ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠᠨ ᠲᠠᠪᠤ︶
ᠨᠡᠶᠢᠲᠡᠯᠡᠭᠰᠡᠨ ᠴᠠᠭ᠄
2016-04-15
     22  ᠤᠨ ᠡᠳᠦᠷ ︵ᠭᠠᠷᠠᠬ ᠤᠨ ᠵᠢᠷᠭᠤᠭᠠᠨ᠂ ᠲᠤᠩᠭᠠᠯᠠᠬ︶                 ᠦᠷᠯᠦᠭᠡ ᠪᠤᠰᠬᠤ ᠳᠤ ᠰᠦ᠋ ᠶᠢᠩ ᠭᠡᠳᠦ᠋ᠢᠨ ᠪᠤᠰᠤᠭᠠᠳ   ᠭᠠᠷᠤᠬᠰᠠᠠ ᠪᠠᠶᠢᠪᠠ᠃ ᠪᠢ ᠤᠷᠤᠨ ᠲᠡᠭᠡᠷ᠎ᠠ  ᠪᠠᠨ ᠭᠡᠪᠳᠡᠭᠡᠳ ᠦᠷᠯᠦᠭᠡ ᠶᠢᠨ ᠨᠠᠷᠠ ᠭᠠᠷᠬᠤ ᠶᠢ ᠤᠯᠵᠦ ᠦᠵᠡᠭᠰᠡᠡ ᠦᠭᠡᠢ  ᠳᠡᠭᠡᠨ ᠬᠠᠷᠠᠮᠰᠠᠵᠦ ᠨᠠᠷᠠ ᠲᠠᠰᠢᠬᠤ ᠶᠢ ᠯᠠ ᠦᠵᠡᠬᠦ ᠪᠠᠷ ᠲᠠᠰᠦ ᠪᠤᠳᠤᠪᠠ᠃ ᠦᠷᠯᠦᠭᠡ ᠶᠢᠨ ᠬᠤᠭᠤᠯᠠ ᠪᠠᠨ   ᠢᠳᠡᠵᠦ ᠪᠠᠷᠠᠭᠠᠳ ᠮᠧᠩ ᠠᠪᠠᠭᠠᠢ ᠦᠬᠢᠨ ᠲᠡᠭᠦᠦ ᠬᠤᠶᠠᠭᠤᠯᠠ ᠪᠤᠯᠤᠨ ᠰᠦ᠋ ᠶᠢᠩ ᠪᠢᠳᠡ ᠲᠦᠷᠪᠡᠭᠦᠯᠡ ᠡᠷᠳᠡᠨᠢ ᠵᠤᠤ ᠶᠢ ᠴᠢᠭᠯᠡᠪᠡ᠃               ᠬᠦᠷᠢᠶᠡᠯᠡᠩ ᠤᠨ ᠲᠤᠳᠤᠷᠠᠬᠢ ᠦᠢᠯᠡᠴᠢᠯᠡᠭᠡᠨ ᠤ ᠭᠠᠵᠠᠷ ᠬᠦᠷᠦᠭᠡᠳ ᠮᠤᠩᠭᠤᠯ ᠤᠷᠴᠢᠭᠤᠯᠤᠬᠴᠢ ᠤᠯᠵᠦ   ᠲᠠᠶᠢᠯᠪᠤᠷᠢ ᠭᠢᠯᠭᠡᠵᠦ ᠪᠠᠰᠠ ᠵᠠᠮᠴᠢᠯᠠᠭᠤᠯᠪᠠ᠃ ᠦᠨᠡᠨᠳᠡᠭᠡᠨ ᠡᠶᠢᠮᠦᠷᠬᠦ ᠲᠠᠮ ᠲᠠᠨᠢᠯᠴᠠᠭᠤᠯᠭ᠎ᠠ ᠪᠠᠷ ᠲᠦᠷᠦᠭᠳᠡᠯ ᠰᠠᠭᠤᠬᠳᠠᠬᠤ   ᠦᠭᠡᠢ ᠶᠤᠮ᠃ ᠲᠠᠬᠢᠪᠡᠯ ᠪᠢ ᠪᠠᠰᠠ ᠬᠦᠷᠦᠭᠰᠡᠡ ᠭᠠᠵᠠᠷ ᠪᠤᠯᠭᠠᠨ ᠤ ᠶᠠᠭᠤᠮ᠎ᠠ ᠪᠤᠯᠭᠠᠨ ᠢ ᠨᠠᠷᠢᠨ ᠰᠠᠶᠢᠬᠠᠨ ᠦᠵᠡᠶ᠎ᠠ ᠯᠠ   ᠭᠡᠵᠦ ᠰᠠᠨᠠᠬᠤ ᠤᠴᠢᠷ ᠠᠴᠠ ᠲᠡᠳᠡᠨ ᠲᠠᠢ ᠶᠡᠷᠦᠨᠢ ᠬᠦᠯ ᠨᠡᠶᠢᠯᠡᠬᠦ ᠦᠭᠡᠢ ᠬᠤᠴᠤᠷᠤᠭᠠᠳ ᠪᠠᠶᠢᠳᠠᠬ᠃         ᠭᠡᠶ᠎ᠠ ᠶᠡᠭᠡ ᠲᠦᠯᠦᠪ ᠲᠡᠮᠳᠡᠭᠯᠡᠯ ᠬᠢᠵᠦ ᠠᠮᠵᠢᠬᠰᠠᠠ᠄ 1235 ᠤᠨ ᠳᠤ ᠦᠭᠡᠳᠠᠢ ᠶᠢᠨ ᠲᠦᠷᠦ ᠪᠠᠷᠢᠵᠦ ᠪᠠᠶᠢᠬᠰᠠᠠ ᠴᠠᠬ ᠦᠶ᠎ᠠ ᠠᠴᠠ   ᠡᠬᠢᠯᠡᠨ ᠬᠠᠷᠠᠬᠤᠷᠢᠨ ᠢ ᠶᠡᠭᠡᠪᠡᠷ ᠪᠠᠶᠢᠭᠤᠯᠤᠬᠰᠠᠠ ᠪᠤᠯᠪᠠᠴᠦ ᠰᠡᠭᠦᠯᠡᠷ ᠨᠢ ᠲᠠᠶᠢᠨ ᠤ ᠭᠠᠯ ᠲᠠᠷᠢ ᠶᠢᠨ ᠤᠳᠤᠭᠠᠨ ᠳᠤ   ᠲᠠᠯᠬᠢᠬᠳᠠᠪᠠ᠃ 1586 ᠤᠨ ᠳᠤ ᠬᠠᠷᠠᠬᠤᠷᠢᠨ ᠤ ᠡᠷᠳᠡᠨ ᠤ ᠨᠡᠶᠢᠰᠯᠠᠯ ᠤᠨ ᠬᠠᠭᠤᠴᠢᠨ ᠪᠠᠭᠤᠷᠢ ᠲᠡᠭᠡᠷ᠎ᠠ ᠡᠷᠳᠡᠨᠢ ᠵᠤᠤ ᠶᠢ   ᠪᠠᠶᠢᠭᠤᠯᠵᠠᠢ᠂ ᠲᠡᠷᠡ ᠨᠢ ᠮᠤᠩᠭᠤᠯ ᠤᠨ ᠬᠠᠮᠤᠭ ᠤᠨ ᠡᠷᠳᠡᠨ ᠤ ᠰᠢᠷ᠎ᠠ ᠶᠢᠨ ᠱᠠᠰᠢᠨ ᠤ ᠰᠦᠮ᠎ᠠ ᠭᠡᠶᠢᠳ ᠪᠤᠯᠤᠨ᠎ᠠ᠃ 1937 ᠤᠨ  ᠤ ︽ᠱᠠᠰᠢᠨ ᠢ ᠤᠰᠠᠳᠬᠠᠬᠤ ᠬᠦᠳᠡᠯᠭᠡᠭᠡᠨ︾ ᠡᠬᠢᠯᠡᠬᠦ ᠦᠶ᠎ᠠ ᠳᠤ   ᠠᠳᠡ ᠵᠢᠷᠠᠨ ᠬᠤᠶᠠᠷ ᠰᠦᠮ᠎ᠠ ᠭᠡᠶᠢᠳ   ᠪᠠᠶᠢᠬᠰᠠᠠ᠃ ᠦᠨᠦᠳᠦᠷ ᠤᠨ LaYrin ᠰᠦᠮ᠎ᠠ ᠪᠤᠯ ᠨᠤᠮ ᠤᠩᠰᠢᠵᠦ ᠬᠤᠷᠠᠯ ᠴᠤᠬᠯᠠᠭᠠᠨ ᠪᠤᠯᠵᠦ ᠪᠠᠶᠢᠭ᠎ᠠ 40 ᠭᠠᠷᠤᠢ   ᠯᠠᠮᠠ ᠬᠤᠸᠠᠷᠠᠬ ᠲᠠᠢ ᠪᠠᠷᠠᠭᠠᠯᠬᠠᠵᠦ ᠪᠤᠯᠬᠤ ᠰᠦᠮ᠎ᠠ ᠪᠤᠯᠤᠨ᠎ᠠ᠃ ᠪᠢ ᠨᠢᠭᠡ ᠲᠠᠷᠢᠬᠢ ᠪᠠᠨ ᠭᠤᠷᠪᠠᠨ ᠲᠡᠰᠢ ᠪᠠᠨ   ᠭᠡᠷᠡᠭᠯᠡᠵᠦ ᠨᠢᠭᠡ ᠲᠠᠯ᠎ᠠ ᠪᠠᠷ ᠮᠸᠢ ᠠᠪᠠᠭᠠᠢ ᠶᠢᠨ ᠤᠷᠴᠢᠭᠤᠯᠤᠨ ᠭᠡᠯᠡᠵᠦ ᠦᠭᠬᠦ ᠶᠢ ᠰᠤᠨᠤᠰᠴᠦ ᠨᠢᠭᠡ ᠲᠠᠯ᠎ᠠ ᠪᠠᠷ ᠨᠢᠳᠦ   ᠪᠠᠨ ᠪᠦᠯᠳᠡᠶᠢᠯᠭᠡᠨ ᠲᠡᠳᠡᠭᠡᠷ ᠬᠦᠷᠦᠭ ᠵᠢᠷᠤᠬ ᠤᠳ ᠢ ᠠᠵᠢᠬᠯᠠᠵᠦ᠂ ᠨᠦᠬᠦᠭᠡ ᠲᠠᠯ᠎ᠠ ᠪᠠᠷ ᠪᠠᠰᠠ 1990 ᠤᠨ ᠳᠤ ᠮᠤᠩᠭᠤᠯ ᠳᠤ ᠠᠩᠬ᠎ᠠ ᠢᠷᠡᠬᠦ ᠦᠶ᠎ᠠ ᠶᠢᠨ ᠪᠠᠶᠢᠳᠠᠯ ᠢᠶᠠᠨ ᠡᠷᠭᠢᠴᠡᠭᠦᠯᠵᠦ ᠪᠠᠶᠢᠨ ᠲᠠᠬᠢᠨ ᠬᠠᠷᠢᠴᠠᠭᠤᠯᠤᠯ ᠬᠢᠭᠰᠡᠡ ᠠᠴᠠ ᠲᠡᠷᠡ ᠤᠷᠴᠢᠭᠤᠯᠤᠬᠴᠢ ᠶᠢᠨ ᠶᠠᠷᠢᠬᠰᠠᠠ ᠢ ᠲᠤᠳᠤᠷ᠎ᠠ ᠰᠠᠭᠤᠭᠳᠠᠳᠠᠯ᠎ᠠ ᠲᠡᠶᠢᠮᠦ ᠰᠠᠶᠢᠨ ᠰᠤᠨᠤᠰᠴᠦ ᠴᠢᠳᠠᠬᠰᠠᠠ ᠦᠭᠡᠢ   ᠨᠢ ᠦᠨᠡᠨ ᠪᠢᠯᠡ᠃               ᠵᠠᠯᠠᠭᠤ ᠦᠶ᠎ᠠ ᠶᠢᠨ ᠱᠠᠬᠢᠨᠮᠤᠨᠢ ᠶᠢ ᠬᠦᠨᠳᠦᠳᠭᠡᠨ ᠲᠠᠬᠢᠵᠦ ᠪᠠᠶᠢᠭ᠎ᠠ ᠶᠡᠭᠡ ᠲᠤᠭᠠᠩ ᠳᠤ ᠤᠷᠤᠵᠦ   ᠪᠠᠷᠠᠭᠠᠯᠬᠠᠬᠤᠯᠠᠷ ᠤᠤᠯ ᠨᠢ ᠵᠦᠪᠭᠡᠨ 5000 ᠱᠢᠷᠦ ᠶᠢ ᠭᠡᠯᠬᠢᠨ ᠪᠦᠳᠦᠭᠡᠭᠰᠡᠡ ᠮᠠᠨᠳᠠᠷ᠎ᠠ ᠶᠢ ᠯᠠ ᠠᠩᠬᠠᠷᠤᠬᠰᠠᠠ ᠪᠠᠶᠢᠯ᠎ᠠ᠃   ᠭᠡᠨᠡᠳᠳᠡ ᠮᠸᠢ ᠠᠪᠠᠭᠠᠢ ᠮᠠᠨ ᠳᠤ ᠠᠷᠢᠶᠠᠪᠠᠯᠦ ᠪᠤᠷᠬᠠᠨ ᠤ ᠵᠡᠭᠦᠨ ᠪᠠᠷᠠᠭᠤᠨ ᠬᠤᠶᠠᠷ ᠲᠠᠯ᠎ᠠ ᠳᠤ ᠪᠠᠶᠢᠭ᠎ᠠ ᠬᠤᠶᠠᠷ ᠪᠤᠷᠬᠠᠨ ᠤ   ᠬᠦᠷᠦᠭ ᠢ ᠵᠢᠭᠠᠭᠠᠳ ᠪᠠᠷᠠᠭᠤᠨᠳᠠᠬᠢ ᠨᠢ ᠨᠠᠷᠠᠨ᠂ ᠵᠡᠭᠦᠨᠳᠡᠬᠢ ᠨᠢ ᠰᠠᠷᠠᠨ ᠪᠤᠯᠤᠨ᠎ᠠ᠂ ᠲᠡᠷᠡ ᠨᠢ ᠮᠦᠨ ᠴᠦ ᠡᠴᠢᠭᠡ ᠡᠭᠡ ᠶᠢ ᠲᠦᠯᠦᠭᠡᠯᠡᠵᠦ ᠪᠠᠶᠢᠨ᠎ᠠ ᠭᠡᠵᠦ ᠲᠠᠶᠢᠯᠪᠤᠷᠢᠯᠠᠬᠤ ᠶᠢ ᠰᠤᠨᠤᠰᠪᠠ᠃           ︽ᠡᠴᠢᠭᠡ ᠡᠭᠡ ᠶᠢ ᠲᠦᠯᠦᠭᠡᠯᠡᠵᠦ ᠪᠠᠶᠢᠨ᠎ᠠ︾ ᠭᠡᠵᠦ   ᠭᠡᠯᠡᠬᠦ ᠶᠢ ᠰᠤᠨᠤᠰᠤᠭᠠᠳ ᠮᠢᠨᠦ ᠰᠡᠳᠭᠢᠯ ᠬᠦᠨᠳᠦᠷᠡᠨ ᠬᠠᠮᠠᠷ ᠱᠠᠷᠬᠢᠷᠠᠵᠦ ᠦᠪᠡᠷ ᠤᠨ ᠡᠷᠭᠡ ᠦᠭᠡᠢ ᠬᠠᠯᠠᠭᠤᠨ ᠨᠢᠯᠪᠤᠰᠦ   ᠠᠰᠬᠠᠷᠠᠬᠤ ᠶᠢᠨ ᠭᠱᠠᠨ ᠳᠤ ᠪᠤᠷᠬᠠᠨ ᠤ ᠡᠮᠦᠨ᠎ᠠ ᠰᠦᠬᠦᠷᠦᠨ ᠭᠤᠷᠪᠠᠨᠳᠠ ᠮᠦᠷᠭᠦᠨ ᠲᠠᠭᠠᠳᠬᠠᠭᠠᠳ ᠤᠬᠤᠷᠢᠨ ᠭᠠᠷᠴᠠᠢ᠃ ᠲᠡᠷᠡᠬᠦ ᠭᠱᠠᠨ ᠤ ᠰᠡᠳᠭᠢᠯ ᠤᠨ ᠡᠪᠡᠷᠰᠢᠶᠡᠯ ᠢ ᠦᠭᠡ ᠭᠡᠯᠡ ᠪᠠᠷ ᠢᠯᠡᠳᠭᠡᠬᠦᠶ᠎ᠠ ᠪᠡᠷᠭᠡ᠂ ᠨᠡᠩ ᠴᠦ ᠨᠢᠳᠤᠨ ᠨᠢᠯᠪᠤᠰᠦ   ᠪᠠᠨ ᠬᠤᠷᠢᠵᠦ ᠴᠢᠳᠠᠬᠰᠠᠠ ᠦᠭᠡᠢ ᠶᠢ ᠶᠠᠭᠠᠬᠢᠨ᠎ᠠ ᠪᠤᠢ︕           ᠲᠦᠮᠡ ᠮᠢᠩᠭᠠᠨ ᠭᠠᠵᠠᠷ ᠤᠨ ᠬᠤᠯᠠ ᠵᠤᠷᠢᠵᠦ ᠢᠷᠡᠭᠰᠡᠡ ᠡᠭᠡ   ᠭᠠᠵᠠᠷ ᠤᠨ ᠬᠦᠷᠦᠰᠦᠨ ᠲᠡᠭᠡᠷ᠎ᠠ ᠵᠤᠬᠰᠤᠨ ᠶᠠᠭᠤ ᠪᠦᠬᠦᠨ ᠢ ᠬᠦᠨᠳᠡᠭᠰᠡᠡ ᠶᠠᠪᠤᠳᠠᠯ ᠪᠦᠷ ᠲᠡᠭᠦᠨ ᠤ ᠦᠪᠡᠷ ᠤᠨ ᠭᠡᠰᠡᠡ   ᠤᠳᠬ᠎ᠠ ᠠᠭᠤᠯᠭ᠎ᠠ ᠲᠠᠢ ᠶᠤᠮ ᠭᠡᠵᠦ ᠪᠢ ᠬᠦᠨ ᠢᠳᠡᠭᠡᠯ᠎ᠠ᠃           ᠪᠢ ᠪᠤᠷᠬᠠᠨ ᠱᠠᠰᠢᠨᠳᠠᠨ ᠪᠢᠰᠢ ᠪᠤᠯᠬᠤᠷ ᠰᠦᠮ᠎ᠠ   ᠭᠡᠶᠢᠳ ᠢᠶᠠᠷ ᠦᠵᠡᠭᠳᠡᠯ ᠪᠤᠯᠭᠠᠨ ᠭᠡᠷᠡᠯ ᠵᠢᠷᠤᠬ ᠠᠪᠬᠤ ᠶᠢ ᠰᠠᠨᠠᠬᠰᠠᠠ ᠦᠭᠡᠢ᠂ ᠭᠡᠷᠡᠯ ᠵᠢᠷᠤᠭ ᠠᠪᠬᠤ ᠵᠤᠷᠢᠬ ᠴᠦ ᠤᠷᠤᠬᠰᠠᠠ   ᠦᠭᠡᠢ᠃ ᠭᠡᠶ᠎ᠠ ᠭᠡᠳᠦ ᠭᠡᠳᠦᠨ ᠭᠠᠵᠠᠷ ᠤᠨ ᠬᠠᠨ᠎ᠠ ᠶᠢᠨ ᠵᠢᠷᠤᠬ ᠢ ᠬᠠᠷᠠᠭᠠᠳ ᠰᠠᠯᠬᠤ ᠶᠢ ᠪᠤᠳᠤᠬᠰᠠᠠ ᠦᠭᠡᠢ᠃       ᠤᠷᠴᠢᠭᠤᠯᠤᠬᠴᠢ ᠮᠧᠩ ᠠᠪᠠᠭᠠᠢ᠄ ︽ᠡᠷᠳᠡᠨᠢ ᠵᠤᠤ ᠳᠤ ᠬᠠᠨ᠎ᠠ ᠶᠢᠨ ᠵᠢᠷᠤᠬ᠂ ᠪᠤᠷᠬᠠᠨ ᠤ ᠬᠦᠷᠦᠭ ᠵᠡᠷᠭᠡ ᠨᠡᠶᠢᠳᠡ ᠲᠦᠮᠡ ᠭᠠᠷᠤᠢ ᠤᠷᠠᠯᠢᠭ ᠤᠨ ᠪᠦᠳᠦᠭᠡᠯ ᠪᠤᠢ᠂ ᠲᠡᠭᠦᠨ ᠤ ᠪᠦᠳᠦᠭᠡᠭᠳᠡᠭᠰᠡᠡ ᠴᠠᠬ ᠨᠢ ᠠᠷᠪᠠᠨ ᠵᠢᠷᠭᠤᠳᠤᠭᠠᠷ ᠵᠠᠭᠤᠨ ᠠᠴᠠ   ᠬᠤᠷᠢᠳᠤᠭᠠᠷ ᠵᠠᠭᠤᠨ ᠤ ᠡᠬᠢᠨ ᠤ ᠦᠶ᠎ᠠ ᠪᠤᠯᠤᠨ᠎ᠠ︾ ᠭᠡᠵᠦ ᠭᠡᠯᠡᠵᠦ ᠦᠭᠴᠠᠢ᠃       ᠠᠷᠢᠶᠠᠪᠠᠯᠦ ᠪᠤᠷᠬᠠᠨ ᠤ ᠬᠦᠷᠦᠭ ᠢ ᠲᠠᠬᠢᠵᠦ ᠪᠠᠶᠢᠭ᠎ᠠ ᠰᠦᠮ᠎ᠠ ᠶᠢᠨ ᠲᠤᠳᠤᠷ᠎ᠠ ᠠᠷᠪᠠᠨ ᠨᠠᠢᠮᠠᠳᠤᠭᠠᠷ ᠵᠠᠭᠤᠨ ᠤ ᠦᠶ᠎ᠠ ᠶᠢᠨ ᠴᠠᠭᠠᠨ ᠳ᠋ᠠᠷ᠎ᠠ ᠡᠭᠡ ᠶᠢᠨ ᠬᠦᠷᠦᠭ   ᠪᠠᠶᠢᠪᠠ᠂ ᠲᠡᠷᠡ ᠪᠤᠯ ᠭᠡᠤᠭᠡᠨᠴᠤᠤᠯ ᠤᠨ ᠠᠮᠢᠨ ᠰᠠᠬᠢᠶ᠎ᠠ ᠮᠦᠨ᠂ ᠵᠢᠷᠤᠬ ᠲᠡᠭᠡᠷᠡᠬᠢ ᠴᠠᠭᠠᠨ ᠳ᠋ᠠᠷ᠎ᠠ ᠡᠭᠡ ᠶᠢᠨ ᠲᠦᠷᠢ   ᠪᠠᠶᠢᠳᠠᠯ ᠴᠦ ᠡᠳᠡᠭᠡᠳ ᠵᠠᠯᠠᠭᠤ ᠭᠤᠶᠤᠮᠰᠤᠬ ᠬᠠᠷᠠᠬᠳᠠᠨ᠎ᠠ᠃ ᠨᠤᠭᠤᠭᠠᠨ ᠳ᠋ᠠᠷ᠎ᠠ ᠡᠭᠡ ᠪᠤᠯ ᠬᠠᠷᠢᠨ ᠪᠦᠰᠡᠭᠦ᠋ᠢᠴᠤᠳ ᠤᠨ   ᠠᠮᠢᠨ ᠰᠠᠬᠢᠶ᠎ᠠ ᠪᠤᠯᠤᠨ᠎ᠠ᠂   ᠠᠳᠡ ᠨᠠᠶᠢᠳᠠ ᠬᠤᠷᠢᠨ ᠨᠢᠭᠡᠨ ᠳ᠋ᠠᠷ᠎ᠠ ᠡᠭᠡ ᠶᠢᠨ ᠬᠦᠷᠦᠭ ᠢ ᠲᠠᠬᠢᠵᠦ ᠪᠤᠢ᠂ ᠬᠤᠷᠢᠨ   ᠨᠢᠭᠡᠨ ᠳ᠋ᠠᠷ᠎ᠠ ᠡᠭᠡ ᠶᠢᠨ ᠤᠨᠴᠠᠯᠢᠭ ᠰᠢᠨᠵᠢ ᠪᠦᠷ ᠨᠤᠭᠤᠭᠠᠨ ᠳ᠋ᠠᠷ᠎ᠠ ᠡᠭᠡ ᠶᠢᠨ ᠪᠡᠶ᠎ᠠ ᠲᠡᠭᠡᠷ᠎ᠠ ᠢᠯᠡᠷᠡᠵᠦ ᠪᠠᠶᠢᠳᠠᠬ᠃ ᠨᠡᠭᠡᠷᠡᠨ ᠳ᠋ᠡ︕ ᠨᠤᠭᠤᠭᠠᠨ ᠳ᠋ᠠᠷ᠎ᠠ ᠡᠭᠡ ᠶᠢᠨ ᠬᠦᠷᠦᠭ ᠤᠨᠴᠠ ᠨᠠᠮᠵᠢᠭᠤᠨ ᠲᠠᠶᠢᠪᠤᠭᠤᠬᠠᠨ ᠲᠦᠷᠦᠭᠳᠡᠯ ᠦᠭᠬᠦ   ᠮᠦᠷᠳᠡᠭᠡᠨ ᠶᠡᠭᠡᠳᠡ ᠲᠠᠳᠠᠬᠤ ᠬᠦᠴᠦᠨ  ᠲᠠᠢ ᠪᠠᠶᠢᠯ᠎ᠠ᠃ ᠴᠠᠬ ᠮᠦᠨ ᠬᠦᠷᠦᠭᠰᠡᠡ ᠦᠭᠡᠢ᠃             1990 ᠤᠨ ᠳᠤ ᠬᠦᠷᠬᠦ   ᠦᠶ᠎ᠠ ᠳᠤ ᠮᠦᠽᠸᠢ ᠶᠢ ᠨᠡᠭᠡᠭᠡᠵᠦ ᠴᠢᠯᠦᠭᠡᠳᠠᠢ ᠪᠤᠯᠭᠠᠭᠠᠳᠦᠢ ᠪᠠᠶᠢᠬᠰᠠᠠ ᠲᠤᠯᠠ ᠸᠠᠩ ᠰᠢᠩ ᠬᠦᠩ ᠪᠢᠳᠡ ᠬᠤᠶᠠᠭᠤᠯᠠ ᠵᠦᠪᠭᠡᠨ ᠪᠠᠷᠢᠯᠭ᠎ᠠ ᠶᠢᠨ ᠭᠠᠳᠠᠨᠠᠬᠢ ᠡᠪᠳᠡᠷᠡᠵᠦ ᠴᠤᠴᠠᠷᠠᠭᠰᠠᠨ ᠬᠦᠰᠢᠶᠠᠨ ᠴᠢᠯᠠᠭᠤ ᠶᠢᠨ ᠲᠡᠷᠭᠡᠳᠡᠭᠡᠭᠦᠷ ᠲᠤᠭᠤᠷᠢᠭᠠᠳ   ᠭᠠᠷᠤᠬᠰᠠᠠ᠂ ᠲᠡᠷᠡ ᠦᠶ᠎ᠠ ᠳᠤ LaYrin ᠰᠦᠮ᠎ᠠ ᠨᠢ ᠬᠦᠷᠢᠶ᠎ᠠ᠂ ᠡᠭᠦᠳᠡᠡ ᠭᠡᠷ ᠭᠡᠵᠦ ᠪᠠᠶᠢᠬᠰᠠᠠ ᠦᠭᠡᠢ ᠠᠴᠠ ᠡᠪᠡᠰᠦ   ᠴᠡᠴᠡᠭ ᠲᠠᠷᠢᠵᠦ ᠤᠷᠭᠤᠭᠤᠯᠬᠤ ᠭᠡᠳᠡᠭ ᠨᠢ   ᠪᠠᠶᠢᠰᠢ ᠦᠭᠡᠢ ᠭᠡᠷᠡᠭ ᠪᠢᠯᠡ᠃       ᠤᠳᠦ ᠶᠡᠭᠡ ᠲᠤᠭᠠᠩ ᠬᠢᠭᠡᠳ ᠮᠠᠰᠢ   ᠤᠯᠠᠨ ᠶᠡᠭᠡ ᠪᠠᠭ᠎ᠠ ᠰᠦᠮ᠎ᠠ ᠭᠡᠶᠢᠳ ᠢ ᠬᠠᠭᠠᠰ ᠡᠳᠦᠷ ᠤᠨ ᠴᠠᠬ ᠢᠶᠠᠷ ᠯᠠ ᠲᠤᠭᠤᠷᠢᠵᠦ ᠦᠵᠡᠵᠦ ᠲᠡᠶᠢᠯᠬᠦ ᠦᠭᠡᠢ ᠪᠤᠯᠤᠯ᠎ᠠ  ᠂ ᠭᠡᠶ᠎ᠠ ᠦᠳᠡ ᠶᠢᠨ ᠬᠤᠶᠢᠨ᠎ᠠ ᠪᠠᠰᠠ ᠬᠤᠯᠠ ᠪᠠᠶᠢᠭ᠎ᠠ ᠴᠤᠶᠢᠳᠠᠯ ᠤᠨ ᠬᠦᠰᠢᠶ᠎ᠠ ᠶᠢ ᠦᠵᠡᠬᠦ ᠪᠠᠷ ᠪᠤᠯᠵᠤᠵᠦ ᠵᠠᠮ ᠨᠢ ᠶᠠᠮᠠᠷ ᠡᠰᠡᠬᠦ ᠶᠢ ᠴᠦ ᠡᠰᠠ ᠮᠡᠳᠡᠬᠦ ᠲᠤᠯᠠ ᠲᠤᠳᠤᠷ᠎ᠠ ᠪᠠᠨ ᠴᠠᠬ ᠦᠭᠡᠢ ᠪᠤᠯᠤᠬᠰᠠᠠ᠂ ᠲᠠᠷᠠᠭ᠎ᠠ ᠤᠳᠠᠭ᠎ᠠ ᠢᠷᠡᠵᠦ ᠦᠵᠡᠶ᠎ᠠ ᠭᠡᠵᠦ ᠪᠤᠳᠤᠪᠠ᠃           ᠬᠤᠳᠠ ᠶᠢᠨ ᠭᠠᠳᠠᠨᠠᠬᠢ ᠶᠠᠰᠤᠳᠦ ᠮᠡᠯᠡᠭᠡᠢ ᠶᠢᠨ ᠴᠢᠯᠠᠭᠤᠨ ᠰᠡᠶᠢᠯᠦᠮᠡᠯ ᠮᠦᠨ ᠪᠠᠶᠢᠬᠰᠠᠭᠠᠷ᠂ ᠲᠡᠷᠭᠡᠳᠡ ᠨᠢ ᠤᠢᠢᠷ᠎ᠠ ᠳᠤ ᠬᠠᠭᠤᠴᠢ ᠰᠤᠳᠤᠯᠤᠬᠴᠢᠳ ᠤᠨ ᠠᠩᠭᠢ ᠶᠢᠨ ᠢᠯᠡᠷᠡᠭᠦᠯᠦᠭᠰᠡᠡ ᠬᠠᠷᠠᠬᠤᠷᠢᠨ ᠤ ᠬᠠᠭᠤᠴᠢᠨ ᠨᠡᠶᠢᠰᠯᠠᠯ ᠤᠨ ᠪᠠᠭᠤᠷᠢ ᠪᠤᠯᠤᠨ᠎ᠠ᠂ ᠭᠡᠶ᠎ᠠ ᠡᠨᠡ ᠵᠢᠯ ᠤᠨ ᠵᠤᠭᠠᠴᠠᠬᠰᠠᠳ ᠭᠡᠷᠳᠦᠷᠭᠡᠢ ᠤᠯᠠᠨ ᠪᠤᠯᠤᠭᠠᠳ ᠮᠠᠯᠳᠠᠨ ᠢᠯᠡᠷᠡᠭᠦᠯᠬᠦ ᠠᠵᠢᠯ ᠤᠨ ᠠᠬᠢᠴᠠ ᠶᠢ ᠨᠦᠯᠦᠭᠡᠯᠡᠬᠦ ᠶᠢ ᠪᠤᠳᠤᠬᠰᠠᠠ ᠪᠤᠯᠤᠯᠳᠠᠢ᠂ ᠮᠠᠯᠳᠠᠵᠦ ᠪᠠᠶᠢᠬᠰᠠᠠ ᠭᠠᠵᠠᠷ ᠢᠶᠠᠨ ᠲᠠᠬᠢᠨ   ᠪᠦᠭᠯᠡᠵᠦ᠂ ᠪᠦᠭᠯᠡᠵᠦ ᠬᠠᠶᠠᠬᠰᠠᠠ ᠭᠡᠰᠡᠭ ᠲᠤᠨᠢ ᠪᠦᠷ ᠡᠪᠡᠰᠦ ᠨᠤᠭᠤᠭ᠎ᠠ ᠤᠷᠭᠤᠬᠰᠠ ᠠᠴᠠ ᠪᠢᠳᠡ ᠶᠠᠭᠤ ᠴᠦ ᠤᠯᠵᠦ ᠦᠵᠡᠭᠰᠡᠡ   ᠦᠭᠡᠢ᠃             ᠪᠢ ᠡᠶᠢᠮᠦᠷᠬᠦ ᠠᠷᠭ᠎ᠠ ᠬᠢᠳᠡᠯ ᠢ ᠦᠯᠦ ᠵᠦᠪᠰᠢᠶᠡᠨ᠎ᠠ᠃ ᠭᠡᠷᠪᠡ ᠬᠠᠷᠠᠬᠤᠷᠢᠨ ᠤ ᠲᠤᠬᠠᠢ ᠤᠯᠠᠨ ᠶᠠᠭᠤᠮ᠎ᠠ ᠶᠢ ᠤᠯᠵᠦ ᠮᠡᠳᠡᠶ᠎ᠠ ᠭᠡᠵᠦ ᠪᠤᠳᠤᠬᠰᠠᠠ ᠪᠤᠯ ᠹᠷᠠᠨᠼᠢ ᠶᠢᠨ ᠪᠢᠰᠢᠯᠭᠠᠯ ᠬᠢᠭᠴᠦ ᠯᠦᠪᠦᠯᠦᠺ ᠤᠨ ᠪᠢᠴᠢᠭᠰᠠᠠ ︽ᠯᠦᠪᠦᠯᠦᠺ ᠤᠨ ᠵᠡᠭᠦᠨᠰᠢ ᠵᠤᠷᠴᠢᠬᠰᠠᠠ ᠲᠡᠮᠳᠡᠭᠯᠡᠯ︾ ᠢ ᠦᠵᠡᠵᠦ ᠪᠤᠯᠬᠤ ᠶᠤᠮ᠃ ᠲᠡᠷᠡ ᠯᠦᠶ᠋ᠢᠰ ᠶᠢᠰᠦᠳᠦᠭᠡᠷ ᠤᠨ ᠵᠠᠷᠯᠢᠭ ᠢᠶᠠᠷ 1254 ᠤᠨ ᠳᠤ ᠬᠠᠷᠠᠬᠤᠷᠢᠨ ᠳᠤ ᠠᠶᠢᠯᠴᠢᠯᠠᠬᠰᠠᠠ ᠶᠤᠮ᠃ ᠲᠡᠭᠦᠨ ᠤ ᠨᠤᠮ ᠳᠤ ᠭᠡᠯᠡᠭᠰᠡᠡ ᠠᠴᠠ ᠦᠵᠡᠪᠡᠯ᠂ ᠲᠤᠬᠠᠢ ᠶᠢᠨ   ᠦᠶ᠎ᠠ ᠶᠢᠨ ᠬᠤᠳᠠ ᠶᠢᠨ ᠲᠤᠳᠤᠷ᠎ᠠ ᠪᠤᠷᠬᠠᠨ ᠱᠠᠰᠢᠨ ᠤ ᠰᠦᠮ᠎ᠠ ᠭᠡᠶᠢᠳ ᠠᠷᠪᠠᠨ ᠬᠤᠶᠠᠷ ᠪᠤᠢ᠂ ᠬᠤᠶᠠᠷ ᠯᠠᠯᠦ ᠶᠢᠨ   ᠰᠦᠮ᠎ᠠ᠂ ᠨᠢᠭᠡ ᠾᠢᠷᠢᠰᠲ᠋ᠤᠰᠱᠠᠰᠢᠨ ᠤ ᠰᠦᠮ᠎ᠠ ᠪᠤᠢ᠃ ᠲᠡᠷᠡ ᠪᠠᠰᠠ ᠤᠷᠳᠤᠨ ᠲᠤᠭᠠᠩ ᠤᠨ ᠲᠤᠳᠤᠨ᠎ᠠ ᠭᠠᠳᠠᠨᠠᠬᠢ ᠪᠠᠶᠢᠳᠠᠯ ᠢ ᠲᠦᠷᠰᠦᠯᠠᠨ ᠪᠢᠴᠢᠭᠰᠡᠠ ᠪᠠᠶᠢᠯ᠎ᠠ᠂ ᠭᠡᠶ᠎ᠠ ᠬᠠᠮᠤᠭ ᠤᠨ ᠠᠯᠳᠠᠷᠳᠠᠢ ᠨᠢᠭᠡ ᠭᠡᠰᠡᠭ ᠨᠢ ᠭᠡᠪᠡᠯ ᠲᠡᠭᠦᠨ ᠤ ᠤᠯᠵᠦ ᠦᠵᠡᠭᠰᠡᠡ ᠲᠡᠷᠡ ᠨᠢᠭᠡ ᠰᠠᠭᠤᠷᠢ ︽ᠮᠤᠳᠦ︾ ᠪᠤᠯᠤᠨ᠎ᠠ᠄         ᠡᠨᠡ ᠵᠠᠯᠠᠭᠤ ᠮᠦᠩᠭᠡ ᠬᠠᠭᠠᠨ ᠳᠤ ᠲᠡᠭᠦᠨ ᠤ ᠲᠠᠭᠠᠭᠠᠯᠭᠠᠨ   ᠬᠢᠯᠭᠡᠭᠰᠠᠠ ᠭᠠᠷ ᠤᠷᠠᠯᠠᠯ ᠤᠨ ᠵᠦᠢᠯᠡᠰ ᠢᠶᠠᠨ ᠬᠢᠵᠦ ᠲᠠᠭᠤᠰᠬᠠᠬᠰᠠᠠ ᠪᠠᠶᠢᠨ᠎ᠠ᠃ ᠪᠢ ᠡᠨᠡᠬᠦ ᠭᠠᠷ ᠤᠷᠠᠯᠠᠯ ᠤᠨ ᠵᠦᠢᠯᠡᠰ ᠤᠨ   ᠲᠤᠬᠠᠢ ᠲᠠᠨ ᠳᠤ ᠲᠦᠷᠰᠦᠯᠡᠭᠡᠳ ᠦᠭᠬᠦᠶ᠎ᠠ ᠁ ᠰᠦ ᠠᠶᠠᠭᠠᠯᠠᠬᠤ ᠪᠠ ᠪᠤᠰᠤᠳ ᠤᠮᠳᠠᠭᠠᠨ ᠬᠢᠬᠦ ᠠᠷᠠᠰᠤᠨ ᠤᠭᠤᠳᠠ   ᠦᠵᠡᠮᠦᠷᠢ ᠦᠭᠡᠢ ᠤᠴᠢᠷ  ᠠᠴᠠ ᠫᠠᠷᠢᠰ ᠤᠨ ᠲᠠᠷᠬᠠᠨ ᠸᠢᠯᠢᠶᠡᠮ ᠮᠦᠩᠭᠦᠨ ᠮᠤᠳᠦ ᠬᠢᠭᠰᠡᠡ ᠪᠠᠶᠢᠨ᠎ᠠ᠂ ᠲᠡᠭᠦᠨ ᠤ ᠰᠠᠭᠤᠷᠢᠨ ᠳᠤᠨᠢ ᠲᠦᠷᠪᠡᠨ ᠮᠦᠩᠭᠦᠨ ᠠᠷᠰᠯᠠᠨ ᠲᠠᠢ᠂ ᠤᠯᠠᠨ ᠨᠡᠪᠳᠡᠷᠡᠬᠦ ᠬᠤᠭᠤᠯᠠᠢ ᠪᠠᠷ ᠴᠡᠭᠡ ᠰᠦᠷᠴᠢᠨ ᠭᠠᠷᠴᠦ ᠢᠷᠡᠳᠡᠭ᠃ ᠮᠤᠳᠤᠨ ᠲᠤᠳᠤᠷ᠎ᠠ ᠲᠦᠷᠪᠡᠨ ᠬᠤᠭᠤᠯᠠᠢ᠂ ᠮᠤᠷᠤᠶᠢᠬᠰᠠᠠ ᠬᠦᠵᠦᠭᠦᠦ ᠲᠠᠢ᠂ ᠠᠯᠳᠠᠨ ᠮᠤᠭᠠᠢ ᠤᠷᠢᠶᠠᠬᠰᠠᠠ   ᠤᠭᠠᠯᠵᠠ ᠲᠠᠢ ᠁ ᠁᠃ ᠤᠷᠳᠤᠨ ᠬᠠᠷᠰᠢ ᠶᠢᠨ ᠭᠠᠳᠠᠨ᠎ᠠ ᠪᠠᠰᠠ ᠨᠢᠭᠡᠨ ᠤᠮᠳᠠᠭᠠᠨ ᠬᠠᠳᠠᠭᠠᠯᠠᠳᠠᠬ ᠵᠠᠭᠤᠷᠢ   ᠪᠠᠶᠢᠳᠠᠬ᠂ ᠲᠡᠨᠳᠡ ᠪᠠᠶᠢᠭ᠎ᠠ ᠵᠠᠷᠤᠴᠠ ᠪᠦᠷᠢᠶ᠎ᠠ ᠦᠯᠢᠶᠡᠬᠦ ᠲᠠᠭᠤᠨ ᠢ ᠰᠤᠨᠤᠰᠤᠮᠠᠬᠴᠠ ᠪᠡᠯᠡᠭᠡᠨ ᠪᠠᠶᠢᠭ᠎ᠠ ᠤᠮᠳᠠᠭᠠᠨ ᠢᠶᠠᠨ ᠴᠢᠳᠬᠤᠨ ᠭᠠᠷᠭᠠᠳᠠᠬ᠃ ᠨᠠᠶᠢᠷ ᠨᠠᠭᠠᠳᠤᠮ ᠴᠤᠬᠯᠠᠭᠠᠨ ᠪᠤᠯᠬᠤ ᠪᠦᠷᠢ ᠰᠠᠩ ᠬᠠᠮᠢᠶᠠᠷᠤᠬᠴᠢ ᠠᠴᠠ ᠵᠠᠷᠯᠢᠭ ᠪᠠᠭᠤᠯᠭᠠᠨ ᠪᠦᠷᠢᠶ᠎ᠠ ᠦᠯᠢᠶᠡᠳᠡᠭ᠃ ᠪᠦᠷᠢᠶ᠎ᠠ ᠶᠢᠨ ᠲᠠᠭᠤᠨ ᠢ ᠰᠤᠨᠤᠰᠤᠮᠠᠬᠴᠠ ᠤᠯᠠᠨ ᠵᠠᠷᠤᠴᠠ ᠨᠠᠷ ᠲᠤᠰ ᠲᠤᠰ ᠤᠨ ᠬᠠᠷᠢᠭᠤᠴᠠᠵᠦ   ᠪᠠᠶᠢᠭ᠎ᠠ ᠬᠤᠭᠤᠯᠠᠢ ᠤᠷᠤᠭᠤ ᠤᠮᠳᠠᠭᠠᠨ ᠴᠢᠳᠬᠤᠨ ᠤᠷᠤᠭᠤᠯᠬᠤ ᠳᠤ ᠰᠠᠩ ᠬᠠᠮᠢᠶᠠᠷᠤᠬᠴᠢᠳ ᠠᠴᠠ ᠲᠡᠭᠦᠨ ᠢ ᠲᠤᠰᠤᠨ   ᠠᠪᠴᠦ ᠤᠷᠳᠤᠨ ᠤ ᠲᠤᠳᠤᠷᠠᠬᠢ ᠡᠷᠡᠭᠳᠠᠢ ᠡᠮᠡᠭᠳᠠᠶᠢᠴᠤᠳ ᠲᠤ ᠬᠦᠷᠭᠡᠳᠡᠭ᠃                   ᠡᠷᠳᠡᠨᠢ ᠵᠤᠤ ᠠᠴᠠ ᠪᠠᠭᠤᠬᠰᠠᠠ ᠪᠠᠭᠤᠳᠠᠯ ᠳᠤ ᠪᠤᠴᠠᠬᠤ ᠵᠠᠮ ᠵᠠᠭᠤᠷ᠎ᠠ ᠨᠤᠮ ᠳᠤ ᠪᠢᠴᠢᠭᠳᠡᠭᠰᠡᠡ ︽ᠠᠷᠢᠬᠢ ᠰᠦᠷᠴᠢᠨ ᠭᠠᠷᠴᠦ ᠢᠷᠡᠳᠡᠭ   ᠮᠤᠳᠦ︾ ᠶᠢᠨ ᠲᠦᠷᠰᠦ ᠶᠢ ᠲᠠᠭᠤᠷᠢᠶᠠᠵᠦ ᠬᠢᠭᠰᠡᠡ ᠨᠢᠭᠡ ᠰᠠᠭᠤᠷᠢ ᠮᠤᠳᠦ ᠵᠠᠮ ᠤᠨ ᠬᠠᠵᠠᠭᠤ ᠳᠤ ᠬᠠᠷᠠᠬᠳᠠᠨ᠎ᠠ ᠪᠢᠯᠡ᠂ ᠶᠠᠮᠠᠷ ᠨᠢᠭᠡ ᠶᠠᠭᠤᠮ᠎ᠠ ᠶᠢ ᠨᠢ ᠲᠠᠳᠠᠭᠤ ᠬᠢᠭᠰᠡᠡ ᠢ ᠪᠤᠤ ᠮᠡᠳᠡ ᠶᠠᠭᠠᠬᠢᠵᠦ ᠬᠠᠷᠠᠬᠰᠠᠠ ᠴᠦ ᠲᠤᠩ ᠡᠪ ᠦᠭᠡᠢ᠃         ᠦᠳᠡ ᠶᠢᠨ ᠬᠤᠭᠤᠯᠠ ᠪᠠᠨ ᠢᠳᠡᠵᠦ ᠪᠠᠷᠠᠭᠠᠳ ᠲᠦᠷᠺ ᠤᠨ ᠴᠤᠶᠢᠳᠠᠯ ᠤᠨ ᠬᠦᠰᠢᠶ᠎ᠠ ᠶᠢ ᠦᠵᠡᠬᠦ ᠪᠠᠷ ᠤᠴᠢᠪᠠ᠂   ᠲᠤᠬᠠᠢ ᠶᠢᠨ ᠭᠠᠵᠠᠷ ᠤᠨ ᠬᠦᠮᠦᠰ ᠮᠠᠨ ᠢ ᠡᠷᠳᠡᠨᠢ ᠵᠤᠤ ᠠᠴᠠ ᠪᠠᠷᠠᠭᠤᠨᠰᠢ ᠶᠠᠬ ᠵᠠᠰᠠᠵᠦ ᠪᠠᠶᠢᠭ᠎ᠠ ᠴᠠᠷᠳᠠᠮᠠᠯ ᠵᠠᠮ ᠢ ᠲᠠᠭᠠᠭᠠᠳ ᠶᠠᠪᠤᠪᠠᠯ ᠬᠦᠷᠦᠨ᠎ᠠ ᠭᠡᠵᠦ ᠭᠡᠯᠡᠵᠦ ᠦᠭᠴᠠᠢ᠃ ᠭᠡᠳᠡᠯ᠎ᠠ ᠡᠨᠡ ᠵᠠᠮ ᠢᠶᠠᠷ ᠲᠡᠷᠭᠡ ᠨᠡᠪᠳᠡᠷᠡᠭᠡᠳᠦᠢ᠂ ᠵᠠᠮ ᠤᠨ ᠬᠤᠶᠠᠷ ᠲᠠᠯ᠎ᠠ ᠪᠠᠷ ᠰᠢᠷᠤᠢ ᠶᠢᠨ ᠤᠪᠤᠭ᠎ᠠ ᠪᠤᠯᠤᠨ ᠴᠢᠯᠠᠭᠤᠨ ᠤᠪᠤᠭ᠎ᠠ ᠲᠦᠭᠦᠷᠴᠢᠭᠡᠭᠰᠡᠡ ᠪᠤᠯᠬᠤᠷ ᠮᠠᠨ ᠤ ᠲᠡᠷᠭᠡ ᠠᠷᠭ᠎ᠠ ᠪᠤᠰᠦ ᠬᠦᠳᠡᠭᠡ ᠶᠢᠨ ᠵᠠᠮ ᠢᠶᠠᠷ ᠰᠠᠵᠢᠯᠬᠢᠯᠠᠪᠠ᠃           ᠡᠬᠢᠯᠡᠭᠡᠳ ᠪᠢ ᠪᠠᠰᠠ ᠶᠠᠭᠤ ᠪᠤᠯᠵᠦ ᠪᠠᠶᠢᠬᠤ ᠶᠢ ᠮᠡᠳᠡᠭᠰᠡᠡ ᠦᠭᠡᠢ᠂   ᠰᠡᠭᠦᠯᠡᠷ ᠨᠢ ᠮᠧᠩ ᠠᠪᠠᠭᠠᠢ ᠨᠠᠳᠠᠳᠦ   ᠴᠤᠶᠢᠳᠠᠯ ᠤᠨ ᠬᠦᠰᠢᠶ᠎ᠠ ᠨᠢ ᠲᠦᠷᠺ ᠬᠠᠭᠠᠨᠳᠦ ᠤᠯᠤᠰ ᠤᠨ ᠰᠤᠶᠤᠯ ᠤᠨ ᠪᠠᠭᠤᠷᠢ ᠪᠤᠯᠬᠤᠷ ᠬᠦᠰᠢᠶ᠎ᠠ ᠰᠢᠭᠤᠳ ᠬᠦᠷᠬᠦ   ᠡᠨᠡ ᠵᠠᠮ ᠢ ᠲᠦᠷᠺ ᠬᠦᠮᠦᠨ ᠵᠠᠰᠠᠵᠦ ᠪᠠᠶᠢᠨ᠎ᠠ ᠭᠡᠨ᠎ᠠ᠂ ᠴᠦᠭᠡᠨ ᠪᠤᠰᠦ   ᠲᠦᠷᠺᠴᠤᠳ ᠢᠷᠡᠵᠦ ᠪᠠᠷᠠᠭᠠᠯᠬᠠᠨ ᠲᠠᠭᠠᠳᠬᠠᠵᠦ ᠪᠤᠢ᠃ ᠲᠡᠶᠢᠮᠦ  ᠪᠠᠷ ᠢᠶᠠᠨ   ᠡᠨᠡ ᠵᠠᠮ ᠢᠶᠠᠷ ᠶᠠᠪᠤᠯ᠎ᠠ᠃           ᠲᠦᠷᠺ ᠨᠢ ᠡᠷᠳᠡᠮᠳᠡᠨ ᠮᠡᠷᠭᠡᠳ ᠤᠨ ᠨᠤᠳᠠᠯᠠᠯᠳᠠ ᠳᠤ᠂ ᠲᠢᠶᠧᠯᠧ ᠦᠨᠳᠦᠰᠦᠳᠡᠨ ᠤ ᠨᠢᠭᠡ ᠰᠠᠯᠠᠭ᠎ᠠ ︵︽ ᠲᠢᠶᠧᠯᠧ︾ ᠭᠡᠳᠡᠭ ᠨᠢ   ᠪᠠᠶᠢᠯᠳᠤᠭᠠᠨᠳᠦ ᠤᠯᠤᠰ᠂ ᠴᠢᠨ᠂ ᠬᠠᠨ ᠤ ᠦᠶ᠎ᠠ ᠶᠢᠨ ︽ᠳ᠋ᠢᠩ ᠯᠢᠩ︾ ᠸᠧᠢ ᠶᠢᠨ ᠡᠮᠦᠨᠡᠳᠦ ᠤᠮᠠᠷᠠᠳᠦ ᠲᠦᠷᠦ ᠶᠢᠨ   ᠦᠶ᠎ᠠ ᠶᠢᠨ ︽ᠴᠢᠯᠧ︾ ᠪᠠᠰᠠ ᠨᠢᠭᠡ ᠨᠡᠷ᠎ᠠ ᠨᠢ ︽ᠭᠤᠤᠴᠧ︾︶ ᠪᠤᠯᠤᠨ᠎ᠠ ᠭᠡᠵᠦ ᠦᠵᠡᠵᠦ ᠪᠤᠢ᠂ ᠪᠠᠰᠠ ᠨᠢᠭᠡ   ᠵᠦᠢᠯ ᠤᠨ ᠭᠡᠯᠡᠯᠭᠡ ᠪᠤᠯ ᠲᠤᠮᠤᠭ ᠦᠯᠢᠭᠡᠷ ᠠᠴᠠ ᠢᠷᠡᠯᠳᠡ ᠲᠠᠢ᠂ ᠲᠦᠷᠺ ᠪᠤᠯ ᠤᠤᠯ ᠨᠢ ᠾᠦᠩᠨᠦ ᠶᠢᠨ ᠤᠨᠳᠤᠤ   ᠤᠬᠰᠠᠭᠠᠳᠠᠨ᠂ ᠪᠠᠷᠠᠭᠤᠨ ᠲᠠᠯᠠᠢ ᠠᠴᠠ ᠪᠠᠷᠠᠭᠤᠨᠰᠢ ᠲᠦᠪᠯᠡᠷᠡᠨ ᠰᠠᠭᠤᠵᠦ ᠪᠠᠶᠢᠵᠠᠢ᠂ ᠬᠦᠷᠰᠢ ᠤᠯᠤᠰ ᠲᠠᠭᠠᠨ   ᠰᠦᠨᠦᠭᠡᠭᠳᠡᠭᠰᠡᠡ ᠤ ᠬᠤᠶᠢᠨ᠎ᠠ ᠨᠢᠭᠡᠯᠡ ᠦᠨᠦᠴᠢᠨ ᠬᠤᠴᠤᠷᠤᠬᠰᠠᠠ ᠬᠦᠪᠡᠭᠦᠨ ᠡᠪᠡᠰᠦ ᠵᠠᠮᠤᠭ ᠤᠨ ᠲᠤᠳᠤᠷ᠎ᠠ   ᠬᠠᠶᠠᠬᠳᠠᠭᠠᠳ ᠪᠠᠶᠢᠬᠤᠯᠠᠷ ᠦᠯᠦᠭᠴᠢᠨ ᠴᠢᠨ᠋ᠸ᠎ᠠ ᠢᠷᠡᠵᠦ ᠠᠮᠢ ᠶᠢ ᠨᠢ ᠠᠪᠤᠷᠠᠵᠦ ᠬᠠᠮᠳᠦ ᠠᠮᠢᠳᠤᠷᠬᠠᠰᠠᠠ ᠪᠠᠶᠢᠨ᠎ᠠ᠃   ᠲᠠᠶᠢᠰᠤᠨ ᠲᠠᠬᠢᠨᠳᠠ ᠢᠷᠡᠵᠦ ᠴᠦᠯᠪᠡᠨ ᠲᠠᠭᠠᠷᠢᠬᠤ ᠪᠠᠷ ︽ᠬᠤᠪᠢᠯᠭᠠᠨ ᠰᠢᠬ ᠶᠠᠭᠤᠮ᠎ᠠ ᠢᠷᠡᠭᠡᠳ ᠦᠯᠦᠭᠴᠢᠨ ᠴᠢᠨ᠋ᠸ᠎ᠠ ᠶᠢ   ᠪᠠᠷᠠᠭᠤᠨ ᠲᠠᠯᠠᠢ ᠶᠢᠨ ᠵᠡᠭᠦᠨ︾ ᠠᠪᠠᠴᠢᠬᠰᠠᠠ ᠭᠡᠨ᠎ᠠ᠂   ᠡᠨᠡ ᠪᠠᠷᠠᠭᠤᠨ ᠲᠠᠯᠠᠢ ᠶᠢᠨ ᠵᠡᠭᠦᠨ ᠭᠡᠰᠡᠠ ᠨᠢ ᠲᠠᠷᠤᠢ ᠭᠤᠤᠴᠠᠩ   ᠪᠤᠯᠤᠨ᠎ᠠ ︵ᠤᠳᠦ ᠶᠢᠨ ᠰᠢᠨᠵᠢᠶᠡᠩ ᠤᠨ ᠲᠦᠷᠫᠠᠨ︶᠃ ᠲᠡᠭᠡᠭᠡᠳ ᠦᠯᠦᠭᠴᠢᠨ ᠴᠢᠨ᠋ᠸ᠎ᠠ ᠠᠷᠪᠠᠨ ᠪᠡᠯᠳᠡᠷᠭᠡ ᠲᠦᠷᠦᠵᠠᠢ᠂   ᠲᠠᠷᠤᠢ ᠲᠦᠷᠺ ᠤᠨ ᠡᠪᠦᠭᠡ ᠲᠡᠭᠡᠳᠦᠰ ᠪᠤᠯᠤᠨ᠎ᠠ᠃ ᠨᠡᠶᠢᠳᠡ ᠶᠢᠨ ᠤᠨ ᠲᠤᠭᠠᠯᠠᠯ ᠤᠨ ᠲᠠᠪᠤᠳᠤᠭᠠᠷ ᠵᠠᠭᠤᠨ ᠤ   ᠦᠶ᠎ᠠ ᠳᠤ ᠲᠦᠷᠺᠴᠤᠳ ᠷᠸᠦᠷᠠᠨ ᠳᠤ ᠡᠷᠡᠭᠡᠰᠢᠶᠡᠭᠳᠡᠭᠰᠡᠡ᠂ ᠤᠴᠢᠷ ᠨᠢ ᠲᠡᠳᠡ ᠲᠡᠮᠦᠷ ᠬᠦᠷᠡᠯ ᠬᠠᠶᠢᠯᠤᠭᠤᠯᠤᠨ ᠲᠠᠪᠳᠠᠬᠤ ᠳᠠᠭᠠᠨ ᠴᠢᠳᠠᠮᠠᠭᠠᠢ ᠪᠤᠯᠬᠤᠷ ᠰᠡᠭᠦᠯᠡᠷ ᠨᠢ ᠿᠸᠦᠷᠠᠨᠴᠤᠳ ᠤᠨ ︽ᠲᠠᠪᠳᠠᠬᠤ ᠪᠤᠭᠤᠯ︾ ᠪᠤᠯᠵᠠᠢ᠃ ᠬᠠᠮᠤᠭ ᠤᠨ ᠰᠡᠭᠦᠯ ᠳᠤᠨᠢ ᠪᠤᠰᠤᠯᠴᠠᠨ ᠡᠰᠡᠷᠭᠦᠴᠡᠵᠦ ᠠᠮᠵᠢᠯᠳᠠ ᠤᠯᠤᠬᠰᠠᠠ ᠤ ᠬᠤᠶᠢᠨ᠎ᠠ ᠠᠯᠭᠤᠷ ᠠᠭᠠᠵᠢᠮ ᠢᠶᠠᠷ ᠦᠷᠭᠡᠨ ᠠᠭᠤᠳᠠᠮ   ᠨᠤᠳᠤᠬ ᠲᠡᠪᠢᠰᠭᠡᠷ  ᠲᠠᠢ ᠲᠦᠷᠺ ᠬᠠᠭᠠᠨᠳᠦ ᠤᠯᠤᠰ ᠢ ᠪᠠᠶᠢᠭᠤᠯᠵᠦ᠂ ᠰᠦᠢ ᠤᠯᠤᠰ ᠲᠤ ᠲᠡᠶᠢᠯᠦᠭᠳᠡᠭᠰᠡᠡ ᠤ ᠬᠤᠶᠢᠨ᠎ᠠ   ᠵᠡᠭᠦᠨ ᠪᠠᠷᠠᠭᠤᠨ ᠬᠤᠶᠠᠷ ᠭᠡᠰᠡᠭ ᠪᠤᠯᠵᠦ ᠬᠤᠪᠢᠶᠠᠬᠳᠠᠪᠠ᠃ ᠨᠡᠶᠢᠳᠡ ᠶᠢᠨ ᠤᠨ ᠲᠤᠭᠠᠯᠠᠯ ᠤᠨ 630 ᠤᠨ ᠳᠤ ᠵᠡᠭᠦᠨ   ᠲᠦᠷᠺ ᠲᠠᠩ ᠤᠯᠤᠰ ᠤᠨ ᠲᠠᠶᠢᠽᠦ᠋ᠩ ᠬᠠᠭᠠᠨ ᠳᠤ ᠲᠡᠶᠢᠯᠦᠭᠳᠡᠪᠡ᠂ ᠨᠡᠶᠢᠳᠡ ᠶᠢᠨ ᠤᠨ ᠲᠤᠭᠠᠯᠠᠯ ᠤᠨ 659 ᠤᠨ ᠳᠤ   ᠪᠠᠷᠠᠭᠤᠨ ᠲᠦᠷᠺ ᠤᠯᠤᠰ ᠪᠠᠰᠠ ᠲᠠᠩ ᠤᠨ ᠲᠦᠷᠦ ᠳᠤ ᠡᠷᠭᠡᠰᠢᠶᠡᠭᠳᠡᠪᠠ᠂ ᠭᠡᠳᠡᠯ᠎ᠠ ᠨᠡᠶᠢᠳᠡ ᠤᠨ ᠲᠤᠭᠠᠯᠠᠯ ᠤᠨ 682   ᠤᠨ ᠪᠤᠯᠬᠤ ᠳᠤ ᠵᠢᠶᠧᠲ᠋ᠢᠶ᠋ᠧᠯᠢᠱ ᠬᠠᠨ ᠲᠦᠷᠺ ᠵᠠᠰᠠᠬ ᠢ ᠲᠠᠬᠢᠨ ᠪᠠᠶᠢᠭᠤᠯᠵᠠᠢ᠂   ᠡᠨᠡ ᠨᠢ ᠲᠠᠷᠤᠢ ᠲᠡᠤᠭᠡᠨ ᠲᠡᠭᠡᠷᠡᠬᠢ   ᠬᠤᠶᠢᠳᠤ ᠲᠦᠷᠺ ᠬᠠᠭᠠᠨᠳᠦ ᠤᠯᠤᠰ ᠪᠤᠯᠤᠨ᠎ᠠ᠃           ᠴᠤᠶᠢᠳᠠᠯ ︵ᠨᠡᠶᠢᠳᠡ ᠶᠢᠨ ᠤᠨ ᠲᠤᠭᠠᠯᠠᠯ ᠤᠨ 684 -731 ᠤᠨ  ︶   ᠪᠤᠯ ᠵᠢᠶᠧᠲ᠋ᠢᠶ᠋ᠧᠯᠢᠱ ᠬᠠᠨ ᠤ ᠬᠤᠶᠠᠳᠤᠭᠠᠷ ᠬᠦᠪᠡᠭᠦᠨ ᠪᠤᠯᠤᠨ᠎ᠠ᠂ ᠲᠡᠷᠡ ᠬᠠᠨ ᠡᠴᠢᠭᠡ ᠪᠠᠨ ᠨᠠᠰᠦ ᠪᠠᠷᠠᠬᠰᠠᠠ ᠤ ᠬᠤᠶᠢᠨᠠᠬᠢ ᠤᠯᠠᠨ ᠵᠢᠯ ᠤᠨ ᠰᠠᠮᠠᠭᠤᠷᠠᠯ ᠤᠨ ᠶᠠᠪᠤᠴᠠ ᠳᠤ ᠦᠪᠡᠷ ᠤᠨ ᠠᠬ᠎ᠠ ᠮᠦᠸᠧ ᠵᠢᠦᠢ ᠶᠢ ᠬᠠᠨ ᠡᠷᠭᠦᠮᠵᠢᠯᠡᠵᠠᠢ᠃   ᠨᠢᠭᠡ ᠴᠠᠬ ᠦᠶ᠎ᠠ ᠳᠤ ᠲᠤᠮᠳᠠᠳᠦ ᠤᠷᠤᠨ ᠤ ᠲᠠᠩ ᠤᠨ ᠲᠦᠷᠦ ᠯᠤᠭ᠎ᠠ ᠨᠠᠶᠢᠷᠠᠮᠳᠠᠯ ᠢᠶᠠᠷ ᠤᠷᠤᠰᠢᠵᠦ ᠪᠠᠶᠢᠯ᠎ᠠ᠂   ᠴᠤᠶᠢᠳᠠᠯ ᠢ ᠨᠠᠰᠦ ᠪᠠᠷᠠᠬᠰᠠᠠ ᠤ ᠬᠤᠶᠢᠨ᠎ᠠ   ᠬᠠᠨ ᠠᠬ᠎ᠠ ᠨᠢ ᠲᠡᠭᠦᠨ ᠳᠤ ᠬᠦᠰᠢᠶ᠎ᠠ ᠪᠤᠰᠬᠠᠵᠤ ᠬᠦᠰᠢᠶ᠎ᠠ ᠶᠢᠨ ᠦᠰᠦᠭ ᠢ ᠨᠢᠭᠡ   ᠲᠠᠯ᠎ᠠ ᠳᠤᠨᠢ ᠡᠷᠳᠡᠨ ᠤ ᠲᠦᠷᠺ ᠭᠡᠯᠡ ᠪᠠᠷ᠂ ᠨᠦᠬᠦᠭᠡ ᠲᠠᠯ᠎ᠠ ᠳᠤᠨᠢ ᠬᠢᠳᠠᠳ ᠭᠡᠯᠡ ᠪᠠᠷ ᠰᠡᠶᠢᠯᠦᠭᠰᠡᠡ ᠪᠠᠶᠢᠯ᠎ᠠ᠂ ᠲᠠᠩ   ᠤᠯᠤᠰ ᠤᠨ ᠰᠢᠤᠸᠠᠨ ᠽᠦᠩ ᠬᠠᠭᠠᠨ ᠭᠠᠷ ᠤᠨ ᠦᠰᠦᠭ ᠵᠢᠷᠤᠬᠰᠠᠠ ᠦᠨᠳᠦᠰᠦ ᠪᠠᠷᠢᠮᠳᠠ ᠲᠠᠢ᠃      
 
    ᠬᠤᠶᠢᠳᠤ ᠲᠦᠷᠺ ᠬᠠᠭᠠᠨᠳᠤ ᠤᠯᠤᠰ ᠤᠨ ᠶᠢᠨ ᠴᠤᠶᠢᠳᠠᠯ ᠤᠨ   ᠴᠢᠯᠠᠭᠤᠨ ᠬᠦᠰᠢᠶᠠᠨ ᠤ ᠵᠦᠪ ᠲᠠᠯ᠎ᠠ  
   2006 ᠤᠨ ᠤ 7   ᠰᠠᠷ᠎ᠠ   ᠳᠤ ᠮᠤᠩᠭᠤᠯ ᠤᠯᠤᠰ ᠤᠨ ᠡᠮᠦᠨ᠎ᠠ ᠬᠠᠩᠭᠠᠢ ᠠᠶᠢᠮᠠᠭ ᠲᠤ
    ᠬᠤᠶᠢᠳᠤ ᠲᠦᠷᠺ ᠬᠠᠭᠠᠨᠳᠤ ᠤᠯᠤᠰ ᠤᠨ ᠶᠢᠨ ᠴᠤᠶᠢᠳᠠᠯ ᠤᠨ   ᠴᠢᠯᠠᠭᠤᠨ ᠬᠦᠰᠢᠶ᠎ᠠ 2006 ᠤᠨ ᠤ 7   ᠰᠠᠷ᠎ᠠ   ᠳᠤ     ᠮᠤᠩᠭᠤᠯ ᠤᠯᠤᠰ ᠤᠨ ᠣᠯᠠᠭᠠᠨᠪᠠᠭᠠᠳᠤᠷ ᠲᠤ         ᠲᠤᠮᠳᠠᠳᠦ ᠰᠤᠷᠭᠠᠭᠤᠯᠢ ᠳᠤ   ᠪᠠᠶᠢᠬᠤ ᠳᠠᠭᠠᠨ   ᠬᠢᠴᠢᠶᠡᠯ ᠤᠨ ᠪᠢᠴᠢᠭ ᠲᠤ   ᠪᠢᠯᠢᠤ  ᠂ ᠬᠠᠮᠢᠭ᠎ᠠ ᠨᠢᠭᠡ ᠭᠠᠵᠠᠷ ᠡᠨᠡ ᠬᠦᠰᠢᠶᠡᠨ ᠤ ᠵᠢᠷᠤᠬ ᠢ   ᠨᠢ ᠤᠯᠵᠦ ᠦᠵᠡᠭᠰᠡᠡ   ᠶᠤᠮ ︵ᠶᠠᠷᠢᠶᠠᠨ ᠦᠭᠡᠢ   ᠬᠢᠳᠡᠳ ᠦᠰᠦᠭ ᠤᠨ ᠪᠤᠯᠤᠨ᠎ᠠ︶᠃ ᠡᠳᠦᠭᠡ ᠬᠦᠰᠢᠶ᠎ᠠ ᠪᠤᠰᠬᠠᠬᠰᠠᠠ ᠭᠠᠵᠠᠷ ᠬᠦᠷᠴᠦ ᠢᠷᠡᠭᠡᠳ ᠶᠡᠭᠡᠳᠡ ᠰᠡᠳᠭᠢᠯ   ᠬᠦᠳᠡᠯᠵᠦ ᠮᠦᠨ ᠴᠦ ᠶᠠᠭᠠᠬᠢᠬᠤ ᠶᠢᠨ ᠠᠷᠭ᠎ᠠ ᠦᠭᠡᠢ ᠲᠤᠳᠤᠨᠦ ᠰᠠᠨᠠᠬᠳᠠᠬᠰᠠᠠ ᠲᠤᠯᠠ ᠠᠳᠠᠯᠢ ᠪᠤᠰᠦ ᠶᠢᠨ ᠬᠠᠷᠠᠭᠠᠰᠦ ᠠᠴᠠ ᠡᠨᠡᠬᠦ ᠬᠦᠰᠢᠶ᠎ᠠ ᠶᠢ ᠰᠠᠶᠢᠬᠠᠨ ᠰᠡᠭᠦᠳᠡᠷᠯᠡᠵᠦ ᠠᠪᠤᠶ᠎ᠠ ᠭᠡᠵᠦ ᠪᠤᠳᠤᠵᠦ ᠪᠠᠶᠢᠬᠤ ᠳᠤ ᠡᠭᠦᠯᠡᠡ   ᠤ ᠴᠠᠭᠠᠨ᠎ᠠ ᠨᠢᠭᠤᠭᠳᠠᠵᠦ ᠪᠠᠶᠢᠬᠰᠠᠠ ᠨᠠᠷᠠ ᠶᠠᠭ ᠰᠠᠶᠢᠬᠠᠨ ᠭᠠᠷᠴᠦ ᠢᠷᠡᠭᠡᠳ ᠬᠦᠰᠢᠶᠡᠨ ᠤ ᠪᠢᠴᠢᠭ ᠪᠤᠯᠤᠨ ᠵᠢᠷᠤᠭ ᠲᠦᠷᠰᠦ ᠲᠤᠳᠦ ᠲᠤᠳᠤᠷᠬᠠᠢ ᠬᠠᠷᠠᠬᠳᠠᠬᠤ ᠳᠤ ᠪᠢᠳᠡ ᠤᠯᠠᠮ ᠢᠶᠠᠷ ᠪᠠᠶᠠᠰᠤᠯᠴᠠᠨ ᠵᠠᠪᠳᠤᠨ ᠰᠡᠭᠦᠳᠡᠷᠯᠡᠯ᠎ᠠ ᠁         ᠨᠢᠭᠡ ᠡᠷᠡᠭᠳᠠᠢ ᠭᠡᠰᠬᠢᠭᠦᠷ ᠲᠡᠷᠭᠡ ᠤᠨᠤᠵᠦ ᠢᠷᠡᠭᠡᠳ ᠤᠳᠠᠳᠠᠯ᠎ᠠ ᠠᠵᠢᠬᠯᠠᠵᠦ ᠰᠠᠭᠤᠵᠦ ᠪᠠᠶᠢᠬᠰᠠᠠ ᠢᠶᠠᠨ ᠪᠢᠳᠡ ᠭᠡᠳᠦᠭᠦᠯᠡ ᠶᠢᠨ ᠵᠦᠪᠭᠡᠨ ᠰᠡᠭᠦᠳᠡᠷ ᠠᠪᠤᠬᠰᠠᠠ ᠠᠴᠠ ᠭᠠᠳᠠᠨ᠎ᠠ ᠪᠤᠰᠤᠳ ᠤᠨᠳᠤᠦ ᠨᠢᠭᠡ ᠮᠤᠳᠦ ᠨᠢᠭᠡ ᠡᠪᠡᠰᠦ ᠶᠢ ᠴᠦ ᠬᠦᠳᠡᠯᠭᠡᠭᠰᠡᠡ ᠦᠭᠡᠢ᠂   ᠲᠡᠷᠡᠴᠢᠯᠠᠨ ᠬᠦᠰᠢᠶᠡᠨ ᠲᠡᠭᠡᠷ᠎ᠠ ᠭᠠᠷ ᠴᠦ ᠬᠦᠷᠦᠭᠰᠡᠡ ᠦᠭᠡᠢ ᠶᠢ ᠦᠵᠡᠭᠡᠳ ᠮᠧᠩ   ᠠᠪᠠᠭᠠᠢ ᠳᠤ ᠠᠳᠡᠬᠢ ᠬᠠᠷᠠᠵᠦ ᠬᠠᠮᠠᠭᠠᠯᠠᠬᠴᠢ ᠭᠡᠳᠡᠭ ᠢᠶᠠᠨ ᠮᠡᠳᠡᠭᠳᠡᠭᠡᠳ ᠨᠡᠩ ᠰᠠᠶᠢᠬᠠᠨ ᠵᠦᠢᠯ ᠢ ᠦᠵᠡᠭᠦᠯᠬᠦ ᠭᠡᠰᠡᠡ ᠰᠠᠨᠠᠭ᠎ᠠ ᠪᠠᠨ ᠢᠯᠡᠳᠭᠡᠪᠡ᠃           ᠰᠠᠶᠢᠬᠠᠨ ᠠᠵᠠ ᠲᠠᠭᠠᠷᠠᠯ᠎ᠠ︕ ᠬᠦᠰᠢᠶᠡᠨ ᠴᠢᠯᠠᠭᠤ ᠶᠢᠨ ᠲᠡᠷᠭᠡᠳᠡ ᠪᠠᠰᠠ ᠨᠢᠭᠡᠨ   ᠬᠠᠳᠠᠭᠠᠯᠠᠮᠵᠢ ᠶᠢᠨ ᠬᠦᠮᠦᠷᠭᠡ ᠰᠢᠤᠬᠠᠨ ᠪᠠᠶᠢᠳᠠᠯ ᠲᠠᠢ ᠦᠨᠳᠦᠷ ᠪᠦᠳᠦᠭᠦᠨ ᠪᠠᠷᠢᠯᠭ᠎ᠠ ᠪᠠᠶᠢᠬᠰᠠᠠ ᠨᠢ ᠬᠠᠷᠢᠨ ᠮᠤᠩᠭᠤᠯ ᠲᠦᠷᠺ ᠬᠤᠶᠠᠷ ᠤᠯᠤᠰ ᠤᠨ ᠬᠠᠭᠤᠴᠢ ᠰᠤᠳᠤᠯᠤᠬᠴᠢᠳ ᠤᠨ ᠬᠠᠮᠳᠤᠷᠠᠨ ᠠᠵᠢᠯᠯᠠᠬᠤ ᠶᠠᠪᠤᠴᠠ ᠳᠤ ᠢᠯᠡᠷᠡᠭᠦᠯᠦᠭᠰᠡᠡ ᠮᠠᠰᠢ ᠤᠯᠠᠨ   ᠴᠢᠯᠠᠭᠤᠨ ᠬᠦᠰᠢᠶ᠎ᠠ ᠪᠤᠯᠤᠨ ᠴᠢᠯᠠᠭᠤᠨ ᠬᠤᠨᠢ᠂ ᠴᠢᠯᠠᠭᠤᠨ ᠮᠤᠷᠢ ᠴᠢᠨᠠᠬᠰᠢᠯᠠᠪᠠᠯ ︽ᠪᠤᠭᠤ ᠶᠢᠨ ᠴᠢᠯᠠᠭᠤᠵᠢᠮᠠᠯ︾   ᠮᠡᠳᠦ ᠶᠢᠨ ᠡᠷᠳᠡᠨ ᠠᠴᠠ ᠤᠯᠠᠮᠵᠢᠯᠨᠨ ᠬᠤᠪᠢᠷᠠᠵᠦ ᠢᠷᠡᠭᠰᠡ ︽ᠲᠠᠯ᠎ᠠ ᠨᠤᠳᠤᠬ ᠤᠨ ᠴᠢᠯᠠᠭᠤᠨ ᠬᠦᠮᠦᠨ︾ ᠪᠠᠶᠢᠯ᠎ᠠ︕         ᠨᠡᠩ ᠴᠦ ᠭᠠᠶᠢᠬᠠᠬᠳᠠᠬᠰᠠᠠ ᠵᠦᠢᠯ ᠪᠤᠯ ᠮᠦᠸᠧ ᠵᠢᠦᠢ ᠬᠠᠨ ᠤ ᠴᠢᠯᠠᠭᠤᠨ ᠬᠦᠰᠢᠶ᠎ᠠ ᠪᠤᠯᠤᠨ᠎ᠠ᠃ ᠤᠤᠯ  ᠨᠢ ᠭᠡᠳᠦ   ᠬᠤᠭᠤᠷᠠᠵᠤ ᠬᠠᠭᠠᠷᠠᠭᠠᠳ ᠪᠠᠶᠢᠬᠰᠠᠠ ᠴᠢᠯᠠᠭᠤᠨ ᠬᠦᠰᠢᠶ᠎ᠠ ᠨᠢ ᠡᠳᠦᠭᠡ ᠮᠠᠨ ᠤ ᠡᠮᠦᠨ᠎ᠠ ᠬᠠᠨᠠᠷᠠᠨ ᠪᠤᠰᠴᠦ ᠰᠡᠭᠦ᠋ᠢᠵᠦ   ᠪᠤᠢ᠂ ᠵᠦᠪ ᠲᠠᠯ᠎ᠠ ᠳᠤᠨᠢ ᠲᠦᠷᠺ ᠭᠡᠯᠡ᠂ ᠪᠤᠷᠤᠭᠤ ᠲᠠᠯ᠎ᠠ ᠳᠤᠨᠢ ᠬᠢᠳᠡᠳ ᠭᠡᠯᠡ ᠪᠠᠷ ᠪᠢᠴᠢᠭᠳᠡᠭᠰᠡᠡ ᠨᠢ ᠢᠯᠡ   ᠮᠡᠳᠡᠭᠳᠡᠵᠦ ᠪᠠᠶᠢᠪᠡᠴᠦ ᠲᠤᠳᠤᠷᠬᠠᠢ ᠬᠠᠷᠠᠬᠳᠠᠬᠤ ᠦᠭᠡᠢ ᠪᠤᠯᠤᠬᠰᠠᠠ᠂ ᠭᠡᠶ᠎ᠠ ᠲᠡᠷᠡ ᠪᠦᠳᠦᠭᠦᠨ ᠴᠢᠯᠠᠭᠤᠨ ᠬᠦᠰᠢᠶ᠎ᠠ ᠶᠢᠨ ᠲᠤᠰ ᠪᠡᠶ᠎ᠠ ᠨᠢ ᠤᠷᠤᠭ᠎ᠠ ᠪᠤᠰᠬᠠᠭ᠎ᠠ ᠲᠡᠤᠭᠡ ᠶᠢᠨ ᠦᠩᠭᠡᠷᠡᠯᠳᠡ ᠶᠢ ᠪᠠᠳᠤᠳᠠᠢ ᠬᠠᠷᠠᠭᠤᠯᠵᠦ ᠪᠠᠶᠢᠭ᠎ᠠ ᠠᠴᠠ ᠶᠡᠷᠦ   ᠪᠤᠰᠦ ᠶᠢᠨ ᠬᠦᠨᠳᠦ ᠰᠠᠨᠠᠬᠳᠠᠨ᠎ᠠ︕       ᠰᠠᠳᠭᠢᠯ ᠲᠦᠭᠦᠷᠡᠩ ᠬᠠᠷᠠᠬᠤᠷᠢᠨ ᠵᠦᠭ ᠪᠤᠴᠠᠯ᠎ᠠ᠂ ᠵᠠᠮ ᠵᠠᠭᠤᠷ᠎ᠠ ᠠᠭᠤᠷ   ᠠᠮᠢᠰᠬᠤᠯ ᠬᠤᠪᠢᠷᠠᠯᠳᠠ ᠶᠡᠭᠡᠳᠠᠢ ᠪᠤᠯᠵᠦ ᠠᠳᠠᠯᠢᠬᠠᠨ ᠨᠢᠭᠡ ᠴᠠᠬ ᠲᠤ ᠠᠳᠡ ᠡᠭᠦᠯᠡ ᠭᠠᠷᠴᠦ ᠪᠤᠷᠤᠭᠠᠨ ᠤᠷᠤᠵᠦ   ᠪᠠᠶᠢᠬᠤ ᠳᠤ   ᠲᠠᠨᠳᠠ ᠬᠠᠷᠢᠨ ᠨᠠᠷᠠᠨ ᠭᠡᠷᠡᠯᠳᠦᠨ ᠤᠬᠳᠠᠷᠭᠤᠢ ᠲᠤᠩᠭᠠᠯᠠᠬᠰᠢᠵᠦ ᠪᠠᠶᠢᠳᠠᠬ᠂ ᠲᠠᠬᠢᠭᠠᠳ ᠪᠠᠰᠠ   ᠴᠢᠭᠯᠡᠯ ᠢᠶᠠᠨ ᠬᠤᠪᠢᠷᠠᠭᠤᠯᠤᠭᠠᠳ ᠦᠵᠡᠭᠦᠯᠡᠷ ᠦᠩᠭᠡᠳᠦ ᠰᠤᠯᠤᠩᠭ᠎ᠠ ᠲᠠᠳᠠᠵᠦ ᠠᠭᠠᠷ ᠤᠨ ᠨᠠᠷᠠᠨ ᠭᠡᠷᠡᠯᠳᠦᠬᠦ ᠶᠢ ᠬᠠᠷᠠᠭᠠᠳ ᠪᠢᠳᠡ ᠶᠠᠭᠠᠬᠢᠬᠤ ᠶᠢᠨ ᠠᠷᠭ᠎ᠠ ᠦᠭᠡᠢ ᠬᠦᠭᠰᠡᠯ᠎ᠠ︕   ᠪᠦᠷᠦᠢ ᠪᠤᠯᠬᠤ ᠶᠢᠨ ᠦᠶ᠎ᠠ ᠪᠠᠷ   ᠬᠠᠷᠠᠬᠤᠷᠢᠨ ᠳᠤ ᠬᠦᠷᠦᠭᠡᠳ ᠡᠴᠦᠰ ᠲᠡᠭᠡᠨ ᠨᠠᠷᠠᠨ ᠲᠠᠰᠢᠬᠤ ᠶᠢᠨ ᠦᠶ᠎ᠠ ᠶᠢᠨ ᠰᠦᠮ᠎ᠠ ᠶᠢᠨ ᠰᠤᠪᠤᠷᠭ᠎ᠠ ᠶᠢᠨ ᠦᠵᠡᠮᠵᠢ ᠶᠢ   ᠰᠡᠭᠦᠳᠡᠷᠯᠡᠵᠦ ᠠᠪᠴᠦ ᠪᠢᠯᠡ᠃                                                                         ︵  ᠦᠷᠬᠦᠯᠵᠢᠯᠠᠯ ᠪᠤᠢ︶                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号