ᠰᠢ᠊ ·  ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠶᠢᠰᠦ︶
ᠨᠡᠶᠢᠲᠡᠯᠡᠭᠰᠡᠨ ᠴᠠᠭ᠄
2016/4/14
    15 ᠤ ᠡᠳᠦᠷ ︵ᠭᠠᠷᠠᠬ ᠤᠨ ᠵᠢᠷᠭᠤᠭᠠᠨ  ᠲᠤᠩᠭᠠᠯᠠᠬ︶              ᠦᠷᠯᠦᠭᠡ ᠡᠷᠳᠡ ᠠᠭᠤᠯᠠᠨ ᠠᠴᠠ ᠪᠠᠭᠤᠭᠠᠳ ᠨᠢᠭᠡᠨ ᠮᠠᠯᠴᠢᠨ ᠠᠶᠢᠯ ᠤᠨ ᠬᠢᠨ ᠠᠴᠠ ᠴᠤᠬᠤᠮ ᠶᠠᠭᠠᠬᠢᠵᠦ ᠶᠠᠪᠤᠪᠠᠯ ᠬᠦᠬᠡᠨᠠᠭᠤᠷ ᠬᠦᠷᠬᠦ  ᠶᠢ ᠠᠰᠠᠭᠤᠬᠰᠠᠠ ᠳᠤ ᠮᠠᠯᠴᠢᠨ ᠠᠶᠢᠯ ᠤᠨ ᠬᠢᠨ᠄ ︽ᠲᠠ ᠨᠠᠷ ᠵᠠᠮ ᠤᠨ ᠵᠢᠭᠠᠯᠳᠠ ᠫᠠᠶᠢᠰᠠ ᠶᠢ ᠠᠵᠢᠬᠯᠠᠵᠦ ᠶᠠᠪᠤᠬᠰᠠᠠ ᠤ ᠬᠡᠷᠡᠭ ᠦᠭᠡᠢ᠂ ᠮᠢᠨᠦ ᠭᠡᠯᠡᠵᠦ ᠦᠭᠭᠦᠭᠰᠡᠡ ᠴᠢᠭᠯᠡᠯ ᠢᠶᠠᠷ ᠶᠠᠪᠤᠵᠦ ᠯᠠ ᠪᠠᠶᠢᠪᠡᠯ ᠬᠦᠷᠴᠦ ᠴᠢᠳᠠᠨ᠎ᠠ︾ ᠭᠡᠵᠦ ᠰᠢᠭᠤᠳᠬᠠᠨ ᠬᠠᠷᠢᠭᠤᠯᠵᠢ᠃          ᠠᠵᠢᠬᠯᠠᠬᠤᠯᠠᠷ ᠪᠠᠰᠠ ᠯᠠᠰᠢᠶᠠ ᠭᠤᠸᠠᠢ ᠳᠤ ᠭᠠᠵᠠᠷ ᠤᠨ ᠪᠠᠶᠢᠴᠠ ᠶᠢᠨ ᠤᠨᠴᠠᠯᠢᠭ ᠰᠢᠨᠵᠢ ᠪᠠᠷ ᠶᠠᠭᠤᠮ᠎ᠠ ᠶᠠᠷᠢᠵᠦ ᠪᠠᠶᠢᠬᠰᠠᠠ ᠪᠤᠯᠤᠯᠳᠠᠢ᠂ ᠡᠨᠡ ᠦᠷᠯᠦᠭᠡ 40 ᠭᠠᠷᠤᠢ ᠮᠢᠨᠦ᠋ᠲ ᠶᠠᠪᠤᠭᠠᠳ ᠬᠦᠬᠡᠨᠠᠭᠤᠷ ᠤᠨ ᠵᠤᠭᠠᠴᠠᠯ ᠤᠨ ᠲᠤᠭᠤᠷᠢᠭ ᠲᠤ ᠬᠦᠷᠴᠦ ᠤᠴᠢᠯ᠎ᠠ᠃          ᠤᠯᠠᠭᠠᠨ ᠲᠡᠭᠡᠪᠦᠷ ᠲᠠᠢ ᠭᠡᠳᠦᠨ ᠮᠤᠳᠤᠨ ᠪᠠᠶᠢᠰᠢᠩ ᠨᠠᠭᠤᠷ ᠤᠨ ᠬᠦᠪᠡᠭᠡᠨ ᠳᠠᠬᠢ ᠨᠠᠷᠠᠰᠤᠨ ᠤᠢ ᠬᠢᠭᠡᠳ ᠵᠦᠯᠭᠡᠨ ᠤ ᠬᠤᠭᠤᠷᠤᠨᠳᠦ ᠠᠳᠡ ᠲᠠᠨᠳᠠ ᠲᠠᠷᠬᠠᠵᠦ ᠬᠠᠷᠬᠠᠳᠠᠨ᠎ᠠ᠂ ᠭᠡᠪᠡᠴᠦ ᠴᠠᠬ ᠡᠷᠳᠡ ᠪᠠᠶᠢᠬᠰᠠᠠ ᠪᠤᠯᠬᠤᠷ ᠬᠦᠮᠦᠰ ᠪᠤᠰᠤᠭᠠᠳᠦᠢ ᠪᠠᠶᠢᠯ᠎ᠠ᠃        ᠲᠤᠮᠤᠬᠠᠨ ᠰᠢᠬ ᠨᠢᠭᠡᠨ ᠮᠤᠳᠤᠨ ᠪᠠᠶᠢᠰᠢᠩ ᠨᠢ ᠵᠤᠴᠢᠯᠠᠬᠤ ᠭᠠᠵᠠᠷ ᠮᠡᠳᠦ ᠰᠠᠨᠠᠬᠳᠠᠨ᠎ᠠ᠂ ᠴᠢᠮᠡᠭ ᠪᠤᠯᠤᠨ ᠯᠠᠰᠢᠶᠠ ᠭᠤᠸᠠᠢ ᠠᠰᠠᠭᠤᠨ ᠰᠤᠷᠠᠬᠯᠠᠬᠤ ᠪᠠᠷ ᠪᠤᠯᠵᠦ᠂ ᠰᠦ᠋ ᠶᠢᠩ ᠪᠢᠳᠡ ᠬᠤᠶᠠᠭᠤᠯᠠ ᠪᠠᠷᠠᠭᠤᠨ ᠲᠠᠯ᠎ᠠ ᠶᠢᠨ ᠤᠢᠢᠷᠠᠯᠴᠠᠭ᠎ᠠ ᠪᠠᠶᠢᠭ᠎ᠠ ᠨᠠᠭᠤᠷ ᠤᠨ ᠬᠦᠪᠡᠭᠡ ᠲᠡᠰᠢ ᠠᠯᠬᠤᠯᠠᠪᠠ᠃            ᠨᠠᠭᠤᠷ ᠤᠨ ᠤᠰᠦ ᠶᠢ ᠬᠠᠷᠠᠬᠤᠯᠠᠷ ᠦᠨᠡᠭᠡᠷ ᠬᠦᠶᠦᠭᠡᠨ ᠨᠤᠭᠤᠭᠠᠨ ᠦᠩᠭᠡ ᠲᠠᠢ ᠬᠠᠷᠠᠬᠳᠠᠨ᠎ᠠ᠃ ᠨᠠᠭᠤᠷ ᠨᠢ ᠲᠡᠶᠢᠮᠦ ᠶᠡᠭᠡ ᠪᠢᠰᠢ᠂ ᠲᠡᠷᠳᠡᠭᠡ ᠬᠦᠪᠡᠭᠡᠨ ᠳᠠᠬᠢ ᠬᠦᠪᠴᠢᠨ ᠤᠢ ᠶᠢᠨ ᠲᠤᠳᠤᠷ᠎ᠠ ᠮᠠᠰᠢᠨ ᠲᠡᠷᠭᠡ ᠲᠠᠪᠬᠢᠭᠤᠯᠵᠦ ᠪᠠᠶᠢᠭ᠎ᠠ ᠪᠤᠶᠤ ᠮᠤᠩᠭᠤᠯ ᠭᠡᠷ ᠤᠨ ᠲᠤᠭᠤᠨᠦ ᠠᠴᠠ ᠤᠳᠤᠭ᠎ᠠ ᠰᠤᠭᠤᠨᠠᠬᠯᠠᠵᠦ ᠪᠠᠶᠢᠬᠤ ᠨᠢ ᠲᠤᠳᠦᠬᠠᠨ᠂ ᠪᠤᠳᠤᠪᠡᠯ ᠦᠷᠯᠦᠭᠡ ᠶᠢᠨ ᠴᠠᠢ ᠪᠠᠨ ᠴᠢᠨᠠᠵᠦ ᠪᠠᠶᠢᠬᠤ ᠪᠤᠯᠤᠯᠳᠠᠢ᠃           ᠲᠡᠷᠳᠡᠭᠡ ᠬᠦᠪᠡᠭᠡ ᠶᠢᠨ ᠬᠠᠳᠠᠨ ᠲᠡᠭᠡᠷ᠎ᠠ ᠮᠤᠩᠭᠤᠯ ᠦᠰᠦᠭ ᠬᠠᠷᠠᠬᠳᠠᠵᠦ ᠪᠠᠶᠢᠪᠠ ︵ᠴᠢᠮᠡᠭ ᠬᠦᠷᠴᠦ ᠢᠷᠡᠭᠰᠡᠡ ᠤ ᠬᠤᠶᠢᠨ᠎ᠠ ︽ᠴᠢᠩᠭᠢᠰ ᠬᠠᠭᠠᠨ︾ ᠭᠡᠰᠡᠡ ᠭᠡᠳᠦᠨ ᠦᠰᠦᠭ ᠲᠠᠢ ᠭᠡᠵᠦ ᠨᠠᠳᠠᠳᠦ ᠭᠡᠯᠡᠵᠦ ᠦᠭᠴᠠᠢ︶᠃           ᠰᠦ᠋ ᠶᠢᠩ ᠤᠨ ᠠᠯᠬᠤᠳᠠᠯ ᠨᠠᠳᠠ ᠠᠴᠠ ᠲᠦᠷᠭᠡᠨ ᠪᠤᠯᠬᠤᠷ ᠭᠤᠯ ᠤᠨ ᠬᠦᠪᠡᠭᠡ ᠶᠢ ᠲᠠᠭᠠᠬᠰᠠᠠ ᠦᠨᠳᠦᠷ ᠦᠨᠳᠦᠷ ᠤᠷᠭᠤᠬᠰᠠᠠ ᠵᠦᠯᠭᠡᠨ ᠲᠤᠳᠤᠷ᠎ᠠ ᠤᠷᠤᠭᠠᠳ᠄ ︽ᠡᠪᠡᠰᠦᠨ ᠲᠡᠭᠡᠷ᠎ᠠ ᠪᠦᠷ ᠰᠢᠭᠦᠳᠡᠷᠢ︕ ᠡᠪᠡᠰᠦᠨ ᠲᠡᠭᠡᠷ᠎ᠠ ᠪᠦᠷ ᠰᠢᠭᠦᠳᠡᠷᠢ ᠪᠠᠭᠤᠯ᠎ᠠ︕︾ ᠭᠡᠮᠡᠨ ᠪᠠᠷᠬᠢᠷᠠᠪᠠ᠃            ᠲᠡᠷᠡ ᠰᠢᠭᠦᠳᠡᠷᠢ ᠶᠢᠨ ᠤᠰᠦ ᠪᠠᠷ ᠨᠢᠭᠤᠷ ᠢᠶᠠᠨ ᠤᠬᠢᠶᠠᠵᠦ ᠪᠤᠯᠤᠨ᠎ᠠ ᠭᠡᠵᠦ ᠭᠡᠯᠡᠪᠡ᠃ ᠪᠢ ᠬᠤᠯᠠ ᠠᠴᠠ ᠬᠠᠷᠠᠬᠤ ᠳᠤ ᠲᠡᠷᠡ ᠲᠤᠯᠤᠭᠠᠢ ᠪᠠᠨ ᠪᠦᠬᠦ᠋ᠢᠨ ᠪᠠᠶᠢᠨ ᠲᠠᠬᠢᠨ ᠫᠠᠰ ᠲᠢᠰ ᠠᠯᠠᠭᠠᠳᠠᠵᠦ ᠪᠠᠶᠢᠵᠦ ᠠᠯᠠᠭᠠᠨ ᠳᠠᠭᠠᠨ ᠨᠠᠭᠠᠯᠳᠤᠭᠤᠯᠵᠦ ᠤᠯᠤᠬᠰᠠᠠ ᠤᠰᠦ ᠪᠠᠨ ᠨᠢᠭᠤᠷ ᠲᠠᠭᠠᠨ ᠲᠦᠷᠬᠢᠨ᠎ᠠ᠂ ᠪᠤᠳᠤᠬᠤ ᠳᠤ ᠲᠤᠩ ᠲᠠᠭᠠᠳᠠᠢ ᠪᠠᠶᠢᠬᠤ  ᠪᠠᠶᠢᠯᠭᠦᠢ᠃         ᠭᠡᠳᠡᠯ᠎ᠠ ᠮᠢᠨᠦ ᠬᠤᠶᠠᠷ ᠬᠦᠯ ᠨᠤᠭᠤᠷᠠᠭᠠᠳ ᠶᠠᠪᠤᠵᠦ ᠲᠡᠶᠢᠯᠬᠦ ᠦᠭᠡᠢ ᠪᠤᠯᠵᠦ ᠬᠦᠰᠡᠷ ᠰᠠᠭᠤᠬᠤ ᠶᠢ ᠯᠠ ᠪᠤᠳᠤᠵᠦ ᠪᠠᠶᠢᠳᠠᠯ᠎ᠠ ᠨᠢᠳᠤᠨ ᠡᠮᠦᠨ᠎ᠠ ᠲᠡᠭᠰᠢᠭᠡᠨ ᠲᠤᠮᠦ ᠴᠢᠯᠠᠭᠤ ᠲᠠᠭᠠᠷᠠᠯᠳᠤᠬᠤ ᠪᠠᠷ ᠰᠠᠭᠤᠭᠠᠳ ᠲᠠᠬᠢᠵᠦ ᠤᠷᠤᠬᠰᠢ ᠠᠯᠬᠤᠬᠰᠠᠠ ᠦᠭᠡᠢ᠃         ᠨᠠᠭᠤᠷ ᠤᠨ ᠲᠦᠪᠰᠢᠨ ᠢ ᠦᠵᠡᠬᠦ ᠳᠤ  ᠤᠨᠢᠶᠠᠷ ᠮᠠᠨᠠᠨ ᠬᠠᠷᠠᠬᠠᠨ ᠠᠷᠢᠯᠵᠦ ᠠᠮᠵᠢᠭᠠᠳᠦᠢ ᠪᠠᠶᠢᠯ᠎ᠠ᠂ ᠡᠷᠭᠢᠨ ᠲᠤᠭᠤᠷᠢᠨ ᠤ ᠤᠢ ᠮᠤᠳᠦ ᠨᠡᠯᠦ᠋ᠢᠨ ᠬᠦᠭᠡᠷᠡᠭᠡᠳ ᠤᠨᠴᠠᠭᠠᠢ ᠭᠤᠶᠤᠮᠰᠤᠬ ᠬᠠᠷᠠᠬᠳᠠᠨ᠎ᠠ᠃         ᠪᠢ ᠫᠷᠤᠹᠧᠰᠰᠤᠷ ᠵᠠᠬᠴᠢᠳᠰᠡᠴᠡᠨ ᠤ ᠤᠷᠴᠢᠭᠤᠯᠤᠬᠰᠠᠠ ︽ᠮᠤᠩᠭᠤᠯ ᠤᠨ ᠨᠢᠭᠤᠴᠠ ᠲᠤᠪᠴᠢᠶᠠᠨ︾ ᠢ ᠤᠩᠰᠢᠨ ᠲᠤᠭᠤᠯᠬᠤ ᠳᠤ ︽ᠬᠦᠬᠡᠨᠠᠭᠤᠷ︾ ᠢ ︽ᠺᠦᠺᠡ ᠬᠠᠶᠢᠽᠢ︾ ᠭᠡᠵᠦ ᠤᠷᠴᠢᠭᠤᠯᠤᠬᠰᠠᠠ ᠤᠳᠬ᠎ᠠ ᠶᠢ ᠪᠢ ᠪᠦᠷᠢᠨ ᠤᠢᠢᠯᠠᠭᠠᠯ᠎ᠠ᠂ ︽ᠺᠦᠺᠡ︾ ᠭᠡᠳᠡᠭ ᠨᠢ ᠠᠪᠢᠶᠠᠨ ᠤ ᠤᠷᠴᠢᠭᠤᠯᠭ᠎ᠠ ᠪᠦᠭᠡᠳ ᠡᠷᠳᠡᠨ ᠤ ᠭᠡᠯᠡᠯᠭᠡ ᠪᠤᠯᠤᠨ᠎ᠠ᠂ ᠤᠳᠦ ᠶᠢᠨ ᠭᠡᠯᠡᠯᠭᠡ ᠶᠢᠨ ︽ᠬᠦᠭᠡ︾ ᠭᠡᠰᠡᠡ ᠦᠭᠡ ᠶᠢᠨ ᠤᠳᠬ᠎ᠠ ᠲᠠᠢ ᠠᠳᠠᠯᠢ᠃ ︽ᠬᠠᠶᠢᠽᠢ︾ ᠭᠡᠳᠡᠭ ᠨᠢ ᠤᠳᠬ᠎ᠠ ᠶᠢᠨ ᠤᠷᠴᠢᠭᠤᠯᠭ᠎ᠠ ᠪᠤᠯᠤᠨ᠎ᠠ᠂ ᠲᠠᠷᠤᠢ ︽ᠨᠠᠭᠤᠷ︾ ᠭᠡᠰᠡᠡ ᠦᠭᠡ᠃        1189 ᠤᠨ ︵ᠪᠠᠰᠠ 1183 ᠤᠨ ᠭᠡᠵᠦ ᠪᠤᠢ︶ ᠳᠤ ᠲᠤᠰ ᠨᠠᠭᠤᠷ ᠤᠨ ᠬᠦᠪᠡᠭᠡᠨ ᠳᠤ ᠬᠢᠶᠠᠨ ᠠᠶᠢᠮᠠᠬ ᠤᠨ ᠡᠷᠭᠢᠮ ᠢᠵᠠᠭᠤᠷᠳᠠᠨ ᠨᠠᠷ ᠶᠡᠭᠡ ᠬᠤᠷᠠᠯ ᠪᠤᠯᠵᠦ ᠵᠠᠯᠠᠭᠤ ᠲᠡᠮᠦᠵᠢᠨ ᠢ ᠬᠢᠶᠠᠨ ᠠᠶᠢᠮᠠᠬ ᠤᠨ ᠬᠠᠨ ᠡᠷᠭᠦᠮᠵᠢᠯᠡᠵᠦ ᠲᠡᠭᠦᠨ ᠳᠤ ᠰᠢᠳᠤᠷᠭᠤ ᠪᠠᠨ ᠭᠦᠢᠴᠡᠳᠭᠡᠨ᠎ᠠ ᠭᠡᠵᠦ ᠲᠠᠩᠭᠠᠷᠢᠬᠯᠠᠵᠠᠢ᠃ ᠭᠡᠳᠡᠯ᠎ᠠ ᠵᠠᠯᠠᠭᠤ ᠤᠳᠤᠷᠢᠳᠤᠬᠴᠢ ᠳᠤ ᠠᠪᠴᠦ ᠭᠡᠯᠡᠪᠡᠯ ᠵᠠᠮ ᠤᠨ ᠬᠦᠵᠦᠭᠦᠦ ᠨᠢ ᠤᠷᠳᠦ ᠪᠤᠯᠬᠤᠷ ᠭᠡᠴᠢᠨᠡᠨ ᠤᠯᠠᠨ ᠬᠦᠴᠢᠷ ᠪᠡᠷᠭᠡᠰᠢᠶᠡᠯ ᠢ ᠲᠤᠭᠤᠯᠬᠤ ᠶᠢ ᠲᠦᠰᠦᠭᠡᠯᠡᠭᠦᠶ᠎ᠠ ᠪᠡᠷᠭᠡ  ᠪᠠᠶᠢᠯ᠎ᠠ᠃          ᠬᠤᠷᠢᠨ ᠭᠡᠳᠦᠳᠠᠢ ᠴᠢᠩᠭᠢᠰ ᠬᠠᠭᠠᠨ ︵1162 ᠤᠨ ᠳᠤ ᠮᠡᠨᠳᠦᠯᠡᠵᠠᠢ︶ ᠲᠤᠬᠠᠢ ᠶᠢᠨ ᠦᠶ᠎ᠠ ᠳᠤ ᠰᠡᠭᠦᠳᠡᠷ ᠪᠤᠶᠤ ᠱᠤᠭᠤᠮᠠᠯ ᠬᠦᠷᠦᠭ ᠦᠯᠡᠳᠡᠭᠡᠭᠰᠡᠡ ᠦᠭᠡᠢ ᠲᠤᠯᠠᠳᠠ ᠵᠠᠯᠠᠭᠤ ᠶᠢᠨ ᠦᠶ᠎ᠠ ᠶᠢᠨ ᠪᠤᠬᠳᠠ ᠡᠵᠡᠨ ᠤ ᠭᠠᠯᠪᠢᠷ ᠲᠦᠷᠢ ᠶᠢ ᠭᠡᠨ ᠴᠦ ᠦᠯᠦ ᠮᠡᠳᠡᠨ᠎ᠠ ᠪᠢᠯᠡ᠃      ᠨᠠᠭᠤᠷ ᠤᠨ ᠬᠦᠪᠡᠭᠡᠨ ᠤ ᠠᠭᠤᠳᠠᠮ ᠭᠡᠭᠴᠢ ᠵᠦᠯᠭᠡᠨ ᠲᠡᠭᠡᠷ᠎ᠠ᠂ ᠤᠳᠦ ᠶᠢᠨ ᠮᠤᠩᠭᠤᠯ ᠤᠯᠤᠰ ᠤᠨ ᠤᠷᠠᠯᠢᠬᠴᠢᠳ ᠮᠤᠳᠤᠨ ᠲᠤᠯᠭᠠᠭᠤᠷᠢ ᠶᠢ ᠲᠤᠯᠵᠦ ᠲᠠᠯᠪᠢᠨ ᠤᠷᠤᠢ ᠲᠡᠭᠡᠷ᠎ᠠ ᠨᠢ ᠬᠦᠮᠦᠨ ᠤ ᠲᠤᠯᠤᠭᠠᠢ ᠶᠢ ᠰᠠᠶᠢᠯᠵᠦ ᠭᠠᠷᠭᠠᠭᠠᠳ ᠲᠤᠬᠠᠢ ᠶᠢᠨ ᠵᠢᠯ ᠳᠤ ᠬᠤᠷᠠᠯ ᠳᠤ ᠤᠷᠤᠯᠴᠠᠷ᠎ᠠ ᠢᠷᠡᠭᠰᠡᠡ ᠤᠯᠠᠨ ᠡᠷᠭᠢᠮ ᠢᠵᠠᠭᠤᠷᠳᠡᠨ ᠨᠠᠷ ᠤᠨ ᠲᠦᠯᠦᠭᠡᠯᠡᠭᠴᠢ ᠪᠤᠯᠭᠠᠬᠰᠠᠠ ᠪᠠᠶᠢᠨ᠎ᠠ ︵ᠡᠨᠡᠬᠦ ᠭᠡᠯᠪᠡᠷᠢ ᠨᠢ ᠬᠤᠯᠠ ᠡᠷᠳᠡᠨ ᠤ ᠪᠤᠭᠤ ᠶᠢᠨ ᠴᠢᠯᠠᠭᠤᠵᠢᠮᠡᠯ ᠤᠨ ᠴᠢᠯᠠᠭᠤᠨ ᠰᠡᠶᠢᠯᠤᠮᠡᠯ ᠤᠨ ᠤᠯᠠᠮᠵᠢᠯᠠᠯᠳᠦ ᠠᠷᠭ᠎ᠠ ᠶᠢ ᠭᠡᠷᠡᠭᠯᠡᠪᠡ︶᠃ ᠭᠡᠪᠡᠴᠦ ᠴᠢᠩᠭᠢᠰ ᠬᠠᠭᠠᠨ ᠤ ᠲᠤᠯᠤᠭᠠᠢ ᠶᠢᠨ ᠰᠡᠶᠢᠯᠦᠮᠡᠯ ᠨᠢ ᠮᠦᠨ ᠯᠠ ᠬᠠᠭᠠᠨ ᠤ ᠤᠷᠳᠤᠨ ᠳᠤ ᠬᠠᠳᠠᠭᠠᠯᠠᠵᠦ ᠪᠠᠶᠢᠭ᠎ᠠ ᠲᠡᠷᠡ ᠵᠢᠷᠤᠬ ᠲᠠᠢ ᠲᠦᠰᠦᠭᠡᠲᠠᠢ ︵ᠵᠢᠷᠤᠬᠴᠢᠨ ᠠᠴᠠ ᠬᠤᠪᠢᠯᠠᠢ ᠬᠠᠭᠠᠨ ᠤ ᠡᠷᠭᠢᠴᠡᠭᠦᠯᠦᠭᠰᠡᠡ ᠢ ᠦᠨᠳᠦᠰᠦᠯᠡᠨ ᠵᠢᠷᠤᠵᠦ ᠭᠠᠷᠭᠠᠬᠰᠠᠠ ᠪᠤᠯᠬᠤᠷ ᠨᠡᠯᠢᠶᠡᠳ ᠨᠠᠰᠦ ᠶᠠᠪᠤᠬᠰᠠᠠ ᠲᠦᠯᠦᠪ ᠪᠠᠶᠢᠳᠠᠯ ᠲᠠᠢ︶᠂ ᠵᠠᠯᠠᠭᠤ ᠶᠢᠨ ᠦᠶ᠎ᠠ ᠶᠢᠨ ᠲᠦᠷᠢ ᠰᠢᠨᠵᠢ ᠦᠯᠦ ᠬᠠᠷᠠᠬᠳᠠᠨ᠎ᠠ᠃          ᠤᠷᠤᠬᠤ ᠡᠭᠦᠳᠠᠨ ᠤ ᠲᠡᠭᠡᠷ᠎ᠠ ᠲᠠᠯ᠎ᠠ ᠳᠤ ᠪᠠᠶᠢᠭ᠎ᠠ ᠴᠠᠭᠠᠨ ᠱᠤᠩᠬᠤᠷ ᠬᠠᠷᠢᠨ ᠲᠡᠤᠭᠡ ᠶᠢᠨ ᠪᠤᠳᠠᠳᠦ ᠪᠠᠶᠢᠳᠠᠯ  ᠲᠠᠢ ᠨᠡᠶᠢᠴᠡᠭᠰᠡᠡ ᠪᠠᠶᠢᠨ᠎ᠠ᠂ ᠡᠨᠡᠬᠦ ᠲᠤᠭᠰᠢᠨ ᠵᠢᠭᠦᠷᠳᠡᠨ ᠮᠠᠨᠢ ᠲᠤᠬᠠᠢ ᠶᠢᠨ ᠦᠶ᠎ᠠ ᠶᠢᠨ ᠬᠢᠶᠠᠨ ᠠᠶᠢᠮᠠᠬ ᠤᠨ ᠠᠮᠢᠨ ᠰᠠᠬᠢᠶ᠎ᠠ ᠬᠡᠪ ᠢᠶᠠᠷ᠃        ᠰᠦ᠋ ᠶᠢᠩ ᠪᠢᠳᠡ ᠬᠤᠶᠠᠭᠤᠯᠠ ᠡᠪᠡᠰᠦ ᠬᠤᠸᠠᠷ᠂ ᠤᠢ ᠶᠢᠨ ᠲᠤᠳᠤᠷ᠎ᠠ ᠵᠢᠷᠤᠬ ᠲᠦᠷᠰᠦ ᠠᠪᠤᠭᠤᠯᠵᠦ ᠪᠠᠶᠢᠳᠠᠯ᠎ᠠ ᠴᠢᠮᠡᠭ ᠪᠤᠯᠤᠨ ᠯᠠᠰᠢᠶᠠ ᠬᠦᠷᠴᠦ ᠢᠷᠡᠭᠡᠳ ᠵᠤᠴᠢᠳ ᠤᠨ ᠪᠠᠭᠤᠳᠠᠯ ᠳᠤ ᠤᠷᠦ ᠦᠭᠡᠢ ᠪᠤᠯᠴᠢᠬᠠᠯ᠎ᠠ᠂ ᠪᠢᠳᠡ ᠭᠡᠨᠳᠠᠢ ᠠᠶᠢᠮᠠᠬ ᠤᠨ ᠦᠨᠳᠦᠷ ᠬᠠᠨ ᠬᠤᠳᠠ ᠳᠤ ᠠᠮᠠᠰᠬᠢᠶ᠎ᠠ᠂ ᠲᠡᠨᠳᠡᠬᠢ ᠵᠤᠴᠢᠳ ᠤᠨ ᠪᠠᠭᠤᠳᠠᠯ ᠤᠯᠠᠨ ᠭᠡᠵᠦ ᠭᠡᠯᠡᠪᠡ᠃          ᠰᠠᠶᠢᠨ ᠪᠤᠯᠤᠯ᠎ᠠ︕ ᠲᠡᠭᠡᠪᠡᠯ ᠪᠢᠳᠡ ᠦᠷᠭᠦᠯᠵᠢᠯᠡᠨ ᠵᠠᠮᠨᠠᠶ᠎ᠠ᠃ ᠪᠢᠳᠡ ᠲᠦᠷᠪᠡᠭᠦᠯᠡ ᠶᠠᠳᠠᠷᠠᠬᠤ ᠶᠢᠨ ᠲᠦᠢᠯ ᠳᠤ ᠲᠤᠯᠵᠠᠢ᠂ ᠢᠯᠠᠩᠭᠤᠶ᠎ᠠ ᠯᠠᠰᠢᠶᠠ ᠭᠤᠸᠠᠢ ᠳᠤ ᠡᠷᠭᠡᠪᠰᠢ ᠨᠢᠭᠡᠨ ᠠᠮᠠᠷᠠᠯᠳᠠ ᠶᠢᠨ ᠭᠠᠵᠠᠷ ᠤᠯᠵᠦ ᠦᠭᠬᠦ ᠶᠤᠰᠤᠳᠠᠢ᠂ ᠲᠤᠬᠢᠶᠠᠯ ᠲᠠᠭᠠᠷᠠᠪᠡᠯ ᠲᠠᠬᠢᠨᠳᠡ ᠠᠳᠡ ᠢᠷᠡᠵᠦ ᠢᠯᠡᠭᠦᠦ ᠭᠡᠳᠦᠨ ᠡᠳᠦᠷ ᠬᠤᠷᠭᠤᠳᠠᠬᠰᠠᠠ ᠴᠦ ᠪᠤᠯᠤᠨ᠎ᠠ ᠭᠡᠵᠦ ᠪᠤᠳᠤᠯ᠎ᠠ᠃          ︵ᠤᠯᠠᠭᠠᠨᠪᠠᠭᠠᠳᠤᠷ ᠠᠴᠠ ᠮᠤᠷᠳᠠᠬᠤ ᠠᠴᠠ ᠡᠮᠦᠨ᠎ᠠ ᠪᠢ ᠴᠢᠮᠡᠭ ᠢᠶᠠᠷ ᠵᠤᠴᠢᠳ ᠤᠨ ᠪᠠᠭᠤᠳᠠᠯ ᠠᠪᠤᠭᠤᠯᠤᠬᠰᠠᠠ ᠳᠤ ᠲᠡᠷᠡ ᠲᠡᠶᠢᠮᠦ ᠤᠯᠠᠨ ᠶᠠᠷᠰᠢᠬ ᠲᠦᠪᠡᠭ ᠪᠠᠶᠢᠬᠤ ᠦᠭᠡᠢ ᠭᠡᠵᠦ ᠭᠡᠯᠡᠯ᠎ᠠ᠂  ᠡᠨᠡ ᠵᠢᠯ ᠵᠤᠴᠢᠳ ᠤᠨ ᠪᠠᠭᠤᠳᠠᠯ ᠳᠤ ᠬᠦᠮᠦᠨ ᠬᠠᠷ᠎ᠠ ᠡᠩ ᠤᠨ ᠦᠶ᠎ᠠ ᠶᠢᠨ ᠬᠢ ᠠᠴᠠ ᠬᠤᠯᠠ ᠤᠯᠠᠨ ᠪᠤᠯᠬᠤ ᠭᠡᠳᠡᠭ ᠢ ᠪᠢᠳᠡ ᠪᠦᠷ ᠰᠠᠨᠠᠵᠦ ᠤᠯᠤᠬᠰᠠᠠ ᠦᠭᠡᠢ᠃︶          ᠮᠠᠰᠢᠨ ᠲᠡᠷᠭᠡᠨ ᠲᠤᠳᠤᠷ᠎ᠠ ᠠᠴᠠ ᠬᠠᠭᠤᠷᠠᠢ ᠠᠮᠦ ᠬᠦᠨᠡᠰᠦ ᠭᠠᠷᠭᠠᠨ ᠡᠷᠳᠡ ᠶᠢᠨ ᠬᠤᠭᠤᠯᠠ ᠪᠤᠯᠭᠠᠪᠠ᠂ ᠤᠢᠢᠷᠠᠯᠴᠠᠭ᠎ᠠ ᠪᠠᠶᠢᠬᠰᠠᠠ ᠮᠤᠩᠭᠤᠯ ᠭᠡᠷ ᠤᠨ ᠡᠵᠡᠨ ᠪᠢᠳᠡᠨ ᠳᠤ ᠤᠰᠦ ᠴᠠᠢ ᠪᠤᠴᠠᠯᠭᠠᠨ ᠦᠭᠭᠦᠭᠰᠡᠡ ᠠᠴᠠ ᠪᠢᠳᠡ ᠢᠳᠡᠵᠦ ᠤᠤᠭᠤᠵᠦ ᠪᠠᠷᠠᠭᠠᠳ ᠲᠠᠬᠢᠨ ᠵᠠᠮᠨᠠᠬᠤ ᠪᠠᠷ ᠪᠤᠯᠪᠠ᠃ ᠭᠡᠶ᠎ᠠ᠂ ᠯᠠᠰᠢᠶᠠ ᠭᠤᠸᠠᠢ ᠦᠷᠯᠦᠭᠡ ᠵᠠᠮ ᠵᠢᠭᠠᠵᠦ ᠦᠭᠭᠦᠭᠰᠡᠡ ᠲᠡᠷᠡ ᠮᠠᠯᠴᠢᠨ ᠠᠶᠢᠯ ᠳᠤ ᠬᠦᠷᠴᠦ ᠲᠠᠯᠠᠷᠬᠠᠬᠤ ᠭᠡᠳ ᠮᠠᠰᠢᠨ ᠲᠡᠷᠭᠡ ᠪᠠᠨ ᠮᠤᠩᠭᠤᠯ ᠭᠡᠷ ᠤᠨ ᠬᠢᠨᠢ ᠡᠭᠦᠳᠡᠨ ᠳᠤ ᠬᠦᠷᠦᠭᠡᠳ ᠵᠤᠬᠰᠤᠭᠠᠳᠠᠯ᠎ᠠ ᠲᠡᠷᠡ ᠮᠠᠯᠴᠢᠨ ᠤᠴᠢᠷ ᠢ ᠮᠡᠳᠡᠭᠡᠳ ᠭᠠᠷ ᠡᠷᠭᠦᠨ ᠵᠤᠴᠢᠨᠰᠠᠬ ᠢᠶᠠᠷ ᠦᠯᠦ ᠵᠦᠪᠰᠢᠶᠡᠨ ᠵᠢᠨᠵᠢᠢᠯᠡᠪᠡ᠃ ᠠᠷᠪᠠᠨ ᠲᠤᠯᠤᠭ᠎ᠠ ᠨᠠᠢᠮᠠ ᠲᠠᠢ ᠭᠡᠤᠭᠡᠨ ᠨᠢ ᠢᠨᠢᠶᠡᠮᠰᠦᠭᠯᠡᠭᠰᠡᠭᠡᠷ ᠭᠠᠷᠴᠦ ᠢᠷᠡᠭᠡᠳ ᠮᠠᠨ  ᠲᠠᠢ ᠮᠡᠨᠳᠦᠯᠠᠯᠴᠡᠨ ᠵᠤᠯᠭᠠᠬᠰᠠᠠ ᠳᠤ ᠰᠦ᠋ ᠶᠢᠩ ᠴᠤᠺᠦᠯᠨᠳ᠋ ᠪᠤᠯᠤᠨ ᠰᠢᠬᠢᠷ ᠪᠡᠯᠡᠭᠯᠡᠨ ᠲᠠᠯᠠᠷᠬᠠᠵᠦ ᠪᠠᠶᠢᠬᠤ ᠪᠠᠨ ᠢᠯᠡᠳᠭᠡᠭᠰᠡᠡ ᠳᠤ ᠲᠡᠷᠡ ᠭᠡᠤᠭᠡᠨ ᠡᠷᠡᠭᠡ ᠦᠭᠡᠢ ᠲᠤᠰᠴᠦ ᠠᠪᠤᠬᠰᠠᠠ ᠤ ᠲᠠᠷᠠᠭ᠎ᠠ ᠮᠤᠩᠭᠤᠯ ᠭᠡᠷ ᠲᠡᠭᠡᠨ ᠲᠦᠷᠭᠡᠨ ᠭᠡᠭᠴᠢ ᠭᠦᠶᠦᠵᠦ ᠤᠷᠤᠭᠠᠳ ᠪᠦᠭᠡᠮ ᠬᠠᠳᠠᠬᠰᠠᠠ ᠬᠤᠷᠤᠳ ᠠᠪᠴᠢᠷᠠᠨ ᠰᠦ᠋ ᠶᠢᠩ ᠳᠤ ᠬᠠᠷᠢᠭᠤ ᠭᠠᠷ ᠤᠨ ᠪᠡᠯᠡᠭ ᠪᠤᠯᠭᠠᠵᠠᠢ᠂ ᠪᠢᠳᠡ ᠰᠠᠯᠬᠤ ᠶᠤᠰᠦ ᠭᠦᠢᠴᠡᠳᠭᠡᠭᠡᠳ ᠮᠤᠷᠳᠠᠬᠰᠠᠠ᠃             ᠯᠠᠰᠢᠶᠠ ᠭᠤᠸᠠᠢ ᠰᠦ᠋ ᠶᠢᠩ ᠤᠨ ᠲᠡᠰᠢ ᠬᠠᠨᠳᠤᠨ᠄ ︽ᠬᠤᠷᠤᠳ ᠭᠡᠳᠡᠭ ᠴᠢᠨᠢ ᠰᠠᠶᠢᠨ ᠶᠠᠭᠤᠮ᠎ᠠ ᠰᠢᠦ᠂ ᠴᠤᠺᠤᠯᠠᠳ᠋᠂ ᠰᠢᠬᠢᠷ ᠠᠴᠠ ᠬᠤᠯᠠ ᠰᠠᠶᠢᠨ ᠢᠳᠡᠭᠡᠨ︾ ᠭᠡᠵᠦ ᠭᠡᠯᠡᠭᠰᠡᠡ ᠳᠤ ᠴᠢᠮᠡᠭ ᠨᠢᠭᠡ ᠲᠠᠯ᠎ᠠ ᠪᠠᠷ ᠤᠷᠴᠢᠭᠤᠯᠤᠨ ᠶᠠᠷᠢᠵᠦ ᠨᠦᠬᠦᠭᠡ ᠲᠠᠯ᠎ᠠ ᠪᠠᠷ ᠢᠨᠢᠶᠡᠭᠰᠡᠡ ᠢᠶᠠᠨ᠄ ︽ᠡᠨᠡ ᠭᠡᠯᠡᠯᠭᠡ ᠶᠢ ᠪᠢ ᠵᠦᠪᠰᠢᠶᠡᠷᠡᠨ᠎ᠠ︕ ᠪᠢᠳᠡ ᠠᠮᠰᠠᠵᠦ ᠦᠵᠡᠶ᠎ᠠ᠂ ᠤᠷᠢᠳᠠᠪᠡᠷ ᠵᠢᠵᠢᠭ ᠭᠡᠰᠡᠭ ᠲᠠᠢ ᠶᠢ ᠨᠢ ᠠᠮᠠᠨ ᠳᠠᠭᠠᠨ ᠬᠢᠵᠦ ᠠᠭᠠᠵᠢᠮ ᠢᠶᠠᠷ ᠵᠠᠵᠢᠯᠤᠨ ᠵᠠᠯᠬᠢᠬᠰᠠᠠ ᠤ ᠬᠤᠶᠢᠨ᠎ᠠ ᠠᠮᠳᠠᠳᠠᠢ ᠡᠰᠡᠬᠦ ᠪᠠᠨ ᠨᠠᠳᠠᠳᠦ ᠭᠡᠯᠡᠭᠡᠷᠡᠢ︾ ᠭᠡᠵᠦ ᠭᠡᠯᠡᠵᠠᠢ᠃        ᠬᠤᠷᠤᠳ ᠢ ᠪᠢ ᠰᠠᠶᠢ ᠲᠤᠭᠤᠭᠠᠨ ᠠᠴᠠ ᠭᠠᠷᠭᠠᠬᠰᠠᠠ ᠵᠦᠭᠡᠯᠡᠨ ᠪᠠᠶᠢᠬᠤ ᠦᠶ᠎ᠠ ᠶᠢᠨ ᠬᠤᠷᠤᠳ᠂ ᠠᠭᠠᠷᠠᠬᠰᠠᠠ ᠦᠶ᠎ᠠ ᠶᠢᠨ ᠬᠤᠷᠤᠳ ᠁ ᠵᠡᠷᠭᠡ ᠶᠢ ᠪᠦᠷ ᠢᠳᠡᠵᠦ ᠦᠩᠭᠡᠷᠡᠭᠰᠡᠡ᠂ ᠰᠦ᠋ ᠶᠢᠩ ᠬᠠᠷᠢᠨ ᠠᠩᠬ᠎ᠠ ᠠᠮᠰᠠᠵᠦ ᠪᠠᠶᠢᠬᠤ ᠪᠤᠯᠬᠤᠷ ᠪᠠᠶᠢᠨ ᠲᠠᠬᠢᠨ ᠠᠮᠳᠠᠳᠠᠢ ᠭᠡᠵᠦ ᠯᠡ ᠪᠠᠶᠢᠪᠠ᠃      ᠪᠢ ᠮᠤᠩᠭᠤᠯ ᠬᠦᠮᠦᠨ ᠪᠠᠶᠢᠬᠰᠠᠠ ᠴᠦ ᠨᠠᠳᠠ ᠠᠴᠠ ᠬᠤᠷᠤᠳ ᠪᠤᠯᠤᠨ ᠴᠤᠺᠦᠯᠡᠳ᠋ ᠤᠨ ᠠᠯᠢ ᠶᠢ ᠨᠢ ᠢᠳᠡᠬᠦ ᠲᠤᠷ᠎ᠠ ᠲᠠᠢ ᠶᠤᠮ ᠪᠤᠢ ᠭᠡᠵᠦ ᠠᠰᠠᠭᠤᠪᠡᠯ ᠴᠤᠺᠦᠯᠡᠳ᠋ ᠭᠡᠵᠦ ᠭᠡᠯᠡᠨ᠎ᠠ ︵ᠶᠠᠷᠢᠶᠠᠨ ᠦᠭᠡᠢ ᠮᠸᠢ ᠯᠢᠩ ᠤᠨ ᠨᠠᠳᠠᠳᠦ ᠪᠡᠯᠡᠭᠯᠡᠭᠰᠡᠡ ᠦᠪᠡᠰᠦᠪᠡᠨ ᠬᠢᠭᠰᠡᠡ ᠴᠤᠺᠦᠯᠡᠳ᠋ ᠪᠠᠶᠢᠬᠤ ᠶᠤᠰᠤᠳᠠᠢ︶᠂ ᠪᠤᠳᠤᠬᠤ ᠠᠴᠠ ᠢᠴᠢᠮᠡᠷ ᠳ᠋ᠡ︕          ᠮᠠᠰᠢᠨ ᠲᠡᠷᠭᠡ ᠦᠨᠳᠦᠷ ᠬᠠᠨ ᠳᠤ ᠬᠦᠷᠳᠡᠯ᠎ᠠ ᠦᠳᠡ ᠶᠢᠨ ᠬᠤᠶᠢᠨᠠᠬᠢ 4 ᠴᠠᠬ ᠪᠤᠯᠴᠢᠬᠠᠯ᠎ᠠ᠂ ᠴᠢᠮᠡᠭ ᠮᠠᠰᠢᠨ ᠲᠡᠷᠭᠡᠨ ᠠᠴᠠ ᠪᠠᠭᠤᠭᠠᠳ ᠲᠤᠰ ᠭᠠᠵᠠᠷ ᠤᠨ ᠬᠦᠮᠦᠨ ᠠᠴᠠ ᠠᠰᠠᠭᠤᠬᠰᠠᠠ ᠳᠤ ᠪᠠᠭᠤᠳᠠᠯ ᠳᠤ ᠤᠷᠦ ᠲᠠᠢ᠂ ᠬᠠᠯᠠᠭᠤᠨ ᠤᠰᠦ ᠲᠠᠢ ᠶᠢ ᠮᠡᠳᠡᠪᠡ᠃ ᠰᠠᠶᠢᠬᠠᠨ ᠠᠮᠠᠷᠠᠬᠤ ᠶᠢᠨ ᠲᠦᠯᠦᠭᠡ ᠪᠢᠳᠡ ᠬᠤᠶᠠᠳᠤᠭᠠᠷ ᠲᠠᠪᠬᠤᠷᠯᠢᠭ ᠤᠨ ᠲᠦᠷᠪᠡᠨ ᠲᠠᠰᠤᠯᠭ᠎ᠠ ᠦᠷᠦᠭᠡ ᠶᠢ ᠠᠪᠤᠯ᠎ᠠ᠃ ᠬᠤᠭᠤᠯᠠᠨ ᠲᠢᠩᠭᠢᠮ ᠳᠤ ᠬᠦᠷᠴᠦ ᠬᠤᠭᠤᠯᠠ ᠢᠳᠡᠬᠦ ᠦᠶ᠎ᠠ ᠳᠡᠭᠡᠨ ᠯᠠᠰᠢᠶᠠ ᠭᠤᠸᠠᠢ ᠶᠢ ᠤᠬᠢᠶᠠᠯᠭ᠎ᠠ ᠬᠢᠬᠦ ᠪᠠᠷ ᠦᠷᠦᠭᠡᠨ ᠳᠡᠭᠡᠨ ᠤᠷᠤᠬᠰᠠᠠ ᠢ ᠰᠤᠨᠤᠰᠤᠭᠠᠳ ᠦᠢᠯᠡᠴᠢᠯᠡᠭᠴᠢ ᠪᠠᠷ ᠬᠤᠭᠤᠯᠠ ᠵᠠᠭᠤᠰᠢ ᠶᠢ ᠦᠷᠦᠭᠡᠨ ᠳᠤᠨᠢ ᠬᠦᠷᠭᠡᠯᠭᠡᠵᠠᠢ᠃ ᠮᠠᠨ ᠤ ᠭᠤᠷᠪᠠᠭᠤᠯᠠ ᠴᠦ ᠬᠤᠭᠤᠯᠠ ᠪᠠᠨ ᠢᠳᠡᠵᠦ ᠪᠠᠷᠠᠭᠠᠳ ᠦᠷᠦᠭᠡᠨ ᠳᠡᠭᠡᠨ ᠬᠠᠷᠢᠵᠦ ᠠᠮᠠᠷᠠᠪᠠ᠃ ᠰᠦ᠋ ᠶᠢᠩ ᠪᠤᠯᠤᠨ ᠴᠢᠮᠡᠭ ᠲᠤ ᠭᠡᠷᠪᠡ ᠬᠤᠳᠠ ᠵᠡᠭᠡᠯᠢ ᠪᠠᠷ ᠶᠠᠪᠤᠪᠡᠯ ᠪᠢ ᠴᠦ ᠤᠴᠢᠬᠤ ᠦᠭᠡᠢ᠂ ᠰᠠᠶᠢᠬᠠᠨ ᠤᠨᠳᠠᠶ᠎ᠠ ᠭᠡᠵᠦ ᠪᠤᠳᠤᠵᠦ ᠪᠠᠶᠢᠨ᠎ᠠ ᠭᠡᠵᠦ ᠭᠡᠯᠡᠵᠠᠢ᠃          ᠤᠨᠳᠠᠬᠤ ᠦᠷᠦᠭᠡᠡ ᠳᠤ ᠤᠷᠤᠬᠤᠯᠠᠷ ᠲᠢᠩᠭᠢᠮ ᠳᠤ ᠪᠠᠰᠠ ᠤᠬᠢᠶᠠᠯᠭ᠎ᠠ ᠶᠢᠨ ᠦᠷᠦᠭᠡ ᠲᠠᠢ᠂ ᠨᠠᠷᠠᠨ ᠭᠡᠷᠡᠯ ᠴᠤᠩᠬᠤᠨ ᠤ ᠬᠦᠰᠢᠭᠡ ᠶᠢ ᠨᠡᠪᠳᠡᠯᠦᠨ ᠤᠷᠤᠵᠦ ᠢᠷᠡᠭᠰᠡᠡ ᠠᠴᠠ ᠦᠷᠦᠭᠡ ᠲᠤᠳᠤᠷ᠎ᠠ ᠤᠨᠴᠠ ᠭᠡᠭᠡᠨ᠂ ᠭᠠᠳᠠᠬᠰᠢ ᠬᠦᠳᠦ᠋ᠢᠭᠰᠡᠡ ᠨᠠᠷᠠᠪᠴᠢ ᠳᠤ ᠨᠡᠩ ᠴᠦ ᠲᠤᠯᠠᠶᠢᠮ᠎ᠠ ᠨᠠᠷᠠ ᠲᠠᠢ᠂ ᠪᠡᠶ᠎ᠠ ᠪᠠᠨ ᠤᠬᠢᠶᠠᠵᠦ ᠪᠠᠷᠠᠬᠰᠠᠠ ᠤ ᠬᠤᠶᠢᠨ᠎ᠠ ᠤᠬᠢᠶᠠᠬᠰᠠᠠ ᠬᠤᠪᠴᠠᠰᠦ᠂ ᠤᠢᠢᠮᠦᠰᠦ ᠪᠠᠨ ᠴᠤᠩᠬᠤᠨ ᠲᠠᠶᠢᠰᠠᠨ ᠲᠡᠭᠡᠷ᠎ᠠ ᠡᠯᠭᠦᠯ᠎ᠠ᠂ ᠪᠤᠳᠤᠪᠠᠯ ᠲᠡᠮᠡᠢ ᠤᠳᠠᠬᠤ ᠦᠭᠡᠢ ᠬᠠᠳᠠᠬᠤ ᠪᠠᠶᠢᠯᠭᠦᠢ᠃      ᠤᠨᠳᠠᠬᠤ ᠤᠷᠦ ᠦᠨᠡᠭᠡᠷ ᠬᠠᠭᠤᠴᠢᠷᠠᠵᠠᠢ᠂ ᠬᠦᠨᠵᠢᠯᠡ ᠨᠢ ᠴᠦ ᠲᠤᠩ ᠨᠢᠮᠭᠡᠨ᠂ ᠭᠡᠶ᠎ᠠ ᠲᠡᠭᠰᠢ ᠴᠡᠪᠡᠷᠭᠡᠨ᠂ ᠡᠳᠦᠷ ᠤᠨ ᠲᠡᠮᠳᠡᠭᠯᠡᠯ ᠢᠶᠠᠨ ᠵᠠᠯᠭᠠᠵᠦ ᠪᠢᠴᠢᠶ᠎ᠠ ᠭᠡᠵᠦ ᠪᠤᠳᠤᠵᠦ ᠪᠠᠶᠢᠬᠰᠠᠠ ᠢᠶᠠᠨ ᠲᠡᠮᠡᠢ ᠤᠳᠠᠬᠰᠠᠠ ᠦᠭᠡᠢ  ᠤᠨᠳᠠᠴᠢᠬᠠᠵᠠᠢ᠃            ᠤᠨᠳᠠᠵᠦ ᠪᠤᠰᠤᠭᠠᠳ ᠤᠷᠤᠢ ᠶᠢᠨ ᠦᠶ᠎ᠠ ᠪᠠᠷ ᠰᠠᠶᠢ ᠨᠦᠬᠦᠵᠦ ᠪᠢᠴᠢᠪᠠ᠃                                                            ︵ᠦᠷᠬᠦᠯᠵᠢᠯᠡᠯ ᠪᠤᠢ︶                    ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号