ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠᠨ ᠲᠦᠷᠪᠠ︶
ᠨᠡᠶᠢᠲᠡᠯᠡᠭᠰᠡᠨ ᠴᠠᠭ᠄
2016-04-15
  20 ᠤ ᠡᠳᠦᠷ ︵ᠭᠠᠷᠠᠬ ᠤᠨ ᠲᠦᠷᠪᠡᠨ᠂ ᠲᠤᠩᠭᠠᠯᠠᠭ︶             ᠦᠷᠯᠦᠭᠡ ᠲᠤᠩ ᠤᠷᠤᠢ ᠪᠤᠰᠴᠠᠢ᠂ ᠲᠡᠭᠡᠭᠡᠳ ᠪᠠᠰᠠ ᠡᠭᠦᠳᠡᠨ ᠠᠴᠠ ᠪᠠᠨ ᠭᠠᠷᠬᠤ ᠲᠤᠷ᠎ᠠ ᠦᠭᠡᠢ ᠪᠠᠭᠤᠳᠠᠯ ᠳᠠᠭᠠᠨ ᠠᠮᠠᠷᠠᠬᠤ ᠶᠢ ᠯᠠ ᠪᠤᠳᠤᠬᠰᠠᠠ᠃       ᠦᠳᠡ ᠶᠢᠨ ᠬᠤᠶᠢᠨᠠᠬᠢ 4 ᠴᠠᠬ ᠲᠤ᠂ ᠬᠤᠩᠭᠤᠷ ᠤᠨ ᠵᠢᠷᠤᠬ ᠤᠨ ᠪᠦᠳᠦᠭᠡᠯ ᠢ ᠰᠤᠨᠢᠷᠬᠠᠬᠤ ᠪᠠᠷ ᠪᠤᠯᠵᠤᠪᠠ᠃   ᠲᠡᠷᠠ ᠦᠪᠡᠷ ᠤᠨ ᠭᠡᠰᠠᠠ ᠨᠢᠭᠡ ᠲᠠᠰᠤᠯᠭ᠎ᠠ ᠵᠢᠷᠤᠭ ᠤᠨ ᠦᠷᠦᠭᠡ ᠲᠠᠢ ᠪᠠᠶᠢᠯ᠎ᠠ᠂ ᠲᠡᠭᠦᠨ ᠤ ᠤᠯᠠᠨ ᠠᠷᠪᠢᠨ ᠪᠦᠳᠦᠭᠡᠯ ᠤᠨ ᠲᠤᠳᠤᠷᠠᠬᠢ ᠭᠡᠳᠦ ᠶᠢ ᠨᠢ ᠪᠢ ᠦᠨᠡᠭᠡᠷ ᠦᠵᠡᠵᠦ ᠲᠤᠭᠤᠬᠰᠠᠠ᠂ ᠢᠯᠠᠩᠭᠤᠶ᠎ᠠ ᠲᠡᠭᠦᠨ ᠤ ᠤᠯᠠᠭᠠᠨᠪᠠᠭᠠᠳᠤᠷ ᠤᠨ ᠬᠤᠳᠠ ᠶᠢᠨ ᠲᠡᠭᠦᠷᠭᠡ ᠳᠠᠬᠢ ᠠᠭᠤᠯᠠᠨ ᠬᠦᠳᠦᠯ ᠳᠤ ᠮᠠᠶᠢᠬᠠᠨ ᠪᠤᠰᠬᠠᠨ ᠲᠦᠷ ᠴᠠᠬ ᠬᠤᠷᠭᠤᠳᠠᠵᠦ ᠠᠮᠢᠳᠤᠷᠠᠯ ᠢᠶᠠᠨ ᠠᠷᠭᠠᠴᠠᠵᠦ ᠰᠠᠭᠤᠭ᠎ᠠ ᠮᠤᠩᠭᠤᠯᠴᠤᠳ ᠤᠨ ᠬᠦᠴᠢᠷᠳᠡᠯᠳᠠᠢ ᠪᠠᠶᠢᠳᠠᠯ ᠢ ᠵᠢᠷᠤᠬ ᠢᠶᠠᠷ ᠢᠯᠡᠳᠭᠡᠭᠰᠡᠡ ᠢ ᠨᠢ ᠦᠨᠡᠭᠡᠷ ᠲᠤᠭᠤᠬᠰᠠᠠ᠃ ᠲᠡᠭᠡᠭᠡᠳ ᠪᠢ᠄ ︽ᠡᠭᠦᠨ ᠢᠶᠠᠷ ᠭᠤᠤᠯ ᠰᠡᠳᠦᠪ ᠪᠤᠯᠭᠠᠨ ᠰᠢᠷᠢᠰ ᠵᠢᠷᠤᠬ ᠤᠨ ᠪᠦᠳᠦᠭᠡᠯ ᠭᠠᠷᠭᠠᠬᠤ ᠪᠠᠷ ᠲᠦᠯᠦᠪᠯᠡᠵᠦ ᠦᠵᠡᠭᠡᠷᠡᠢ︕︾ ᠭᠡᠵᠦ ᠰᠠᠨᠠᠭᠤᠯᠪᠠ᠃      6 ᠴᠠᠬ ᠲᠤ ᠲᠠᠶᠢᠸᠠᠨ ᠬᠤᠢ ᠭᠤᠸᠠᠨ ᠳᠤ ᠬᠦᠷᠴᠦ ᠢᠷᠡᠪᠠ᠂ ᠵᠤᠭᠠᠴᠠᠯ ᠤᠨ ᠶᠠᠳᠠᠷᠠᠯ ᠮᠡᠳᠡᠷᠡᠭᠳᠡᠬᠦ ᠳᠤ ᠬᠦᠮᠦᠰ ᠤᠨ ᠲᠤᠷ᠎ᠠ ᠰᠤᠨᠢᠷᠬᠠᠯ ᠴᠦ ᠨᠦᠯᠦᠭᠡᠯᠡᠭᠳᠡᠬᠦ ᠪᠤᠯᠤᠯᠳᠠᠢ ᠠᠮᠠᠷᠬᠠᠨ ᠰᠡᠳᠭᠢᠯ ᠬᠦᠳᠡᠯᠳᠡᠭ᠃             ᠶᠠᠳᠠᠷᠠᠵᠦ ᠵᠦᠳᠡᠷᠡᠭᠰᠡᠡ ᠠᠴᠠ ᠪᠤᠯᠤᠬᠰᠠᠠ ᠪᠠᠶᠢᠬ᠎ᠠ︕         ᠰᠦ᠋ ᠶᠢᠩ ᠮᠦᠨ ᠯᠠ ᠴᠤᠬ ᠰᠦᠯᠳᠡ ᠲᠠᠢ ᠭᠡᠪ ᠢᠶᠠᠷ᠂ ᠰᠢᠨ᠎ᠠ ᠲᠠᠨᠢᠯᠴᠠᠬᠰᠠᠠ ᠨᠠᠶᠢᠵᠢ ᠡᠭᠡᠴᠢ ᠦᠬᠢᠨ ᠲᠡᠭᠦᠦ ᠬᠤᠶᠠᠭᠤᠯᠠ ᠲᠠᠢ ᠬᠠᠷᠢᠯᠴᠠᠵᠦ ᠮᠠᠷᠭᠠᠰᠢ ᠮᠠᠨ ᠢ ᠲᠠᠭᠠᠭᠤᠯᠤᠨ ᠬᠠᠷᠠᠬᠤᠷᠢᠨ ᠳᠤ ᠤᠴᠢᠬᠤ ᠪᠠᠷ ᠪᠤᠯᠪᠠ᠂ ᠰᠤᠨᠤᠰᠬᠤᠯᠠᠷ ᠦᠷᠯᠦᠭᠡ ᠡᠷᠳᠡ ᠮᠤᠷᠳᠠᠨ᠎ᠠ ᠭᠡᠨ᠎ᠠ᠃           ᠡᠨᠡ ᠤᠳᠠᠭ᠎ᠠ ᠪᠢ ᠰᠦ᠋ ᠶᠢᠩ ᠤᠨ ᠲᠤᠬᠢᠷᠠᠭᠤᠯᠤᠯᠳᠠ ᠪᠠᠷ ᠯᠠ ᠶᠠᠪᠤᠬᠰᠠᠠ᠃                                   21 ᠤ ᠡᠳᠦᠷ ︵ᠭᠠᠷᠠᠬ ᠤᠨ ᠲᠠᠪᠤᠨ᠂ ᠲᠤᠩᠭᠠᠯᠠᠬ︶             1990 ᠤᠨ ᠳᠤ ᠮᠤᠩᠭᠤᠯ ᠳᠤ ᠠᠩᠬ᠎ᠠ ᠬᠦᠷᠬᠦ ᠳᠤ ᠸᠠᠩ ᠰᠢᠩ ᠬᠦᠩ ᠲᠠᠢ ᠬᠠᠮᠳᠦ ᠤᠴᠢᠬᠰᠠᠠ   ᠶᠤᠮ᠃ ᠦᠪᠦᠷ ᠮᠤᠩᠭᠤᠯ ᠤᠨ ᠨᠢᠭᠡᠨ ᠨᠠᠶᠢᠵᠢ ᠮᠤᠩᠭᠤᠯ ᠤᠨ ᠳ᠋ᠦᠯᠡ ᠭᠤᠸᠠᠢ ᠳᠤ ᠲᠤᠰᠬᠠᠢᠢᠯᠠᠨ ᠨᠠᠶᠢᠳᠠᠵᠦ ᠮᠠᠨ ᠢ ᠬᠦᠯᠢᠶᠡᠨ ᠠᠪᠴᠦ ᠵᠤᠴᠢᠯᠠᠭᠤᠯᠤᠭᠰᠠᠨ ᠶᠤᠮ᠃           ᠲᠡᠷᠡ ᠨᠠᠳᠠ ᠠᠴᠠ ᠬᠠᠮᠢᠭ᠎ᠠ ᠤᠴᠢᠵᠦ ᠦᠵᠡᠵᠦ ᠲᠤᠭᠤᠷᠢᠬᠤ ᠪᠤᠳᠤᠯ ᠲᠠᠢ ᠪᠤᠢ︖ ᠭᠡᠵᠦ ᠠᠰᠠᠭᠤᠬᠰᠠᠠ ᠳᠤ ᠪᠢ ᠬᠠᠷᠠᠬᠤᠷᠢᠨ ᠳᠤ ᠤᠴᠢᠶ᠎ᠠ ᠭᠡᠵᠦ ᠭᠡᠯᠡᠪᠡ᠃ ᠳ᠋ᠦᠯᠡ ᠭᠤᠸᠠᠢ ᠦᠪᠡᠷ ᠤᠨ ᠺᠤᠮᠫᠠᠨᠢ ᠶᠢᠨ ᠮᠠᠰᠢᠨ ᠲᠡᠷᠭᠡ ᠪᠤᠯᠤᠨ ᠵᠢᠯᠤᠭᠤᠴᠢ ᠪᠠᠨ ᠲᠤᠮᠢᠯᠠᠬᠰᠠᠠ ᠢ ᠭᠡᠯᠡᠬᠦ ᠦᠭᠡᠢ ᠪᠠᠰᠠ ᠨᠢᠭᠡᠨ ᠲᠠᠭᠠᠭᠠᠮᠠᠯ ᠲᠤᠮᠢᠯᠠᠨ ᠪᠡᠷ᠎ᠠ ᠪᠤᠯᠭᠠᠨ ᠬᠠᠷᠠᠬᠤᠷᠢᠨ ᠳᠤ ᠬᠠᠮᠳᠦ ᠤᠴᠢᠭᠤᠯᠵᠠᠢ᠃           ᠡᠷᠳᠡᠨ ᠤ ᠬᠤᠳᠠ ᠬᠠᠷᠠᠬᠤᠷᠢᠨ ᠠᠯᠢ ᠭᠡᠳᠦ᠋ᠢᠨ ᠲᠠᠶᠢᠨ ᠤ ᠲᠠᠷᠢ ᠶᠢᠨ ᠤᠳᠤᠭᠠᠨ ᠳᠤ ᠲᠠᠯᠬᠢᠬᠳᠠᠵᠠᠢ᠃             ᠲᠡᠷᠡ ᠤᠳᠠᠭ᠎ᠠ ᠤᠯᠵᠦ ᠦᠵᠡᠭᠰᠡᠡ ᠵᠦᠢᠯᠡᠰ ᠪᠤᠯ ᠦᠨᠡᠨᠳᠡᠭᠡᠨ ᠭᠤᠷᠪᠠᠨ ᠵᠠᠭᠤᠨ ᠵᠢᠯ ᠤᠨ ᠬᠤᠶᠢᠨ᠎ᠠ ᠡᠷᠳᠡᠨ ᠤ ᠬᠤᠳᠠ ᠶᠢᠨ ᠪᠠᠭᠤᠷᠢ ᠲᠡᠭᠡᠷ᠎ᠠ ᠦᠯᠡᠳᠡᠭᠳᠡᠵᠦ ᠬᠤᠴᠤᠷᠤᠬᠰᠠᠠ ᠪᠠᠷᠢᠯᠭ᠎ᠠ ᠶᠢᠨ ᠮᠠᠲ᠋ᠧᠷᠢᠶᠠᠯ ᠢᠶᠠᠷ ᠭᠡᠳᠦ ᠭᠡᠳᠦᠨ ᠰᠦᠮ᠎ᠠ ᠭᠡᠶᠢᠳ ᠢ ᠲᠠᠬᠢᠨ ᠪᠠᠶᠢᠭᠤᠯᠵᠤ᠂ ᠵᠠᠭᠤ ᠪᠦᠭᠡᠳ ᠨᠠᠢᠮᠠᠨ ᠰᠤᠪᠤᠷᠭ᠎ᠠ ᠪᠠᠷ ᠪᠦᠷᠢᠯᠳᠦᠭᠰᠡᠡ ᠭᠡᠷᠡᠮ ᠨᠢ ᠲᠦᠷᠪᠡᠯᠵᠢᠨ ᠭᠡᠯᠪᠡᠷᠢ ᠪᠠᠷ ᠡᠷᠳᠡᠨᠢ ᠵᠤᠤ ᠶᠢ ᠲᠤᠭᠤᠢᠢᠯᠠᠵᠠᠢ᠃           ᠡᠷᠳᠡᠨᠢ ᠵᠤᠤ   ᠶᠢ 1586 ᠤᠨ ᠳᠤ ᠪᠠᠶᠢᠭᠤᠯᠵᠦ᠂   ᠤᠳᠤ ᠪᠤᠯᠳᠠᠯ᠎ᠠ 400 ᠵᠢᠯ ᠤᠨ ᠲᠡᠤᠭᠡ ᠶᠢ ᠦᠩᠭᠡᠷᠡᠭᠦᠯᠵᠦ ᠪᠤᠢ᠃ ᠵᠦᠪᠯᠡᠯᠳᠦ ᠬᠤᠯᠪᠤᠭᠠᠳᠦ ᠤᠯᠤᠰ ᠮᠤᠩᠭᠤᠯ ᠤᠨ ᠵᠠᠰᠠᠬ ᠤᠨ ᠤᠷᠳᠤᠨ ᠢ ᠡᠷᠭᠡᠰᠢᠶᠡᠨ ᠱᠠᠰᠢᠨ ᠢ ᠤᠰᠠᠳᠬᠠᠬᠤ ᠠᠵᠢᠯᠯᠠᠭ᠎ᠠ ᠦᠷᠨᠢᠭᠦᠯᠦᠭᠰᠡᠡ ᠠᠴᠠ ᠤᠷᠴᠢᠨ ᠦᠶ᠎ᠠ ᠳᠤ ᠪᠠᠶᠢᠨ ᠲᠠᠬᠢᠨ ᠲᠠᠯᠬᠢᠬᠳᠠᠯ ᠳᠤ ᠤᠴᠠᠷᠠᠵᠠᠢ᠃
 
                1990 ᠤᠨ ᠤ ᠦᠶ᠎ᠡ ᠶᠢᠨ ᠡᠷᠳᠡᠨᠢ ᠵᠤᠤ       1990 ᠤᠨ ᠳᠤ ᠠᠩᠬ᠎ᠠ ᠤᠳᠠᠭ᠎ᠠ ᠮᠤᠩᠭᠤᠯ ᠳᠤ ᠬᠦᠷᠴᠦ ᠪᠠᠶᠢᠬᠰᠠᠠ ᠲᠤᠯᠠ ᠲᠡᠳᠡᠬᠡᠷ ᠨᠢ ᠬᠦᠨ ᠰᠠᠭᠤᠬᠳᠠᠯ ᠦᠭᠬᠦᠭᠰᠡᠡ᠃       ᠲᠡᠷᠡ ᠦᠶ᠎ᠠ ᠳᠤ ᠡᠷᠳᠡᠨᠢ ᠵᠤᠤ ᠶᠢᠨ ᠲᠤᠳᠤᠷ᠎ᠠ ᠡᠪᠡᠰᠦ   ᠶᠡᠭᠡ ᠤᠷᠭᠤᠬᠰᠠᠠ ᠪᠠᠶᠢᠪᠠ᠂ ᠲᠡᠭᠡᠬᠦ ᠮᠦᠷᠳᠡᠬᠡᠨ ᠰᠦᠮ᠎ᠠ ᠭᠡᠶᠢᠳ ᠤᠨ ᠶᠠᠠᠳᠠᠷ ᠤᠨ ᠲᠡᠷᠬᠡᠳᠡ᠂ ᠴᠢᠨᠠᠬᠰᠢᠯᠠᠪᠠᠯ ᠰᠦᠮ᠎ᠠ ᠶᠢᠨ ᠤᠷᠤᠢ ᠪᠤᠯᠤᠨ ᠲᠡᠭᠡᠪᠦᠷ᠂ ᠸᠠᠭᠠᠷ ᠲᠤᠭᠤᠰᠬ᠎ᠠ ᠶᠢᠨ ᠵᠠᠪᠰᠠᠷ ᠬᠦᠷᠳᠡᠯ᠎ᠠ ᠪᠦᠷ ᠡᠪᠡᠰᠤ ᠤᠷᠭᠤᠬᠰᠠᠠ   ᠪᠠᠶᠢᠪᠠ︔ ᠡᠷᠳᠡᠨᠢ ᠵᠤᠤ  ᠠᠴᠠ ᠭᠠᠷᠪᠠᠯ ᠬᠦᠪᠡᠭᠡ ᠬᠢᠵᠠᠭᠠᠷ ᠨᠢ ᠦᠯᠦ ᠬᠠᠷᠠᠬᠳᠠᠬᠤ ᠲᠡᠭᠰᠢ ᠠᠭᠤᠳᠠᠮ ᠲᠠᠯ᠎ᠠ ᠭᠠᠵᠠᠷ ᠨᠢ ᠶᠠᠬ ᠯᠠ ᠤᠯᠠᠨ ᠵᠢᠯ ᠬᠠᠶᠠᠬᠳᠠᠬᠰᠠᠠ ᠬᠤᠭᠤᠰᠤᠨ ᠶᠢᠷᠳᠢᠨᠴᠦ ᠮᠡᠳᠦ᠂ ᠵᠦᠪᠭᠡᠨ ᠲᠠᠯ᠎ᠠ ᠶᠢᠨ ᠲᠤᠮᠳᠠ ᠪᠠᠶᠢᠭ᠎ᠠ ᠲᠡᠷᠡᠬᠦ ᠤᠨ ᠵᠢᠯ ᠢ ᠡᠯᠡᠭᠡᠭᠰᠡᠡ ᠲᠤᠮᠦ ᠪᠦᠳᠦᠭᠦᠨ ᠶᠠᠰᠦᠳᠦ ᠮᠡᠯᠡᠭᠡᠢ ᠶᠢᠨ ᠴᠢᠯᠠᠭᠤᠨ ᠰᠡᠶᠢᠯᠦᠮᠡᠯ ᠬᠠᠭᠠᠨᠳᠦ ᠤᠯᠤᠰ ᠤᠨ ᠤᠷᠤᠰᠢᠵᠦ ᠪᠠᠶᠢᠬᠰᠠᠠ ᠲᠡᠤᠬᠡ  ᠶᠢᠨ ᠭᠡᠷᠡᠴᠢ ᠲᠡᠮᠳᠡᠭ ᠪᠤᠯᠵᠦ ᠬᠠᠷᠠᠬᠳᠠᠨ᠎ᠠ ᠪᠢᠯᠡ︕             ᠡᠨᠡ ᠡᠳᠦᠷ 1990 ᠤᠨ ᠠᠴᠠ ᠪᠠᠰᠠ 16 ᠵᠢᠯ ᠦᠩᠭᠡᠷᠡᠯ᠎ᠠ᠂ ᠲᠠᠷᠠ ᠤᠳᠠᠭ᠎ᠠ ᠪᠠᠨ ᠪᠤᠳᠤᠪᠠᠯ ᠬᠤᠶᠠᠳᠠᠬᠢ ᠤᠳᠠᠭ᠎ᠠ ᠬᠠᠷᠠᠬᠤᠷᠢᠨ ᠳᠤ ᠢᠷᠡᠵᠦ ᠪᠠᠶᠢᠭ᠎ᠠ ᠶᠤᠮ᠃             ᠲᠦᠷᠦᠭᠦᠦ ᠤᠳᠠᠭ᠎ᠠ ᠬᠦᠳᠡᠭᠡ ᠨᠤᠳᠤᠬ ᠤᠨ ᠵᠠᠮ ᠢᠶᠠᠷ ᠢᠷᠡᠭᠰᠡᠡ ᠪᠤᠯᠬᠤᠷ ᠠᠷᠪᠠᠨ ᠭᠡᠳᠦᠨ ᠴᠠᠬ ᠭᠡᠷᠡᠭᠰᠡᠵᠠᠢ᠃ ᠤᠳᠦ ᠴᠠᠷᠳᠠᠮᠠᠯ ᠵᠠᠮ ᠲᠠᠢ ᠪᠤᠯᠤᠬᠰᠠᠠ ᠪᠤᠯᠬᠤᠷ ᠤᠴᠢᠵᠦ ᠢᠷᠡᠬᠦ ᠳᠤ ᠪᠦᠷ ᠰᠠᠭᠠᠳ ᠭᠠᠷᠬᠤ ᠦᠭᠡᠢ ᠶᠤᠮ ᠭᠡᠵᠦ ᠭᠡᠳᠦ ᠭᠡᠳᠦᠨ ᠬᠦᠮᠦᠨ ᠭᠡᠯᠡᠵᠦ ᠦᠭᠭᠦᠭᠰᠡᠡ ᠪᠤᠯᠪᠠᠴᠦ ᠭᠡᠳᠦᠢ ᠴᠠᠬ ᠠᠶᠠᠯᠠᠬᠤ ᠲᠤᠬᠠᠢ ᠠᠳᠠᠯᠢ ᠪᠤᠰᠦ ᠶᠢᠨ ᠬᠠᠷᠢᠭᠤᠯᠳᠠ ᠶᠢ ᠨᠢ ᠦᠨᠳᠦᠰᠦᠯᠡᠨ ᠪᠠᠷᠤᠬ ᠵᠢᠷᠭᠤᠭᠠᠨ ᠴᠠᠬ ᠶᠠᠪᠤᠬᠤ ᠪᠠᠶᠢᠬ᠎ᠠ ᠭᠡᠵᠦ ᠪᠤᠳᠤᠯ᠎ᠠ᠃               ᠦᠷᠯᠦᠭᠡ ᠶᠢᠨ ᠲᠤᠯᠤᠭᠠᠨ ᠴᠠᠬ ᠤᠨ ᠦᠶ᠎ᠠ ᠪᠠᠷ ᠲᠦᠷᠪᠡᠭᠦᠯᠡ ᠮᠠᠰᠢᠨ ᠲᠡᠷᠭᠡᠨ ᠳᠤ ᠰᠠᠭᠤᠨ ᠤᠯᠠᠭᠠᠨᠪᠠᠭᠠᠳᠤᠷ ᠠᠴᠠ ᠪᠠᠷᠠᠭᠤᠨ ᠡᠮᠦᠨ᠎ᠠ ᠵᠦᠭ ᠲᠤ ᠶᠠᠪᠤᠬᠰᠠᠭᠠᠷ ᠪᠠᠶᠢᠵᠦ ᠤᠷᠤᠢ ᠶᠢᠨ ᠵᠢᠷᠭᠤᠭᠠᠨ ᠴᠠᠬ ᠤᠨ ᠠᠯᠳᠠ ᠪᠠᠷ ᠬᠠᠷᠠᠬᠤᠷᠢᠨ ᠳᠤ ᠬᠦᠷᠦᠨ᠎ᠠ ᠭᠡᠳᠡᠭ ᠢ ᠰᠠᠨᠠᠵᠦ ᠤᠯᠤᠬᠰᠠᠠ ᠦᠭᠡᠢ᠃         ᠬᠠᠷᠠᠬᠤᠷᠢᠨ ᠤᠯᠠᠭᠠᠨᠪᠠᠭᠠᠳᠤᠷ ᠠᠴᠠ 300 ᠺᠢᠯᠦᠮᠧᠲᠷ ᠤᠨ ᠵᠠᠶᠢᠳᠠᠢ ᠪᠠᠶᠢᠭ᠎ᠠ ᠡᠮᠦᠨ᠎ᠠ ᠬᠠᠩᠭᠠᠢ ᠠᠶᠢᠮᠠᠬ  ᠲᠤ ᠪᠤᠢ᠂ ᠭᠡᠪᠡᠴᠦ ᠴᠠᠷᠳᠠᠮᠠᠯ ᠵᠠᠮ ᠤᠨ 200 ᠺᠢᠯᠦᠮᠧᠲᠷ ᠤᠨ ᠭᠡᠰᠡᠭ ᠨᠢ   ᠰᠦᠷᠡᠬᠡᠢ ᠡᠪᠳᠡᠭᠳᠡᠵᠦ ᠡᠩᠬᠦᠯ ᠲᠤᠩᠬᠤᠯ ᠪᠤᠯᠤᠬᠰᠠᠠ ᠠᠴᠠ ᠲᠡᠷᠭᠡᠨ ᠤ ᠬᠤᠷᠳᠤᠴᠠ ᠴᠠᠬ ᠲᠤ ᠶᠡᠷᠦᠨᠢ 20 ᠺᠢᠯᠦᠮᠧᠲᠷ ᠴᠦ ᠬᠦᠷᠬᠦ ᠦᠭᠡᠢ ᠪᠠᠶᠢᠯ᠎ᠠ᠃             ᠮᠠᠨ ᠳᠤ ᠵᠠᠮᠴᠢᠯᠠᠬᠰᠠᠠ ᠡᠭᠡᠴᠢ ᠦᠬᠢᠨ ᠲᠡᠭᠦᠦ ᠬᠤᠶᠠᠭᠤᠯᠠ ᠶᠢᠨ ᠡᠭᠡᠴᠢ ᠨᠢ ᠲᠡᠷᠭᠡ ᠪᠠᠷᠢᠯ᠎ᠠ᠂ ᠮᠤᠩᠭᠤᠯ ᠨᠡᠷ᠎ᠠ ᠶᠢ ᠨᠢ ᠲᠠᠭᠤᠳᠠᠬᠤ ᠳᠤ ᠲᠤᠩ ᠬᠦᠴᠢᠷᠳᠠᠢ ᠪᠤᠯᠬᠤᠷ ︽ᠨᠠᠮᠠᠢᠢ ᠮᠧᠩ ᠠᠪᠠᠭᠠᠢ᠂ ᠦᠬᠢᠨ ᠲᠡᠭᠦᠦ ᠶᠢ ᠮᠢᠨᠢ ᠮᠸᠢ ᠠᠪᠠᠭᠠᠢ ᠭᠡᠵᠦ ᠲᠠᠭᠤᠳᠠᠭᠠᠷᠠᠢ︾ ᠭᠡᠵᠦ ᠪᠠᠶᠢᠪᠠ᠃ ᠲᠡᠭᠡᠭᠡᠳ ᠪᠢᠳᠡ ᠬᠤᠭᠤᠷᠤᠨᠳᠦ ᠪᠠᠨ ᠠᠩᠭ᠍ᠯᠢ ᠪᠠᠷ ᠰᠠᠨᠠᠭ᠎ᠠ  ᠪᠠᠨ ᠤᠯᠤᠯᠴᠠᠪᠠ᠃             ᠡᠪᠦᠯ ᠮᠤᠩᠭᠤᠯ ᠳᠤ ᠤᠨᠴᠠ ᠭᠦᠢᠳᠡᠨ ᠤᠴᠢᠷ ᠠᠴᠠ ᠴᠠᠷᠳᠠᠮᠠᠯ ᠵᠠᠮ ᠢ ᠭᠡᠳᠦᠢ ᠴᠢᠨᠠᠷ ᠰᠠᠶᠢᠨ ᠲᠡᠪᠢᠰᠦᠭᠰᠡᠡ ᠴᠦ ᠡᠪᠳᠡᠭᠳᠡᠨ᠎ᠠ᠂ ᠨᠡᠩ ᠴᠦ ᠮᠠᠭᠤᠬᠠᠨ ᠰᠢᠭ᠋ ᠲᠡᠪᠢᠰᠦᠭᠰᠡᠡ ᠴᠠᠷᠳᠠᠮᠠᠯ ᠵᠠᠮ ᠢ ᠭᠡᠯᠡᠬᠦ ᠶᠢᠨ ᠠᠷᠭ᠎ᠠ ᠦᠭᠡᠢ᠂ ᠭᠡᠳᠦᠨ ᠡᠪᠦᠯ ᠦᠨᠵᠢᠪᠡᠯ ᠰᠠᠢᠢ ᠶᠢᠨ ᠵᠠᠮ ᠰᠢᠬ ᠡᠪᠳᠡᠭᠳᠡᠵᠦ ᠲᠠᠭᠤᠰᠬᠤ ᠶᠤᠮ ᠭᠡᠵᠦ ᠮᠧᠩ ᠠᠪᠠᠭᠠᠢ ᠮᠠᠨ ᠳᠤ ᠭᠡᠯᠡᠵᠦ ᠦᠭᠬᠦᠯ᠎ᠠ᠃             ᠬᠠᠷᠠᠬᠤᠷᠢᠨ ᠳᠤ ᠤᠴᠢᠬᠤ ᠵᠠᠮ ᠲᠡᠭᠡᠷ᠎ᠠ ᠬᠤᠶᠠᠷ ᠭᠤᠷᠪᠠᠨ ᠵᠤᠭᠠᠴᠠᠯ ᠤᠨ ᠲᠤᠭᠤᠷᠢᠭ ᠲᠠᠭᠠᠷᠠᠯᠳᠤᠵᠠᠢ᠂ ᠠᠷᠪᠠ ᠬᠤᠷᠢᠨ ᠮᠤᠩᠭᠤᠯ ᠭᠡᠷ ᠪᠦᠮᠪᠦᠭᠡᠨᠡᠨ ᠬᠠᠷᠠᠬᠳᠠᠨ᠎ᠠ᠂ ᠦᠨᠡᠨᠳᠡᠭᠡᠨ ᠪᠠᠰᠠ ᠪᠤᠯᠤᠮᠠᠷ᠂ ᠭᠡᠷᠪᠡ ᠲᠤᠮᠳᠠᠳᠦ ᠰᠤᠷᠭᠠᠭᠤᠯᠢ ᠪᠤᠶᠤ ᠶᠡᠭᠡ ᠰᠤᠷᠭᠠᠭᠤᠯᠢ ᠪᠠᠨ ᠲᠡᠭᠦᠰᠦᠭᠰᠡᠨ ᠨᠢᠭᠡ ᠠᠩᠭᠢ ᠪᠠᠷ ᠢᠶᠠᠨ ᠮᠤᠩᠭᠤᠯ ᠳᠤ ᠢᠷᠡᠵᠦ ᠵᠤᠭᠠᠴᠠᠵᠦ ᠮᠤᠩᠭᠤᠯ ᠤᠯᠤᠰ ᠤᠨ ᠦᠩᠭᠡᠷᠡᠭᠰᠡᠡ ᠪᠠ ᠡᠳᠦᠭᠡ ᠶᠢᠨ ᠬᠤᠪᠢᠷᠠᠯᠳᠡ ᠶᠢ ᠤᠢᠢᠯᠠᠭᠠᠬᠤ ᠶᠠᠪᠤᠳᠠᠯ ᠢ ᠪᠤᠳᠤᠯᠬᠢᠯᠠᠵᠦ ᠪᠤᠯᠤᠨ᠎ᠠ ᠰᠢᠦ᠃       ᠬᠠᠷᠠᠬᠤᠷᠢᠨ ᠳᠤ ᠬᠦᠷᠬᠦ ᠳᠤ ᠵᠠᠭᠤ ᠪᠦᠭᠡᠳ ᠨᠠᠢᠮᠠᠨ ᠴᠠᠭᠠᠨ ᠰᠤᠪᠤᠷᠭ᠎ᠠ ᠪᠠᠷ ᠬᠦᠷᠢᠶᠡᠯᠡᠭᠰᠡᠡ ᠲᠦᠷᠪᠡᠯᠵᠢᠨ ᠬᠤᠳᠠ ᠬᠤᠯᠠ ᠠᠴᠠ ᠭᠡᠪ ᠢᠶᠠᠷ ᠬᠠᠷᠠᠬᠳᠠᠨ᠎ᠠ᠃ ᠤᠢᠢᠷ᠎ᠠ ᠬᠠᠪᠢ ᠳᠤᠨᠢ ᠪᠠᠰᠠ ᠠᠭᠤᠳᠠᠮ ᠭᠠᠵᠠᠷ ᠲᠠᠢ᠂ ᠭᠡᠶ᠎ᠠ ᠬᠤᠯᠠᠬᠠᠨ ᠰᠢᠬ ᠭᠠᠵᠠᠷ ᠤᠨ ᠡᠷᠭᠢᠨ ᠲᠤᠭᠤᠷᠢᠨ ᠳᠤ ᠭᠤᠯᠢᠷ ᠤᠨ ᠦᠢᠯᠡᠳᠪᠦᠷᠢ ᠶᠢ ᠪᠠᠭᠳᠠᠭᠠᠬᠰᠠᠠ ᠴᠦᠭᠡᠨ ᠪᠤᠰᠦ ᠪᠠᠷᠢᠯᠭ᠎ᠠ ᠨᠤᠭᠤᠳ ᠪᠠᠶᠢᠯ᠎ᠠ᠃             ᠮᠠᠨ ᠤ ᠪᠠᠭᠤᠬᠰᠠᠠ ᠵᠤᠴᠢᠳ ᠤᠨ ᠪᠠᠭᠤᠳᠠᠯ ᠡᠷᠳᠡᠨᠢ ᠵᠤᠤ ᠠᠴᠠ ᠲᠡᠮᠡᠢ ᠬᠤᠯᠠ ᠦᠭᠡᠢ᠂ ᠬᠤᠶᠠᠷ ᠲᠠᠪᠬᠤᠷ ᠠᠰᠠᠷ᠂ ᠬᠤᠶᠠᠳᠤᠭᠠᠷ ᠲᠠᠪᠬᠤᠷᠯᠢᠬ ᠲᠤᠨᠢ ᠠᠷᠪᠠᠨ ᠦᠷᠦᠭᠡ ᠲᠠᠢ᠂ ᠨᠢᠭᠡᠳᠦᠭᠡᠷ ᠲᠠᠪᠬᠤᠷᠯᠢᠬ ᠲᠤᠨᠢ ᠬᠤᠭᠤᠯᠠᠨ ᠲᠢᠩᠭᠢᠮ ᠪᠤᠯᠤᠨ ᠺᠢᠨᠤ᠋ ᠰᠤᠨᠢᠷᠬᠠᠵᠦ ᠪᠤᠯᠬᠤ ᠰᠤᠯᠠ ᠦᠷᠦᠭᠡ ᠲᠠᠢ᠂ ᠬᠦᠷᠢᠶᠡᠨ ᠳᠡᠭᠡᠨ ᠪᠠᠰᠠ ᠠᠷᠪᠡᠨ ᠭᠡᠳᠦᠨ ᠮᠤᠩᠭᠤᠯ ᠭᠡᠷ ᠪᠤᠰᠬᠠᠬᠰᠠᠠ ᠠᠴᠠ ᠨᠢ ᠦᠵᠡᠬᠦ ᠳᠤ ᠬᠤᠨᠤᠵᠦ ᠭᠡᠪᠳᠡᠬᠦ ᠳᠤ ᠵᠤᠷᠢᠭᠤᠯᠤᠬᠰᠠᠠ ᠪᠤᠯᠤᠯᠳᠠᠢ᠂ ᠦᠨ᠎ᠠ ᠬᠠᠩᠰᠢ ᠨᠢ ᠠᠰᠠᠷ ᠤᠨ ᠦᠷᠦᠭᠡ ᠠᠴᠠ ᠬᠢᠮᠳᠠᠬᠠᠨ᠃             ᠭᠡᠶ᠎ᠠ ᠪᠢᠳᠡ ᠬᠠᠯᠠᠭᠤᠨ ᠤᠰᠦ ᠲᠠᠢ᠂ ᠦᠷᠦᠭᠡ ᠳᠡᠭᠡᠨ ᠵᠤᠷᠯᠤᠩ ᠲᠠᠢ ᠦᠷᠦᠭᠡ ᠠᠪᠬᠤ ᠪᠠᠷ ᠪᠤᠯᠵᠦ᠂ ᠰᠦ᠋ ᠶᠢᠩ ᠪᠢᠳᠡ ᠬᠤᠶᠠᠭᠤᠯᠠ ᠨᠢᠭᠡ ᠦᠷᠦᠭᠡ᠂ ᠲᠡᠳᠡ ᠡᠭᠡᠴᠢ ᠲᠡᠭᠦᠦ ᠬᠤᠶᠠᠭᠤᠯᠠ ᠨᠢᠭᠡ ᠦᠷᠦᠭᠡ ᠠᠪᠴᠠᠢ᠃       ᠵᠤᠴᠢᠳ ᠤᠨ ᠪᠠᠭᠤᠳᠠᠯ ᠤᠨ ᠦᠷᠦᠭᠡ ᠶᠢᠨ ᠴᠤᠩᠬᠤ ᠪᠠᠷ ᠡᠷᠳᠡᠨᠢ ᠵᠤᠤ ᠶᠢᠨ ᠴᠠᠭᠠᠨ ᠰᠤᠪᠤᠷᠭ᠎ᠠ ᠶᠢᠨ ᠭᠡᠷᠡᠮ ᠬᠠᠷᠠᠬᠳᠠᠨ᠎ᠠ᠂ ᠶᠠᠷᠢᠶᠠᠨ ᠦᠭᠡᠢ   ᠡᠨᠡ ᠤᠳᠠᠭ᠎ᠠ ᠶᠢᠨ ᠠᠶᠠᠯᠠᠯ ᠤᠨ ᠵᠤᠷᠢᠯᠭ᠎ᠠ ᠪᠢᠰᠢ᠂ ᠨᠡᠩ ᠴᠦ ᠮᠠᠷᠭᠠᠰᠢ ᠶᠢ ᠬᠦᠯᠢᠶᠡᠵᠦ ᠲᠡᠰᠬᠦ ᠦᠭᠡᠢ ᠪᠤᠯᠬᠤ ᠳᠠᠭᠠᠨ ᠶᠠᠭᠤᠮ᠎ᠠ ᠭᠡᠤᠮ᠎ᠠ ᠪᠠᠨ ᠤᠷᠦ ᠲᠡᠭᠡᠷ᠎ᠠ ᠪᠠᠨ ᠰᠢᠳᠡᠮᠡᠭᠴᠡ ᠮᠧᠩ ᠠᠪᠠᠭᠠᠢ ᠶᠢ ᠭᠤᠶᠤᠵᠦ ᠭᠤᠩᠰᠢᠵᠦ ᠪᠠᠶᠢᠮᠠᠨ ᠮᠠᠰᠢᠨ ᠲᠡᠷᠭᠡ ᠪᠠᠷ ᠲᠡᠭᠷᠢ ᠪᠠᠰᠠ ᠤᠷᠤᠢ ᠪᠤᠯᠤᠭᠠᠳᠦᠢ ᠶᠢ ᠵᠠᠪᠳᠤᠨ ᠲᠡᠰᠢ ᠪᠠᠨ ᠤᠴᠢᠵᠦ ᠦᠵᠡᠬᠦ ᠪᠠᠷ ᠪᠤᠯᠤᠯ᠎ᠠ᠃  
  ᠬᠠᠷᠠᠬᠤᠷᠢᠨ ᠤ ᠬᠠᠭᠤᠴᠢᠨ   ᠬᠤᠳᠠ ᠶᠢᠨ ᠪᠠᠭᠤᠷᠢ ᠳᠠᠬᠢ   ᠶᠠᠰᠤᠳᠤ ᠮᠠᠯᠡᠭᠡᠢ ᠶᠢᠨ ᠴᠢᠯᠠᠭᠤᠨ ᠰᠠᠶᠢᠯᠦᠮᠠᠯ       ᠤᠢᠢᠷᠠᠳᠤᠵᠦ ᠤᠴᠢᠭᠠᠳ ᠦᠵᠡᠭᠦᠯᠡᠷ ᠵᠠᠭᠤ ᠪᠦᠭᠡᠳ ᠨᠠᠢᠮᠠᠨ ᠰᠤᠪᠤᠷᠭ᠎ᠠ ᠲᠠᠢ ᠤᠷᠳᠦ ᠭᠡᠷᠡᠮ ᠭᠡᠪ ᠢᠶᠠᠷ᠂ ᠠᠰᠠᠷ ᠨᠢ ᠴᠦ ᠭᠡᠪ ᠢᠶᠠᠷ᠂ ᠠᠰᠠᠷ ᠤᠨ ᠲᠤᠤᠷᠠᠬᠢ ᠲᠤᠮᠦ ᠪᠦᠳᠦᠭᠦᠨ ᠬᠤᠶᠠᠷ ᠤᠯᠠᠭᠠᠨ ᠽᠠᠨᠳᠠᠨ ᠮᠤᠳᠤᠨ ᠡᠭᠦᠳᠡ ᠴᠦ ᠭᠡᠪ ᠢᠶᠠᠷ᠂ ᠡᠭᠦᠳᠡ ᠲᠦᠯᠬᠢᠵᠦ ᠤᠷᠤᠬᠤᠯᠠᠷ ᠲᠤᠳᠤᠷᠠᠬᠢ ᠭᠡᠳᠦᠨ ᠰᠦᠮ᠎ᠠ ᠭᠡᠶᠢᠳ ᠴᠦ ᠭᠡᠪ ᠢᠶᠠᠷ᠂ ᠲᠤᠬᠠᠢ ᠶᠢᠨ ᠵᠢᠯ ᠤᠨ ᠬᠢ ᠠᠴᠠ ᠴᠡᠪᠡᠷ ᠲᠡᠭᠰᠢ ᠪᠤᠯᠵᠦ ᠵᠢᠶᠠᠰᠠ ᠪᠤᠰᠬᠠᠨ ᠪᠠᠬᠢᠯᠡᠵᠦ ᠪᠠᠰᠠ ᠵᠠᠷᠢᠮ ᠵᠦᠢᠯ ᠳᠤᠨᠢ ᠰᠢᠷᠢ ᠪᠤᠳᠤᠬ ᠤᠷᠤᠭᠤᠯᠤᠬᠰᠠᠠ ᠴᠦ ᠶᠠᠭᠤ ᠪᠦᠬᠦᠨ ᠲᠤᠬᠠᠢ ᠶᠢᠨ ᠵᠢᠯ ᠤᠨ ᠲᠦᠷᠰᠦ ᠪᠠᠶᠢᠳᠠᠯ ᠢᠶᠠᠨ ᠠᠯᠳᠠᠭᠠᠳᠦᠢ ᠪᠠᠶᠢᠯ᠎ᠠ᠃ ᠴᠢᠯᠠᠭᠤ ᠲᠡᠪᠢᠰᠦᠭᠰᠡᠡ ᠵᠠᠮ ᠢᠶᠠᠷ ᠠᠯᠭᠤᠷ ᠠᠯᠬᠤᠯᠠᠬᠤ ᠳᠤ ᠰᠡᠳᠭᠢᠯ ᠲᠤᠳᠤᠷ᠎ᠠ ᠶᠡᠭᠡᠳᠡ ᠲᠠᠭᠠᠯᠠᠮᠵᠢᠳᠠᠢ ᠰᠠᠨᠠᠬᠳᠠᠵᠦ᠂ ᠮᠠᠷᠭᠠᠰᠢ ᠦᠷᠯᠦᠭᠡ ᠪᠠᠰᠠ ᠲᠠᠬᠢᠨ   ᠠᠳᠡ   ᠢᠷᠡᠨ᠎ᠠ ᠭᠡᠵᠦ ᠪᠤᠳᠤᠬᠤᠯᠠᠷ ᠲᠤᠳᠤᠷ᠎ᠠ ᠮᠦᠨ ᠬᠦᠭᠰᠡᠨ᠎ᠠ
