ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵  ᠠᠷᠪᠠᠨ ᠬᠤᠶᠠᠷ︶
ᠨᠡᠶᠢᠲᠡᠯᠡᠭᠰᠡᠨ ᠴᠠᠭ᠄
2016-04-15
      ᠵᠡᠭᠦᠨ ᠲᠠᠯ᠎ᠠ ᠪᠠᠷ ᠡᠭ᠍ᠴᠡ ᠪᠤᠰᠤᠭ᠎ᠠ ᠠᠭᠤᠯᠠ ᠪᠤᠯᠬᠤᠷ ᠵᠦᠪᠭᠡᠨ ᠡᠨᠡ ᠵᠠᠮ ᠢᠶᠠᠷ ᠯᠠ ᠶᠠᠪᠤᠬᠤ ᠬᠡᠷᠡᠭ ᠪᠤᠯᠵᠠᠢ᠂ ᠭᠡᠶ᠎ᠠ ᠶᠠᠪᠤᠬᠤ ᠲᠤᠳᠤᠮ ᠮᠠᠨ ᠤ ᠡᠷᠭᠢᠨ ᠲᠤᠭᠤᠷᠢᠨ ᠤᠯᠠᠮ ᠢᠶᠠᠷ ᠦᠷᠭᠡᠨ ᠠᠭᠤᠳᠠᠮ ᠪᠤᠯᠵᠦ ᠪᠠᠷᠠᠭᠤᠨ ᠲᠠᠯ᠎ᠠ ᠪᠠᠷ ᠮᠦᠨ ᠤᠤᠯ ᠤᠨ ᠪᠠᠶᠢᠳᠠᠯ ᠲᠠᠢ ᠪᠠᠶᠢᠬᠰᠠᠠ ᠴᠦ ᠵᠠᠭᠦᠨ ᠲᠠᠯ᠎ᠠ ᠪᠠᠷ ᠬᠢ ᠠᠭᠤᠯᠠᠰ ᠨᠢᠭᠡᠨᠳᠡ ᠬᠤᠯᠠ ᠬᠠᠶᠠᠬᠳᠠᠵᠠᠢ᠂ ᠠᠭᠤᠯᠠᠨ ᠡᠮᠦᠨᠡᠭᠦᠷ ᠶᠡᠭᠡᠭᠡᠨ ᠰᠢᠭ ᠨᠠᠮᠤᠬ ᠭᠠᠵᠠᠷ ᠬᠠᠷᠠᠬᠳᠠᠨ᠎ᠠ᠃ ᠲᠡᠭᠡᠭᠡᠳ ᠪᠢ ᠶᠠᠭᠠᠬᠢᠭᠠᠳ ᠡᠨᠡ ᠵᠠᠮ ᠠᠴᠠ ᠭᠠᠷᠤᠭᠠᠳ ᠵᠡᠭᠦᠨ ᠲᠠᠯ᠎ᠠ ᠶᠢᠨ ᠬᠠᠭᠤᠷᠠᠢ ᠡᠪᠡᠰᠤᠨ ᠲᠡᠭᠡᠭᠦᠷ ᠮᠠᠰᠢᠨ ᠲᠡᠷᠭᠡ ᠪᠠᠨ ᠲᠠᠪᠬᠢᠭᠤᠯᠵᠦ ᠪᠤᠯᠳᠠᠬ ᠦᠭᠡᠢ ᠪᠤᠢ︖ ᠭᠡᠵᠦ ᠠᠰᠠᠭᠤᠬᠤ ᠳᠤ ᠴᠢᠮᠡᠭ᠄ ︽ᠰᠠᠶ᠋ᠢᠬᠠᠨ ᠵᠠᠮ ᠠᠰᠠᠭᠤᠬᠤᠯᠠᠷ ᠮᠠᠨᠤᠰ ᠢ ︿ᠡᠷᠭᠡᠪᠰᠢ ᠭᠤᠤᠯ ᠤᠨ ᠬᠦᠪᠡᠭᠡ ᠶᠢ ᠲᠠᠭᠠᠵᠦ ᠶᠠᠪᠤᠬᠤ ᠭᠡᠷᠡᠭᠳᠠᠢ᠂ ᠡᠰᠡᠪᠡᠯ ᠵᠦᠭ ᠴᠢᠭ ᠢᠶᠠᠨ ᠠᠯᠳᠠᠨ᠎ᠠ  ﹀ ᠭᠡᠵᠦ ᠭᠡᠯᠡᠵᠦ ᠦᠭᠴᠠᠢ︾   ᠭᠡᠪᠡ᠃             ᠲᠡᠭᠡᠬᠦ ᠯᠠ ᠭᠡᠷᠡᠭ ᠪᠤᠯᠵᠠᠢ᠂ ᠥᠷᠬᠡᠨ ᠠᠭᠤᠳᠠᠮ ᠲᠠᠯ᠎ᠠ ᠨᠤᠳᠤᠬ ᠮᠢᠨᠢ ᠠᠩᠬ᠎ᠠ ᠢᠷᠡᠵᠦ ᠪᠠᠶᠢᠭ᠎ᠠ ᠬᠦᠮᠦᠰ ᠢ ᠦᠨᠡᠨ ᠲᠦᠭᠡᠷᠢᠭᠳᠡᠭᠦᠯᠦᠨ᠎ᠠ︕ ᠪᠢᠳᠡ ᠵᠠᠮ ᠤᠨ ᠭᠤᠳᠤᠰ ᠲᠤ ᠭᠡᠳᠦ ᠤᠳᠠᠭ᠎ᠠ ᠪᠤᠷᠤᠭᠤ ᠵᠠᠮ ᠢᠶᠠᠷ ᠶᠠᠪᠤᠬᠰᠠᠠ᠂ ᠮᠠᠰᠢᠨ ᠲᠡᠷᠭᠡᠨ ᠤ ᠬᠤᠷᠳᠤᠴᠠ ᠪᠠᠰᠠ ᠲᠦᠷᠭᠡᠳᠴᠦ ᠲᠡᠶᠢᠯᠬᠦ ᠦᠭᠡᠢ᠂ ᠬᠦᠯᠢᠴᠡᠬᠦ ᠯᠠ ᠭᠡᠷᠡᠭ ᠪᠤᠯᠤᠯ᠎ᠠ ᠃             ᠡᠨᠡ ᠦᠶ᠎ᠠ ᠳᠤ ᠨᠠᠷᠢᠨ ᠵᠠᠮ ᠤᠨ ᠬᠠᠵᠠᠭᠤ ᠳᠤ ᠪᠠᠰᠠ ᠨᠢᠭᠡᠨ ᠪᠠᠭ᠎ᠠ ᠮᠠᠰᠢᠨ ᠲᠡᠷᠭᠡ ᠰᠢᠪᠠᠷᠳᠠᠭᠠᠳ ᠪᠠᠶᠢᠪᠠ ᠂ ᠠᠵᠢᠬᠯᠠᠬᠤᠯᠠᠷ ᠡᠵᠢ᠂ ᠦᠬᠢᠨ᠂ ᠬᠦᠦ᠂ ᠡᠪᠦᠭᠡ ᠳᠦᠷᠪᠡᠭᠦᠯᠡ ᠮᠠᠶ᠋ᠢᠬ ᠲᠠᠢ ᠲᠡᠭᠡᠭᠡᠪᠦᠷᠢᠯᠡᠭᠰᠡᠡ ᠭᠤᠯᠢᠷ ᠪᠤᠳᠠᠭ᠎ᠠ  ᠪᠠᠨ ᠪᠠᠭᠤᠯᠭᠠᠨ ᠶᠠᠭᠠᠷᠠᠯᠳᠤᠵᠦ ᠲᠡᠷᠭᠡ ᠪᠠᠨ ᠬᠦᠩᠭᠡᠯᠡᠬᠦ ᠰᠠᠨᠠᠭ᠎ᠠ ᠲᠠᠢ ᠨᠢ ᠢᠯᠡᠭᠡᠨ᠂ ᠭᠡᠶ᠎ᠠ ᠶᠠᠭᠠᠬᠢᠵᠦ ᠤᠷᠤᠯᠳᠤᠬᠰᠠᠠ ᠴᠦ ᠰᠢᠪᠠᠷᠳᠠᠬᠰᠠᠠ ᠲᠡᠷᠭᠡ ᠪᠠᠨ ᠭᠠᠷᠭᠠᠵᠦ ᠲᠡᠶᠢᠯᠬᠦ ᠦᠭᠡᠢ ᠪᠠᠶᠢᠪᠠ᠃             ᠯᠠᠰᠢᠶᠠ ᠭᠤᠸᠠᠢ ᠬᠦᠶᠦᠵᠦ ᠬᠦᠷᠦᠭᠡᠳ ᠬᠠᠪᠰᠤᠷᠤᠬᠰᠠᠠ ᠤ ᠠᠴᠢ ᠪᠠᠷ ᠰᠢᠪᠠᠷᠳᠠᠬᠰᠠᠠ ᠲᠡᠷᠭᠡ ᠶᠢ ᠲᠦᠯᠬᠢᠵᠤ ᠭᠠᠷᠭᠠᠵᠦ ᠲᠡᠶᠢᠯᠦᠭᠰᠡᠡ ᠪᠤᠯᠪᠠᠴᠤ ᠮᠠᠰᠢᠨ ᠲᠡᠷᠭᠡ ᠬᠠᠷᠢᠨ ᠨᠤᠴᠤᠬᠤ ᠪᠠᠨ ᠪᠤᠯᠢᠪᠠ᠂ ᠮᠠᠨ ᠤ ᠬᠢᠨ ᠴᠦ ᠠᠷᠭ᠎ᠠ ᠪᠠᠷᠠᠬᠳᠠᠬᠰᠠᠠ ᠲᠤᠯᠠ ᠠᠷᠭ᠎ᠠ ᠪᠤᠰᠦ ᠰᠠᠯᠬᠤ ᠶᠤᠰᠦ ᠭᠦᠢᠴᠡᠳᠭᠡᠨ ᠵᠠᠮ ᠢᠶᠠᠨ ᠬᠦᠭᠡᠭᠡᠪᠡ᠃       ᠨᠠᠷᠠ ᠪᠠᠷᠠᠭᠤᠨᠰᠢ ᠲᠠᠰᠢᠵᠦ ᠡᠬᠢᠯᠡᠪᠡ᠂ ᠪᠠᠷᠠᠭᠤᠨ ᠲᠠᠯ᠎ᠠ ᠪᠠᠷ ᠭᠤᠤᠯ ᠤᠨ ᠬᠦᠪᠡᠭᠡ᠂ ᠡᠮᠦᠨ᠎ᠡ ᠲᠠᠯ᠎ᠠ ᠪᠠᠷ ᠡᠪᠡᠰᠦᠳᠦ ᠭᠠᠵᠠᠷ᠃   ᠭᠡᠶ᠎ᠠ ᠡᠶᠢᠮᠦᠷᠬᠦ ᠵᠤᠵᠠᠭᠠᠨ ᠰᠠᠬᠤᠯᠢᠬ ᠤᠷᠭᠤᠬᠰᠠᠠ ᠬᠦᠭᠡ ᠡᠪᠡᠰᠦᠨ ᠤ ᠲᠤᠤᠷ᠎ᠠ   ᠡᠨᠡ ᠵᠤᠨ ᠤ ᠬᠤᠷ᠎ᠠ ᠪᠤᠷᠤᠭᠠᠨ ᠡᠯᠪᠡᠭ ᠠᠴᠠ ᠪᠤᠯᠵᠦ ᠤᠯᠠᠨ ᠨᠠᠮᠤᠭ ᠭᠠᠵᠠᠷ ᠲᠠᠢ ᠪᠤᠯᠵᠠᠢ᠂ ᠮᠠᠰᠢᠨ ᠲᠡᠷᠭᠡ ᠵᠠᠮ ᠶᠠᠪᠤᠬᠤ ᠳᠤ ᠶᠠᠬ ᠯᠠ ᠬᠦᠪᠪᠦᠮᠡᠯ ᠨᠠᠭᠤᠷ ᠲᠡᠭᠡᠷ᠎ᠠ ᠲᠠᠪᠬᠢᠵᠦ ᠪᠠᠶᠢᠭ᠎ᠠ ᠮᠡᠳᠦ ᠰᠠᠨᠠᠬᠳᠠᠭᠤᠯᠬᠤ ᠠᠴᠠ ᠭᠡᠵᠢᠶ᠎ᠠ ᠬᠠᠮᠢᠭ᠎ᠠ ᠰᠢᠪᠠᠷᠳᠠᠵᠦ ᠤᠷᠤᠬᠤ ᠪᠤᠯ ᠳ᠋ᠡ ᠭᠡᠵᠦ ᠪᠢᠳᠡ ᠵᠢᠷᠦᠭᠡ ᠪᠠᠨ ᠭᠠᠷ ᠲᠠᠭᠠᠨ ᠪᠠᠷᠢᠵᠦ ᠶᠠᠪᠤᠪᠠ ᠁᠃             ᠮᠠᠨ ᠤ ᠭᠡᠭᠡᠷᠠᠯᠡᠨ ᠠᠶᠠᠯᠠᠬᠤ ᠮᠠᠰᠢᠨ ᠲᠡᠷᠭᠡ ᠶᠢᠨ ᠦᠢᠯᠡᠳᠦᠯ ᠴᠢᠳᠠᠮᠵᠢ ᠪᠠᠰᠠ ᠵᠦᠭᠡᠷ ᠢ ᠭᠡᠯᠡᠬᠦ ᠦᠭᠡᠢ᠂ ᠯᠠᠰᠢᠶᠠ ᠭᠤᠸᠠᠢ ᠴᠤ ᠵᠢᠯᠤᠭᠤᠳᠬᠤ ᠮᠡᠷᠭᠡᠵᠢᠯ ᠳᠤ ᠴᠠᠭᠠᠷᠠᠬᠰᠠᠠ ᠢᠶᠠᠷ ᠭᠡᠳᠦ ᠤᠳᠠᠭ᠎ᠠ ᠶᠢᠨ ᠰᠢᠪᠠᠷᠳᠠᠬᠤ ᠠᠶᠤᠯ  ᠠᠴᠠ ᠮᠤᠯᠳᠤᠷᠠᠵᠦ ᠴᠢᠳᠠᠬᠰᠠᠠ ᠪᠤᠯᠪᠠᠴᠦ ᠡᠴᠦᠰ ᠳᠡᠭᠡᠨ ᠬᠠᠰᠢᠯᠠ ᠰᠢᠪᠠᠷᠳᠠᠵᠦ ᠤᠬᠤᠷᠢᠵᠦ ᠴᠦ ᠪᠤᠯᠬᠤ ᠦᠭᠡᠢ ᠤᠷᠤᠬᠰᠢᠯᠠᠵᠦ ᠴᠦ ᠪᠤᠯᠬᠤ ᠦᠭᠡᠢ ᠪᠤᠯᠪᠠ᠃         ᠲᠡᠭᠷᠢ ᠪᠦᠷ ᠬᠠᠷᠠᠩᠭᠤᠢ ᠪᠤᠯᠵᠦ ᠵᠦᠪᠭᠡᠨ ᠪᠠᠷᠠᠭᠤᠨ ᠲᠠᠯ᠎ᠠ ᠳᠤ ᠪᠠᠶᠢᠭ᠎ᠠ ᠤᠨᠤᠨ ᠮᠦᠷᠡᠨ ᠤ ᠤᠰᠤᠨ ᠲᠡᠭᠡᠷ᠎ᠠ ᠬᠠᠶᠠ ᠨᠢᠭᠡ ᠭᠡᠷᠡᠯ ᠤᠨ ᠤᠢᠢᠯᠳᠠ ᠭᠠᠷᠤᠨ᠎ᠠ᠃ ᠳᠦᠷᠪᠡᠭᠦᠯᠡ ᠪᠠᠨ ᠮᠠᠰᠢᠨ ᠲᠡᠷᠭᠡᠨ ᠠᠴᠠ ᠪᠠᠭᠤᠭᠠᠳ ᠲᠦᠯᠬᠢᠭᠰᠡᠨ ᠴᠤ ᠶᠠᠮᠠᠷ ᠴᠦ ᠲᠤᠰᠠ ᠭᠠᠷᠤᠭᠰᠠᠨ ᠦᠭᠡᠢ᠃ ᠶᠠᠬ ᠲᠠᠶᠢᠨ ᠬᠦ ᠠᠯᠮᠠᠶᠢᠷᠠᠵᠦ ᠵᠣᠬᠰᠣᠬᠤ ᠶᠢᠨ ᠬᠤᠷᠣᠮ ᠳᠤ ᠨᠠᠮᠤᠭ ᠤᠨ ᠲᠣᠮᠳᠠᠬᠢ ᠬᠠᠮᠤᠭ ᠪᠠᠳᠠᠭᠠᠨ᠎ᠠ ᠦᠨᠦᠷ ᠢᠶᠠᠷ ᠬᠦᠷᠦᠭᠡᠳ ᠢᠷᠡᠪᠡ ᠦᠦ ᠬᠡᠮᠡᠷ ᠪᠡᠳᠡᠨ ᠪᠦᠭᠡᠮᠨᠡᠷᠡᠭᠡᠳ ︵ᠵᠦᠬᠡᠢ ᠶᠢᠨ ᠰᠦᠷᠦᠭ ᠠᠴᠠ ᠬᠡᠳᠦᠨ ᠠᠷᠪᠠᠨ ᠲᠠᠬᠢᠨ ᠪᠦᠭᠡᠮᠨᠡᠷᠡᠵᠦ︶ ᠪᠢᠳᠡᠨ ᠤ ᠣᠷᠣᠭᠤ ᠲᠠᠭᠠᠷᠢᠪᠠ᠃ ᠲᠡᠷᠡ ᠦᠩᠬᠢᠨᠡᠬᠦ ᠲᠠᠭᠤ᠂ ᠲᠡᠷᠡ ᠵᠢᠬᠰᠠᠭᠠᠯ ᠬᠡᠵᠦ ᠶᠣᠰᠣᠳᠠᠢ ᠬᠠᠯᠬᠠᠯᠠᠬᠤ ᠶᠢᠨ ᠠᠷᠭ᠎ᠠ ᠦᠬᠡᠢ᠂ ᠪᠢᠳᠡ ᠠᠮᠢ ᠲᠡᠮᠡᠴᠡᠨ ᠲᠡᠷᠭᠡᠨ ᠲᠣᠳᠣᠷ᠎ᠠ ᠪᠠᠨ ᠬᠦᠶᠣᠨ ᠣᠷᠣᠭᠠᠳ ᠲᠡᠷᠭᠡᠨ ᠴᠣᠩᠬᠤ ᠪᠠᠨ ᠲᠢᠰ ᠨᠢᠰ ᠬᠠᠭᠠᠳᠠᠯ᠎ᠠ ᠪᠠᠰᠠ ᠭᠡᠳᠦᠨ ᠠᠷᠪᠠ ᠨᠢ ᠲᠠᠭᠠᠭᠠᠳ ᠣᠷᠣᠭᠠᠳ ᠢᠷᠡᠴᠢᠬᠡᠭᠰᠡᠨ ᠪᠠᠶᠢᠨ᠎ᠠ᠃ ᠢᠩᠬᠢᠭᠡᠳ ᠫᠢᠰ ᠫᠠᠰ ᠠᠯᠠᠭᠠᠳᠠᠵᠦ ᠰᠠᠪᠠᠴᠢᠵᠦ ᠪᠠᠶᠢᠵᠦ ᠲᠦᠩᠬᠡᠵᠢ ᠨᠠᠮ ᠵᠢᠮ ᠪᠣᠯᠭᠠᠵᠦ ᠠᠪᠴᠠᠢ᠃ ᠶᠠᠭᠠᠬᠢᠬᠤ ᠪᠣᠢ︖ ᠢᠩᠬᠢᠵᠦ ᠮᠣᠬᠤᠷᠳᠠᠵᠦ ᠭᠠᠴᠢᠭᠳᠠᠵᠦ ᠰᠠᠭᠤᠬᠤ ᠭᠡᠵᠢ ᠤᠤ︖               ᠬᠡᠨᠡᠳᠳᠡ ᠪᠠᠷᠠᠭᠤᠨ ᠡᠮᠦᠨ᠎ᠡ ᠠᠴᠠ ᠨᠢᠬᠡ ᠲᠡᠷᠭᠡ ᠳᠣᠩᠬᠤᠯᠵᠠᠭᠰᠠᠭᠠᠷ ᠢᠷᠡᠯ᠎ᠠ᠂ ᠭᠠᠷ ᠲᠠᠯᠠᠯᠣᠨ ᠲᠡᠷᠭᠡ  ᠶᠢ ᠵᠣᠭᠰᠣᠭᠠᠭᠠᠳ ᠬᠦᠮᠦᠰ ᠪᠠᠭᠤᠵᠦ ᠢᠷᠡᠬᠦ ᠪᠠᠷ ᠨᠢ ᠦᠵᠡᠭᠦ ᠳᠤ᠂   ᠲᠦᠷᠦᠭᠦᠭᠡᠨ ᠤ ᠵᠠᠮ ᠤᠨ ᠬᠠᠵᠠᠭᠤ ᠳᠤ ᠵᠣᠭᠰᠣᠵᠦ ᠪᠠᠶᠢᠭᠰᠠᠨ ᠮᠠᠰᠢᠨ ᠲᠡᠷᠭᠡ ᠪᠣᠯᠬᠤ ᠶᠢ ᠮᠡᠳᠡᠯ᠎ᠠ᠃             ᠬᠤᠶᠡᠷ ᠡᠷᠡᠭᠳᠡᠢ ᠬᠤᠶᠡᠷ ᠡᠮᠡᠭᠳᠡᠢ ᠲᠦᠷᠪᠡᠬᠦᠯᠡ ᠪᠠᠨ ᠢᠷᠡᠵᠦ ᠬᠠᠪᠰᠣᠷᠪᠠ᠂ ᠲᠦᠯᠬᠢᠵᠦ ᠲᠡᠳᠡᠵᠦ᠂ ᠲᠡᠷᠭᠡᠨ ᠪᠣᠯᠣ ᠶᠢᠨ ᠡᠮᠦᠨᠡᠬᠦᠷ ᠬᠤᠶᠢᠭᠤᠷ ᠮᠣᠳᠣᠨ ᠬᠠᠪᠳᠠᠰᠣ ᠲᠡᠪᠢᠰᠴᠤ᠂ ᠲᠡᠷᠭᠡ ᠶᠢ ᠰᠢᠪᠠᠷ ᠠᠴᠠ ᠭᠠᠷᠭᠠᠬᠤ ᠪᠠᠷ ᠣᠷᠣᠯᠳᠣᠵᠠᠢ᠃ ᠮᠣᠬᠤᠳᠠᠯ᠎ᠠ ᠣᠷᠣᠯᠳᠣᠭᠠᠳ ᠶᠠᠮᠠᠷ ᠴᠣ᠋ ᠲᠣᠰᠠ ᠪᠣᠯᠣᠭᠰᠠᠨ ᠦᠬᠡᠢ᠃         ᠪᠢ ᠬᠠᠯᠠᠭᠤᠷᠠᠵᠦ ᠪᠠᠶᠢᠬᠰᠠᠨ ᠪᠣᠯᠬᠤᠷ ᠰᠦ᠋ ᠶᠢᠩ ᠳᠤ ᠬᠠᠰᠢᠭᠳᠠᠵᠦ ᠲᠡᠷᠭᠡᠨ ᠳᠤ ᠣᠷᠣᠵᠦ ᠰᠠᠭᠤᠪᠠ᠃ ᠭᠡᠪᠡᠴᠤ ᠣᠯᠠᠨ ᠢᠶᠠᠷ ᠢᠶᠠᠨ ᠪᠦᠷ ᠲᠡᠷᠭᠡ ᠲᠦᠯᠬᠢᠵᠦ ᠪᠠᠶᠢᠬᠤ ᠳᠤ᠂ ᠶᠣᠯᠬᠤᠭᠤᠷ ᠲᠣᠮᠣ ᠪᠡᠶ᠎ᠡ ᠪᠠᠷ ᠢᠶᠠᠨ ᠲᠡᠭᠡᠭᠡᠷ᠎ᠠ ᠪᠣᠯᠵᠦ ᠶᠠᠭᠠᠬᠢᠬᠤ ᠪᠣᠢ ᠬᠡᠮᠡᠨ ᠪᠣᠳᠣᠭᠠᠳ ᠲᠡᠷᠭᠡᠨ ᠠᠴᠠ ᠪᠠᠭᠤᠵᠦ ᠭᠠᠳᠠᠨ᠎ᠠ ᠭᠠᠷᠴᠤ ᠵᠣᠭᠰᠣᠪᠠ᠃               ᠪᠢ ᠵᠦᠪᠬᠡᠨ ᠣᠷᠣᠨ ᠳᠠᠭᠠᠨ ᠮᠡᠯᠡᠷᠡᠨ ᠵᠣᠭᠰᠣᠨ᠎ᠠ᠂ ᠡᠨᠡ ᠲᠣᠯᠣᠭᠠᠨ ᠨᠦᠬᠦᠳ ᠤᠨ ᠲᠦᠷᠪᠡ ᠲᠠᠢ ᠨᠢ ᠶᠡᠷᠦ ᠠᠴᠠ ᠪᠠᠨ ᠲᠠᠨᠢᠯᠴᠠᠳᠠᠬ ᠦᠬᠡᠢ᠂ ᠭᠡᠪᠡᠴᠦ ᠲᠡᠳᠡ ᠮᠦᠨ ᠠᠷᠭ᠎ᠠ ᠪᠦᠬᠦᠨ ᠢ ᠰᠦᠪᠡᠭᠴᠢᠯᠡᠨ ᠲᠡᠷᠭᠡ ᠶᠢ ᠭᠠᠷᠭᠠᠬᠤ ᠪᠠᠷ ᠬᠦᠴᠣᠨ ᠢᠶᠠᠨ ᠰᠢᠪᠬᠠᠵᠠᠭᠠᠨ᠎ᠠ᠃ ᠴᠢᠨᠠᠭᠰᠢᠯᠠᠪᠠᠯ ᠰᠢᠪᠡᠷ ᠲᠤ ᠬᠡᠪᠳᠡᠬᠦ ᠠᠴᠠ ᠴᠤ ᠪᠣᠴᠠᠬᠤ ᠦᠬᠡᠢ ︵ᠡᠶᠢᠮᠦ ᠣᠷᠳᠣ ᠬᠤᠭᠤᠴᠠᠭᠠᠨ ᠳᠤ᠂ ᠦᠬᠡᠰᠢ ᠲᠣᠣᠷ᠂ ᠵᠡᠪᠰᠡᠭᠳᠣ ᠴᠡᠷᠢᠭ ᠠᠩᠬᠢ ᠮᠡᠳᠣ ᠪᠠᠳᠠᠭᠠᠨ᠎ᠠ ᠪᠡᠳᠡᠵᠦ ᠪᠣᠢ  ᠶᠢ ᠮᠠᠷᠳᠠᠵᠦ ᠦᠯᠦ ᠪᠣᠯᠣᠨ᠎ᠠ︶ ᠪᠠᠶᠢᠯ᠎ᠠ᠃                 ᠶᠠᠮᠠᠷ ᠰᠣᠶᠣᠯ ᠤᠨ ᠣᠯᠠᠮᠵᠢᠯᠠᠯ ᠨᠢ ᠲᠠᠯ᠎ᠠ ᠨᠣᠳᠤᠭ ᠤᠨ ᠮᠣᠩᠭᠤᠯ ᠬᠦᠮᠦᠨ ᠢ ᠡᠶᠢᠮᠦ ᠠᠭᠤᠳᠠᠮ ᠴᠡᠭᠡᠵᠢ  ᠲᠠᠢ ᠪᠣᠯᠭᠠᠪᠠ︖         ᠰᠠᠶ᠋ᠢᠬᠠᠨ ᠪᠢᠳᠡ ᠦᠴᠦᠬᠡᠨ ᠴᠤ ᠭᠡᠰᠡᠨ ᠲᠣᠰᠠ ᠦᠵᠡᠭᠦᠯᠦᠭᠰᠡᠡ ᠪᠣᠯᠪᠠᠴᠦ ᠴᠠᠭ ᠵᠠᠪᠳᠣᠬᠤ ᠶᠢᠨ ᠲᠣᠯᠠᠳᠠ ᠲᠡᠷᠡ ᠨᠢᠬᠡ ᠲᠡᠷᠭᠡ ᠬᠦᠮᠦᠰ ᠢ ᠵᠠᠮ ᠤᠨ ᠬᠠᠵᠠᠭᠤ ᠳᠤ ᠣᠷᠬᠢᠭᠠᠳ ᠶᠠᠪᠣᠭᠰᠠᠨ ᠶᠣᠮᠰᠠᠨ᠃ ᠣᠳᠣ ᠨᠢᠬᠡᠨᠳᠡ ᠪᠦᠷᠣᠢ ᠪᠣᠯᠴᠢᠬᠠᠵᠠᠢ᠃ ᠲᠡᠳᠡ ᠶᠠᠭᠠᠷᠠᠬᠤ ᠦᠬᠡᠢ ᠬᠡᠵᠢ ᠤᠤ︖ ᠲᠡᠭᠡᠭᠡᠳ ᠪᠠᠰᠠ ᠶᠠᠭᠠᠬᠢᠭᠠᠳ ᠲᠠᠬᠢᠨ ᠲᠠᠬᠢᠨ ᠲᠣᠷᠰᠢᠵᠦ᠂ ᠠᠯᠢ ᠪᠠᠶᠢᠬᠰᠠᠨ ᠠᠷᠭ᠎ᠠ ᠶᠢ ᠰᠦᠪᠡᠭᠴᠢᠯᠡᠨ ᠮᠠᠨ ᠢ ᠬᠠᠪᠰᠣᠷᠠᠬᠤ ᠨᠢ ᠪᠣᠢ︖             ᠴᠠᠬ ᠢᠶᠠᠨ ᠦᠵᠡᠭᠰᠡᠡ ᠴᠦ ᠦᠬᠡᠢ᠂ ᠭᠡᠪᠡᠴᠤ ᠮᠠᠰᠢ ᠣᠷᠣᠢ ᠪᠣᠯᠣᠭᠰᠠᠨ ᠨᠢ ᠳᠣᠳᠣᠷᠬᠠᠢ᠃ ᠢᠩᠬᠢᠵᠦ ᠲᠡᠳᠡᠨ ᠢ ᠰᠠᠭᠠᠳᠠᠭᠠᠬᠤ ᠨᠢ ᠠᠷᠭ᠎ᠠ ᠪᠢᠰᠢ ᠳ᠋ᠠ᠂ ᠪᠢ ᠴᠢᠮᠡᠭ ᠤᠨ ᠳᠡᠷᠭᠡᠳᠡ ᠳᠤ ᠣᠴᠢᠵᠦ ᠠᠳᠡ ᠵᠢᠭᠠᠬᠠᠠ ᠭᠦᠯᠢᠭᠡᠯᠵᠡᠵᠦ ᠪᠣᠯᠬᠤ ᠡᠰᠡᠬᠦ ᠶᠢ ᠣᠯᠠᠨ ᠠᠴᠠ ᠠᠰᠠᠭᠤᠯᠭᠠᠬᠰᠠᠨ ᠶᠣᠮ᠃ ᠡᠨᠡ ᠲᠡᠷᠭᠡ ᠬᠦᠮᠦᠰ ᠪᠢᠳᠠᠡ ᠤ ᠨᠢᠬᠡ ᠬᠤᠶᠡᠷ ᠢ ᠨᠢ ᠲᠡᠭᠡᠭᠡᠭᠡᠳ ᠰᠣᠮᠣᠨ ᠳᠤ ᠣᠴᠢᠵᠦ ᠲᠣᠰᠠᠯᠠᠮᠵᠢ ᠭᠤᠶᠣᠨ᠎ᠠ᠂ ᠲᠡᠷᠭᠡ ᠴᠢᠷᠬᠦ ᠬᠢᠨᠵᠢ ᠲᠠᠢ ᠲᠣᠮᠣ ᠲᠡᠷᠭᠡ ᠠᠪᠴᠢᠷᠠᠵᠦ ᠪᠠᠶᠢᠵᠦ ᠡᠨᠡ ᠭᠡᠭᠡᠷᠡᠯᠡᠡ ᠠᠶᠠᠯᠠᠬᠤ ᠮᠠᠰᠢᠠ ᠲᠡᠷᠭᠡ ᠶᠢ ᠰᠢᠪᠡᠷ ᠠᠴᠠ ᠲᠠᠳᠠᠨ ᠭᠠᠷᠭᠠᠵᠦ ᠲᠡᠶᠢᠯᠣᠨ᠎ᠠ ᠳ᠋ᠠ᠃             ᠯᠠᠰᠢᠶᠠ ᠠᠪᠣᠭᠠᠢ ᠵᠠᠪᠠᠯ ᠦᠯᠡᠳᠡᠵᠦ ᠬᠠᠷᠠᠬᠤ ᠴᠢᠬᠤᠯᠠᠳᠠᠢ᠃ ᠰᠦ᠋ ᠶᠢᠩ ᠪᠢᠳᠡ ᠬᠤᠶᠠᠭᠤᠯᠠ ᠪᠦᠷ ᠮᠣᠩᠭᠤᠯ ᠦᠬᠡ ᠬᠡᠯᠡᠵᠦ ᠴᠢᠳᠠᠬᠤ ᠦᠬᠡᠢ᠂ ᠴᠢᠮᠡᠭ ᠯᠡ ᠲᠡᠳᠡᠨ ᠲᠠᠢ ᠬᠠᠮᠳᠣ ᠶᠠᠪᠣᠬᠤ ᠪᠣᠯᠣᠨ᠎ᠠ᠃ ᠪᠢ ᠶᠠᠭ ᠬᠠᠯᠠᠭᠤᠷᠠᠵᠦ ᠪᠠᠶᠢᠬᠰᠠᠨ ᠠᠴᠠ ᠴᠢᠮᠡᠭ ᠪᠣᠯᠣᠠ ᠰᠦ᠋ ᠶᠢᠩ ᠨᠠᠮᠠᠢᠢ ᠡᠷᠳᠡᠭᠡᠨ ᠪᠠᠭᠤᠳᠠᠯ ᠣᠯᠣᠭᠠᠳ ᠠᠮᠠᠷᠠᠪᠠᠯ ᠲᠡᠭᠡᠷ᠎ᠠ ᠬᠡᠵᠦ ᠪᠣᠳᠣᠬᠰᠠᠨ ᠠᠴᠠ ᠲᠡᠳᠡ ᠨᠠᠮᠠᠢᠢ ᠶᠠᠪᠤ ᠭᠡᠵᠦ ᠪᠠᠶᠢᠯ᠎ᠠ᠃               ᠲᠡᠳᠡ ᠵᠦᠪᠰᠢᠶᠡᠷᠡᠪᠡ᠃               ᠦᠨᠡᠨ ᠢ ᠶᠠᠷᠢᠬᠤ ᠳᠤ ᠪᠢ ᠴᠤ ᠡᠨᠡᠬᠦ ᠠᠶᠣᠮᠰᠢᠬᠳᠣ ᠨᠠᠮᠤᠭ ᠠᠴᠠ ᠵᠠᠶᠢᠯᠠᠬᠤ ᠶᠢ ᠶᠡᠭᠡ ᠰᠠᠨᠠᠵᠦ ᠪᠠᠶᠢᠬᠰᠠᠨ ᠶᠣᠮ᠃ ᠴᠢᠮᠡᠭ ᠲᠠᠢ ᠬᠠᠮᠳᠣ ᠲᠡᠳᠡᠨ ᠤ ᠲᠡᠷᠭᠡᠨ ᠳᠤ ᠭᠠᠷᠣᠯ᠎ᠠ᠃ ᠲᠠᠭᠠᠭᠠᠴᠠ ᠭᠡᠳᠦᠷᠡᠭᠰᠡᠨ ᠲᠦᠯᠦᠪᠳᠡᠢ ᠂ ᠵᠢᠭᠠᠬᠠᠠ ᠶᠠᠪᠣᠭᠠᠳ ᠲᠡᠷᠭᠡ ᠶᠢᠨ ᠨᠣᠴᠣᠭᠠᠭᠤᠷ ᠡᠪᠳᠡᠷᠡᠴᠢᠭᠡᠪᠠ᠃ ᠡᠨᠡ ᠬᠡᠳᠦᠨ ᠨᠦᠬᠦᠳ ᠣᠭᠤᠳᠠ ᠲᠠᠢ ᠭᠤᠯᠢᠷ ᠢᠶᠠᠨ ᠪᠠᠰᠠ ᠯᠠ ᠨᠢᠬᠡ ᠨᠢᠬᠡ ᠣᠭᠤᠳᠠ ᠪᠠᠷ ᠲᠡᠷᠭᠡᠨ ᠠᠴᠠ ᠪᠠᠭᠤᠯᠭᠠᠪᠠ᠃ ᠪᠢ ᠴᠤ ᠢᠴᠢᠩᠬᠦᠷᠡᠵᠦ ᠡᠪᠭᠦ᠋ᠢᠷᠠᠠ ᠬᠤᠷᠳᠣᠬᠠᠨ ᠲᠡᠷᠭᠡᠨ ᠠᠴᠠ ᠪᠠᠭᠤᠯ᠎ᠠ᠃ ᠲᠡᠬᠢᠵᠦ ᠲᠡᠳᠡᠨ ᠳᠤ ᠲᠠᠷᠣᠭᠠᠰᠣ ᠪᠣᠯᠬᠤ ᠦᠬᠡᠢ ᠬᠡᠵᠦ ᠳᠡᠷᠭᠡ ᠣᠷᠣᠭᠤ ᠪᠠᠨ ᠪᠣᠴᠠᠬᠤ ᠪᠠᠷ ᠰᠢᠢᠳᠣᠠ ᠰᠣᠮᠣᠨ ᠳᠤ ᠣᠴᠢᠵᠦ ᠲᠣᠰᠠᠯᠠᠬᠤ ᠬᠦᠮᠦᠰ ᠡᠷᠢᠭᠦ ᠣᠴᠢᠷ ᠢ ᠴᠢᠮᠡᠭ ᠲᠤ ᠨᠠᠶᠢᠳᠠᠪᠠ᠃             ᠰᠦᠨᠢ ᠶᠢᠨ ᠬᠠᠷᠠᠩᠭᠤᠢ ᠪᠠᠷ ᠪᠠᠭ᠎ᠠ ᠮᠠᠰᠢᠨ ᠵᠠᠮ ᠳᠠᠭᠠᠨ ᠣᠷᠣᠯ᠎ᠠ᠂ ᠠᠩᠬᠠᠨ ᠤ ᠲᠡᠷᠭᠡᠨ ᠬᠦᠷᠳᠦᠨ ᠳᠤ ᠨᠠᠯᠤᠶᠢᠨ ᠣᠨᠠᠭᠰᠠᠨ ᠡᠪᠡᠰᠣᠨ ᠲᠡᠭᠡᠬᠦᠷ ᠪᠢ ᠠᠯᠭᠤᠷᠬᠠᠨ ᠬᠢᠰᠬᠢᠯᠡᠵᠦ᠂ ᠲᠡᠷᠭᠡ ᠣᠷᠣᠭᠤ ᠪᠠᠨ ᠪᠣᠴᠠᠵᠠᠢ᠃ ᠭᠠᠷ ᠤᠨ ᠬᠤᠷᠣᠭᠤ ᠦᠵᠡᠭᠳᠡᠬᠦ ᠦᠬᠡᠢ ᠲᠦᠨᠡᠷ ᠬᠠᠷᠠᠩᠭᠤᠢ᠂ ᠬᠠᠷᠢᠨ ᠡᠪᠡᠰᠣᠨ ᠲᠣᠣᠭᠤᠷᠬᠢ ᠱᠠᠯᠪᠠᠭ ᠤᠨ ᠣᠢᠢᠬᠰᠠᠨ ᠭᠡᠷᠡᠯ ᠢᠶᠠᠷ ᠪᠢ ᠲᠠᠮ ᠲᠣᠮ ᠬᠢᠰᠬᠢᠯᠡᠭᠰᠡᠭᠡᠷ ᠬᠦᠯ ᠢᠶᠠᠨ ᠵᠦᠬᠡᠭᠡᠵᠦ᠂ ᠬᠤᠶᠡᠷ ᠭᠠᠷ ᠢᠶᠠᠷ ᠢᠶᠠᠨ ᠪᠠᠳᠠᠭᠠᠨ᠎ᠠ ᠶᠢᠨ ᠰᠦᠷᠦᠭ ᠣᠷᠣᠭᠤ ᠰᠠᠪᠠᠴᠢᠨ᠂ ᠪᠠᠶᠢᠨ ᠪᠠᠶᠢᠨ ᠬᠠᠴᠠᠷ ᠢᠶᠠᠨ ᠠᠯᠠᠭᠠᠳᠠᠳᠠᠯ᠎ᠠ ᠴᠠᠷᠪᠠᠭᠤ ᠪᠠᠨ ᠴᠣᠬᠢᠵᠦ ᠪᠠᠶᠢᠯ᠎ᠠ᠃ ᠣᠴᠢᠷ ᠢ ᠮᠡᠳᠡᠬᠦ ᠦᠬᠡᠢ ᠬᠦᠮᠦᠨ ᠬᠤᠯᠠ ᠠᠴᠠ ᠬᠠᠷᠠᠪᠠᠯ ᠨᠠᠮᠠᠢᠢ ᠰᠦᠨᠢ ᠪᠠᠷ ᠶᠠᠪᠣᠵᠦ ᠪᠠᠶᠢᠭ᠎ᠠ ᠰᠣᠯᠢᠶᠠᠳᠣ ᠪᠣᠶᠣ ᠠᠷᠢᠬᠢᠨ ᠰᠣᠭᠳᠣᠭᠤ ᠬᠡᠵᠦ ᠪᠣᠳᠣᠬᠤ ᠪᠠᠶᠢᠬ᠎ᠠ ᠳ᠋ᠠ᠃               ᠡᠪᠯᠡᠬᠦᠯᠵᠦ ᠲᠡᠷᠭᠡᠨ ᠤ ᠪᠠᠨ ᠵᠠᠬ᠎ᠠ ᠳᠤ ᠢᠷᠡᠯ᠎ᠠ᠃ ᠰᠦ᠋ ᠶᠢᠩ ᠠᠷᠣ ᠶᠢᠨ ᠰᠠᠭᠤᠳᠠᠯ ᠲᠡᠭᠡᠷ᠎ᠠ ᠰᠠᠭᠤᠵᠦ ᠪᠠᠶᠢᠬᠰᠠᠨ ᠠᠴᠠ ᠪᠢ ᠡᠮᠤᠨ᠎ᠡ ᠰᠠᠭᠤᠳᠠᠯ ᠲᠡᠭᠡᠷ᠎ᠠ ᠭᠠᠷᠴᠤ ᠰᠠᠭᠤᠯ᠎ᠠ᠃ ᠲᠡᠷᠭᠡᠨ ᠡᠬᠦᠳᠡ ᠨᠢᠬᠡ ᠨᠡᠭᠡᠭᠡᠭᠳᠡᠨ ᠬᠠᠭᠠᠬᠳᠠᠬᠤ ᠵᠠᠪᠰᠠᠷ ᠪᠠᠳᠠᠭᠠᠨ᠎ᠠ ᠪᠡᠳᠡᠨ ᠣᠷᠣᠵᠦ ᠢᠷᠡᠵᠦ ᠪᠠᠶᠢᠪᠠ᠃ ᠲᠡᠷᠭᠡᠨ ᠲᠣᠳᠣᠷᠠᠬᠢ ᠭᠤᠷᠪᠠᠨ ᠬᠦᠮᠦᠨ ᠳᠠᠬᠢᠭᠠᠳ ᠯᠠ ᠪᠠᠳᠠᠭᠠᠨ᠎ᠠ ᠶᠢ ᠭᠦᠭᠡᠬᠡᠡ ᠳᠠᠭᠤᠠ ᠡᠬᠢᠯᠡᠯ᠎ᠠ᠃   ᠶᠠᠭᠠᠬᠢᠵᠦ ᠣᠨᠳᠠᠬᠤ ᠪᠢᠯᠠ︖ ᠪᠢ ᠦᠪᠡᠷ ᠠᠴᠠ ᠪᠠᠨ ᠠᠰᠠᠭᠤᠨ᠎ᠠ᠃ ᠪᠢ ᠲᠡᠷᠭᠡᠨ ᠴᠣᠩᠬᠤᠨ ᠲᠡᠭᠡᠷᠡᠬᠢ ᠬᠡᠳᠦᠨ ᠪᠠᠳᠠᠭᠠᠨ᠎ᠠ ᠶᠢ ᠠᠯᠠᠬᠤ ᠵᠠᠭᠤᠷ᠎ᠠ ᠲᠣᠯᠣᠭᠠᠢ ᠠᠴᠠ ᠪᠠᠨ ᠬᠦᠯ ᠳᠡᠭᠡᠨ ᠬᠦᠷᠳᠡᠯ᠎ᠠ ᠳᠡᠪᠡᠯ ᠢᠶᠠᠷ ᠢᠶᠠᠨ ᠪᠣᠭᠤᠭᠠᠳ ᠠᠪᠴᠢᠬᠠᠶ᠎ᠠ ᠬᠡᠵᠦ ᠪᠣᠳᠣᠪᠠ᠂ ᠡᠶᠢᠮᠦ ᠰᠦᠨᠢ ᠣᠨᠳᠠᠵᠦ ᠲᠡᠶᠢᠯᠬᠦ ᠳᠤ ᠪᠡᠷᠭᠡ ᠪᠠᠶᠢᠬ᠎ᠠ ᠳ᠋ᠠ︖         ᠰᠠᠨᠠᠭᠠᠨ ᠠᠴᠠ ᠭᠠᠳᠠᠭᠤᠷ ᠬᠠᠷᠢᠨ ᠶᠠᠭᠤ ᠴᠤ ᠮᠡᠳᠡᠬᠦ ᠦᠬᠡᠢ ᠪᠠᠷ ᠪᠦᠬᠡ ᠣᠠᠳᠠᠭᠠᠳ ᠦᠭᠴᠡᠢ᠃ ᠳᠡᠭᠡᠭᠡᠳ ᠴᠢᠮᠡᠭ ᠤᠨ ᠲᠡᠷᠭᠡᠨ ᠴᠣᠩᠬᠤ ᠶᠢ ᠴᠣᠬᠢᠬᠤ ᠲᠠᠭᠤᠨ ᠢᠶᠠᠷ ᠠᠷᠠᠢ ᠰᠡᠷᠢᠪᠠ᠃             ᠫᠠᠳ ᠬᠠᠷᠠᠩᠭᠤᠢ ᠪᠠᠶᠢᠬᠰᠠᠭᠠᠷ᠃ ᠦᠷᠯᠦᠬᠡ ᠶᠢᠨ 5 ᠴᠠᠭ 18 ᠮᠢᠨᠦ᠋ᠲ ᠪᠣᠯᠴᠢᠬᠠᠵᠠᠢ ᠬᠡᠵᠦ ᠴᠢᠮᠡᠭ ᠭᠡᠯᠡᠨ᠎ᠠ᠃ ᠲᠡᠷᠡ ᠡᠮᠦᠨ᠎ᠠ ᠰᠣᠮᠣᠨ ᠠᠴᠠ ᠲᠣᠰᠠᠯᠠᠬᠤ ᠬᠦᠮᠦᠨ ᠣᠯᠣᠭᠠᠳ ᠢᠷᠡᠵᠡᠢ᠃ ᠡᠮᠨᠡᠯᠭᠡ ᠶᠢᠨ ᠨᠢᠬᠡᠨ ᠵᠢᠫᠦ᠋ ᠲᠡᠷᠭᠡ᠂ ᠵᠢᠯᠣᠭᠤᠴᠢ ᠠᠴᠠ ᠭᠠᠳᠠᠨ᠎ᠠ ᠪᠠᠰᠠ ᠨᠢᠬᠡᠨ ᠵᠠᠯᠠᠭᠤ ᠡᠮᠡᠭᠳᠡᠢ ᠡᠮᠴᠢ ᠬᠠᠮᠳᠣ ᠢᠷᠡᠪᠠ᠃         ᠵᠢᠯᠣᠭᠤᠴᠢ ᠲᠡᠷᠬᠡ ᠴᠢᠷᠬᠦ ᠬᠢᠨᠵᠢ ᠪᠠᠨ ᠮᠠᠷᠳᠠᠴᠢᠬᠠᠬᠰᠠᠨ ᠠᠴᠠ ᠯᠠᠰᠢᠶᠠ ᠦᠷᠬᠦᠯᠵᠢᠯᠠᠨ ᠬᠦᠯᠢᠶᠡᠬᠦ ᠪᠠᠷ ᠪᠣᠯᠵᠦ᠂ ᠣᠷᠢᠳᠠᠪᠡᠷ ᠰᠦ᠋ ᠶᠢᠩ ᠪᠢᠳᠡ ᠬᠤᠶᠡᠷ ᠢ ᠰᠣᠮᠣᠨ ᠳᠤ ᠲᠣᠰᠣᠨ ᠠᠪᠠᠴᠢᠵᠦ᠂ ᠲᠠᠬᠢᠵᠦ ᠪᠣᠴᠠᠵᠦ ᠢᠷᠡᠭᠡᠳ ᠲᠡᠷᠭᠡ ᠴᠢᠷᠬᠦ ᠪᠠᠷ ᠪᠣᠯᠪᠠ᠃ ᠯᠠᠰᠢᠶᠠ ᠠᠪᠣᠭᠠᠢ ᠨᠦᠭᠦᠭᠡ ᠵᠢᠫᠦ᠋ ᠲᠡᠷᠭᠡ ᠶᠢᠨ ᠴᠢᠷᠴᠤ ᠲᠡᠶᠢᠯᠬᠦ ᠦᠬᠡᠢ ᠠᠴᠠ ᠲᠦᠪᠡᠭᠰᠢᠶᠡᠨ᠎ᠠ᠂ ᠵᠢᠯᠣᠭᠤᠴᠢ᠄ ︽ᠰᠠᠨᠠᠭ᠎ᠠ ᠠᠮᠤᠷ ᠪᠠᠶᠢᠭᠠᠷᠠᠢ᠂   ᠡᠶᠢᠮᠦ ᠪᠠᠶᠢᠳᠠᠯ ᠲᠣᠬᠢᠶᠠᠯᠳᠣᠭᠰᠠᠠ ᠯᠠ ᠳ᠋ᠠ᠂ ᠠᠰᠠᠭᠤᠳᠠᠯ ᠦᠬᠡᠢ︾ ᠭᠡᠵᠦ ᠴᠡᠭᠡᠵᠢ ᠪᠠᠨ ᠠᠯᠠᠭᠠᠳᠠᠨ ᠪᠠᠷᠳᠠᠮ ᠬᠡᠯᠡᠨ᠎ᠠ᠃                 ᠲᠦᠷᠦᠬᠦᠦ ᠡᠭᠡᠯᠵᠢ ᠶᠢᠨ ᠲᠡᠷᠭᠡ ᠣᠷᠢᠳᠴᠢᠯᠠᠨ ᠮᠣᠷᠳᠠᠪᠠ᠃ ᠡᠮᠡᠭᠳᠡᠢ ᠡᠮᠴᠢ ᠡᠮᠦᠨ᠎ᠠ ᠰᠠᠭᠤᠳᠠᠯ ᠲᠡᠭᠡᠷ᠎ᠠ ᠰᠠᠭᠤᠭᠠᠳ ᠴᠢᠮᠡᠭ᠂ ᠰᠦ᠋ ᠶᠢᠩ ᠪᠣᠯᠣᠨ ᠪᠢ ᠠᠷᠣ ᠶᠢᠨ ᠰᠠᠭᠤᠳᠠᠯ ᠲᠡᠭᠡᠷ᠎ᠠ ᠰᠠᠭᠤᠪᠠ᠃ ᠲᠡᠷᠭᠡ ᠬᠦᠳᠡᠯᠬᠦ ᠠᠴᠠ ᠡᠮᠦᠨ᠎ᠠ ᠬᠠᠷᠢᠯᠴᠠᠨ ᠲᠠᠨᠢᠯᠴᠠᠵᠦ ᠠᠪᠣᠯ᠎ᠠ᠂ ᠵᠢᠯᠣᠭᠤᠴᠢ ᠭᠤᠸᠠᠢ ᠶᠢᠨ ᠣᠯᠠᠠ ᠦᠷᠴᠢᠯᠡᠭᠡᠰᠦ ᠲᠠᠢ ᠨᠢᠭᠤᠷ ᠨᠠᠷᠠ ᠰᠠᠯᠬᠢᠠ ᠳᠤ ᠪᠣᠷᠣᠯᠠᠭᠰᠠᠠ ᠪᠦᠭᠡᠳ ᠵᠢᠷᠳᠡᠶᠢᠭᠰᠡᠡ ᠨᠢᠳᠦᠨ ᠳᠤᠨᠢ ᠢᠨᠢᠶᠡᠳᠣ ᠪᠢᠯᠬᠠᠨ᠎ᠠ᠃ ᠦᠵᠡᠳᠡᠯ᠎ᠠ ᠶᠠᠷᠢᠶ᠎ᠠ ᠣᠯᠠᠨᠳᠠᠢ ᠬᠦᠮᠦᠨ ᠪᠠᠶᠢᠯ᠎ᠠ᠃ ᠲᠡᠷᠭᠡ ᠬᠦᠳᠡᠯᠬᠦ ᠦᠶᠡᠰ ᠪᠢ ᠵᠢᠯᠣᠭᠤᠴᠢ ᠶᠢᠨ ᠬᠦᠳᠡᠯᠦᠯ ᠪᠠᠷᠢᠯ ᠤᠨ ᠬᠠᠴᠢᠨ ᠭᠠᠶᠢᠬᠠᠯᠳᠠᠢ ᠪᠠᠶᠢᠬᠤ ᠶᠢ ᠮᠡᠳᠡᠪᠡ᠂ ᠡᠬᠢᠯᠡᠩᠭᠦᠳᠡ ᠬᠠᠮᠢᠭ᠎ᠠ ᠨᠢ ᠡᠪ ᠦᠬᠡᠢ ᠪᠠᠶᠢᠬᠤ ᠶᠢ ᠬᠡᠯᠡᠵᠣ ᠴᠢᠳᠠᠬᠤ ᠦᠬᠡᠢ ᠪᠠᠶᠢᠭᠰᠠᠠ ᠢᠶᠠᠨ ᠲᠡᠷᠡ ᠶᠠᠪᠣᠭᠰᠠᠭᠠᠷ ᠶᠠᠪᠣᠭᠰᠠᠭᠠᠷ ᠪᠠᠶᠢᠵᠦ᠂ ᠭᠡᠨᠡᠳᠳᠡ ᠵᠠᠯᠠᠭᠤᠷ ᠢᠶᠠᠨ ᠪᠣᠷᠣᠭᠤ ᠲᠡᠰᠢ ᠡᠷᠬᠢᠬᠦᠯᠵᠦ ᠂ ᠬᠠᠭᠠᠰ ᠲᠣᠭᠤᠷᠢᠭ ᠡᠷᠬᠢᠭᠡᠳ ᠬᠤᠶᠢᠰᠢ ᠵᠢᠯᠣᠭᠤᠳᠣᠨ ᠶᠠᠪᠣᠪᠠ᠃ ᠬᠠᠵᠠᠭᠤ ᠳᠠᠬᠢ ᠡᠮᠡᠭᠳᠡᠢ ᠡᠮᠴᠢ ᠵᠢᠮᠠᠯᠠᠬᠦ ᠳᠤ᠂ ᠲᠠᠬᠢᠨ ᠵᠦᠪ ᠡᠷᠬᠢᠵᠦ ᠵᠠᠮ ᠳᠠᠭᠠᠨ ᠣᠷᠣᠯ᠎ᠠ᠃ ᠣᠯᠠᠨ ᠤ ᠰᠣᠴᠢᠰᠬᠢᠬᠰᠡᠨ ᠢᠨᠢᠶᠡᠳᠣ ᠶᠢᠨ ᠲᠣᠮᠳᠠ ᠪᠢ ᠡᠨᠡ ᠵᠢᠯᠣᠭᠤᠴᠢ ᠶᠢᠨ ᠰᠣᠭᠳᠣᠭᠤ ᠪᠠᠶᠢᠬᠤ ᠶᠢ ᠮᠡᠳᠡᠵᠡᠢ᠃               ᠬᠡᠯᠡᠪᠡᠯ ᠪᠠᠰᠠ ᠬᠠᠴᠢᠨ ᠶᠣᠮ ᠡ᠂ ᠢᠩᠬᠢᠵᠦ ᠪᠣᠷᠣᠭᠤ ᠲᠡᠰᠢ ᠪᠠᠨ ᠣᠬᠤᠷᠢᠬᠤ ᠬᠡᠵᠦ ᠪᠠᠶᠢᠭ᠎ᠠ ᠬᠦᠳᠡᠯᠦᠯ 40 ᠮᠢᠨᠦ᠋ᠲ ᠤᠨ ᠵᠠᠮ ᠳᠤ ᠨᠠᠭᠠᠳᠣ ᠵᠠᠬ᠎ᠠ ᠳᠠᠭᠠᠨ 3 ᠣᠳᠠᠭ᠎ᠠ ᠪᠣᠯᠪᠠ᠃ ᠰᠤᠭᠳᠤᠭᠤ ᠪᠠᠶᠢᠭᠰᠠᠨ ᠤ ᠲᠡᠭᠡᠷ᠎ᠠ ᠠᠮᠠ ᠬᠠᠮᠬᠢᠯ ᠦᠬᠡᠢ ᠶᠠᠭᠤᠮ᠎ᠠ ᠶᠠᠷᠢᠬᠰᠠᠨ   ᠪᠠᠶᠢᠭᠰᠠᠨ ᠪᠤᠯᠪᠠᠴᠤ ᠲᠡᠷᠡ ᠵᠢᠯᠣᠭᠤᠴᠢ ᠪᠢᠳᠡᠨ ᠢ ᠰᠣᠮᠣᠨ ᠲᠡᠭᠡᠷ᠎ᠠ ᠠᠮᠣᠷ ᠲᠦᠪᠰᠢᠨ   ᠬᠦᠷᠭᠡᠪᠠ᠂ ᠯᠠᠰᠢᠶᠠ ᠠᠪᠣᠭᠠᠢ ᠠᠴᠠ ᠬᠤᠯᠠ ᠬᠤᠷᠳᠣᠨ ᠪᠠᠶᠢᠭᠰᠠᠨ᠃               ᠲᠣᠰ ᠭᠠᠵᠠᠷ ᠬᠦᠷᠦᠭᠡᠳ ᠡᠨᠡ ᠡᠮᠡᠭᠳᠡᠢ ᠡᠮᠴᠢ ᠠᠴᠠ ᠲᠣᠰᠠᠯᠠᠮᠵᠢ ᠭᠤᠶᠣᠵᠠᠢ ᠬᠡᠵᠦ ᠴᠢᠮᠡᠭ ᠨᠠᠳᠠ ᠳᠤ ᠲᠠᠶᠢᠯᠪᠦᠷᠢᠯᠡᠨ᠎ᠠ᠃ ᠡᠮᠨᠡᠯᠭᠡ ᠶᠢᠨ ᠬᠤᠷᠢᠶᠠᠨ ᠳᠤ ᠭᠠᠭᠴᠠ ᠵᠢᠫᠦ᠋ ᠲᠡᠷᠭᠡ ᠲᠠᠢ᠂ ᠵᠢᠯᠣᠭᠤᠴᠢ ᠨᠢ ᠴᠤ ᠠᠷᠢᠬᠢ ᠣᠣᠭᠤᠵᠦ ᠰᠠᠶ᠋ᠢᠬᠠᠨ ᠣᠨᠳᠠᠭᠠᠳ ᠪᠠᠶᠢᠭᠰᠠᠨ ᠠᠴᠠ ᠲᠡᠷᠡ ᠡᠮᠨᠡᠯᠭᠡ ᠳᠤ ᠪᠦᠳᠦᠠ 4 ᠴᠠᠭ ᠬᠦᠯᠢᠶᠡᠪᠡ᠂ ᠵᠢᠯᠣᠭᠤᠴᠢ ᠰᠠᠷᠢᠭ᠍ᠰᠡᠨ ᠤ ᠬᠤᠶᠢᠨ᠎ᠠ ᠰᠠᠶ᠋ᠢ ᠪᠢᠳᠡᠨ ᠢ ᠲᠣᠰᠬᠤ ᠪᠠᠷ ᠭᠠᠷᠴᠤ ᠢᠷᠡᠭᠰᠡᠡ ᠪᠠᠶᠢᠵᠠᠢ᠃       ᠲᠠᠷᠠ ᠪᠠᠰᠠ ᠡᠨᠡ ᠰᠣᠭᠳᠣᠭᠤ ᠵᠢᠯᠣᠭᠤᠴᠢ ᠶᠠᠭᠠᠬᠢᠵᠦ ᠴᠤ ᠲᠡᠷᠭᠡ ᠵᠢᠯᠣᠭᠤᠳᠬᠤ ᠪᠢᠯᠡ ᠬᠡᠵᠦ ᠡᠮᠢᠶᠠᠵᠦ ᠪᠠᠶᠢᠳᠠᠯ᠎ᠠ ᠡᠮᠡᠭᠳᠡᠢ ᠡᠮᠴᠢ᠄ ︽ᠬᠠᠮᠢᠶ᠎ᠠ ᠦᠬᠡᠢ ᠶᠣᠮ᠂ ᠠᠶᠣᠬᠰᠠᠨ ᠤ ᠭᠡᠷᠡᠭ ᠦᠬᠡᠢ᠂ ᠡᠨᠡ ᠵᠢᠯᠣᠭᠤᠴᠢ ᠬᠠᠰᠢᠷ᠂ ᠭᠠᠵᠠᠷ ᠰᠠᠶᠢᠨ ᠲᠠᠨᠢᠳᠠᠭ᠂ ᠮᠡᠷᠭᠡᠵᠢᠯ ᠨᠢ ᠴᠤ ᠴᠠᠭᠠᠷᠠᠭᠰᠠᠨ᠂ ᠬᠢᠷᠢ ᠪᠠᠷᠤᠭ ᠲᠤ ᠣᠰᠣᠯ ᠭᠠᠷᠭᠠᠬᠤ ᠶᠣᠮ ᠪᠢᠰᠢ︾ ᠭᠡᠵᠦ ᠭᠡᠯᠡᠵᠦ ᠦᠭᠴᠠᠢ᠃             ᠡᠨᠡ ᠰᠣᠮᠣ ᠶᠢ ᠪᠠᠶᠠᠠ ᠠᠳᠠᠷᠭ᠎ᠠ ᠭᠡᠳᠡᠭ᠃ ᠨᠠᠮᠬᠠᠨ ᠬᠦᠳᠦᠯ ᠲᠡᠭᠡᠷ᠎ᠠ ᠪᠠᠶᠢᠷᠢᠯᠠᠵᠦ᠂ ᠪᠠᠰᠠ ᠰᠣᠭᠤᠢᠢᠭᠰᠠᠠ ᠣᠯᠠᠠ ᠨᠠᠷᠠᠰᠣᠨ ᠮᠣᠳᠣ ᠲᠠᠢ᠃ ᠣᠢ ᠶᠢᠨ ᠴᠣᠭᠤᠷᠬᠠᠢ ᠪᠠᠷ ᠪᠦᠬᠦᠯᠢ ᠮᠣᠳᠣ ᠶᠢ ᠵᠡᠷᠭᠡᠯᠡᠨ ᠬᠡᠷᠡᠮ ᠪᠣᠯᠭᠠᠨ ᠪᠠᠷᠢᠬᠰᠠᠨ ᠪᠦᠷᠢᠶᠡᠳ ᠣᠨᠴᠠᠯᠢᠬᠳᠣ ᠲᠠᠢ ᠪᠠᠶᠢᠰᠢᠩ ᠤᠳ ᠣᠯᠠᠨ ᠪᠠᠶᠢᠨ᠎ᠠ᠃             ᠲᠡᠷᠭᠡ ᠮᠠᠨ ᠢ ᠨᠢᠬᠡᠨ ᠶᠡᠭᠡ ᠮᠣᠳᠣᠨ ᠭᠡᠷ ᠲᠤ ᠠᠪᠠᠴᠢᠪᠠ᠂ ᠰᠣᠮᠣᠠ ᠤ ᠠᠷᠡᠳ ᠤᠨ ᠬᠤᠪᠢ ᠪᠠᠷ ᠢᠶᠠᠨ ᠡᠵᠡᠩᠨᠡᠭᠰᠡᠨ ᠬᠤᠨᠤᠭ ᠤᠨ ᠭᠡᠷ ᠪᠠᠶᠢᠪᠠ᠃ ᠪᠢᠳᠡᠨ ᠤ ᠣᠷᠣᠭᠰᠠᠨ ᠦᠷᠦᠭᠡ ᠮᠠᠰᠢ ᠠᠭᠤᠵᠢᠭᠤ ᠰᠠᠷᠠᠭᠤᠯ᠂ ᠲᠦᠷᠪᠡᠨ ᠦᠨᠴᠦᠭ ᠲᠤᠨᠢ ᠳᠦᠷᠪᠡᠡ ᠣᠷᠣ ᠲᠣᠬᠢᠷᠠᠭᠤᠯᠣᠭᠰᠠᠨ ᠪᠠᠶᠢᠯ᠎ᠠ᠃ ᠰᠠᠭᠤᠮᠠᠭᠴᠠ ᠬᠤᠳᠦ᠋ᠢᠵᠦ ᠣᠷᠣᠴᠢᠬᠠᠭᠠᠳ ᠬᠦᠳᠡᠯᠵᠦ ᠲᠡᠶᠢᠯᠬᠦ ᠦᠬᠡᠢ᠂ ᠣᠷᠣ ᠶᠢᠨ ᠪᠦᠳᠡᠭᠡᠯᠭᠡ ᠪᠣᠯᠣᠨ ᠲᠡᠪᠢᠰᠭᠡᠷ ᠢ ᠣᠷᠪᠠᠭᠤᠯᠣᠨ ᠦᠵᠡᠪᠡᠯ ᠬᠠᠷᠢᠨ ᠲᠣᠮᠣ ᠲᠠᠮᠣᠷ ᠢ ᠰᠦᠯᠵᠢᠵᠦ ᠬᠢᠭᠰᠡᠨ ᠣᠷᠣ ᠪᠠᠶᠢᠵᠠᠢ᠃ ᠲᠡᠷ᠎ᠠ ᠨᠢ ᠮᠠᠰᠢ ᠬᠠᠳᠠᠭᠤ᠂ ᠪᠣᠭᠤᠳᠠᠢ ᠶᠢᠨ ᠬᠠᠯᠢᠰᠣ ᠪᠣᠶᠣ ᠨᠣᠭᠤᠭᠠᠨ ᠪᠣᠷᠴᠠᠭ ᠤᠨ ᠬᠠᠯᠢᠰᠣ ᠪᠠᠷ ᠲᠦᠭᠦᠷᠭᠡᠭᠰᠡᠨ ᠲᠡᠷ᠎ᠠ᠂ ᠬᠦᠨᠵᠢᠯᠡ ᠲᠠᠪᠢᠰᠭᠡᠷ ᠨᠢ ᠵᠦᠪᠬᠡᠨ ᠨᠢᠬᠡᠨ ᠬᠠᠭᠤᠴᠢᠨ ᠢᠰᠡᠭᠡᠢ ᠲᠡᠳᠣᠢ ᠪᠠᠶᠢᠪᠠ᠃               ᠵᠦᠬᠡᠯᠡᠨ ᠣᠷᠣ᠂ ᠬᠠᠳᠠᠭᠤ ᠲᠡᠷ᠎ᠡ᠂ ᠱᠠᠯᠲᠠᠩ ᠢᠰᠡᠭᠡᠢ᠂ ᠶᠠᠭᠤ ᠨᠢ ᠴᠤ ᠪᠦᠷ ᠮᠢᠨᠦ ᠣᠨᠳᠠᠵᠦ ᠵᠠᠩᠰᠢᠭᠰᠠᠨ ᠣᠷᠣ ᠲᠡᠪᠢᠰᠭᠡᠷ ᠠᠴᠠ ᠣᠨᠳᠣᠣ᠂ ᠪᠢ ᠡᠪᠯᠡᠬᠦᠯᠴᠢᠬᠡᠶ᠎ᠡ ᠭᠡᠰᠡᠨ ᠪᠣᠳᠣᠯ ᠢᠶᠠᠷ ᠬᠤᠪᠴᠠᠰᠣ ᠲᠠᠢ ᠪᠠᠨ ᠭᠡᠪᠳᠡᠪᠡ᠃ ᠲᠠᠷ᠎ᠠ ᠲᠣᠯᠣᠭᠠᠢ ᠨᠠᠶᠢᠯᠡᠮᠡᠭᠴᠡ ᠭᠤᠮᠣᠳᠠᠯ ᠠᠶᠣᠯᠭᠠᠭᠤᠷᠢ ᠭᠠᠷᠭᠠᠬᠤ ᠶᠢᠨ ᠴᠦ ᠵᠠᠪ ᠦᠬᠡᠢ ᠳᠤᠭ ᠨᠦᠢᠷ ᠲᠠᠭᠠᠨ ᠣᠷᠣᠭᠰᠠᠠ ᠪᠠᠶᠢᠨ᠎ᠠ᠃             ᠡᠨᠡ ᠰᠦᠨᠢ ᠶᠢᠨ ᠨᠦᠢᠷ ᠤᠨ ᠠᠮᠳᠠ ᠭᠡᠵᠢ ᠡ︕             ︵ᠡᠳᠦᠷ ᠤᠨ ᠲᠡᠮᠳᠡᠭᠯᠡᠯ ᠢ ᠬᠤᠵᠢᠮ ᠨᠢ ᠨᠦᠬᠦᠵᠦ ᠪᠢᠴᠢᠭᠰᠡᠨ ᠨᠢ ᠶᠠᠷᠢᠶᠠᠨ ᠦᠬᠡᠢ ᠶᠣᠮ︶                                                                           ︵ᠦᠷᠬᠦᠯᠵᠢᠯᠡᠯ ᠪᠤᠢ︶                       ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号