ᠪᠠᠨ ᠵᠠᠰᠠᠵᠦ ᠲᠡᠶᠢᠯᠬᠦ ᠮᠠᠶ᠋ᠢᠬ ᠦᠭᠡᠢ᠃ ᠲᠡᠭᠡᠭᠡᠳ ᠪᠢᠳᠡ ᠲᠡᠳᠡᠨ ᠠᠴᠠ ᠵᠠᠮ ᠠᠰᠠᠭᠤᠭᠠᠳ ᠤᠷᠤᠬᠰᠢ ᠲᠠᠪᠬᠢᠭᠤᠯᠵᠠᠢ᠃             ᠪᠢ ᠴᠢᠮᠡᠭ ᠲᠠᠢ ᠶᠠᠷᠢᠶ᠎ᠠ ᠪᠠᠨ ᠦᠷᠬᠦᠯᠵᠢᠯᠡᠭᠦᠯᠦᠭᠰᠡᠡ ᠤ ᠴᠦ ᠶᠤᠮ ᠤᠤ᠂ ᠡᠮᠦᠨ᠎ᠠ ᠰᠠᠭᠤᠳᠠᠯ ᠳᠤ ᠰᠠᠭᠤᠵᠦ ᠪᠠᠶᠢᠭ᠎ᠠ ᠰᠦ᠋ ᠶᠢᠩ ᠤᠨᠳᠠᠬᠰᠠᠠ ᠤ ᠴᠦ ᠶᠤᠮ ᠤᠤ ᠯᠠᠰᠢᠶᠠ ᠭᠤᠸᠠᠢ ᠶᠢᠨ ᠮᠠᠰᠢᠨ ᠲᠡᠷᠭᠡ ᠪᠠᠨ ᠭᠡᠳᠦᠢ ᠬᠤᠯᠠ ᠲᠠᠪᠬᠢᠭᠤᠯᠤᠬᠰᠠᠠ ᠢ ᠴᠦ ᠮᠡᠳᠡᠭᠰᠡᠡ ᠦᠭᠡᠢ ᠁     ᠭᠡᠶ᠎ᠠ ᠰᠡᠷᠢᠭᠰᠡᠡ ᠤ ᠲᠠᠷᠠᠭ᠎ᠠ ᠪᠢᠳᠡ ᠪᠦᠷ᠄ ︽  ᠡᠨᠡ ᠠᠭᠤᠯᠠᠨ ᠵᠠᠮ ᠴᠢᠨᠢ ᠬᠢᠵᠠᠭᠠᠷ ᠪᠠᠶᠢᠳᠠᠬ ᠶᠤᠮ ᠤᠤ ᠦᠭᠡᠢ ᠶᠤᠮ ᠤᠤ︖︾ ᠭᠡᠰᠡᠡ ᠲᠦᠷᠦᠭᠳᠡᠯ ᠤᠷᠤᠬᠰᠠᠠ᠃       ᠢᠩᠭᠢᠵᠦ ᠪᠠᠶᠢᠳᠠᠯ᠎ᠠ ᠡᠮᠦᠨ᠎ᠠ ᠪᠠᠰᠠ ᠨᠢᠭᠡ ᠵᠠᠮ ᠤᠨ ᠵᠢᠭᠠᠯᠳᠠ ᠫᠠᠶᠢᠰᠠ ᠬᠠᠷᠠᠬᠳᠠᠬᠰᠠᠠ ᠳᠤ ᠪᠢᠳᠡ ᠲᠦᠪ ᠰᠠᠭᠤᠯ᠎ᠠ᠂ ᠮᠠᠰᠢᠨ ᠲᠡᠷᠭᠡ ᠲᠠᠪᠬᠢᠬᠰᠠᠭᠠᠷ᠃ ᠲᠡᠷᠭᠡᠨ ᠳ᠋ᠧᠩ ᠤᠨ ᠭᠡᠷᠡᠯ ᠤᠨ ᠲᠤᠤᠷ᠎ᠠ ᠮᠤᠩᠭᠤᠯ ᠢᠶᠠᠷ ᠪᠢᠴᠢᠭᠰᠡᠡ ᠵᠠᠮ ᠤᠨ ᠵᠢᠭᠠᠯᠳᠠ ᠫᠠᠶᠢᠰᠠ ᠶᠢ ᠲᠤᠳᠤᠷᠬᠠᠢ ᠤᠯᠵᠦ ᠬᠠᠷᠠᠬᠰᠠᠠ ᠮᠠᠨ ᠤ ᠲᠦᠷᠪᠡᠭᠦᠯᠡ ᠴᠤᠬᠭᠠᠷ ᠭᠠᠶᠢᠬᠠᠨ ᠬᠠᠰᠭᠢᠷᠤᠯᠳᠤᠯ᠎ᠠ᠃ ᠪᠢ ᠤᠳᠦ ᠫᠠᠶᠢᠰᠠᠨ ᠲᠡᠭᠡᠷᠡᠬᠢ ᠦᠰᠦᠭ ᠢ ᠯᠠᠪᠳᠠᠢ ᠭᠡᠯᠡᠵᠦ ᠴᠢᠳᠠᠬᠤ ᠪᠤᠯᠤᠬᠰᠠᠠ︕ ᠤᠴᠢᠷ  ᠨᠢ ︽ᠬᠦᠬᠡᠨᠠᠭᠤᠷ 18 ᠺᠢᠯᠦᠮᠧᠲᠷ︾ ᠭᠡᠰᠡᠡ ᠦᠰᠦᠭ ᠲᠠᠢ   ᠡᠨᠡ ᠵᠠᠮ ᠤᠨ ᠫᠠᠶᠢᠰᠠ ᠮᠠᠨ ᠤ ᠡᠮᠦᠨ᠎ᠠ ᠭᠤᠷᠪᠠᠨᠳᠠ ᠢᠯᠡᠷᠡᠵᠦ ᠪᠤᠢ᠃           ᠶᠠᠭᠠᠬᠢᠨ᠎ᠠ ᠪᠤᠢ︕ ᠪᠢᠳᠡ   ᠲᠡᠬᠢᠭᠠᠳ ᠠᠳᠡ ᠬᠦᠷᠴᠦ ᠢᠷᠡᠯ᠎ᠠ᠃       ᠲᠦᠷᠭᠡᠨ ᠤᠨᠳᠠᠶ᠎ᠠ᠂ ᠲᠦᠷᠭᠡᠨ ᠤᠨᠳᠠᠶ᠎ᠠ᠂ ᠶᠠᠭᠤ ᠴᠦ ᠪᠤᠳᠤᠯᠭᠠᠨ ᠦᠭᠡᠢ᠂ ᠲᠡᠷᠭᠡ ᠪᠠᠨ ᠵᠤᠬᠰᠤᠭᠠᠭᠠᠳ ᠤᠨᠳᠠᠶ᠎ᠠ ᠭᠡᠵᠦ ᠪᠢ ᠭᠡᠯᠡᠪᠡ᠃       ᠯᠠᠰᠢᠶᠠ ᠭᠤᠸᠠᠢ ᠮᠠᠰᠢᠨ ᠲᠡᠷᠭᠡ ᠪᠠᠨ ᠠᠭᠤᠯᠠᠨ ᠵᠠᠮ ᠠᠴᠠ ᠵᠠᠶᠢᠳᠠᠭᠤᠯᠤᠭᠠᠳ ᠭᠡᠳᠦᠨ ᠨᠠᠷᠠᠰᠤᠨ ᠮᠤᠳᠤᠨ ᠤ ᠲᠡᠷᠭᠡᠳᠡ ᠵᠤᠬᠰᠤᠭᠠᠨ ᠭᠠᠯ ᠢ ᠨᠢ ᠤᠨᠳᠠᠷᠠᠭᠠᠵᠦ ᠬᠠᠷᠢᠯᠴᠠᠨ ᠦᠳᠡᠰᠢ ᠶᠢᠨ ᠠᠮᠤᠷ ᠡᠷᠢᠵᠦ ᠤᠨᠳᠠᠵᠠᠭᠠᠪᠠ᠃             ᠲᠡᠷᠭᠡᠨ ᠤ ᠴᠤᠩᠬᠤ ᠪᠠᠷ ᠬᠠᠷᠠᠬᠤᠯᠠᠷ ᠰᠢᠭᠦᠳᠡᠷᠢ ᠶᠢᠨ ᠤᠰᠦ ᠡᠪᠡᠰᠤᠨ ᠤ ᠲᠡᠭᠡᠭᠦᠷ ᠬᠦᠪᠪᠦᠯᠵᠡᠨ ᠬᠠᠷᠠᠬᠳᠠᠬᠤ ᠮᠡᠳᠦ ᠪᠤᠯᠵᠦ᠂ ᠡᠷᠭᠢᠨ ᠲᠤᠭᠤᠷᠢᠨ ᠨᠠᠮ ᠵᠢᠮ᠂ ᠬᠠᠶᠠ ᠨᠢᠭᠡ ᠰᠢᠪᠠᠭᠤᠳ ᠤᠨ ᠵᠢᠷᠬᠢᠭᠡᠨ ᠰᠤᠨᠤᠰᠳᠠᠪᠠᠴᠦ ᠲᠡᠷᠡ ᠲᠤᠤᠷ᠎ᠠ ᠨᠢ ᠨᠠᠮ ᠵᠢᠮ ᠳᠡᠭᠡᠨ ᠪᠤᠴᠠᠪᠠ᠃ ᠦᠷ ᠴᠠᠶᠢᠬᠤ ᠤᠢᠢᠷᠠᠳᠤᠯ᠎ᠠ ᠪᠢᠵᠠ︖ ᠦᠨᠡᠨᠳᠡᠭᠡᠨ ᠤᠨᠳᠠᠬᠤ ᠦᠭᠡᠢ ᠳᠤ ᠪᠤᠯᠤᠨ᠎ᠠ ᠭᠡᠵᠦ ᠭᠡᠯᠡᠵᠦ ᠪᠠᠶᠢᠭᠠᠳ ᠯᠠ ᠮᠦᠨ ᠦᠭᠦᠰᠢᠷᠡᠳᠡᠯ᠎ᠠ ᠤᠨᠳᠠᠵᠠᠢ᠃               ᠦᠷ ᠤᠨ ᠲᠤᠶᠠᠭ᠎ᠠ ᠮᠠᠨᠳᠤᠨ ᠨᠠᠮᠠᠢᠢ ᠰᠡᠷᠢᠭᠡᠯ᠎ᠠ᠃ ᠯᠠᠰᠢᠶᠠ ᠭᠤᠸᠠᠢ ᠦᠴᠦᠭᠡᠳᠦᠷ ᠰᠦᠨᠢ ︵ᠦᠭᠡᠢ︕ ᠰᠠᠶ᠋ᠢᠬᠠᠨ ᠭᠡᠵᠦ ᠭᠡᠯᠡᠵᠦ ᠪᠤᠯᠬᠤ ᠦᠭᠡᠢ︶ ᠵᠤᠷᠢᠭᠤᠳᠠ ᠲᠤᠷᠤᠨᠠᠳᠠᠬᠢᠨ ᠲᠡᠰᠢ ᠬᠠᠨᠳᠤᠬᠰᠠᠠ ᠬᠦᠳᠦᠯ ᠤᠯᠵᠦ ᠲᠡᠷᠭᠡ  ᠪᠠᠨ ᠵᠤᠬᠰᠤᠭᠠᠬᠰᠠᠠ ᠠᠴᠠ ᠨᠢᠳᠦ ᠨᠡᠭᠡᠭᠡᠬᠦ ᠠᠴᠠ ᠡᠮᠦᠨ᠎ᠠ ᠭᠡᠷᠡᠯ ᠲᠤᠰᠴᠦ ᠪᠠᠶᠢᠬᠤ ᠮᠡᠳᠦ ᠰᠠᠨᠠᠬᠳᠠᠬᠰᠠᠠ᠂ ᠬᠠᠷᠢᠨ ᠡᠶᠢᠮᠦ ᠯᠠ ᠰᠠᠶᠢᠬᠠᠨ ᠡᠶᠢᠮᠦ ᠯᠠ ᠬᠤᠷᠴᠠ ᠦᠩᠭᠡᠳᠦ ᠲᠤᠶᠠᠭ᠎ᠠ ᠪᠠᠶᠢᠬᠰᠠᠠ ᠢ ᠰᠠᠨᠠᠵᠦ ᠤᠯᠤᠬᠰᠠᠠ ᠦᠭᠡᠢ᠃ ᠨᠠᠷᠠᠨ ᠮᠠᠨᠳᠤᠭᠠᠳᠤᠢ ᠪᠠᠶᠢᠬᠤ ᠳᠤ ᠲᠡᠶᠢᠮᠦ ᠯᠠ ᠬᠠᠯᠠᠭᠤᠨ ᠲᠡᠶᠢᠮᠦ ᠯᠠ ᠲᠤᠯᠠᠭᠠᠨ ᠤᠯᠠᠭᠠᠨ ᠲᠤᠶᠠᠭ᠎ᠠ ᠲᠡᠭᠷᠢ ᠶᠢᠨ ᠬᠠᠶᠠᠭ᠎ᠠ ᠶᠢ ᠤᠯᠠᠶᠢᠯᠭᠠᠪᠠ᠂ ᠭᠡᠷᠪᠡ ᠮᠠᠰᠢᠨ ᠲᠡᠷᠭᠡᠨ ᠤ ᠡᠮᠦᠨ᠎ᠠ ᠬᠠᠨᠠᠷᠠᠨ ᠵᠤᠬᠰᠤᠭ᠎ᠠ ᠭᠡᠳᠦᠨ ᠨᠠᠷᠠᠰᠤᠨ ᠮᠤᠳᠤᠨ ᠤ ᠬᠠᠷ᠎ᠠ ᠰᠡᠭᠦᠳᠡᠷ ᠬᠠᠯᠬᠠᠯᠠᠬᠰᠠᠠ ᠦᠭᠡᠢ ᠪᠠᠷ ᠵᠢᠭᠠᠬᠠᠨ ᠤᠷᠤᠨ ᠵᠠᠢ ᠶᠢᠨ ᠲᠦᠷᠦᠭᠳᠡᠯ ᠦᠭᠭᠦᠭᠰᠡᠡ ᠶᠤᠮ ᠪᠤᠯ ᠪᠢ ᠦᠪᠡᠷ ᠢᠶᠠᠨ ᠴᠤᠬᠤᠮ ᠬᠠᠮᠢᠭ᠎ᠠ ᠪᠠᠶᠢᠬᠤ ᠪᠠᠨ ᠤᠮᠠᠷᠳᠠᠬᠤ ᠰᠠᠠ᠃                                                                 ︵ᠥᠷᠬᠦᠯᠵᠢᠯᠡᠯ ᠪᠤᠢ︶                       ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号