          ᠡᠷᠳᠡᠨᠢ ᠵᠤᠤ ᠶᠢᠨ ᠭᠠᠳᠠᠷ ᠬᠦᠷᠢᠶ᠎ᠠ ᠶᠢᠨ 108 ᠴᠠᠭᠠᠨ ᠰᠤᠪᠤᠷᠭ᠎ᠠ       ᠲᠡᠭᠷᠢ ᠪᠠᠭ᠋ᠠᠨ   ᠪᠦᠷᠤᠢ ᠪᠤᠯᠤᠯ᠎ᠠ᠂ ᠮᠧᠩ ᠠᠪᠠᠭᠠᠢ ᠮᠠᠨ ᠢ ᠲᠠᠭᠠᠭᠤᠯᠤᠨ ᠵᠤᠴᠢᠳ ᠤᠨ ᠪᠠᠭᠤᠳᠠᠯ ᠲᠡᠰᠢ ᠪᠤᠴᠠᠪᠠ᠂ ᠵᠠᠮ ᠵᠠᠭᠤᠷ᠎ᠠ ᠪᠠᠭ᠎ᠠ ᠭᠡᠪᠴᠢᠶᠡᠨ ᠤ ᠨᠠᠭᠠᠳᠤᠮ ᠤᠨ ᠬᠤᠷᠠᠯ ᠤᠨ ᠲᠠᠯᠠᠪᠠᠢ ᠲᠠᠭᠠᠷᠠᠯᠳᠤᠵᠠᠢ᠂ ᠭᠠᠳᠠᠨ᠎ᠠ  ᠠᠴᠠ ᠢᠷᠡᠭᠰᠡᠡ ᠭᠡᠳᠦᠨ ᠵᠤᠭᠠᠴᠠᠬᠴᠢ ᠶᠢᠨ ᠪᠠᠶᠢᠳᠠᠯ ᠲᠠᠢ ᠬᠦᠮᠤᠰ ᠮᠦᠨ ᠨᠠᠭᠠᠳᠤᠮ ᠤᠨ ᠬᠤᠷᠠᠯ ᠤᠨ ᠲᠠᠯᠠᠪᠠᠢ ᠶᠢ ᠴᠢᠭᠯᠡᠨ᠎ᠠ᠂ ᠦᠵᠡ ᠳ᠋ᠡ︕ ᠪᠦᠷ ᠯᠠ ᠦᠪᠦᠷ ᠮᠤᠩᠭᠤᠯ ᠠᠴᠠ ᠢᠷᠡᠭᠰᠡᠡ ᠤᠷᠠᠯᠢᠬᠴᠢᠨ ᠪᠤᠶᠤ ᠬᠦᠭᠵᠢᠮᠴᠢᠨ᠂ ᠶᠠᠮᠠᠷ ᠠᠵᠠ ᠲᠠᠢ ᠪᠤᠢ︕ ᠮᠢᠨᠦ ᠨᠠᠶᠢᠵᠢ ᠠᠶᠠᠯᠭᠤ ᠵᠤᠬᠢᠶ᠋ᠬᠠᠴᠢ ᠤᠯᠠᠭᠠᠨᠳᠤᠬ ᠮᠦᠨ ᠬᠠᠮᠳᠦ ᠶᠠᠪᠤᠵᠦ ᠪᠠᠶᠢᠪᠠ᠂ ᠲᠡᠷᠭᠡᠨ ᠠᠴᠠ ᠪᠠᠨ ᠲᠦᠷᠭᠡᠨ ᠭᠡᠭᠴᠢ ᠪᠠᠭᠤᠭᠠᠳ ᠲᠡᠳᠡᠨ ᠲᠠᠢ ᠠᠮᠤᠷ ᠡᠷᠢᠵᠦ ᠮᠡᠨᠳᠦᠴᠢᠯᠠᠪᠡ᠃             ᠲᠡᠳᠡ ᠪᠠᠰᠠ ᠮᠠᠨ ᠤ ᠪᠠᠭᠤᠬᠰᠠᠠ ᠵᠤᠴᠢᠳ ᠤᠨ ᠪᠠᠭᠤᠳᠠᠯ ᠳᠤ ᠪᠠᠭᠤᠬᠰᠠᠠ᠂ ᠭᠡᠶ᠎ᠠ ᠲᠡᠳᠡ ᠨᠢᠭᠡᠯᠡ ᠦᠨᠵᠢᠪᠠ᠂ ᠪᠢᠳᠡ ᠢᠯᠡᠭᠦᠦ ᠬᠤᠶᠠᠷ ᠬᠤᠨᠤᠵᠠᠢ᠃       ᠮᠤᠩᠭᠤᠯ ᠤᠨ ᠡᠶᠢᠮᠦ ᠶᠡᠭᠡ ᠦᠷᠭᠡᠨ ᠠᠭᠤᠳᠠᠮ ᠭᠠᠵᠠᠷ ᠨᠤᠳᠤᠬ ᠲᠤ ᠢᠩᠭᠢᠵᠦ ᠯᠠ ᠶᠠᠬ ᠬᠠᠷᠭᠤᠵᠦ ᠠᠭᠤᠯᠵᠠᠨ᠎ᠠ ᠭᠡᠳᠡᠭ ᠶᠠᠪᠤᠳᠠᠯ ᠤᠯᠠᠨ ᠭᠠᠷᠳᠠᠬ ᠦᠭᠡᠢ ᠢᠷᠤᠬᠡᠯ ᠢᠶᠠᠷ ᠢᠶᠠᠨ ᠲᠤᠬᠢᠶᠠᠯᠳᠤᠳᠠᠭ᠃           ᠮᠠᠷᠭᠠᠰᠢ ᠡᠷᠳᠡ ᠰᠢᠭ ᠪᠤᠰᠬᠤ ᠪᠠᠨ ᠪᠤᠳᠤᠭᠠᠳ ᠤᠷᠤᠢ ᠨᠢ ᠡᠷᠳᠡ ᠤᠨᠳᠠᠪᠠ᠃                                                                             ︵ᠦᠷᠬᠦᠯᠵᠢᠯᠠᠯ ᠪᠤᠢ︶               ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号