ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠᠨ ᠵᠢᠷᠭᠤᠭ᠎ᠠ︶
ᠨᠡᠶᠢᠲᠡᠯᠡᠭᠰᠡᠨ ᠴᠠᠭ᠄
2016-04-15
    23 ᠤ ᠡᠳᠦᠷ ︵ᠭᠠᠷᠠᠬ ᠤᠨ ᠡᠳᠦᠷ᠂ ᠪᠤᠷᠤᠭᠠᠯᠠᠵᠦ ᠪᠠᠶᠢᠭᠰᠠ᠊ ᠢᠶᠠᠨ ᠲᠤᠩᠭᠠᠯᠠᠬᠰᠢᠪᠠ︶               ᠦᠷᠯᠦᠭᠡ ᠡᠷᠳᠡ ᠪᠤᠰᠬᠤᠯᠠᠷ ᠰᠡᠷᠢᠭᠦᠨ ᠤᠷᠬᠢᠵᠦ ᠪᠠᠰᠠ ᠰᠠᠩᠰᠠᠨ ᠪᠤᠷᠤᠭᠠᠨ ᠤᠷᠤᠪᠠ᠃                 ᠵᠠᠮ ᠵᠠᠭᠤᠷ᠎ᠠ ᠬᠦᠳᠡᠭᠡ ᠨᠤᠳᠤᠬ ᠤᠨ ᠡᠪᠡᠰᠦ ᠨᠤᠭᠤᠭ᠎ᠠ ᠲᠡᠭᠡᠷ᠎ᠠ ᠨᠢᠮᠭᠡᠨ ᠬᠢᠷᠠᠭᠤ ᠪᠠᠭᠤᠵᠦ ᠦᠨᠳᠦᠷ ᠤᠬᠳᠠᠷᠭᠤᠢ ᠳᠠᠬᠢ ᠡᠭᠦᠯᠡᠨ ᠲᠠᠪᠬᠤᠷᠭ᠎ᠠ ᠵᠤᠵᠠᠭᠠᠷᠠᠵᠦ ᠲᠤᠯᠠᠭᠠᠨ ᠤ ᠭᠡᠮᠵᠢᠶ᠎ᠠ ᠬᠤᠶᠠᠷ ᠠᠴᠠ ᠭᠤᠷᠪᠠᠨ ᠭᠷᠠᠳᠦ᠋ᠰ ᠤᠨ ᠬᠤᠭᠤᠷᠤᠨᠳᠦ ᠪᠤᠯᠵᠦ᠂ ᠠᠪᠴᠦ ᠶᠠᠪᠤᠵᠦ ᠪᠠᠶᠢᠭ᠎ᠠ ᠬᠤᠪᠴᠠᠰᠦ ᠪᠠᠨ ᠪᠦᠬᠦᠨ ᠢ ᠭᠠᠷᠭᠠᠵᠦ ᠡᠮᠦᠰᠦᠯ᠎ᠠ ᠃ ᠵᠤᠯ ᠢᠶᠠᠷ ︽ᠤᠮᠠᠷᠠᠳᠦ ᠶᠢᠨ ᠪᠭᠠᠠᠪᠠᠭᠠᠢ︾ ᠲᠡᠮᠳᠡᠭᠳᠦ ᠦᠷᠪᠡᠯᠭᠡᠨ ᠬᠤᠪᠴᠠᠰᠦ ᠪᠠᠶᠢᠬᠰᠠᠠ ᠳᠠᠭᠠᠨ ᠲᠤᠰᠠ ᠭᠠᠷᠴᠦ ᠭᠦᠢᠳᠡᠨ ᠢ ᠬᠠᠯᠬᠠᠯᠠᠪᠠ ︵ᠰᠤᠨᠤᠰᠤᠬᠤᠯᠠᠷ   ᠡᠨᠡ ᠨᠢ ᠲᠠᠶᠢᠸᠠᠨ ᠤ ᠦᠪᠡᠰᠦᠪᠡᠠ ᠬᠢᠭᠰᠡᠡ ᠲᠦᠷᠦᠯ ᠲᠡᠮᠳᠡᠭ ᠭᠡᠨ᠎ᠠ︶᠃             ᠦᠴᠦᠭᠡᠳᠦᠷ ᠤᠨ ᠬᠤᠪᠢᠷᠠᠯᠳᠠ ᠶᠡᠭᠡ ᠲᠠᠢ ᠰᠠᠶᠢᠬᠠᠨ ᠡᠳᠦᠷ ᠪᠤᠳᠤᠯ ᠳᠤ ᠤᠷᠤᠬᠰᠠᠠ᠃           ᠵᠠᠮ ᠤᠨ ᠬᠠᠵᠠᠭᠤ ᠳᠤ ᠵᠠᠷᠢᠮ ᠨᠢ ᠴᠡᠭᠡ ᠬᠤᠳᠠᠯᠳᠤᠵᠦ ᠪᠠᠶᠢᠬᠤ ᠶᠢ ᠦᠵᠡᠭᠡᠳ ᠮᠧᠩ ᠠᠪᠠᠭᠠᠢ ᠵᠠᠪᠠᠯ ᠬᠤᠳᠠᠯᠳᠤᠨ ᠠᠪᠤᠨ᠎ᠠ ᠭᠡᠳ ᠪᠠᠶᠢᠪᠠ᠂ ᠤᠤᠯ ᠨᠢ ᠡᠮᠦᠨ᠎ᠠ ᠬᠠᠩᠭᠠᠢ ᠠᠶᠢᠮᠠᠬ ᠤᠨ ᠴᠡᠭᠡ ᠮᠠᠰᠢ ᠨᠡᠷᠡᠳᠡᠢ   ᠠᠵᠢ᠃         ᠵᠦᠪᠭᠡᠨ ᠨᠢᠭᠡ ᠯᠡ ᠭᠡᠰᠡᠭ ᠶᠠᠪᠤᠵᠦ ᠪᠤᠯᠤᠮᠠᠷ ᠵᠠᠮ ᠲᠠᠢ ᠪᠠᠶᠢᠯ᠎ᠠ᠂ ᠪᠢᠳᠡ ᠮᠦᠨ ᠯᠠ ᠲᠡᠷᠡᠬᠦ ᠡᠩᠬᠦᠯ ᠲᠤᠩᠬᠤᠯ ᠵᠠᠮ ᠢᠶᠠᠷ ᠢᠶᠠᠨ ᠤᠷᠤᠭᠠᠳ ᠰᠠᠵᠢᠯᠠᠭᠤᠯᠬᠤ ᠳᠤ ᠰᠠᠶ᠋ᠢᠬᠠᠨ ᠪᠤᠷᠤᠭᠠᠨ ᠤᠷᠤᠵᠤ ᠦᠩᠭᠡᠷᠡᠭᠰᠡᠡ ᠠᠴᠠ ᠭᠠᠵᠠᠷ ᠪᠤᠯᠭᠠᠨ ᠳᠤ ᠬᠦᠨ ᠭᠦᠶᠦᠭᠡᠨ ᠱᠠᠯᠴᠢᠬ ᠨᠦᠭᠡ ᠲᠠᠭᠠᠷᠠᠯᠳᠤᠭᠠᠳ ᠯᠠ ᠪᠠᠶᠢᠬᠤ ᠶᠢ ᠦᠵᠡᠭᠡᠳ ᠤᠯᠠᠭᠠᠨᠪᠠᠭᠠᠳᠤᠷ ᠲᠤ ᠭᠡᠵᠢᠶ᠎ᠠ ᠬᠦᠷᠦᠶ᠎ᠠ ᠭᠡᠵᠦ ᠪᠤᠳᠤᠪᠠ᠃
