ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠᠨ ᠭᠤᠷᠪᠠ︶
ᠨᠡᠶᠢᠲᠡᠯᠡᠭᠰᠡᠨ ᠴᠠᠭ᠄
2016-04-15
     18 ᠤ ᠡᠳᠦᠷ ︵ᠭᠠᠷᠠᠬ ᠤᠨ ᠬᠤᠶᠠᠷ᠂ ᠲᠤᠩᠭᠠᠯᠠᠭ︶             ᠦᠴᠦᠭᠡᠳᠦᠷ᠂ ᠦᠭᠡᠢ᠂   ᠡᠨᠡ ᠦᠷᠯᠦᠭᠡ ᠶᠢᠨ ᠵᠢᠷᠭᠤᠭᠠᠨ ᠴᠠᠬ ᠤᠨ ᠠᠯᠳᠠ ᠪᠠᠷ ᠶᠠᠭᠤ ᠴᠦ ᠮᠡᠳᠡᠬᠦ ᠦᠭᠡᠢ ᠤᠨᠳᠠᠵᠦ ᠦᠳᠡ ᠦᠩᠭᠡᠷᠨᠭᠡᠳ ᠪᠠᠷᠤᠭ ᠨᠢᠭᠡ ᠴᠠᠬ ᠤᠨ ᠦᠶ᠎ᠠ ᠪᠠᠷ ᠴᠢᠮᠡᠭ ᠲᠦᠯᠬᠢᠵᠦ ᠰᠡᠷᠢᠭᠡᠭᠦᠯᠡᠷ ᠰᠠᠶᠢ ᠪᠤᠰᠪᠠ᠃         ᠦᠨᠡᠨ ᠠᠮᠳᠠᠳᠠᠢ ᠤᠨᠳᠠᠯ᠎ᠠ᠃ ᠪᠤᠰᠤᠭᠠᠳ ᠦᠵᠡᠭᠦᠯᠡᠷ ᠨᠠᠷᠨ ᠭᠡᠷᠡᠯᠳᠦᠨ ᠤᠷᠴᠢᠨ ᠲᠤᠭᠤᠷᠢᠨ ᠴᠦ ᠢᠵᠢᠯ ᠲᠠᠰᠤᠯ ᠮᠡᠳᠦ ᠰᠠᠨᠠᠬᠳᠠᠨ ᠬᠠᠯᠠᠭᠤᠷᠬᠤ ᠪᠠᠨ ᠪᠤᠯᠢᠵᠦ ᠪᠦᠬᠦ ᠪᠡᠶ᠎ᠠ ᠴᠤᠬ ᠵᠤᠯᠢ ᠲᠠᠢ ᠪᠤᠯᠪᠠ᠃ ᠯᠠᠰᠢᠶᠠ ᠭᠤᠸᠠᠢ ᠴᠦ ᠠᠮᠠᠷᠠᠵᠦ ᠭᠦᠢᠴᠡᠭᠡᠳ ᠲᠡᠷᠭᠡ ᠪᠠᠨ ᠤᠬᠢᠶᠠᠵᠦ ᠪᠠᠶᠢᠨ᠎ᠠ ᠭᠡᠵᠦ ᠴᠢᠮᠡᠭ ᠤᠨ ᠭᠡᠯᠡᠬᠦ ᠶᠢ ᠰᠤᠨᠤᠰᠤᠭᠠᠳ ᠲᠡᠰᠭᠡᠯ ᠦᠭᠡᠢ ᠪᠠᠶᠠᠷᠯᠠᠨ ᠤᠷᠦᠨ ᠠᠴᠠ ᠪᠠᠨ ᠬᠤᠪᠬᠤ ᠦᠰᠦᠷᠦᠨ ᠪᠤᠰᠴᠦ ᠤᠰᠤᠨ ᠴᠤᠷᠭᠤ ᠶᠢᠨ ᠲᠡᠨᠳᠡ ᠤᠴᠢᠨ ᠨᠢᠭᠡᠨ ᠵᠡᠷᠭᠡ ᠤᠬᠢᠶᠠᠨ ᠴᠡᠪᠡᠷᠯᠡᠭᠡᠳ ᠰᠢᠨ᠎ᠠ ᠨᠢᠭᠡ ᠡᠳᠦᠷ ᠢᠶᠠᠨ ᠤᠬᠳᠤᠬᠤ ᠪᠠᠷ ᠪᠡᠯᠡᠭᠡᠨ ᠪᠤᠯᠤᠯ᠎ᠠ᠃         ᠵᠤᠷᠯᠤᠩ ᠨᠢ ᠬᠤᠯᠠᠬᠠᠨ ᠰᠢᠬ ᠤᠢ ᠶᠢᠨ ᠲᠤᠮᠳᠠ ᠮᠤᠳᠦ ᠪᠠᠷ ᠪᠠᠷᠢᠬᠰᠠᠠ ᠪᠠᠶᠢᠯ᠎ᠠ᠃ ᠵᠤᠷᠯᠤᠩ ᠤᠨ ᠠᠷᠦ  ᠨᠢ ᠵᠤᠴᠢᠳ ᠤᠨ ᠪᠠᠭᠤᠳᠠᠯ ᠲᠡᠰᠢ ᠬᠠᠨᠳᠤᠵᠦ᠂ ᠵᠤᠷᠯᠤᠩ ᠤᠨ ᠡᠭᠦᠳᠡ ᠨᠢ ᠬᠠᠨᠠᠷᠠᠨ ᠪᠤᠰᠤᠬᠰᠠᠠ ᠢᠬᠴᠢ ᠰᠠᠬᠤᠯᠢᠬ ᠤᠢ ᠮᠤᠳᠦ ᠲᠡᠰᠢ ᠬᠠᠨᠳᠤᠬᠰᠠᠠ ᠪᠠᠶᠢᠨ᠎ᠠ᠂ ᠤᠢ ᠲᠤᠳᠤᠷ᠎ᠠ ᠬᠦᠮᠦᠨ ᠬᠠᠷᠠᠬᠳᠠᠬᠤ ᠦᠭᠡᠢ᠂ ᠵᠦᠪᠭᠡᠨ ᠭᠠᠵᠠᠷ ᠲᠡᠭᠡᠷ᠎ᠠ ᠰᠢᠷ᠎ᠠ ᠪᠤᠷᠦ ᠨᠤᠭᠤᠭᠠᠨ ᠬᠦᠷᠡᠩ ᠵᠡᠷᠭᠡ ᠤᠯᠠᠨ ᠵᠦᠢᠯ ᠤᠨ ᠦᠩᠭᠡ ᠶᠢᠨ ᠨᠠᠷᠠᠰᠤᠨ ᠨᠠᠪᠴᠢ ᠪᠠᠷ ᠲᠡᠪᠢᠰᠦᠭᠳᠡᠭᠰᠡᠡ ᠵᠤᠵᠠᠭᠠᠨ ᠭᠡᠪᠢᠰ ᠯᠠ ᠬᠠᠷᠠᠬᠳᠠᠨ᠎ᠠ ᠁             ᠶᠠᠭᠠᠷᠠᠦ ᠶᠠᠪᠤᠵᠦ ᠪᠠᠶᠢᠬᠰᠠᠠ ᠦᠭᠡᠢ ᠪᠤᠯ ᠦᠨᠡᠭᠡᠷ ᠤᠢ ᠶᠢᠨ ᠲᠤᠳᠤᠷ᠎ᠠ ᠶᠠᠪᠤᠵᠦ ᠦᠵᠡᠬᠦ ᠶᠢ ᠯᠠ ᠪᠤᠳᠤᠬᠰᠠᠠ᠃ ᠭᠡᠶ᠎ᠠ ᠲᠠᠷᠠᠭᠠᠴᠢ ᠶᠢᠨ ᠤᠳᠠᠭ᠎ᠠ ᠶᠢᠨ ᠠᠶᠠᠯᠠᠯ ︵ᠡᠰᠡᠪᠡᠯ ᠢᠷᠡᠬᠦ ᠵᠢᠯ︶ ᠳᠤ ᠠᠷᠭ᠎ᠠ ᠮᠠᠶ᠋ᠢᠬ ᠢᠶᠠᠨ ᠬᠤᠪᠢᠷᠠᠭᠤᠯᠪᠡᠯ ᠵᠤᠬᠢᠨ᠎ᠠ᠂ ᠬᠠᠷᠠᠯᠳᠠ ᠪᠤᠯᠤᠨ ᠴᠠᠬ ᠬᠤᠭᠤᠴᠠᠭ᠎ᠠ ᠲᠤᠬᠳᠠᠭᠠᠵᠦ ᠪᠤᠯᠬᠤ ᠦᠭᠡᠢ᠂ ᠵᠦᠪᠭᠡᠨ ᠨᠢᠭᠡᠨ ᠪᠦᠳᠦᠭᠦᠪᠴᠢ ᠬᠠᠷᠠᠯᠳᠠ ᠲᠤᠬᠳᠠᠭᠠᠨ᠎ᠠ᠂ ᠵᠢᠱᠢᠶᠡᠯᠡᠪᠡᠯ᠂ ︽ᠪᠠᠷᠠᠭᠤᠨᠰᠢ︾ ᠡᠰᠡᠪᠡᠯ ︽ᠵᠡᠭᠦᠨᠰᠢ︾ ᠭᠡᠮᠡᠨ ᠲᠤᠬᠳᠠᠭᠠᠨ ᠵᠠᠮ ᠳᠠᠭᠠᠨ ᠴᠢᠯᠦᠭᠡ ᠲᠠᠢ ᠶᠠᠪᠤᠵᠦ ᠰᠠᠭᠤᠬᠤ ᠳᠤ ᠬᠦᠷᠪᠡᠯ ᠨᠡᠩ ᠰᠠᠶᠢᠬᠠᠨ ᠪᠤᠯᠬᠤ ᠪᠠᠶᠢᠬ᠎ᠠ ᠭᠡᠵᠦ ᠪᠤᠳᠤᠯ᠎ᠠ᠃         ᠶᠠᠷᠢᠶᠠᠨ ᠦᠭᠡᠢ᠂ ᠪᠡᠶ᠎ᠠ ᠴᠤᠬᠴᠠᠰ ᠤᠨ ᠪᠠᠶᠢᠳᠠᠯ ᠬᠠᠮᠤᠭ ᠤᠨ ᠴᠢᠬᠤᠯᠠ ᠵᠦᠢᠯ ᠪᠤᠯᠤᠨ᠎ᠠ᠃ ᠦᠴᠦᠭᠡᠳᠦᠷ ᠰᠢᠭ ᠪᠤᠯᠪᠠᠯ ᠶᠠᠮᠠᠷ ᠪᠤᠳᠤᠯ ᠤᠷᠤᠬᠰᠠᠨ ᠴᠦ ᠬᠡᠷᠡᠭ ᠦᠬᠡᠢ᠂ ᠵᠦᠪᠭᠡᠨ ᠲᠡᠷᠭᠡᠨ ᠲᠤᠳᠤᠷ᠎ᠠ ᠭᠡᠪᠳᠡᠬᠦ ᠶᠢ ᠯᠠ ᠪᠤᠳᠤᠬᠰᠠᠠ ᠠᠴᠠ ᠶᠠᠮᠠᠷ ᠴᠦ ᠠᠯᠤᠰ ᠤᠨ ᠲᠦᠯᠦᠪᠯᠡᠭᠡ ᠪᠠᠶᠢᠯ᠎ᠠ ᠴᠦ ᠪᠦᠷ ᠪᠡᠶᠡᠯᠡᠭᠳᠡᠵᠦ ᠲᠡᠶᠢᠯᠬᠦ ᠦᠭᠡᠢ ᠪᠤᠯᠬᠤ ᠪᠢᠰᠢᠦ︕             ᠦᠷᠯᠦᠭᠡ ᠶᠢᠨ ᠬᠤᠭᠤᠯᠠᠠ ︵  ᠦᠨᠡᠨ   ᠳᠡᠭᠡᠨ ᠦᠳᠡ ᠶᠢᠨ ᠬᠤᠭᠤᠯᠠ ᠪᠤᠯᠴᠢᠬᠠᠵᠠᠢ︶ ᠳᠤ ᠰᠦ ᠲᠠᠢ ᠴᠠᠢ ᠪᠤᠯᠤᠨ ᠬᠤᠨᠢᠨ ᠮᠢᠬ᠎ᠠ ᠲᠠᠢ ᠪᠤᠤᠰᠠ ᠢᠳᠡᠪᠡ᠂ ᠰᠦ᠋ ᠶᠢᠩ ᠠᠮᠳᠠᠳᠠᠢ ᠭᠡᠳ ᠯᠠ ᠢᠳᠡᠵᠦ ᠪᠠᠶᠢᠬᠤ ᠳᠤ ᠪᠢ ᠲᠤᠷᠠᠯᠠᠵᠦ ᠪᠠᠶᠢᠪᠠᠴᠦ ᠬᠤᠳᠤᠭᠤᠳᠦ ᠡᠪ ᠦᠭᠡᠢ ᠪᠤᠯᠬᠤ ᠠᠴᠠ ᠬᠢᠴᠢᠶᠡᠭᠡᠳ ᠢᠳᠡᠬᠦ ᠵᠤᠷᠢᠭ ᠬᠦᠷᠦᠭᠰᠡᠡ ᠦᠭᠡᠢ᠂ ᠬᠠᠳᠠᠬᠰᠠᠠ   ᠲᠠᠯᠬ᠎ᠠ ᠠᠴᠠ ᠬᠡᠮᠡᠯᠢᠪᠡ᠃               ᠡᠨᠡ ᠦᠶ᠎ᠠ ᠳᠤ ᠴᠧᠺ ᠠᠴᠠ ᠢᠷᠡᠭᠰᠡᠡ ᠨᠠᠢᠮᠠ ᠶᠢᠰᠦᠨ ᠬᠦᠮᠦᠨ ᠢᠶᠠᠷ ᠪᠦᠷᠢᠯᠳᠦᠭᠰᠡᠡ ᠨᠢᠭᠡ ᠪᠦᠯᠦᠭ ᠮᠤᠩᠭᠤᠯᠴᠢ ᠡᠷᠳᠡᠮᠳᠡᠨ ᠠᠶᠢᠮᠠᠬ ᠲᠡᠭᠡᠷ᠎ᠠ ᠬᠦᠷᠴᠦ ᠢᠷᠡᠭᠡᠳ ᠤᠨᠤᠨ ᠮᠦᠷᠡᠨ ᠲᠡᠰᠢ ᠵᠠᠮᠨᠠᠵᠦ ᠪᠠᠶᠢᠯ᠎ᠠ᠃ ᠶᠡᠷᠢᠶᠠᠨ ᠦᠭᠡᠢ ᠪᠢᠳᠡ ᠲᠡᠳᠡᠨ ᠤ ᠵᠠᠮᠴᠢᠯᠠᠬᠴᠢ ᠳᠤ ᠭᠤᠤᠯ ᠤᠨ ᠬᠦᠪᠡᠭᠡ ᠶᠢᠨ ᠰᠢᠪᠠᠷ ᠪᠠᠯᠴᠢᠭ ᠠᠴᠠ ᠵᠠᠶᠢᠯᠠᠬᠤ ᠭᠡᠷᠡᠭᠳᠠᠢ ᠪᠠᠶᠢᠬᠤ ᠶᠢ ᠭᠡᠯᠡᠵᠦ ᠦᠭᠴᠠᠢ᠃  
  ᠬᠡᠷᠦᠯᠦᠨ ᠤ ᠬᠦᠳᠡᠭᠡ ᠠᠷᠠᠯ ᠳᠠᠬᠢ ᠴᠢᠩᠭᠢᠰ ᠬᠠᠭᠠᠨ ᠤ ᠬᠦᠰᠢᠶ᠎ᠡ     ᠢᠯᠠᠯᠳᠠ ᠰᠡᠭᠦᠳᠡᠷᠯᠡᠪᠡ         ᠢᠳᠡᠵᠦ ᠴᠠᠳᠤᠬᠰᠠᠠ ᠤ ᠬᠤᠶᠢᠨ᠎ᠠ ᠮᠠᠨ ᠢ ᠡᠷᠭᠢᠵᠦ ᠦᠵᠡᠬᠦ ᠪᠠᠷ ᠢᠷᠡᠭᠰᠡᠡ ᠦᠴᠦᠭᠡᠳᠦᠷ ᠤᠨ ᠠᠪᠤᠷᠠᠬᠴᠢ ᠤᠳᠤᠨ — ᠵᠠᠯᠠᠭᠤ ᠡᠮᠡᠭᠳᠠᠢ ᠡᠮᠴᠢ ᠳᠤ ᠲᠠᠯᠠᠷᠬᠠᠯ᠎ᠠ᠃ ᠠᠮᠢ ᠶᠢ ᠮᠢᠨᠢ ᠠᠪᠤᠷᠠᠬᠰᠠᠠ ᠠᠴᠢᠳᠠᠨ ᠢᠶᠠᠨ ᠭᠡᠭᠡᠨ ᠡᠳᠦᠷ ᠭᠡᠷᠡᠯᠳᠦ ᠨᠠᠷᠠᠨ ᠤ ᠲᠤᠤᠷ᠎ᠠ ᠨᠠᠷᠢᠪᠴᠢᠯᠠᠨ ᠬᠠᠷᠠᠬᠤᠯᠠᠷ ᠴᠠᠬ ᠤᠨ ᠦᠩᠭᠡ ᠶᠢ ᠲᠠᠭᠠᠬᠰᠠᠠ ᠬᠤᠪᠴᠠᠰᠦ ᠵᠠᠰᠠᠯ ᠲᠠᠢ ᠶᠢ ᠭᠡᠯᠡᠬᠦ ᠦᠭᠡᠢ ᠲᠦᠷᠦᠭᠰᠡᠡ ᠲᠦᠯᠦᠪ ᠪᠠᠶᠢᠳᠠᠯ ᠴᠦ ᠲᠦᠷᠦᠭᠰᠡᠡ ᠪᠢᠰᠢ ᠵᠢᠷᠤᠬᠰᠠᠠ ᠭᠡᠮᠡᠷ ᠭᠤᠸᠠᠯᠢᠬ ᠪᠤᠯᠬᠤᠯᠠᠷ ᠡᠮᠦᠨ᠎ᠠ ᠭᠡᠳᠦᠨ ᠡᠳᠦᠷ ᠤᠯᠠᠭᠠᠨᠪᠠᠭᠠᠳᠤᠷ ᠲᠤ ᠰᠠᠭᠤᠵᠦ ᠪᠠᠶᠢᠬᠰᠠᠠ ᠲᠠᠶᠢᠸᠠᠨ ᠬᠠᠳᠤᠬᠳᠠᠢ ᠶᠢᠨ ᠭᠡᠯᠡᠭᠰᠡᠡ ᠦᠭᠡ ᠦᠪᠡᠷ ᠤᠨ ᠡᠷᠭᠡ ᠦᠭᠡᠢ ᠪᠤᠳᠤᠬᠳᠠᠯ᠎ᠠ᠄             ︽ᠮᠤᠩᠭᠤᠯ ᠤᠨ ᠭᠡᠤᠭᠡᠨᠴᠤᠤᠯ ᠶᠠᠭᠠᠬᠢᠭᠠᠳ ᠡᠶᠢᠮᠦ ᠭᠤᠶᠤᠯᠠᠬᠤ ᠲᠤᠷ᠎ᠠ ᠲᠠᠢ ᠪᠤᠢ︖︾               ᠮᠤᠩᠭᠤᠯ ᠤᠨ ᠭᠡᠤᠭᠡᠨᠴᠤᠤᠯ ᠤᠨ ᠭᠤᠶᠤᠯᠠᠬᠤ ᠲᠤᠷ᠎ᠠ ᠲᠠᠢ ᠶᠢ   ᠪᠤᠤ ᠬᠡᠯᠡ᠂ ᠲᠦᠷᠦᠭᠰᠡᠡ ᠨᠢ ᠴᠦ ᠭᠤᠶᠤ ᠶᠤᠮ ᠰᠢᠦ᠃ ᠲᠡᠶᠢᠮᠦ ᠳᠡᠭᠡᠨ ᠨᠢᠤᠽᠡᠢ ᠦᠮᠦᠳᠦ ᠡᠮᠦᠰᠦᠨ᠂ ᠰᠢᠨ᠎ᠠ ᠮᠠᠶ᠋ᠢᠬ ᠤᠨ ᠡᠭᠡᠮᠦᠭ ᠵᠡᠭᠦᠵᠦ᠂ ᠨᠢᠭᠤᠷ ᠲᠠᠭᠠᠨ ᠰᠢᠨ᠎ᠠ ᠴᠠᠬ ᠤᠨ ᠭᠤᠶᠤᠯᠠᠯ ᠤᠨ ᠤ ᠡ᠊ᠩᠬᠡᠰᠭᠡ ᠲᠦᠷᠬᠢᠭᠰᠡᠡ ᠠᠴᠠ ᠡᠳᠡᠭᠡᠳ ᠭᠤᠸᠠᠯᠢᠬ ᠬᠠᠷᠠᠬᠳᠠᠨ᠎ᠠ ᠪᠢᠯᠡ᠃               ᠲᠦᠷᠦᠭᠦᠦ ᠭᠡᠳᠦᠨ ᠡᠳᠦᠷ᠂ ᠤᠯᠠᠭᠠᠨᠪᠠᠭᠠᠳᠤᠷ ᠤᠨ ᠪᠦᠷᠢᠨ ᠪᠠᠷᠠᠭᠠᠳᠦ ᠺᠤᠮᠫᠠᠨᠢ ᠳᠤ ᠬᠤᠶᠠᠷ ᠦᠶ᠎ᠠ ᠶᠢᠨ ᠬᠤᠭᠤᠷᠤᠨᠳᠦ ᠶᠡᠭᠡᠳᠡ ᠵᠦᠷᠢᠶ᠎ᠠ ᠲᠠᠢ ᠪᠠᠶᠢᠬᠤ ᠶᠢ ᠤᠯᠵᠦ ᠬᠠᠷᠠᠬᠰᠠᠠ᠂ ᠬᠦᠳᠡᠭᠡ ᠠᠴᠠ ᠭᠡᠤᠭᠡᠳ ᠢᠶᠠᠨ ᠲᠠᠭᠠᠭᠤᠯᠤᠨ ᠬᠤᠳᠠ ᠳᠤ ᠮᠠᠶᠢᠮᠠᠢ ᠬᠢᠬᠦ ᠪᠠᠷ ᠢᠷᠡᠭᠰᠡᠡ ᠨᠢᠭᠡ ᠠᠶᠢᠯ ᠤᠨ ᠡᠴᠢᠭᠡ ᠡᠭᠡ ᠨᠢ ᠮᠦᠨ ᠯᠠ ᠮᠠᠯᠴᠢᠳ ᠤᠨ ᠤᠯᠠᠮᠵᠢᠯᠠᠯᠳᠦ ᠬᠤᠪᠴᠠᠰᠦ ᠵᠠᠰᠠᠯ ᠲᠠᠢ᠂ ᠲᠠᠭᠠᠭᠤᠯᠵᠦ ᠪᠠᠶᠢᠭ᠎ᠠ ᠠᠷᠪᠠᠨ ᠲᠠᠪᠤ ᠵᠢᠷᠭᠤᠭ᠎ᠠ ᠲᠠᠢ ᠬᠤᠶᠠᠷ ᠭᠡᠤᠭᠡᠨ ᠤ ᠬᠢᠨᠢ ᠡᠮᠦᠰᠴᠦ ᠵᠡᠭᠦᠵᠦ ᠶᠠᠪᠤᠵᠦ ᠰᠠᠭᠤᠬᠤ ᠨᠢ ᠬᠤᠳᠠ ᠶᠢᠨ ᠭᠡᠤᠭᠡᠨᠴᠤᠤᠯ ᠲᠠᠢ ᠡᠭᠡᠭᠡ ᠠᠳᠠᠯᠢᠬᠠᠨ ᠪᠦᠷ T ᠭᠡᠯᠪᠡᠷᠢ ᠶᠢᠨ ᠬᠠᠨᠳᠠᠭᠠᠵᠠ᠂ ᠨᠢᠤᠽᠠᠢ ᠦᠮᠦᠳᠦ ᠡᠮᠦᠰᠦᠭᠰᠡᠡ ᠪᠠᠶᠢᠯ᠎ᠠ᠃ ᠲᠤᠭᠤᠷᠢᠵᠦ ᠲᠤᠭᠤᠷᠢᠵᠦ ᠢᠷᠡᠭᠡᠳ ᠤᠷᠤᠭᠤᠯ ᠬᠠᠮᠠᠭᠠᠯᠠᠬᠤ ᠲᠤᠰᠦ ᠬᠤᠳᠠᠯᠳᠤᠨ ᠠᠪᠤᠭᠠᠳ ᠬᠤᠶᠠᠭᠤᠯᠠ ᠪᠠᠨ ᠲᠤᠷᠰᠢᠨ ᠲᠦᠷᠬᠢᠵᠦ ᠦᠵᠡᠭᠰᠡᠡ ᠤ ᠬᠤᠶᠢᠨ᠎ᠠ ᠡᠵᠢ ᠳᠡᠭᠡᠨ ᠴᠦ ᠲᠦᠷᠬᠢᠵᠦ ᠦᠭᠴᠦ ᠪᠠᠶᠢᠪᠠ᠃ ᠨᠢᠭᠡ ᠭᠡᠷ ᠤᠨ ᠲᠦᠷᠪᠡᠭᠦᠯᠡ ᠪᠠᠨ ᠪᠦᠷᠢᠨ ᠪᠠᠷᠠᠭᠠᠳᠦ ᠺᠤᠮᠫᠠᠨᠢ ᠶᠢᠨ ᠲᠢᠩᠭᠢᠮ ᠤᠨ ᠭᠤᠤᠯ ᠳᠤ ᠵᠤᠬᠰᠤᠨ ᠡᠵᠢ ᠨᠢ ᠴᠦ ᠬᠤᠶᠠᠷ ᠭᠡᠤᠭᠡᠨ ᠤ ᠪᠠᠨ ᠰᠠᠨᠠᠭ᠎ᠠ ᠶᠢ ᠵᠦᠷᠢᠴᠡᠯ ᠦᠭᠡᠢ ᠲᠠᠭᠠᠵᠦ ᠯᠠ ᠪᠠᠶᠢᠯ᠎ᠠ᠂ ᠡᠴᠢᠭᠡ ᠨᠢ ᠬᠠᠷᠢᠨ ᠬᠠᠵᠠᠭᠤ ᠳᠤᠨᠢ ᠵᠤᠬᠰᠤᠨ ᠵᠤᠨ ᠤ ᠨᠠᠷᠠᠨ ᠳᠤ ᠰᠢᠳᠠᠬᠳᠠᠨ ᠬᠠᠷᠠᠯᠠᠵᠦ ᠪᠤᠷᠤᠯᠠᠬᠰᠠᠠ ᠴᠢᠷᠠᠢ ᠳᠠᠭᠠᠨ ᠢᠨᠢᠶᠡᠮᠰᠦᠭᠯᠡᠯ ᠲᠤᠳᠤᠷᠠᠭᠤᠯᠤᠨ ᠦᠪᠡᠷ ᠤᠨ ᠬᠠᠶᠢᠷᠠᠯᠠᠨ ᠬᠠᠮᠠᠭᠠᠯᠠᠵᠦ ᠶᠠᠪᠤᠭ᠎ᠠ ᠭᠡᠷ ᠤᠨ ᠬᠦᠮᠦᠰ ᠤᠨ ᠢᠶᠠᠨ ᠠᠯᠢᠪᠡ ᠬᠦᠳᠡᠯᠦᠯ ᠪᠠᠶᠢᠳᠠᠯ ᠢ ᠠᠵᠢᠬᠯᠠᠨ᠎ᠠ᠃
      ᠬᠡᠷᠦᠯᠦᠨ ᠤ ᠬᠦᠳᠡᠭᠡ ᠠᠷᠠᠯ ᠤᠨ ᠮᠦᠽᠸᠢ ᠳᠠᠬᠢ ᠬᠦᠳᠡᠭᠡ ᠠᠷᠠᠯ ᠤᠨ ᠭᠠᠵᠠᠷ ᠤᠨ ᠵᠢᠷᠤᠭ   ᠢᠯᠠᠯᠳᠠ ᠰᠡᠭᠦᠳᠡᠷᠯᠡᠪᠡ       ᠤᠳᠦ ᠮᠠᠨ ᠤ ᠡᠮᠦᠨ᠎ᠠ ᠪᠠᠶᠢᠭ᠎ᠠ ᠵᠠᠯᠠᠭᠤ ᠡᠮᠡᠭᠳᠠᠢ ᠡᠮᠴᠢ ᠢᠨᠢᠶᠡᠮᠰᠦᠭᠯᠡᠭᠰᠡᠭᠡᠷ ᠬᠦᠷᠴᠦ ᠢᠷᠡᠭᠡᠳ ᠮᠠᠨ ᠲᠠᠢ ᠭᠠᠷ ᠠᠳᠬᠤᠨ ᠰᠠᠯᠬᠤ ᠶᠤᠰᠤ ᠬᠢᠵᠦ ᠮᠠᠨ ᠤ ᠠᠶᠠᠨ ᠵᠠᠮ ᠳᠠᠭᠠᠨ ᠰᠠᠭᠠᠳ ᠦᠬᠡᠢ ᠶᠠᠪᠤᠬᠤ ᠶᠢ ᠵᠦᠩᠨᠡᠵᠠᠢ᠃ ᠭᠡᠷᠪᠡ ᠡᠮᠴᠢ ᠶᠢᠨ ᠠᠵᠢᠯ ᠬᠢᠭᠡᠳ ᠲᠡᠭᠦᠨ ᠤ ᠬᠦᠮᠦᠰ ᠲᠤ ᠦᠯᠡᠳᠡᠭᠡᠭᠰᠡᠡ ᠲᠡᠷᠡᠬᠦ ᠲᠦᠪ ᠴᠢᠩᠭ᠎ᠠ ᠲᠦᠷᠦᠭᠳᠡᠯ ᠢ ᠲᠦᠷ ᠴᠠᠬ ᠤᠷᠬᠢᠭᠠᠳ ᠢᠨᠢᠶᠡᠮᠰᠦᠭᠯᠡᠭᠰᠡᠡ ᠲᠦᠷᠢ ᠶᠢ ᠯᠠ ᠪᠤᠳᠤᠬᠤ ᠳᠤ ᠬᠦᠷᠪᠡᠯ ᠲᠡᠷᠡ ᠭᠡᠤᠭᠡᠨ ᠶᠠᠮᠠᠷ ᠭᠤᠶᠤ ᠪᠤᠯᠬᠤ ᠪᠤᠯ ᠳ᠋ᠠ︕   ᠮᠠᠨ ᠳᠤ ᠲᠡᠮᠵᠢᠯᠭᠡ ᠦᠵᠡᠭᠦᠯᠦᠭᠰᠡᠡ ᠭᠡᠳᠦᠨ ᠮᠠᠯᠴᠢᠨ ᠳᠤ ᠲᠠᠯᠠᠷᠬᠠᠬᠰᠠᠠ ᠤ ᠲᠠᠷᠠᠭ᠎ᠠ ᠪᠠᠶᠠᠷ ᠬᠦᠷ ᠲᠠᠢ ᠪᠠᠷ ᠮᠠᠰᠢᠨ ᠲᠡᠷᠭᠡᠨ ᠳᠡᠭᠡᠨ ᠰᠠᠭᠤᠵᠦ ᠦᠷᠬᠦᠯᠵᠢᠯᠡᠨ ᠵᠠᠮᠨᠠᠪᠠ᠃             ᠦᠴᠦᠭᠡᠳᠦᠷ ᠰᠦᠨᠢ ᠶᠢᠨ ᠰᠠᠭᠠᠳᠠᠯ ᠠᠴᠠ ᠪᠤᠯᠵᠦ᠂ ᠡᠷᠳᠡᠨ ᠤ ᠲᠠᠶᠢᠨ ᠤ ᠲᠠᠯᠠᠪᠤᠷ ᠲᠤ ᠬᠦᠷᠴᠦ ᠲᠡᠶᠢᠯᠬᠦ ᠦᠭᠡᠢ ᠪᠤᠯᠤᠬᠰᠠᠠ ᠳᠤᠯᠠ ᠪᠢᠳᠡ ᠨᠦᠬᠦᠭᠡ ᠨᠢᠭᠡ ᠬᠠᠷᠠᠯᠳᠠ ᠲᠡᠰᠢ ᠪᠠᠨ ᠰᠢᠭᠤᠳ ᠶᠠᠪᠤᠴᠢᠬᠠᠶ᠎ᠠ ᠭᠡᠵᠦ ᠴᠢᠮᠡᠭ ᠭᠡᠯᠡᠯ᠎ᠠ᠂ ᠲᠡᠷᠡ ᠨᠢ ᠲᠡᠯᠭᠡᠷ ᠬᠠᠨ ᠰᠤᠮᠦ ᠪᠤᠯᠤᠨ᠎ᠠ᠂ ᠲᠠᠷᠤᠢ ︽ᠮᠤᠩᠭᠤᠯ ᠤᠨ ᠨᠢᠭᠤᠴᠠ ᠲᠤᠪᠴᠢᠶᠠᠨ︾ ᠢ ᠪᠢᠴᠢᠵᠦ ᠲᠠᠭᠤᠰᠬᠠᠬᠰᠠᠠ   ᠭᠠᠵᠠᠷ᠃               ︽ᠮᠤᠩᠭᠤᠯ ᠤᠨ ᠨᠢᠭᠤᠴᠠ ᠲᠤᠪᠴᠢᠶᠠᠨ︾ ᠤ ᠬᠠᠮᠤᠭ   ᠤᠨ ᠡᠴᠦᠰ ᠤᠨ ᠪᠦᠯᠦᠭ ᠲᠤ᠂ ᠦᠭᠡᠷ᠎ᠠ ᠪᠠᠷ ᠭᠡᠯᠡᠪᠡᠯ 282 ᠳ᠋ᠤᠭᠠᠷ ᠭᠡᠰᠡᠭ ᠤᠨ ᠪᠦᠬᠦ ᠤᠳᠬ᠎ᠠ ᠨᠢ ᠲᠤᠤᠷᠠᠬᠢ ᠮᠡᠳᠦ᠄             ᠶᠡᠭᠡ ᠬᠤᠷᠠᠯ ᠬᠤᠷᠠᠵᠦ᠂ ᠬᠤᠯᠤᠭᠠᠨ᠎ᠠ ᠵᠢᠯ ︵1240 ᠤᠨ︶ ᠤᠨ ᠲᠤᠯᠤᠭᠠᠨ ᠰᠠᠷ᠎ᠠ ᠳᠤ ᠭᠡᠷᠦᠯᠦᠨ ᠤ ᠬᠦᠳᠡᠭᠡ ᠠᠷᠠᠯ ᠤᠨ ᠲᠤᠯᠤᠭᠠᠨ ᠪᠤᠯᠳᠤᠬ ᠰᠢᠯᠬᠢᠨᠴᠡᠭ ᠬᠤᠶᠠᠷ ᠤᠨ ᠲᠤᠮᠳᠠᠳᠦ ᠤᠷᠳᠤᠨ ᠪᠠᠭᠤᠵᠦ ᠪᠦᠬᠦᠢ ᠳᠤ ᠪᠢᠴᠢᠵᠦ ᠲᠡᠭᠦᠰᠪᠡ᠃               ︽ᠮᠤᠩᠭᠤᠯ ᠤᠨ ᠨᠢᠭᠤᠴᠠ ᠲᠤᠪᠴᠢᠶᠡᠨ︾ ᠤ ᠵᠤᠬᠢᠶᠠᠬᠴᠢ ᠶᠢᠨ ᠲᠤᠬᠠᠢ ᠡᠷᠳᠡᠮᠳᠡᠨ ᠮᠡᠷᠭᠡᠳ ᠤᠨ ᠲᠦᠰᠦᠭᠡᠯᠡᠭᠰᠡᠡ ᠢᠶᠠᠷ᠂ ᠦᠭᠡᠳᠠᠢ ᠬᠠᠭᠠᠨ ᠲᠦᠷᠦ ᠪᠠᠷᠢᠵᠦ ᠪᠠᠶᠢᠬᠰᠠᠠ ᠴᠠᠬ ᠦᠶ᠎ᠠ ᠶᠢᠨ ᠠᠯᠪᠠᠨ ᠲᠤᠰᠢᠶᠠᠯᠳᠠᠨ ︵ ᠡᠰᠡᠪᠡᠯ ᠰᠤᠳᠤᠷᠴᠢ︶ ᠪᠢᠴᠢᠭᠰᠡᠡ ᠪᠤᠯᠤᠯᠳᠠᠢ᠃ ᠲᠤᠰ ᠲᠡᠤᠭᠡᠨ ᠪᠢᠴᠢᠭ ᠲᠤ ᠡᠪᠦᠭᠡ ᠲᠡᠭᠡᠳᠦᠰ ᠴᠢᠩᠭᠢᠰ ᠬᠠᠭᠠᠨ  ᠠᠴᠠ ᠡᠬᠢᠯᠡᠭᠡᠳ ᠦᠭᠡᠳᠠᠢ ᠬᠠᠭᠠᠨ ᠰᠠᠭᠤᠷᠢᠨ ᠢ ᠵᠠᠯᠭᠠᠮᠵᠢᠯᠠᠬᠤ ᠦᠶ᠎ᠠ ᠶᠢᠨ ᠮᠠᠰᠢ ᠤᠯᠠᠨ ᠲᠡᠤᠭᠡ ᠶᠢᠨ ᠦᠨᠡᠳᠦ ᠮᠠᠲ᠋ᠧᠷᠢᠶᠠᠯ ᠢ ᠪᠢᠴᠢᠵᠦ ᠲᠡᠮᠳᠡᠭᠯᠡᠭᠰᠡᠡ ᠪᠠᠶᠢᠨ᠎ᠠ᠃               ᠡᠷᠳᠡᠮᠳᠡᠨ ᠮᠡᠷᠭᠡᠳ ᠤᠨ ᠨᠤᠳᠠᠯᠠᠯᠳᠠ ᠪᠠᠷ ᠲᠠᠮᠵᠢᠵᠦ ᠦᠨᠦ ᠮᠠᠨᠤᠰ ᠤᠨ ᠬᠦᠷᠬᠦ ᠭᠡᠵᠦ ᠪᠠᠶᠢᠭ᠎ᠠ ᠲᠡᠷᠡ ᠲᠡᠯᠭᠡᠷ ᠬᠠᠨ ᠰᠤᠮᠦ ᠪᠤᠯ ᠲᠠᠷᠤᠢ ᠲᠡᠤᠭᠡ ᠶᠢᠨ ᠪᠢᠴᠢᠭ ᠲᠤ ᠭᠡᠯᠡᠳᠡᠭ ᠭᠠᠵᠠᠷ ᠪᠤᠯᠤᠨ᠎ᠠ᠃   ᠲᠡᠨᠳᠡ ᠪᠠᠰᠠ ᠲᠤᠬᠠᠢ ᠶᠢᠨ ᠵᠢᠯ ᠤᠨ ᠤᠷᠳᠤ ᠬᠠᠷᠰᠢ ᠶᠢᠨ ᠰᠠᠭᠤᠷᠢ ᠴᠢᠯᠠᠭᠤ ᠶᠢᠨ ᠦᠯᠡᠳᠡᠭᠳᠡᠯ ᠪᠤᠢ᠃       ᠮᠤᠩᠭᠤᠯ ᠤᠨ ᠵᠠᠰᠠᠬ ᠤᠨ ᠤᠷᠳᠤᠨ 1993 ᠤᠨ ᠤ ᠤᠷᠴᠢᠮ ᠢᠶᠠᠷ ᠲᠤᠬᠠᠢ ᠶᠢᠨ ᠭᠠᠵᠠᠷ ᠲᠤ ᠲᠤᠷᠠᠰᠬᠠᠯ ᠤᠨ ᠬᠦᠰᠢᠶ᠎ᠠ ᠪᠠᠶᠢᠭᠤᠯᠵᠠᠢ᠃         ᠦᠨᠡᠨ ᠬᠤᠯᠠ ᠭᠠᠵᠠᠷ ᠪᠠᠶᠢᠨ᠎ᠠ ᠳ᠋ᠠ︕ ᠪᠢᠳᠡ ᠲᠡᠯᠭᠡᠷ ᠬᠠᠨ ᠰᠤᠮᠦ ᠬᠦᠷᠳᠡᠯ᠎ᠠ ᠪᠠᠰᠠ ᠠᠷᠪᠠᠨ ᠺᠢᠯᠦᠮᠧᠲᠷ ᠪᠠᠶᠢᠭ᠎ᠠ ᠵᠤᠭᠠᠴᠠᠯ ᠤᠨ ᠰᠠᠭᠤᠷᠢᠰᠢᠯ ᠳᠤ ᠢᠷᠡᠵᠦ ᠬᠤᠨᠤᠬᠯᠠᠬᠤ ᠪᠠᠷ ᠪᠤᠯᠵᠠᠢ᠃             ᠭᠤᠷᠪᠠᠨ ᠡᠮᠡᠭᠳᠠᠢ ᠨᠢᠭᠡ ᠮᠤᠩᠭᠤᠯ ᠭᠡᠷ ᠠᠪᠴᠠᠢ᠂ ᠲᠤᠳᠤᠷᠠᠬᠢ ᠭᠤᠷᠪᠠᠨ ᠤᠷᠦ ᠶᠢ ᠪᠦᠷ ᠬᠠᠨ᠎ᠠ ᠲᠠᠭᠠᠭᠤᠯᠤᠨ ᠲᠠᠯᠪᠢᠵᠦ ᠪᠠᠶᠢᠪᠠ᠃ ᠰᠠᠭᠤᠷᠢᠰᠢᠯ ᠤᠨ ᠭᠠᠵᠠᠷ ᠤᠨ ᠦᠢᠯᠡᠴᠢᠯᠡᠭᠴᠢ ᠪᠠᠷ ᠬᠦᠰᠡᠷ ᠤᠨ ᠲᠤᠮᠳᠠ ᠲᠠᠯᠪᠢᠵᠦ ᠪᠠᠶᠢᠭ᠎ᠠ ᠵᠤᠤᠬ᠎ᠠ ᠶᠢ ᠨᠤᠴᠤᠭᠠᠯᠭᠠᠭᠠᠳ ᠦᠵᠡᠭᠦᠯᠡᠷ ᠴᠤᠬᠤᠮ ᠬᠦᠳᠡᠭᠡ ᠨᠤᠳᠤᠬ ᠤᠨ ᠤᠯᠠᠮᠵᠢᠯᠠᠯᠳᠦ ᠲᠦᠯᠡᠰᠢ — ᠠᠷᠭᠠᠯ ᠲᠦᠯᠡᠵᠦ ᠪᠠᠶᠢᠯ᠎ᠠ᠂ ᠭᠠᠯ ᠤᠨ ᠰᠤᠷ ᠰᠠᠶᠢᠨ᠂ ᠤᠳᠠᠬᠰᠠᠠ ᠴᠦ ᠦᠭᠡᠢ ᠮᠤᠩᠭᠤᠯ ᠭᠡᠷ ᠲᠤ ᠬᠠᠯᠠᠭᠤᠨ ᠢᠯᠴᠢ ᠤᠷᠬᠢᠵᠦ ᠲᠡᠷᠡᠭᠡᠨ ᠵᠠᠭᠤᠷ᠎ᠠ ᠭᠡᠷ  ᠲᠤᠯᠠᠭᠠᠷᠠᠪᠠ᠃               ᠰᠦᠨᠢ ᠬᠠᠭᠠᠰ ᠤᠨ ᠦᠶ᠎ᠠ ᠪᠠᠷ ᠶᠡᠭᠡ ᠪᠤᠷᠤᠭᠠᠨ ᠤᠷᠤᠯ᠎ᠠ᠂ ᠮᠤᠩᠭᠤᠯ ᠭᠡᠷ ᠤᠨ ᠲᠡᠭᠡᠪᠦᠷ ᠲᠡᠭᠡᠷ᠎ᠠ ᠪᠤᠷᠤᠭᠠᠨ ᠤ ᠲᠤᠰᠤᠯ ᠤᠨ ᠲᠤᠰᠤᠯᠬᠤ ᠴᠢᠮᠡᠭᠡ ᠪᠦᠳᠦᠨ ᠰᠦᠨᠢ ︽ᠲᠤᠰ ᠲᠤᠰ︾ ᠲᠤᠭᠤᠯᠳᠠᠵᠠᠢ᠃               ᠲᠡᠭᠡᠬᠦ ᠳᠤ ᠪᠢ ᠮᠦᠨ ᠴᠦ ᠵᠡᠭᠦᠳᠦᠯᠡᠴᠢᠬᠡᠯ᠎ᠠ᠂ ᠵᠡᠭᠦᠳᠦᠨ ᠲᠤᠳᠤᠷ᠎ᠠ ᠮᠢᠨᠦ ᠭᠡᠷ ᠤᠨ ᠠᠷᠦ ᠪᠡᠶ᠎ᠠ ᠶᠢᠨ ᠠᠳᠠᠷᠰᠢᠬᠰᠠᠠ ᠬᠤᠭᠤᠰᠤᠨ ᠭᠠᠵᠠᠷ ᠬᠠᠷᠠᠬᠳᠠᠬᠰᠠᠠ ᠢ ᠭᠡᠯᠡᠬᠦ ᠦᠭᠡᠢ᠂ ᠪᠤᠰᠤᠳ ᠬᠦᠮᠦᠰ ᠴᠦ ᠦᠪᠡᠷ ᠤᠨ ᠭᠡᠰᠡᠡ ᠲᠡᠷᠡ ᠤᠷᠤᠨ ᠵᠠᠢ ᠪᠠᠨ ᠰᠠᠶᠢᠬᠠᠨ ᠲᠤᠳᠤᠮᠳᠠᠬᠰᠠᠠ ᠢ ᠤᠯᠵᠦ ᠦᠵᠡᠭᠡᠳ ᠪᠢ ᠶᠡᠭᠡᠯ᠎ᠠ ᠠᠳᠠᠭᠠᠷᠬᠠᠬᠰᠠᠠ ᠢᠶᠠᠷ ᠪᠠᠷᠠᠬᠤ ᠦᠭᠡᠢ ᠪᠠᠰᠠ ᠮᠠᠰᠢ ᠭᠤᠳᠤᠷᠠᠵᠠᠢ᠃             ᠡᠶᠢᠮᠦᠷᠬᠦ ᠭᠤᠳᠤᠷᠠᠯ ᠵᠤᠪᠠᠨᠢᠯ ᠤᠨ ᠲᠤᠮᠳᠠ ᠨᠦᠢᠷ ᠠᠴᠠ ᠪᠠᠨ ᠰᠡᠷᠢᠬᠦ ᠳᠤ ᠪᠤᠷᠤᠭᠠᠨ ᠮᠦᠨ ᠯᠠ ᠤᠷᠤᠬᠰᠠᠭᠠᠷ᠂ ᠲᠡᠭᠡᠭᠰᠢ ᠬᠠᠨᠳᠤᠨ ᠬᠠᠭᠠᠰ ᠲᠠᠷᠤᠬᠰᠠᠠ ᠮᠤᠩᠭᠤᠯ ᠭᠡᠷ ᠤᠨ ᠲᠤᠭᠤᠨᠦ ᠶᠢᠨ ᠵᠠᠪᠰᠠᠷ ᠢᠶᠠᠷ ᠬᠠᠷᠠᠭᠠᠳ ᠶᠠᠭᠠᠬᠢᠭᠠᠳ ᠡᠶᠢᠮᠦᠷᠬᠦ ᠵᠡᠭᠦᠳᠦ ᠵᠡᠭᠦᠳᠦᠯᠡᠭᠡᠳ ᠪᠠᠶᠢᠳᠠᠬ ᠪᠤᠢ ᠭᠡᠵᠦ ᠪᠡᠶ᠎ᠠ ᠠᠴᠠ ᠪᠠᠨ ᠠᠰᠠᠭᠤᠨ᠎ᠠ᠂ ᠬᠦᠰᠡᠯ ᠰᠢᠨᠦᠯ ᠶᠡᠭᠡᠳᠠᠢ ᠭᠡᠵᠢ ᠤᠤ︖ ᠡᠰᠡᠪᠡᠯ ᠭᠠᠵᠠᠷ ᠰᠢᠷᠤᠢ ᠪᠠᠨ ᠬᠤᠭᠤᠰᠤᠨ ᠤᠷᠬᠢᠬᠰᠠᠨ ᠳᠠᠭᠠᠨ ᠵᠤᠪᠠᠨᠢᠬᠰᠠᠠ ᠭᠡᠵᠢ ᠤᠤ︖ ᠪᠠᠰᠠ ᠡᠰᠡᠪᠡᠯ ᠪᠡᠶ᠎ᠠ ᠪᠠᠨ ᠵᠢᠮᠡᠯᠡᠭᠡᠳ ᠯᠠ ᠪᠠᠶᠢᠬᠤ ᠪᠤᠳᠤᠯ ᠠᠴᠠ ᠪᠤᠯᠤᠬᠰᠠᠠ ᠭᠡᠵᠢ ᠤᠤ︖               ᠶᠠᠭᠠᠬᠢᠭᠠᠳ ᠯᠠ ᠡᠭᠡᠭᠡ ᠠᠳᠠᠯᠢᠬᠠᠨ ᠵᠡᠭᠦᠳᠦ ᠵᠡᠭᠦᠳᠦᠯᠡᠭᠡᠳ ᠪᠠᠶᠢᠳᠠᠬ ᠪᠤᠢ︖        19 ᠤ ᠡᠳᠦᠷ ︵ᠭᠠᠷᠠᠬ ᠤᠨ ᠭᠤᠷᠪᠠᠨ᠂ ᠪᠤᠷᠤᠭᠠᠨ ᠤ ᠲᠠᠷᠠᠭ᠎ᠠ ᠪᠠᠰᠠ ᠪᠦᠷᠭᠦ᠋ᠢᠪᠡ︶             ᠬᠤᠶᠠᠷ ᠡᠳᠦᠷ ᠲᠡᠮᠡᠢ ᠶᠠᠭᠤᠮ᠎ᠠ ᠢᠳᠡᠭᠰᠡᠡ ᠦᠭᠡᠢ ᠴᠦ   ᠡᠨᠡ ᠦᠷᠯᠦᠭᠡ ᠮᠤᠩᠭᠤᠯ ᠭᠡᠷ ᠲᠤ ᠮᠦᠨ ᠨᠢᠭᠡ ᠠᠶᠠᠭ᠎ᠠ ᠰᠦ ᠲᠠᠢ ᠴᠠᠢ᠂ ᠨᠢᠭᠡ ᠭᠡᠰᠡᠭ ᠲᠠᠯᠬ᠎ᠠ ᠢᠳᠡᠭᠡᠳ ᠲᠡᠷᠭᠡᠨ ᠳᠤ ᠭᠠᠷᠴᠦ ᠵᠠᠮ ᠢᠶᠠᠨ ᠡᠯᠭᠦᠯ᠎ᠠ᠃             ᠦᠨᠡᠨᠳᠡᠭᠡᠨ ᠬᠤᠯᠠ ᠪᠢᠰᠢ ᠠᠷᠪᠠᠭ᠋ᠠᠨ ᠺᠢᠯᠦᠮᠧᠲᠷ ᠤᠨ ᠵᠠᠢ ᠲᠠᠢ ᠭᠠᠵᠠᠷ ᠦᠯᠡᠳᠡᠭᠡᠳ ᠪᠠᠶᠢᠬᠰᠠᠠ ᠴᠦ ᠪᠤᠷᠤᠭᠠᠨ ᠵᠤᠬᠰᠤᠯ ᠦᠭᠡᠢ ᠤᠷᠤᠵᠦ᠂ ᠲᠡᠭᠷᠢ   ᠨᠡᠳᠦᠶᠢᠨ ᠪᠦᠷᠭᠦᠭᠰᠡᠭᠡᠷ ᠪᠠᠶᠢᠯ᠎ᠠ᠃               ᠲᠤᠷᠠᠰᠬᠠᠯ ᠤᠨ ᠬᠦᠰᠢᠶ᠎ᠠ ᠶᠢ ᠲᠠᠯ᠎ᠠ ᠨᠤᠳᠤᠬ ᠲᠤ ᠭᠠᠵᠠᠷ ᠤᠨ ᠪᠠᠶᠢᠴᠠ ᠪᠠᠷ ᠬᠠᠮᠤᠭ ᠤᠨ ᠦᠨᠳᠦᠷ ᠭᠠᠵᠠᠷ ᠪᠤᠰᠬᠠᠬᠰᠠᠠ ᠠᠴᠠ ᠬᠤᠯᠠ ᠠᠴᠠ ᠢᠯᠠ ᠬᠠᠷᠠᠬᠳᠠᠳᠠᠬ᠂ ᠴᠢᠯᠠᠭᠤᠨ ᠬᠦᠰᠢᠶ᠎ᠠ ᠨᠢ ᠨᠠᠷᠢᠬᠠᠨ ᠦᠨᠳᠦᠷ᠂ ᠡᠷᠭᠢᠨ ᠲᠤᠭᠤᠷᠢᠨ ᠨᠢ ᠴᠦ ᠠᠭᠤᠳᠠᠮ ᠶᠡᠭᠡ᠃ ᠤᠢᠢᠷᠠᠳᠤᠵᠦ ᠤᠴᠢᠭᠠᠳ ᠦᠵᠡᠭᠦᠯᠡᠷ ︵ᠮᠠᠰᠢᠨ ᠲᠡᠷᠭᠡ ᠶᠢ ᠬᠤᠯᠠ ᠵᠤᠬᠰᠤᠭᠠᠪᠠ︶ ᠲᠤᠷᠠᠰᠬᠠᠯ ᠤᠨ ᠬᠦᠰᠢᠶ᠎ᠠ ᠶᠢ ᠶᠡᠬᠡᠭᠡᠨ ᠰᠢᠭ ᠲᠠᠯᠠᠪᠠᠢ ᠲᠠᠢ ᠲᠠᠪᠴᠠᠩ ᠲᠡᠭᠡᠷ᠎ᠠ ᠪᠠᠶᠢᠭᠤᠯᠤᠬᠰᠠᠠ  ᠠᠴᠠ ᠭᠡᠳᠦᠨ ᠲᠡᠭᠳᠡᠷ ᠲᠠᠪᠠᠪᠠᠯ ᠰᠠᠶᠢ ᠲᠠᠪᠴᠠᠩ ᠲᠡᠭᠡᠷ᠎ᠠ ᠭᠠᠷᠴᠦ ᠴᠢᠳᠠᠳᠠᠬ ᠪᠠᠶᠢᠯ᠎ᠠ᠃                 ᠲᠤᠷᠠᠰᠬᠠᠯ ᠤᠨ ᠬᠦᠰᠢᠶ᠎ᠠ ᠶᠢ ᠲᠠᠪᠴᠠᠩ ᠤᠨ ᠲᠦᠪ ᠲᠤ ᠪᠤᠰᠬᠠᠵᠦ ᠲᠡᠭᠡᠷ᠎ᠠ ᠨᠢ ᠴᠢᠩᠭᠢᠰ ᠬᠠᠭᠠᠨ ᠤ ᠪᠤᠰᠤᠭ᠎ᠠ ᠬᠦᠷᠦᠭ ᠢ ᠬᠦᠳᠦᠭᠦᠷ ᠰᠡᠶᠢᠯᠵᠠᠢ᠃ 1990 ᠤᠨ ᠠᠴᠠ ᠬᠤᠶᠢᠰᠢ ᠮᠤᠩᠭᠤᠯ ᠤᠯᠤᠰ ᠤᠯᠤᠰ ᠲᠦᠷᠦ ᠶᠢᠨ ᠲᠠᠯ᠎ᠠ ᠪᠠᠷ ᠲᠤᠰᠠᠭᠠᠷ ᠲᠤᠬᠳᠠᠨᠢᠬᠰᠠᠠ ᠪᠤᠯᠬᠤᠷ ᠶᠠᠮᠠᠷ ᠨᠢᠭᠡᠨ ᠲᠤᠷᠠᠰᠬᠠᠯ ᠤᠨ ᠬᠦᠰᠢᠶ᠎ᠠ ᠪᠤᠰᠬᠠᠬᠤ ᠳᠤ ᠬᠠᠷᠰᠢᠯᠠᠯ ᠡᠪᠳᠡᠯᠡᠭᠡ ᠳᠤ ᠨᠦᠯᠦᠭᠡᠯᠡᠭᠳᠡᠬᠦ ᠦᠭᠡᠢ ᠴᠢᠯᠦᠭᠡ ᠲᠠᠢ ᠪᠤᠯᠤᠬᠰᠠᠠ ᠪᠠᠶᠢᠨ᠎ᠠ᠃ ᠡᠶᠢᠮᠦ ᠠᠴᠠ ᠡᠨᠡᠬᠦ ︽ ᠮᠤᠩᠭᠤᠯ ᠤᠨ ᠨᠢᠭᠤᠴᠠ ᠲᠤᠪᠴᠢᠶᠠᠨ︾   ᠤ ᠪᠦᠬᠦ ᠵᠤᠬᠢᠶᠠᠯ ᠢ ᠪᠢᠴᠢᠵᠦ ᠲᠠᠭᠤᠰᠬᠠᠬᠰᠠᠠ ᠭᠠᠵᠠᠷ ᠢ ᠲᠤᠷᠠᠰᠬᠠᠬᠤ ᠲᠤᠷᠠᠰᠬᠠᠯ ᠤᠨ ᠬᠦᠰᠢᠶ᠎ᠠ ᠶᠢᠨ ᠭᠡᠯᠪᠡᠷᠢ ᠲᠦᠷᠰᠦ ᠶᠢ ᠦᠵᠡᠭᠦ ᠳᠤ ᠲᠦᠭᠦᠮᠭᠡᠨ ᠰᠢᠭ ᠰᠠᠨᠠᠬᠳᠠᠪᠠᠴᠦ ᠦᠵᠡᠮᠦᠷᠢ ᠲᠠᠢ ᠂ ᠪᠤᠢ ᠪᠦᠬᠦᠢ ᠶᠠᠪᠤᠴᠠ ᠶᠢ ᠨᠠᠷᠢᠨ ᠲᠦᠰᠦᠪᠯᠡᠵᠦ ᠰᠡᠳᠭᠢᠨ ᠭᠠᠷᠭᠠᠬᠰᠠᠠ ᠨᠢ ᠢᠯᠡᠭᠡᠨ᠃               ᠴᠢᠯᠠᠭᠤᠨ ᠬᠦᠰᠢᠶ᠎ᠠ ᠶᠢᠨ ᠤᠢᠢᠷᠠᠯᠴᠠᠭ᠎ᠠ ᠲᠤᠬᠠᠢ ᠶᠢᠨ ᠵᠢᠯ ᠤᠨ ᠤᠷᠳᠦ ᠬᠠᠷᠰᠢ ᠶᠢᠨ ᠦᠯᠡᠳᠡᠭᠳᠡᠯ ᠪᠤᠢ᠂ ᠪᠠᠰᠠ ᠴᠢᠯᠠᠭᠤᠨ ᠪᠠᠭᠠᠨ᠎ᠠ ᠶᠢᠨ ᠰᠠᠭᠤᠷᠢ ᠴᠦ ᠬᠠᠷᠠᠬᠳᠠᠵᠦ ᠪᠠᠶᠢᠳᠠᠬ᠃               ᠪᠤᠷᠤᠭᠠᠨ ᠲᠦᠩᠭᠡᠵᠢ ᠵᠤᠬᠰᠤᠵᠦ ᠬᠤᠯᠠ ᠶᠢᠨ ᠲᠡᠷᠳᠡᠭᠡ ᠲᠡᠭᠷᠢ ᠶᠢᠨ ᠬᠠᠶᠠᠭᠠᠨ᠎ᠠ ᠴᠡᠩᠭᠡᠷ ᠤᠬᠳᠠᠷᠭᠤᠢ ᠭᠡᠯᠳᠡᠭᠡᠶᠢᠷᠡᠨ ᠢᠷᠠᠬᠳᠠᠬᠤ ᠳᠤ ᠠᠭᠤᠯᠠᠨ ᠬᠦᠳᠦᠯ ᠲᠡᠭᠡᠷ᠎ᠠ ᠠᠳᠤᠭᠤᠨ ᠰᠦᠷᠦᠭ ᠵᠤᠬᠰᠤᠵᠦ ᠪᠠᠶᠢᠭ᠎ᠠ ᠮᠡᠳᠦ᠃ ᠡᠳᠡᠭᠡᠷ ᠠᠳᠤᠭᠤᠳ ᠲᠠᠰᠤᠷᠠᠯᠳᠠ ᠦᠭᠡᠢ ᠰᠢᠯᠵᠢᠵᠦ ᠭᠱᠠᠨ ᠵᠠᠭᠤᠷ᠎ᠠ ᠨᠢᠭᠡᠨ ᠱᠤᠭᠤᠮ ᠲᠡᠭᠡᠷ᠎ᠠ ᠤᠴᠢᠵᠦ ᠬᠤᠶᠢᠨ᠎ᠠ ᠬᠤᠶᠢᠨ᠎ᠠ ᠠᠴᠠ ᠪᠠᠨ ᠮᠦᠷᠯᠡᠨ ᠵᠤᠬᠰᠤᠵᠦ ᠲᠡᠭᠷᠢ ᠭᠠᠵᠠᠷ ᠬᠤᠶᠠᠷ ᠤᠨ ᠠᠭᠤᠯᠵᠠᠷ ᠲᠠᠬᠢ ᠮᠤᠷᠤᠢ ᠱᠤᠭᠤᠮ ᠲᠡᠭᠡᠷ᠎ᠠ ᠪᠠᠶᠢᠭ᠎ᠠ ᠮᠡᠳᠦ ᠬᠠᠷᠠᠬᠳᠠᠨ᠎ᠠ᠃ ᠪᠤᠳᠤᠬᠤ ᠳᠤ ᠰᠡᠭᠦᠳᠡᠷ ᠤᠨ ᠮᠠᠰᠢᠨ ᠢᠶᠠᠷ ᠲᠡᠷᠡᠬᠦ ᠦᠷᠭᠡᠨ ᠠᠭᠤᠳᠠᠮ ᠤᠷᠤᠨ ᠵᠠᠢ ᠶᠢ ᠰᠡᠭᠦᠳᠡᠷᠯᠡᠵᠦ ᠲᠡᠶᠢᠯᠬᠦ ᠦᠭᠡᠢ   ᠶᠤᠮ᠂ ᠵᠢᠷᠤᠪᠠᠯ ᠬᠠᠷᠢᠨ ᠶᠠᠭᠠᠬᠢᠳᠠᠭ ᠪᠤᠯ  ︖                 ᠤᠢᠢᠷᠠᠯᠴᠠᠭ᠎ᠠ ᠮᠠᠰᠢ ᠤᠳᠠᠭᠠᠨ ᠡᠷᠭᠢᠯᠳᠦᠭᠰᠡᠡ ᠤ ᠲᠠᠷᠠᠭ᠎ᠠ ᠪᠢᠳᠡ ᠰᠠᠶᠢ ᠪᠤᠴᠠᠪᠠ᠃ ᠭᠡᠨᠳᠠᠢ ᠠᠶᠢᠮᠠᠬ ᠲᠤ ᠂ ᠲᠦᠷᠪᠡᠨ ᠡᠳᠦᠷ ᠵᠤᠭᠠᠴᠠᠨ ᠠᠶᠠᠯᠠᠬᠤ ᠪᠠᠷ ᠲᠦᠯᠦᠪᠯᠡᠭᠰᠡᠡ ᠴᠢᠨᠢ ᠪᠤᠯᠤᠬᠰᠠᠠ ᠦᠭᠡᠢ ᠢᠯᠡᠬᠦᠦ ᠬᠤᠶᠠᠷ ᠡᠳᠦᠷ ᠪᠤᠯᠴᠢᠬᠠᠯ᠎ᠠ᠂ ᠭᠡᠶ᠎ᠠ ᠮᠦᠨ ᠯᠠ ᠦᠵᠡᠵᠦ ᠲᠤᠭᠤᠷᠢᠵᠦ ᠭᠦᠢᠴᠡᠭᠰᠡᠡ ᠦᠭᠡᠢ ᠶᠤᠮ   ᠰᠢᠭ ᠨᠠᠳᠠᠳᠦ ᠰᠠᠨᠠᠬᠳᠠᠬᠤ ᠨᠢ ᠡ᠂ ᠲᠠᠷᠠᠭ᠎ᠠ ᠤᠳᠠᠭ᠎ᠠ ᠢᠷᠡᠬᠦ ᠦᠶᠡᠰ ᠢᠯᠡᠭᠦᠭᠡᠨ ᠴᠠᠬ ᠪᠠᠶᠢᠭᠠᠰᠠᠢ᠃   ᠮᠤᠩᠭᠤᠯ ᠤᠨ ᠦᠨᠳᠦᠷᠯᠢᠭ ᠲᠤ ᠭᠡᠳᠦᠢ ᠴᠠᠬ ᠵᠠᠷᠤᠴᠠᠭᠤᠯᠤᠬᠰᠠᠠ ᠴᠦ ᠴᠠᠬ ᠭᠡᠵᠢᠶᠡᠳᠡ ᠬᠦᠷᠬᠦ ᠦᠭᠡᠢ᠃ ᠬᠦᠳᠡᠭᠡ ᠨᠤᠳᠤᠬ ᠤᠨ ᠵᠠᠮ ᠠᠴᠠ ᠰᠠᠯᠤᠭᠠᠳ ᠡᠴᠦᠰ ᠲᠡᠭᠡᠨ ᠴᠠᠷᠳᠠᠮᠠᠯ ᠵᠠᠮ ᠳᠤ ᠤᠷᠤᠬᠤ ᠦᠶᠡᠰ ᠶᠠᠬ ᠮᠢᠨᠦ ᠨᠡᠷ᠎ᠠ ᠲᠠᠢ ᠠᠳᠠᠯᠢ ᠮᠦᠷᠡᠨ ᠰᠤᠮᠤᠨ ᠤ ᠭᠠᠵᠠᠷ ᠲᠤ ᠬᠦᠷᠪᠡ᠃               ᠡᠨᠡ ᠭᠡᠳᠦᠨ ᠡᠳᠦᠷ ᠤᠨ ᠲᠤᠷᠰᠢ ᠴᠢᠮᠡᠭ ᠤᠨ ᠵᠠᠮᠴᠢᠯᠠᠬᠰᠠᠠ ᠪᠠ ᠤᠷᠴᠢᠭᠤᠯᠤᠬᠴᠢ ᠪᠤᠯᠤᠬᠰᠠᠠ ᠳᠤ ᠲᠠᠯᠠᠷᠬᠠᠵᠦ ᠪᠠᠶᠢᠨ᠎ᠠ᠂ ᠪᠠᠰᠠ ᠯᠠᠰᠢᠶᠠ ᠭᠤᠸᠠᠢ ᠳᠤ ᠲᠠᠯᠠᠷᠬᠠᠵᠦ ᠪᠠᠶᠢᠨ᠎ᠠ᠂ ᠲᠡᠷᠡ ᠪᠤᠯ ᠮᠠᠰᠢ ᠯᠠᠪᠳᠠᠭᠤᠨ ᠲᠤᠬᠳᠠᠭᠤᠨ ᠬᠠᠰᠢᠷ ᠵᠢᠯᠤᠭᠤᠴᠢ ᠪᠠᠶᠢᠨ᠎ᠠ᠂ ᠪᠢᠳᠡ   ᠡᠨᠡ ᠤᠳᠠᠭ᠎ᠠ ᠶᠢᠨ ᠠᠶᠠᠯᠠᠯ ᠢᠶᠠᠨ ᠠᠮᠤᠷ ᠲᠦᠪᠰᠢᠨ ᠪᠠᠶᠠᠷ ᠬᠦᠷ ᠲᠠᠢ ᠲᠡᠭᠦᠰᠭᠡᠯ᠎ᠠ᠃   ᠤᠯᠠᠭᠠᠨᠪᠠᠭᠠᠳᠤᠷ ᠲᠤ ᠬᠦᠷᠬᠦᠯᠡᠷ ᠬᠤᠳᠠ ᠶᠢᠨ ᠲᠡᠪᠵᠢᠶᠠᠨ ᠭᠡᠨᠡᠳᠳᠡ ᠤᠨᠴᠠ ᠮᠠᠭᠤᠬᠠᠢ ᠰᠠᠨᠠᠬᠳᠠᠬᠤ ᠶᠢᠨ ᠡᠷᠭᠡᠨ ᠳᠤ ᠲᠠᠯ᠎ᠠ ᠨᠤᠳᠤᠬ ᠲᠤ ᠲᠠᠬᠢᠨ ᠪᠤᠴᠠᠬᠤ ᠶᠢ ᠰᠠᠨᠠᠯ᠎ᠠ᠃                                                                                       ︵ᠦᠷᠭᠦᠯᠵᠢᠯᠡᠯ ᠪᠤᠢ︶                     ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号