ᠰᠢ᠊ ·  ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠᠨ ᠳᠣᠯᠤᠭ᠎ᠠ︶
ᠨᠡᠶᠢᠲᠡᠯᠡᠭᠰᠡᠨ ᠴᠠᠭ᠄
2016/4/15
     24 ᠤ ᠡᠳᠤᠷ ︵ᠭᠠᠷᠠᠭ ᠤᠨ ᠨᠢᠭᠡᠨ᠂ ᠲᠤᠩᠭᠠᠯᠠᠭ︶                ᠤᠷᠤᠢ ᠨᠢ ᠤᠯᠠᠭᠠᠨᠪᠠᠭᠠᠳᠤᠷ ᠲᠤ ᠪᠤᠴᠠᠵᠥ ᠢᠷᠡᠪᠡ᠃ ᠡᠨᠡ ᠦᠷᠯᠥᠭᠡ ᠶᠢᠨ ᠬᠤᠭᠤᠯᠠᠨ ᠲᠡᠭᠡᠷ᠎ᠡ ᠠᠯᠢ ᠡᠷᠳᠡ ᠲᠠᠶᠢᠪᠸᠢ ᠳᠡᠭᠡᠨ ᠪᠤᠴᠠᠨ᠎ᠠ ᠭᠡᠵᠥ ᠪᠠᠶᠢᠭᠰᠠᠠ ᠸᠧᠢ ᠠᠪᠠᠭᠠᠢ ᠪᠠᠰᠠ ᠶᠠᠪᠤᠭᠠᠳᠤᠢ ᠪᠠᠶᠢᠭᠰᠠᠠ ᠢ ᠤᠯᠵᠥ ᠦᠵᠡᠭᠡᠳ ᠮᠠᠰᠢ ᠪᠠᠶᠠᠷᠯᠠᠪᠠ  ᠂ 26 ᠤ ᠡᠳᠤᠷ ᠤᠯᠠᠭᠠᠨᠪᠠᠭᠠᠳᠤᠷ ᠬᠤᠳᠠ ᠶᠢᠨ ᠤᠢᠢᠷ᠎ᠠ ᠲᠡᠬᠦᠷᠬᠡ ᠳᠤ ᠪᠠᠶᠢᠭ᠎ᠠ ᠲᠶᠦ᠋ᠷᠺ ᠰᠤᠶᠤᠯ ᠤᠨ ᠦᠯᠡᠳᠡᠭᠳᠡᠯ ᠢ ᠦᠵᠡᠬᠦ ᠪᠠᠷ ᠤᠴᠢᠶ᠎ᠠ ᠭᠡᠵᠥ ᠲᠡᠬᠦᠨ ᠲᠠᠢ ᠪᠤᠯᠵᠤᠯ᠎ᠠ᠃          ᠡᠨᠡ ᠦᠷᠯᠥᠭᠡ ᠵᠤᠴᠢᠳ ᠤᠨ ᠪᠠᠭᠤᠳᠠᠯ ᠳᠤ ᠲᠤᠩ ᠬᠦᠭᠵᠢᠶᠡᠨ ᠲᠠᠢ ᠪᠤᠯᠵᠦ᠂ 24 ᠬᠦᠮᠥᠨ ᠲᠠᠢ ᠲᠠᠶᠢᠸᠠᠨ ᠤ ᠵᠢᠭᠤᠯᠴᠢᠯᠠᠯ ᠤᠨ ᠪᠦᠯᠬᠦᠮ ᠢᠷᠡᠭᠰᠡᠡ ᠪᠠᠶᠢᠪᠠ᠃ ᠮᠤᠩᠭᠤᠯ ᠲᠦᠪᠡᠳ ᠤᠨ ᠰᠠᠭᠤᠷᠢ ᠮᠥᠩᠬᠦᠨ ᠤ ᠨᠡᠶᠢᠭᠡᠮᠯᠢᠭ ᠤᠨ ᠭᠦᠸᠧ ᠭᠠᠵᠠᠷ ᠤᠨ ᠲᠠᠷᠤᠭ᠎ᠠ ᠪᠦᠯᠬᠦᠮ ᠲᠠᠭᠠᠭᠤᠯᠵᠥ᠂ ᠪᠦᠯᠬᠦᠮ ᠳᠤᠨᠢ  ᠡᠮᠡᠭᠳᠡᠶᠢᠴᠤᠳ ᠤᠨ ᠲᠤᠮᠳᠠᠳᠥ ᠰᠤᠷᠭᠠᠭᠤᠯᠢ ᠶᠢᠨ ᠪᠠᠭᠰᠢ ᠰᠤᠷᠤᠭᠴᠢᠳ᠂ ᠰᠤᠷᠭᠠᠭᠤᠯᠢ ᠶᠢᠨ ᠵᠠᠬᠢᠷᠤᠯ᠂ ᠪᠠᠰᠠ ᠲᠠᠶᠢᠸᠠᠨ ᠳᠤ ᠰᠠᠭᠤᠵᠥ ᠪᠠᠶᠢᠭ᠎ᠠ ᠮᠤᠩᠭᠤᠯ ᠤᠨ ᠬᠡᠳᠤᠨ ᠬᠦᠮᠥᠨ᠂ ᠰᠢᠤᠸᠠᠢ ᠤᠪᠤᠭᠳᠥ ᠠᠬ᠎ᠠ ᠲᠡᠬᠦᠤ ᠬᠤᠶᠠᠭᠤᠯᠠ ᠭᠡᠷ ᠪᠦᠯᠢ ᠪᠠᠨ ᠲᠠᠭᠠᠭᠤᠯᠤᠨ ᠢᠷᠡᠭᠰᠡᠨ ᠪᠠᠶᠢᠪᠠ᠂ ᠬᠠᠢ ᠵᠦᠩ ᠰᠢᠶᠦ᠋ᠩ ᠤᠨ ᠬᠡᠤᠬᠡᠳ ᠢ ᠦᠵᠡᠬᠡᠳ ᠮᠢᠨᠦ ᠲᠤᠳᠤᠷ᠎ᠠ ᠲᠤᠩ ᠲᠤᠳᠤᠨᠤ ᠰᠠᠨᠠᠭᠳᠠᠯ᠎ᠠ᠃              ᠲᠡᠳᠡᠨ ᠤ ᠲᠤᠳᠤᠷ᠎ᠠ ᠨᠢᠭᠡ ᠬᠡᠤᠬᠡᠨ ᠨᠢ ᠳ᠋ᠠᠨ ᠵᠢᠶᠠᠩ ᠶᠡᠭᠡ ᠰᠤᠷᠭᠠᠭᠤᠯᠢ ᠶᠢᠨ ᠬᠢᠳᠠᠳ ᠬᠡᠯᠡᠨ ᠤ ᠰᠠᠯᠪᠤᠷᠢ  ᠳᠤ ᠰᠤᠷᠤᠯᠴᠠᠵᠥ ᠪᠤᠢ᠃ ᠲᠡᠷᠡ ᠨᠡᠳᠡ ᠲᠠᠢ ᠶᠠᠷᠢᠯᠴᠠᠪᠠ᠃ ᠨᠢᠯᠪᠤᠰᠤ ᠤᠨᠠᠭᠠᠬᠤ ᠲᠤᠷᠠᠳᠠᠢ ᠮᠢᠨᠦ ᠬᠡᠳᠤᠨ ᠪᠢᠴᠢᠬᠠᠨ ᠤᠩᠰᠢᠬᠴᠢ ︵ᠲᠡᠳᠡᠨ ᠤ ᠨᠢᠯᠪᠤᠰᠤ ᠪᠠᠨ ᠤᠨᠠᠭᠠᠬᠤ ᠲᠤᠷᠠᠳᠠᠢ ᠪᠠᠶᠢᠳᠠᠭ ᠨᠢ ᠡᠩ ᠤᠨ ᠦᠵᠡᠯᠳᠡ ᠪᠠᠷ ᠲᠤᠭᠳᠠᠭᠠᠭᠳᠠᠭᠰᠠᠠ ︽ᠰᠡᠳᠬᠢᠭᠳᠡᠯ︾ ᠪᠢᠰᠢ᠂ ᠬᠠᠷᠢᠨ ᠤᠨᠴᠠᠭᠠᠢ ᠬᠠᠳᠠᠭᠤ ᠴᠢᠩᠭ᠎ᠠ ᠪᠦᠬᠡᠳ ᠤᠨᠴᠠᠭᠠᠢ ᠰᠡᠷᠭᠡᠭ ᠠᠮᠢ ᠨᠠᠰᠤ ᠲᠠᠢ ᠪᠠᠶᠢᠵᠥ᠂ ᠬᠡᠯᠡᠬᠦᠶ᠎ᠡ ᠪᠡᠷᠬᠡ ᠬᠦᠴᠢᠷ ᠪᠤᠯᠤᠨ ᠲᠠᠯᠪᠢᠯᠳᠠ ᠶᠢᠨ ᠦᠶ᠎ᠡ ᠳᠤ ᠨᠢᠯᠪᠤᠰᠤ ᠨᠢ ᠬᠠᠮᠤᠭ ᠤᠨ ᠠᠮᠠᠷᠬᠠᠨ ᠤᠨᠠᠳᠠᠭ︶ ᠶᠢᠨ ᠨᠢᠭᠡ ᠶᠤᠮ᠃              ᠡᠶᠢᠮᠤᠷᠬᠦ ᠠᠭᠤᠯᠵᠠᠯᠳᠠ ᠳᠤ ᠪᠢ ᠦᠨᠡᠨᠳᠡᠭᠡᠨ ᠶᠠᠭᠤ ᠴᠦ ᠬᠡᠯᠡᠬᠦ ᠦᠭᠡᠢ ᠪᠠᠶᠢᠪᠠᠯ ᠵᠤᠬᠢᠨ᠎ᠠ᠃ ᠦᠬᠡ ᠶᠠᠷᠢᠶ᠎ᠡ ᠠᠴᠠ ᠨᠢ ᠪᠤᠯᠤᠭᠰᠠᠠ ᠪᠢᠰᠢ᠂ ᠲᠡᠬᠦᠨ ᠤ ᠲᠡᠶᠢᠮᠤᠷᠬᠦ ᠲᠤᠰᠬᠠᠯ ᠠᠴᠠ ᠨᠢ ᠪᠤᠯᠤᠭᠰᠠᠠ ᠶᠤᠮ᠃ ᠨᠢᠭᠡ ᠵᠦᠢᠯ ᠤᠨ ᠴᠢᠩ ᠦᠨᠡᠨᠴᠢ ᠬᠦᠨᠳᠦᠳᠭᠡᠯ ᠪᠠᠶᠢᠬᠤ ᠰᠢᠭ᠋ ᠨᠠᠳᠠ ᠳᠤ ᠪᠤᠳᠤᠭᠳᠠᠯ᠎ᠠ᠃             ᠬᠡᠴᠢᠨᠡᠨ ᠬᠦᠮᠥᠨ ᠦᠪᠡᠷ ᠤᠨ ᠰᠦᠭ ᠰᠦᠨᠡᠰᠦ ᠪᠠᠨ ᠬᠡᠯᠡᠬᠦ ᠲᠤᠷᠠᠳᠠᠢ ᠪᠤᠢ ᠳ᠋ᠠ︖ ᠪᠠᠰᠠ ᠦᠪᠡᠷ ᠤᠨ ᠲᠦᠷᠦᠭᠳᠡᠯ ᠢᠶᠠᠨ ᠬᠡᠯᠡᠬᠦ ᠲᠤᠷ᠎ᠠ ᠦᠭᠡᠢ ᠪᠤᠢ ᠳ᠋ᠠ︖ ᠮᠦᠨ ᠬᠡᠴᠢᠨᠡᠨ ᠬᠦᠮᠥᠨ ᠨᠠᠰᠤ ᠪᠠᠷ ᠢᠶᠠᠨ ᠦᠴᠦᠭᠡᠨ ᠴᠦ ᠠᠴᠢ ᠬᠤᠯᠪᠤᠭᠳᠠᠯ ᠦᠭᠡᠢ ᠬᠦᠯᠢᠶᠡᠰᠤᠯᠡᠯ ᠢ ᠲᠠᠭᠠᠳᠠᠭ ᠪᠤᠢ︖              ᠦᠷᠯᠥᠭᠡ ᠶᠢᠨ ᠬᠤᠭᠤᠯᠠᠨ ᠲᠡᠭᠡᠷ᠎ᠡ᠂ ᠪᠢ ᠲᠡᠬᠦᠨ ᠤ ᠠᠪᠤ ᠶᠢᠨ ᠬᠠᠵᠠᠭᠤᠳᠠ ᠰᠠᠭᠤᠪᠠ᠃ ᠦᠬᠢᠨ ᠤ ᠪᠠᠨ ᠰᠠᠢᠢ ᠶᠢᠨ ᠰᠡᠳᠬᠢᠯ ᠬᠦᠳᠡᠯᠥᠭᠰᠡᠡ ᠪᠠᠶᠢᠳᠠᠯ ᠢ ᠬᠠᠷᠠᠭᠠᠳ᠂ ᠠᠪᠤ ᠨᠢ᠄ ︽ᠦᠨᠡᠨᠳᠡᠬᠡᠨ ᠦᠬᠢᠨ ᠮᠢᠨᠢ ᠴᠢᠨᠦ ᠰᠢᠯᠥᠭ  ᠠᠴᠠ ᠭᠠᠷᠬᠤ ᠵᠠᠮ ᠤᠯᠤᠭᠰᠠᠠ ᠶᠤᠮ᠃ ᠪᠢᠳᠡᠨ ᠤ ᠬᠦᠮᠥᠵᠢᠯ ᠠᠴᠠ ᠵᠢᠯᠤᠭᠤᠳᠤᠯᠭ᠎ᠠ ᠪᠤᠯᠤᠮᠠᠷ ᠶᠠᠭᠤᠮ᠎ᠠ ᠤᠯᠤᠭᠰᠠᠠ ᠦᠭᠡᠢ᠂ ᠲᠤᠬᠢᠷᠠᠮᠠᠷ ᠶᠠᠭᠤᠮ᠎ᠠ ᠴᠦ ᠤᠯᠤᠭᠰᠠᠠ ᠦᠭᠡᠢ᠂ ᠠᠯᠢ ᠬᠢᠴᠢᠶᠡᠯ ᠳᠤᠨᠢ ᠴᠣ᠋ ︿ᠨᠢᠬᠡ ᠬᠦᠮᠥᠨ ᠢ ᠬᠠᠶᠢᠷᠠᠯᠠᠬᠤ﹀  ᠠᠰᠠᠭᠤᠳᠠᠯ ᠢ ᠶᠠᠷᠢᠭᠰᠠᠠ ᠦᠭᠡᠢ ᠪᠠᠶᠢᠳᠠᠭ ᠁︾ ᠬᠡᠯ᠎ᠡ᠃             ᠲᠡᠶᠢᠮᠤ ᠡ᠂ ︽ᠨᠢᠭᠡ ᠬᠦᠮᠥᠨ ᠢ ᠬᠠᠶᠢᠷᠠᠯᠠᠬᠤ︾ ᠡᠰᠡᠬᠦᠯ᠎ᠡ ︽ᠨᠢᠭᠡ ᠬᠦᠮᠥᠨ ᠳᠤ ᠬᠠᠶᠢᠷᠠᠯᠠᠭᠳᠠᠬᠤ ᠶᠢ ᠪᠤᠳᠤᠬᠤ︾ ᠶᠠᠪᠤᠳᠠᠯ ᠢ ᠵᠦᠪᠬᠡᠨ ᠲᠤᠮᠤ ᠬᠦᠮᠥᠨ ︽ᠪᠤᠯᠬᠤ ᠦᠭᠡᠢ︾ ᠪᠤᠯᠤᠨ ︽ᠨᠠᠰᠤ ᠴᠢᠨᠢ ᠪᠠᠭ᠎ᠠ ᠪᠠᠶᠢᠨ᠎ᠠ︾ ᠭᠡᠵᠥ ᠬᠡᠯᠡᠬᠡᠳ ᠰᠢᠢᠳᠪᠤᠷᠢᠯᠡᠴᠢᠬᠡᠬᠦ ᠪᠢᠰᠢ᠃             ᠬᠡᠷᠪᠡ ᠮᠡᠳᠡᠯᠭᠡ ᠪᠠ ᠤᠷ᠎ᠠ ᠮᠡᠷᠭᠡᠰᠢᠯ ᠢ ᠰᠤᠷᠬᠤ ᠨᠢ ᠬᠡᠤᠬᠡᠳ ᠤ ᠬᠤᠵᠢᠮ ᠤᠨ ᠲᠥᠯᠥᠭᠡ ᠬᠡᠳᠡᠭ ᠪᠤᠯ ᠬᠡᠷᠬᠢᠨ ᠬᠠᠶᠢᠷᠠᠯᠠᠬᠤ ᠪᠠ ᠬᠠᠶᠢᠷᠠᠯᠠᠭᠳᠠᠬᠤ᠂ ᠴᠢᠨᠠᠭᠰᠢᠯᠠᠪᠠᠯ ︽ᠬᠠᠶᠢᠷᠠᠯᠠᠭᠳᠠᠬᠤ ᠦᠭᠡᠢ︾ ᠪᠤᠶᠤ ︽ᠲᠠᠬᠢᠭᠠᠳ ᠬᠠᠶᠢᠷᠠᠯᠠᠭᠳᠠᠬᠤ ᠦᠭᠡᠢ︾ ᠶᠢ ᠬᠦᠯᠢᠶᠡᠨ ᠠᠪᠬᠤ ᠶᠢ ᠰᠤᠷᠬᠤ ᠨᠢ ᠠᠮᠢ ᠨᠠᠰᠤᠨ ᠤ ᠢᠷᠡᠭᠡᠳᠤᠢ ᠶᠢᠨ ᠲᠥᠯᠥᠭᠡ ᠪᠢᠰᠢ ᠭᠡᠵᠢ ᠤᠤ︖             ᠵᠠᠯᠠᠭᠤ ᠶᠢᠨ ᠦᠶ᠎ᠡ ᠳᠡᠭᠡᠨ ᠨᠢᠭᠡ ᠬᠦᠮᠥᠨ ᠢ ᠬᠠᠶᠢᠷᠠᠯᠠᠬᠤ᠂ ᠡᠰᠡᠬᠦᠯ᠎ᠡ ᠨᠢᠭᠡ ᠬᠦᠮᠥᠨ ᠢ ᠬᠠᠶᠢᠷᠠᠯᠠᠬᠤ ᠶᠢ ᠪᠤᠳᠤᠬᠤ ᠨᠢ ᠮᠦᠨ ᠨᠠᠷᠢᠨ ᠬᠢᠨᠠᠮᠠᠭᠠᠢ ᠬᠠᠨᠳᠤᠬᠤ ᠴᠢᠬᠤᠯᠠᠳᠠᠢ ᠰᠤᠷᠤᠯᠴᠠᠯᠭ᠎ᠠ ᠪᠤᠯᠤᠨ᠎ᠠ᠂ ᠡᠨᠡ ᠪᠤᠯ ᠠᠮᠢ ᠨᠠᠰᠤ  ᠲᠠᠢ ᠬᠠᠮᠳᠥ ᠪᠤᠶᠢᠵᠢᠭᠰᠠᠠ ᠲᠤᠳᠠᠭᠳᠠᠵᠥ ᠪᠤᠯᠤᠰᠢ ᠦᠭᠡᠢ ᠬᠢᠴᠢᠶᠡᠯ ᠮᠥᠨ᠃             ᠬᠡᠪᠡᠴᠦ᠂ ᠦᠨᠦᠳᠤᠷ ᠪᠤᠯᠳᠠᠯ᠎ᠠ᠂ ᠪᠢ ᠰᠢᠯᠥᠭ ᠪᠢᠴᠢᠬᠦ ᠳᠡᠭᠡᠨ ᠶᠠᠮᠠᠷ ᠨᠢᠭᠡ ᠬᠦᠮᠥᠨ ᠢ ᠢᠳᠬᠠᠬᠤ ᠶᠢ ᠪᠤᠳᠤᠭᠰᠠᠠ ᠦᠭᠡᠢ᠂ ᠵᠦᠪᠬᠡᠨ ᠪᠡᠶ᠎ᠡ ᠪᠠᠨ ᠯᠡ ᠢᠳᠬᠠᠬᠤ ᠶᠢ ᠪᠤᠳᠤᠭᠰᠠᠠ ᠶᠤᠮ᠃             ᠬᠡᠶ᠎ᠡ᠂ ᠵᠠᠯᠠᠭᠤ ᠬᠡᠤᠬᠡᠳ ᠤᠳ ᠮᠢᠨᠦ ᠰᠢᠯᠥᠭ ᠠᠴᠠ ᠭᠠᠷᠬᠤ ᠵᠠᠮ ᠤᠯᠵᠥ ᠠᠪᠳᠠᠭ ᠶᠤᠮ ᠯᠠ ᠪᠤᠯ ᠨᠠᠳᠠ  ᠳᠤ ᠲᠤᠩ ᠵᠤᠯ ᠲᠠᠢ ᠪᠤᠳᠤᠭᠳᠠᠨ᠎ᠠ᠃ ᠪᠢᠳᠡᠨ ᠤ ᠬᠤᠭᠤᠷᠤᠨᠳᠥ ᠬᠠᠮᠳᠥ ᠶᠢᠨ ᠲᠠᠨᠢᠯᠳᠠ ᠲᠠᠢ ᠪᠠᠶᠢᠬᠤ ᠳᠤ ᠲᠤᠩ ᠵᠤᠯ ᠲᠠᠢ ᠰᠠᠨᠠᠭᠳᠠᠨ᠎ᠠ᠃ ᠡᠨᠡᠬᠦ ᠬᠠᠮᠳᠥ ᠶᠢᠨ ᠲᠠᠨᠢᠯᠳᠠ ᠨᠢ ᠲᠡᠶᠢᠮᠤ ᠴᠦ ᠬᠤᠵᠢᠮᠳᠠᠵᠥ ᠢᠷᠡᠭᠰᠡᠡ ᠪᠢᠰᠢ ᠶᠤᠮ᠃               ᠲᠦᠷᠦᠬᠦᠤ ᠬᠡᠳᠤᠨ ᠵᠢᠯ ᠪᠠᠶᠢᠵᠥ ᠪᠢᠯᠡ᠂ ᠨᠢᠭᠡ ᠤᠷᠤᠢ ᠤᠢᠢᠷᠠᠯᠴᠠᠭ᠎ᠠ ᠰᠠᠭᠤᠵᠥ ᠪᠠᠶᠢᠭᠰᠠᠠ ᠭᠤᠸᠠᠨ ᠵᠧᠩ ᠬᠡᠨᠡᠳᠳᠡ ᠤᠳᠠᠰᠦ ᠢᠷᠡᠬᠦᠯᠪᠡ᠃ ᠲᠡᠷᠡ ᠨᠠᠳᠠ ᠳᠤ᠄ ᠡᠨᠡ ᠤᠷᠤᠢ ᠡᠷᠳᠡ ᠰᠢᠭ ᠦᠶ᠎ᠡ ᠪᠠᠷ᠂ ᠮᠠᠨ ᠤ ᠭᠡᠷ  ᠲᠤ ᠭᠤᠷᠪᠠᠨ ᠵᠤᠴᠢᠨ ᠢᠷᠡᠪᠡ᠂ ᠡᠷ᠎ᠡ ᠡᠮ᠎ᠡ ᠬᠤᠶᠠᠭᠤᠯᠠ ᠪᠤᠯᠤᠨ ᠡᠷᠡᠭᠳᠡᠢ ᠶᠢᠨ ᠬᠢᠨᠢ ᠠᠬ᠎ᠠ ᠨᠢ ᠪᠠᠶᠢᠯ᠎ᠠ᠃ ᠡᠷ᠎ᠡ ᠡᠮ᠎ᠡ ᠬᠤᠶᠠᠭᠤᠯᠠ ᠪᠠᠨ ᠰᠦᠨ ᠴᠤᠤ ᠶᠢᠨ ᠰᠠᠶᠢᠬᠠᠨ ᠲᠠᠨᠢᠯ ᠲᠤᠯᠠ ᠰᠠᠭᠤᠮᠠᠭᠴᠠ ᠪᠠᠨ ᠵᠤᠭᠤᠭᠳᠠᠪᠠ᠃ ᠲᠡᠷᠡ ᠠᠬ᠎ᠠ ᠨᠢ ᠰᠠᠶ᠋ᠢᠬᠠᠨ ᠭᠠᠳᠠᠭᠠᠳᠥ ᠠᠴᠠ ᠲᠦᠷᠦᠯ ᠰᠠᠳᠤᠨ ᠢᠶᠠᠨ ᠡᠷᠬᠢᠨ ᠦᠵᠡᠬᠦ ᠪᠠᠷ ᠢᠷᠡᠭᠰᠡᠡ ᠬᠡᠨ᠎ᠡ᠃ ᠰᠦᠨ ᠴᠤᠤ ᠪᠤᠯᠤᠨ ᠭᠤᠸᠠᠨ ᠵᠧᠩ ᠲᠠᠢ ᠠᠩᠬ᠎ᠠ ᠤᠳᠠᠭ᠎ᠠ ᠠᠭᠤᠯᠵᠠᠵᠥ ᠪᠠᠶᠢᠨ᠎ᠠ᠃ ᠭᠠᠭᠴᠠᠭᠠᠷ ᠢᠶᠠᠨ ᠲᠡᠨᠳᠡ ᠰᠠᠭᠤᠵᠥ ᠨᠤᠮ ᠪᠢᠴᠢᠭ ᠠᠪᠤᠭᠠᠳ ᠦᠵᠡᠵᠥ ᠪᠠᠶᠢᠭᠰᠠᠠ ᠬᠡᠨ᠎ᠡ ᠬᠡᠪᠡ᠃           ᠭᠤᠸᠠᠨ ᠵᠧᠩ ᠤᠨ ᠢᠩᠬᠢᠵᠥ ᠲᠠᠮᠵᠢᠭᠤᠯᠤᠭᠰᠠᠠ ᠨᠢ ᠬᠡᠯᠡᠯᠬᠡᠨ ᠦᠭᠡᠢ ᠨᠠᠮᠠᠢᠢ ᠵᠤᠷᠢᠬᠵᠢᠭᠤᠯᠵᠥ ᠪᠠᠶᠢᠬᠤ ᠶᠤᠮ᠃ ᠮᠢᠨᠦ ᠰᠢᠯᠥᠭ ᠵᠠᠷᠢᠮ ᠲᠠᠯ᠎ᠠ ᠪᠠᠷ ᠲᠡᠬᠦᠨ ᠤ ᠰᠡᠳᠬᠢᠯ ᠢ ᠬᠦᠳᠡᠯᠭᠡᠭᠰᠡᠡ ᠪᠠᠶᠢᠵᠥ ᠮᠡᠳᠡᠨ᠎ᠡ᠂ ᠬᠡᠪᠡᠴᠦ ᠲᠠᠪᠢ ᠭᠠᠷᠤᠭᠰᠠᠠ ᠡᠷᠡᠭᠳᠡᠢ ᠶᠢᠨ ᠡᠭᠡᠷ ᠲᠠᠳᠠᠨ ᠤᠬᠢᠯᠠᠭᠰᠠᠠ ᠤ ᠭᠤᠤᠯ ᠰᠢᠯᠳᠠᠭᠠᠨ ᠨᠢ ᠡᠨᠡᠬᠦ ᠰᠡᠳᠬᠢᠯ ᠬᠦᠳᠡᠯᠥᠯᠳᠡ ᠤᠷᠦ᠋ᠢᠳᠠᠭᠰᠠᠠ ᠠᠴᠠ ᠪᠤᠯᠤᠭᠰᠠᠠ ᠪᠠᠶᠢᠬᠤ ᠡ︖       ᠪᠢᠳᠡ ᠪᠤᠯ ᠤᠤᠯ ᠠᠴᠠ ᠪᠠᠨ ᠰᠡᠳᠬᠢᠯ ᠵᠦᠬᠡᠯᠡᠨ ᠬᠦᠮᠥᠰ᠂ ᠭᠡᠪᠡᠴᠦ ᠲᠠᠪᠬᠤᠷ ᠲᠠᠪᠬᠤᠷ ᠬᠢᠵᠠᠭᠠᠷᠯᠠᠯ ᠪᠤᠯᠤᠨ ᠬᠦᠯᠢᠶᠡᠰᠦᠯᠡᠯ ᠳᠤ ᠤᠯᠠᠨ ᠵᠢᠯ ᠤᠶᠠᠭᠳᠠᠪᠠ᠂ ᠡᠨᠡ ᠨᠢ ᠶᠠᠭᠤᠳᠠᠢ ᠬᠠᠷᠠᠮᠰᠠᠯᠳᠠᠢ ᠶᠠᠪᠤᠳᠠᠯ ᠪᠤᠢ ︵ᠬᠡᠷᠪᠡ ᠨᠢᠭᠡ ᠪᠠᠳᠠᠭ ᠰᠢᠯᠥᠭ ᠤᠶᠠᠭᠳᠠᠭᠰᠠᠠ ᠠᠩᠬᠠᠨ ᠤ ᠰᠡᠳᠬᠢᠯ ᠢ ᠠᠯᠳᠠᠷᠠᠭᠠᠵᠥ ᠴᠢᠳᠠᠳᠠᠭ ᠪᠤᠯ ᠬᠡᠳᠤᠢ ᠤᠷᠦ᠋ᠢᠳᠠᠭᠰᠠᠠ ᠴᠦ ᠬᠤᠵᠢᠮᠳᠠᠯ᠎ᠠ ᠭᠡᠵᠥ ᠬᠡᠯᠡᠵᠥ ᠪᠤᠯᠬᠤ ᠦᠭᠡᠢ᠂ ᠲᠡᠶᠢᠮᠤ ᠪᠢᠰᠢᠦ︖︶᠃           ᠦᠳᠡ ᠶᠢᠨ ᠬᠤᠶᠢᠨᠠᠬᠢ 2 ᠴᠠᠭ ᠲᠤ᠂ ᠴᠢᠮᠡᠭ ᠪᠤᠯᠤᠨ ᠤᠶᠤᠨ᠎ᠠ ᠢᠷᠡᠭᠡᠳ᠂ ᠨᠠᠮᠠᠢᠢ ᠲᠠᠭᠠᠭᠤᠯᠤᠨ ᠲᠡᠤᠬᠡ ᠶᠢᠨ ᠡᠷᠳᠡᠮᠳᠡᠨ ᠲᠠᠯᠠᠢ ᠫᠷᠦᠹᠧᠰᠰᠤᠷ ᠲᠠᠢ ᠪᠠᠷᠠᠳᠠᠬᠤ ᠪᠠᠷ ᠤᠴᠢᠪᠠ᠃             ᠲᠡᠬᠦᠨ ᠤ ᠤᠪᠤᠷ ᠪᠠᠶᠢᠳᠠᠯ ᠦᠨᠡᠬᠡᠷ  ᠡᠩ ᠤᠨ ᠪᠤᠰᠤ ᠪᠠᠶᠢᠯ᠎ᠠ᠃       ᠲᠡᠷᠡ ᠠᠬᠠᠮᠠᠳ ᠤᠨ ᠬᠤᠪᠢ ᠪᠠᠷ ᠬᠤᠶᠠᠷ ᠭᠠᠷ ᠢᠶᠠᠷ ᠢᠶᠠᠨ ᠮᠢᠨᠦ ᠬᠠᠴᠠᠷ ᠢ ᠡᠷᠬᠦᠵᠥ᠂ ᠮᠠᠩᠨᠠᠢ ᠲᠡᠭᠡᠷ᠎ᠡ ᠬᠦᠩᠭᠡᠨ ᠰᠢᠭ ᠬᠤᠶᠠᠷ ᠦᠨᠦᠰᠦᠭᠰᠡᠡ ᠨᠢ ᠨᠠᠳᠠ ᠳᠤ ᠮᠠᠰᠢ ᠬᠦᠨ ᠰᠠᠭᠤᠭᠳᠠᠯ ᠦᠯᠡᠳᠡᠭᠡᠯ᠎ᠡ᠃ ᠡᠨᠡ ᠪᠤᠯ ᠮᠤᠩᠭᠤᠯ ᠤᠨ ᠠᠬᠠᠮᠠᠳ ᠤᠨ ᠬᠤᠶᠢᠴᠢᠰ ᠢᠶᠠᠨ ᠦᠬᠦᠬᠡᠷᠳᠤᠨ ᠬᠠᠶᠢᠷᠠᠯᠠᠵᠥ ᠪᠠᠶᠢᠬᠤ ᠪᠠ ᠢᠷᠦᠭᠡᠨ ᠵᠦᠩᠨᠡᠵᠥ ᠪᠠᠶᠢᠭ᠎ᠠ ᠶᠤᠰᠤ ᠶᠤᠮ᠂ ᠪᠢ ᠲᠤᠩ ᠶᠡᠭᠡ ᠰᠡᠳᠬᠢᠯ ᠬᠦᠳᠡᠯᠪᠡ᠃         ᠲᠡᠷᠡ ᠶᠠᠭ ᠵᠤᠬᠢᠶᠠᠨ ᠪᠢᠴᠢᠵᠥ ᠪᠠᠶᠢᠭᠰᠠᠠ ᠲᠤᠯᠠ᠂ ᠲᠡᠬᠦᠨ ᠤ ᠴᠠᠭ ᠢ ᠰᠠᠭᠠᠳᠠᠬᠤ ᠠᠴᠠ ᠵᠤᠪᠠᠵᠥ ᠬᠤᠶᠠᠷ ᠯᠡ ᠠᠰᠠᠭᠤᠯᠳᠠ ᠠᠰᠠᠭᠤᠯ᠎ᠠ᠃ ᠨᠢᠭᠡᠳᠤᠭᠡᠷ ᠠᠰᠠᠭᠤᠯᠳᠠ ᠨᠢ ᠮᠢᠨᠦ ᠠᠪᠤ ᠮᠠᠰᠢ ᠤᠯᠠᠨ ᠬᠦᠮᠥᠨ ᠮᠤᠩᠭᠤᠯ ᠤᠨ ᠲᠡᠤᠬᠡ ᠶᠢᠨ ᠲᠤᠬᠠᠢ ᠪᠢᠴᠢᠵᠥ ᠪᠠᠶᠢᠨ᠎ᠠ ᠭᠡᠵᠥ ᠬᠡᠯᠡᠵᠥ ᠦᠩᠭᠡᠷᠡᠭᠰᠡᠡ ᠶᠤᠮ᠂ ᠪᠢᠳᠡ ᠬᠠᠭᠠᠰ ᠢ ᠨᠢ ᠯᠡ ᠢᠳᠡᠭᠡᠨ᠎ᠡ᠂ ᠢᠩᠬᠢᠵᠥ ᠬᠡᠯᠡᠬᠦ ᠵᠦᠪ ᠤᠤ︖ ᠦᠨᠡᠨ ᠬᠤᠳᠠᠯ ᠢ ᠨᠢ ᠬᠡᠷᠬᠢᠨ ᠨᠤᠳᠠᠯᠠᠬᠤ ᠪᠤᠢ︖             ᠲᠠᠯᠠᠢ ᠫᠷᠦᠹᠧᠰᠰᠤᠷ᠄ ︽ᠦᠨᠡᠬᠡᠷ ᠲᠡᠶᠢᠮᠤ ᠡ᠂ ᠪᠢᠳᠡ ᠵᠦᠪᠭᠡᠨ ᠬᠠᠭᠠᠰ ᠢ ᠨᠢ ᠯᠡ ᠢᠳᠡᠭᠡᠨ᠎ᠡ᠃ ᠦᠨᠡᠨ ᠬᠤᠳᠠᠯ ᠢ ᠨᠢ ᠦᠪᠡᠷ ᠤᠨ ᠢᠶᠠᠨ ᠰᠤᠷᠤᠯᠴᠠᠯᠭ᠎ᠠ ᠪᠤᠯᠤᠨ ᠲᠤᠷᠰᠢᠯᠭ᠎ᠠ ᠪᠠᠷ ᠢᠶᠠᠨ ᠨᠤᠳᠠᠯᠠᠨ᠎ᠠ ᠰᠢᠦ︾ ᠬᠡᠪᠡ᠃             ᠬᠤᠶᠠᠳᠤᠭᠠᠷ ᠠᠰᠠᠭᠤᠯᠳᠠ ᠨᠢ ᠲᠡᠬᠦᠨ ᠠᠴᠠ ᠡᠨᠡ ᠵᠢᠯ ᠤᠨ 800 ᠵᠢᠯ ᠤᠨ ᠤᠢ ᠶᠢ ᠲᠤᠷᠠᠰᠬᠠᠬᠰᠠᠠ ᠲᠤᠬᠠᠢ ᠲᠦᠷᠦᠭᠳᠡᠯ ᠢ ᠨᠢ ᠠᠰᠠᠭᠤᠪᠠ᠃ ᠦᠨᠡᠬᠡᠷ ᠤᠨᠴᠠᠭᠠᠢ ᠬᠠᠷᠢᠭᠤᠯᠳᠠ ᠤᠯᠤᠯ᠎ᠠ᠃ ᠲᠠᠯᠠᠢ ᠫᠷᠦᠹᠧᠰᠰᠤᠷ᠂ ᠮᠢᠨᠦ ᠦᠵᠡᠬᠦ ᠪᠠᠷ ᠵᠢᠩᠬᠢᠨᠢ ᠶᠡᠭᠡ ᠮᠤᠩᠭᠤᠯ ᠤᠯᠤᠰ ᠪᠤᠯ 1206 ᠤᠨ ᠠᠴᠠ 1260 ᠤᠨ ᠤ ᠬᠤᠭᠤᠷᠤᠨᠳᠤᠬᠢ ᠴᠠᠭ ᠦᠶ᠎ᠡ ᠪᠤᠯᠤᠨ᠎ᠠ᠃ ᠲᠠᠷᠤᠢ ᠴᠢᠩᠬᠢᠰ ᠬᠠᠭᠠᠨ᠂ ᠦᠭᠡᠳᠡᠢ ᠬᠠᠭᠠᠨ᠂ ᠬᠦᠶᠦᠭ ᠬᠠᠭᠠᠨ᠂ ᠮᠥᠩᠬᠡ ᠬᠠᠭᠠᠨ ᠡᠨᠡ ᠲᠦᠷᠪᠡᠨ ᠬᠠᠭᠠᠨ ᠤ ᠨᠤᠶᠠᠷᠬᠠᠵᠥ ᠪᠠᠶᠢᠭᠰᠠᠠ ᠴᠠᠭ ᠪᠤᠯ ᠰᠠᠢᠢ ᠵᠢᠩᠬᠢᠨᠢ ᠶᠡᠭᠡ ᠮᠤᠩᠭᠤᠯ ᠤᠯᠤᠰ ᠪᠤᠯᠤᠨ᠎ᠠ ᠬᠡᠪᠡ᠃           ᠴᠢᠮᠡᠭ ᠪᠤᠯ ᠲᠠᠯᠠᠢ ᠫᠷᠦᠹᠧᠰᠰᠤᠷ ᠤᠨ ᠬᠠᠶᠢᠷᠠᠳᠠᠢ ᠰᠤᠷᠤᠭᠴᠢ ᠨᠢ ᠶᠤᠮ᠂ ᠪᠢ ᠪᠠᠭᠰᠢ ᠱᠠᠪᠢ ᠬᠤᠶᠠᠷ ᠲᠤ ᠬᠡᠳᠤᠨ ᠬᠤᠪᠢ ᠰᠡᠬᠦᠳᠡᠷ ᠲᠠᠳᠠᠵᠥ ᠦᠭᠬᠦᠯ᠎ᠠ᠃             ᠰᠠᠯᠬᠤ ᠦᠶ᠎ᠡ ᠳᠤ᠂ ᠲᠠᠯᠠᠢ ᠫᠷᠦᠹᠧᠰᠰᠤᠷ᠄ ︽ᠴᠢᠨᠦ ᠪᠢᠴᠢᠭᠰᠡᠡ ᠮᠤᠩᠭᠤᠯ ᠤᠨ ᠲᠤᠬᠠᠢ ᠵᠤᠬᠢᠶᠠᠯ ᠢ ᠦᠵᠡᠯ᠎ᠡ᠂ ᠦᠷᠬᠦᠯᠵᠢᠯᠡᠨ ᠰᠠᠶᠢᠳᠤᠷ ᠪᠢᠴᠢᠭᠡᠷᠡᠢ︾ ᠭᠡᠵᠥ ᠬᠡᠯᠡᠪᠡ᠃ ᠲᠡᠷᠡ ᠬᠢᠳᠠᠳ ᠬᠡᠯᠡ ᠶᠢ ᠰᠠᠶᠢᠨ ᠮᠡᠳᠡᠨ᠎ᠡ᠂ ᠲᠡᠬᠦᠨ ᠲᠠᠢ ᠶᠠᠷᠢᠯᠴᠠᠬᠤ ᠳᠤ ᠤᠷᠴᠢᠭᠤᠯᠤᠭᠴᠢ ᠬᠡᠷᠡᠭᠯᠡᠬᠦ ᠦᠭᠡᠢ᠂ ᠬᠡᠳᠤᠨ ᠠᠷᠪᠠᠭ᠋ᠠᠨ ᠮᠢᠨᠦ᠋ᠲ ᠶᠠᠷᠢᠯᠴᠠᠭᠰᠠᠠ ᠪᠤᠯᠪᠠᠴᠦ ᠲᠤᠩ ᠶᠡᠭᠡ ᠤᠯᠤᠯᠳᠠ ᠤᠯᠤᠯ᠎ᠠ᠃           ᠭᠡᠷ ᠤᠨ ᠠᠳᠠᠷ ᠲᠤ ᠲᠤᠯᠤᠭᠰᠠᠠ᠂ ᠪᠦᠬᠦᠯᠢ ᠭᠡᠷᠡᠮ ᠢ ᠡᠵᠡᠯᠡᠭᠰᠡᠡ ᠨᠤᠮ ᠤᠨ ᠵᠢᠶᠠᠰᠠᠠ ᠳᠠᠬᠢ ᠲᠡᠬᠦᠨ ᠤ ᠮᠤᠩᠭᠤᠯ ᠢᠶᠠᠷ ᠪᠢᠴᠢᠭᠰᠡᠡ ᠵᠤᠬᠢᠶᠠᠯ ᠵᠢᠴᠢ ᠲᠡᠬᠦᠨ ᠤ ᠬᠠᠳᠠᠭᠠᠯᠠᠵᠥ ᠪᠠᠶᠢᠭ᠎ᠠ ᠮᠤᠩᠭᠤᠯ ᠨᠤᠮ ᠪᠢᠴᠢᠭ ᠪᠤᠯ ᠮᠢᠨᠦ ᠪᠠᠭ᠋ᠠᠷᠬᠠᠳᠠᠭ ᠡᠷᠳᠡᠨᠢᠰ ᠤᠨ ᠰᠠᠩ ᠪᠢᠯᠠ᠃       25 ᠤ ᠡᠳᠤᠷ ︵ᠭᠠᠷᠠᠭ ᠤᠨ ᠬᠤᠶᠠᠷ᠂ ᠲᠤᠩᠭᠠᠯᠠᠭ ᠪᠠᠶᠢᠭᠰᠠᠠ ᠠᠴᠠ ᠪᠠᠨ ᠶᠡᠭᠡ ᠪᠤᠷᠤᠭᠠᠨ ᠤᠷᠤᠪᠠ︶           ᠦᠷᠯᠥᠭᠡ ᠶᠢᠨ ᠬᠤᠭᠤᠯᠠᠨ ᠲᠡᠭᠡᠷ᠎ᠡ ᠬᠤᠸᠠᠩ ᠬᠠᠳᠤᠬᠳᠠᠢ ᠲᠠᠢ ᠠᠭᠤᠯᠵᠠᠭᠰᠠᠠ ᠪᠦᠭᠡᠳ ᠬᠤᠪᠴᠠᠰᠤ ᠶᠢ  ᠨᠢ ᠲᠤᠩ ᠰᠠᠶᠢᠬᠠᠨ ᠭᠡᠵᠥ ᠮᠠᠭᠳᠠᠯ᠎ᠠ᠃ ᠲᠡᠷᠡ ᠮᠠᠰᠢ ᠪᠠᠶᠠᠷᠯᠠᠵᠥ᠂ ᠪᠢᠳᠠᠨ ᠢ ᠲᠠᠭᠠᠭᠤᠯᠤᠨ ᠬᠤᠳᠠᠯᠳᠤᠨ ᠠᠪᠬᠤ  ᠪᠠᠷ ᠤᠴᠢᠬᠤ ᠶᠢ ᠵᠦᠪᠰᠢᠶᠡᠷᠡᠪᠡ᠃         ᠲᠡᠷᠡ ᠪᠤᠯ ᠭᠠᠳᠠᠭᠠᠳᠥ ᠬᠠᠷᠢᠯᠴᠠᠭᠠᠨ ᠤ ᠠᠯᠪᠠᠨ ᠲᠤᠰᠢᠶᠠᠯᠳᠠᠨ ᠤ ᠬᠠᠳᠤᠨ ᠶᠤᠮ᠂ ᠡᠨᠡ ᠬᠡᠳᠤᠨ ᠵᠢᠯ ᠦᠷᠬᠦᠯᠵᠢ ᠤᠯᠠᠭᠠᠨᠪᠠᠭᠠᠳᠤᠷ ᠤᠨ ᠵᠡᠭᠡᠯᠢ ᠪᠠᠷ ᠲᠤᠭᠤᠷᠢᠬᠤ ᠲᠤᠬᠢᠶᠠᠯ ᠤᠯᠵᠥ᠂ ᠠᠯᠢ ᠬᠤᠳᠠᠯᠳᠤᠭ᠎ᠠ ᠲᠡᠯᠭᠡᠬᠦᠷ ᠤᠨ ᠬᠤᠪᠴᠠᠰᠦ ᠰᠠᠶᠢᠬᠠᠨ ᠭᠡᠳᠡᠭ ᠢ ᠨᠡᠯᠢᠶᠡᠳ ᠰᠠᠶᠢᠨ ᠮᠡᠳᠡᠨ᠎ᠡ᠂ ᠢᠩᠬᠢᠭᠡᠳ ᠪᠢᠳᠡ ᠭᠤᠷᠪᠠᠭᠤᠯᠠ ᠲᠤᠭᠤᠷᠢᠬᠤ ᠪᠠᠷ ᠭᠠᠷᠤᠯ᠎ᠠ᠃             ᠪᠢ ᠲᠠᠶᠢᠸᠠᠨ ᠳᠠᠭᠠᠨ ᠪᠤᠴᠠᠭᠠᠳ ᠨᠠᠶᠢᠵᠢ ᠨᠠᠷ ᠲᠠᠭᠠᠨ ᠪᠡᠯᠡᠭᠯᠡᠬᠦ ᠪᠠᠷ ᠮᠠᠰᠢ ᠤᠯᠠᠨ ᠬᠦᠵᠦᠬᠦᠨ ᠤ ᠤᠷᠢᠶᠠᠯᠳᠠ ᠠᠪᠤᠯ᠎ᠠ᠂ ᠪᠠᠰᠠ ᠭᠠᠳᠠᠭᠤᠷ ᠡᠮᠤᠰᠳᠡᠭ ᠨᠤᠤᠰᠤᠨ ᠬᠠᠨᠳᠠᠭᠠᠵᠠ ᠪᠤᠯᠤᠨ ᠡᠯᠢᠭᠡᠪᠴᠢ ᠠᠪᠤᠯ᠎ᠠ᠃ ᠵᠢᠷᠤᠵᠤ ᠲᠥᠯᠥᠪᠯᠡᠭᠰᠡᠡ ᠪᠠ ᠬᠢᠴᠠ ᠪᠤᠯᠤᠨ ᠴᠢᠨᠠᠷ ᠨᠢ ᠲᠤᠩ ᠰᠠᠶᠢᠨ᠂ ᠦᠨ᠎ᠡ ᠬᠠᠩᠰᠢ ᠨᠢ ᠰᠺᠤᠲᠯᠠᠠᠳ᠋ ᠤᠨ ᠨᠤᠤᠰᠤᠨ ᠬᠤᠪᠴᠠᠰᠤᠨ ᠤ ᠠᠷᠪᠠᠨ ᠤ ᠨᠢᠭᠡ ᠯᠡ ᠪᠠᠶᠢᠳᠠᠭ᠃             ᠶᠠᠳᠠᠷᠠᠭᠰᠠᠠ ᠰᠢᠭ᠋ ᠪᠠᠶᠢᠨ᠎ᠠ᠃ ᠬᠡᠶ᠎ᠡ᠂ ᠤᠷᠤᠢ ᠨᠢ ᠰᠦ᠋ ᠶᠢᠩ ᠲᠠᠢ ᠬᠠᠮᠳᠥ ᠮᠠᠷᠭᠠᠰᠢ ᠶᠢᠨ ᠢᠶᠠᠨ ᠭᠡᠬᠡᠷ᠎ᠡ ᠶᠢᠨ ᠬᠤᠭᠤᠯᠠ ᠶᠢ ᠪᠡᠯᠡᠳᠬᠡᠬᠦ ᠪᠠᠷ ᠪᠦᠷᠢᠨ ᠪᠠᠷᠠᠭᠠᠳᠥ ᠺᠤᠮᠫᠠᠨᠢ ᠵᠢᠴᠢ ᠺᠤᠷᠢᠶᠠ ᠬᠦᠮᠥᠨ ᠤ ᠡᠷᠬᠢᠯᠡᠵᠥ ᠪᠠᠶᠢᠭ᠎ᠠ ᠲᠠᠯᠬ᠎ᠠ ᠶᠢᠨ ᠲᠡᠯᠭᠡᠬᠦᠷ ᠲᠤ ᠤᠴᠢᠯ᠎ᠠ᠃           ᠤᠷᠤᠢ ᠨᠢ ᠡᠷᠳᠡ ᠤᠨᠳᠠᠬᠤ ᠲᠤᠯᠠ ᠡᠨᠡ ᠬᠡᠳᠤᠨ ᠮᠥᠷ ᠢ ᠯᠡ ᠲᠡᠮᠳᠡᠭᠯᠡᠯ᠎ᠡ᠃
      ᠨᠤᠳᠤᠭ ᠤᠨ ᠢᠶᠠᠨ ᠬᠦᠷᠦᠰᠦᠨ ᠲᠡᠭᠡᠷ᠎ᠠ ᠪᠠᠨ ᠲᠤᠭᠯᠠᠭᠰᠨᠨ ᠪᠠᠶᠠᠰᠤᠯᠳᠤ ᠪᠠᠭ᠎ᠠ ᠨᠠᠰᠤ 2000 ᠤᠨ ᠳᠤ ᠮᠤᠩᠭᠤᠯ ᠤᠯᠤᠰ ᠲᠤ       26 ᠤ ᠡᠳᠤᠷ ︵ᠭᠠᠷᠠᠭ ᠤᠨ ᠭᠤᠷᠪᠠᠨ᠂ ᠲᠤᠩᠭᠠᠯᠠᠭ︶                 ᠦᠷᠯᠥᠭᠡ ᠶᠢᠨ ᠬᠤᠭᠤᠯᠠᠨ ᠲᠡᠭᠡᠷ᠎ᠡ ᠤᠳᠠᠭᠠᠨ ᠡᠳᠤᠷ ᠠᠭᠤᠯᠵᠠᠭᠰᠠᠠ ᠦᠭᠡᠢ ︽ᠰᠤᠩᠭᠤᠳᠠᠭ︾ ᠰᠡᠳᠬᠦᠯ ᠤᠨ ᠰᠢᠨ ᠬᠤᠢ ᠲᠠᠢ ᠠᠭᠤᠯᠵᠠᠪᠠ᠂ ᠴᠤᠬ ᠵᠢᠪᠬᠤᠭ᠎ᠠ ᠬᠢᠯᠠᠯᠵᠠᠵᠤ ᠴᠢᠷᠠᠢ ᠲᠡᠭᠡᠷ᠎ᠡ ᠨᠢ ᠢᠨᠢᠶᠡᠳᠥ ᠪᠢᠯᠬᠠᠵᠥ᠂ 13 ᠤ ᠡᠳᠤᠷ ᠠᠭᠤᠯᠵᠠᠬᠤ ᠦᠶ᠎ᠡ ᠶᠢ ᠪᠤᠳᠤᠪᠠᠯ ᠤᠨᠳᠤᠤ ᠪᠤᠯᠴᠢᠬᠠᠭᠰᠠᠠ ᠰᠢᠭ᠋ ᠪᠠᠶᠢᠯ᠎ᠠ᠃       ᠲᠡᠳᠡᠨ ︵ᠲᠡᠷᠡ ᠪᠤᠯᠤᠨ ᠭᠡᠷᠡᠯ ᠵᠢᠷᠤᠭ ᠠᠪᠤᠭᠴᠢ ᡁᠢ ᠭᠠᠩ︶ ᠳᠤ ᠪᠡᠷ᠎ᠠ ᠪᠤᠯᠤᠭᠴᠢ ᠮᠤᠩᠭᠤᠯ ᠨᠠᠶᠢᠵᠢ  ᠨᠢ ᠲᠤᠷᠤᠨᠠᠳᠥ ᠠᠶᠢᠮᠠᠭ ᠲᠤ ᠤᠴᠢᠪᠠᠯ ᠰᠠᠢᠢ ᠲᠠᠯ᠎ᠠ ᠨᠤᠳᠤᠭ ᠢ ᠦᠵᠡᠭᠰᠡᠡ ᠳᠤ ᠲᠤᠭᠠᠴᠢᠭᠳᠠᠨ᠎ᠠ ᠭᠡᠵᠥ ᠬᠡᠯᠡᠭᠰᠡᠡ ᠢᠶᠠᠷ ᠲᠡᠳᠡ ᠬᠡᠨᠳᠡᠢ ᠠᠶᠢᠮᠠᠭ ᠲᠤ ᠤᠴᠢᠵᠥ᠂ ᠲᠠᠷᠠᠭ᠎ᠠ ᠨᠢ ᠲᠤᠷᠤᠨᠠᠳᠥ ᠠᠶᠢᠮᠠᠭ ᠲᠤ ᠤᠴᠢᠭᠰᠠᠠ ᠬᠡᠨ᠎ᠡ᠃               ᠲᠡᠷᠡ᠂ ᠪᠢ ᠡᠬᠢᠨ ᠳᠡᠭᠡᠨ ᠰᠠᠨᠠᠭᠠᠨ ᠳᠠᠭᠠᠨ ᠠᠪᠬᠤ ᠦᠭᠡᠢ ᠪᠠᠶᠢᠵᠠᠢ᠂ ᠦᠪᠡᠷ ᠢᠶᠠᠨ 60 ᠭᠠᠷᠤᠢ ᠤᠯᠤᠰ  ᠲᠤ ᠤᠴᠢᠵᠥ᠂ ᠮᠤᠩᠭᠤᠯ ᠳᠤ ᠪᠠᠰᠠ ᠲᠠᠯ᠎ᠠ ᠨᠤᠳᠤᠭ ᠢ ᠤᠯᠠᠨ ᠦᠵᠡᠭᠰᠡᠡ ᠶᠤᠮ ᠴᠢᠨᠢ ᠵᠦᠪᠬᠡᠨ ᠨᠠᠶᠢᠵᠢ ᠶᠢᠨ ᠢᠶᠠᠨ ᠰᠡᠳᠬᠢᠯ ᠢ ᠪᠤᠳᠤᠭᠠᠳ ᠲᠤᠷᠤᠨᠠᠳᠥ ᠠᠶᠢᠮᠠᠭ ᠲᠤ ᠤᠴᠢᠭᠰᠠᠠ ᠲᠠᠳᠤᠢ᠃ ᠮᠤᠩᠭᠤᠯ ᠨᠠᠶᠢᠵᠢ ᠶᠢᠨ ᠢᠶᠠᠨ ᠬᠡᠯᠡᠵᠥ ᠪᠠᠶᠢᠭᠰᠠᠠ ᠲᠠᠯ᠎ᠠ ᠨᠤᠳᠤᠭ ᠲᠡᠭᠡᠷ᠎ᠡ ᠬᠦᠷᠦᠭᠡᠳ ᡁᠢ ᠭᠠᠩ ᠪᠢᠳᠡ ᠬᠤᠶᠠᠭᠤᠯᠠ ᠮᠡᠯᠡᠷᠡᠴᠢᠬᠡᠯ᠎ᠡ᠂ ᠮᠤᠩᠭᠤᠯ ᠨᠠᠶᠢᠵᠢ ᠮᠢᠨᠢ ᠬᠠᠳᠠᠭᠠᠨᠠᠳᠠᠯ᠎ᠠ ᠢᠨᠢᠶᠡᠵᠥ᠂ ᠪᠢᠳᠡᠨ ᠳᠤ᠄ ︽ᠶᠠᠮᠠᠷ ᠰᠢᠦ ᠪᠠᠶᠢᠨ᠎ᠠ ᠳ᠋ᠠ᠂ ᠲᠠᠯ᠎ᠠ ᠨᠤᠳᠤᠭ ᠢ ᠦᠵᠡᠯ᠎ᠡ ᠪᠢᠵᠠ︾ ᠬᠡᠪᠡ᠃           ᠰᠢᠨ ᠬᠤᠢ᠂ ᠲᠠᠯ᠎ᠠ ᠨᠤᠳᠤᠭ ᠲᠡᠶᠢᠮᠤ ᠦᠷᠭᠡᠨ ᠠᠭᠤᠳᠠᠮ᠂ ᠲᠦᠷᠰᠦᠯᠡᠬᠦᠶ᠎ᠡ ᠪᠡᠷᠭᠡ᠂ ᠦᠰᠦᠭ ᠪᠢᠴᠢᠭ ᠪᠤᠯᠤᠨ ᠦᠬᠡ ᠬᠡᠯᠡ ᠪᠠᠷ ᠢᠯᠡᠳᠭᠡᠬᠦ ᠳᠤ ᠬᠦᠴᠢᠷ᠂ ᠭᠡᠷᠡᠯ ᠵᠢᠷᠤᠭ ᠢᠶᠠᠷ ᠴᠦ ᠢᠯᠡᠳᠭᠡᠵᠥ ᠴᠢᠳᠠᠬᠤ ᠦᠭᠡᠢ ᠬᠡᠪᠡ᠃ ᠲᠡᠷᠡ᠄ ᠡᠶᠢᠮᠤ ᠦᠷᠭᠡᠨ ᠠᠭᠤᠳᠠᠮ ᠤᠷᠤᠨ ᠵᠠᠢ ᠳᠤ ᠶᠡᠷᠤ ᠠᠴᠠ ᠪᠠᠶᠢᠵᠥ ᠦᠵᠡᠭᠡᠳᠤᠢ ᠬᠡᠯ᠎ᠡ᠃ ︽ᠡᠶᠢᠮᠤᠷᠬᠦ ᠲᠦᠷᠦᠭᠳᠡᠯ ᠢ ᠪᠢᠴᠢᠭᠡᠳ ᠢᠯᠡᠳᠭᠡᠵᠥ ᠴᠢᠳᠠᠬᠤ ᠦᠭᠡᠢ᠂ ᠰᠡᠭᠦᠳᠡᠷᠯᠡᠭᠡᠳ ᠢᠯᠡᠳᠭᠡᠵᠥ ᠴᠢᠳᠠᠬᠤ ᠦᠭᠡᠢ᠂ ᠶᠠᠭᠠᠬᠢᠪᠡᠯ ᠵᠤᠬᠢᠬᠤ ᠪᠢᠯᠠ︖︾       ᠪᠢ ᠴᠦ ᠶᠠᠭᠠᠬᠢᠬᠤ ᠪᠠᠨ ᠤᠯᠬᠤ ᠦᠭᠡᠢ ᠪᠤᠯᠪᠠ᠃           ᠰᠡᠬᠦᠯᠡᠷ ᠨᠢ᠂ ᠪᠦᠬᠦ᠋ᠢᠯᠡ ᠦᠷᠯᠥᠭᠡ ᠶᠢᠨ ᠬᠤᠭᠤᠯᠠᠨ ᠤ ᠴᠠᠭ ᠢᠶᠠᠷ᠂ ᠮᠢᠨᠦ ᠡᠰᠡᠷᠬᠦ ᠲᠠᠯ᠎ᠠ ᠳᠤ ᠰᠠᠭᠤᠭᠰᠠᠠ ᠲᠡᠷᠡ ᠮᠠᠨᠢ ᠪᠤᠰᠤᠳ ᠢ ᠰᠢᠷᠳᠡᠬᠦ ᠳᠡᠭᠡᠨ ᠬᠤᠶᠠᠷ ᠨᠢᠳᠦ ᠨᠢ ᠭᠡᠷᠡᠯ ᠲᠠᠳᠠᠵᠥ᠂ ᠲᠤᠭᠤᠭᠰᠢ ᠬᠠᠷᠠᠵᠥ ᠲᠤᠭᠤᠢ ᠰᠠᠭᠤᠪᠠᠴᠦ ᠴᠢᠷᠠᠢ ᠳᠤᠨᠢ ᠢᠨᠢᠶᠡᠳᠥ ᠲᠤᠳᠤᠷᠠᠵᠥ᠂ ᠰᠡᠳᠬᠢᠯ ᠳᠤᠨᠢ ᠶᠠᠮᠠᠷ ᠨᠢᠭᠡᠨ ᠨᠢᠭᠤᠴᠠ ᠵᠦᠢᠯ ᠪᠠᠶᠢᠬᠤ ᠰᠢᠭ᠋᠂ ᠡᠭᠦᠨ ᠤ ᠤᠯᠠᠠ ᠢᠶᠠᠷ ᠪᠦᠬᠦ ᠪᠡᠶ᠎ᠡ ᠶᠢᠨ ᠬᠢᠨᠢ ᠬᠦᠳᠡᠯᠥᠯ ᠪᠠᠷᠢᠯ ᠪᠤᠯᠤᠨ ᠭᠠᠳᠠᠷ ᠲᠦᠷᠬᠦ ᠶᠢ ᠨᠢ ᠨᠦᠯᠥᠭᠡᠯᠡᠵᠥ᠂ ᠮᠢᠨᠦ ᠠᠩᠬ᠎ᠠ ᠠᠭᠤᠯᠵᠠᠬᠤ ᠦᠶ᠎ᠡ ᠶᠢᠨ ᠰᠢᠭ ᠲᠡᠶᠢᠮᠤ ᠪᠢᠰᠢᠬᠦᠷᠭᠡᠬᠦ ᠪᠠ ᠲᠦᠪ ᠴᠢᠩᠭ᠎ᠠ ᠪᠠᠶᠢᠳᠠᠯ ᠬᠠᠷᠬᠠᠳᠠᠬᠤ ᠪᠠᠨ ᠪᠤᠯᠢᠬᠰᠠᠠ ᠢ ᠪᠢ ᠠᠩᠬᠠᠷᠴᠦ ᠮᠡᠳᠡᠪᠠ᠃           ᠪᠢ ᠲᠡᠬᠦᠨ ᠳᠤ ᠬᠡᠷᠬᠢᠨ ᠬᠠᠷᠢᠭᠤᠯᠳᠠ ᠦᠭᠬᠦ ᠶᠢ ᠮᠡᠳᠡᠯ᠎ᠡ᠄             ᠰᠢᠨ ᠬᠤᠢ᠂ ᠬᠡᠯᠡᠬᠡᠳ ᠢᠯᠡᠳᠭᠡᠵᠥ ᠴᠢᠳᠠᠬᠤ ᠦᠭᠡᠢ᠂ ᠪᠢᠴᠢᠭᠡᠳ ᠢᠯᠡᠳᠭᠡᠵᠥ ᠴᠢᠳᠠᠬᠤ ᠦᠭᠡᠢ᠂ ᠰᠡᠭᠦᠳᠡᠷᠯᠡᠭᠡᠳ ᠢᠯᠡᠳᠭᠡᠵᠥ ᠴᠢᠳᠠᠬᠤ ᠦᠭᠡᠢ ᠴᠦ ᠶᠠᠮᠠᠷ ᠬᠠᠮᠢᠶ᠎ᠠ ᠲᠠᠢ ᠶᠤᠮ ᠪᠤᠢ︖ ᠡᠶᠢᠮᠤ ᠲᠠᠯ᠎ᠠ ᠨᠤᠳᠤᠭ ᠢ ᠴᠢᠮ᠎ᠡ ᠪᠠᠷ ᠲᠦᠷᠰᠦᠯᠡᠬᠦᠯᠬᠦ ᠬᠡᠰᠡᠡ ᠪᠢᠰᠢ᠃ ᠶᠠᠮᠠᠷᠴᠦ ᠬᠦᠮᠥᠨ ᠪᠤᠰᠤᠳ ᠤᠨ ᠲᠦᠷᠰᠦᠯᠡᠭᠰᠡᠡ ᠢ ᠦᠵᠡᠭᠡᠳ ᠲᠠᠯ᠎ᠠ ᠨᠤᠳᠤᠭ ᠤᠨ ᠦᠨᠡᠨ ᠲᠦᠷᠬᠦ ᠶᠢ ᠤᠢᠢᠯᠠᠭᠠᠴᠢᠬᠠᠬᠤ ᠪᠢᠰᠢ᠂ ᠡᠶᠢᠮᠤ ᠠᠴᠠ ᠪᠡᠶ᠎ᠡ ᠪᠠᠷ ᠢᠶᠠᠨ ᠦᠵᠡᠭᠰᠡᠡ ᠬᠦᠮᠥᠨ ᠰᠠᠢᠢ ᠢᠩᠬᠢᠵᠥ ᠰᠡᠳᠬᠢᠯ ᠬᠦᠳᠡᠯᠳᠡᠭ ᠶᠤᠮ ᠰᠢᠦ᠃             ᠦᠨᠦᠳᠤᠷ᠂ ᠲᠠᠯ᠎ᠠ ᠨᠤᠳᠤᠭ ᠴᠢᠨᠦ ᠰᠡᠳᠬᠢᠯ ᠳᠤ ᠰᠠᠭᠤᠭᠳᠠᠵᠠᠢ᠂ ᠴᠢᠨᠦ ᠤᠯᠤᠯᠳᠠ ᠪᠤᠯ ᠬᠡᠯᠡᠬᠦᠶ᠎ᠡ ᠪᠡᠷᠭᠡ᠂ ᠲᠦᠷᠰᠦᠯᠡᠬᠦᠶ᠎ᠡ ᠪᠡᠷᠭᠡ · ᠲᠡᠮᠳᠡᠭᠯᠡᠬᠦᠶ᠎ᠡ  ᠪᠡᠷᠭᠡ ᠲᠤᠭᠳᠤᠯᠤᠯ ᠪᠤᠯᠵᠥ ᠬᠤᠪᠢᠷᠠᠵᠤ᠂ ᠬᠦᠨ ᠤᠬᠠᠭᠠᠨ ᠤ᠂ ᠭᠤᠸ᠎ᠠ ᠰᠠᠶᠢᠬᠠᠨ ᠤ ᠤᠬᠠᠭᠠᠨ ᠤ ᠪᠤᠶᠤ ᠡᠰᠡᠬᠦᠯ᠎ᠡ ᠱᠠᠰᠢᠨ ᠤ ᠤᠬᠠᠭᠠᠨ ᠤ ᠬᠢᠴᠢᠶᠡᠯ ᠤᠷᠤᠭᠰᠠᠠ ᠰᠢᠭ᠋ ᠪᠤᠯᠵᠥ᠂ ᠰᠡᠮᠡᠭᠡᠷ ᠪᠠᠶᠠᠷᠯᠠᠬᠤ ᠪᠠᠶᠢᠳᠠᠯ ᠳᠤ ᠤᠷᠤᠬᠰᠠᠠ᠃             ᠲᠡᠶᠢᠮᠤ ᠡ᠂ ᠲᠡᠭᠷᠢ ᠭᠠᠵᠠᠷ ᠤᠨ ᠰᠠᠶᠢᠬᠠᠨ ᠢ ᠮᠠᠭᠳᠠᠬᠤ ᠦᠭᠡᠢ ᠪᠠᠶᠢᠵᠥ ᠪᠤᠯᠤᠨ᠎ᠠ ᠤᠤ᠃ ᠴᠢᠨᠦ ᠠᠭᠤᠵᠢᠮ ᠰᠠᠷᠠᠭᠤᠯ ᠰᠡᠳᠬᠢᠯ ᠴᠢᠨᠢ ᠦᠨᠤᠳᠤᠷ ᠤᠯᠤᠯᠳᠠ ᠲᠠᠢ ᠪᠤᠯᠵᠥ᠂ ᠪᠠᠶᠠᠷ ᠪᠠᠭ᠋ᠠᠳᠤᠯ ᠢᠶᠠᠷ ᠲᠦᠬᠦᠷᠡᠯ᠎ᠡ᠃           ᠤᠷᠤᠨ ᠵᠠᠢ ᠶᠢ ᠬᠠᠮᠤᠭ ᠤᠨ ᠰᠠᠶᠢᠨ ᠬᠢᠴᠢᠶᠡᠯ ᠤᠨ ᠭᠡᠷ ᠭᠡᠵᠥ ᠬᠡᠨ ᠬᠡᠯᠡᠬᠦ ᠦᠭᠡᠢ ᠪᠤᠢ︖          ︽ᠬᠦᠪᠡᠭᠡ ᠬᠢᠵᠠᠭᠠᠷ ᠦᠭᠡᠢ ᠦᠷᠭᠡᠨ ᠠᠭᠤᠳᠠᠮ︾ ᠢ ᠬᠦᠮᠥᠨ ᠤ ᠠᠮᠢᠳᠤᠷᠠᠬᠤᠢ ᠶᠢᠨ ᠬᠠᠮᠤᠭ ᠤᠨ ᠬᠡᠷᠡᠭᠴᠡᠭᠡ ᠲᠠᠢ ᠬᠢᠴᠢᠶᠡᠯ ᠭᠡᠵᠥ ᠬᠡᠨ ᠬᠡᠯᠡᠬᠦ ᠦᠭᠡᠢ ᠪᠤᠢ⁈       ᠰᠢᠨ ᠬᠤᠢ᠂ ᠴᠢᠮ᠎ᠡ ᠶᠢ ᠲᠤᠩ ᠪᠠᠭ᠋ᠠᠷᠬᠠᠵᠥ ᠪᠠᠶᠢᠨ᠎ᠠ᠃ ᠡᠶᠢᠮᠤ ᠵᠠᠯᠠᠭᠤ ᠨᠠᠰᠤᠨ ᠳᠠᠭᠠᠨ ᠡᠶᠢᠮᠤ ᠰᠠᠶᠢᠨ ᠰᠠᠶᠢᠬᠠᠨ ᠪᠦᠭᠡᠳ ᠬᠦᠨ ᠨᠢᠭᠤᠴᠠ ᠬᠢᠴᠢᠶᠡᠯ ᠢ ᠤᠷᠤᠭᠰᠠᠠ ᠳᠤ ᠴᠢᠨᠢ ᠪᠠᠭ᠋ᠠᠷᠬᠠᠵᠥ ᠪᠠᠶᠢᠨ᠎ᠠ᠃             ᠦᠳᠡ ᠶᠢᠨ ᠡᠮᠤᠨᠡᠬᠢ 11 ᠴᠠᠭ ᠲᠤ᠂ ᠤᠯᠠᠭᠠᠨᠪᠠᠭᠠᠳᠤᠷ ᠤᠨ ᠤᠢᠢᠷ᠎ᠡ ᠲᠡᠬᠦᠷᠬᠡ ᠶᠢᠨ ᠦᠭᠡᠷ᠎ᠡ ᠨᠢᠭᠡ ᠡᠷᠳᠡᠨ ᠤ ᠦᠯᠡᠳᠡᠭᠳᠡᠯ — ᠲᠶᠦ᠋ᠷᠺ ᠬᠠᠭᠠᠨᠳᠥ ᠤᠯᠤᠰ ᠤᠨ ᠠᠬᠠᠮᠠᠳ ᠲᠦᠰᠢᠮᠡᠯ ᠲᠦᠨ ᠢᠤᠢ ᠬᠦ᠋ ᠶᠢᠨ ᠲᠤᠷᠠᠰᠬᠠᠯ ᠤᠨ ᠴᠢᠯᠠᠭᠤᠨ ᠬᠦᠰᠢᠶ᠎ᠡ ᠶᠢ ᠦᠵᠡᠬᠦ ᠪᠠᠷ ᠸᠧᠢ ᠠᠪᠠᠭᠠᠢ ᠰᠦ᠋ ᠶᠢᠩ ᠪᠢᠳᠡ ᠬᠤᠶᠠᠭᠤᠯᠠ ᠶᠢ ᠲᠠᠭᠠᠭᠤᠯᠵᠥ ᠶᠠᠪᠤᠯ᠎ᠠ᠃                   ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号