    ᠮᠤᠩᠭᠤᠯ ᠤᠨ ᠦᠨᠳᠦᠷᠯᠢᠭ ᠤᠨ ᠠᠭᠤᠳᠠᠮ ᠨᠤᠳᠤᠭ ᠲᠤ ᠮᠢᠨᠦ ᠰᠡᠳᠭᠢᠯ ᠬᠢᠵᠠᠭᠠᠯᠠᠰᠢ ᠦᠭᠡᠢ ᠰᠠᠷᠠᠭᠤᠯᠬᠠᠨ 2004 ᠤᠨ ᠤ 8 ᠰᠠᠷ᠎ᠠ       ᠮᠧᠩ ᠠᠪᠠᠭᠠᠢ ᠶᠢᠨ ᠭᠡᠳᠦᠷᠭᠡᠢ ᠶᠠᠳᠠᠷᠠᠬᠰᠠᠠ ᠢ ᠦᠵᠡᠭᠡᠳ ᠨᠢᠭᠡ ᠭᠡᠰᠡᠭ ᠲᠡᠭᠰᠢᠭᠡᠨ ᠵᠠᠮ ᠲᠡᠭᠡᠷ᠎ᠠ ᠭᠠᠷᠤᠬᠰᠠᠠ ᠤ ᠬᠤᠶᠢᠨ᠎ᠠ ᠲᠡᠭᠦᠨ ᠢ ᠠᠮᠠᠷᠠᠭᠤᠯᠤᠨ ᠪᠢ ᠤᠷᠤᠯᠠᠨ ᠲᠡᠷᠭᠡ ᠵᠢᠯᠤᠭᠤᠳᠬᠤ ᠪᠠᠷ ᠪᠤᠯᠵᠠᠢ᠃       ᠡᠶᠢᠮᠦᠷᠬᠦ ᠲᠡᠷᠭᠡ ᠵᠢᠯᠤᠭᠤᠳᠬᠤ ᠲᠤᠷᠰᠢᠯᠭ᠎ᠠ ᠨᠢ ᠰᠢᠨᠵᠢᠶᠠᠩ ᠳᠤ ᠪᠠᠶᠢᠬᠰᠠᠠ ᠦᠶ᠎ᠠ ᠶᠢᠨ ᠤᠷᠴᠢᠨ ᠪᠠᠶᠢᠳᠠᠯ  ᠲᠠᠢ ᠠᠳᠠᠯᠢ ᠦᠭᠡᠢ᠂ ᠤᠳᠦ ᠪᠢ ᠦᠨᠡᠨᠬᠦ ᠵᠢᠯᠤᠭᠤᠴᠢ ᠶᠢ ᠤᠷᠤᠯᠠᠨ ᠵᠠᠮ ᠶᠠᠪᠤᠵᠦ ᠪᠠᠶᠢᠬᠤ ᠪᠤᠯᠬᠤᠷ ᠴᠠᠬ ᠢᠮᠠᠬᠳᠠ ᠰᠡᠷᠡᠮᠵᠢ ᠲᠠᠢ ᠪᠠᠶᠢᠬᠤ ᠭᠡᠷᠡᠭᠳᠠᠢ᠃ ︵ᠨᠢᠳᠤᠨᠤᠨ ᠤ 7 ᠰᠠᠷ᠎ᠠ ᠳᠤ ᠰᠢᠨᠵᠢᠶᠠᠩ ᠤᠨ ᠭᠤᠪᠢ ᠨᠤᠳᠤᠬ ᠲᠤ᠂ ᠰᠢᠨ᠎ᠠ  ᠪᠠᠷ ᠵᠠᠰᠠᠬᠰᠠᠠ ᠵᠠᠰᠠᠮᠠᠯ ᠵᠠᠮ ᠨᠢ ᠦᠷᠭᠡᠨ ᠮᠦᠷᠳᠡᠭᠡᠨ ᠲᠡᠭᠰᠢ᠂ ᠨᠠᠶᠢᠵᠢ ᠮᠢᠨᠢ ᠨᠠᠮᠠᠢᠢ 140 ᠺᠢᠯᠦᠮᠧᠲᠷ ᠤᠨ ᠬᠤᠷᠳᠤᠴᠠ ᠪᠠᠷ ᠲᠠᠪᠬᠢᠭᠤᠯ ᠭᠡᠯ᠎ᠠ᠂ ᠭᠤᠪᠢ ᠨᠤᠳᠤᠬ ᠲᠤ ᠲᠡᠷᠭᠡ ᠲᠠᠪᠬᠢᠭᠤᠯᠬᠤ ᠳᠤ ᠬᠦᠳᠡᠯᠦᠮᠡᠭᠴᠡ ᠭᠡᠳᠦᠨ ᠵᠠᠭᠤᠨ ᠭᠠᠵᠠᠷ ᠬᠤᠯᠠ ᠶᠠᠪᠤᠳᠠᠬ ᠠᠴᠠ ᠵᠡᠭᠦᠳᠦ ᠵᠡᠷᠭᠡᠯᠭᠡᠨ ᠮᠡᠳᠤ ᠰᠠᠨᠠᠬᠳᠠᠭᠤᠯᠳᠠᠬ ᠰᠠᠠ᠃  ︶           ᠦᠳᠡ ᠶᠢᠨ ᠬᠤᠶᠢᠨᠠᠬᠢ 4 ᠴᠠᠬ ᠲᠤ ᠲᠡᠭᠷᠢ ᠲᠤᠩᠭᠠᠯᠠᠬᠰᠢᠪᠠ᠂ ᠮᠠᠨ ᠤ ᠲᠦᠷᠪᠡᠭᠦᠯᠡ ᠶᠢᠨ ᠤᠷᠮ᠎ᠠ ᠰᠡᠳᠭᠢᠯᠭᠡ ᠴᠦ ᠠᠭᠠᠵᠢᠮ ᠢᠶᠠᠷ ᠰᠡᠷᠭᠦᠵᠠᠢ᠃ ᠲᠡᠭᠡᠬᠦ ᠳᠤ ᠵᠠᠮ ᠤᠨ ᠬᠠᠵᠠᠭᠤᠳᠠ ᠮᠠᠰᠢ ᠶᠡᠭᠡ ᠵᠠᠮ ᠤᠨ ᠵᠢᠭᠠᠯᠳᠠ ᠲᠡᠮᠳᠡᠭ ᠪᠠᠶᠢᠬᠤ ᠶᠢ ᠤᠯᠵᠦ ᠦᠵᠡᠭᠡᠳ ᠰᠠᠶᠢ ᠬᠤᠰᠲ᠋ᠠᠨ ᠤ ᠲᠠᠬᠢ ᠶᠢᠨ ᠤᠯᠤᠰ ᠤᠨ ᠴᠡᠴᠡᠷᠯᠢᠭ ᠬᠦᠷᠬᠦ ᠤᠢᠢᠷᠠᠳᠤᠬᠰᠠᠠ ᠢᠶᠠᠨ ᠮᠡᠳᠡᠵᠠᠢ᠃         ᠮᠧᠩ ᠠᠪᠠᠭᠠᠢ ᠤᠷᠤᠵᠦ ᠦᠵᠡᠬᠦ ᠤᠤ︖ ᠭᠡᠵᠦ ᠠᠰᠠᠭᠤᠬᠰᠠᠠ ᠳᠤ ᠪᠢᠳᠡ ᠭᠤᠷᠪᠠᠭᠤᠯᠠ ᠪᠠᠨ ᠪᠠᠶᠠᠷᠳᠠᠢ ᠭᠡᠭᠴᠢ ᠵᠦᠪᠰᠢᠶᠡᠷᠡᠭᠰᠡᠡ ᠳᠤ ᠮᠠᠰᠢᠨ ᠲᠡᠷᠭᠡ ᠲᠡᠷᠡᠭᠡᠨ ᠵᠠᠭᠤᠷ᠎ᠠ ᠵᠠᠰᠠᠮᠠᠯ ᠵᠠᠮ ᠠᠴᠠ ᠭᠠᠷᠴᠤ ᠪᠠᠷᠠᠭᠤᠨᠰᠢ ᠮᠤᠷᠦ᠋ᠢᠵᠦ ᠨᠢᠭᠡᠨ ᠵᠢᠵᠢᠭ ᠵᠠᠮ ᠢᠶᠠᠷ ᠠᠭᠠᠵᠢᠮ ᠶᠠᠪᠤᠭᠤᠯᠵᠦ ᠪᠠᠶᠢᠬᠰᠠᠭᠠᠷ ᠤᠯᠤᠰ ᠤᠨ ᠴᠡᠴᠡᠷᠯᠢᠭ ᠤᠨ ᠲᠤᠭᠤᠷᠢᠭ ᠲᠤ ᠬᠦᠷᠪᠡ᠃             ᠠᠷᠪᠠᠨ ᠭᠡᠳᠦᠨ ᠮᠢᠨᠦ᠋ᠲ ᠤᠨ ᠲᠠᠷᠠᠭ᠎ᠠ᠂ ᠦᠢᠯᠡᠴᠢᠯᠡᠭᠡᠨ ᠤ ᠭᠠᠵᠠᠷ ᠬᠦᠷᠦᠭᠰᠡᠡ ᠳᠤ ᠦᠶᠢᠯᠡᠴᠢᠯᠡᠭᠴᠢ  ᠠᠴᠠ ᠲᠠᠬᠢ ᠤᠯᠵᠦ ᠦᠵᠡᠬᠦ ᠡᠰᠡᠬᠦ ᠨᠢ ᠲᠠᠨᠠᠷ ᠤᠨ ᠬᠤᠪᠢ ᠪᠠᠷᠢᠯᠳᠤᠯᠭ᠎ᠠ ᠭᠢᠷᠢ ᠵᠡᠷᠭᠡ ᠭᠡᠳᠡᠭ ᠢ ᠦᠵᠡᠨ᠎ᠠ ᠰᠢᠦ ᠭᠡᠵᠦ ᠭᠡᠯᠡᠨ᠎ᠡ᠃ ᠤᠴᠢᠷ ᠨᠢ ᠡᠶᠢᠮᠦᠷᠬᠦ ᠦᠷᠭᠡᠨ ᠠᠭᠤᠳᠠᠮ ᠤᠯᠤᠰ ᠤᠨ ᠴᠡᠴᠡᠷᠯᠢᠭ ᠲᠤ ᠵᠦᠪᠭᠡᠨ ᠵᠠᠭᠤ ᠭᠠᠷᠤᠢ ᠯᠠ ᠲᠠᠬᠢ ᠪᠤᠢ᠂ ᠭᠡᠷᠡᠰᠭᠡ ᠪᠠᠶᠢᠬᠤ ᠦᠭᠡᠢ᠂ ᠠᠶᠠᠨᠳᠠᠭᠠᠨ ᠤ ᠪᠦᠷᠢᠨ ᠴᠢᠯᠦᠭᠡᠳᠠᠢ ᠪᠠᠶᠢᠬᠤ ᠤᠴᠢᠷ ᠠᠴᠠ ᠡᠷᠢᠵᠦ ᠤᠯᠬᠤᠶ᠎ᠠ ᠪᠡᠷᠭᠡ ᠡ︕       ᠬᠦᠷᠦᠭᠡᠳ ᠢᠷᠡᠭᠰᠡᠡ ᠴᠢᠨᠢ ᠰᠠᠶᠢᠨ ᠶᠠᠪᠤᠳᠠᠯ᠂ ᠲᠠᠬᠢ ᠤᠯᠵᠦ ᠦᠵᠡᠬᠦ ᠦᠭᠡᠢ ᠭᠡᠰᠡᠡ ᠴᠦ ᠡᠶᠢᠮᠦ ᠯᠠ ᠠᠭᠤᠯᠠ ᠤᠰᠦ ᠲᠠᠢ ᠪᠠᠶᠢᠭᠠᠯᠢᠯᠢᠬ ᠤᠷᠴᠢᠨ ᠲᠤᠭᠤᠷᠢᠨ ᠲᠠᠢ ᠤᠯᠤᠰ ᠤᠨ ᠴᠡᠴᠡᠷᠯᠢᠭ ᠢ ᠤᠯᠵᠦ ᠦᠵᠡᠭᠰᠡᠡ ᠳᠡᠭᠡᠨ ᠮᠦᠨ ᠬᠠᠨᠤᠮᠵᠢᠳᠠᠢ ᠪᠠᠶᠢᠨ᠎ᠠ  ᠃             ᠮᠠᠰᠢᠨ ᠲᠡᠷᠭᠡ ᠠᠭᠤᠯᠠᠨ ᠲᠤᠮᠳᠠ ᠬᠦᠷᠬᠦ ᠳᠤ ᠡᠷᠭᠢᠨ ᠲᠤᠭᠤᠷᠢᠨ ᠤ ᠡᠪᠡᠰᠦ ᠨᠤᠭᠤᠭ᠎ᠠ ᠦᠨᠡᠭᠡᠷ ᠲᠤᠷᠭ᠎ᠠ ᠰᠢᠬ ᠢᠯᠪᠡᠯᠵᠡᠨ ᠬᠠᠷᠠᠬᠳᠠᠨ᠎ᠠ᠂ ᠮᠧᠩ ᠠᠪᠠᠭᠠᠢ ᠴᠦ ᠮᠠᠰᠢᠨ ᠲᠡᠷᠭᠡ ᠪᠠᠨ ᠠᠯᠭᠤᠷ ᠲᠠᠪᠬᠢᠭᠤᠯᠪᠠ᠃ ᠲᠡᠷᠳᠡᠭᠡ ᠭᠡᠳᠦᠨ ᠠᠷᠪᠠᠨ ᠮᠧᠲᠷ ᠤᠨ ᠴᠠᠭᠠᠳᠠᠢ   ᠵᠤᠭᠠᠴᠠᠯ ᠤᠨ ᠲᠡᠷᠭᠡ ᠲᠠᠪᠬᠢᠵᠦ ᠪᠠᠶᠢᠪᠠᠴᠦ ᠬᠦᠳᠦᠯ ᠲᠡᠭᠡᠷ᠎ᠠ ᠭᠠᠷᠬᠤᠠᠯᠠᠷ  ᠨᠢ ᠨᠢᠭᠡ ᠬᠠᠷᠠᠭᠳᠠᠭᠠᠳ ᠬᠤᠳᠤᠭᠤᠷ   ᠲᠤ ᠤᠷᠤᠪᠠᠯ ᠬᠠᠷᠠᠭᠳᠠᠬᠤ ᠪᠠᠨ ᠪᠤᠯᠢᠵᠦ ᠪᠠᠶᠢᠯ᠎ᠠ᠃       4 ᠴᠠᠬ ᠬᠠᠭᠠᠰ ᠤᠨ ᠠᠯᠳᠠ ᠪᠠᠷ ︵ᠮᠧᠩ ᠠᠪᠠᠭᠠᠢ ᠲᠤᠯᠤᠭᠠᠨ ᠺᠢᠯᠦᠮᠧᠲᠷ ᠤᠷᠴᠢᠮ ᠶᠠᠪᠤᠪᠠ ᠭᠡᠵᠦ ᠰᠡᠭᠦᠯᠡᠷ ᠨᠢ ᠭᠡᠯᠡᠵᠦ ᠦᠭᠴᠠᠢ︶ ᠡᠮᠦᠨ᠎ᠠ ᠶᠠᠪᠤᠵᠦ ᠪᠠᠶᠢᠬᠰᠠᠠ ᠲᠡᠷᠡ ᠮᠠᠰᠢᠨ ᠲᠡᠷᠭᠡ ᠨᠢᠭᠡᠨ ᠬᠦᠳᠦᠯ ᠬᠦᠷᠦᠭᠡᠳ ᠶᠠᠪᠤᠬᠤ ᠪᠠᠨ ᠪᠤᠯᠢᠪᠠ᠂ ᠶᠠᠭᠠᠬᠢᠭᠠᠳ ᠶᠠᠪᠤᠬᠤ ᠦᠭᠡᠢ ᠪᠤᠢ︖ ᠭᠡᠵᠦ ᠰᠢᠬᠠᠮᠳᠠᠭᠤᠯᠬᠤ ᠰᠠᠨᠠᠭ᠎ᠠ ᠲᠠᠢ ᠪᠠᠶᠢᠳᠠᠯ᠎ᠠ  ᠪᠠᠨ ᠭᠡᠨᠡᠳᠳᠡ ᠶᠠᠭᠤ ᠲᠠᠭᠠᠷᠠᠯᠳᠤᠬᠰᠠᠠ ᠮᠠᠭᠠᠳ ᠦᠭᠡᠢ ᠭᠡᠵᠦ ᠰᠠᠨᠠᠵᠦ ᠤᠯᠪᠠ᠃               ᠦᠨᠡᠨ ᠲᠡᠶᠢᠮᠦ ᠪᠠᠶᠢᠯ᠎ᠠ᠂ ᠮᠠᠰᠢᠨ ᠲᠡᠷᠭᠡᠨ ᠤ ᠴᠤᠩᠬᠤᠨ ᠵᠠᠪᠰᠠᠷ ᠢᠶᠠᠷ ᠭᠠᠳᠠᠬᠰᠢ ᠬᠠᠷᠠᠬᠤ ᠳᠤ ᠬᠦᠳᠦᠯ ᠤᠨ ᠴᠠᠭᠠᠨ᠎ᠠ ᠪᠠᠰᠠ ᠡᠪᠡᠰᠦ ᠨᠤᠭᠤᠭ᠎ᠠ ᠰᠠᠬᠤᠯᠢᠬ ᠤᠷᠭᠤᠬᠰᠠᠠ ᠬᠤᠶᠠᠷ ᠬᠦᠳᠦᠯ ᠤᠨ ᠬᠤᠭᠤᠷᠤᠨᠳᠤᠬᠢ ᠬᠠᠪᠴᠢᠯ ᠳᠤ ᠨᠢᠭᠡ ᠰᠦᠷᠦᠭ ᠲᠠᠬᠢ ᠡᠷᠭᠡ ᠴᠢᠯᠦᠭᠡᠳᠠᠢ ᠪᠡᠯᠴᠢᠵᠦ ᠪᠠᠶᠢᠬᠤ ᠶᠢ ᠤᠯᠵᠦ ᠦᠵᠡᠯ᠎ᠠ᠂ ᠮᠠᠨ ᠲᠠᠢ ᠤᠢᠢᠷᠠᠯᠴᠠᠭ᠎ᠠ ᠪᠠᠶᠢᠭ᠎ᠠ ᠡᠨᠡᠬᠦ ᠬᠦᠳᠦᠯ ᠳᠤ ᠦᠩᠭᠡ ᠶᠢᠨ ᠴᠡᠴᠡᠭ ᠲᠡᠯᠭᠡᠷᠡᠭᠰᠡᠡ ᠪᠠᠶᠢᠪᠠ᠃   ᠨᠢᠳᠦᠨ ᠡᠮᠦᠨᠡᠬᠢ ᠡᠳᠡᠭᠡᠷ ᠵᠢᠷᠤᠬ ᠲᠦᠷᠰᠦ ᠶᠢ ᠦᠨᠡᠭᠡᠷ ᠢᠳᠡᠭᠡᠵᠦ ᠶᠠᠳᠠᠨ᠎ᠠ᠂ ᠮᠠᠨ ᠤ ᠠᠵᠠ ᠶᠤᠰᠤᠳᠠᠢ ᠰᠠᠶᠢᠨ᠃               ᠭᠡᠭᠡᠷ᠎ᠠ ᠲᠠᠯ᠎ᠠ ᠳᠤ ᠪᠡᠯᠴᠢᠨ ᠢᠳᠡᠰᠢᠯᠡᠵᠦ ᠪᠠᠶᠢᠭ᠎ᠠ ᠲᠠᠬᠢ ᠶᠢᠨ ᠰᠦᠷᠦᠭ ᠨᠢᠳᠦᠨ ᠡᠮᠦᠨᠡᠬᠢ ᠠᠭᠤᠯᠠᠨ ᠬᠠᠪᠴᠢᠯ ᠳᠤ ᠬᠦᠯᠢᠶᠡᠵᠦ ᠪᠠᠶᠢᠬᠰᠠᠠ ᠮᠡᠳᠦ᠃
    ᠫᠦᠱ ᠲᠠᠬᠢ  2006 ᠤᠨ ᠤ 7 ᠰᠠᠷ᠎ᠠ ᠳᠤ ᠮᠤᠩᠭᠤᠯ ᠤᠯᠤᠰ   ᠲᠤ         ᠡᠳᠡᠭᠡᠷ ᠪᠤᠯ ᠬᠠᠷᠢᠨ   ᠡᠩ ᠤᠨ ᠲᠠᠬᠢ ᠪᠢᠰᠢ᠂ ᠲᠤᠩ ᠨᠡᠷ᠎ᠠ ᠠᠯᠳᠠᠷ ᠲᠠᠢ ᠬᠦᠳᠡᠭᠡ ᠨᠤᠳᠤᠬ ᠤᠨ ᠬᠠᠮᠤᠭ ᠤᠨ ᠡᠷᠳᠡᠨ ᠤ ᠴᠡᠪᠡᠷ ᠤᠳᠤᠮ ᠤᠨ ︽ᠫᠦᠱ ᠲᠠᠬᠢ︾ ᠪᠤᠯᠤᠨ᠎ᠠ᠃             ᠤᠯᠠᠨ ᠢᠶᠠᠷ ᠢᠶᠠᠨ ᠪᠦᠷ ᠠᠮᠠ ᠪᠠᠨ ᠠᠩᠭᠠᠢᠢᠨ ᠨᠢᠳᠦ ᠪᠠᠨ ᠪᠦᠯᠳᠢᠢᠯᠭᠡᠨ ᠠᠨᠢᠷ ᠴᠢᠮᠡᠭᠡ ᠦᠴᠦᠭᠡᠨ ᠴᠦ ᠭᠠᠷᠭᠠᠬᠤ ᠦᠭᠡᠢ ᠪᠠᠷ ᠲᠡᠷᠭᠡ ᠠᠴᠠ ᠪᠠᠨ ᠪᠠᠭᠤᠵᠦ   ᠰᠠᠮᠠᠭᠡᠷ ᠲᠠᠬᠢ ᠲᠡᠰᠢ ᠤᠢᠢᠷᠠᠳᠤᠪᠠ᠃               ᠲᠠᠬᠢ ᠬᠦᠮᠦᠨ ᠠᠴᠠ ᠲᠡᠮᠡᠢ ᠠᠶᠤᠨ ᠰᠦᠷᠳᠡᠬᠦ ᠦᠭᠡᠢ ︵ᠡᠰᠡᠪᠡᠯ ᠲᠡᠳᠡ ᠠᠮᠤᠷ ᠲᠦᠪᠰᠢᠨ ᠤ ᠤᠷᠤᠨ ᠵᠠᠢ ᠪᠠᠨ ᠠᠵᠢᠬᠯᠠᠵᠦ ᠮᠡᠳᠡᠬᠦ ᠪᠤᠯᠤᠯᠳᠠᠢ︶ ᠤᠢᠢᠰᠢᠶᠠᠬᠤ ᠴᠦ ᠦᠭᠡᠢ ᠲᠤᠯᠤᠭᠠᠢ ᠦᠨᠳᠡᠶᠢᠯ ᠦᠭᠡᠢ ᠡᠪᠡᠰᠦ ᠢᠳᠡᠵᠦ ᠵᠤᠬᠰᠤᠨ᠎ᠠ᠃ ᠲᠤᠳᠤᠷᠬᠠᠢ ᠲᠤᠭᠠᠯᠠᠵᠦ ᠲᠡᠶᠢᠯᠦᠯ᠎ᠠ᠂ ᠨᠡᠶᠢᠳᠡ ᠠᠷᠪᠠᠨ ᠭᠤᠷᠪᠠ ᠪᠤᠢ᠂ ᠲᠤᠳᠤᠷ᠎ᠠ ᠨᠢ ᠭᠤᠷᠪᠠ ᠲᠦᠷᠪᠡᠨ ᠤᠨᠠᠭ᠎ᠠ ᠲᠠᠢ᠂ ᠬᠠ ᠭᠤᠶ᠎ᠠ ᠨᠢ ᠤᠨᠴᠠ ᠤᠷᠳᠦ᠂ ᠨᠢᠯᠬᠠᠰᠠᠬ ᠭᠡᠪ ᠢᠶᠠᠷ ᠬᠠᠷᠠᠬᠳᠠᠨ᠎ᠠ᠃               ᠮᠠᠨ ᠤ ᠬᠤᠶᠠᠷ ᠲᠡᠷᠭᠡ ᠬᠦᠮᠦᠰ ᠨᠡᠶᠢᠯᠡᠭᠡᠳ ᠠᠷᠪᠠ ᠭᠠᠷᠤᠢ ᠬᠦᠮᠦᠨ᠂ ᠪᠠᠰᠠ ᠬᠤᠶᠠᠷ ᠭᠤᠷᠪᠠᠨ ᠭᠡᠤᠭᠡᠳ  ᠲᠠᠢ᠂ ᠶᠠᠮᠠᠷ ᠤᠯᠤᠰ ᠤᠨ ᠬᠢ ᠴᠦ ᠪᠦᠷ ᠪᠤᠢ᠂ ᠲᠡᠯᠡᠭᠡᠢ ᠶᠢᠨ ᠪᠦᠮᠪᠦᠷᠴᠡᠭ ᠤᠨ ᠤᠯᠠᠨ ᠭᠠᠵᠠᠷ ᠠᠴᠠ ᠬᠦᠷᠦᠯᠴᠠᠨ ᠢᠷᠡᠭᠡᠳ ᠫᠦᠱ ᠲᠠᠬᠢ ᠲᠠᠢ ᠠᠭᠤᠯᠵᠠᠵᠦ ᠴᠢᠳᠠᠬᠰᠠᠠ ᠳᠠᠭᠠᠨ ᠶᠡᠭᠡᠳᠡ ᠪᠠᠶᠠᠷᠳᠠᠢ ᠪᠠᠶᠢᠯ᠎ᠠ᠃         ᠬᠦᠮᠦᠨ ᠬᠢᠭᠡᠳ ᠲᠠᠬᠢ ᠦᠩᠭᠡ ᠶᠢᠨ ᠴᠡᠴᠡᠭ ᠢᠯᠭᠠᠷᠠᠨ ᠲᠡᠯᠭᠡᠷᠡᠭᠰᠡᠡ ᠬᠦᠳᠦᠯ ᠢᠶᠠᠷ ᠠᠯᠤᠰᠯᠠᠨ ᠬᠠᠷᠢᠯᠴᠠᠨ ᠰᠢᠷᠳᠡᠯᠴᠡᠵᠦ ᠪᠠᠶᠢᠬᠰᠠᠠ ᠴᠦ ᠪᠦᠷ ᠡᠰᠡᠷᠬᠦ ᠡᠳᠡᠭᠡᠳ ᠢᠶᠠᠨ ᠲᠡᠮᠡᠢ ᠠᠩᠬᠠᠷᠴᠦ ᠦᠭᠡᠢ ᠰᠢᠭ ᠢᠶᠠᠷ ᠤᠪᠤᠷᠳᠠᠨ᠎ᠠ᠂ ᠭᠡᠳᠡᠯ᠎ᠠ ᠲᠡᠳᠡ ᠪᠦᠷ ᠲᠤᠳᠤᠷ᠎ᠠ ᠪᠠᠨ ᠤᠷᠤᠬᠰᠢᠯᠬᠠᠤ ᠪᠤᠶᠤ ᠤᠬᠤᠷᠢᠬᠤ ᠤᠷᠤᠨ ᠵᠠᠢ ᠪᠠᠨ ᠲᠦᠰᠦᠭᠡᠯᠡᠵᠦ ᠪᠠᠶᠢᠳᠠᠬ᠂ ᠡᠶᠢᠮᠦᠷᠬᠦ ᠪᠠᠶᠢᠳᠠᠯ ᠬᠤᠷᠢᠭᠠᠳ ᠮᠢᠨᠦ᠋ᠲ ᠦᠷᠬᠦᠯᠵᠢᠯᠡᠵᠦ ᠠᠮᠤᠷ ᠲᠠᠶᠢᠪᠤᠩ ᠮᠦᠷᠳᠡᠭᠡᠨ ᠨᠠᠮᠵᠢᠭᠤᠨ ᠪᠠᠶᠢᠯ᠎ᠠ᠃             ᠪᠠᠰᠠ ᠤᠳᠠᠵᠦ ᠪᠤᠯᠬᠤ ᠪᠠᠶᠢᠬᠰᠠᠠ᠂ ᠭᠡᠪᠡᠴᠦ ᠪᠦᠯᠦᠭ ᠬᠦᠮᠦᠨ ᠤ ᠲᠤᠳᠤᠷᠠᠬᠢ ᠲᠤᠷᠤᠨᠠᠳᠠᠬᠢᠨ ᠠᠴᠠ ᠢᠷᠡᠭᠰᠡᠡ ᠵᠠᠯᠠᠭᠤ ᠲᠡᠰᠬᠦ ᠪᠠᠨ ᠪᠤᠯᠢᠵᠦ ᠤᠷᠤᠬᠰᠢ ᠢᠯᠡᠬᠦᠦ ᠭᠡᠳᠦᠨ ᠠᠯᠬᠤᠮ ᠶᠠᠪᠤᠬᠰᠠᠠ ᠴᠢᠨᠢ ᠲᠠᠬᠢ ᠶᠢᠨ ᠰᠦᠷᠦᠭ ᠨᠠᠮᠵᠢᠭᠤᠨ ᠪᠤᠰᠦ ᠪᠤᠯᠵᠦ ᠲᠦᠷᠪᠡᠨ ᠲᠠᠬᠢ ᠡᠬᠢᠯᠡᠨ ᠬᠦᠳᠡᠯᠤᠭᠡᠳ ᠠᠭᠤᠯᠠᠨ ᠬᠠᠪᠴᠢᠯ ᠤᠨ ᠨᠦᠬᠦᠭᠡ ᠲᠠᠯ᠎ᠠ ᠲᠡᠰᠢ ᠰᠢᠯᠵᠢᠵᠦ ᠨᠠᠷᠢᠨ ᠵᠠᠮ ᠴᠢᠨᠠᠬᠰᠢᠯᠠᠪᠠᠯ ᠦᠷᠭᠡᠨ ᠠᠭᠤᠳᠠᠮ ᠠᠯᠤᠰ ᠬᠤᠯᠠ ᠭᠠᠵᠠᠷ ᠢ ᠴᠢᠭᠯᠡᠭᠰᠡᠡ ᠳᠤ ᠪᠢᠴᠢᠬᠠᠨ ᠤᠨᠠᠭ᠎ᠠ ᠴᠦ ᠪᠤᠰᠴᠦ ᠵᠤᠬᠰᠤᠭᠠᠳ ᠡᠭᠡ ᠶᠢᠨ ᠢᠶᠠᠨ ᠠᠷᠦ ᠠᠴᠠ ᠲᠠᠭᠠᠵᠠᠢ᠂ ᠠᠷᠪᠠᠨ ᠭᠤᠷᠪᠠᠨ ᠲᠠᠬᠢ ᠵᠢᠬᠰᠠᠨ ᠮᠦᠷᠯᠡᠭᠡᠳ ᠡᠨᠡᠬᠦ ᠠᠭᠤᠯᠠᠨ ᠬᠠᠪᠴᠢᠯ ᠠᠴᠠ ᠠᠯᠭᠤᠷ ᠠᠭᠠᠵᠢᠮ ᠢᠶᠠᠷ ᠵᠠᠶᠢᠳᠠᠬᠤ ᠪᠠᠶᠢᠳᠠᠯ ᠠᠴᠠ ᠦᠵᠡᠪᠡᠯ ᠠᠶᠤᠨ ᠰᠦᠷᠳᠡᠭᠰᠡᠡ ᠰᠢᠨᠵᠢ ᠦᠭᠡᠢ ᠪᠤᠯᠬᠤᠷ ᠮᠠᠨ ᠤ ᠲᠤᠳᠤᠷ᠎ᠠ ᠴᠦ ᠲᠡᠳᠡᠨ ᠢ   ᠰᠤᠴᠢᠭᠠᠵᠦ ᠬᠡᠯᠮᠡᠭᠳᠡᠬᠦᠯᠦᠭᠰᠡᠨ ᠮᠡᠳᠦ ᠲᠦᠷᠦᠭᠳᠡᠯ ᠤᠷᠤᠬᠰᠠᠠ ᠦᠭᠡᠢ᠃               ᠬᠠᠷᠠᠴᠠ ᠪᠠᠨ ᠰᠢᠯᠵᠢᠭᠦᠯᠦᠨ ᠲᠡᠳᠡᠨ ᠤ ᠬᠤᠯᠠᠳᠴᠦ ᠶᠠᠪᠤᠬᠤ ᠶᠢ ᠰᠢᠷᠳᠡᠵᠦ ᠪᠠᠶᠢᠳᠠᠯ᠎ᠠ ᠪᠠᠰᠠ ᠬᠤᠶᠠᠷ ᠵᠤᠭᠠᠴᠠᠯ ᠤᠨ ᠮᠠᠰᠢᠨ ᠲᠡᠷᠭᠡ ᠬᠦᠷᠴᠦ ᠢᠷᠡᠵᠦ ᠵᠤᠬᠰᠤᠮᠠᠬᠴᠠ ᠨᠢᠭᠤᠷ ᠲᠦᠭᠦᠷᠡᠩ ᠪᠠᠶᠠᠰᠬᠤᠯᠠᠩᠳᠦ ᠴᠢᠷᠠᠢ ᠲᠠᠢ ᠦᠷᠦᠨᠡᠳᠠᠬᠢᠨ ᠤ ᠨᠢᠭᠡᠨ ᠭᠡᠤᠭᠡᠨ ᠦᠰᠦᠷᠦᠨ ᠪᠠᠭᠤᠵᠦ ᠢᠷᠡᠭᠡᠳ ᠬᠤᠯᠠᠳᠴᠦ ᠶᠠᠪᠤᠬᠤ ᠲᠠᠬᠢ ᠶᠢᠨ ᠰᠦᠷᠦᠭ ᠤᠨ ᠬᠤᠶᠢᠨ᠎ᠠ ᠠᠴᠠ ᠵᠠᠪᠳᠤᠨ ᠰᠡᠭᠦᠳᠡᠷᠯᠡᠨ᠎ᠠ᠃                 ᠵᠦᠯᠭᠡᠨ ᠲᠡᠭᠡᠷ᠎ᠠ ᠰᠠᠭᠤᠬᠰᠠᠠ ᠨᠠᠳᠠᠳᠦ ᠤᠳᠦ ᠶᠢᠨ ᠡᠳᠡᠭᠡᠷ ᠤᠯᠤᠯᠳᠠ ᠳᠤ ᠬᠠᠨᠤᠮᠵᠢ ᠦᠭᠡᠢ ᠲᠦᠷᠦᠭᠳᠡᠯ ᠤᠷᠤᠪᠠ᠂ ᠮᠢᠨᠦ ᠪᠤᠳᠤᠯ ᠳᠤ   ᠡᠨᠡ ᠵᠢᠯ ᠤᠨ ᠲᠦᠷᠪᠡᠨ ᠰᠠᠷ᠎ᠠ ᠶᠢᠨ ᠦᠶ᠎ᠠ ᠪᠠᠷ ᠪᠧᠯᠬᠢ ᠳᠤ ᠪᠠᠶᠢᠬᠤ ᠳᠤ ᠢ ᠰᠦ᠋ ᠠᠪᠤᠭᠠᠢ ᠲᠠᠢ ᠫᠦᠱ ᠲᠠᠬᠢ ᠶᠢᠨ ᠲᠤᠬᠠᠢ ᠶᠠᠷᠢᠯᠴᠠᠵᠦ ᠪᠠᠶᠢᠬᠰᠠᠠ ᠴᠢᠨᠢ ᠭᠤᠷᠪᠠᠨ ᠰᠠᠷ᠎ᠠ ᠶᠢᠨ ᠲᠠᠷᠠᠭ᠎ᠠ ᠤᠳᠦ ᠬᠠᠷᠢᠨ ᠮᠤᠩᠭᠤᠯ ᠤᠨ ᠦᠨᠳᠦᠷᠯᠢᠭ ᠲᠤ ᠡᠳᠡᠭᠡᠷ ᠲᠠᠬᠢ ᠶᠢ ᠨᠢᠳᠦ ᠪᠠᠷ ᠢᠶᠠᠨ ᠤᠯᠵᠦ ᠦᠵᠡᠭᠰᠡᠡ ᠮᠢᠨᠢ ᠶᠠᠭᠠᠬᠢᠬᠰᠠᠠ ᠰᠠᠶᠢᠬᠠᠨ ᠠᠵᠠ ᠲᠠᠭᠠᠷᠠᠬᠰᠠᠠ ᠠᠵᠢ︕               ᠫᠦᠱ ᠲᠠᠬᠢ ᠶᠢᠨ ᠪᠢᠴᠢᠭ ᠤᠨ ᠨᠡᠷ᠎ᠠ ᠨᠢ Equus cabaIIus prjeYaIskI ᠭᠡᠳᠡᠭ᠃ ᠴᠤᠷ ᠤᠨ ᠭᠠᠭᠴᠠ ᠴᠡᠪᠡᠷ ᠤᠳᠤᠮ ᠤᠨ ᠲᠠᠬᠢ ᠪᠤᠯᠬᠤᠷ ᠠᠷᠠᠴᠢᠯᠠᠨ ᠲᠡᠵᠢᠭᠡᠵᠦ ᠭᠡᠭᠡᠷ᠎ᠠ ᠲᠠᠯᠪᠢᠬᠰᠠᠠ ᠲᠠᠬᠢ ︵ ᠹᠷᠠᠨᠼᠢ ᠭᠡᠯᠡᠨ ᠤ ᠨᠡᠷᠡᠶᠢᠳᠦᠯ ᠳᠤ LeMustang LeCImarrow LeBrumby ᠭᠡᠬᠦ ᠵᠡᠷᠭᠡ ᠨᠡᠷ᠎ᠠ  ᠲᠠᠢ ᠲᠠᠬᠢ ᠪᠤᠢ︶᠃ ᠲᠡᠭᠦᠨ ᠢ 1879 ᠤᠨ ᠳᠤ ᠤᠷᠤᠰ ᠤᠨ ᠨᠢᠭᠡᠨ ᠪᠠᠷᠳᠠᠭ᠎ᠠ ᠬᠠᠶᠢᠬᠴᠢ N.M.PrjeYaIski ᠤᠯᠵᠦ ᠮᠡᠳᠡᠭᠰᠡᠡ   ᠶᠤᠮ᠃           ᠫᠦᠱ ᠲᠠᠬᠢ ᠬᠦᠶᠦᠭᠡᠨ ᠰᠢᠷᠠᠪᠳᠤᠷ ᠦᠩᠭᠡ ᠲᠠᠢ᠂ ᠦᠷᠭᠡᠨ ᠮᠠᠩᠨᠠᠢ ᠲᠠᠢ᠂ ᠬᠢᠩᠭᠠᠨ ᠬᠠᠮᠠᠷ ᠲᠠᠢ᠂ ᠭᠡᠪᠡᠴᠦ ᠲᠠᠬᠢ ᠶᠢᠨ ᠬᠦᠮᠦᠨ ᠳᠤ ᠦᠭᠳᠡᠭ ᠲᠦᠷᠦᠭᠳᠡᠯ ᠨᠢ ᠮᠤᠩᠭᠤᠯ ᠮᠤᠷᠢᠨ ᠤ ᠰᠢᠨᠵᠢ ᠲᠦᠯᠦᠪ ᠲᠠᠢ ᠪᠠᠶᠢᠳᠠᠬ᠂ ᠮᠠᠰᠢ ᠡᠷᠳᠡᠨ ᠤ ᠦᠶ᠎ᠠ ᠠᠴᠠ ᠤᠳᠤᠮᠰᠢᠵᠦ ᠢᠷᠡᠭᠰᠡᠡ ᠬᠦᠮᠦᠨ ᠲᠦᠷᠦᠯᠬᠢᠳᠡᠨ ᠳᠤ ᠡᠷᠭᠡᠰᠢᠶᠡᠭᠳᠡᠵᠦ ᠦᠵᠡᠭᠡ ᠦᠭᠡᠢ ᠵᠡᠷᠯᠢᠭ ᠠᠮᠢᠳᠡᠨ ᠪᠤᠯᠤᠨ᠎ᠠ ︵ᠤᠳᠦ ᠲᠡᠭᠦᠨ ᠢ ᠬᠠᠮᠠᠭᠠᠯᠠᠬᠤ ᠡᠭᠦᠳᠡᠨ ᠠᠴᠠ ᠤᠯᠤᠰ ᠤᠨ ᠴᠡᠴᠡᠷᠯᠢᠭ ᠤᠨ ᠬᠦᠷᠢᠶᠡᠯᠡᠩ ᠳᠤ ᠠᠷᠠᠴᠢᠯᠠᠨ ᠲᠡᠵᠢᠭᠡᠵᠦ ᠪᠤᠢ᠂ ᠦᠨᠡᠨᠳᠡᠭᠡᠨ ᠡᠨᠡ ᠨᠢ ᠨᠢᠭᠡ ᠵᠦᠢᠯ ᠤᠨ ᠶᠡᠭᠡ ᠬᠦᠷᠢᠶ᠎ᠠ ᠭᠡᠪᠴᠢᠶᠡᠨ ᠲᠤᠳᠤᠷᠠᠬᠢ ᠠᠷᠠᠴᠢᠯᠠᠯᠳᠠ ᠪᠤᠯᠤᠨ᠎ᠠ︶᠃               ᠲᠠᠶᠢᠸᠠᠨ ᠳᠤ ᠪᠤᠴᠠᠬᠤ ᠦᠶ᠎ᠠ ᠳᠤ ᠢ ᠰᠦ᠋ ᠳᠤ ᠤᠳᠠᠰᠤᠳᠠᠨ ᠲᠡᠭᠦᠨ ᠯᠦᠭᠡ ᠮᠢᠨᠦ ᠤᠳᠦ ᠶᠢᠨ ᠪᠠᠶᠠᠷ ᠵᠢᠷᠭᠠᠯ ᠢᠶᠠᠨ ᠬᠤᠪᠢᠶᠠᠯᠴᠠᠨ ᠡᠳ᠋ᠯᠡᠪᠡᠯ ᠲᠡᠷᠠ ᠯᠠᠪᠳᠠᠢ ᠪᠠᠶᠠᠷᠯᠠᠬᠤ ︵ᠭᠡᠪᠡᠴᠦ ᠤᠳᠦ ᠬᠠᠷᠢᠨ ᠭᠠᠷ ᠺᠤᠮᠫᠢᠦ᠋ᠲ᠋ᠧᠷ ᠪᠠᠶᠢᠬᠤ ᠦᠭᠡᠢ᠂ e-maiI ᠭᠡᠷᠡᠭᠯᠡᠵᠦ ᠴᠢᠳᠠᠬᠤ ᠦᠭᠡᠢ ᠳᠠᠭᠠᠨ ᠮᠠᠰᠢ ᠬᠠᠷᠠᠮᠰᠠᠵᠦ ᠪᠤᠢ᠂ ᠦᠭᠡᠢ ᠪᠤᠯ ᠠᠪᠤᠨ ᠲᠤᠤᠷ᠎ᠠ ᠪᠠᠨ ᠲᠡᠭᠦᠨ ᠳᠤ ᠠᠳᠡᠬᠢ ᠪᠠᠶᠢᠳᠠᠯ ᠢ ᠮᠡᠳᠡᠭᠳᠡᠬᠦ ᠦᠭᠡᠢ ᠤᠤ ᠳ᠋ᠡ︶ ᠭᠡᠳᠡᠭ ᠢ ᠰᠠᠨᠠᠵᠦ ᠤᠯᠤᠬᠰᠠᠠ᠃               ᠮᠠᠨ ᠤ ᠡᠮᠦᠨ᠎ᠠ ᠲᠠᠪᠬᠢᠭᠤᠯᠵᠦ ᠪᠠᠶᠢᠬᠰᠠᠠ ᠲᠡᠷᠡᠬᠦ ᠵᠤᠭᠠᠴᠠᠯ ᠤᠨ ᠮᠠᠰᠢᠨ ᠲᠡᠷᠭᠡ ᠪᠤᠴᠠᠴᠢᠬᠠᠯ᠎ᠠ᠂ ᠰᠠᠶ᠋ᠢᠬᠠᠨ ᠬᠦᠷᠴᠦ ᠢᠷᠡᠭᠰᠡᠡ ᠬᠤᠶᠠᠷ ᠵᠤᠭᠠᠴᠠᠯ ᠤᠨ ᠮᠠᠰᠢᠨ ᠲᠡᠷᠭᠡ ᠨᠡᠯᠢᠶᠡᠳ ᠵᠠᠶᠢᠳᠠᠢ ᠵᠤᠬᠰᠤᠪᠠ᠂ ᠰᠦ᠋ ᠶᠢᠩ ᠨᠡᠩ ᠴᠦ ᠬᠤᠯᠠᠳᠤᠨ ᠶᠠᠪᠤᠬᠰᠠᠠ ᠲᠠᠬᠢ ᠶᠢᠨ ᠰᠦᠷᠦᠭ ᠢ ᠰᠠᠭᠦᠳᠡᠷᠯᠡᠬᠦ ᠪᠠᠷ ᠶᠠᠪᠤᠪᠠ᠂ ᠪᠢ ᠬᠤᠸᠠᠷ ᠴᠡᠴᠡᠭ ᠢᠯᠭᠠᠷᠠᠨ ᠲᠡᠯᠭᠡᠷᠡᠭᠰᠡᠡ ᠬᠦᠳᠦᠯ ᠤᠨ ᠤᠷᠤᠢ ᠳᠤ ᠲᠠᠭᠠᠳᠠᠶᠢᠬᠠᠨ ᠰᠠᠭᠤᠭᠠᠳ ᠰᠠᠯᠵᠦ ᠶᠠᠪᠤᠬᠤ ᠶᠢ ᠶᠡᠷᠦ ᠪᠤᠳᠤᠬᠰᠠᠠ ᠦᠭᠡᠢ᠃               ᠶᠠᠭᠠᠬᠢᠵᠦ ᠪᠠᠶᠢᠵᠦ ᠡᠨᠡᠬᠦ ᠴᠠᠬ ᠮᠦᠴᠡ᠂ ᠡᠨᠡᠬᠦ ᠤᠷᠤᠨ ᠵᠠᠢ ᠶᠢ ᠵᠢᠷᠦᠭᠡᠨ ᠳᠡᠭᠡᠨ ᠬᠠᠳᠠᠩᠰᠢᠭᠤᠯᠬᠤ ᠪᠢᠯᠡ ︖             ᠦᠩ ᠰᠢᠮᠡᠯᠢᠭ ᠡᠪᠡᠰᠦ ᠨᠤᠭᠤᠭ᠎ᠠ ᠤᠷᠭᠤᠬᠰᠠᠠ ᠠᠭᠤᠯᠠᠨ ᠬᠠᠪᠴᠢᠯ ᠪᠤᠯᠤᠨ ᠬᠤᠯᠠ ᠶᠢᠨ ᠲᠡᠷᠡᠬᠦ ᠠᠭᠤᠯᠠ ᠬᠦᠪᠴᠢ ᠳᠤ ᠵᠦᠢᠯ ᠤᠨ ᠴᠡᠴᠡᠭ ᠦᠩᠭᠡ ᠪᠤᠯᠢᠶᠠᠯᠳᠤᠨ ᠲᠡᠯᠭᠡᠷᠡᠵᠠᠢ᠃ ᠠᠭᠤᠯᠠ ᠬᠦᠪᠴᠢᠨ ᠲᠡᠭᠡᠷ᠎ᠠ᠂ ᠬᠤᠷᠳᠤᠨ ᠬᠦᠯ ᠲᠠᠢ ᠲᠠᠬᠢ ᠨᠤᠭᠤᠳ ᠲᠡᠭᠷᠢ ᠭᠠᠵᠠᠷ ᠤᠨ ᠠᠭᠤᠯᠵᠠᠷ ᠲᠤ ᠵᠤᠬᠰᠤᠭᠠᠳ ᠡᠨᠡᠬᠦ ᠦᠩ ᠰᠢᠮᠡᠯᠢᠭ ᠠᠭᠤᠯᠨᠨ ᠬᠠᠪᠴᠢᠯ ᠢ ᠡᠷᠭᠢᠨ ᠬᠠᠷᠠᠨ᠎ᠠ᠂   ᠬᠦᠬᠡᠷᠦᠬᠦᠢ ᠪᠢᠴᠢᠬᠠᠨ ᠤᠨᠠᠭ᠎ᠠ ᠴᠦ ᠡᠭᠡ ᠶᠢᠨ ᠢᠶᠠᠨ ᠲᠡᠷᠭᠡᠳᠡ ᠨᠠᠰᠢ ᠴᠠᠰᠢ ᠲᠠᠪᠬᠢᠯᠳᠤᠨ ᠪᠠᠶᠢᠪᠠᠴᠦ ᠬᠤᠯᠠᠳᠬᠤ ᠰᠠᠨᠠᠭ᠎ᠠ ᠦᠭᠡᠢ ᠪᠠᠶᠢᠬᠤ ᠨᠢ ᠢᠯᠡᠭᠡᠨ᠂ ᠡᠶᠢᠮᠦᠷᠬᠦ ᠦᠵᠡᠭᠳᠡᠯ ᠨᠢ ᠦᠯᠢᠭᠡᠷ ᠲᠤᠮᠤᠭ ᠲᠠᠬᠢ ᠵᠢᠷᠤᠬ ᠲᠦᠷᠰᠦ ᠶᠤᠮ ᠤᠤ︖ ᠤᠯᠠᠮᠵᠢᠯᠠᠯ ᠶᠠᠷᠢᠶ᠎ᠠ ᠪᠢᠯᠢᠦ︖ ᠡᠰᠡᠪᠡᠯ ᠮᠢᠨᠤ ᠤᠨᠳᠠᠬᠤ ᠵᠡᠭᠦᠳᠦᠨ ᠳᠤ ᠲᠤᠬᠢᠶᠠᠯᠳᠤᠬᠰᠠᠠ ᠵᠦᠢᠯ ᠤᠤ︖ ᠭᠡᠳᠡᠭ ᠨᠢ ᠡᠰᠠ ᠮᠡᠳᠡᠷᠡᠭᠳᠡᠨ᠎ᠠ᠃               ᠡᠳᠡᠭᠡᠷ ᠨᠢ ᠦᠩᠭᠡᠷᠡᠭᠰᠡᠡ ᠤ ᠮᠢᠨᠦ ᠵᠡᠭᠦᠳᠦᠨ ᠶᠢᠷᠳᠢᠨᠴᠦ ᠳᠤ ᠲᠤᠬᠢᠶᠠᠯᠳᠤᠬᠰᠠᠠ ᠦᠵᠡᠭᠳᠡᠯ ᠤᠳ ᠤᠬᠳᠦ ᠪᠢᠰᠢ ᠪᠤᠯᠤᠯᠳᠠᠢ ᠁                                                                                               ︵ᠦᠷᠬᠦᠯᠵᠢᠯᠠᠯ ᠪᠤᠢ︶               ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号