ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵  ᠠᠷᠪᠠᠨ ᠨᠠᠢᠮᠠ︶
ᠨᠡᠶᠢᠲᠡᠯᠡᠭᠰᠡᠨ ᠴᠠᠭ᠄
2016-04-15
        ᠸᠧᠢ ᠵᠢᠶᠠᠨ ᠪᠠᠭᠰᠢ ᠹᠧᠩ ᠵᠢᠶᠠ ᠳᠤ ᠬᠢᠴᠢᠶᠡᠯ ᠤᠷᠤᠭᠰᠠᠠ ᠲᠠᠶᠢᠯᠤᠮᠵᠢ ︽ᠤᠮᠠᠷᠠᠳᠥ ᠶᠢᠨ ᠦᠨᠳᠦᠰᠦᠳᠡᠨ ᠤ ᠲᠡᠤᠬᠡ ᠶᠢᠨ ᠲᠤᠷᠠᠰᠬᠠᠯᠳᠥ ᠵᠦᠢᠯ ᠤᠨ ᠲᠤᠰᠬᠠᠢ ᠰᠡᠳᠤᠪᠳᠥ ᠰᠤᠳᠤᠯᠭᠠᠨ︾ ᠤ ᠲᠠᠪᠤᠳᠤᠭᠠᠷ ᠪᠦᠯᠥᠭ ᠤᠨ ︽ᠲᠶᠦ᠋ᠷᠺ ᠤᠨ ᠬᠠᠭᠤᠴᠢ ᠰᠤᠳᠤᠯᠤᠯ︾   ᠳᠠᠭᠠᠨ ︽ᠲᠦᠨ ᠢᠤᠢ ᠬᠦ᠋ ᠶᠢᠨ ᠬᠦᠰᠢᠶ᠎ᠡ︾ ᠶᠢᠨ ᠲᠤᠬᠠᠢ ᠢᠩᠬᠢᠵᠥ ᠶᠠᠷᠢᠭᠰᠠᠠ ᠪᠠᠶᠢᠳᠠᠭ᠄                 ᠲᠦᠨ ᠢᠤᠢ ᠬᠦ᠋ ᠪᠤᠯ ᠬᠤᠶᠠᠳᠤᠭᠠᠷ ᠲᠶᠦ᠋ᠷᠺ ᠬᠠᠭᠠᠨᠳᠥ ᠤᠯᠤᠰ ᠢ ᠪᠠᠶᠢᠭᠤᠯᠤᠭᠰᠠᠠ ᠭᠠᠪᠢᠶᠠᠳᠥ ᠰᠠᠶᠢᠳ ᠪᠠ ᠭᠤᠷᠪᠠᠨ ᠲᠦᠷᠦ ᠶᠢᠨ ᠠᠬᠠᠮᠠᠳ ᠵᠢᠳᠭᠦᠯᠳᠡᠨ᠂ ᠫᠢᠵᠢᠶᠠ ᠬᠠᠭᠠᠨ ᠤ ᠬᠠᠳᠠᠮ ᠠᠪᠤ ᠨᠢ ᠪᠤᠯᠤᠨ᠎ᠠ᠃ ᠬᠠᠷᠠᠬᠠᠨ ᠪᠭ᠎ᠠ ᠠᠴᠠ ᠪᠠᠨ ᠴᠠᠩ ᠠᠨ ᠤ ᠁                 ᠡᠶᠢᠮᠤ ᠠᠴᠠ᠂ ᠲᠦᠨ ᠢᠤᠢ ᠬᠦ᠋ ᠲᠶᠦ᠋ᠷᠺ ᠤᠨ ᠢᠵᠠᠭᠤᠷᠳᠠᠨ ᠤ ᠲᠤᠮᠳᠠᠳᠥ ᠤᠯᠤᠰ ᠲᠤ ᠲᠠᠯᠪᠢᠭᠰᠠᠠ ᠪᠠᠷᠢᠴᠠᠭᠠᠨ ᠤ ᠬᠦᠮᠥᠨ ᠪᠤᠯᠵᠦ ᠲᠠᠩ ᠤᠯᠤᠰ ᠤᠨ ᠤᠷᠳᠤᠨ ᠳᠤ ᠬᠦᠮᠥᠵᠢᠯ ᠬᠦᠷᠳᠡᠵᠥ ᠪᠠᠶᠢᠪᠠ᠃ ᠡᠨᠡ ᠨᠢ ᠤᠳᠤ ᠶᠢᠨ ᠮᠠᠰᠢ ᠤᠯᠠᠨ ᠤᠯᠤᠰ ᠤᠨ ᠭᠠᠳᠠᠭᠠᠳᠥ ᠳᠤ ᠰᠤᠷᠤᠯᠴᠠᠬᠤ ᠰᠤᠷᠤᠭᠴᠢ ᠶᠢ ᠡᠯᠰᠡᠵᠥ ᠪᠠᠶᠢᠬᠤ ᠲᠠᠢ ᠠᠳᠠᠯᠢ ᠶᠤᠮ᠂ ᠡᠳᠡᠭᠡᠷ ᠰᠤᠷᠤᠭᠴᠢᠳ ᠢ ᠰᠤᠷᠤᠯᠭ᠎ᠠ ᠪᠠᠨ ᠲᠡᠭᠦᠰᠭᠡᠭᠡᠳ ᠤᠯᠤᠰ ᠲᠠᠭᠠᠨ ᠪᠤᠴᠠᠭᠰᠠᠠ ᠤ ᠲᠠᠷᠠᠭ᠎ᠠ᠂   ᠤᠤᠯ ᠤᠨ ᠰᠤᠷᠤᠯᠴᠠᠵᠦ ᠪᠠᠶᠢᠭᠰᠠᠨ ᠤᠯᠤᠰ ᠲᠠᠢ ᠪᠠᠨ ᠲᠤᠳᠤᠨᠤ ᠬᠠᠷᠢᠴᠠᠭ᠎ᠠ ᠲᠠᠢ ᠪᠠᠶᠢᠵᠥ᠂ ᠬᠤᠵᠢᠮ ᠨᠡᠶᠢᠭᠡᠮ ᠳᠤ ︵ᠡᠰᠡᠬᠦᠯ᠎ᠡ ᠵᠠᠰᠠᠭ ᠤᠨ ᠤᠷᠳᠤᠨ ᠳᠤ︶ ᠵᠠᠷᠢᠮ ᠲᠠᠯ᠎ᠠ ᠪᠠᠷ ᠨᠦᠯᠥᠭᠡ ᠲᠠᠢ ᠪᠤᠯᠪᠠᠯ᠂   ᠲᠡᠷᠡ ᠤᠯᠤᠰ ᠲᠠᠢ   ᠪᠠᠨ ᠬᠠᠷᠢᠴᠠᠭ᠎ᠠ ᠪᠠᠶᠢᠭᠤᠯᠬᠤ ᠶᠢ ᠵᠤᠷᠢᠳᠠᠭ᠃ ᠭᠡᠪᠡᠴᠦ ᠵᠠᠷᠢᠮ ᠳᠠᠭᠠᠨ ᠡᠰᠡᠷᠬᠦ ᠦᠢᠯᠡᠳᠤᠯ ᠦᠵᠡᠬᠦᠯᠳᠡᠭ᠃       ᠲᠦᠨ ᠢᠤᠢ ᠬᠦ᠋ ᠪᠤᠯ ᠲᠶᠦ᠋ᠷᠺ ᠬᠦᠮᠥᠨ᠂ ᠡᠶᠢᠮᠤ ᠠᠴᠠ᠂ ᠲᠡᠷᠡ ᠦᠪᠡᠷ ᠤᠨ ᠤᠯᠤᠰ ᠲᠠᠭᠠᠨ ᠦᠨᠡᠨᠴᠢ ᠰᠢᠳᠤᠷᠭᠤ ᠪᠠᠶᠢᠵᠥ᠂ ᠡᠴᠤᠰ ᠲᠡᠭᠡᠨ ᠲᠠᠩ ᠤᠯᠤᠰ ᠤᠨ ︽ᠬᠤᠤᠷᠳᠠᠨ︾ ᠪᠤᠯᠪᠠ᠃           ᠸᠧᠢ ᠵᠢᠶᠠᠨ ᠪᠠᠭᠰᠢ ᠶᠢᠨ ᠲᠠᠶᠢᠯᠤᠮᠵᠢ ᠳᠤ᠄ ᠲᠡᠷᠡ ᠲᠤᠮᠳᠠᠳᠥ ᠤᠯᠤᠰ ᠢ ᠤᠢᠢᠯᠠᠭᠠᠳᠠᠭ ᠠᠴᠠ ᠪᠤᠯᠵᠥ᠂ ᠲᠡᠷᠡ ᠨᠢᠭᠡ ᠲᠠᠯ᠎ᠠ ᠪᠠᠷ ᠫᠢᠵᠢᠶᠠ ᠬᠠᠭᠠᠨ ᠤ ᠰᠤᠬᠤᠷ ᠪᠠᠯᠠᠢ ᠪᠠᠷ ᠲᠤᠮᠳᠠᠳᠥ ᠤᠷᠤᠨ ᠢ ᠲᠠᠭᠠᠷᠢᠬᠤ ᠶᠢ ᠡᠰᠡᠷᠬᠦᠴᠡᠵᠥ ᠂ ᠨᠦᠬᠦᠭᠡ ᠲᠠᠯ᠎ᠠ ᠪᠠᠷ ᠫᠢᠵᠢᠶᠠ ᠬᠠᠭᠠᠨ ᠢ ᠲᠤᠮᠳᠠᠳᠥ ᠮᠠᠶ᠋ᠢᠭ ᠤᠨ ᠰᠠᠭᠤᠷᠢᠰᠢᠯ ᠠᠮᠢᠳᠤᠷᠠᠯ ᠢ ᠬᠢᠵᠥ ᠶᠠᠭᠠᠬᠢᠭᠰᠠᠠ ᠴᠦ ᠪᠤᠯᠬᠤ ᠦᠭᠡᠢ ᠭᠡᠵᠥ ᠢᠳᠬᠠᠵᠥ ᠪᠠᠶᠢᠪᠠ᠃ ᠲᠦᠨ ᠢᠤᠢ ᠭᠦ᠋ ᠶᠢᠨ ᠦᠵᠡᠬᠦ ᠪᠠᠷ᠂ ᠨᠡᠬᠦᠳᠡᠯ ᠰᠤᠶᠤᠯ ᠤᠨ ᠤᠯᠠᠮᠵᠢᠯᠠᠯ ᠢ ᠪᠠᠳᠤᠯᠠᠪᠠᠯ ᠰᠠᠢᠢ ᠲᠶᠦ᠋ᠷᠺ ᠬᠠᠭᠠᠨᠳᠥ ᠤᠯᠤᠰ ᠤᠨ ᠤᠷᠳᠤ ᠤᠳᠠᠭᠠᠨ ᠠᠮᠤᠷ ᠲᠠᠶᠢᠪᠤᠩ ᠪᠠᠶᠢᠬᠤ ᠶᠢ ᠪᠠᠳᠤᠯᠠᠵᠥ ᠴᠢᠳᠠᠨ᠎ᠠ᠃           ︽ᠬᠠᠭᠤᠴᠢᠨ ᠲᠠᠩ ᠤᠯᠤᠰ ᠤᠨ ᠪᠢᠴᠢᠭ · ᠲᠶᠦ᠋ᠷᠺ ᠤᠨ ᠰᠤᠳᠤᠷ︾ ᠲᠤ᠄ ᠲᠠᠩ ᠰᠢᠤᠸᠠᠨᠽᠦ᠋ᠩ ᠲᠡᠬᠦᠨ ᠢ ᠲᠤᠩ ᠦᠨᠳᠤᠷ ᠦᠨᠡᠯᠡᠭᠰᠡᠡ ᠪᠠᠶᠢᠳᠠᠭ᠃ ᠲᠡᠷᠡ᠄ ᠲᠦᠨ ᠢᠤᠢ ᠭᠦ᠋ ᠪᠤᠯ ᠁             ᠦᠨᠡᠭᠡᠷ ᠴᠦ ᠮᠡᠳᠡᠵᠥ ᠪᠤᠯᠬᠤ ᠪᠦᠬᠦᠨ ᠢ ᠪᠦᠷ ᠮᠡᠳᠡᠳᠡᠭ ᠬᠦᠮᠥᠨ ᠮᠦᠨ᠃         ᠡᠨᠡ ᠡᠲᠦᠷ ᠸᠧᠢ ᠠᠪᠠᠭ᠋ᠠᠢ ᠪᠠᠰᠠ ᠨᠠᠷᠠᠨ ᠫᠷᠦᠹᠧᠰᠰᠤᠷ ︵ᠭᠠᠳᠠᠭᠠᠳᠥ ᠬᠡᠯᠡᠨ ᠤ ᠲᠡᠭᠡᠳᠥ ᠰᠤᠷᠭᠠᠭᠤᠯᠢ ᠶᠢᠨ ᠵᠠᠬᠢᠷᠤᠯ︶ ᠢ ᠤᠷᠢᠵᠥ ᠪᠢᠳᠡᠨ ᠲᠠᠢ ᠬᠠᠮᠳᠤ ᠠᠶᠠᠯᠠᠭᠤᠯᠬᠤ ᠪᠠᠷ ᠪᠤᠯᠪᠠ᠂ ᠨᠠᠷᠠᠨ ᠵᠠᠬᠢᠷᠤᠯ ᠪᠠᠭ᠎ᠠ ᠦᠬᠢᠨ ᠢᠶᠠᠨ ᠲᠠᠭᠠᠭᠤᠯᠪᠠ᠂ ᠲᠡᠬᠦᠨ ᠤ ᠦᠬᠢᠨ ᠨᠢ ᠲᠦᠷᠺ ᠲᠤ ᠡᠷᠲᠡᠮ ᠤᠨ ᠴᠤᠯᠠ ᠬᠠᠮᠠᠭᠠᠯᠠᠠᠬᠤ ᠪᠠᠷ ᠰᠤᠷᠤᠯᠴᠠᠵᠥ ᠪᠠᠶᠢᠭ᠎ᠠ ᠵᠠᠯᠠᠭᠤ ᠰᠤᠷᠤᠭᠴᠢ ᠪᠠᠶᠢᠯ᠎ᠠ᠃ ᠪᠠᠰᠠ ᠵᠠᠯᠠᠭᠤ ᠬᠠᠭᠤᠴᠢ ᠰᠤᠳᠤᠯᠤᠭᠴᠢ ᠲᠥᠪᠰᠢᠨᠪᠠᠶᠠᠷ ︵ᠮᠢᠨᠦ ᠲᠠᠶᠢᠸᠠᠨ ᠳᠠᠬᠢ ᠮᠤᠩᠭᠤᠯ ᠨᠠᠶᠢᠵᠢ ᠲᠠᠢ ᠠᠳᠠᠯᠢ ᠨᠡᠷ᠎ᠠ ᠲᠠᠢ︶᠂ ᠵᠢᠯᠤᠭᠤᠴᠢ ᠲᠠᠢ ᠲᠤᠯᠤᠭᠤᠯᠠ ᠶᠢᠰᠥᠨ ᠬᠦᠮᠥᠨ ᠰᠠᠭᠤᠳᠠᠭ ᠵᠤᠭᠠᠴᠠᠯ ᠤᠨ ᠮᠠᠰᠢᠨ ᠲᠡᠷᠭᠡᠨ ᠳᠤ ᠰᠠᠭᠤᠵᠥ᠂ ᠪᠠᠶᠠᠷ ᠬᠦᠷ ᠲᠠᠢ ᠮᠤᠷᠳᠠᠪᠠ᠃       ᠨᠠᠷᠠᠨ ᠵᠠᠬᠢᠷᠤᠯ ᠤᠨ ᠬᠢᠳᠠᠳ ᠬᠡᠯᠠ ᠨᠢ ᠲᠤᠩ ᠰᠠᠶᠢᠨ᠂ ᠲᠥᠪᠰᠢᠨᠪᠠᠶᠠᠷ ᠪᠤᠯᠤᠨ ᠮᠠᠨ ᠤ ᠲᠠᠶᠢᠸᠠᠨ ᠤ 3 ᠬᠦᠮᠥᠨ ᠳᠤ ᠲᠦᠷ ᠴᠠᠭ ᠤᠨ ᠤᠷᠴᠢᠭᠤᠯᠤᠭᠴᠢ ᠪᠤᠯᠪᠠ᠃ ᠲᠥᠪᠰᠢᠨᠪᠠᠶᠠᠷ ᠠᠪᠤᠭᠠᠢ᠄ ᠪᠢᠳᠡᠨ ᠤ ᠤᠴᠢᠬᠤ ᠭᠡᠵᠥ ᠪᠠᠶᠢᠭ᠎ᠠ ᠭᠠᠵᠠᠷ ᠪᠤᠯ ᠲᠶᠦ᠋ᠷᠺ ᠬᠠᠭᠠᠨᠳᠥ ᠤᠯᠤᠰ ᠤᠨ ᠦᠶ᠎ᠡ ᠠᠴᠠ ᠦᠯᠡᠳᠡᠭᠳᠡᠵᠥ ᠢᠷᠡᠭᠰᠡᠡ ᠲᠠᠬᠢᠯᠭ᠎ᠠ ᠶᠢᠨ ᠴᠢᠭ᠋ ᠪᠤᠯᠤᠨ᠎ᠠ᠃ ᠬᠠᠭᠤᠴᠢ ᠰᠤᠳᠤᠯᠤᠭᠴᠢᠳ ᠠᠴᠠ ᠢᠵᠠᠭᠤᠷᠳᠠᠨ ᠦᠬᠦᠭᠰᠡᠡ ᠤ ᠲᠠᠷᠠᠭ᠎ᠠ ᠤᠷᠤᠰᠢᠭᠤᠯᠬᠤ ᠶᠤᠰᠤᠯᠠᠯ ᠶᠠᠪᠤᠭᠤᠯᠬᠤ ᠪᠦᠭᠡᠳ ᠲᠠᠬᠢᠨ ᠲᠠᠬᠢᠯᠭ᠎ᠠ ᠲᠠᠯᠪᠢᠬᠤ ︵ᠲᠠᠬᠢᠯᠭ᠎ᠠ ᠶᠢᠨ ᠴᠢᠭ᠋ ᠨᠢ ᠤᠩᠭᠤᠨ ᠤ ᠭᠠᠵᠠᠷ ᠲᠤ ᠦᠭᠡᠢ︶ ᠠᠵᠢᠯᠯᠠᠭ᠎ᠠ ᠶᠠᠪᠤᠭᠤᠯᠤᠨ᠎ᠠ ᠭᠡᠳᠡᠭ ᠢ ᠨᠤᠳᠠᠯᠠᠪᠠ᠃ ᠲᠠᠬᠢᠯᠭ᠎ᠠ ᠶᠢᠨ ᠭᠠᠵᠠᠷ ᠲᠤ ᠴᠢᠯᠠᠭᠤᠨ ᠬᠦᠰᠢᠶ᠎ᠡ ᠲᠠᠢ᠂ ᠲᠦᠨ ᠢᠤᠢ ᠬᠦ᠋ ᠶᠢᠨ ᠬᠦᠰᠢᠶ᠎ᠠ ᠪᠢᠴᠢᠭ ᠪᠤᠯ ᠲᠦᠨ ᠢᠤᠢ ᠬᠦ᠋ ᠶᠢᠨ ᠦᠪᠡᠷ ᠢᠶᠠᠨ ᠶᠠᠷᠢᠭᠰᠠᠠ ᠭᠠᠪᠢᠶ᠎ᠠ ᠵᠢᠳᠭᠦᠯ ᠢ ᠬᠤᠶᠠᠷ ᠤᠷᠳᠤ ᠬᠡᠯᠪᠡᠷᠢ ᠶᠢᠨ ᠪᠤᠷᠵᠢᠨ ᠴᠢᠯᠠᠭᠤᠨ ᠪᠠᠭᠠᠨ᠎ᠠ ᠲᠡᠭᠡᠷ᠎ᠡ ᠰᠠᠶᠢᠯᠥᠭᠰᠡᠡ ᠪᠠᠶᠢᠨ᠎ᠠ᠃ ᠬᠦᠰᠢᠶ᠎ᠡ ᠪᠤᠰᠬᠠᠭᠰᠠᠠ ᠴᠠᠭ  ᠨᠢ ᠨᠡᠶᠢᠳᠡ ᠶᠢᠨ ᠤᠨ ᠲᠤᠭᠠᠯᠠᠯ ᠤᠨ 720 ᠤᠨ ︵ᠪᠠᠰᠠ 716 ᠤᠨ ᠭᠡᠵᠥ ᠪᠤᠢ︶ ᠤ ᠦᠶ᠎ᠡ ᠪᠤᠯᠤᠨ᠎ᠠ᠂ ᠬᠡᠷᠡᠭᠯᠡᠭᠰᠡᠡ ᠦᠰᠦᠭ ᠪᠢᠴᠢᠭ ᠨᠢ ᠲᠶᠦ᠋ᠷᠺ ᠤᠨ ᠡᠷᠳᠡᠨ ᠤ ᠦᠰᠦᠭ᠂ 38 ᠴᠠᠭᠠᠨ ᠲᠤᠯᠤᠭᠠᠢ ᠪᠠᠷ ᠪᠦᠷᠢᠯᠳᠦᠵᠡᠢ᠂ ᠤᠳᠤ᠂ ᠮᠤᠩᠭᠤᠯ ᠤᠯᠤᠰ ᠤᠨ ᠬᠤᠶᠠᠷ ᠭᠤᠷᠪᠠᠨ ᠬᠦᠮᠥᠨ ᠯᠠ ᠡᠬᠦᠨ ᠢ ᠤᠩᠰᠢᠵᠥ ᠲᠡᠶᠢᠯᠥᠨ᠎ᠡ ᠭᠡᠵᠥ ᠬᠡᠯᠡᠪᠡ᠃           ᠴᠢᠯᠠᠭᠤᠨ ᠬᠦᠰᠢᠶ᠎ᠡ ᠨᠢ ᠤᠯᠠᠭᠠᠨᠪᠠᠭᠠᠳᠤᠷ ᠠᠴᠠ ᠵᠡᠬᠦᠨ ᠡᠮᠤᠨᠡᠰᠢ 60 ᠺᠢᠯᠥᠮᠧᠲᠷ ᠭᠠᠵᠠᠷ ᠲᠤ ᠪᠤᠢ᠃ ᠠᠳᠡ ᠦᠵᠡᠰᠬᠦᠯᠡᠩᠳᠥ ᠰᠠᠶᠢᠬᠠᠨ ᠲᠠᠯ᠎ᠠ ᠨᠤᠳᠤᠭ ᠪᠠᠶᠢᠵᠥ᠂ ᠨᠠᠷᠠᠨ ᠤ ᠭᠡᠷᠡᠯ ᠰᠤᠯᠤᠩᠭᠠᠷᠠᠨ᠎ᠠ᠃ ᠤᠢᠢᠷᠡᠳᠦᠵᠥ ᠤᠴᠢᠭᠰᠠᠠ ᠤ ᠲᠠᠷᠠᠭ᠎ᠠ᠂ ᠲᠥᠪᠰᠢᠨᠪᠠᠶᠠᠷ ᠠᠪᠤᠭᠠᠢ ᠪᠢᠳᠡᠨ ᠳᠤ᠂ ᠡᠨᠡ ᠬᠦᠰᠢᠶ᠎ᠡ ᠶᠢᠨ ᠦᠰᠦᠭ ᠢ ᠪᠦᠷ ᠵᠡᠬᠦᠨ ᠲᠠᠯ᠎ᠠ ᠳᠤᠨᠢ ᠰᠡᠶᠢᠯᠵᠡᠢ᠂ ᠡᠨᠡ ᠦᠶ᠎ᠡ ᠳᠤ ᠨᠠᠷᠠ ᠶᠠᠭ ᠭᠤᠤᠯ ᠳᠤᠨᠢ ᠲᠤᠰᠳᠠᠭ ᠲᠤᠯᠠ ᠦᠰᠦᠭ ᠨᠢ ᠤᠨᠴᠠᠭᠠᠢ ᠬᠦᠨ ᠪᠦᠭᠡᠳ ᠲᠤᠳᠤᠷᠬᠠᠢ ᠬᠠᠷᠠᠭᠳᠠᠨ᠎ᠠ ᠭᠡᠵᠥ ᠬᠡᠯᠡᠵᠥ ᠦᠭᠪᠡ᠃             ᠡᠨᠡ ᠭᠤᠶᠢᠳᠠ ᠰᠠᠶᠢᠬᠠᠨ ᠦᠰᠦᠭ ᠢ ᠦᠨᠦᠳᠤᠷ ᠬᠠᠷᠢᠨ ᠤᠯᠠᠮᠵᠢᠯᠠᠬᠤ ᠪᠠᠨ ᠪᠤᠯᠢᠵᠠᠢ᠂ ᠵᠤᠯ ᠢᠶᠠᠷ ᠡᠷᠳᠡᠮᠳᠡᠨ ᠪᠢᠳᠡᠨ ᠳᠤ ᠤᠤᠯ ᠠᠭᠤᠯᠭ᠎ᠠ ᠶᠢ ᠨᠢ ᠤᠷᠴᠢᠭᠤᠯᠵᠥ ᠦᠭᠴᠠᠢ᠃ ᠸᠧᠢ ᠠᠪᠬᠠᠠᠢ ᠪᠢᠳᠡᠨ ᠳᠤ᠂ ᠬᠡᠳᠤᠨ ᠵᠢᠯ ᠤᠨ ᠡᠮᠤᠨ᠎ᠡ᠂ ᠲᠦᠷᠺ ᠤᠨ ᠶᠡᠷᠤᠩᠬᠡᠶᠢᠯᠡᠭᠴᠢ ᠮᠤᠩᠭᠤᠯ ᠤᠯᠤᠰ ᠲᠤ ᠠᠶᠢᠯᠴᠢᠯᠠᠪᠠ᠂ ᠲᠤᠰᠬᠠᠢ ᠨᠢᠰᠭᠡᠯ ᠠᠴᠠ  ᠪᠠᠨ ᠪᠠᠭᠤᠭᠰᠠᠠ ᠤ ᠲᠠᠷᠠᠭ᠎ᠠ᠂ ᠰᠢᠭᠤᠳ ᠲᠦᠨ ᠢᠤᠢ ᠬᠦ᠋ ᠶᠢᠨ ᠬᠦᠰᠢᠶ᠎ᠡ ᠳᠤ ᠬᠦᠷᠴᠦ᠂ ᠲᠠᠬᠢᠯᠭ᠎ᠠ ᠶᠢᠨ ᠶᠤᠰᠤ ᠬᠢᠭᠡᠳ ᠰᠠᠢᠢ ᠤᠯᠠᠭᠠᠨᠪᠠᠭᠠᠳᠤᠷ ᠲᠤ ᠤᠴᠢᠪᠠ᠃ ᠤᠴᠢᠷ ᠨᠢ ᠠᠳᠡᠬᠢ ᠪᠤᠯ ᠲᠡᠳᠡᠨ ᠤ ᠡᠷᠳᠡᠨ ᠤ ᠤᠯᠤᠰ ᠤᠨ ᠪᠠᠭᠤᠷᠢ ᠶᠢᠨ ᠪᠡᠯᠭᠡ ᠲᠡᠮᠳᠡᠭ ᠤᠨ ᠭᠠᠵᠠᠷ ᠪᠤᠯᠤᠨ᠎ᠠ ᠭᠡᠵᠥ ᠬᠡᠯᠡᠵᠥ ᠦᠭᠪᠡ᠃       ᠮᠢᠨᠦ ᠪᠤᠳᠤᠬᠤ ᠪᠠᠷ ᠸᠧᠢ ᠠᠪᠠᠭ᠋ᠠᠢ ᠶᠢᠨ ᠬᠡᠯᠡᠭᠰᠡᠡ ᠨᠢ ᠸᠧᠢ ᠵᠢᠶᠠᠨ ᠪᠠᠭᠰᠢ ᠶᠢᠨ ᠲᠠᠶᠢᠯᠤᠮᠵᠢ ᠳᠠᠬᠢ ᠡᠨᠡ ᠪᠠᠳᠠᠭ ᠦᠬᠡ ᠪᠠᠶᠢᠵᠥ ᠮᠡᠳᠡᠨ᠎ᠡ᠄       ︽ᠲᠶᠦ᠋ᠷᠺ ᠤᠨ ᠬᠦᠰᠢᠶ᠎ᠡ ᠶᠢᠨ ᠰᠤᠳᠤᠯᠭᠠᠨ ᠤ ᠲᠥᠯᠥᠪᠯᠡᠭᠡ︾ ᠶᠢ ᠪᠤᠯ 1995 ᠤᠨ ᠳᠤ ᠲᠦᠷᠺ ᠤᠨ ᠤᠤᠯ ᠤᠨ ᠶᠡᠷᠤᠩᠬᠡᠶᠢᠯᠡᠭᠴᠢ ᠰᠦᠯᠠᠶᠢᠮᠠᠨ · ᠳ᠋ᠧᠮᠢᠷᠧᠷ ᠮᠤᠩᠭᠤᠯ ᠤᠯᠤᠰ ᠲᠤ ᠠᠶᠢᠯᠴᠢᠯᠠᠭᠠᠳ ᠡᠬᠢᠯᠡᠬᠦᠯᠥᠭᠰᠡᠡ ᠶᠤᠮ ᠂ ᠡᠨᠡ ᠨᠢ ᠮᠤᠩᠭᠤᠯ ᠤᠨ ᠦᠨᠳᠦᠷᠯᠢᠭ ᠤᠨ ᠡᠷᠳᠡᠨ ᠤ ᠲᠶᠦ᠋ᠷᠺ ᠤᠨ ᠰᠤᠶᠤᠯ ᠤᠨ ᠦᠪ ᠢ ᠰᠤᠳᠤᠯᠬᠤ ᠪᠠ ᠬᠠᠮᠠᠭᠠᠯᠠᠬᠤ ᠪᠠᠷ ᠵᠤᠷᠢᠯᠳᠡ ᠪᠤᠯᠭᠠᠭᠰᠠᠠ ᠪᠠᠶᠢᠨ᠎ᠠ᠃ ᠲᠦᠷᠺ ᠮᠤᠩᠭᠤᠯ ᠤᠨ ᠬᠠᠶᠢᠨ ᠪᠠᠶᠢᠴᠠᠭᠠᠬᠤ ᠠᠩᠬᠢ ᠤᠢᠢᠷ᠎ᠠ ᠶᠢᠨ ᠬᠤᠶᠠᠷ ᠵᠢᠯ ᠳᠤ ᠲᠶᠦ᠋ᠷᠺ ᠬᠠᠭᠠᠨ ᠤ ᠤᠩᠭᠤᠨ ᠤ ᠬᠦᠷᠢᠶᠡᠯᠡᠩ ᠤᠨ ᠬᠠᠭᠤᠴᠢ ᠰᠤᠳᠤᠯᠤᠯ ᠢ ᠲᠥᠷᠭᠡᠨ ᠦᠷᠨᠢᠬᠦᠯᠵᠥ᠂ 46 ᠬᠦᠮᠥᠨ ᠢᠶᠠᠷ ᠪᠦᠷᠢᠯᠳᠦᠭᠰᠡᠡ ᠰᠢᠨᠵᠢᠯᠡᠬᠦ ᠤᠬᠠᠭᠠᠨ ᠤ ᠬᠠᠶᠢᠨ ᠪᠠᠶᠢᠴᠠᠭᠠᠬᠤ ᠠᠩᠬᠢ ᠰᠤᠳᠤᠯᠭᠠᠨ ᠤ ᠲᠥᠯᠥᠪᠯᠡᠭᠡ ᠶᠢ ᠪᠤᠳᠠᠳᠠᠢ ᠬᠡᠷᠡᠭᠵᠢᠬᠦᠯᠵᠥ ᠪᠤᠢ᠂ ᠡᠬᠦᠨ ᠳᠤ ᠲᠦᠷᠺ ᠤᠨ 35 ᠰᠢᠨᠵᠢᠯᠡᠬᠦ ᠤᠬᠠᠭᠠᠨᠳᠠᠨ ᠪᠤᠯᠤᠨ ᠮᠤᠩᠭᠤᠯ ᠤᠯᠤᠰ ᠤᠨ 11 ᠰᠢᠨᠵᠢᠯᠡᠬᠦ ᠤᠬᠠᠭᠠᠨᠳᠠᠨ ᠪᠠᠶᠢᠨ᠎ᠠ ᠁               ᠲᠦᠨ ᠢᠤᠢ ᠭᠦ᠋ ᠶᠢᠨ ᠬᠦᠰᠢᠶ᠎ᠡ ᠠᠴᠠ ᠲᠡᠮᠡᠢ ᠬᠤᠯᠠ ᠦᠭᠡᠢ ᠭᠠᠵᠠᠷ ᠲᠤ᠂ ᠵᠢᠤᠸᠠᠢ ᠲᠧ ᠴᠢᠨ ᠤ ᠬᠦᠰᠢᠶ᠎ᠡ ᠶᠢᠨ ᠲᠡᠷᠭᠡᠳᠡᠬᠢ ᠬᠦᠮᠥᠷᠬᠡ ᠲᠠᠢ ᠠᠪ ᠠᠳᠠᠯᠢᠬᠠᠨ ᠪᠠᠷᠢᠯᠭ᠎ᠠ ᠪᠠᠶᠢᠭᠰᠠᠠ ᠨᠢ ᠨᠠᠷᠠᠨ ᠵᠠᠬᠢᠷᠤᠯ ᠤᠨ ᠬᠡᠯᠡᠵᠥ ᠪᠠᠶᠢᠭᠰᠠᠠ ᠲᠦᠷ ᠴᠠᠭ ᠤᠨ ︽ᠮᠥᠽᠸᠢ︾ ᠪᠠᠶᠢᠬ᠎ᠠ᠃ ᠲᠡᠷᠡ ᠨᠢ ᠮᠥᠨᠴᠦ ︽ᠲᠶᠦ᠋ᠷᠺ ᠤᠨ ᠬᠦᠰᠢᠶ᠎ᠡ ᠶᠢᠨ ᠰᠤᠳᠤᠯᠭᠠᠨ ᠤ ᠲᠥᠯᠥᠪᠯᠡᠭᠡ︾ ᠶᠢᠨ ᠨᠢᠭᠡ ᠬᠡᠰᠡᠭ ᠪᠤᠯᠤᠨ᠎ᠠ᠃               ᠬᠠᠷᠠᠮᠰᠠᠯᠳᠠᠢ ᠨᠢ ︽ᠮᠥᠽᠸᠢ︾ ᠳᠤ ᠦᠨᠤᠳᠤᠷ ᠠᠵᠢᠯᠯᠠᠭᠰᠠᠠ ᠬᠦᠮᠥᠨ ᠦᠭᠡᠢ᠂ ᠡᠬᠦᠳᠡ ᠨᠢ ᠤᠨᠢᠰᠦᠳᠠᠢ ᠪᠠᠶᠢᠯ᠎ᠠ᠂ ᠲᠡᠷᠭᠡᠳᠡᠬᠢ ᠮᠤᠩᠭᠤᠯ ᠭᠡᠷ ᠲᠤᠨᠢ ᠴᠦ ᠬᠦᠮᠥᠨ ᠦᠭᠡᠢ᠂ ᠰᠤᠨᠢᠷᠬᠠᠯᠳᠠᠢ ᠨᠢ᠂ ᠪᠢᠳᠡᠨ ᠢ ᠲᠠᠭᠠᠭᠤᠯᠵᠥ ᠢᠷᠡᠭᠰᠡᠡ ᠨᠠᠷᠠᠨ ᠵᠠᠬᠢᠷᠤᠯ ᠬᠠᠷᠢᠨ᠄ ︽ᠡᠬᠦᠳᠡ ᠪᠠᠨ ᠨᠡᠭᠡᠭᠡᠬᠦ ᠦᠭᠡᠢ ᠪᠠᠶᠢᠨ᠎ᠠ᠂ ᠬᠠᠷᠢᠶ᠎ᠠ︾ ᠭᠡᠬᠦ ᠶᠤᠮ ᠪᠢᠯᠡ᠃               ᠲᠡᠷᠡ ᠢᠨᠢᠶᠡᠭᠰᠡᠭᠡᠷ ᠲᠡᠷᠡ ᠡᠬᠦᠳᠡ ᠠᠴᠠ ᠰᠠᠯᠵᠥ ᠶᠠᠪᠤᠪᠠ᠃ ᠪᠢᠳᠡᠨ ᠳᠤ ᠲᠤᠬᠢᠶᠠᠯᠳᠤᠭᠰᠠᠠ ᠨᠢ ᠡᠬᠡᠭᠡ ᠯᠡ ᠵᠡᠷᠭᠡᠯᠡᠳᠡᠭᠡ ᠭᠡᠷ ᠤᠨ ᠵᠢᠵᠢᠭ ᠲᠡᠯᠭᠡᠬᠦᠷ ᠦᠨᠤᠳᠤᠷ ᠡᠬᠦᠳᠡ ᠪᠠᠨ ᠨᠡᠭᠡᠭᠡᠭᠰᠡᠡ ᠦᠭᠡᠢ ᠰᠢᠭ ᠪᠠᠭ᠎ᠠ ᠤᠴᠢᠷ ᠪᠠᠶᠢᠪᠠ᠂ ᠭᠡᠪᠡᠴᠦ᠂ ᠪᠢᠳᠡ ᠲᠦᠮᠡᠨ ᠭᠠᠵᠠᠷ ᠤᠨ ᠬᠤᠯᠠ ᠠᠴᠠ ᠲᠤᠰᠬᠠᠢᠢᠯᠠᠨ ᠪᠠᠷᠠᠳᠠᠬᠤ ᠪᠠᠷ ᠢᠷᠡᠭᠰᠡᠡ ᠵᠤᠴᠢᠨ ᠰᠢᠦ ᠳ᠋ᠠ︕               ᠪᠢᠳᠡ ᠲᠠᠶᠢᠸᠠᠨ ᠳᠤ ᠪᠦᠯᠬᠦᠮ ᠲᠠᠭᠠᠭᠤᠯᠤᠭᠠᠳ ᠡᠶᠢᠮᠤ ᠶᠠᠪᠤᠳᠠᠯ ᠲᠤᠬᠢᠶᠠᠯᠳᠤᠪᠠᠯ ᠯᠠᠪ ᠲᠤᠩ ᠢᠴᠢᠩᠬᠦᠷᠡᠵᠥ᠂ ᠲᠤᠩ ᠪᠠᠴᠢᠮᠳᠠᠨ ᠰᠠᠨᠳᠤᠷᠴᠤ᠂ ᠪᠢᠳᠡᠨ ᠤ ᠪᠤᠷᠤᠭᠤ ᠪᠢᠰᠢ ᠴᠦ᠂ ᠤᠷᠢᠳᠠᠪᠡᠷ ᠪᠤᠯᠵᠤᠭᠰᠠᠠ ᠦᠭᠡᠢ  ᠳᠡᠭᠡᠨ ᠲᠠᠬᠢᠨ ᠲᠠᠬᠢᠨ ᠤᠰᠤᠯ ᠬᠦᠯᠢᠶᠡᠬᠦ ᠶᠤᠮ᠃         ᠬᠡᠪᠡᠴᠦ ᠨᠠᠷᠠᠨ ᠵᠠᠬᠢᠷᠤᠯ ᠢᠨᠢᠶᠡᠭᠰᠡᠭᠡᠷ᠄ ︽ᠦᠨᠤᠳᠤᠷ ᠪᠢᠳᠡᠨ ᠤ ᠬᠤᠪᠢ ᠵᠠᠶᠠᠭ᠎ᠠ ᠮᠠᠭᠤ︾ ᠭᠡᠬᠦ ᠶᠤᠮ ᠪᠢᠯᠡ᠃               ᠣᠴᠢᠷ ᠶᠠᠪᠤᠳᠠᠯ ᠢᠩᠬᠢᠬᠡᠳ ᠲᠡᠭᠦᠰᠪᠡ᠃         ᠬᠡᠯᠡᠪᠡᠯ ᠪᠠᠰᠠ ᠰᠤᠨᠢᠨ ᠶᠤᠮ᠂ ᠲᠡᠬᠦᠨ ᠤ ᠤᠪᠤᠷ ᠲᠤ ᠲᠠᠭᠠᠷᠠᠬᠤ ᠦᠭᠡᠢ ᠵᠦᠢᠯ ᠪᠠᠶᠢᠬᠤ ᠦᠭᠡᠢ ᠰᠢᠭ ᠭᠡᠨᠡᠳᠳᠡ ᠨᠠᠳᠠ ᠳᠤ ᠪᠤᠳᠤᠭᠳᠠᠪᠠ᠂ ᠲᠡᠷᠡ ᠡᠳᠤᠷ ᠵᠢᠤᠸᠠᠢ ᠲᠧ ᠴᠢᠨ ᠤ ᠬᠦᠰᠢᠶ᠎ᠡ ᠶᠢᠨ ᠲᠡᠷᠭᠡᠳᠡᠬᠢ ᠬᠦᠮᠥᠷᠭᠡ ᠳᠤ ᠤᠷᠤᠵᠥ ᠴᠢᠳᠠᠭᠰᠠᠠ ᠪᠤᠯ ᠪᠢᠳᠡᠨ ᠤ ᠬᠤᠪᠢ ᠵᠠᠶᠠᠭ᠎ᠠ ᠲᠤᠩ ᠰᠠᠶᠢᠨ ᠪᠠᠶᠢᠭᠰᠠᠠ᠂ ᠦᠨᠤᠳᠤᠷ ᠡᠬᠦᠳᠡ ᠪᠠᠨ ᠨᠡᠭᠡᠭᠡᠬᠦ ᠦᠭᠡᠢ ᠲᠠᠢ ᠨᠢ ᠲᠠᠭᠠᠷᠠᠯᠳᠤᠭᠰᠠᠠ ᠴᠦ ᠭᠤᠮᠤᠳᠠᠬᠤ ᠶᠠᠪᠤᠳᠠᠯ ᠦᠭᠡᠢ ᠶᠤᠮ᠂ ᠬᠦᠮᠥᠨ ᠤ ᠠᠮᠢᠳᠤᠷᠠᠯ ᠤᠨ ᠠᠯᠢᠪᠠ ᠤᠴᠠᠷᠠᠯ ᠲᠤᠬᠢᠶᠠᠯᠲᠤᠯ ᠨᠢ ᠪᠦᠷ ᠬᠦᠮᠦᠨ ᠤ ᠰᠠᠨᠠᠭ᠎ᠠ ᠪᠠᠷ ᠪᠤᠯᠳᠠᠭ ᠶᠠᠭᠤᠮ᠎ᠠ ᠪᠢᠰᠢ᠃               ᠦᠵᠡᠯᠳᠡ ᠬᠤᠪᠢᠷᠠᠮᠠᠭᠴᠠ᠂ ᠠᠯᠢᠪᠠ ᠲᠠᠷᠤᠭᠠᠰᠦ ᠪᠦᠷ ᠲᠠᠯᠪᠢᠭᠳᠠᠪᠠ᠃ ᠨᠠᠷᠠ ᠰᠠᠯᠬᠢ ᠲᠡᠩᠴᠡᠵᠥ᠂ ᠲᠠᠯ᠎ᠠ ᠨᠤᠳᠤᠭ ᠤᠯᠠᠮ ᠰᠠᠷᠠᠭᠤᠯᠵᠢᠵᠥ᠂ ᠬᠡᠬᠡᠷ᠎ᠡ ᠬᠤᠭᠤᠯᠠᠯᠠᠬᠤ ᠰᠠᠶᠢᠬᠠᠨ ᠴᠠᠭ ᠪᠤᠯᠤᠭᠰᠠᠠ ᠰᠢᠭ᠋ ᠪᠠᠶᠢᠯ᠎ᠠ᠃               ᠶᠠᠪᠤᠶ᠎ᠠ︕ ᠶᠠᠪᠤᠶ᠎ᠠ︕ ᠵᠤᠭᠠᠴᠠᠯ ᠤᠨ ᠮᠠᠰᠢᠨ ᠲᠡᠷᠭᠡᠨ ᠤ ᠠᠷᠤ ᠶᠢᠨ ᠰᠠᠭᠤᠳᠠᠯ ᠳᠤ ᠭᠠᠷᠴᠦ᠂ ᠵᠢᠯᠤᠭᠤᠴᠢ ᠶᠢ ᠲᠡᠷᠭᠡ ᠪᠠᠨ ᠬᠦᠳᠡᠯᠭᠡ ᠭᠡᠵᠥ ᠱᠠᠭᠠᠷᠳᠠᠯ᠎ᠠ᠃ ᠤᠢᠢᠷ᠎ᠠ ᠬᠤᠪᠢ ᠠᠴᠠ ᠪᠠᠨ ᠰᠠᠶᠢᠬᠠᠨ ᠰᠢᠭ᠋ ᠭᠠᠵᠠᠷ ᠤᠯᠵᠥ᠂ ᠤᠯᠠᠨ ᠢᠶᠠᠷ ᠢᠶᠠᠨ ᠲᠡᠷᠭᠡᠨ ᠠᠴᠠ ᠪᠠᠭᠤᠵᠥ᠂ ᠰᠢᠷᠡᠭᠡᠨ ᠤ ᠪᠦᠳᠡᠭᠡᠯᠭᠡ ︵ᠰᠦ᠋ ᠶᠢᠩ ᠤᠨ ᠦᠷᠯᠥᠭᠡ ᠲᠠᠶᠢᠸᠠᠨ ᠤ ᠤᠷᠳᠤᠨ ᠠᠴᠠ ᠵᠢᠭᠡᠯᠡᠭᠰᠡᠡ ᠰᠦᠯᠢᠶᠤᠤ ᠪᠦᠰ︶ ᠪᠠᠨ ᠲᠡᠯᠭᠡᠵᠥ᠂ ᠦᠴᠦᠭᠡᠳᠤᠷ ᠤᠨ ᠠᠪᠤᠭᠰᠠᠠ ᠵᠢᠮᠢᠰ ᠂ ᠤᠮᠳᠠᠭᠠᠨ ᠵᠡᠷᠭᠡ ᠪᠠᠨ ᠦᠷᠦᠵᠥ᠂ ᠤᠯᠠᠨ ᠢᠶᠠᠷ ᠢᠶᠠᠨ ᠪᠠᠶᠠᠷ ᠲᠠᠢ ᠪᠠᠷ ᠬᠦᠬᠡ ᠲᠡᠭᠷᠢ ᠨᠤᠭᠤᠭᠠᠨ ᠲᠠᠯ᠎ᠠ ᠶᠢᠨ ᠲᠤᠮᠳᠠ ᠬᠡᠬᠡᠷ᠎ᠡ ᠶᠢᠨ ᠬᠤᠭᠤᠯᠠ ᠪᠠᠨ ᠢᠳᠡᠯ᠎ᠡ᠃               ᠬᠠᠶᠠ ᠨᠡᠬᠦᠳᠡᠯᠯᠡᠨ ᠢᠷᠡᠵᠥ ᠨᠠᠷᠠ ᠶᠢ ᠬᠠᠯᠬᠠᠯᠠᠬᠤ ᠡᠬᠦᠯᠡ ᠶᠢ ᠭᠠᠷᠭᠠᠪᠠᠯ᠂ ᠲᠡᠷᠭᠡ ᠤᠨᠤᠭ᠎ᠠ ᠬᠦᠮᠥᠨ ᠬᠠᠷ᠎ᠠ ᠶᠢᠨ ᠬᠠᠷᠰᠢᠯᠠᠯ ᠭᠡᠵᠥ ᠨᠢᠭᠡ ᠴᠦ ᠦᠭᠡᠢ᠂ ᠪᠢᠳᠡ ᠲᠡᠯᠡᠬᠡᠢ ᠶᠢᠨ ᠪᠦᠮᠪᠦᠷᠴᠡᠭ ᠬᠤᠭᠤᠯᠠᠨ ᠲᠡᠩᠬᠢᠮ ᠤᠨ ᠲᠡᠭᠡᠳᠥ ᠲᠡᠰ ᠤᠨ ᠤᠷᠳᠤᠨ ᠳᠤ ᠬᠤᠭᠤᠯᠠᠯᠠᠵᠥ ᠪᠠᠶᠢᠬᠤ ᠶᠤᠮ ᠴᠢᠨᠢ ᠲᠠᠭᠠᠳᠠᠢ ᠪᠠᠶᠢᠬᠤ ᠦᠭᠡᠢ ᠭᠡᠵᠦ ᠪᠠᠶᠢᠨ᠎ᠠ ᠤᠤ︖               ᠬᠤᠭᠤᠯᠠᠯᠠᠬᠤ ᠵᠠᠭᠤᠷ᠎ᠡ ᠪᠠᠨ ᠪᠢᠳᠡ ᠰᠠᠶ᠋ᠢ ᠶᠢᠨ ᠦᠵᠡᠭᠰᠡᠡ ᠢᠶᠠᠨ ᠶᠠᠷᠢᠯᠴᠠᠯ᠎ᠠ᠃ ᠲᠦᠨ ᠢᠤᠢ ᠬᠦ᠋ ᠶᠢᠨ ᠬᠦᠰᠢᠶ᠎ᠡ ᠠᠴᠠ ᠦᠷᠬᠦᠯᠵᠢᠯᠡᠵᠥ ᠭᠠᠷᠤᠭᠰᠠᠠ ᠦᠨᠳᠤᠷ ᠪᠤᠭᠤᠨᠢ ᠨᠢ ᠠᠳᠠᠯᠢ ᠦᠭᠡᠢ ᠵᠢᠵᠢᠭ ᠴᠢᠯᠠᠭᠤᠨ ᠪᠠᠭᠠᠨ᠎ᠠ ᠨᠢ ᠶᠠᠭᠤ ᠪᠤᠢ︖ ᠭᠡᠵᠥ ᠵᠠᠷᠢᠮ ᠬᠦᠮᠥᠨ ᠠᠰᠠᠭᠤᠪᠠ᠃         ᠲᠦᠪᠰᠢᠨᠪᠠᠶᠠᠷ ᠠᠪᠤᠭᠠᠢ᠄ ᠲᠤᠮᠳᠠᠳᠥ ᠤᠯᠤᠰ ᠤᠨ ᠡᠷᠳᠡᠮᠳᠡᠨ ᠡᠬᠦᠨ ᠢ ︽ᠬᠦᠮᠥᠨ ᠠᠯᠠᠭᠰᠠᠠ ᠴᠢᠯᠠᠭᠤ︾ ᠭᠡᠵᠥ ᠬᠡᠯᠡᠳᠡᠭ᠂ ᠲᠠᠷᠤᠢ ᠲᠶᠦ᠋ᠷᠺ ᠤᠨ ᠢᠵᠠᠭᠤᠷᠳᠠᠨ ᠤ ᠲᠠᠶᠢᠯᠠᠯᠳᠤᠬᠤ ᠶᠠᠪᠤᠴᠠ ᠳᠤ ᠠᠯᠠᠭᠰᠠᠠ ᠬᠦᠮᠥᠨ ᠤ ᠲᠤᠭ᠎ᠠ ᠂ ᠨᠢᠭᠡ ᠬᠦᠮᠥᠨ ᠢ ᠨᠢᠭᠡ ᠴᠢᠯᠠᠭᠤ ᠲᠥᠯᠥᠭᠡᠯᠡᠵᠥ ᠪᠠᠶᠢᠳᠠᠭ ᠭᠡᠨ᠎ᠡ᠃         ᠭᠡᠪᠡᠴᠦ᠂ ᠲᠶᠦ᠋ᠷᠺ ᠤᠨ ᠡᠷᠳᠡᠮᠳᠡᠨ ᠬᠠᠷᠢᠨ᠂ ᠲᠤᠬᠠᠢ ᠶᠢᠨ ᠵᠢᠯ ᠵᠠᠩᠵᠤᠨ ᠲᠠᠶᠢᠯᠠᠯᠳᠤᠬᠤ ᠪᠠᠷ ᠭᠠᠷᠪᠠᠯ ᠨᠢᠭᠡ ᠤᠳᠠᠭ᠎ᠠ ᠶᠢᠨ ᠪᠠᠶᠢᠯᠳᠤᠭᠠᠨ ᠳᠤ ᠲᠤᠭ᠎ᠠ ᠦᠭᠡᠢ ᠤᠯᠠᠨ ᠲᠠᠶᠢᠰᠤᠨ ᠢ ᠠᠯᠠᠳᠠᠭ ᠲᠤᠯᠠ ᠬᠡᠳᠤᠨ ᠠᠷᠪᠠ ᠬᠡᠳᠤᠨ ᠵᠠᠭᠤ ᠪᠠᠷ ᠲᠤᠭᠠᠯᠠᠵᠥ ᠶᠠᠭᠠᠬᠢᠨ ᠴᠢᠳᠠᠬᠤ ᠪᠤᠢ︖ ᠭᠡᠵᠥ ᠬᠡᠯᠡᠳᠡᠭ᠃ ᠡᠶᠢᠮᠤ ᠠᠴᠠ ᠲᠡᠳᠡᠨ ᠤ ᠦᠵᠡᠬᠦ ᠪᠠᠷ᠂ ᠲᠠᠬᠢᠯᠭ᠎ᠠ ᠶᠢᠨ ᠭᠠᠵᠠᠷ ᠲᠤ ᠰᠢᠯᠤᠭᠤᠨ ᠱᠤᠭᠤᠮ ᠢᠶᠠᠷ ᠠᠳᠠᠯᠢ ᠵᠠᠶᠢᠳᠠᠢ ᠡ᠊ᠩᠨᠡᠬᠦᠯᠥᠭᠰᠡᠡ ᠵᠢᠵᠢᠭ ᠴᠢᠯᠠᠭᠤᠨ ᠪᠠᠭᠠᠨ᠎ᠠ ᠪᠤᠯ ᠲᠠᠬᠢᠯᠭ᠎ᠠ ᠳᠤ ᠤᠷᠤᠯᠴᠠᠭᠰᠠᠠ ᠢᠵᠠᠭᠤᠷᠳᠠᠨ ᠤ ᠲᠥᠯᠥᠭᠡᠯᠡᠭᠴᠢ ᠶᠢᠨ ᠲᠤᠭ᠎ᠠ᠂ ᠨᠢᠭᠡ ᠬᠦᠮᠥᠨ ᠢ ᠨᠢᠭᠡ ᠴᠢᠯᠠᠭᠤ ᠲᠥᠯᠥᠭᠡᠯᠡᠵᠥ᠂ ᠦᠨᠢᠳᠡ ᠶᠢᠨ ᠮᠥᠷᠦᠭᠡᠳᠤᠯ ᠢᠶᠠᠨ ᠢᠯᠡᠳᠭᠡᠵᠥ ᠪᠠᠶᠢᠨ᠎ᠠ ᠭᠡᠨ᠎ᠡ᠃             ᠲᠦᠨ ᠢᠤᠢ ᠬᠦ᠋ ᠶᠢᠨ ᠬᠦᠰᠢᠶ᠎ᠡ ᠠᠴᠠ ᠦᠷᠬᠦᠯᠵᠢᠯᠡᠵᠥ ᠭᠠᠷᠤᠭᠰᠠᠠ ᠵᠢᠵᠢᠭ ᠴᠢᠯᠠᠭᠤᠨ ᠪᠠᠭᠠᠨ᠎ᠠ 400 ᠭᠠᠷᠤᠢ ᠪᠠᠶᠢᠬᠤ ᠠᠴᠠ ᠦᠵᠡᠪᠡᠯ ᠲᠤᠬᠠᠢ ᠶᠢᠨ ᠦᠶ᠎ᠡ ᠶᠢᠨ ᠲᠠᠬᠢᠯᠭ᠎ᠠ ᠬᠡᠴᠢᠨᠡᠨ ᠦᠪᠡᠳᠡᠭᠰᠢ ᠶᠡᠭᠡ ᠪᠠᠶᠢᠭᠰᠠᠠ ᠢ ᠮᠡᠳᠡᠵᠥ   ᠪᠤᠯᠤᠨ᠎ᠠ᠃             ᠪᠢ ᠬᠤᠶᠢᠨᠠᠬᠢ ᠬᠡᠯᠡᠯᠭᠡ ᠶᠢ ᠵᠦᠪᠰᠢᠶᠡᠷᠡᠨ᠎ᠡ᠃               ᠦᠬᠡ ᠦᠭᠡᠢ ᠲᠠᠭᠤᠤ ᠰᠢᠭ᠋᠄           ᠡᠪᠡᠰᠦ ᠨᠤᠭᠤᠭ᠎ᠠ ᠴᠡᠯᠭᠡᠷᠡᠵᠥ᠂ ᠴᠢᠯᠠᠭᠤᠨ ᠪᠠᠭᠠᠨ᠎ᠠ ᠦᠷᠬᠦᠯᠵᠢᠯᠡᠨ᠎ᠡ᠂ ᠦᠨᠢᠳᠡ ᠶᠢᠨ ᠮᠥᠷᠦᠭᠡᠳᠤᠯ ᠢᠶᠠᠷ ᠢᠶᠠᠨ ᠪᠠᠯᠠᠷᠠᠰᠢ ᠦᠭᠡᠢ ᠵᠢᠳᠬᠦᠯ ᠢ ᠴᠢᠨᠢ ᠮᠠᠭᠳᠠᠨ ᠲᠠᠭᠤᠯᠠᠨ᠎ᠠ ᠁                                27 ᠤ ᠡᠳᠤᠷ᠂ ︵ᠭᠠᠷᠠᠭ ᠤᠨ ᠲᠥᠷᠪᠡᠨ᠂ ᠪᠤᠷᠤᠭᠠᠨ ᠲᠠᠢ︶             ᠪᠢ ᠪᠤᠷᠤᠭᠠᠨ ᠤᠷᠤᠬᠤ ᠲᠤᠷ᠎ᠠ ᠦᠭᠡᠢ ᠪᠠᠶᠢᠳᠠᠭ ᠮᠤᠩᠭᠤᠯ ᠤᠨ ᠦᠨᠳᠦᠷᠯᠢᠭ ᠲᠡᠭᠡᠷ᠎ᠡ ᠪᠠᠶᠢᠬᠤ ᠲᠤᠯᠠ ︽ ᠪᠤᠷᠤᠭᠠᠨ ᠲᠠᠢ︾ ᠭᠡᠬᠦ ᠦᠬᠡ ᠶᠢ ᠪᠢᠴᠢᠬᠦ ᠦᠶ᠎ᠡ ᠳᠤ ᠰᠡᠳᠬᠢᠯ ᠤᠨᠴᠠᠭᠠᠢ ᠰᠢᠭ᠋ ᠪᠤᠯᠪᠠ᠃ ᠡᠨᠡ ᠵᠤᠨ᠂ ᠮᠤᠩᠭᠤᠯ ᠤᠯᠤᠰ ᠲᠤ ᠪᠤᠷᠤᠭᠠᠨ ᠤᠨᠴᠠᠭᠠᠢ ᠡᠯᠪᠡᠭ᠂ ᠮᠢᠨᠦ ᠢᠷᠡᠭᠰᠡᠡ ᠡᠨᠡ ᠭᠤᠷᠪᠠᠨ ᠭᠠᠷᠠᠭ ᠲᠤ ᠤᠯᠠᠨ ᠤᠳᠠᠭ᠎ᠠ ᠶᠡᠭᠡ ᠪᠤᠷᠤᠭᠠᠨ ᠤᠷᠤᠪᠠ᠂ ᠴᠠᠭ ᠠᠭᠤᠷ ᠤᠨ ᠮᠡᠳᠡᠭᠡ ᠳᠤ᠂ ᠦᠨᠤᠳᠤᠷ᠂ ᠮᠠᠷᠭᠠᠰᠢ ᠪᠦᠷ ᠪᠤᠷᠤᠭᠠᠨ ᠲᠠᠢ ᠭᠡᠵᠥ ᠪᠠᠶᠢᠨ᠎ᠠ᠃ ᠦᠨᠡᠬᠡᠷ ᠰᠠᠶᠢᠨ︕ ᠤᠴᠢᠷ ᠨᠢ᠂ ᠵᠠᠷᠢᠮ ᠳᠠᠭᠠᠨ ᠭᠤᠷᠪᠠᠨ ᠰᠠᠷ᠎ᠠ ᠳᠤ 10 ᠮᠢᠨᠦ᠋ᠲ ᠪᠤᠷᠤᠭᠠᠨ ᠤᠷᠤᠬᠤ ᠦᠭᠡᠢ ᠤᠳᠠᠭ᠎ᠠ ᠴᠦ ᠭᠠᠷᠳᠠᠭ᠃       ᠤᠯᠠᠭᠠᠨᠪᠠᠭᠠᠳᠤᠷ ᠬᠤᠳᠠ ᠳᠤ ᠤᠰᠤ ᠵᠠᠯᠠᠬᠤ ᠬᠤᠭᠤᠯᠠᠢ ᠦᠭᠡᠢ᠂ ᠶᠡᠭᠡ ᠪᠤᠷᠤᠭᠠᠨ ᠤᠷᠤᠪᠠᠯ ᠵᠡᠭᠡᠯᠢ ᠲᠡᠭᠡᠷ᠎ᠡ ᠬᠤᠷᠠᠭᠰᠠᠠ ᠤᠰᠤ ᠨᠡᠯᠢᠶᠡᠳ ᠤᠳᠠᠭᠠᠳ ᠰᠠᠢᠢ ᠰᠢᠩᠭᠡᠳᠡᠭ ᠲᠤᠯᠠ ᠬᠦᠮᠥᠰ ᠲᠤ ᠲᠤᠩ ᠲᠦᠬᠦᠮ ᠦᠭᠡᠢ᠃             ᠮᠠᠷᠭᠠᠰᠢ ᠲᠠᠶᠢᠸᠠᠨ ᠳᠠᠭᠠᠨ ᠪᠤᠴᠠᠨ᠎ᠠ᠂ ᠡᠨᠡ ᠤᠳᠠᠭ᠎ᠠ ᠤᠢᠢᠷᠠᠬᠠᠨ ᠪᠠᠶᠢᠭ᠎ᠠ ᠱᠠᠰᠢᠨ ᠤ ᠮᠥᠽᠸᠢ ᠳᠤ ᠤᠴᠢᠵᠥ ᠴᠢᠳᠠᠭᠰᠠᠠ ᠦᠭᠡᠢ᠂ ᠭᠠᠨᠳᠢᠩ ᠰᠦᠮ᠎ᠡ ᠳᠤ ᠴᠦ ᠤᠴᠢᠵᠥ ᠵᠠᠪᠳᠤᠭᠰᠠᠠ ᠦᠭᠡᠢ ︵ᠵᠦᠪᠭᠡᠨ ᠬᠤᠮᠰᠢᠮ ᠪᠤᠳᠢᠰᠠᠳ᠋ᠸ᠎ᠠ ᠶᠢᠨ ᠬᠦᠷᠦᠭ ᠲᠤ ᠨᠢᠭᠡ ᠤᠳᠠᠭ᠎ᠠ ᠪᠠᠷᠠᠳᠠᠵᠠᠢ︶᠃           ᠶᠠᠳᠠᠷᠠᠭᠰᠠᠠ ᠰᠢᠭ᠋ ᠪᠠᠶᠢᠨ᠎ᠠ᠃           ᠦᠳᠡ ᠶᠢᠨ ᠬᠤᠶᠢᠨᠠᠬᠢ 3 ᠴᠠᠭ ᠲᠤ᠂ ᠭᠤᠳᠤᠪ ᠠᠪᠤᠭᠠᠢ ᠲᠠᠢ ᠵᠤᠯᠭᠠᠬᠤ ᠪᠠᠷ ᠤᠴᠢᠪᠠ᠂ ᠡᠨᠡ ᠠᠷᠪᠠᠨ ᠬᠡᠳᠤᠨ ᠵᠢᠯ ᠳᠤ᠂ ᠲᠡᠷᠡ ᠲᠠᠶᠢᠸᠠᠨ ᠪᠤᠯᠤᠨ ᠮᠤᠩᠭᠤᠯ ᠤᠨ ᠰᠤᠶᠤᠯ ᠤᠨ ᠶᠠᠪᠤᠯᠴᠠᠭ᠎ᠠ ᠳᠤ ᠮᠠᠰᠢ ᠶᠡᠭᠡ ᠬᠤᠪᠢ ᠨᠡᠮᠡᠷᠢ ᠦᠵᠡᠬᠦᠯᠥᠭᠰᠡᠡ ᠲᠤᠯᠠ ᠪᠢᠰᠢᠷᠡᠨ ᠬᠦᠨᠳᠦᠳᠭᠡᠬᠦᠰᠢᠳᠠᠢ ᠶᠤᠮ᠃             ᠲᠠᠶᠢᠸᠠᠨ ᠳᠠᠭᠠᠨ ᠪᠤᠴᠠᠬᠤ ᠪᠤᠯᠤᠭᠰᠠᠠ ᠴᠢᠨᠢ ᠤᠯᠠᠭᠠᠨᠪᠠᠭᠠᠳᠤᠷ ᠤᠨ ︽ᠲᠠᠶᠢᠸᠠᠨ ᠤ ᠤᠷᠳᠤᠨ︾ ᠠᠴᠠ ᠰᠠᠯᠵᠥ ᠶᠠᠳᠠᠭᠰᠠᠠ ᠰᠢᠭ᠋ ᠪᠤᠯᠪᠠ᠃       ᠦᠨᠡᠬᠡᠷ ᠬᠠᠶᠢᠷᠠᠯᠠᠯᠳᠠᠢ ᠵᠤᠴᠢᠳ ᠤᠨ ᠪᠠᠭᠤᠳᠠᠯ᠂ ᠬᠤᠶᠠᠳᠤᠭᠠᠷ ᠲᠠᠪᠬᠤᠷᠯᠢᠭ ᠲᠡᠭᠡᠷ᠎ᠡ ᠨᠢ ᠲᠠᠶᠢᠸᠠᠨ ᠤ ᠬᠤᠳᠠᠯᠳᠤᠭᠠᠨ ᠤ ᠪᠠᠶᠢᠭᠤᠯᠤᠮᠵᠢ ᠲᠠᠢ᠂ ᠪᠠᠰᠠ ᠲᠡᠳᠬᠦᠬᠦ ᠲᠦᠪ ᠤᠨ ᠮᠤᠩᠭᠤᠯ ᠤᠨ ᠬᠡᠤᠬᠡᠳ ᠢ ᠲᠤᠰᠠᠯᠠᠬᠤ ᠠᠯᠪᠠᠨ ᠭᠡᠷ ᠪᠤᠢ᠃ ᠠᠰᠠᠷ ᠲᠤᠤᠷᠠᠬᠢ ᠦᠷᠯᠥᠭᠡ ᠶᠢᠨ ᠬᠤᠭᠤᠯᠠᠨ ᠤ ᠲᠤᠭᠤᠷᠢᠭ ᠰᠢᠷᠡᠭᠡ ᠨᠢ ᠴᠦ ᠰᠤᠨᠢᠷᠬᠠᠯᠳᠠᠢ᠂ ᠡᠳᠤᠷ ᠪᠦᠷᠢ ᠤᠯᠠᠨ ᠢᠶᠠᠷ ᠢᠶᠠᠨ ᠠᠳᠡ ᠠᠭᠤᠯᠵᠠᠵᠥ᠂ ᠤᠢᠢᠯᠠᠭᠠᠯᠳᠠ ᠪᠠᠨ ᠰᠤᠯᠢᠯᠴᠠᠵᠥ᠂ ᠪᠠᠶᠠᠷ ᠬᠦᠷ ᠲᠠᠢ ᠪᠦᠭᠡᠳ ᠦᠨᠳᠤᠷ ᠦᠷ᠎ᠡ ᠪᠦᠳᠦᠮᠵᠢ ᠲᠠᠢ ︽ᠦᠷᠯᠥᠭᠡ ᠶᠢᠨ ᠬᠤᠭᠤᠯᠠᠨ ᠤ ᠬᠤᠷᠠᠯ︾ ᠰᠢᠭ᠋ ᠪᠤᠯᠳᠠᠭ᠃           ᠡᠨᠡ ᠪᠠᠭᠤᠳᠠᠯ ᠢ ᠪᠠᠭ᠋ᠠᠷᠬᠠᠬᠤ ᠪᠦᠭᠡᠳ ᠨᠢᠭᠡ ᠰᠠᠷ᠎ᠠ ᠰᠠᠭᠤᠪᠠᠯ 15 ᠡᠳᠤᠷ ᠤᠨ ᠰᠦᠢᠳᠭᠡᠯ ᠲᠤᠰᠢᠶᠠᠳᠠᠭ ᠢ ᠴᠦ ᠮᠡᠳᠡᠯ᠎ᠡ︕           ᠡᠶᠢᠮᠤ ᠠᠴᠠ᠂ ᠰᠦ᠋ ᠶᠢᠩ ᠪᠢᠳᠡ ᠬᠤᠶᠠᠭᠤᠯᠠ ᠬᠤᠪᠴᠠᠰᠦ ᠬᠤᠨᠠᠷ ᠢᠶᠠᠨ ᠬᠤᠪᠴᠠᠰᠤᠨ ᠤ ᠬᠤᠷᠭᠤᠨ ᠳᠤ ᠡᠯᠬᠦᠵᠥ᠂ ᠲᠦᠬᠦᠮᠭᠡᠨ ᠪᠤᠭᠴᠦ ᠪᠠᠨ ᠠᠪᠤᠪᠠᠯ ᠭᠠᠳᠠᠭᠰᠢ ᠭᠠᠷᠴᠢᠬᠠᠳᠠᠭ᠃ ᠭᠡᠷ ᠢᠶᠠᠨ ᠪᠤᠴᠠᠭᠠᠭᠰᠠ ᠤ ᠬᠡᠷᠡᠭ ᠦᠭᠡᠢ ᠂ ᠡᠳᠤᠷ ᠪᠤᠯᠭᠠᠨ ᠬᠦᠭᠡᠷᠤᠬᠦᠨ ᠮᠤᠩᠭᠤᠯ ᠦᠢᠯᠡᠴᠢᠯᠡᠭᠴᠢ ᠦᠬᠢᠨ ᠢᠷᠡᠵᠥ ᠴᠡᠪᠡᠷᠯᠡᠳᠡᠭ᠂ ᠦᠨᠡᠬᠡᠷ ᠴᠦ ᠭᠡᠷ ᠲᠡᠭᠡᠨ ᠢᠷᠡᠭᠰᠡᠡ ᠰᠢᠭ ᠪᠠᠶᠢᠳᠠᠭ᠃             ᠠᠳᠡ ᠮᠠᠰᠢ ᠤᠯᠠᠨ ᠨᠠᠶᠢᠵᠢ ᠨᠠᠷ ᠲᠠᠢ ᠪᠠᠨ ᠠᠭᠤᠯᠵᠠᠪᠠ᠃ ᠦᠨᠤᠳᠤᠷ ᠭᠦᠸᠧ ᠬᠠᠨ ᠪᠤᠯᠤᠨ ᠭᠤᠸᠠᠩ ᠢᠤᠢ ᠵᠠᠯᠠᠭᠤ ᠡᠷ᠎ᠡ ᠡᠮ᠎ᠡ ᠬᠤᠶᠠᠭᠤᠯᠠ ᠲᠠᠢ ᠠᠭᠤᠯᠵᠠᠪᠠ᠂ ᠰᠠᠶ᠋ᠢᠬᠠᠨ ᠢᠷᠡᠭᠰᠡᠡ ᠭᠡᠨ᠎ᠡ᠂ ᠲᠡᠳᠡ ᠮᠤᠩᠭᠤᠯ ᠳᠤ 3 ᠰᠠᠷ᠎ᠠ ᠰᠠᠭᠤᠬᠤ ᠰᠠᠨᠠᠭᠠᠳᠠᠢ ᠭᠡᠨ᠎ᠡ᠃         ᠨᠡᠬᠡᠷᠡᠡ ᠴᠦ ᠬᠠᠶᠢᠷᠠᠯᠠᠯᠳᠠᠢ ᠵᠤᠴᠢᠳ ᠤᠨ ᠪᠠᠭᠤᠳᠠᠯ ᠡ᠃           ᠴᠢᠮᠡᠭ ᠨᠠᠳᠠ ᠳᠤ᠂ ᠮᠤᠩᠭᠤᠯ ᠦᠬᠡᠨ ᠳᠤ ︽ᠲᠠᠶᠢᠸᠠᠨ︾ ᠭᠡᠬᠦ ᠠᠪᠢᠶ᠎ᠠ ᠲᠠᠢ ᠦᠰᠦᠭ ᠪᠠᠶᠢᠳᠠᠭ᠂ ︽ ᠲᠠᠶᠢᠪᠤᠩ︾ ᠭᠡᠰᠡᠡ ᠤᠳᠬ᠎ᠠ ᠲᠠᠢ ᠭᠡᠵᠥ ᠬᠡᠯᠡᠵᠥ ᠦᠭᠪᠡ᠃                       ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号