ᠰᠢ᠊ ·  ᠮᠦᠷᠡᠨ᠄ ︽ᠮᠤᠩᠭᠤᠯ ᠬᠡᠯᠡᠨ ᠤ ᠬᠢᠴᠢᠶᠠᠯ︾ ︵  ᠠᠷᠪᠠᠨ  ᠨᠢᠭᠡ ︶
ᠨᠡᠶᠢᠲᠡᠯᠡᠭᠰᠡᠨ ᠴᠠᠭ᠄
2016/4/15
    17 ᠤ ᠡᠳᠦᠷ ︵ᠭᠠᠷᠠᠭ ᠤᠨ ᠨᠢᠭᠡᠨ᠂ ᠲᠤᠩᠭᠠᠯᠠᠬ ᠠᠴᠠ ᠵᠢᠷᠪᠢᠰᠭᠢᠨ ᠪᠤᠷᠤᠭᠠᠨ ᠲᠠᠢ︶                 ᠦᠷᠯᠦᠭᠡ ᠰᠡᠷᠢᠬᠦ ᠳᠤ ᠪᠡᠶ᠎ᠡ ᠶᠡᠭᠡ ᠡᠪ ᠦᠭᠡᠢ ᠪᠠᠶᠢᠯ᠎ᠠ᠃ ᠦᠴᠦᠭᠡᠳᠦᠷ ᠤᠷᠤᠢ ᠬᠤᠭᠤᠯᠠ ᠢᠳᠡᠵᠦ ᠪᠠᠷᠠᠭᠠᠳ ᠠᠷᠪᠠᠨ ᠴᠠᠭ ᠬᠠᠭᠠᠰ ᠤᠨ ᠦᠶ᠎ᠠ ᠪᠠᠷ ᠬᠠᠷᠢᠵᠦ ᠢᠷᠡᠮᠡᠭᠴᠡ ᠤᠨᠳᠠᠭᠰᠠᠨ ᠤ ᠶᠤᠮ ᠤᠤ︖ ᠡᠰᠡᠭᠦᠯ᠎ᠡ ᠰᠦᠨᠢ ᠶᠢᠨ ᠵᠤᠤᠬᠠᠨ ᠭᠠᠯ ᠭᠡᠳᠦᠷᠡᠨ ᠠᠭᠠᠷ ᠤᠨ ᠰᠤᠯᠢᠬᠳᠠᠯ ᠮᠠᠭᠤᠳᠠᠬᠰᠠᠠ ᠤ ᠴᠦ ᠶᠤᠮ ᠤᠤ︖ ᠪᠦᠬᠦ ᠪᠡᠶ᠎ᠡ ᠰᠤᠯᠠᠷᠠᠵᠤ ᠳᠤᠲᠤᠷ᠎ᠠ ᠮᠠᠭᠤᠬᠠᠢᠢᠷᠠᠨ ᠲᠤᠷ᠎ᠠ ᠪᠤᠯᠬᠢᠪᠠ᠃ ᠴᠢᠷᠮᠠᠶᠢᠨ ᠪᠠᠶᠢᠵᠦ ᠪᠤᠰᠤᠭᠠᠳ ᠦᠵᠡᠭᠦᠯᠡᠷ ᠴᠢᠮᠡᠭ ᠤᠨᠳᠠᠭᠰᠠᠭᠠᠷ᠂ ᠰᠦ᠋ ᠶᠢᠩ ᠬᠠᠷᠠᠭᠲᠠᠬᠤ ᠦᠭᠡᠢ᠂ ᠪᠠᠷᠤᠭ ᠯᠠ ᠵᠢᠷᠤᠭ ᠳᠠᠳᠠᠬᠤ ᠪᠠᠷ ᠶᠠᠪᠤᠭᠰᠠᠨ ᠪᠤᠯᠤᠯᠳᠠᠢ᠃           ᠪᠢ ᠴᠦ ᠨᠢᠭᠤᠷ ᠭᠠᠷ ᠢᠶᠠᠨ ᠲᠦᠭᠦᠮᠬᠡᠨ ᠤᠬᠢᠶᠠᠵᠦ ᠪᠠᠷᠠᠭᠠᠳ ᠴᠡᠴᠡᠷᠯᠢᠭ ᠤᠨ ᠬᠦᠷᠢᠶᠡᠯᠡᠩ ᠤᠨ ᠭᠠᠳᠠᠨᠠᠬᠢ ᠨᠠᠷᠠᠰᠤᠨ ᠤᠢ ᠶᠢ ᠴᠢᠭᠯᠡᠪᠡ᠃             ᠦᠷᠯᠦᠭᠡ ᠶᠢᠨ ᠴᠡᠪᠡᠷ ᠲᠤᠩᠭᠠᠯᠠᠭ ᠠᠭᠠᠷ ᠢ ᠭᠡᠳᠦᠨᠳᠡ ᠭᠦᠨ ᠠᠮᠢᠰᠬᠤᠬᠤ ᠪᠠᠷ ᠲᠤᠳᠤᠷ᠎ᠠ ᠠᠭᠤᠵᠢᠷᠠᠨ ᠴᠤᠬ ᠰᠦᠯᠳᠡ ᠲᠠᠢ ᠪᠤᠯᠵᠠᠢ᠃ ᠨᠡᠩ ᠴᠦ ᠨᠢᠳᠦᠨ ᠡᠮᠦᠨᠡᠬᠢ ᠡᠨᠡᠬᠦ ᠵᠢᠷᠤᠭ ᠰᠢᠬ ᠦᠵᠡᠮᠵᠢ ᠶᠢ ᠦᠵᠡᠭᠡᠳ ᠰᠤᠭᠳᠤᠭᠤᠷᠠᠬᠤ ᠶᠢᠨ ᠲᠦᠢᠯ ᠳᠤ ᠲᠤᠯᠵᠦ ᠨᠠᠷᠠᠰᠤᠨ ᠤᠢ ᠶᠢ ᠲᠠᠪᠠᠭ᠋ᠤᠯᠠᠷ ᠠᠯᠤᠰ ᠲᠡᠷᠳᠡᠭᠡ ᠶᠢᠨ ᠨᠠᠭᠤᠷ ᠤᠨ ᠲᠦᠪᠰᠢᠨ ᠬᠠᠷᠠᠬᠳᠠᠵᠦ᠂ ᠨᠢᠭᠡ ᠭᠡᠰᠡᠭ ᠵᠦᠯᠭᠡ ᠭᠠᠵᠠᠷ ᠢ ᠦᠩᠭᠡᠷᠡᠭᠡᠳ ᠮᠠᠨᠠᠨ ᠬᠦᠳᠡᠩ ᠲᠠᠳᠠᠬᠰᠠᠠ ᠨᠠᠭᠤᠷ ᠤᠨ ᠬᠦᠪᠡᠭᠡᠨ ᠳᠤ ᠢᠷᠡᠵᠠᠢ᠃       ᠡᠨᠡ ᠪᠤᠯ ᠦᠷᠯᠦᠭᠡ ᠶᠢᠨ ᠦᠵᠡᠮᠵᠢ᠂ ᠨᠠᠷᠠᠨ ᠮᠠᠨᠳᠤᠬᠤ ᠶᠢᠨ ᠠᠯᠳᠠ ᠪᠠᠷ ᠨᠠᠭᠤᠷ ᠤᠨ ᠤᠰᠤᠨ ᠤ ᠠᠭᠤᠷᠰᠢᠯᠳᠡ ᠪᠠᠷ ᠰᠠᠴᠤᠬᠳᠠᠬᠰᠠᠠ ᠲᠤᠶᠠᠭ᠎ᠠ ᠬᠤᠪᠢ ᠶᠢᠨ ᠭᠠᠳᠠᠨ᠎ᠠ ᠭᠤᠶᠤᠮᠰᠤᠬ ᠬᠠᠷᠠᠬᠳᠠᠨ᠎ᠠ᠃ ᠪᠢ ᠨᠢᠭᠡ ᠯᠡ ᠠᠮᠢᠰᠬᠤᠭ᠎ᠠ ᠪᠠᠷ ᠭᠡᠳᠦᠨ ᠠᠷᠪᠠᠨ ᠭᠡᠷᠡᠯ ᠵᠢᠷᠤᠬ ᠠᠪᠤᠬᠰᠠᠠ ᠤ ᠬᠤᠶᠢᠨ᠎ᠠ ᠰᠠᠶᠢ ᠡᠨᠡ ᠭᠠᠵᠠᠷ ᠨᠢ ᠲᠡᠤᠭᠡ ᠱᠠᠰᠳᠢᠷ  ᠲᠤ ᠠᠯᠳᠠᠷ ᠲᠠᠢ ︽ᠴᠢᠩᠭᠢᠰ ᠬᠠᠭᠠᠨ ᠤ ᠭᠤᠷᠪᠠᠨ ᠨᠠᠭᠤᠷ︾ ᠤᠨ ᠨᠢᠭᠡ ᠪᠤᠯᠬᠤ ᠶᠢ ᠮᠡᠳᠡᠯ᠎ᠠ᠃             ᠨᠠᠭᠤᠷ ᠤᠨ ᠬᠦᠪᠡᠭᠡ ᠠᠴᠠ ᠳᠡᠮᠡᠢ ᠬᠤᠯᠠ ᠦᠭᠡᠢ ᠭᠠᠵᠠᠷ ᠲᠤ᠂  1206 ᠤᠨ ᠤ ᠬᠠᠪᠤᠷ᠂ ᠪᠦᠬᠦ ᠮᠤᠩᠭᠤᠯ ᠤᠨ ᠡᠷᠬᠢᠮ ᠢᠵᠠᠭᠤᠷᠳᠠᠨ ᠨᠠᠷ ᠤᠨ ᠶᠡᠭᠡ ᠬᠤᠷᠠᠯᠳᠠᠢ ︵ᠶᠡᠭᠡ ᠴᠤᠬᠯᠠᠭᠠᠨ︶ ᠬᠤᠷᠠᠯᠳᠤᠭᠤᠯᠤᠬᠰᠠᠠ ᠭᠠᠵᠠᠷ ᠪᠤᠯᠤᠨ᠎ᠠ᠃  ᠠᠳᠡ ᠤᠯᠠᠨ ᠠᠶᠢᠮᠠᠭ ᠶᠠᠰᠤᠳᠠᠨ ᠤ ᠬᠢᠨ ᠬᠢᠶᠠᠨ ᠠᠶᠢᠮᠠᠬ ᠤᠨ ᠲᠡᠮᠦᠵᠢᠨ ᠢ ᠪᠦᠬᠦ ᠮᠤᠩᠭᠤᠯ ᠤᠨ ᠶᠡᠭᠡ ᠬᠠᠨ ᠡᠷᠭᠦᠮᠵᠢᠯᠡᠨ᠂ ᠴᠢᠩᠭᠢᠰ ︵ᠠᠭᠤᠳᠠᠮ ᠪᠠᠭᠳᠠᠭᠠᠮᠵᠢ ᠲᠠᠢ᠂ ᠬᠦᠴᠦᠷᠭᠡᠭ ᠶᠡᠭᠡ ᠭᠡᠰᠡᠡ ᠤᠳᠬ᠎ᠠ ᠲᠠᠢ︶ ᠭᠡᠰᠡᠨ ᠴᠤᠯᠠ ᠤᠯᠭᠤᠵᠦ᠂ ᠤᠨᠤᠨ ᠮᠦᠷᠡᠨ ᠤ ᠬᠦᠪᠡᠭᠡᠨ ᠳᠤ ᠶᠢᠰᠦᠨ ᠬᠦᠯᠳᠦ ᠴᠠᠭᠠᠨ ᠲᠤᠭ ᠪᠤᠰᠬᠠᠨ ︽ᠶᠡᠭᠡ ᠮᠤᠩᠭᠤᠯ ᠤᠯᠤᠰ︾ ᠢ ᠪᠠᠶᠢᠭᠤᠯᠵᠦ ᠪᠢᠯᠡ᠃       ᠦᠴᠦᠭᠡᠳᠦᠷ ᠤᠷᠤᠢ ᠮᠠᠨ ᠤ ᠪᠠᠭᠤᠬᠰᠠᠠ ᠪᠠᠭᠤᠳᠠᠯ ᠠᠴᠠ ᠲᠡᠷᠡ ᠨᠠᠭᠤᠷ ᠪᠤᠯᠤᠨ ᠲᠤᠷᠠᠰᠬᠠᠯ ᠤᠨ ᠬᠦᠰᠢᠶ᠎ᠠ ᠶᠢᠨ ᠠᠷᠦ ᠪᠡᠶ᠎ᠠ ᠶᠢ ᠤᠯᠵᠤ ᠬᠠᠷᠠᠭᠰᠠᠨ᠂ ᠭᠡᠪᠡᠴᠦ ᠲᠡᠮᠡᠢ ᠬᠤᠯᠠ ᠪᠢᠰᠢ ᠴᠦ ᠳᠤᠷ᠎ᠠ ᠲᠠᠪᠠ ᠪᠠᠷ ᠶᠤᠰᠤᠨ ᠪᠤᠰᠦ ᠪᠠᠷ ᠤᠴᠢᠵᠦ ᠦᠯᠦ ᠪᠤᠯᠬᠤ ᠲᠤᠯᠠᠳᠠ ᠲᠤᠬᠳᠤᠯᠤᠭᠰᠠᠡ ᠰᠡᠳᠬᠢᠯ ᠢᠶᠠᠨ ᠲᠠᠷᠤᠵᠦ ᠶᠠᠳᠠᠨ ᠦᠷᠯᠦᠭᠡ ᠶᠢᠨ ᠨᠠᠷᠠ ᠶᠢ ᠤᠬᠳᠤᠵᠦ ᠪᠢᠯᠠ᠃             ᠨᠠᠷᠠ ᠮᠠᠨᠳᠤᠬᠰᠠᠠ ᠤ ᠳᠠᠷᠠᠭ᠎ᠠ ᠪᠠᠭᠤᠳᠠᠯ ᠳᠠᠭᠠᠨ ᠬᠠᠷᠢᠵᠦ ᠢᠷᠡᠭᠡᠳ ᠳᠠᠬᠢᠨ ᠤᠬᠢᠶᠠᠨ ᠴᠡᠪᠡᠷᠯᠡᠭᠡᠳ᠂ ᠠᠯᠤᠰ ᠬᠤᠯᠠ ᠰᠢᠨᠵᠢᠶᠠᠩ ᠨᠤᠳᠤᠬ ᠠᠴᠠ ᠲᠠᠶᠢᠸᠠᠨ ᠳᠤ ᠠᠪᠴᠦ ᠶᠠᠪᠤᠬᠰᠠᠠ᠂ ᠲᠠᠬᠢᠨ ᠲᠠᠶᠢᠸᠠᠨ ᠠᠴᠠ ᠠᠳᠡ ᠠᠪᠴᠤ ᠢᠷᠡᠭᠰᠡᠨ ᠴᠡᠩᠬᠡᠷ ᠦᠩᠭᠡ ᠶᠢᠨ ᠲᠡᠭᠡᠷ᠎ᠠ ᠠᠯᠳᠠᠨ ᠤᠭᠠᠯᠵᠠ ᠲᠠᠢ᠂ ᠬᠠᠨᠴᠦᠢ ᠵᠠᠭᠠᠮ᠎ᠠ ᠪᠤᠯᠤᠨ ᠬᠤᠷᠮᠤᠢ ᠳᠠᠭᠠᠨ ᠪᠦᠷ ᠮᠦᠩᠭᠦᠨ ᠡᠮᠵᠢᠶᠡᠷᠢ ᠲᠠᠢ ᠮᠤᠩᠭᠤᠯ ᠲᠡᠷᠯᠢᠭ ᠢᠶᠠᠨ ᠭᠠᠷᠭᠠᠵᠤ ᠡᠮᠦᠰᠪᠡ᠃ ᠡᠭᠦᠨ ᠢ ᠨᠢᠳᠤᠨᠤᠨ ᠵᠤᠨ ᠰᠢᠨᠵᠢᠶᠠᠩ ᠤᠨ ᠪᠤᠷᠤᠳᠠᠯ᠎ᠠ ᠶᠢᠨ ᠮᠤᠩᠭᠤᠯ ᠦᠨᠳᠦᠰᠦᠳᠡᠨ ᠤ ᠦᠪᠡᠷᠲᠡᠭᠡᠨ ᠵᠠᠰᠠᠬᠤ ᠵᠸᠤ ᠶᠢᠨ ᠷᠠᠰᠢᠶᠠᠨ ᠰᠢᠶᠠᠨ ᠤ ᠮᠤᠩᠭᠤᠯ ᠨᠠᠶᠢᠵᠢ ᠪᠡᠯᠡᠭᠯᠡᠭᠰᠠᠠ ᠶᠤᠮ᠃ ᠲᠡᠭᠦᠨ ᠤ ᠳᠡᠭᠡᠳᠦᠰ ᠨᠢ ᠭᠤᠷᠪᠠᠨ ᠵᠠᠭᠤ ᠭᠠᠷᠤᠢ ᠵᠢᠯ ᠤᠨ ᠡᠮᠦᠨ᠎ᠡ ᠴᠢᠩ ᠤᠯᠤᠰ ᠤᠨ ᠵᠠᠰᠠᠬ ᠤᠨ ᠭᠠᠵᠠᠷ ᠤᠨ ᠵᠠᠷᠯᠢᠭ ᠢᠶᠠᠷ ᠴᠠᠬᠠᠷ ᠠᠶᠢᠮᠠᠬ ᠠᠴᠠ ᠰᠢᠨᠵᠢᠶᠠᠩ ᠤᠨ ᠬᠢᠯᠢ ᠶᠢ ᠬᠠᠮᠠᠭᠠᠯᠠᠬᠤ ᠡᠭᠦᠷᠭᠡ ᠶᠢ ᠭᠦᠢᠴᠡᠳᠭᠡᠬᠦ ᠪᠠᠷ ᠢᠷᠡᠭᠰᠡᠡ ᠮᠤᠩᠭᠤᠯ ᠮᠤᠷᠢᠳᠦ ᠴᠡᠷᠢᠭ ᠪᠤᠯᠤᠨ᠎ᠠ᠂ ᠠᠪᠤ ᠶᠢᠨ ᠮᠢᠨᠢ ᠨᠤᠳᠤᠭ ᠤᠨ ᠬᠦᠮᠦᠰ ᠪᠤᠯᠬᠤᠷ ᠨᠢᠳᠤᠨᠤᠨ ᠬᠦᠷᠴᠦ ᠲᠡᠳᠡᠨ ᠢ ᠡᠷᠭᠢᠵᠦ ᠦᠵᠡᠭᠦᠯᠡᠷ ︽ᠬᠡᠤᠬᠡᠨ ᠮᠢᠨᠢ ᠬᠦᠷᠦᠭᠡᠳ ᠢᠷᠡᠯ᠎ᠡ︾ ᠭᠡᠵᠤ ᠡ᠊ᠩᠬᠦᠷᠡᠶᠢᠯᠡᠨ ᠳᠠᠭᠤᠳᠠᠵᠦ ᠪᠠᠶᠢᠭᠰᠠᠨ ᠶᠤᠮ᠃             ᠲᠦᠷᠦᠭᠰᠡᠡ ᠨᠤᠳᠤᠭ ᠤᠨ ᠬᠢᠨᠢ ᠬᠡᠤᠬᠡᠨ ᠰᠢᠨᠵᠢᠶᠠᠩ ᠳᠤ ᠬᠦᠷᠴᠦ ᠤᠴᠢᠬᠤᠯᠠᠷ ᠤᠯᠠᠨ ᠪᠡᠯᠡᠭ ᠲᠤᠰᠴᠦ ᠠᠪᠤᠯ᠎ᠠ᠂ ᠭᠤᠷᠪᠠᠨ ᠭᠤᠶᠤ ᠲᠡᠷᠯᠢᠭ ᠲᠤᠰᠤᠬᠰᠠᠠ ᠠᠴᠠ ᠭᠠᠳᠠᠨ᠎ᠠ ᠪᠠᠰᠠ ᠬᠤᠶᠠᠷ ᠠᠬᠳᠠ ᠮᠤᠷᠢ ᠭᠠᠷᠳᠠᠵᠠᠢ᠃ ᠠᠷᠪᠠᠨ ᠰᠠᠷ᠎ᠠ ᠶᠢᠨ ᠦᠶ᠎ᠡ ᠪᠠᠷ ᠡᠵᠡᠨ᠎ᠡ ᠳᠤ ᠬᠦᠷᠬᠦ ᠳᠤ ᠮᠢᠨᠦ ᠨᠢᠭᠡ ᠨᠠᠶᠢᠵᠢ ᠰᠤᠨᠤᠰᠤᠭᠠᠳ ᠦᠯᠦ ᠲᠤᠭᠤᠮᠰᠠᠷᠯᠠᠨ ᠨᠠᠳᠠ ᠳᠤ ᠬᠤᠶᠠᠷ ᠰᠠᠶᠢᠬᠠᠨ ᠴᠠᠭᠠᠨ ᠲᠡᠮᠡᠭᠡ ᠪᠡᠯᠡᠭᠯᠡᠵᠠᠢ᠃  ᠶᠠᠷᠢᠶᠠᠨ ᠦᠭᠡᠢ ᠲᠡᠷᠯᠢᠭ ᠢ ᠨᠢ ᠡᠭᠦᠷᠴᠦ ᠢᠷᠡᠭᠡᠳ ᠮᠤᠷᠢ ᠪᠤᠯᠤᠨ ᠲᠡᠮᠡᠭᠡ ᠶᠢ ᠨᠢ ᠦᠯᠡᠳᠡᠭᠡᠨ ᠠᠷᠠᠴᠢᠯᠠᠭᠤᠯᠪᠠ᠃             ᠲᠡᠷᠯᠢᠭ ᠡᠮᠦᠰᠬᠦ ᠳᠤ ᠡᠷᠭᠡᠪᠰᠢ ᠭᠤᠳᠤᠯ ᠲᠠᠭᠠᠷᠠᠭᠤᠯᠤᠨ ᠡᠭᠡᠮᠦᠭ᠂ ᠪᠠᠭᠤᠤ᠂ ᠰᠤᠨᠳᠤᠷ ᠵᠤᠬᠢᠴᠠᠭᠤᠯᠬᠤ ᠭᠡᠷᠡᠭᠳᠠᠢ᠂ ᠡᠭᠦᠨ ᠠᠴᠠ ᠭᠠᠳᠠᠨ᠎ᠠ ᠲᠤᠯᠤᠭᠠᠢ ᠶᠢᠨ ᠵᠠᠰᠠᠯ ︵ᠱᠢᠷᠦ ᠰᠤᠪᠤᠳ ᠰᠢᠬᠢᠳᠭᠡᠭᠰᠡᠨ ᠲᠤᠯᠤᠭᠠᠢ ᠶᠢᠨ ᠵᠠᠰᠠᠯ᠂ ᠤᠯᠠᠮᠵᠢᠯᠠᠯ ᠶᠤᠰᠦ ᠪᠠᠷ ᠬᠤᠷᠢᠮᠯᠠᠭᠰᠠᠨ ᠮᠤᠩᠭᠤᠯ ᠪᠦᠰᠡᠭᠦ᠋ᠢᠴᠦᠤᠯ ᠬᠤᠷᠢᠮ ᠨᠠᠶᠢᠷ ᠲᠡᠭᠡᠷ᠎ᠠ ᠪᠦᠷ ᠡᠶᠢᠮᠦᠷᠬᠦ ᠵᠠᠰᠠᠯ ᠢ ᠵᠡᠭᠦᠳᠡᠭ ᠶᠤᠰᠦ ᠲᠠᠢ︶ ᠪᠠᠶᠢᠬᠰᠠᠠ ᠦᠭᠡᠢ ᠶᠢ ᠭᠠᠷᠭᠠᠪᠡᠯ ᠪᠤᠰᠤᠳ ᠵᠠᠰᠠᠯ ᠪᠦᠷ ᠪᠦᠷᠢᠳᠦᠭᠰᠡᠡ ᠳᠤ ᠲᠤᠭᠠᠴᠠᠬᠳᠠᠯ᠎ᠠ᠃             ᠤᠯᠠᠭᠠᠨᠪᠠᠭᠠᠳᠤᠷ ᠠᠴᠠ ᠠᠪᠴᠤ ᠢᠷᠡᠭᠰᠡᠨ ᠠᠷᠢᠬᠢ ᠪᠠᠨ ᠠᠪᠤᠭᠠᠳ ᠴᠢᠮᠡᠭ᠂ ᠰᠦ᠋ ᠶᠢᠩ ᠪᠢᠳᠠ ᠭᠤᠷᠪᠠᠭᠤᠯᠠ ᠦᠴᠦᠭᠡᠳᠦᠷ ᠤᠷᠤᠢ ᠤᠯᠵᠤ ᠦᠵᠡᠭᠰᠡᠡ ᠲᠤᠷᠠᠰᠬᠠᠯ ᠤᠨ ᠬᠦᠰᠢᠶ᠎ᠡ ᠶᠢ ᠴᠢᠭᠯᠡᠪᠡ᠃ ᠲᠤᠷᠠᠰᠬᠠᠯ ᠤᠨ ᠬᠦᠰᠢᠶ᠎ᠡ ᠨᠢ ᠠᠭᠤᠯᠠᠠ ᠤᠷᠤᠢ ᠮᠡᠲᠦ ᠭᠤᠷᠪᠠᠯᠵᠢᠨ ᠭᠡᠯᠪᠡᠷᠢᠳᠠᠢ᠂ ᠦᠷᠭᠡᠨ ᠰᠠᠭᠤᠷᠢ ᠲᠠᠢ ᠱᠦᠢᠨᠢ ᠬᠢᠴᠡ ᠲᠠᠢ᠂ ᠴᠠᠭᠠᠨ ᠳᠡᠭᠡᠷ᠎ᠡ ᠬᠠᠷ᠎ᠠ ᠪᠠᠷ ᠴᠢᠩᠭᠢᠰ ᠬᠠᠭᠠᠨ ᠤ ᠪᠤᠰᠤᠭ᠎ᠠ ᠬᠦᠷᠦᠭ ᠢ ᠮᠠᠰᠢ ᠲᠦᠭᠦᠮᠬᠡᠨ ᠱᠤᠭᠤᠵᠦ ᠭᠠᠷᠭᠠᠭᠰᠠᠨ  ᠠᠴᠠ ᠨᠢ ᠦᠵᠡᠬᠦ ᠳᠤ ᠶᠠᠭᠠᠷᠠᠤ ᠰᠠᠨᠳᠤᠷᠤᠤ ᠪᠦᠳᠦᠭᠡᠭᠰᠡᠡ ᠲᠦᠯᠦᠪ ᠮᠡᠳᠡᠷᠡᠭᠳᠡᠨ᠎ᠠ ᠁       ᠡᠶᠢᠮᠦ ᠴᠢᠬᠤᠯᠠ ᠲᠡᠤᠬᠡᠨ ᠬᠦᠮᠦᠨ ᠤ ᠡᠶᠢᠮᠦᠷᠬᠦ ᠮᠠᠰᠢ ᠴᠢᠬᠤᠯᠠ ᠲᠤᠷᠠᠰᠬᠠᠯᠳᠦ ᠭᠠᠵᠠᠷ ᠲᠤ ᠶᠠᠭᠠᠬᠢᠬᠤ ᠳᠠᠭᠠᠨ ᠦᠵᠡᠭᠦᠯᠡᠷ ᠬᠠᠷᠠᠬᠠᠨ ᠪᠠᠷᠢᠵᠦ ᠲᠠᠭᠤᠰᠤᠭᠠᠳᠦᠢ ᠰᠢᠬ ᠬᠦᠰᠢᠶ᠎ᠡ ᠲᠤᠷᠠᠰᠬᠠᠯ ᠢ ᠦᠯᠡᠳᠡᠭᠡᠬᠦ ᠪᠢᠯᠠ︖ ᠭᠡᠬᠦ ᠳᠤ᠂ ᠴᠢᠮᠡᠭ ᠨᠠᠳᠠᠳᠦ ᠶᠠᠷᠢᠬᠤ ᠪᠠᠷ ᠨᠢ ᠪᠢ ᠰᠠᠢᠢ ᠵᠠᠷᠢᠮ ᠨᠤᠮ ᠲᠡᠪᠳᠡᠷ ᠳᠡᠭᠡᠷ᠎ᠡ ᠵᠢᠷᠠᠭᠠᠳ ᠤᠨ ᠤ ᠦᠶ᠎ᠠ ᠳᠤ ᠲᠤᠰ ᠭᠠᠵᠠᠷ ᠤᠨ ᠵᠠᠰᠠᠬ ᠵᠠᠬᠢᠷᠭᠠᠨ ᠤ ᠲᠤᠰᠢᠶᠠᠯᠳᠡᠳ ᠡᠨᠡᠬᠦ ᠮᠠᠰᠢ ᠴᠢᠬᠤᠯᠠ ᠲᠡᠤᠭᠡᠨ ᠲᠤᠷᠠᠰᠬᠠᠯᠳᠦ ᠭᠠᠵᠠᠷ ︵ᠲᠤᠷᠠᠰᠬᠠᠯ ᠤᠨ ᠬᠦᠰᠢᠶ᠎ᠠ ᠶᠢ ᠤᠤᠯ ᠨᠢ 1962 ᠤᠨ ᠳᠤ ᠡᠵᠡᠨ ᠪᠤᠬᠳᠠ ᠶᠢᠨ ᠮᠡᠨᠳᠦᠯᠡᠭᠰᠡᠡ 800 ᠵᠢᠯ ᠤᠨ ᠤᠢ ᠳᠤ ᠪᠠᠷᠢᠵᠦ ᠲᠠᠭᠤᠰᠬᠠᠬᠤ ᠪᠠᠷ ᠲᠤᠬᠳᠠᠬᠰᠠᠠ︶ ᠢ ᠲᠤᠷᠠᠰᠬᠠᠬᠤ ᠶᠢᠨ ᠲᠦᠯᠦᠭᠡ ᠮᠤᠩᠭᠤᠯ ᠤᠷᠠᠯᠢᠬᠴᠢᠨ ᠢ ᠵᠠᠯᠠᠵᠦ ᠪᠦᠳᠦᠭᠡᠯᠭᠡᠭᠰᠡᠡ ᠭᠡᠵᠦ ᠲᠤᠷᠠᠳᠴᠦ ᠪᠠᠶᠢᠬᠰᠠᠠ ᠢ ᠰᠠᠨᠠᠵᠤ ᠤᠯᠤᠯ᠎ᠠ᠃ ᠲᠤᠷᠠᠰᠬᠠᠯ ᠤᠨ ᠬᠦᠰᠢᠶ᠎ᠠ ᠶᠢ ᠪᠠᠷᠢᠭᠠᠳ ᠮᠠᠨ ᠤ ᠤᠳᠤ ᠶᠢᠨ ᠨᠢᠳᠤᠨ ᠡᠮᠦᠨ᠎ᠠ ᠪᠠᠶᠢᠭ᠎ᠠ  ᠡᠨᠡ ᠬᠡᠮᠵᠢᠶᠡᠨ ᠳᠤ ᠬᠦᠷᠬᠦ ᠳᠤ᠂ ᠵᠦᠪᠯᠡᠯᠲᠦ ᠬᠤᠯᠪᠤᠭᠠᠲᠤ ᠤᠯᠤᠰ ᠤᠨ ᠵᠠᠷᠯᠢᠬ ᠵᠠᠬᠢᠶ᠎ᠠ ᠶᠢ ᠤᠯᠤᠬᠰᠠᠠ ᠮᠤᠩᠭᠤᠯ ᠤᠨ ᠵᠠᠰᠠᠭ ᠤᠨ ᠤᠷᠳᠤᠨ ᠵᠠᠷᠯᠢᠬ ᠢᠶᠠᠷ ᠠᠵᠢᠯ ᠢ ᠵᠤᠬᠰᠤᠭᠠᠨ ᠠᠵᠢᠯ ᠳᠤ ᠤᠷᠤᠯᠴᠠᠭᠰᠠᠨ ᠬᠦᠮᠦᠰ ᠢ ᠪᠠᠷᠢᠪᠴᠢᠯᠠᠬᠤ ᠶᠢᠨ ᠵᠡᠷᠭᠡᠪᠡᠷ᠂ ᠴᠡᠷᠢᠭ ᠲᠤᠮᠢᠯᠠᠨ ᠲᠤᠷᠠᠰᠬᠠᠯ ᠤᠨ ᠬᠦᠰᠢᠶ᠎ᠡ ᠶᠢᠨ ᠭᠡᠰᠡᠭ ᠪᠤᠰᠠᠬ ᠢ ᠡᠪᠳᠡᠪᠡ᠃ ᠡᠳᠡᠭᠡᠷ ᠦᠢᠯᠡ ᠠᠵᠢᠯᠯᠠᠭ᠎ᠠ ᠨᠤᠭᠤᠳ ᠳᠤᠬᠠᠢ ᠶᠢᠨ ᠭᠠᠵᠠᠷ ᠤᠨ ᠮᠠᠯᠴᠢᠳ ᠤᠨ ᠠᠭᠤᠷ ᠬᠢᠯᠢᠩ ᠢ ᠬᠦᠷᠭᠡᠭᠰᠡᠡ ᠢᠶᠠᠷ ᠬᠦᠷᠦᠯᠴᠡᠨ ᠢᠷᠡᠵᠦ ᠬᠦᠰᠢᠶ᠎ᠡ ᠶᠢ ᠬᠠᠮᠠᠭᠠᠯᠠᠵᠠᠢ᠃ ᠬᠤᠶᠠᠷ ᠲᠠᠯ᠎ᠠ ᠪᠠᠷ ᠢᠶᠠᠨ ᠬᠦᠰᠢᠭᠦᠨ ᠪᠠᠶᠢᠳᠠᠯ ᠳᠤ ᠤᠷᠤᠬᠰᠠᠠ ᠢ ᠦᠵᠡᠭᠡᠳ ᠮᠤᠩᠭᠤᠯ ᠤᠨ ᠵᠠᠰᠠᠭ ᠤᠨ ᠤᠷᠳᠤᠨ ᠴᠡᠷᠢᠭ ᠢᠶᠠᠨ ᠲᠠᠲᠠᠵᠦ ᠲᠤᠷᠠᠰᠬᠠᠯ ᠤᠨ ᠬᠦᠰᠢᠶ᠎ᠠ ᠴᠦ ᠤᠳᠦ ᠶᠢᠨ ᠭᠡᠪ ᠢᠶᠠᠷ ᠦᠯᠡᠳᠡᠨ ᠬᠤᠴᠤᠷᠴᠠᠢ᠃ ᠭᠡᠪᠡᠴᠤ ᠪᠠᠷᠢᠪᠴᠢᠯᠠᠭᠳᠠᠭᠰᠠᠨ ᠤᠷᠤᠨ ᠨᠤᠳᠤᠬ ᠤᠨ ᠠᠯᠪᠠᠨ ᠲᠤᠰᠢᠶᠠᠯᠳᠠᠳ ᠤᠨ ᠵᠠᠷᠢᠮ ᠢ ᠨᠢ ᠲᠡᠷᠡ ᠳᠤᠤᠷ᠎ᠠ ᠨᠢ ᠴᠠᠭᠠᠵᠠ ᠪᠠᠷ ᠰᠢᠳᠭᠡᠭᠰᠡᠡ ᠢ ᠭᠡᠯᠡᠬᠦ ᠦᠭᠡᠢ᠂ ᠦᠯᠡᠳᠡᠭᠰᠡᠡ ᠬᠦᠮᠦᠰ ᠢ ᠴᠦ ᠤᠯᠠᠨ ᠵᠢᠯ ᠤᠨ ᠲᠠᠷᠠᠭ᠎ᠠ ᠰᠠᠢᠢ ᠬᠢᠨᠳᠡᠨ ᠠᠴᠠ ᠰᠤᠯᠠᠯᠠᠬᠰᠠᠠ ᠠᠴᠠ ᠲᠤᠬᠠᠢ ᠶᠢᠨ ᠦᠶ᠎ᠠ ᠶᠢᠨ ᠲᠡᠷᠡ ᠤᠷᠠᠯᠢᠬᠴᠢᠨ ᠤ ᠦᠬᠦᠵᠦ ᠡᠳᠡᠭᠡᠭᠰᠡᠡ ᠡᠰᠡᠬᠦ ᠨᠢ ᠡᠳᠦᠭᠡ ᠬᠦᠷᠳᠡᠯ᠎ᠠ ᠲᠤᠳᠤᠷᠬᠠᠢ ᠦᠭᠡᠢ ᠪᠠᠶᠢᠬᠰᠠᠭᠠᠷ᠃
 
    ᠬᠡᠨᠳᠡᠢ ᠠᠶᠢᠮᠠᠭ ᠤᠨ ᠲᠠᠨᠳᠠᠯ ᠲᠠᠬᠢ ᠴᠢᠩᠭᠢᠰ ᠬᠠᠭᠠᠨ ᠤ ᠲᠤᠷᠠᠰᠬᠠᠯ ᠤᠨ ᠬᠦᠰᠢᠶ᠎ᠡ  ᠢᠯᠠᠯᠳᠠ ᠰᠡᠭᠦᠳᠡᠷᠯᠡᠪᠡ        ᠦᠨᠦᠳᠦᠷ ᠬᠠᠷᠰᠢ ᠲᠤᠳᠬᠠᠷ ᠠᠴᠠ ᠬᠤᠯᠠᠳᠴᠦ ᠦᠪᠡᠷ ᠤᠨ ᠡᠷᠬᠡ ᠮᠡᠳᠡᠯ ᠡᠷᠭᠡ ᠴᠢᠯᠦᠭᠡ ᠪᠠᠨ ᠤᠯᠤᠬᠰᠠᠠ ᠮᠤᠩᠭᠤᠯ ᠤᠨ ᠵᠠᠰᠠᠬ ᠤᠨ ᠤᠷᠳᠤᠨ᠂ ᠲᠤᠷᠠᠰᠬᠠᠯ ᠤᠨ ᠬᠦᠰᠢᠶ᠎ᠡ ᠶᠢ ᠮᠦᠨ ᠲᠤᠬᠠᠢ ᠶᠢᠨ ᠦᠶ᠎ᠡ ᠶᠢᠨ ᠡᠪᠳᠡᠭᠳᠡᠭᠰᠡᠡ ᠪᠠᠶᠢᠳᠠᠯ ᠲᠠᠢ ᠪᠠᠶᠢᠯᠭᠠᠬᠤ ᠪᠠᠷ ᠲᠤᠬᠳᠠᠪᠠ᠃ ᠵᠦᠪᠬᠡᠨ ᠭᠡᠳᠦᠨ ᠵᠢᠯ ᠦᠩᠭᠡᠷᠡᠪᠡᠯ ᠴᠠᠭᠠᠨ ᠦᠩᠭᠡ ᠪᠤᠯᠤᠨ ᠬᠠᠷ᠎ᠠ ᠵᠢᠷᠤᠭᠠᠰᠤ ᠶᠢ ᠲᠠᠬᠢᠨᠳᠠ ᠦᠩᠭᠡ ᠤᠷᠤᠭᠤᠯᠳᠠᠬ ᠠᠴᠠ ᠡᠷᠭᠢᠨ ᠲᠤᠭᠤᠷᠢᠨ ᠤ ᠬᠡᠰᠡᠭ ᠲᠠᠢ ᠴᠢᠯᠠᠭᠤ ᠶᠢ ᠴᠦ ᠰᠢᠯᠵᠢᠭᠦᠯᠦᠭᠰᠡᠡ ᠦᠭᠡᠢ ᠬᠡᠪ ᠢᠶᠠᠷ ᠪᠠᠶᠢᠯᠭᠠᠬᠰᠠᠭᠠᠷ᠃
      ᠴᠢᠩᠭᠢᠰ ᠬᠠᠭᠠᠨ ᠤ ᠮᠠᠨᠳᠤᠯᠡᠭᠰᠡᠨ ᠭᠠᠵᠠᠷ — ᠲᠡᠯᠢᠬᠦᠨ ᠪᠤᠯᠳᠤᠭ ᠤᠨ ᠤᠪᠤᠭ᠎ᠠ    ᠢᠯᠠᠯᠳᠠ ᠰᠡᠭᠦᠳᠡᠷᠯᠡᠪᠡ         ᠡᠨᠡ ᠲᠤᠷᠠᠰᠬᠠᠯ ᠤᠨ ᠬᠦᠰᠢᠶ᠎ᠡ ᠶᠢ ᠴᠢᠬᠤᠯᠠ ᠲᠡᠤᠬᠡᠨ ᠲᠤᠷᠠᠰᠬᠠᠯᠳᠦ ᠭᠠᠵᠠᠷ ᠢ ᠲᠤᠷᠠᠰᠬᠠᠬᠤ ᠶᠢᠨ ᠲᠦᠯᠦᠭᠡ ᠪᠤᠰᠬᠠᠬᠰᠠᠠ ᠴᠦ ᠡᠳᠦᠭᠡ ᠬᠠᠷᠢᠨ ᠲᠤᠰ ᠪᠡᠶ᠎ᠠ ᠶᠢᠨ ᠬᠢᠨᠢ ᠬᠠᠷᠠᠰᠠᠯᠳᠦ ᠲᠡᠤᠭᠡ ᠶᠢᠨ ᠦᠩᠭᠡᠷᠡᠯᠳᠡ  ᠪᠠᠷ ᠢᠶᠠᠨ ᠲᠤᠷᠠᠰᠬᠠᠬᠳᠠᠬᠤ ᠲᠡᠤᠭᠡ ᠶᠢᠨ ᠢᠮ ᠲᠡᠮᠳᠡᠭ ᠪᠤᠯᠤᠯ᠎ᠠ᠃               ᠪᠢᠳᠠ ᠲᠤᠷᠠᠰᠬᠠᠯ ᠤᠨ ᠬᠦᠰᠢᠶ᠎ᠠ ᠶᠢᠨ ᠡᠮᠦᠨ᠎ᠠ ᠬᠦᠷᠴᠦ ᠠᠷᠠᠵᠠ ᠶᠢᠨ ᠲᠡᠭᠡᠵᠢ ᠪᠠᠨ ᠡᠷᠭᠦᠨ ᠰᠦᠭᠦᠷᠦᠨ ᠮᠦᠷᠬᠦᠵᠦ ᠡᠵᠡᠨ ᠪᠤᠬᠳᠠ ᠴᠢᠩᠭᠢᠰ ᠬᠠᠭᠠᠨ ᠤ ᠮᠠᠨ ᠤ ᠮᠤᠩᠭᠤᠯ ᠦᠨᠳᠦᠷᠯᠢᠭ ᠤᠨ ᠦᠷ᠎ᠠ ᠬᠤᠶᠢᠴᠢᠰ ᠢᠶᠠᠨ ᠦᠷᠦᠰᠢᠶᠡᠨ ᠰᠤᠶᠤᠷᠬᠠᠬᠤ ᠶᠢ ᠵᠠᠯᠪᠠᠷᠢᠨ  ᠳᠠᠭᠠᠳᠬᠠᠪᠠ᠃           ᠲᠡᠶᠢᠮᠦ ᠡ︕ ᠲᠤᠷᠠᠰᠬᠠᠯ ᠤᠨ ᠬᠦᠰᠢᠶᠡᠨ ᠤ ᠡᠮᠦᠨ᠎ᠠ ᠬᠦᠷᠴᠦ ᠢᠷᠡᠭᠰᠡᠨ ᠮᠤᠩᠭᠤᠯᠴᠤᠳ ᠪᠦᠬᠦᠨ ᠪᠤᠳᠤᠯ ᠰᠡᠳᠭᠢᠯ ᠳᠡᠭᠡᠨ ᠦᠷᠯᠦᠭ ᠮᠤᠩᠭᠤᠯᠴᠤᠳ ᠤᠨ ᠮᠢᠨᠢ ᠬᠢᠯᠪᠡᠷ ᠪᠤᠰᠦ ᠪᠠᠷ ᠤᠯᠤᠬᠰᠠᠠ ᠡᠷᠭᠡ ᠴᠢᠯᠦᠭᠡ ᠵᠤᠯ ᠵᠢᠷᠭᠠᠯ ᠤᠨ ᠲᠦᠯᠦᠭᠡ ᠡᠵᠡᠨ ᠪᠤᠬᠳᠠ ᠠᠴᠠ ᠦᠷᠦᠰᠢᠶᠡᠯ ᠭᠤᠶᠤᠬᠤ ᠶᠤᠰᠤᠳᠠᠢ ᠭᠡᠳᠡᠭ ᠢ ᠪᠢ ᠪᠠᠳᠤ ᠢᠳᠡᠭᠡᠵᠤ ᠪᠠᠶᠢᠨ᠎ᠠ᠃              ᠲᠤᠷᠠᠰᠬᠠᠯ ᠤᠨ ᠬᠦᠰᠢᠶ᠎ᠡ ᠶᠢ ᠭᠤᠷᠪᠠ ᠲᠤᠭᠤᠢᠢᠯᠠᠭᠠᠳ ᠪᠢᠳᠡ ᠭᠤᠷᠪᠠᠭᠤᠯᠠ ᠪᠠᠨ ᠨᠠᠭᠤᠷ ᠤᠨ ᠬᠦᠪᠡᠭᠡ ᠲᠡᠰᠢ ᠠᠯᠬᠤᠯᠠᠪᠠ᠃ ᠬᠡᠳᠦ᠋ᠢᠪᠡᠷ ᠬᠠᠯᠠᠭᠤᠨ ᠵᠤᠨ ᠤ ᠳᠤᠯᠤᠳᠤᠭᠠᠷ ᠰᠠᠷ᠎ᠠ ᠪᠠᠶᠢᠭᠰᠠᠨ ᠴᠦ ᠤᠰᠤᠨ ᠤ ᠬᠦᠪᠡᠭᠡ ᠪᠠᠷ ᠰᠡᠷᠢᠭᠦᠨ ᠰᠠᠯᠬᠢ ᠰᠡᠩᠭᠢᠨᠡᠨ᠎ᠠ᠂ ᠨᠠᠭᠤᠷ ᠤᠨ ᠲᠡᠷᠳᠡᠭᠡ ᠬᠦᠪᠡᠭᠡᠨ᠎ᠠ ᠢᠬᠴᠢ ᠰᠠᠬᠤᠯᠢᠬ ᠤᠢ ᠮᠤᠳᠦ ᠲᠠᠢ᠂ ᠨᠤᠭᠤᠭᠠᠨ ᠲᠠᠯ᠎ᠠ ᠳᠤ ᠠᠳᠤᠭᠤᠨ ᠰᠦᠷᠦᠭ ᠪᠡᠯᠴᠢᠵᠤ᠂ ᠦᠷᠯᠦᠭᠡ ᠶᠢᠨ ᠨᠠᠷᠠᠨ ᠤ ᠲᠤᠶᠠᠭᠠᠨ ᠳᠤ ᠠᠳᠤᠭᠤᠨ ᠳᠡᠯ ᠭᠢᠯᠲᠤᠭᠠᠨᠠᠨ᠎ᠠ᠃        ᠨᠠᠭᠤᠷ ᠨᠢ ᠲᠡᠶᠢᠮᠦ ᠶᠡᠭᠡ ᠪᠢᠰᠢ ︵ᠤᠤᠯ ᠳᠠᠭᠠᠨ ᠡᠭᠦᠨ ᠠᠴᠠ ᠶᠡᠭᠡ ᠪᠠᠶᠢᠭᠰᠠᠨ ᠰᠢᠨᠵᠢ ᠲᠠᠢ︶᠂ ᠡᠭᠦᠨ  ᠠᠴᠠ ᠠᠰᠳᠠᠭᠠᠨ ᠪᠠᠰᠠ ᠨᠢᠭᠡ ᠨᠠᠭᠤᠷ ᠪᠠᠶᠢᠨ᠎ᠠ ᠭᠡᠵᠦ ᠰᠤᠨᠤᠰᠤᠬᠰᠠᠠ ᠴᠦ ᠴᠠᠭᠠᠭᠤᠷ ᠲᠤᠭᠤᠢᠢᠯᠠᠪᠠᠯ ᠰᠠᠢᠢ ᠬᠦᠷᠦᠨ᠎ᠠ ᠭᠡᠨ᠎ᠠ᠂ ᠭᠡᠶ᠎ᠠ ᠮᠢᠨᠦ ᠰᠠᠨᠠᠭᠠᠨ ᠳᠤ ᠬᠦᠷᠦᠯ᠎ᠠ᠃ ᠦᠷᠯᠦᠭᠡ ᠶᠢᠨ ᠬᠤᠭᠤᠯᠠᠨ ᠤ ᠳᠠᠷᠠᠭ᠎ᠠ ᠯᠠᠰᠢᠶᠠ ᠭᠤᠸᠠᠢ ᠴᠢᠩᠭᠢᠰ ᠤᠨ ᠮᠡᠨᠳᠦᠯᠡᠭᠰᠡᠨ ᠭᠠᠵᠠᠷ ᠤᠨ ᠲᠡᠷᠭᠡᠳᠡ ᠪᠤᠰᠬᠠᠭᠰᠠᠨ ᠤᠪᠤᠭ᠎ᠠ ᠶᠢ ᠦᠵᠡᠬᠦ ᠪᠠᠷ ᠤᠴᠢᠶ᠎ᠠ ᠭᠡᠰᠡᠡ ᠲᠤᠷᠠᠳᠤᠯᠭ᠎ᠠ ᠭᠠᠷᠭᠠᠵᠠᠢ᠃ ᠤᠷᠤᠢ ᠨᠢ ᠪᠠᠰᠠ ᠨᠢᠭᠡᠨ ᠰᠤᠮᠤᠨ ᠳᠤ ᠬᠦᠷᠴᠦ ᠪᠠᠭᠤᠨ᠎ᠠ᠂ ᠬᠡᠷᠪᠡ ᠠᠮᠵᠢᠳᠠᠭ ᠲᠤ ᠬᠦᠷᠪᠡᠯ ᠪᠠᠰᠠ ᠨᠢᠭᠡᠨ ᠡᠷᠲᠡᠨ ᠤ ᠳᠠᠶᠢᠨ ᠤ ᠲᠠᠯᠠᠪᠠᠢ ᠶᠢ ᠦᠵᠡᠬᠦ ᠪᠠᠷ ᠤᠴᠢᠬᠤ ᠪᠠᠶᠢᠬᠰᠠᠠ᠃        ᠪᠢᠳᠡ ᠪᠡᠯᠡᠭᠡᠨ ᠪᠤᠯᠵᠦ ᠮᠤᠷᠳᠠᠪᠠ᠃           ᠴᠢᠩᠭᠢᠰ ᠬᠠᠭᠠᠨ ᠤ ᠮᠡᠨᠳᠦᠯᠡᠭᠰᠡᠨ ᠭᠠᠵᠠᠷ ᠳᠡᠯᠢᠭᠦᠨ ᠪᠤᠯᠳᠠᠭ ᠨᠢ ᠤᠨᠤᠨ ᠮᠦᠷᠡᠨ ᠢ ᠬᠤᠯᠠ ᠠᠴᠠ ᠬᠠᠷᠠᠵᠤ ᠳᠡᠶᠢᠯᠬᠦ ᠦᠨᠳᠦᠷᠯᠢᠭ ᠭᠠᠵᠠᠷ ᠪᠠᠶᠢᠪᠠ᠂ ᠤᠪᠤᠭ᠎ᠠ ᠶᠢ ᠴᠦ ᠦᠨᠳᠦᠷᠯᠢᠭ ᠲᠡᠭᠡᠷ᠎ᠠ ᠪᠠᠶᠢᠭᠤᠯᠵᠠᠢ᠃ ᠬᠠᠴᠢᠨ ᠳ᠋ᠠ︕ ᠲᠡᠷᠭᠡᠨ ᠳᠤᠲᠤᠷ᠎ᠠ ᠪᠠᠶᠢᠬᠤ ᠳᠤ ᠪᠤᠷᠤᠭᠠᠨ ᠤᠷᠤᠵᠤ ᠪᠠᠶᠢᠬᠰᠠᠠ ᠢᠶᠠᠨ ᠪᠢᠳᠡ ᠲᠡᠷᠭᠡᠨ ᠠᠴᠠ ᠪᠠᠭᠤᠬᠤ ᠪᠤᠯᠬᠤ ᠳᠤ ᠪᠤᠷᠤᠭᠠᠨ ᠴᠦ ᠵᠤᠬᠰᠤᠯ᠎ᠠ᠂ ᠲᠡᠭᠡᠭᠡᠳ ᠪᠢᠳᠡ ᠤᠪᠤᠭ᠎ᠠ ᠶᠢᠨ ᠬᠤᠷᠮᠤᠢ ᠳᠤ ᠬᠦᠷᠦᠭᠡᠳ ᠲᠡᠭᠡᠭᠰᠢ ᠠᠭᠠᠵᠢᠮ ᠢᠶᠠᠷ ᠮᠠᠴᠤᠨ ᠭᠠᠷᠤᠭᠠᠳ ᠲᠠᠬᠢᠯᠭ᠎ᠠ ᠪᠠᠨ ᠡᠷᠭᠦᠨ ᠵᠠᠯᠪᠠᠷᠢᠨ ᠲᠠᠭᠠᠳᠬᠠᠪᠠ᠃            ᠮᠠᠨ ᠤ ᠵᠠᠷᠢᠮ ᠨᠢ ᠵᠠᠯᠪᠠᠷᠢᠨ ᠲᠠᠭᠠᠳᠬᠠᠵᠦ᠂ ᠵᠠᠷᠢᠮ ᠨᠢ ᠰᠦᠬᠦᠷᠦᠨ ᠮᠦᠷᠬᠦᠵᠦ ᠪᠤᠳᠤᠬᠰᠠᠠ ᠰᠠᠨᠠᠬᠰᠠᠠ ᠢᠶᠠᠨ ᠶᠠᠷᠢᠵᠦ ᠭᠦᠰᠡᠮᠵᠢᠯᠡᠬᠦ ᠶᠢᠨ ᠵᠡᠷᠭᠡᠪᠡᠷ ᠠᠷᠢᠬᠢ ᠪᠠᠨ ᠬᠦᠮᠦᠨ ᠪᠦᠬᠦᠨ ᠡᠭᠡᠯᠵᠢᠯᠡᠨ ᠡᠷᠬᠦᠵᠠᠢ᠃ ᠡᠨᠡ  ᠨᠢ ᠠᠶᠠᠯᠠᠯ ᠳᠤᠮᠳᠠᠬᠢ ᠬᠠᠮᠤᠭ ᠤᠨ ᠳᠦᠭᠦᠮ ᠴᠢᠨᠠᠬᠰᠢᠯᠠᠪᠠᠯ ᠨᠠᠭᠠᠳᠤ ᠵᠠᠬ᠎ᠠ ᠶᠢᠨ ᠲᠠᠬᠢᠯ ᠤᠨ ᠶᠤᠰᠤᠨ ᠳᠤ ᠬᠤᠯᠠ ᠭᠦᠢᠴᠡᠭᠳᠡᠬᠦ ᠦᠭᠡᠢ ᠪᠠᠶᠢᠬᠰᠠᠠ ᠴᠦ ᠢᠩᠬᠢᠵᠤ ᠶᠤᠰᠦ ᠪᠠᠨ ᠬᠢᠵᠦ ᠪᠠᠷᠠᠭᠠᠳ ᠬᠠᠷᠢᠨ ᠮᠢᠨᠦ ᠳᠤᠲᠤᠷ᠎ᠠ ᠲᠤᠩ ᠲᠠᠶᠢᠪᠤᠷᠢᠰᠢᠪᠠ᠃ ᠠᠷᠪᠠᠨ ᠳᠤᠯᠤᠭᠠᠨ ᠵᠢᠯ ᠤᠨ ᠡᠮᠦᠨ᠎ᠡ ᠮᠤᠩᠭᠤᠯ ᠤᠨ ᠦᠨᠳᠦᠷᠯᠢᠭ ᠲᠤ ᠢᠷᠡᠭᠰᠡᠨ ᠲᠡᠷᠡ ᠴᠠᠭ  ᠠᠴᠠ ᠡᠬᠢᠯᠡᠨ ᠡᠵᠡᠨ ᠪᠤᠭᠳᠠ ᠶᠢᠨ ᠮᠡᠨᠳᠦᠯᠡᠭᠰᠡᠨ ᠨᠤᠳᠤᠭ ᠲᠤ ᠢᠷᠡᠬᠦ ᠶᠢ ᠬᠦᠰᠡᠭᠰᠡᠭᠡᠷ ᠪᠠᠶᠢᠭᠰᠠᠨ ᠪᠢᠯᠡ᠂ ᠡᠨᠡ ᠬᠦᠰᠡᠯ ᠢᠶᠠᠨ ᠪᠡᠶᠡᠯᠡᠭᠦᠯᠬᠦ ᠳᠤ ᠠᠷᠪᠠᠨ ᠳᠤᠯᠤᠭᠠᠨ ᠵᠢᠯ ᠬᠡᠷᠡᠭᠰᠡᠨ᠎ᠡ ᠭᠡᠵᠤ ᠶᠡᠷᠦᠨᠢ ᠪᠤᠳᠤᠵᠤ ᠤᠯᠤᠭᠰᠠᠨ ᠦᠭᠡᠢ᠂ ᠨᠡᠩ ᠴᠤ ᠡᠨᠡ ᠨᠤᠳᠤᠭ ᠡᠶᠢᠮᠦ ᠭᠤᠶᠤ ᠦᠵᠡᠰᠭᠦᠯᠡᠩ ᠭᠡᠰᠡᠨ ᠢ ᠪᠤᠳᠤᠵᠤ ᠤᠯᠤᠭᠰᠠᠨ ᠦᠭᠡᠢ ᠶᠤᠮ᠃            ᠤᠪᠤᠭ᠎ᠠ ᠶᠢ ᠲᠤᠭᠤᠷᠢᠭᠰᠠᠨ ᠠᠭᠤᠯᠠ ᠬᠠᠶᠢᠷᠬᠠᠨ᠂ ᠨᠠᠭᠤᠷ ᠴᠦᠬᠦᠷᠦᠮ᠂ ᠤᠢ ᠰᠢᠭᠤᠢ᠂ ᠲᠠᠯ᠎ᠠ ᠨᠤᠳᠤᠭ ᠂ ᠤᠭᠠᠯᠵᠠᠯᠠᠨ ᠤᠷᠤᠰᠬᠤ ᠤᠨᠤᠨ ᠮᠦᠷᠡᠨ ᠬᠤᠪᠢ ᠶᠢᠨ ᠭᠠᠳᠠᠨ᠎ᠠ ᠰᠦᠷᠯᠢᠭ ᠦᠵᠡᠮᠵᠢ ᠲᠠᠢ ᠪᠠᠶᠢᠯ᠎ᠠ᠃              ᠪᠦᠬᠦ ᠪᠡᠶ᠎ᠡ ᠲᠡᠩᠬᠡᠬᠡ ᠠᠯᠳᠠᠷᠠᠵᠤ ᠬᠤᠶᠠᠷ ᠬᠦᠯ ᠨᠤᠭᠤᠷᠠᠵᠦ ᠪᠠᠶᠢᠭᠰᠠᠨ ᠴᠤ  ᠠᠳᠡ ᠠᠴᠠ ᠰᠠᠯᠵᠤ ᠶᠠᠳᠠᠨ ᠪᠠᠶᠢᠯ᠎ᠠ᠂ ᠭᠡᠶ᠎ᠠ ᠠᠭᠤᠯᠠᠨ ᠬᠦᠳᠦᠯ ᠲᠡᠭᠡᠷ᠎ᠠ ᠤᠳᠠᠵᠦ ᠤᠳᠠᠵᠦ ᠯᠠᠰᠢᠶᠠ ᠭᠤᠸᠠᠢ ᠮᠠᠰᠢᠨ ᠲᠡᠷᠭᠡ ᠪᠠᠨ ᠵᠢᠯᠤᠭᠤᠳᠤᠨ ᠤᠪᠤᠭ᠎ᠠ ᠶᠢᠨ ᠡ᠊ᠩᠭᠡᠷ ᠲᠤ ᠢᠷᠡᠵᠦ ᠵᠤᠬᠰᠤᠬᠤᠯᠠᠷ ᠪᠢᠳᠡ ᠰᠠᠶ᠋ᠢ ᠠᠷᠭ᠎ᠠ ᠪᠤᠰᠦ ᠲᠡᠷᠭᠡᠨ ᠳᠤ ᠭᠠᠷᠤᠭᠰᠠᠨ ᠶᠤᠮ᠃ ᠰᠦ᠋ ᠶᠢᠩ ᠮᠢᠨᠦ ᠬᠤᠭᠤᠯᠨᠨ ᠤ ᠲᠤᠷᠠᠰᠢᠯ ᠮᠠᠭᠤᠳᠠᠬᠰᠠᠠ ᠪᠠ ᠬᠤᠵᠢᠢᠬᠰᠠᠠ ᠴᠢᠷᠠᠢ ᠶᠢ ᠬᠠᠷᠠᠭᠠᠳ ᠠᠷᠦ ᠶᠢᠨ ᠰᠠᠭᠤᠳᠠᠯ ᠠᠴᠠ ᠭᠠᠷ ᠢᠶᠠᠨ ᠰᠤᠩᠭᠠᠨ ᠮᠠᠩᠨᠠᠢ ᠶᠢ ᠲᠡᠮᠳᠡᠷᠢᠵᠦ ᠦᠵᠡᠭᠰᠡᠡ ᠢᠶᠠᠨ ᠬᠠᠯᠠᠭᠤᠷᠠᠵᠤ ᠪᠠᠶᠢᠨ᠎ᠠ ᠭᠡᠵᠦ ᠭᠡᠯᠡᠪᠡ᠃             ᠡᠬᠢᠯᠡᠭᠡᠳ ᠪᠢ ᠠᠩᠵᠢᠶᠠᠷᠠᠬᠤ ᠦᠬᠡᠢ ᠪᠠᠶᠢᠪᠠ᠃ ᠭᠡᠶ᠎ᠠ ᠶᠠᠪᠤᠬᠤ ᠲᠤᠳᠤᠮ ᠪᠡᠶ᠎ᠠ ᠰᠤᠯᠠᠷᠠᠨ ᠤᠷᠮ᠎ᠠ ᠮᠠᠭᠤᠳᠠᠵᠦ ᠴᠤᠬ ᠰᠦᠯᠳᠡ ᠦᠭᠡᠢ ᠪᠤᠯᠵᠠᠢ᠃ ᠵᠠᠮ ᠤᠨ ᠭᠤᠳᠤᠰ ᠲᠤ ᠲᠡᠳᠡᠨᠡᠷ ᠭᠡᠳᠦ ᠤᠳᠠᠭ᠎ᠠ ᠮᠠᠯᠴᠢᠳ ᠤᠨ ᠭᠡᠷ  ᠲᠤ ᠤᠷᠤᠵᠤ ᠵᠤᠭᠤᠭᠲᠠᠬᠤ ᠦᠶ᠎ᠠ ᠳᠤ ᠪᠢ ᠵᠦᠪᠭᠡᠨ ᠲᠡᠷᠭᠡᠨ ᠲᠤᠳᠤᠷ᠎ᠠ ᠤᠨᠳᠠᠬᠤ ᠶᠢ ᠯᠠ ᠪᠤᠳᠤᠯ᠎ᠠ᠃ ᠦᠷᠯᠦᠭᠡ  ᠶᠢᠨ ᠬᠤᠭᠤᠯᠠ ᠶᠢ  ᠢᠳᠡᠬᠦ ᠲᠤᠷ᠎ᠠ ᠶᠠᠬ ᠬᠦᠷᠦᠭᠰᠡᠡ ᠦᠭᠡᠢ ᠠᠴᠠ ᠴᠢᠮᠡᠭ ᠲᠤᠭᠤᠭᠠᠴᠢ ᠪᠠᠷ ᠰᠢᠩᠭᠡᠨ ᠪᠤᠳᠠᠭ᠎ᠠ ᠴᠢᠨᠠᠭᠤᠯᠵᠦ ᠬᠠᠯᠠᠭᠤᠨ ᠢ ᠬᠠᠳᠠᠭᠠᠯᠠᠬᠤ ᠰᠠᠪᠠᠨ ᠳᠤ ᠬᠢᠵᠤ ᠮᠠᠰᠢᠨ ᠲᠡᠷᠭᠡᠨ ᠳᠤ ᠠᠪᠴᠦ ᠭᠠᠷᠤᠭᠠᠳ ᠬᠠᠭᠠᠰ ᠡᠳᠦᠷ ᠤᠨ ᠠᠶᠠᠯᠠᠯ ᠳᠤ ᠠᠮᠢ ᠭᠤᠤᠯ ᠵᠢᠭᠤᠵᠠᠢ᠃       ᠦᠳᠡ ᠶᠢᠨ ᠬᠤᠶᠢᠨᠠᠬᠢ 4 ᠴᠠᠭ ᠤᠨ ᠦᠶ᠎ᠡ ᠪᠠᠷ ᠨᠢᠭᠡᠨ ᠭᠤᠤᠯ ᠤᠨ ᠬᠦᠪᠡᠭᠡ ᠪᠠᠷ ᠦᠩᠭᠡᠷᠡᠭᠰᠡᠡ ᠤ ᠲᠠᠷᠠᠭ᠎ᠠ ᠨᠢᠭᠡᠨ ᠪᠠᠭ᠎ᠠ ᠠᠭᠤᠯᠠ ᠬᠠᠷᠠᠬᠳᠠᠪᠠ᠂ ᠲᠡᠭᠦᠨ ᠤ ᠡ᠊ᠩᠭᠡᠷ ᠲᠠᠬᠢ ᠲᠡᠭᠰᠢ ᠨᠤᠭᠤᠭᠠᠨ ᠲᠠᠯ᠎ᠠ ᠳᠡᠭᠡᠷ᠎ᠡ ᠬᠡᠳᠦᠨ ᠮᠤᠳᠤᠨ ᠭᠡᠷ ᠪᠠᠶᠢᠬᠤ ᠨᠢ ᠬᠤᠯᠠ ᠠᠴᠠ ᠢᠯᠡᠭᠡᠨ ᠬᠠᠷᠠᠭᠲᠠᠬᠤ ᠳᠤ ᠬᠦᠷᠴᠦ ᠤᠴᠢᠭᠠᠳ ᠠᠰᠠᠭᠤᠬᠤᠯᠠᠷ ᠵᠤᠴᠢᠳ ᠤᠨ ᠪᠠᠭᠤᠳᠠᠯ ᠪᠠᠶᠢᠵᠠᠢ᠃          ᠰᠦ᠋ ᠶᠢᠩ  ᠠᠳᠡ ᠪᠠᠭᠤᠵᠦ ᠰᠠᠶᠢᠬᠠᠨ ᠠᠮᠠᠷᠠᠭᠠᠳ ᠶᠠᠪᠤᠶ᠎ᠠ ᠭᠡᠵᠦ ᠭᠡᠯᠡᠯ᠎ᠠ᠃ ᠭᠡᠶ᠎ᠠ ᠪᠢ ᠦᠢᠯᠡᠴᠢᠯᠡᠭᠴᠢ ᠬᠡᠤᠬᠡᠨ ᠤ ᠤᠷᠤ ᠳᠡᠪᠢᠰᠴᠤ ᠪᠠᠶᠢᠬᠤ ᠵᠠᠭᠤᠷ᠎ᠠ ᠲᠤᠤᠷ ᠡᠭᠦᠳᠡᠨ ᠳᠤᠨᠢ ᠭᠡᠳᠦᠨ ᠪᠦᠳᠦᠬᠦᠨ ᠴᠤᠭᠤᠷᠬᠠᠢ ᠪᠠᠶᠢᠬᠤ ᠶᠢ ᠤᠯᠵᠦ ᠦᠵᠡᠭᠰᠡᠡ ᠢᠶᠠᠷ ᠪᠠᠷᠠᠬᠤ ᠦᠭᠡᠢ ᠨᠠᠭᠠᠭᠤᠷ ᠴᠠᠭᠠᠭᠤᠷ ᠰᠢᠮᠠᠭᠤᠯ ᠡᠷᠭᠢᠯᠳᠤᠨ ᠨᠢᠰᠴᠤ ᠪᠠᠶᠢᠬᠤ ᠶᠢ ᠦᠵᠡᠭᠡᠳ ᠤᠷᠤᠢ ᠰᠢᠮᠠᠭᠤᠯ ᠳᠤ ᠬᠠᠵᠠᠬᠳᠠᠬᠤ ᠨᠢ ᠭᠠᠷᠴᠠᠭ᠎ᠠ ᠦᠭᠡᠢ ᠭᠡᠵᠦ ᠲᠤᠳᠤᠷ᠎ᠠ ᠪᠠᠨ ᠪᠤᠳᠤᠪᠠ᠃            ᠰᠢᠮᠠᠭᠤᠯ ᠲᠠᠢ ᠪᠠᠶᠢᠨ᠎ᠠ ᠭᠡᠵᠦ ᠪᠢ ᠭᠡᠯᠡᠭᠰᠡᠡ ᠳᠤ ᠦᠢᠯᠡᠴᠢᠯᠡᠭᠴᠢ ᠬᠡᠤᠬᠡᠨ᠄ ︽ᠲᠡᠶᠢᠮᠦ ᠡ᠂ ᠭᠤᠤᠯ  ᠠᠴᠠ ᠤᠢᠢᠷᠠᠬᠠᠨ ᠪᠤᠯᠬᠤᠷ ᠰᠢᠮᠠᠭᠤᠯ ᠲᠠᠢ︾ ᠭᠡᠪᠡ᠃        ᠬᠡᠤᠬᠡᠨ ᠤ ᠦᠨᠡᠨᠴᠢ ᠬᠠᠷᠢᠭᠤᠯᠳᠠ ᠠᠴᠠ ᠪᠢ  ᠠᠳᠡ ᠬᠤᠨᠤᠵᠦ ᠠᠮᠠᠷᠠᠬᠤ ᠶᠢ ᠦᠯᠦ ᠵᠦᠪᠰᠢᠶᠡᠷᠡᠬᠦ ᠰᠢᠯᠳᠠᠬ ᠤᠯᠪᠠ᠂ ᠪᠢ  ᠠᠳᠡ ᠬᠤᠨᠤᠬᠤ ᠪᠠᠨ ᠪᠤᠯᠢᠵᠦ ᠦᠷᠬᠦᠯᠵᠢᠯᠡᠨ ᠵᠠᠮᠨᠠᠵᠦ ᠰᠢᠮᠠᠭᠤᠯ ᠦᠭᠡᠢ ᠭᠠᠵᠠᠷ ᠤᠯᠬᠤ ᠭᠡᠰᠡᠡ ᠰᠠᠨᠠᠭ᠎ᠠ ᠪᠠᠨ ᠴᠢᠮᠡᠭ ᠢᠶᠠᠷ ᠭᠡᠯᠡᠭᠦᠯᠦᠭᠰᠡᠡ ᠳᠤ ᠲᠡᠷᠡ ᠦᠢᠯᠡᠴᠢᠯᠡᠭᠴᠢ ᠬᠡᠤᠬᠡᠨ ᠴᠦ ᠠᠭᠤᠷᠯᠠᠭᠰᠠᠨ ᠦᠭᠡᠢ ᠮᠦᠷᠲᠡᠭᠡᠨ ᠢᠨᠢᠶᠡᠮᠰᠦᠩᠭᠦᠢ ᠰᠠᠶᠢᠬᠠᠨ ᠴᠢᠷᠠᠢ ᠪᠠᠷ ᠭᠠᠷ ᠲᠠᠯᠠᠯᠤᠨ ᠮᠠᠨ ᠢ ᠮᠤᠷᠳᠠᠭᠤᠯᠬᠤ ᠶᠢ ᠦᠵᠡᠭᠡᠳ ᠪᠢ ᠶᠡᠭᠡᠳᠡ ᠤᠰᠤᠯᠳᠠᠬᠰᠠᠠ ᠮᠡᠳᠦ ᠪᠤᠯᠤᠭᠰᠠᠨ᠃        ᠵᠦᠭᠡᠷ ᠳ᠋ᠡ︕ ᠭᠡᠨ ᠨᠢᠭᠡ ᠨᠢ ᠲᠡᠭᠦᠨ ᠳᠤ ᠦᠰᠢᠶ᠎ᠠ ᠠᠪᠴᠦ ᠦᠭᠬᠦᠯ᠎ᠠ︕ ᠶᠠᠭᠤ ᠭᠡᠪᠡᠯ ᠭᠡᠨ ᠨᠢᠭᠡ  ᠨᠢ ᠲᠡᠭᠦᠨ ᠢ ᠤᠷᠤᠯᠨᠨ ᠦᠰᠢᠶ᠎ᠠ ᠠᠪᠴᠦ ᠦᠭᠬᠦᠭᠰᠡᠡ ᠢᠶᠠᠷ ᠪᠠᠷᠠᠬᠤ ᠦᠭᠡᠢ ᠲᠡᠷᠡ ᠭᠡᠳᠦᠨ ᠰᠢᠮᠠᠭᠤᠯ ᠤᠨ ᠡᠮᠦᠨ᠎ᠠ  ᠠᠴᠠ ᠴᠦ ᠦᠰᠢᠶ᠎ᠡ ᠠᠪᠴᠤ ᠦᠭᠭᠦᠭᠰᠡᠡ ᠪᠠᠶᠢᠨ᠎ᠠ᠃          ᠲᠠᠬᠢᠨ ᠵᠠᠮ ᠢᠶᠠᠨ ᠡᠯᠭᠦᠭᠰᠡᠡ ᠤ ᠬᠤᠶᠢᠨ᠎ᠠ ᠯᠠᠰᠢᠶᠠ ᠭᠤᠸᠠᠢ ᠭᠤᠤᠯ ᠤᠨ ᠬᠦᠪᠡᠭᠡ ᠪᠠᠷ ᠲᠠᠪᠬᠢᠭᠤᠯᠵᠠᠢ᠂ ᠪᠠᠷᠠᠭᠤᠨ ᠲᠠᠯ᠎ᠠ ᠪᠠᠷ ᠦᠷᠬᠦᠯᠵᠢᠯᠠᠨ ᠵᠠᠯᠭᠠᠯᠳᠤᠬᠰᠠᠠ ᠪᠤᠳᠠ ᠰᠦᠭᠡᠭ ᠪᠤᠯᠤᠨ ᠲᠡᠭᠦᠨ ᠠᠴᠠ ᠪᠠᠰᠠ ᠦᠨᠳᠦᠷ ᠤᠯᠠᠨ ᠮᠤᠳᠤᠳ ᠤᠨᠤᠨ ᠮᠦᠷᠡᠨ ᠬᠢᠭᠡᠳ ᠮᠠᠨ ᠤ ᠮᠠᠰᠢᠨ ᠲᠡᠷᠭᠡ ᠶᠢ ᠵᠠᠭᠠᠬᠯᠠᠬᠰᠠᠠ ᠪᠠᠶᠢᠯ᠎ᠠ᠂ ᠲᠠᠬᠢᠨ ᠪᠠᠰᠠ ᠪᠠᠷᠠᠭᠤᠨᠰᠢᠯᠠᠬᠤ ᠳᠤ ᠡᠪᠡᠰᠦ ᠨᠤᠭᠤᠭ᠎ᠠ ᠰᠠᠬᠤᠯᠢᠭ ᠤᠷᠭᠤᠬᠰᠠᠠ ᠤᠨᠤᠨ ᠮᠦᠷᠡᠨ ᠳᠤ ᠬᠦᠷᠴᠦ ᠪᠢᠯᠬᠠᠮ᠎ᠠ ᠴᠠᠯᠬᠢᠮ᠎ᠠ ᠮᠦᠷᠡᠨ ᠤ ᠤᠰᠦ ᠶᠢ ᠤᠯᠵᠦ ᠦᠵᠡᠯ᠎ᠠ᠃              ᠮᠦᠷᠡᠨ ᠤ ᠬᠦᠪᠡᠭᠡ ᠶᠢᠨ ᠨᠠᠷᠢᠨ ᠵᠠᠮ ᠡ᠊ᠩᠬᠦᠯ ᠲᠤᠩᠬᠤᠯ ᠪᠠᠷᠳᠠᠭ᠎ᠠ ᠶᠡᠭᠡᠳᠠᠢ ᠪᠤᠯᠬᠤᠷ ᠲᠡᠷᠭᠡ ᠰᠠᠵᠢᠯᠠᠬᠤ  ᠨᠢ  ᠴᠢᠩᠭᠠᠷᠠᠵᠦ ᠦᠨᠡᠭᠡᠷ ᠲᠠᠭᠠᠯᠠᠮᠵᠢ ᠦᠭᠡᠢ᠃ ᠵᠠᠷᠢᠮ ᠦᠶ᠎ᠠ ᠳᠤ ᠵᠡᠭᠦᠨ ᠲᠠᠯ᠎ᠠ ᠶᠢᠨ ᠰᠢᠪᠠᠷ ᠱᠠᠯᠴᠢᠭ ᠠᠴᠠ ᠠᠷᠠᠢ ᠭᠡᠵᠦ ᠭᠠᠷᠤᠳᠠᠯ᠎ᠠ ᠪᠠᠷᠠᠭᠤᠨ ᠲᠠᠯ᠎ᠠ ᠪᠠᠷ ᠪᠠᠰᠠ ᠰᠢᠪᠠᠷ ᠱᠠᠯᠴᠢᠬ ᠲᠤ ᠤᠷᠤᠬᠤ ᠠᠴᠠ ᠮᠠᠰᠢᠨ ᠤ ᠬᠤᠷᠳᠤᠴᠠ ᠲᠤᠩ ᠤᠳᠠᠭᠠᠨ ᠪᠠᠶᠢᠯ᠎ᠠ᠃                                                                     ︵ᠦᠷᠬᠦᠯᠵᠢᠯᠡᠯ ᠪᠤᠢ︶                ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号