16 ᠤ ᠡᠳᠦᠷ ︵ᠭᠠᠷᠠᠬ ᠤᠨ ᠡᠳᠦᠷ᠂ ᠲᠤᠩᠭᠠᠯᠠᠬ ᠠᠴᠠ ᠵᠢᠷᠪᠢᠰᠬᠢᠨ ᠪᠤᠷᠤᠭᠠᠨ ᠲᠠᠢ︶ | | ᠵᠤᠴᠢᠳ ᠤᠨ ᠪᠠᠭᠤᠳᠠᠯ ᠳᠤ ᠦᠷᠯᠦᠭᠡ ᠶᠢᠨ ᠬᠤᠭᠤᠯᠠ ᠢᠳᠡᠵᠦ ᠪᠠᠷᠠᠬᠰᠠᠠ ᠤ ᠲᠠᠷᠠᠭ᠎ᠠ ᠦᠷᠬᠦᠯᠵᠢᠯᠡᠨ | ᠵᠠᠮᠨᠠᠪᠠ᠃ | ᠠᠮᠠᠷᠠᠵᠦ ᠭᠦᠢᠴᠡᠭᠰᠡᠡ ᠮᠠᠨᠤᠰ ᠤᠨ ᠴᠤᠬ ᠰᠦᠯᠳᠡ ᠴᠦ ᠰᠡᠷᠭᠦᠵᠠᠢ᠃ ᠵᠠᠮ ᠲᠤᠵᠢ ᠡᠪᠡᠰᠦ ᠴᠡᠴᠡᠭ | ᠰᠠᠶᠢᠬᠠᠨ ᠬᠠᠷᠠᠬᠳᠠᠬᠤ ᠪᠠᠷ ᠯᠠ ᠮᠠᠰᠢᠨ ᠲᠡᠷᠭᠡ ᠶᠢ ᠵᠤᠬᠰᠤᠭᠠᠨ ᠪᠠᠭᠤᠬᠤ ᠶᠢ ᠪᠤᠳᠤᠳᠠᠬ ᠪᠠᠶᠢᠯ᠎ᠠ᠃ | ᠡᠨᠡ ᠵᠢᠯ ᠤᠨ ᠬᠤᠷ᠎ᠠ ᠪᠤᠷᠤᠭᠠᠨ ᠲᠡᠭᠰᠢ ᠪᠤᠯᠬᠤᠷ ᠡᠪᠡᠰᠦ ᠤᠨᠴᠠ ᠦᠨᠳᠦᠷ ᠤᠷᠭᠤᠬᠰᠠᠠ ᠪᠠᠶᠢᠪᠠ᠃ | ᠰᠠᠯᠬᠢᠨ ᠤ ᠠᠶ᠎ᠠ ᠪᠠᠷ ᠨᠠᠶᠢᠭᠤᠬᠤ ᠶᠢ ᠨᠢ ᠠᠵᠢᠬᠯᠠᠬᠤᠯᠠᠷ ᠡᠪᠡᠰᠦᠨ ᠤ ᠨᠤᠭᠤᠭᠠᠨ ᠦᠩᠭᠡ ᠨᠠᠭᠤᠷ ᠤᠨ | ᠲᠦᠪᠰᠢᠨ ᠳᠠᠬᠢ ᠴᠡᠩᠭᠡᠷ ᠤᠰᠤᠨ ᠮᠡᠳᠦ ᠭᠡᠷᠡᠯ ᠤᠨ ᠤᠢᠢᠯᠳᠠ ᠭᠠᠷᠴᠦ ᠪᠤᠢ᠃ | ᠲᠡᠷᠳᠡᠭᠡ ᠬᠤᠯᠠ ᠶᠢᠨ ᠠᠳᠤᠭᠤᠴᠢᠨ ᠵᠠᠯᠠᠭᠤ ᠮᠠᠨ ᠤ ᠭᠠᠷ ᠲᠠᠯᠠᠯᠬᠤ ᠶᠢ ᠤᠯᠵᠦ ᠦᠵᠡᠭᠡᠳ ᠲᠡᠭᠦᠨ ᠠᠴᠠ | ᠵᠠᠮ ᠠᠰᠠᠭᠤᠬᠤ ᠭᠡᠵᠦ ᠪᠠᠶᠢᠨ᠎ᠠ ᠭᠡᠵᠦ ᠪᠤᠳᠤᠬᠰᠠᠠ ᠪᠤᠯᠤᠯᠳᠠᠢ ᠮᠤᠷᠢ ᠪᠠᠷ ᠢᠶᠠᠨ ᠲᠠᠪᠬᠢᠭᠤᠯᠤᠨ ᠬᠦᠷᠴᠦ ᠢᠷᠡᠯ᠎ᠠ᠂ | ᠦᠨᠡᠨᠳᠡᠭᠡᠨ ᠪᠢᠳᠡ ᠲᠡᠭᠦᠨ ᠲᠠᠢ ᠵᠤᠭᠤᠬᠳᠠᠬᠤ ᠪᠤᠳᠤᠯ ᠲᠠᠢ ᠪᠠᠶᠢᠬᠰᠠᠠ᠃ | ᠬᠦᠳᠡᠭᠡ ᠨᠤᠳᠤᠬ ᠲᠤ ᠠᠳᠤᠭᠤ ᠮᠠᠯ ᠬᠠᠷᠢᠭᠤᠯᠳᠠᠬ ᠨᠢ ᠦᠳᠡᠯᠦᠭᠡ ᠵᠠᠯᠠᠭᠤ ᠭᠡᠰᠡᠡ ᠦᠭᠡᠢ ᠪᠦᠷ ᠯᠠ | ᠲᠠᠶᠢᠪᠤᠭᠤ ᠲᠤᠬᠳᠠᠭᠤᠨ ᠲᠦᠷᠢ ᠪᠠᠶᠢᠳᠠᠯ ᠲᠠᠢ᠃ ᠶᠠᠮᠠᠷ ᠨᠢᠭᠡᠨ ᠪᠠᠶᠠᠷ ᠪᠠᠶᠠᠰᠤᠯ ᠲᠠᠢ ᠭᠡᠷᠡᠭ ᠤᠴᠢᠷ ᠤᠨ ᠲᠤᠬᠠᠢ | ᠬᠦᠤᠷᠨᠢᠯᠳᠦᠪᠡᠯ ᠬᠠᠶᠠ ᠨᠢᠭᠡ ᠢᠨᠢᠶᠡᠳᠡᠭ ᠪᠠᠶᠢᠯ᠎ᠠ᠃ | ᠭᠠᠷ ᠠᠳᠬᠤᠯᠴᠠᠨ ᠰᠠᠯᠬᠤ ᠶᠤᠰᠦ ᠭᠦᠢᠴᠡᠳᠭᠡᠭᠰᠡᠡ ᠤ ᠬᠤᠶᠢᠨ᠎ᠠ᠂ ᠲᠡᠷᠡ ᠵᠠᠯᠠᠭᠤ ᠶᠢᠨ ᠲᠤᠷᠪᠢᠯᠢᠬ ᠴᠤᠪᠤᠭᠤ | ᠲᠦᠷᠢ ᠪᠠᠶᠢᠳᠠᠯ ᠨᠢ ᠮᠡᠳᠡᠷᠡᠭᠳᠡᠪᠡ᠃ ᠭᠡᠬᠦ ᠳᠤ ᠲᠡᠷᠡ ᠮᠤᠷᠢ ᠪᠠᠨ ᠤᠨᠴᠠ ᠨᠢᠭᠡᠨ ᠲᠤᠬᠳᠠᠮ ᠠᠯᠬᠤᠭ᠎ᠠ ᠪᠠᠷ | ᠳᠠᠪᠬᠢᠭᠤᠯᠤᠨ ᠤᠳᠬᠤ ᠶᠢ ᠬᠠᠷᠠᠬᠰᠠᠠ ᠯᠠᠰᠢᠶᠠ ᠭᠤᠸᠠᠢ᠄ ︽ᠬᠠᠷᠠᠭᠠᠴᠢ︕ ᠲᠡᠷᠡ ᠮᠤᠷᠢᠨ ᠤ ᠠᠯᠬᠤᠳᠠᠯ ᠴᠢᠨᠢ | ᠵᠢᠷᠤᠭ᠎ᠠ ᠮᠤᠷᠢᠨ ᠤ ᠠᠯᠬᠤᠳᠠᠯ ᠰᠢᠦ︕︾ ᠭᠡᠵᠦ ᠤᠮᠤᠭ ᠲᠠᠢ ᠶᠠᠷᠢᠨ᠎ᠠ᠃ | ᠦᠳᠡ ᠶᠢᠨ ᠦᠶ᠎ᠠ ᠪᠠᠷ ᠨᠢᠭᠡᠨ ᠲᠡᠭᠰᠢᠬᠡᠨ ᠵᠦᠯᠭᠡ ᠭᠠᠵᠠᠷ ᠢ ᠤᠯᠤᠭᠠᠳ ᠮᠠᠰᠢᠨ ᠲᠡᠷᠭᠡ ᠪᠠᠨ ᠵᠤᠬᠰᠤᠭᠠᠨ | ᠦᠳᠡᠯᠡᠵᠡᠭᠡᠵᠠᠢ᠃ ᠦᠳᠡ ᠶᠢᠨ ᠬᠤᠭᠤᠯᠠ ᠨᠢ ᠲᠠᠯᠬ᠎ᠠ᠂ ᠬᠢᠮ᠎ᠠ᠂ ᠠᠯᠮᠤᠷᠠᠳ᠂ ᠦᠵᠦᠮ᠂ ᠵᠢᠮᠢᠰ ᠤᠨ ᠡᠭᠡᠳᠡᠩ | ᠵᠡᠷᠭᠡ ᠡᠩ ᠤᠨ ᠢᠳᠡᠭᠡᠨ ᠪᠤᠯᠤᠨ᠎ᠠ᠂ ᠬᠦᠳᠡᠭᠡ ᠨᠤᠳᠤᠭ ᠲᠤ ᠬᠤᠭᠤᠯᠠᠯᠠᠬᠤ ᠳᠤ ᠶᠡᠷᠦ ᠶᠢᠨ ᠢᠳᠡᠭᠡᠨ ᠴᠦ ᠡᠳᠡᠭᠡᠳ | ᠠᠮᠳᠠ ᠲᠠᠢ ᠮᠡᠳᠦ ᠰᠠᠨᠠᠬᠳᠠᠬᠤ ᠶᠤᠮ ᠪᠢᠯᠠ᠃ | ᠪᠢ ᠬᠠᠢ ᠪᠸᠢ ᠲᠠᠢ ᠬᠤᠷᠢᠮᠯᠠᠬᠰᠠᠠ ᠤ ᠬᠤᠶᠢᠨ᠎ᠠ᠂ ᠢᠯᠠᠩᠭᠤᠶ᠎ᠠ ᠬᠤᠶᠠᠷ ᠭᠡᠤᠭᠡᠳ ᠪᠠᠭ᠎ᠠ | ᠰᠤᠷᠭᠠᠭᠤᠯᠢ ᠳᠤ ᠤᠷᠤᠬᠰᠠᠠ ᠤ ᠬᠤᠶᠢᠨ᠎ᠠ᠂ ᠠᠮᠠᠷᠠᠯᠳᠠ ᠶᠢᠨ ᠡᠳᠦᠷ ᠲᠤᠬᠢᠶᠠᠯᠳᠤᠬᠤ ᠪᠤᠯᠭᠠᠨ ᠭᠡᠭᠡᠷ᠎ᠠ ᠭᠠᠷᠴᠦ | ᠬᠤᠭᠤᠯᠠᠯᠠᠬᠤ ᠶᠢ ᠪᠤᠳᠤᠳᠠᠬ᠃ ᠵᠠᠷᠢᠮ ᠳᠠᠭᠠᠨ ᠬᠤᠯᠠ ᠰᠢᠬ ᠶᠠᠪᠤᠵᠦ᠂ ᠵᠠᠷᠢᠮ ᠳᠠᠭᠠᠨ ᠤᠢᠢᠷᠠᠯᠴᠠᠭ᠎ᠠ ᠭᠤᠤᠯ ᠤᠨ | ᠬᠦᠪᠡᠭᠡᠨ ᠳᠤ ᠬᠦᠷᠦᠭᠡᠳ ᠬᠤᠶᠠᠷ ᠭᠡᠤᠭᠡᠳ ᠲᠠᠢ ᠪᠠᠨ ᠨᠠᠭᠠᠳᠤᠨ ᠲᠤᠬᠯᠠᠳᠠᠬ᠂ ᠬᠠᠢ ᠪᠸᠢ ᠶᠢ ᠬᠠᠷᠠᠬᠤ ᠳᠤ | ᠮᠠᠨᠤᠰ ᠤᠨ ᠰᠢᠬ ᠲᠤᠷ᠎ᠠ ᠰᠤᠨᠢᠷᠬᠠᠯ ᠢᠶᠠᠷ ᠠᠨᠠᠢ ᠪᠠᠶᠢᠬᠰᠠᠠ ᠴᠦ ᠶᠡᠷᠦ ᠨᠢ ᠶᠠᠭᠤᠮ᠎ᠠ ᠭᠡᠯᠡᠭᠰᠡᠡ ᠦᠭᠡᠢ᠃ | ᠨᠢᠭᠡᠨ ᠭᠠᠷᠠᠬ ᠤᠨ ᠰᠡᠭᠦᠯᠴᠢ ᠪᠤᠯᠬᠤ ᠳᠤ ᠪᠢ ᠮᠦᠨ ᠭᠡᠭᠡᠷ᠎ᠠ ᠬᠤᠭᠤᠯᠠᠯᠠᠬᠤ ᠲᠤᠷᠠᠳᠤᠯᠭ᠎ᠠ | ᠭᠠᠷᠭᠠᠬᠰᠠᠠ ᠳᠤ ᠬᠠᠢ ᠪᠸᠢ ᠭᠡᠨᠡᠳᠳᠡ ᠭᠤᠶᠤᠬᠰᠠᠠ ᠪᠠᠶᠢᠳᠠᠯ ᠲᠠᠢ ᠪᠠᠷ᠄ ︽ ᠵᠤᠴᠢᠨ ᠤ ᠦᠷᠦᠭᠡ ᠶᠢᠨ ᠬᠦᠰᠡᠷ | ᠲᠡᠭᠡᠷ᠎ᠠ ᠪᠦᠰᠠ ᠲᠡᠯᠭᠡᠨ ᠢᠳᠡᠭᠡᠨ ᠤᠮᠳᠠᠭᠠᠨ ᠦᠷᠦᠵᠦ ᠲᠠᠯᠪᠢᠭᠠᠳ ᠢᠳᠡᠴᠢᠭᠡᠪᠡᠯ ᠭᠡᠭᠡᠷ᠎ᠠ ᠬᠤᠭᠤᠯᠠᠯᠠᠵᠦ ᠪᠠᠶᠢᠬᠤ | ᠲᠦᠷᠦᠭᠳᠡᠯ ᠦᠭᠡᠢ ᠭᠡᠵᠢ ᠤᠤ︖︾ ᠭᠡᠵᠦ ᠭᠡᠯᠡᠵᠠᠢ᠃ | ᠡᠨᠡ ᠦᠶ᠎ᠠ ᠳᠤ ᠪᠢ ᠰᠠᠶᠢ ᠬᠠᠢ ᠪᠸᠢ ᠶᠢᠨ ᠠᠮᠠᠷᠠᠯᠳᠠ ᠶᠢᠨ ᠡᠳᠦᠷ ᠢᠶᠠᠨ ᠲᠤᠭᠤᠷᠢᠬ ᠰᠢᠷᠡᠭᠡᠨ ᠳᠤ ᠰᠠᠭᠤᠨ | ᠭᠤᠷᠪᠠᠨ ᠨᠤᠭᠤᠭ᠎ᠠ ᠨᠢᠭᠡ ᠱᠦᠯᠦ ᠬᠢᠵᠦ ᠢᠳᠡᠵᠦ ᠲᠠᠬᠢᠨ ᠠᠮᠤᠷ ᠲᠠᠶᠢᠪᠤᠩ ᠦᠳᠡ ᠶᠢᠨ ᠨᠦᠢᠷ ᠠᠪᠬᠤ ᠰᠠᠨᠠᠭ᠎ᠠ | ᠲᠠᠢ ᠪᠠᠶᠢᠬᠰᠠᠠ ᠢ ᠮᠡᠳᠡᠵᠠᠢ᠃ | ᠪᠤᠯᠤᠯ ᠦᠭᠡᠢ ᠶᠠᠭᠠᠬᠢᠬᠤᠪ︖ ᠪᠢ ᠴᠦ ᠶᠤᠰᠦ ᠭᠡᠯᠡᠬᠦ ᠦᠭᠡᠢ ᠪᠦᠰᠡᠭᠦᠢ ᠪᠢᠰᠢ ᠳ᠋ᠡ︕ ᠭᠡᠭᠡᠷ᠎ᠠ | ᠬᠤᠭᠤᠯᠠᠯᠠᠬᠤ ᠲᠤᠭ᠎ᠠ ᠲᠡᠭᠦᠨ ᠠᠴᠠ ᠠᠪᠤᠭᠠᠳ ᠴᠦᠭᠡᠷᠡᠵᠠᠢ᠃ ᠭᠡᠳᠦᠨ ᠵᠢᠯ ᠦᠩᠭᠡᠷᠡᠭᠰᠡᠡ ᠤ ᠬᠤᠶᠢᠨ᠎ᠠ ᠭᠡᠤᠭᠡᠳ | ᠦᠰᠴᠢᠭᠡᠯᠠ᠂ ᠦᠪᠡᠷ ᠤᠨ ᠲᠠᠨᠢᠯᠴᠠᠬᠰᠠᠠ ᠤᠷᠭᠤᠮᠠᠯ ᠤᠨ ᠤᠬᠠᠭᠠᠨ ᠪᠤᠯᠤᠨ ᠬᠦᠷᠦᠰᠦ ᠰᠢᠷᠤᠢ ᠶᠢᠨ ᠤᠬᠠᠭᠠᠨ ᠤ | ᠰᠤᠳᠤᠯᠭᠠᠨ ᠬᠢᠵᠦ ᠪᠠᠶᠢᠭ᠎ᠠ ᠨᠠᠶᠢᠵᠢ ᠨᠠᠷ ᠤᠨ ᠰᠤᠷᠤᠬᠴᠢ ᠲᠠᠢ ᠪᠠᠨ ᠵᠦᠪᠭᠡᠨ ᠭᠡᠳᠦᠨ ᠭᠡᠰᠡᠭ ᠲᠠᠯᠬ᠎ᠠ᠂ ᠰᠢᠬᠢᠷ | ᠲᠠᠢ ᠬᠤᠸᠠᠱᠧᠩ ᠠᠪᠤᠭᠠᠳ ᠬᠡᠬᠡᠷ᠎ᠠ ᠭᠠᠷᠬᠤ ᠶᠢ ᠦᠵᠡᠭᠡᠳ ᠪᠢ ᠶᠡᠭᠡᠳᠡ ᠭᠠᠶᠢᠬᠠᠵᠠᠢ᠃ ᠲᠡᠭᠦᠨ ᠠᠴᠠ ᠠᠪᠤᠭᠠᠳ | ᠪᠢ ᠲᠡᠳᠡᠨ ᠢ ᠲᠠᠭᠠᠵᠦ ᠲᠠᠶᠢᠸᠠᠨ ᠤ ᠵᠡᠭᠦᠨ ᠪᠠᠷᠠᠭᠤᠨ ᠡᠮᠦᠨ᠎ᠠ ᠤᠮᠠᠷ᠎ᠠ ᠦᠭᠡᠢ ᠶᠠᠪᠤᠵᠦ ᠵᠤᠰᠠᠵᠦ ᠬᠠᠢ ᠪᠸᠢ ᠳᠤ | ᠲᠠᠬᠢᠵᠦ ᠶᠠᠷᠰᠢᠬ ᠪᠤᠯᠤᠬᠰᠠᠠ ᠦᠭᠡᠢ᠃ ᠭᠡᠨ ᠠᠯᠢᠨ ᠳᠠᠭᠠᠨ ᠮᠠᠰᠢ ᠪᠠᠶᠠᠷᠳᠠᠢ ᠪᠠᠶᠢᠯ᠎ᠠ᠃ | ᠡᠳᠦᠭᠡ ᠬᠠᠷᠢᠨ ᠮᠤᠩᠭᠤᠯ ᠤᠯᠤᠰ ᠤᠨ ᠬᠦᠳᠡᠭᠡ ᠨᠤᠳᠤᠬ ᠲᠤ ᠬᠦᠷᠴᠦ ᠢᠷᠡᠵᠠᠢ᠃ ᠡᠭᠦᠨ ᠤ ᠦᠨᠳᠦᠰᠦ | ᠰᠤᠷᠪᠤᠯᠵᠢ ᠶᠢ ᠶᠠᠷᠢᠪᠡᠯ ᠤᠳᠤᠮᠯᠠᠯ ᠤᠨ ᠭᠧᠨ ᠤ ᠰᠢᠯᠳᠠᠭᠠᠨ ᠪᠠᠶᠢᠵᠦ ᠮᠡᠳᠡᠨ᠎ᠠ᠃ | ᠦᠳᠡ ᠶᠢᠨ ᠬᠤᠶᠢᠨᠠᠬᠢ 6 ᠴᠠᠬ ᠲᠤ ᠤᠨᠤᠨ ᠮᠦᠷᠡᠨ ᠤ ᠡᠬᠢᠨ ᠳᠤ ᠬᠦᠷᠦᠭᠰᠡᠡ ᠳᠤ ᠲᠡᠷᠡ ᠲᠤᠤᠷ᠎ᠠ ᠨᠢ | ᠰᠠᠨᠳᠤᠷᠴᠢᠬᠠᠯᠠ᠂ ᠠᠷᠪᠠᠨ ᠭᠡᠳᠦᠨ ᠵᠢᠯ ᠤᠨ ᠲᠤᠷᠰᠢ ᠮᠤᠩᠭᠤᠯ ᠤᠨ ᠦᠨᠳᠦᠷᠯᠢᠭ ᠲᠤ ᠭᠡᠰᠦᠨ ᠲᠡᠨᠦᠵᠦ ᠶᠠᠪᠤᠬᠰᠠᠠ | ᠮᠠᠨᠢ ᠶᠠᠭᠤᠨ ᠤ ᠲᠦᠯᠦᠭᠡ ᠪᠢᠯᠡ︖ | ᠬᠤᠯᠠ ᠠᠴᠠ ᠭᠤᠤᠯ ᠤᠨ ᠤᠰᠤᠨ ᠤ ᠬᠡᠷᠡᠯ ᠤᠨ ᠤᠢᠢᠯᠳᠠ ᠬᠠᠷᠠᠬᠳᠠᠨ᠎ᠠ᠂ ᠭᠤᠤᠯ ᠤᠨ ᠬᠦᠪᠡᠭᠡᠨ ᠳᠤ ᠤᠢ | ᠮᠤᠳᠦ ᠲᠠᠢ᠂ ᠵᠡᠭᠦᠨ ᠲᠠᠯ᠎ᠠ ᠶᠢᠨ ᠡᠮᠦᠨ᠎ᠠ ᠭᠡᠰᠡᠭ ᠲᠤ ᠵᠦᠪᠭᠡᠨ ᠪᠤᠷᠢᠶᠠᠳ ᠮᠤᠩᠭᠤᠯ ᠠᠶᠢᠯ ᠤᠨ ᠮᠤᠳᠤᠨ ᠪᠠᠶᠢᠰᠢᠩ | ᠬᠠᠷᠠᠬᠳᠠᠨ᠎ᠠ᠂ ᠴᠢᠮᠡᠭ ᠭᠡᠨᠡᠳᠳᠡ᠄ ︽ᠲᠦᠷᠭᠡᠨ ᠬᠠᠷᠠᠭᠠᠴᠢ︕ ᠲᠦᠷᠭᠡᠨ ᠬᠠᠷᠠᠭᠠᠴᠢ︕ ᠭᠡᠬᠦᠦ ᠤᠨᠠᠭᠠᠯᠠᠵᠦ ᠪᠤᠢ | ︕︾ ᠭᠡᠵᠦ ᠪᠠᠷᠬᠢᠷᠠᠪᠠ᠃ ᠮᠠᠯᠴᠢᠨ ᠠᠶᠢᠯ ᠤᠨ ᠪᠠᠶᠢᠰᠢᠩ ᠠᠴᠠ ᠨᠡᠯᠢᠶᠡᠳ ᠵᠠᠶᠢᠳᠠᠭᠤ ᠪᠠᠶᠢᠭ᠎ᠠ ᠭᠡᠷᠡᠰᠭᠡ ᠶᠢᠨ | ᠲᠡᠨᠳᠡ ᠨᠢᠬᠡ ᠭᠡᠬᠦᠦ ᠤᠨᠠᠭᠠᠯᠠᠵᠠᠢ᠂ ᠵᠢᠭᠠᠬᠠᠨ ᠤᠨᠠᠭ᠎ᠠ ᠵᠤᠬᠰᠤᠵᠦ ᠲᠡᠶᠢᠯᠬᠦ ᠦᠭᠡᠢ ᠪᠠᠶᠢᠬᠤ ᠳᠤ ᠡᠭᠡ ᠨᠢ ᠬᠠᠷᠢᠨ | ᠶᠠᠭᠠᠷᠠᠬᠤ ᠴᠦ ᠦᠭᠡᠢ ᠨᠠᠭᠠᠯᠳᠤᠨ ᠬᠦᠯᠢᠶᠡᠵᠦ ᠵᠤᠬᠰᠤᠨ᠎ᠠ᠃ | ᠤᠢᠢᠷ᠎ᠠ ᠬᠠᠪᠢ ᠳᠤ ᠬᠦᠮᠦᠨ ᠪᠠᠶᠢᠬᠤ ᠦᠭᠡᠢ ᠶᠢ ᠦᠵᠡᠭᠡᠳ ᠪᠢ ᠰᠤᠴᠢᠰᠬᠢᠪᠠ᠂ ᠭᠡᠬᠦᠦ ᠤᠨᠠᠭᠠᠯᠠᠬᠤ ᠪᠤᠯ | ᠪᠠᠰᠠ ᠴᠦ ᠶᠡᠭᠡ ᠶᠠᠪᠤᠳᠠᠯ᠂ ᠶᠠᠭᠠᠬᠢᠭᠠᠳ ᠨᠢᠭᠡ ᠴᠦ ᠬᠦᠮᠦᠨ ᠢᠷᠡᠵᠦ ᠬᠠᠮᠵᠢᠬᠤ ᠦᠭᠡᠢ ᠪᠤᠢ︖ | ︽ᠶᠠᠭᠠᠬᠢᠭᠠᠳ ᠬᠦᠮᠦᠨ ᠬᠠᠷᠠᠬᠳᠠᠬᠤ ᠦᠭᠡᠢ ᠪᠤᠢ︖︾ ᠭᠡᠵᠦ ᠪᠢ ᠠᠰᠠᠭᠤᠬᠰᠠᠠ ᠳᠤ ᠯᠠᠰᠢᠶ᠋ᠨ ᠭᠤᠸᠠᠢ | ᠄ ︽ᠬᠦᠮᠦᠨ ᠪᠦᠷ ᠨᠢᠭᠤᠴᠢᠬᠠᠵᠠᠢ︾ ᠭᠡᠵᠦ ᠬᠠᠷᠢᠭᠤᠯᠤᠬᠰᠠᠠ ᠢ ᠰᠤᠨᠤᠰᠤᠭᠠᠳ ᠪᠢ ᠨᠡᠩ ᠴᠦ ᠤᠬᠠᠭᠠᠨ ᠢ ᠨᠢ | ᠤᠯᠬᠤ ᠪᠠᠨ ᠪᠤᠯᠢᠪᠠ᠃ | ᠭᠡᠬᠦᠦ ᠤᠨᠠᠭᠠᠯᠠᠬᠤ ᠳᠠᠭᠠᠨ ᠬᠦᠮᠦᠨ ᠢ ᠤᠢᠢᠷᠠᠳᠤᠭᠤᠯᠬᠤ ᠲᠤᠷ᠎ᠠ ᠦᠭᠡᠢ ᠭᠡᠨ᠎ᠠ᠃ ᠭᠡᠷᠪᠡ ᠠᠩᠬ᠎ᠠ | ᠤᠨᠠᠭᠠᠯᠠᠬᠰᠠᠠ ᠤᠨᠠᠭ᠎ᠠ ᠬᠦᠮᠦᠨ ᠲᠠᠢ ᠤᠢᠢᠷᠠᠳᠤᠬᠰᠠᠠ ᠪᠠᠶᠢᠪᠡᠯ ᠲᠡᠷᠡ ᠭᠡᠬᠦᠦ ᠤᠨᠠᠭ᠎ᠠ ᠪᠠᠨ ᠭᠤᠯᠤᠵᠦ ᠬᠦᠬᠦᠭᠦᠯᠬᠦ | ᠪᠠᠨ ᠪᠤᠯᠢᠳᠠᠭ᠃ | ᠪᠠᠶᠢᠰᠢᠩ ᠳᠤ ᠯᠠᠪᠳᠠᠢ ᠬᠦᠮᠦᠨ ᠪᠠᠶᠢᠨ᠎ᠠ᠂ ᠲᠡᠷᠡ ᠮᠦᠷᠳᠡᠭᠡᠨ ᠪᠠᠶᠢᠰᠢᠩ ᠤᠨ ᠴᠤᠩᠬᠤ ᠪᠠᠷ ᠠᠵᠢᠬᠯᠠᠵᠦ | ᠪᠤᠢ᠂ ᠭᠡᠷᠪᠡ ᠭᠡᠬᠦᠦ ᠤᠨᠠᠭᠠᠯᠠᠵᠦ ᠲᠡᠶᠢᠯᠬᠦ ᠦᠭᠡᠢ ᠪᠤᠯᠪᠠᠯ ᠰᠠᠶᠢ ᠬᠦᠷᠴᠦ ᠤᠴᠢᠵᠦ ᠬᠠᠮᠵᠢᠳᠠᠬ᠃ ᠮᠠᠨ ᠤ ᠲᠡᠷᠭᠡ | ᠬᠦᠷᠴᠦ ᠢᠷᠡᠭᠰᠡᠡ ᠢ ᠴᠦ ᠬᠦᠮᠦᠨ ᠠᠩᠬᠠᠷᠤᠯ ᠳᠠᠭᠠᠨ ᠠᠪᠤᠬᠰᠠᠠ ᠨᠢ ᠢᠯᠡᠭᠡᠨ᠃ | ᠪᠢᠳᠡ ᠪᠠᠰᠠ ᠬᠢᠴᠢᠶᠡᠭᠰᠡᠡ ᠲᠡᠭᠡᠷ᠎ᠠ ᠨᠢ ᠬᠢᠴᠢᠶᠡᠵᠦ ᠵᠦᠪᠭᠡᠨ ᠬᠤᠯᠠ ᠠᠴᠠ ᠪᠠᠯᠠᠷᠬᠠᠢ ᠰᠡᠭᠦᠳᠡᠷ ᠲᠠᠳᠠᠵᠠᠢ᠃ | ᠨᠢᠭᠡ ᠰᠡᠭᠦᠳᠡᠷ ᠤᠨ ᠰᠠᠶᠢᠨ ᠮᠠᠭᠤ ᠲᠤᠳᠤᠷᠬᠠᠢ ᠡᠰᠡᠬᠦ ᠶᠢ ᠰᠠᠶ᠋ᠢ ᠭᠠᠷᠤᠬᠰᠠᠠ ᠤᠨᠠᠭ᠎ᠠ ᠶᠢᠨ ᠦᠬᠦᠵᠦ ᠡᠳᠡᠭᠡᠬᠦ ᠲᠠᠢ | ᠠᠳᠠᠯᠢᠳᠬᠠᠪᠡᠯ ᠠᠯᠢ ᠨᠢ ᠴᠢᠬᠤᠯᠠ ᠪᠢᠯᠠ︖ | ᠭᠡᠳᠦ ᠤᠳᠠᠭ᠎ᠠ ᠲᠡᠭᠡᠵᠦ ᠲᠡᠯᠴᠢᠯᠡᠭᠡᠳ ᠪᠢᠴᠢᠬᠠᠨ ᠤᠨᠠᠭ᠎ᠠ ᠪᠤᠰᠴᠦ ᠵᠤᠬᠰᠤᠵᠦ ᠠᠯᠬᠤᠬᠤ ᠪᠠᠷ | ᠲᠡᠯᠴᠢᠯᠡᠨᠠ ᠁ ᠲᠡᠭᠡᠬᠦ ᠳᠤ ᠯᠠᠰᠢᠶᠠ ᠭᠤᠸᠠᠢ᠄ ︽ᠪᠢᠳᠡ ᠶᠠᠪᠤᠶ᠎ᠠ︾ ᠭᠡᠵᠦ ᠭᠡᠯᠡᠪᠡ᠃ | ᠪᠤᠯᠤᠬᠰᠠᠠ︕ ᠪᠢᠴᠢᠬᠠᠨ ᠤᠨᠠᠭ᠎ᠠ ᠠᠮᠢ ᠨᠠᠰᠤᠨ ᠤ ᠪᠠᠨ ᠡᠬᠢᠯᠡᠯᠳᠡ ᠶᠢᠨ ᠨᠢᠭᠡ ᠠᠯᠬᠤᠮ ᠢ ᠠᠯᠬᠤᠯ᠎ᠠ᠃ | ᠮᠠᠨ ᠤ ᠲᠦᠷᠪᠡᠭᠦᠯᠡ ᠴᠦ ᠪᠠᠶᠠᠷ ᠪᠠᠶᠠᠰᠤᠯ ᠲᠠᠢ ᠪᠠᠷ ᠮᠦᠷᠡᠨ ᠤ ᠬᠦᠪᠡᠭᠡ ᠲᠡᠰᠢ ᠠᠯᠬᠤᠯᠠᠵᠠᠢ᠃ | ᠡᠨᠡ ᠨᠠᠰᠤᠨ ᠳᠠᠭᠠᠨ ᠪᠢ ᠡᠵᠡᠨ ᠪᠤᠬᠳᠠ ᠶᠢᠨ ᠲᠦᠷᠦᠭᠰᠡᠡ ᠨᠤᠳᠤᠭ ᠲᠤ ᠠᠩᠬ᠎ᠠ ᠢᠷᠡᠵᠦ ᠪᠠᠶᠢᠨ᠎ᠠ᠂ | ᠤᠨᠤᠨ ᠮᠦᠷᠡᠨ ᠤ ᠬᠦᠪᠡᠭᠡᠨ ᠳᠤ ᠬᠦᠷᠦᠭᠡᠳ ᠪᠢ ᠦᠪᠡᠷ ᠤᠨ ᠡᠷᠭᠡ ᠦᠭᠡᠢ ᠰᠦᠬᠦᠷᠤᠨ ᠮᠦᠷᠬᠦᠯᠠ ᠁ | ᠰᠡᠳᠭᠢᠯ ᠮᠢᠨᠢ ᠲᠦᠭᠦᠷᠡᠩ ᠡᠷᠭᠢᠵᠦ ᠪᠢᠯᠬᠠᠮ᠎ᠠ ᠴᠠᠯᠬᠢᠮ᠎ᠠ ᠮᠦᠷᠡᠨ ᠤ ᠤᠰᠤᠨ ᠮᠡᠳᠦ ᠪᠤᠯᠪᠠ᠃ | ᠡᠵᠡᠨ ᠪᠤᠬᠳᠠ ᠴᠢᠩᠭᠢᠰ ᠬᠠᠭᠠᠨ ᠤ ᠲᠦᠷᠦᠭᠰᠡᠡ ᠨᠤᠳᠤᠬ — ᠭᠡᠨᠳᠠᠢ ᠠᠶᠢᠮᠠᠬ ᠢ ᠭᠡᠨᠳᠠᠢ ᠠᠭᠤᠯᠠ ᠪᠠᠷ | ᠨᠡᠷᠡᠯᠡᠭᠰᠡᠡ ᠪᠠᠶᠢᠳᠠᠬ᠃ ᠭᠡᠨᠳᠠᠢ ᠠᠭᠤᠯᠠ ᠪᠤᠯ ᠮᠤᠩᠭᠤᠯ ᠤᠯᠤᠰ ᠤᠨ ᠵᠡᠭᠦᠨ ᠭᠡᠰᠡᠭ ᠤᠨ ᠬᠠᠮᠤᠭ ᠤᠨ ᠦᠨᠳᠦᠷ | ᠠᠭᠤᠯᠠ ᠨᠢᠷᠤᠭᠤ ᠪᠤᠯᠤᠨ᠎ᠠ᠂ ᠲᠠᠯᠠᠢ ᠶᠢᠨ ᠲᠦᠪᠰᠢᠨ ᠠᠴᠠ ᠲᠡᠭᠡᠭᠰᠢ ᠲᠤᠮᠳᠠᠴᠢ ᠪᠠᠷ 2000 ᠮᠧᠲᠷ ᠡᠷᠭᠦᠭᠳᠡᠵᠦ | ᠬᠠᠮᠤᠭ ᠤᠨ ᠦᠨᠳᠦᠷ ᠭᠡᠰᠡᠭ ᠲᠡᠭᠡᠨ ᠪᠠᠷᠤᠬ 2800 ᠮᠧᠲᠷ ᠡᠷᠭᠦᠭᠳᠡᠭᠰᠡᠡ ᠪᠠᠶᠢᠳᠠᠬ᠃ ᠡᠨᠡᠬᠦ ᠦᠨᠳᠦᠷ ᠰᠦᠷᠯᠢᠭ | ᠠᠭᠤᠯᠠ ᠨᠢᠷᠤᠭᠤ ᠪᠤᠯ ᠭᠡᠷᠦᠯᠦᠨ ᠮᠦᠷᠡᠨ᠂ ᠲᠤᠤᠯᠠ ᠭᠤᠤᠯ ᠪᠤᠯᠤᠨ ᠤᠨᠤᠨ ᠮᠦᠷᠡᠨ ᠤ ᠡᠭᠦᠰᠦᠯᠳᠡ ᠶᠢᠨ ᠤᠷᠤᠨ | ᠪᠤᠯᠤᠨ᠎ᠠ᠂ ᠮᠦᠨ ᠴᠦ ᠲᠡᠤᠭᠡ ᠶᠢᠨ ᠨᠤᠮ ᠳᠤ ᠶᠠᠷᠢᠳᠠᠬ ︽ᠭᠤᠷᠪᠠᠨ ᠮᠦᠷᠡᠨ ᠤ ᠡᠬᠢ︾ ᠪᠤᠯᠤᠨ᠎ᠠ᠃ | ᠤᠨᠤᠨ ᠮᠦᠷᠡᠨ ᠤ ᠬᠦᠪᠡᠭᠡ ᠠᠴᠠ ᠠᠯᠤᠰ ᠢ ᠰᠢᠷᠳᠡᠪᠡᠯ ᠴᠡᠯᠡᠶᠢᠮᠠ ᠲᠠᠯ᠎ᠠ ᠶᠢᠨ ᠴᠠᠭᠠᠨ᠎ᠠ ᠪᠠᠰᠠ | ᠰᠦᠨᠳᠡᠷᠯᠡᠨ ᠬᠠᠷᠠᠬᠳᠠᠭᠠ ᠠᠭᠤᠯᠠᠰ ᠪᠤᠢ᠂ ᠠᠳᠡᠬᠢ ᠠᠭᠤᠯᠠᠰ ᠨᠢ ᠡᠩ ᠤᠨ ᠲᠠᠯ᠎ᠠ ᠨᠤᠳᠤᠬ ᠤᠨ ᠠᠭᠤᠯᠨ ᠪᠠ | ᠲᠤᠪᠤᠴᠠᠬ ᠠᠴᠠ ᠬᠤᠯᠠ ᠰᠦᠷᠯᠢᠭ ᠦᠨᠳᠦᠷ ᠬᠠᠷᠠᠬᠳᠠᠨ᠎ᠠ᠃ | ᠮᠦᠷᠡᠨ ᠢ ᠬᠦᠨᠳᠡᠯᠢᠰᠦᠭᠰᠡᠡ ᠱᠦᠢᠨᠢ ᠬᠦᠭᠦᠷᠭᠡᠨ ᠳᠤ ᠬᠦᠷᠦᠭᠡᠳ ᠠᠭᠤᠯᠠᠨ ᠬᠦᠳᠦᠯ ᠲᠠᠢ ᠵᠠᠯᠭᠠᠯᠳᠤᠬᠰᠠᠠ | ᠪᠠᠯᠠᠷᠯᠢᠬ ᠤᠢ ᠶᠢ ᠬᠠᠷᠠᠬᠤᠯᠠᠷ ᠭᠡᠳᠦᠢ ᠵᠢᠯ ᠪᠤᠯᠵᠦ ᠪᠠᠶᠢᠭ᠎ᠠ ᠤᠢ ᠮᠤᠳᠦ ᠶᠢ ᠪᠤᠤ ᠮᠡᠳᠡ︕ ᠠᠮᠢᠵᠢᠷᠠᠯ ᠤᠨ | ᠬᠦᠴᠦᠨ ᠢᠶᠠᠷ ᠲᠦᠢᠯ ᠤᠨ ᠴᠢᠩᠭ᠎ᠠ ᠪᠠᠶᠢᠬᠤ ᠶᠢ ᠭᠡᠯᠡᠬᠦ ᠦᠭᠡᠢ ᠤᠨᠴᠠ ᠭᠤᠶᠤ ᠬᠠᠷᠠᠬᠳᠠᠨ᠎ᠠ᠃ | ᠤᠢᠢᠷ᠎ᠠ ᠳᠤ ᠶᠠᠮᠠᠷ ᠲᠠᠬᠢᠯᠭ᠎ᠠ ᠶᠢᠨ ᠶᠤᠰᠤᠯᠠᠯ ᠶᠠᠪᠤᠬᠳᠠᠭᠤᠯᠤᠬᠰᠠᠠ ᠢ ᠪᠤᠤ ᠮᠡᠳᠡ᠂ ᠤᠢ ᠶᠢᠨ ᠬᠠᠪᠢ ᠳᠤ | ᠪᠠᠶᠢᠭ᠎ᠠ ᠨᠢᠭᠡᠨ ᠲᠤᠮᠦ ᠮᠤᠳᠤᠨ ᠰᠠᠯᠠᠭᠠᠨ ᠳᠤ ᠴᠡᠩᠭᠡᠷ ᠬᠠᠳᠠᠬ ᠲᠦᠭᠦᠷᠡᠳᠡᠯᠠ ᠤᠶᠤᠵᠦ ᠲᠠᠯᠪᠢᠬᠰᠠᠠ ᠪᠠᠶᠢᠯ᠎ᠠ᠃ | ᠮᠦᠷᠡᠨ ᠤ ᠲᠦᠪᠰᠢᠨ ᠢ ᠠᠵᠢᠬᠯᠠᠬᠤᠯᠠᠷ ᠡᠨᠡ ᠵᠢᠯ ᠤᠨ ᠬᠤᠷ᠎ᠠ ᠤᠰᠦ ᠲᠡᠭᠰᠢᠭᠡᠨ᠂ ᠮᠦᠷᠡᠨ ᠤ ᠤᠰᠤᠨ | ᠪᠢᠯᠬᠠᠮ᠎ᠠ ᠴᠠᠯᠬᠢᠮ᠎ᠠ᠃ ᠮᠦᠷᠡᠨ ᠤ ᠬᠦᠪᠡᠭᠡᠨ ᠳᠤ ᠪᠤᠳᠠ ᠰᠦᠭᠡᠭ ᠪᠠᠭᠴᠠᠷᠠᠳᠠᠯᠠ ᠤᠷᠭᠤᠵᠠᠢ᠂ ᠨᠠᠪᠴᠢ ᠨᠢ | ᠪᠤᠷᠭᠠᠰᠤᠨ ᠤ ᠨᠠᠪᠴᠢ ᠲᠠᠢ ᠲᠦᠰᠦᠭᠡᠳᠠᠢ ᠪᠤᠯᠪᠠᠴᠦ ᠨᠠᠷᠢᠬᠠᠨ ᠤᠷᠳᠦ᠃ ᠡᠳᠡᠭᠡᠷ ᠪᠤᠳᠠ ᠰᠦᠭᠡᠭ ᠢ ᠬᠤᠯᠠ ᠠᠴᠠ | ᠬᠠᠷᠠᠬᠤ ᠳᠤ ᠪᠤᠭᠤᠨᠢ ᠬᠠᠷᠠᠬᠳᠠᠪᠠᠴᠦ ᠤᠢᠢᠷᠠᠳᠤᠵᠦ ᠤᠴᠢᠭᠠᠳ ᠦᠵᠡᠭᠦᠯᠡᠷ ᠬᠦᠮᠦᠨ ᠠᠴᠠ ᠦᠨᠳᠦᠷ᠂ ᠢᠬᠴᠢ | ᠰᠠᠬᠤᠯᠢᠬ ᠤᠷᠭᠤᠵᠠᠢ᠂ ᠮᠤᠳᠤᠨ ᠤ ᠰᠠᠷᠠᠪᠴᠢ ᠨᠢ ᠪᠤᠷᠤᠭᠠᠨ ᠤ ᠰᠢᠬᠦᠷ ᠭᠡᠯᠪᠡᠷᠢᠳᠠᠢ᠂ ᠲᠤᠳᠤᠷ᠎ᠠ ᠨᠢ ᠨᠢᠭᠤᠯᠴᠠᠨ | ᠨᠠᠭᠠᠳᠪᠡᠯ ᠨᠢᠭᠡ ᠨᠢᠭᠡᠨ ᠢᠶᠠᠨ ᠡᠷᠢᠵᠦ ᠤᠯᠬᠤ ᠳᠤ ᠦᠨᠡᠭᠡᠷ ᠪᠡᠷᠭᠡ᠃ | ᠲᠤᠰ ᠭᠠᠵᠠᠷ ᠨᠢ ᠡᠵᠡᠨ ᠪᠤᠬᠳᠠ ᠲᠡᠮᠦᠵᠢᠨ ᠤ ᠪᠠᠯᠴᠢᠷ ᠪᠠᠭ᠎ᠠ ᠨᠠᠰᠤᠨ ᠳᠠᠭᠠᠨ ᠨᠠᠭᠠᠳᠤᠨ ᠲᠤᠬᠯᠠᠵᠦ | ᠪᠠᠶᠢᠬᠰᠠᠠ ᠭᠠᠵᠠᠷ ᠪᠤᠯᠤᠯᠳᠠᠢ︕ | ︽ᠮᠤᠩᠭᠤᠯ ᠤᠨ ᠨᠢᠭᠤᠴᠠ ᠲᠤᠪᠴᠢᠶᠠᠨ︾ ᠳᠤ᠄ ᠦᠬᠡᠯᠦᠨ ᠬᠠᠳᠤᠨ ᠤ ᠭᠡᠭᠡᠷ᠎ᠠ ᠶᠢᠨ ᠨᠤᠭᠤᠭ᠎ᠠ ᠪᠠᠷ | ᠦᠰᠭᠡᠨ ᠬᠦᠮᠦᠵᠢᠭᠦᠯᠦᠭᠰᠡᠡ ᠭᠡᠤᠭᠡᠳ ᠨᠢ ᠬᠦᠴᠦ ᠲᠤᠷᠪᠢᠳᠠᠢ᠂ ᠪᠠᠭᠠᠳᠤᠷ ᠵᠤᠷᠢᠭ ᠲᠠᠢ ᠰᠠᠶᠢᠨ ᠡᠷ᠎ᠠ ᠪᠤᠯᠵᠦ | ᠦᠰᠦᠨ ᠪᠤᠶᠢᠵᠢᠯᠠ᠃ ᠲᠡᠳᠡ᠄ ︽ᠪᠢᠳᠡ ᠬᠠᠳᠤᠨ ᠡᠭᠡ ᠪᠠᠨ ᠠᠰᠠᠷᠠᠨ ᠲᠡᠵᠢᠭᠡᠨ᠎ᠠ︾ ᠭᠡᠵᠦ ᠭᠡᠯᠡᠵᠠᠢ᠃ | ᠲᠦᠷᠦᠭᠰᠡᠡ ᠨᠤᠳᠤᠬ ᠤᠨᠤᠨ ᠮᠦᠷᠡᠨ ᠤ ᠬᠦᠪᠡᠭᠡᠨ ᠳᠤ ᠰᠠᠭᠤᠭᠠᠳ ᠵᠢᠭᠠᠰᠦ ᠬᠦᠬᠢᠳᠡᠨ ᠠᠪᠴᠢᠷᠠᠵᠦ ᠰᠢᠷᠠᠵᠦ | ᠪᠤᠯᠭᠤᠭᠠᠭᠠᠳ ᠁ ᠁ ᠢᠩᠭᠢᠵᠦ ᠯᠠ ᠬᠠᠳᠤᠨ ᠡᠭᠡ ᠪᠠᠨ ᠠᠰᠠᠷᠠᠨ ᠲᠡᠵᠢᠭᠡᠭᠰᠡᠡ ᠭᠡᠵᠦ ᠲᠡᠮᠳᠡᠭᠯᠡᠵᠦ ᠪᠤᠢ᠃ | | ᠢᠵᠢᠯ ᠶᠠᠰᠤᠳᠠᠨ ᠲᠠᠶᠢᠴᠢᠭᠤᠳ ᠠᠶᠢᠮᠠᠬ ᠲᠤ ᠭᠤᠯᠤᠬᠳᠠᠬᠰᠠᠠ ᠦᠨᠦᠴᠢᠨ ᠪᠡᠯᠪᠡᠰᠦᠨ ᠬᠦᠮᠦᠰ ᠤᠨᠤᠨ | ᠮᠦᠷᠡᠨ ᠤ ᠬᠦᠪᠡᠭᠡᠨ ᠳᠤ ᠬᠠᠳᠤᠨ ᠡᠭᠡ ᠶᠢᠨ ᠢᠶᠠᠨ ᠲᠡᠭᠦᠵᠦ ᠠᠪᠴᠢᠷᠠᠬᠰᠠᠠ ᠭᠡᠭᠡᠷ᠎ᠠ ᠶᠢᠨ ᠨᠤᠭᠤᠭ᠎ᠠ ᠶᠢ ᠢᠳᠡᠵᠦ | ᠦᠰᠦᠨ ᠪᠤᠶᠢᠵᠢᠬᠰᠠᠠ ᠭᠡᠤᠭᠡᠳ ᠨᠢ ᠤᠨᠤᠨ ᠮᠦᠷᠡᠨ ᠤ ᠬᠦᠪᠡᠭᠡᠨ ᠳᠤ ᠠᠷᠭ᠎ᠠ ᠪᠦᠬᠦᠨ ᠢ ᠰᠦᠪᠡᠭᠴᠢᠯᠡᠨ ᠠᠩᠨᠠᠵᠦ | ᠪᠠᠷᠢᠵᠦ ᠠᠪᠴᠢᠷᠠᠬᠰᠠᠠ ᠵᠢᠠᠭᠠᠰᠦ ᠪᠠᠨ ᠰᠢᠷᠠᠵᠦ ᠬᠠᠳᠤᠨ ᠡᠭᠡ ᠳᠡᠭᠡᠨ ᠢᠳᠡᠭᠦᠯᠵᠦ ᠠᠰᠠᠷᠠᠨ ᠲᠡᠵᠢᠭᠡᠵᠠᠢ᠃ ᠤᠨᠤᠨ | ᠮᠦᠷᠡᠨ ᠮᠤᠩᠭᠤᠯ ᠤᠯᠤᠰ ᠤᠨ ᠬᠢᠯᠢ ᠳᠤ ᠵᠦᠪᠭᠡᠨ 300 ᠺᠢᠯᠦᠮᠧᠲᠷ ᠤᠷᠳᠦ ᠪᠠᠶᠢᠭ᠎ᠠ ᠪᠤᠯᠪᠠᠴᠦ ᠮᠤᠩᠭᠤᠯ | ᠦᠨᠳᠦᠰᠦᠳᠡᠨ ᠤ ᠲᠡᠤᠭᠡᠨ ᠲᠡᠭᠡᠷ᠎ᠠ ᠦᠨᠢ ᠤᠳᠠᠭᠠᠨ ᠲᠡᠤᠭᠡ ᠲᠠᠢ ᠠᠮᠢ ᠨᠠᠰᠤᠨ ᠤ ᠭᠤᠤᠯ ᠪᠤᠯᠵᠦ ᠬᠤᠴᠤᠷᠤᠬᠰᠠᠠ | ᠪᠠᠶᠢᠨ᠎ᠠ᠃ | ᠠᠳᠡ ᠢᠷᠡᠭᠡᠳ ᠮᠢᠨᠦ ᠰᠡᠳᠭᠢᠯ ᠤᠨᠴᠠᠭᠠᠢ ᠠᠭᠤᠳᠠᠮ ᠲᠠᠶᠢᠪᠤᠭᠤᠬᠠᠨ ᠪᠤᠯᠤᠬᠰᠠᠠ ᠮᠡᠳᠦ ᠰᠠᠨᠠᠬᠳᠠᠯ᠎ᠠ᠃ | | ᠪᠠᠰᠠ ᠵᠢᠭᠠᠬᠠᠨ ᠤᠷᠤᠬᠰᠢ ᠶᠠᠪᠤᠬᠤᠯᠠᠷ ᠨᠢᠭᠡᠨ ᠡᠩ ᠤᠨ ᠤᠪᠤᠭ᠎ᠠ ᠲᠠᠭᠠᠷᠠᠯᠳᠤᠵᠠᠢ᠂ ᠲᠡᠶᠢᠮᠦ ᠶᠡᠭᠡ ᠪᠢᠰᠢ᠂ | ᠤᠷᠳᠦ ᠲᠦᠷᠪᠡᠯᠵᠢᠨ ᠭᠡᠯᠪᠡᠷᠢᠳᠠᠢ᠂ ᠫᠠᠶᠢᠰᠡᠨ ᠲᠡᠭᠡᠷ᠎ᠠ ︽ᠴᠢᠩᠭᠢᠰ ᠬᠠᠭᠠᠨ ᠤ ᠲᠦᠷᠦᠭᠰᠡᠡ ᠨᠤᠳᠤᠭ︾ ᠭᠡᠮᠡᠨ | ᠮᠤᠩᠭᠤᠯ ᠢᠶᠠᠷ ᠪᠢᠴᠢᠭᠰᠡᠡ ᠪᠠᠶᠢᠪᠠ᠃ ᠪᠢᠳᠡ ᠨᠢᠭᠡᠨᠳᠡ ᠡᠵᠡᠨ ᠪᠤᠬᠳᠠ ᠴᠢᠩᠭᠢᠰ ᠬᠠᠭᠠᠨ ᠤ ᠭᠡᠷ ᠤᠷᠤᠨ ᠤ ᠬᠦᠷᠢᠶ᠎ᠠ | ᠭᠡᠪᠴᠢᠶᠡᠨ ᠳᠤ ᠤᠢᠢᠷᠠᠳᠤᠯ᠎ᠠ ᠭᠡᠰᠡᠡ ᠢ ᠮᠡᠳᠡᠵᠠᠢ᠃ | ᠮᠠᠰᠢᠨ ᠲᠡᠷᠭᠡᠨ ᠠᠴᠠ ᠪᠠᠭᠤᠭᠠᠳ ᠰᠢᠩᠭᠡᠨ ᠪᠤᠳᠠᠭ᠎ᠠ ᠴᠢᠨᠠᠬᠤ ᠳᠤ ᠴᠡᠪᠡᠷ ᠲᠤᠩᠭᠠᠯᠠᠬ ᠠᠭᠤᠷ ᠠᠮᠢᠰᠬᠤᠯ | ᠲᠡᠶᠢᠮᠦ ᠯᠠ ᠲᠠᠭᠠᠳᠠᠢ ᠲᠡᠮᠡᠢ ᠯᠠ ᠰᠠᠶᠢᠬᠠᠨ᠃ ᠢᠷᠡᠬᠦ ᠵᠠᠮ ᠵᠠᠭᠤᠷ᠎ᠠ ᠪᠠᠭ᠎ᠠ ᠪᠤᠷᠤᠭᠠᠨ ᠤᠷᠤᠬᠰᠠᠠ ᠪᠤᠯᠬᠤᠷ ᠡᠷᠭᠢᠨ | ᠲᠤᠭᠤᠷᠢᠨ ᠤ ᠡᠪᠡᠰᠦ ᠨᠤᠭᠤᠭ᠎ᠠ ᠶᠠᠭᠠᠬᠢᠬᠤ ᠶᠢᠨ ᠠᠷᠭ᠎ᠠ ᠦᠭᠡᠢ ᠨᠤᠭᠤᠭᠠᠨ ᠦᠩᠭᠡ ᠪᠠᠷ ᠪᠢᠯᠬᠠᠷᠠᠵᠦ᠂ ᠵᠠᠷᠢᠮ | ᠭᠠᠵᠠᠷ ᠤᠨ ᠡᠪᠡᠰᠦᠨ ᠤ ᠴᠢᠨᠠᠷ ᠨᠢ ᠭᠡᠪᠢᠰ ᠲᠤᠷᠭ᠎ᠠ ᠲᠡᠪᠢᠰᠦᠭᠰᠡᠡ ᠮᠡᠳᠦ ᠵᠦᠭᠡᠯᠡᠨ᠂ ᠵᠠᠷᠢᠮ ᠭᠠᠵᠠᠷ ᠤᠨ | ᠡᠪᠡᠰᠦᠨ ᠤ ᠦᠩᠭᠡ ᠬᠦᠨ᠂ ᠰᠦᠮ᠎ᠠ ᠭᠡᠶᠢᠳ ᠤᠨ ᠲᠡᠭᠡᠪᠦᠷ ᠤᠨ ᠰᠢᠯ ᠪᠤᠳᠤᠬ ᠮᠡᠳᠦ᠂ ᠵᠠᠷᠢᠮ ᠨᠡᠯᠦ᠋ᠢᠮᠠ | ᠴᠡᠯᠡᠶᠢᠮᠠ ᠭᠠᠵᠠᠷ ᠲᠤ ᠴᠡᠩᠭᠡᠷ ᠲᠤᠶᠠᠭ᠎ᠠ ᠰᠠᠴᠤᠬᠳᠡᠨ ᠨᠠᠭᠤᠷ ᠤᠨ ᠤᠰᠤᠨ ᠮᠡᠳᠦ ᠭᠤᠶᠤᠬᠠᠨ ᠁ | ᠯᠠᠰᠢᠶᠠ ᠭᠤᠸᠠᠢ ᠮᠢᠨᠦ ᠮᠡᠯᠡᠷᠡᠨ ᠰᠢᠷᠳᠡᠵᠦ ᠪᠠᠶᠢᠬᠤ ᠪᠠᠶᠢᠳᠠᠯ ᠢ ᠦᠵᠡᠵᠦ ᠭᠠᠷᠤᠬᠰᠠᠠ ᠪᠤᠯᠤᠯᠳᠠᠢ ᠬᠦᠷᠴᠦ | ᠢᠷᠡᠭᠡᠳ ᠨᠢᠭᠡ ᠦᠭᠡ ᠭᠡᠯᠡᠪᠡ᠂ ᠲᠡᠭᠦᠨ ᠤ ᠭᠡᠯᠡᠭᠰᠡᠡ ᠦᠭᠡ ᠶᠢ ᠤᠷᠴᠢᠭᠤᠯᠬᠤ ᠦᠭᠡᠢ ᠳᠤ ᠪᠢ ᠭᠠᠳᠠᠷᠯᠠᠵᠠᠢ᠂ | ᠲᠡᠷᠡ᠄ ︽ᠡᠵᠡᠨ ᠪᠤᠬᠳᠠ ᠴᠢᠩᠭᠢᠰ ᠬᠠᠭᠠᠨ ᠤ ᠲᠦᠷᠦᠭᠰᠡᠡ ᠨᠤᠳᠤᠬ ᠦᠨᠡᠭᠡᠷ ᠰᠠᠶᠢᠬᠠᠨ︕︾ ᠭᠡᠵᠦ ᠭᠡᠯᠡᠵᠠᠢ᠃ | | ᠪᠢ ᠴᠦ ᠲᠡᠭᠡᠵᠦ ᠪᠤᠳᠤᠯ᠎ᠠ᠃ | ᠲᠠᠬᠢᠭᠠᠳ ᠤᠷᠤᠬᠰᠢ ᠶᠠᠪᠤᠬᠤᠯᠠᠷ ᠰᠠᠶ᠋ᠢ ᠶᠢᠨ ᠠᠭᠤᠯᠠᠷᠬᠠᠬ ᠤᠷᠤᠨ ᠠᠴᠠ ᠭᠠᠷᠴᠦ ᠢᠷᠡᠭᠡᠳ ᠬᠦᠪᠡᠭᠡ | ᠬᠢᠵᠠᠭᠠᠷ ᠨᠢ ᠬᠠᠷᠠᠬᠳᠠᠬᠤ ᠦᠭᠡᠢ ᠲᠠᠯ᠎ᠠ ᠨᠤᠳᠤᠬ ᠲᠤ ᠤᠷᠤᠬᠰᠠᠠ᠂ ᠢᠬᠴᠢ ᠰᠠᠬᠤᠯᠢᠬ ᠤᠷᠭᠤᠬᠰᠠᠠ ᠤᠯᠠᠨ | ᠵᠦᠢᠯ ᠤᠨ ᠡᠪᠡᠰᠦ ᠨᠤᠭᠤᠭ᠎ᠠ ᠲᠡᠭᠰᠢ ᠲᠠᠯ᠎ᠠ ᠳᠤ ᠦᠩᠭᠡᠳᠦ ᠭᠡᠪᠢᠰ ᠲᠡᠯᠭᠡᠭᠰᠡᠡ ᠮᠡᠳᠦ᠂ ᠪᠠᠭ᠎ᠠ ᠲᠤᠪᠤᠴᠠᠬ | ᠭᠠᠵᠠᠷ ᠤᠨ ᠪᠠᠶᠢᠴᠠ ᠶᠢ ᠲᠠᠭᠠᠨ ᠨᠢᠳᠤᠨ ᠬᠠᠷᠠᠴᠠ ᠪᠠᠨ ᠰᠢᠯᠵᠢᠭᠦᠯᠬᠦ ᠳᠤ ᠬᠠᠷᠠᠬᠤ ᠨᠢᠳᠤᠨ᠎ᠠ ᠨᠤᠭᠤᠭᠠᠨ ᠲᠠᠪᠠᠯᠭᠠᠨ | ᠪᠤᠰᠤᠨ᠎ᠠ᠃ | ᠡᠵᠡᠨ ᠪᠤᠬᠳᠠ ᠴᠢᠩᠭᠢᠰ ᠬᠠᠭᠠᠨ ᠤ ᠲᠦᠷᠦᠭᠰᠡᠡ ᠨᠤᠳᠤᠬ ᠲᠤ ᠤᠷᠤᠬᠤᠯᠠᠷ ᠲᠤᠰ ᠰᠤᠮᠦ ᠨᠢ ᠡᠳᠦᠭᠡ | ᠪᠤᠷᠢᠶᠠᠳ ᠮᠤᠩᠭᠤᠯᠴᠤᠳ ᠤᠨ ᠲᠦᠪᠯᠡᠷᠡᠨ ᠰᠠᠭᠤᠭ᠎ᠠ ᠭᠠᠵᠠᠷ ᠪᠤᠯᠤᠬᠰᠠᠠ ᠠᠴᠠ ᠮᠤᠩᠭᠤᠯ ᠭᠡᠷ ᠬᠠᠷᠠᠬᠳᠠᠬᠤ ᠪᠠᠨ | ᠪᠤᠯᠢᠵᠠᠢ᠂ ᠪᠤᠷᠢᠶᠠᠳ ᠮᠠᠯᠴᠢᠳ ᠪᠦᠷ ᠮᠤᠳᠤᠨ ᠪᠠᠶᠢᠰᠢᠩ ᠳᠤ ᠰᠠᠭᠤᠬᠤ ᠲᠤᠷ᠎ᠠ ᠲᠠᠢ᠂ ᠲᠡᠳᠡ ᠮᠦᠨ ᠯᠠ ᠮᠠᠯᠵᠢᠬᠤ | ᠠᠮᠢᠳᠤᠷᠠᠯ ᠢ ᠬᠢᠵᠦ ᠪᠤᠢ᠂ ᠬᠦᠷᠰᠢ ᠵᠡᠷᠭᠡᠯᠡᠳᠡᠭᠡ ᠶᠢᠨ ᠬᠢᠨ ᠬᠤᠯᠠ ᠵᠠᠶᠢᠳᠠᠢ ᠰᠠᠭᠤᠳᠠᠬ᠃ | | ᠰᠢ᠊ · ᠮᠦᠷᠡᠨ ᠤᠨᠤᠨ ᠮᠦᠷᠡᠨ ᠤ ᠬᠦᠪᠡᠭᠡᠨ ᠳᠤ | | | ᠡᠳᠡᠭᠡᠷ ᠪᠤᠷᠢᠶᠠᠳ ᠮᠤᠩᠭᠤᠯᠴᠤᠳ ᠲᠡᠭᠡᠷ᠎ᠡ ᠵᠠᠭᠤᠨ ᠤ ᠭᠤᠴᠢᠭᠠᠳ ᠤᠨ ᠤ ᠦᠶ᠎ᠠ ᠳᠤ ᠤᠷᠢᠳᠦ ᠶᠢᠨ | ᠵᠦᠪᠯᠡᠯᠳᠦ ᠬᠤᠯᠪᠤᠭᠠᠳᠦ ᠤᠯᠤᠰ ᠠᠴᠠ ᠡᠷᠭᠦᠳᠡᠯ ᠭᠠᠷᠭᠠᠨ ᠰᠢᠯᠵᠢᠵᠦ ᠢᠷᠡᠭᠰᠡᠡ ᠭᠡᠵᠦ ᠴᠢᠮᠡᠭ ᠨᠠᠳᠠᠳᠦ ᠭᠡᠯᠡᠵᠦ | ᠦᠭᠴᠠᠢ᠃ ᠭᠡᠨᠳᠠᠢ ᠠᠶᠢᠮᠠᠬ ᠤᠨ ᠤᠮᠠᠷᠠᠳᠦ ᠭᠡᠰᠡᠭ᠂ ᠦᠭᠡᠷ᠎ᠠ ᠪᠠᠷ ᠭᠡᠯᠡᠪᠡᠯ ᠡᠵᠡᠨ ᠪᠤᠬᠳᠠ ᠴᠢᠩᠭᠢᠰ ᠬᠠᠭᠠᠨ ᠤ | ᠲᠦᠷᠦᠭᠰᠡᠡ ᠨᠤᠳᠤᠬ ᠨᠢ ᠮᠤᠩᠭᠤᠯ ᠤᠯᠤᠰ ᠪᠤᠯᠤᠨ ᠤᠷᠢᠳᠦ ᠶᠢᠨ ᠵᠦᠪᠯᠡᠯᠳᠦ ᠬᠤᠯᠪᠤᠭᠠᠳᠦ ᠤᠯᠤᠰ ᠤᠨ ᠬᠢᠯᠢ ᠶᠢᠨ | ᠵᠠᠭᠠᠬ ᠤᠨ ᠤᠢᠢᠷᠠᠯᠴᠠᠭ᠎ᠠ ᠪᠠᠶᠢᠭ᠎ᠠ ᠶᠢ ᠬᠠᠷᠠᠭᠤᠯᠵᠦ ᠪᠤᠢ᠂ ᠲᠡᠭᠡᠷ᠎ᠡ ᠵᠠᠭᠤᠨ ᠤ ᠭᠤᠴᠢᠭᠠᠳ ᠤᠨ ᠳᠤ ᠪᠤᠷᠢᠶᠠᠳ | ᠮᠤᠩᠭᠤᠯᠴᠤᠳ ᠭᠡᠳᠦᠷᠭᠡᠢ ᠤᠯᠠᠨ ᠲᠡᠮᠡᠴᠡᠭᠳᠡᠨ ᠬᠤᠤᠷᠯᠠᠭᠳᠠᠭᠠᠳ ︵ᠦᠨᠡᠨᠳᠡᠭᠡᠨ ᠵᠦᠪᠯᠡᠯᠳᠦ ᠬᠤᠯᠪᠤᠭᠠᠳᠦ | ᠤᠯᠤᠰ ᠤᠨ ᠪᠤᠷᠢᠶᠠᠳ ᠮᠤᠩᠭᠤᠯᠴᠤᠳ ᠢ ᠠᠯᠢ ᠡᠷᠳᠡ ᠠᠴᠠ ᠬᠢᠬᠠᠨ ᠲᠠᠷᠤᠯᠠᠬᠰᠠᠠ ᠶᠠᠪᠤᠳᠠᠯ ᠤᠨ ᠤᠯᠠᠩᠬᠢ ᠨᠢ | ᠤᠯᠤᠰ ᠲᠦᠷᠦ ᠶᠢᠨ ᠰᠢᠯᠳᠠᠭᠠᠨ ᠠᠴᠠ ᠪᠤᠯᠵᠠᠢ︶ ᠠᠷᠭ᠎ᠠ ᠪᠤᠰᠦ ᠮᠤᠩᠭᠤᠯ ᠤᠨ ᠬᠢᠯᠢ ᠳᠤ ᠲᠤᠳᠠᠭᠠᠨ ᠤᠷᠤᠵᠦ | ᠢᠷᠡᠪᠡᠯ ᠮᠤᠩᠭᠤᠯ ᠤᠨ ᠵᠠᠰᠠᠬ ᠤᠨ ᠤᠷᠳᠤᠨ ᠪᠦᠬᠦᠨ ᠢ ᠦᠯᠡᠳᠡᠭᠡᠨ ᠬᠤᠴᠤᠷᠭᠠᠬᠤ ᠶᠢᠨ ᠵᠡᠷᠭᠡᠪᠡᠷ ᠲᠡᠳᠡᠨ ᠢ ᠡᠵᠡᠨ | ᠪᠤᠬᠳᠠ ᠶᠢᠨ ᠲᠦᠷᠦᠭᠰᠡᠡ ᠨᠤᠳᠤᠬ ᠲᠤ ᠰᠠᠭᠤᠷᠢᠰᠢᠭᠤᠯᠤᠨ ᠠᠵᠦ ᠲᠦᠷᠦᠵᠦ ᠠᠮᠢᠳᠤᠷᠠᠭᠤᠯᠳᠠᠬ᠃ ᠤᠴᠢᠷ ᠨᠢ ︽ | ᠮᠤᠩᠭᠤᠯ ᠤᠨ ᠨᠢᠭᠤᠴᠠ ᠲᠤᠪᠴᠢᠶᠠᠨ︾ ᠳᠤ ᠭᠡᠯᠡᠳᠡᠭ ︽ᠤᠢ ᠶᠢᠨ ᠤᠯᠠᠨ ᠢᠷᠭᠡᠳ︾ ᠭᠡᠳᠡᠭ ᠤᠨ ᠤᠯᠠᠩᠭᠢ ᠨᠢ | ᠪᠦᠷ ᠪᠤᠷᠢᠶᠠᠳ ᠮᠤᠩᠭᠤᠯᠴᠤᠳ ᠪᠤᠯᠤᠨ᠎ᠠ᠂ ᠡᠶᠢᠮᠦ ᠠᠴᠠ ᠮᠤᠩᠭᠤᠯᠴᠤᠳ ᠲᠤ ᠠᠪᠴᠦ ᠭᠡᠯᠡᠪᠡᠯ ᠦᠪᠡᠷ ᠤᠨ ᠬᠢᠨᠢ | ᠠᠬ᠎ᠠ ᠲᠡᠭᠦᠦ ᠨᠠᠷ ᠪᠤᠯᠬᠤ ᠶᠤᠮ᠃ | ᠡᠵᠡᠨ ᠪᠤᠬᠳᠠ ᠴᠢᠩᠭᠢᠰ ᠬᠠᠭᠠᠨ ᠤ ᠲᠦᠷᠦᠭᠰᠡᠡ ᠨᠤᠳᠤᠭ ᠤᠢᠢᠷᠠᠳᠤᠬᠤ ᠲᠤᠳᠤᠮ ᠨᠠᠷᠠᠰᠤᠨ ᠮᠤᠳᠦ | ᠤᠯᠠᠮ ᠢᠶᠠᠷ ᠤᠯᠠᠰᠢᠷᠠᠵᠠᠢ᠂ ᠲᠡᠷᠡᠬᠦ ᠲᠤᠮᠦ ᠪᠦᠳᠦᠭᠦᠨ ᠦᠨᠳᠦᠷ ᠤᠷᠭᠤᠬᠰᠠᠠ ᠨᠠᠷᠠᠰᠤᠨ ᠤᠢ ᠨᠢ ᠲᠠᠯ᠎ᠠ ᠨᠤᠳᠤᠬ | ᠲᠤ ᠬᠠᠨᠠᠷᠠᠨ ᠵᠤᠬᠰᠤᠵᠦ ᠤᠯᠠᠮ ᠢᠶᠠᠷ ᠤᠯᠠᠰᠢᠷᠠᠨ ᠤᠯᠠᠮ ᠢᠶᠠᠷ ᠢᠬᠴᠤᠷᠠᠵᠦ ᠠᠭᠠᠵᠢᠮ ᠢᠶᠠᠷ ᠦᠨᠳᠦᠷᠵᠢᠵᠦ ᠪᠤᠳᠤᠯ | ᠰᠡᠳᠭᠢᠯ ᠳᠤ ᠶᠠᠬ ᠯᠠ ᠨᠠᠷᠠᠰᠤᠨ ᠤᠢ ᠲᠦᠭᠦᠷᠡᠩ ᠤᠷᠭᠤᠭᠠᠳ ᠲᠤᠪᠤᠴᠠᠬ ᠭᠠᠷᠤᠬᠰᠠᠠ ᠮᠡᠳᠦ ᠰᠠᠨᠠᠬᠳᠠᠬᠰᠠᠠ ᠢ | ᠭᠡᠯᠡᠬᠦ ᠦᠭᠡᠢ ᠠᠳᠡ ᠬᠠᠷᠢᠨ ᠪᠢᠳᠡ ᠬᠤᠨᠤᠭ ᠤᠨ ᠭᠠᠵᠠᠷ ᠢᠶᠠᠨ ᠤᠯᠤᠬᠰᠠᠠ᠃ | | ᠡᠵᠡᠨ ᠪᠤᠭᠳᠠ ᠶᠢᠨ ᠲᠦᠷᠦᠭᠰᠡᠨ ᠨᠤᠳᠤᠭ ᠤᠨ ᠨᠠᠷᠠᠰᠤᠨ ᠤᠢ | | ᠴᠡᠴᠡᠷᠯᠢᠭ ᠤᠨ ᠬᠦᠷᠢᠶᠡᠯᠡᠩ ᠭᠡᠯᠳᠠᠢ᠂ ᠲᠤᠳᠤᠷ᠎ᠠ ᠨᠢ ᠲᠤᠰᠠᠭᠠᠷ ᠪᠤᠶᠤ ᠬᠤᠤᠰ ᠵᠢᠵᠢᠭ ᠮᠤᠳᠤᠨ | ᠪᠠᠶᠢᠰᠢᠩ ᠲᠠᠢ᠂ ᠬᠤᠭᠤᠯᠠᠨ ᠲᠢᠩᠭᠢᠮ ᠳᠤᠨᠢ ᠬᠦᠷᠴᠦ ᠤᠴᠢᠵᠦ ᠬᠤᠭᠤᠯᠠ ᠢᠳᠡᠭᠰᠡᠡ ᠴᠦ ᠪᠤᠯᠤᠨ᠎ᠠ᠂ ᠡᠰᠡᠪᠡᠯ | ᠬᠤᠭᠤᠯᠠ ᠲᠠᠭᠤᠳᠠᠵᠦ ᠦᠷᠦᠭᠡᠨ ᠳᠡᠭᠡᠨ ᠠᠪᠴᠢᠷᠡᠵᠦ ᠢᠳᠡᠭᠰᠡᠡ ᠴᠦ ᠪᠤᠯᠤᠨ᠎ᠠ᠂ ᠦᠷᠦᠭᠡᠨ ᠤ ᠡᠮᠦᠨᠡᠬᠢ ᠵᠢᠵᠢᠭ | ᠭᠤᠳᠤᠮᠵᠢ ᠳᠤ ᠲᠦᠭᠡᠭᠡᠯ ᠤᠰᠤᠨ ᠤ ᠴᠤᠷᠭᠤ ᠪᠤᠯᠤᠨ ᠤᠬᠢᠶᠠᠯᠭ᠎ᠠ ᠶᠢᠨ ᠰᠠᠪᠠ ᠲᠠᠢ᠂ ᠵᠢᠭᠠᠬᠠᠨ ᠵᠠᠶᠢᠳᠠᠢ ᠰᠢᠬ | ᠭᠠᠵᠠᠷ ᠲᠤ ᠪᠠᠶᠢᠭ᠎ᠠ ᠲᠦᠷᠪᠡᠨ ᠵᠢᠵᠢᠭ ᠡᠭᠦᠳᠡ ᠲᠠᠢ ᠮᠤᠳᠤᠨ ᠪᠠᠶᠢᠰᠢᠩ ᠢ ᠬᠠᠷᠠᠬᠤᠯᠠᠷ ᠨᠡᠶᠢᠳᠡ ᠶᠢᠨ ᠵᠤᠷᠯᠤᠩ | ᠪᠤᠯᠤᠯᠳᠠᠢ᠃ | ᠮᠠᠨ ᠤ ᠭᠤᠷᠪᠠᠨ ᠡᠮᠡᠭᠳᠠᠢ ᠨᠢᠭᠡ ᠦᠷᠦᠭᠡᠨ ᠳᠤ ᠤᠨᠳᠠᠵᠦ᠂ ᠯᠠᠰᠢᠶᠠ ᠭᠤᠸᠠᠢ ᠠᠰᠳᠠᠭᠠᠨ ᠦᠷᠦᠭᠡᠨ ᠳᠤ | ᠤᠨᠳᠠᠵᠠᠢ᠂ ᠤᠷᠤᠢ ᠶᠢᠨ ᠬᠤᠭᠤᠯᠠ ᠪᠠᠨ ᠪᠢᠳᠡ ᠲᠦᠷᠪᠡᠭᠦᠯᠠ ᠪᠠᠨ ᠡᠮᠡᠭᠳᠠᠢ ᠶᠢᠨ ᠦᠷᠦᠭᠡᠨ ᠳᠤ ᠬᠠᠮᠳᠦ ᠢᠳᠡᠪᠡ᠃ | ᠰᠦᠨᠢ ᠲᠠᠭᠠᠷᠠᠬᠤ ᠠᠴᠠ ᠪᠤᠯᠭᠤᠮᠵᠢᠯᠠᠨ ᠪᠠᠭᠤᠳᠠᠯ ᠤᠨ ᠬᠦᠮᠦᠰ ᠲᠡᠮᠦᠷ ᠵᠤᠬᠠᠨ ᠳᠤ ᠭᠠᠯ ᠨᠤᠴᠤᠭᠠᠵᠦ ᠲᠦᠯᠡᠭᠡ | ᠲᠦᠯᠡᠵᠦ ᠦᠭᠴᠠᠢ᠂ ᠪᠢ ᠤᠴᠢᠭᠠᠳ ᠦᠵᠡᠭᠦᠯᠡᠷ ᠬᠠᠷᠢᠨ ᠪᠤᠷᠭᠤᠴᠠᠬ ᠲᠦᠯᠡᠵᠦ ᠪᠤᠢ︕ | ᠲᠠᠯ᠎ᠠ ᠨᠤᠳᠤᠬ ᠤᠨ ᠮᠠᠯᠴᠢᠳ ᠬᠠᠳᠠᠭᠠᠬᠰᠠᠠ ᠠᠷᠭᠠᠯ ᠢᠶᠠᠷ ᠲᠦᠯᠡᠰᠢ ᠪᠤᠯᠭᠠᠵᠦ ᠪᠠᠶᠢᠨ᠎ᠠ ᠭᠡᠭᠦᠯᠡᠷ | ᠤᠢ ᠶᠢᠨ ᠢᠷᠭᠡᠳ ᠬᠠᠷᠢᠨ ᠬᠠᠳᠠᠭᠠᠬᠰᠠᠠ ᠪᠤᠷᠭᠤᠴᠠᠬ ᠲᠦᠯᠡᠵᠦ ᠪᠤᠢ᠂ ᠲᠡᠳᠡᠭᠡᠷ ᠨᠢ ᠪᠦᠷ ᠪᠦᠬᠦ᠋ᠢᠪᠡᠯ ᠤᠯᠳᠠᠬ | ᠪᠡᠯᠡᠨ ᠶᠠᠭᠤᠮ᠎ᠠ᠃ ᠨᠡᠭᠡᠷᠡᠨ ᠪᠤᠷᠬᠠᠨ ᠲᠡᠭᠷᠢ ᠶᠢᠨ ᠦᠷᠦᠰᠢᠶᠡᠯ ᠡ︕ | ︵ᠦᠷᠭᠦᠯᠵᠢᠯᠡᠯ ᠪᠤᠢ ) | | | ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ | |