ᠰᠢ᠊ ·   ᠮᠦᠷᠡᠨ᠄ ︽ᠮᠤᠩᠭᠤᠯ ᠬᠡᠯᠡᠨ ᠤ ᠬᠢᠴᠢᠶᠠᠯ︾ ︵ᠠᠷᠪᠠ ᠶᠢᠰᠦ︶
ᠨᠡᠶᠢᠲᠡᠯᠡᠭᠰᠡᠨ ᠴᠠᠭ᠄
2016-04-15
      28 ᠤ ᠡᠳᠤᠷ   ︵ᠭᠠᠷᠠᠭ ᠤᠨ ᠲᠠᠪᠤᠨ᠂ ᠲᠤᠩᠭᠠᠯᠠᠭ︶                7 ᠰᠠᠷ᠎ᠠ ᠶᠢᠨ 27 ᠤ ᠡᠳᠤᠷ ᠤᠨ ᠺᠤᠷᠢᠶᠠ ᠶᠢᠨ ᠠᠶᠠᠨᠴᠢᠳ ᠤᠨ ᠨᠢᠰᠬᠡᠯ ᠬᠡᠰᠡᠡ ᠪᠤᠯᠪᠠᠴᠦ᠂ ᠨᠢᠰᠭᠡᠯ ᠨᠢ ᠦᠷᠯᠥᠭᠡ ᠶᠢᠨ 1 ᠴᠠᠭ 20 ᠮᠢᠨᠦ᠋ᠲ ᠲᠤ ᠨᠢᠰᠪᠡ᠃       ᠰᠢᠶᠤᠤ ᠮᠧᠩ ᠲᠡᠷᠭᠡ ᠪᠠᠷ ᠪᠢᠳᠡᠨ ᠢ ᠨᠢᠰᠭᠡᠯ ᠤᠨ ᠪᠠᠭᠤᠳᠠᠯ ᠳᠤ ᠬᠦᠷᠭᠡᠪᠡ᠃           ᠤᠯᠠᠭᠠᠨᠪᠠᠭᠠᠳᠤᠷ ᠤᠨ ᠨᠢᠰᠭᠡᠯ ᠤᠨ ᠪᠠᠭᠤᠳᠠᠯ ᠤᠨ ᠬᠢᠯᠢ ᠪᠠᠷ ᠤᠷᠤᠬᠤ ᠲᠠᠰᠤᠭ ᠨᠢ ᠲᠡᠮᠡᠢ ᠬᠤᠪᠢᠷᠠᠯᠳᠠ ᠦᠭᠡᠢ᠂ ᠬᠢᠯᠢ ᠪᠠᠷ ᠭᠠᠷᠬᠤ ᠲᠠᠰᠤᠭ  ᠢ 1998 ᠤᠨ ᠤ ᠬᠢ ᠲᠠᠢ ᠠᠳᠠᠯᠢᠳᠬᠠᠪᠠᠯ ᠨᠡᠯᠢᠶᠡᠳ ᠦᠷᠭᠡᠳᠬᠡᠴᠢᠬᠡᠵᠠᠢ᠂ ᠪᠠᠰᠠ ᠬᠡᠲᠦ ᠬᠡᠲᠦᠨ ᠭᠠᠶᠢᠯᠢ ᠠᠴᠠ ᠬᠡᠯᠲᠦᠷᠢᠭᠦᠯᠬᠦ ᠲᠡᠯᠭᠡᠭᠦᠷ᠂ ᠵᠢᠵᠢᠭ ᠬᠤᠭᠤᠯᠠᠠ ᠭᠡᠷ ᠲᠠᠢ ᠪᠤᠯᠵᠠᠢ᠂ ᠬᠠᠮᠤᠭ ᠤᠨ ᠶᠡᠭᠡ ᠬᠤᠪᠢᠷᠠᠯᠲᠠ ᠭᠡᠪᠡᠯ᠂ ᠨᠢᠰᠭᠡᠯ ᠤᠨ ᠪᠠᠭᠤᠲᠠᠯ ᠳᠤ ᠨᠢᠰᠭᠡᠯ ᠬᠦᠯᠢᠶᠡᠬᠦ ᠠᠶᠠᠠᠴᠢᠨ ᠤᠯᠠᠲᠡᠵᠦ᠂ ᠶᠠᠫᠤᠨ᠂ ᠺᠤᠷᠢᠶᠠ ᠶᠢᠨ ᠵᠤᠭᠠᠴᠠᠭᠴᠢᠳ ᠬᠠᠮᠤᠭ ᠤᠨ ᠤᠯᠠᠠ ᠪᠤᠯᠵᠠᠢ᠃ 1 ᠴᠠᠭ ᠭᠠᠷᠤᠢ ᠳᠤ ᠨᠢᠰᠦᠭᠰᠡᠡ ᠨᠢᠰᠭᠡᠯ ᠦᠷᠯᠦᠭᠡ ᠶᠢᠨ 4 ᠴᠠᠭ ᠲᠤ ᠰᠸᠦ᠋ᠯ ᠤᠨ ᠢᠨᠼᠧᠨ ᠨᠢᠰᠭᠡᠯ ᠤᠨ ᠪᠠᠭᠤᠲᠠᠯ ᠳᠤ ᠬᠦᠷᠪᠠ᠃ ᠲᠠᠷᠠᠭ᠎ᠠ ᠡᠭᠡᠯᠵᠢᠨ ᠤ ᠲᠠᠶᠢᠸᠠᠠ ᠳᠤ ᠬᠦᠷᠬᠦ ᠨᠢᠰᠭᠡᠯ 9 ᠴᠠᠭ ᠬᠠᠭᠠᠰ ᠲᠤ ᠰᠠᠶ᠋ᠢ ᠨᠢᠰᠦᠨ᠎ᠠ᠃ ᠲᠡᠶᠢᠮᠦ ᠠᠴᠠ ᠢᠨᠼᠧᠨ ᠨᠢᠰᠭᠡᠯ ᠤᠨ ᠪᠠᠭᠤᠲᠠᠯ ᠳᠤ ᠪᠠᠭᠤᠮᠠᠭᠴᠠ ᠰᠦ᠋ ᠶᠢᠩ ᠪᠢᠲᠡ ᠬᠤᠶᠠᠭᠤᠯᠠ ᠲᠠᠷᠤᠢ ᠨᠢᠭᠡ ᠤᠷᠲᠤ ᠰᠠᠠᠲᠠᠯᠢ ᠶᠢ ᠰᠤᠩᠭᠤᠵᠦ ︵ ᠨᠢᠰᠭᠡᠯ ᠬᠦᠯᠢᠶᠡᠬᠦ ᠭᠠᠵᠠᠷ ᠲᠤ ᠤᠯᠠᠠ ᠰᠠᠠᠲᠠᠯᠢ ᠲᠠᠢ᠂ ᠲᠤᠮᠲᠠ ᠨᠢ ᠲᠠᠰᠤᠯᠬᠤ ᠪᠠᠷᠢᠭᠤᠯ ᠭᠠᠷᠭᠠᠭᠰᠠᠠ ᠦᠭᠡᠢ ᠪᠤᠯᠬᠤᠷ ᠦᠨᠡᠡᠲᠡᠭᠡᠡ ᠨᠢᠭᠡ ᠤᠷᠲᠤ ᠤᠷᠤ ᠲᠠᠢ ᠲᠡᠩᠴᠡᠨ᠎ᠠ︶  ᠂ ᠰᠠᠯᠬᠢᠨ ᠲᠠᠪᠬᠤᠴᠠ ᠪᠠᠷ ᠢᠶᠠᠨ ᠪᠤᠭᠴᠤ ᠪᠠᠨ ᠤᠷᠢᠶᠠᠵᠦ ᠲᠡᠷ᠎ᠠ ᠶᠢᠨ ᠤᠷᠤᠨ ᠳᠤ ᠲᠡᠷᠡᠯᠡᠵᠦ ᠬᠡᠪᠲᠡᠪᠡ᠃ ᠰᠦ᠋ ᠶᠢᠩ ᠰᠠᠶ᠋ᠢᠬᠠᠠ ᠠᠪᠤᠭᠰᠠᠠ ᠨᠤᠯᠤᠤᠷ ᠤᠨ ᠨᠦᠮᠦᠷᠭᠡ ᠪᠠᠨ ᠨᠠᠲᠠ ᠳᠤ ᠬᠤᠴᠢᠵᠦ ᠦᠭᠪᠠ᠂ ᠡᠨᠡ ᠨᠢ ᠬᠦᠩᠭᠡᠡ ᠮᠦᠷᠲᠡᠭᠡᠡ ᠲᠤᠯᠠᠭᠠᠬᠠᠠ᠂ ᠢᠩᠭᠢᠭᠡᠳ ᠤᠨᠲᠠᠴᠢᠬᠠᠵᠠᠢ ︵ᠡᠨᠡ ᠤᠲᠠᠭ᠎ᠠ ᠪᠢ ᠬᠠᠷᠢᠨ ᠶᠠᠮᠠᠷ ᠤᠷᠤ ᠲᠡᠭᠡᠷ᠎ᠠ ᠭᠡᠳ ᠪᠦᠷ ᠤᠨᠲᠠᠵᠦ ᠦᠵᠡᠯ᠎ᠠ᠂ ᠢᠨᠼᠧᠨ ᠨᠢᠰᠭᠡᠯ ᠤᠨ ᠪᠠᠭᠤᠲᠠᠯ ᠤᠨ ᠡᠨᠡ ᠤᠷᠤ ᠨᠠᠮ ᠲᠠᠶᠢᠪᠤᠭᠤ ᠪᠦᠭᠡᠳ ᠲᠡᠭᠰᠢᠬᠡᠡ᠂ ᠪᠠᠰᠠ ᠬᠤᠷᠤᠬᠠᠢ ᠰᠢᠪᠠᠵᠢ ᠳᠤ ᠬᠠᠵᠠᠭᠲᠠᠭᠰᠠᠠ ᠦᠭᠡᠢ᠂ 80 ᠬᠤᠪᠢ ᠦᠭᠴᠤ ᠪᠤᠯᠤᠨ᠎ᠠ︶᠃               4 ᠴᠠᠭ ᠠᠴᠠ 7 ᠴᠠᠭ ᠪᠤᠯᠲᠠᠯ᠎ᠠ ᠤᠨᠲᠠᠪᠠ᠃ ᠪᠤᠰᠤᠭᠠᠳ ᠪᠡᠶ᠎ᠠ ᠴᠡᠪᠡᠷᠯᠡᠬᠦ ᠲᠠᠰᠤᠭ ᠲᠤ ᠤᠷᠤᠭᠰᠠᠠ ᠴᠢᠨᠢ ᠰᠦᠨᠢ ᠶᠢᠨ ᠡᠭᠡᠯᠵᠢᠨ ᠳᠤ ᠠᠵᠢᠯᠯᠠᠭᠰᠠᠳ ᠪᠦᠷ ᠠᠳᠡ ᠨᠢᠭᠤᠷ ᠭᠠᠷ ᠢᠶᠠᠨ ᠤᠬᠢᠶᠠᠠ ᠰᠢᠲᠦ ᠪᠠᠨ ᠱᠤᠸᠠᠵᠠᠲᠠᠵᠦ ᠪᠠᠶᠢᠪᠠ᠂ ᠪᠢ ᠪᠠᠰᠠ ᠡᠷᠡᠭᠡᠯᠡᠯ ᠦᠭᠡᠢ ᠲᠡᠲᠡᠡ ᠠᠴᠠ ᠲᠠᠭᠠᠨ ᠰᠤᠷᠴᠠᠢ᠃ ᠤᠬᠢᠶᠠᠠ ᠴᠡᠪᠡᠷᠯᠡᠵᠦ ᠪᠠᠷᠠᠭᠰᠠᠠ ᠤ ᠲᠠᠷᠠᠭ᠎ᠠ᠂ ᠪᠤᠴᠠᠵᠦ ᠢᠷᠡᠬᠦ ᠳᠤ ᠰᠦ᠋ ᠶᠢᠩ ᠪᠠᠰᠠ ᠰᠡᠷᠢᠭᠡᠲᠦᠢ᠃ ᠨᠠᠮ ᠰᠡᠯᠡᠭᠦᠦ ᠨᠢᠰᠭᠡᠯ ᠬᠦᠯᠢᠶᠡᠬᠦ ᠤᠷᠲᠤ ᠭᠤᠯᠲᠤᠩ ᠳᠤ ᠪᠤᠰᠤᠳ ᠬᠦᠮᠦᠰ ᠪᠠᠰᠠ ᠮᠠᠠ ᠲᠠᠢ ᠠᠲᠠᠯᠢ ᠬᠤᠪᠴᠠᠰᠤ ᠲᠠᠢ ᠪᠠᠷ ᠢᠶᠠᠨ᠂ ᠪᠤᠭᠴᠤ ᠪᠠᠨ ᠲᠡᠷᠡᠯᠡᠡ ᠤᠨᠲᠠᠵᠦ᠂ ︵ᠡᠷᠡᠭᠲᠡᠶᠢᠴᠤᠳ ᠬᠠᠷᠢᠨ 007 ᠭᠠᠷ ᠪᠤᠭᠴᠤ ᠪᠠᠨ ᠲᠡᠷᠡᠯᠡᠵᠡᠭᠡᠵᠡᠢ︶᠂ ᠡᠯ᠎ᠠ ᠤᠯᠤᠰ ᠤᠨ ᠬᠦᠮᠦᠨ ᠪᠦᠷ ᠪᠠᠶᠢᠨ᠎ᠠ᠂ ᠨᠡᠬᠡᠷᠡᠡ ᠲᠡᠯᠡᠬᠡᠢ ᠳ᠋ᠠᠬᠢᠨ ᠤ ᠬᠦᠮᠦᠰ ᠨᠢᠭᠡ ᠭᠡᠷ ᠶᠤᠮ ᠪᠠᠶᠢᠨ᠎ᠠ᠃             9 ᠴᠠᠭ ᠬᠠᠭᠠᠰ ᠲᠤ ᠨᠢᠰᠦᠭᠰᠡᠡ ᠨᠢᠰᠭᠡᠯ 11 ᠴᠠᠭ ᠭᠠᠷᠤᠢ ᠳᠤ ᠲᠤᠤ ᠨᠠᠠ ᠨᠢᠰᠭᠡᠯ ᠤᠨ ᠪᠠᠭᠤᠲᠠᠯ ᠳᠤ ᠬᠦᠷᠪᠡ᠂ ᠮᠠᠠ ᠢ ᠬᠤᠶᠠᠷ ᠲᠡᠷᠭᠡ ᠲᠤᠰᠬᠤ ᠪᠠᠷ ᠢᠷᠡᠵᠡᠢ᠂ ᠪᠦᠷ ᠯᠡ ᠰᠦ᠋ ᠶᠢᠩ ᠲᠤᠬᠢᠷᠠᠭᠤᠯᠤᠭᠰᠠᠠ ᠶᠤᠮ ᠪᠠᠶᠢᠨ᠎ᠠ᠃ ᠡᡁᠧᠩ ᠼᠦᠢ ᠪᠤᠯᠤᠨ ᠷᠧᠨ ᠪᠠᠨ ᠡᠷ᠎ᠠ ᠡᠮ᠎ᠠ ᠬᠤᠶᠠᠭᠤᠯᠠ ᠨᠠᠲᠠ ᠶᠢ ᠳ᠋ᠠᠠ ᠱᠦᠢ ᠳᠤ ᠬᠦᠷᠭᠡᠵᠦ᠂ ᠵᠢᠶᠠᠩ ᠠᠪᠤᠭᠠᠢ ᠰᠦ᠋ ᠶᠢᠩ ᠢ ᠱᠢ ᠯᠢᠨ ᠳᠤ ᠬᠦᠷᠭᠡᠵᠡᠢ᠃ ᠵᠢᠶᠠᠩ ᠠᠪᠤᠭᠠᠢ ᠪᠤᠯ ᠮᠠᠠ ᠤ ᠬᠤᠶᠠᠭᠤᠯᠠ ᠶᠢ ᠭᠠᠲᠠᠭᠠᠲᠤ ᠳᠤ ᠭᠠᠷᠭᠠᠭᠰᠠᠠ ᠬᠦᠮᠦᠨ ᠶᠤᠮ᠃ ᠤᠲᠤ ᠪᠠᠰᠠ ᠮᠠᠠ ᠢ ᠲᠤᠰᠬᠤ ᠪᠠᠷ ᠢᠷᠡᠯ᠎ᠠ᠂ ᠲᠡᠷᠡ ᠮᠠᠠ ᠤ ᠬᠤᠶᠠᠭᠤᠯᠠ ᠶᠢᠨ ᠪᠤᠭᠴᠤ ᠶᠢ ᠲᠤᠩ ᠰᠢᠭᠦᠮᠵᠢᠯᠡᠯᠲᠤ ᠬᠠᠷᠠᠴᠠ ᠪᠠᠷ ᠰᠢᠷᠲᠡᠵᠦ ᠪᠠᠶᠢᠪᠠ᠂ ᠬᠠᠷᠢᠨ ᠳ᠋ᠠ᠂ ᠮᠠᠠ ᠤ ᠬᠤᠶᠠᠭᠤᠯᠠ ᠶᠢᠨ ᠪᠤᠭᠴᠤ ᠶᠠᠪᠤᠬᠤ ᠦᠶ᠎ᠠ ᠶᠢᠨ ᠬᠢ ᠠᠴᠠ ᠬᠤᠯᠠ ᠬᠦᠨᠲᠦ ᠪᠤᠯᠴᠢᠬᠠᠵᠠᠢ᠃ ᠭᠡᠲᠡᠯ᠎ᠠ ᠮᠤᠩᠭᠤᠯ ᠤᠯᠤᠰ ᠲᠤ ᠲᠡᠶᠢᠮᠦ ᠤᠯᠠᠠ ᠭᠤᠶᠤ ᠭᠤᠶᠤ ᠨᠤᠯᠤᠤᠷ ᠬᠠᠨᠲᠠᠭᠠᠵᠠ ᠪᠤᠯᠤᠨ ᠬᠦᠵᠦᠭᠦᠨ ᠤᠷᠢᠶᠠᠯᠲᠠ ᠪᠠᠶᠢᠬᠤ ᠳᠤ ᠬᠡᠲᠦ ᠶᠢ ᠠᠪᠬᠤ ᠦᠭᠡᠢ ᠬᠡᠷᠬᠢᠨ ᠪᠤᠯᠬᠤ ᠪᠢᠯᠡ︖                   29 ᠤ ᠡᠲᠦᠷ᠂ ︵ᠭᠠᠷᠠᠭ ᠤᠨ ᠵᠢᠷᠭᠤᠭᠠᠠ᠂ ᠲᠤᠩᠭᠠᠯᠠᠭ︶                       ᠦᠴᠤᠭᠡᠲᠦᠷ ᠭᠡᠷ ᠲᠡᠭᠡᠨ ᠬᠠᠷᠢᠵᠦ ᠢᠷᠡᠭᠡᠳ ᠦᠴᠤᠬᠡᠡ ᠴᠤ ᠶᠠᠲᠠᠷᠠᠭᠰᠠᠠ ᠮᠠᠶ᠋ᠢᠭ ᠦᠬᠡᠢ᠂ ᠤᠲᠠᠰᠤ  ᠪᠠᠷ ᠶᠠᠷᠢᠬᠤ ᠦᠶ᠎ᠠ ᠳᠤ ᠶᠠᠷᠢᠭᠠᠳ ᠪᠠᠷᠠᠬᠤ ᠦᠭᠡᠢ ᠦᠭᠡ ᠲᠠᠢ ᠪᠤᠯᠪᠠ᠃ ᠨᠡᠯᠢᠶᠡᠳ ᠤᠷᠤᠢ ᠪᠤᠯᠤᠭᠰᠠᠠ ᠤ ᠲᠠᠷᠠᠭ᠎ᠠ ᠯᠢᠶᠠᠠ ᠶᠢᠩ ᠤᠲᠠᠰᠤ ᠢᠷᠡᠭᠦᠯᠵᠦ᠂ ᠨᠠᠳᠠ ᠶᠢ ᠲᠤᠩ ᠪᠠᠶᠠᠷᠯᠠᠵᠦ ᠪᠠᠶᠢᠬᠤ ᠶᠢ ᠮᠡᠲᠡᠭᠡᠳ᠂ ᠦᠪᠡᠷ ᠤᠨ ᠰᠤᠷᠤᠭᠰᠠᠠ ᠲᠤᠬᠠᠢᠢᠯᠠᠭᠰᠠᠠ ᠠᠵᠢᠯ ᠤᠨ ᠡᠷᠬᠡ ᠰᠦᠷ ᠢᠶᠠᠨ ᠪᠠᠲᠠᠷᠠᠭᠤᠯᠵᠦ᠂ ᠨᠠᠲᠠ ᠶᠢ ᠨᠢᠭᠡ ᠦᠷᠡᠯ ᠤᠨᠲᠠᠭᠤᠯᠬᠤ ᠡᠮ ᠤᠤᠭᠤᠵᠦ ᠵᠠᠪᠠᠯ ᠤᠨᠲᠠᠬᠤ ᠬᠡᠷᠡᠭᠲᠡᠢ ᠭᠡᠵᠦ ᠵᠠᠷᠯᠢᠭᠲᠠᠪᠠ᠃               ᠪᠢ ᠤᠨᠲᠠᠭᠤᠯᠬᠤ ᠡᠮ ᠢ ᠬᠠᠭᠠᠰᠬᠠᠠ ᠦᠷᠡᠯ ᠤᠤᠭᠤᠭᠠᠳ ᠡᠨᠡ ᠦᠷᠯᠦᠭᠡ ᠶᠢᠨ 8 ᠴᠠᠭ ᠪᠤᠯᠲᠠᠯ᠎ᠠ ᠤᠨᠲᠠᠯ᠎ᠠ᠃ ᠭᠡᠲᠡᠯ᠎ᠠ ᠨᠢᠷᠤᠭᠤ ᠪᠠᠨ ᠭᠡᠮᠲᠦᠭᠡᠭᠰᠡᠡ ᠲᠤᠯᠠ ᠡᠩ ᠤᠨ ᠦᠶ᠎ᠠ ᠲᠠᠢ ᠪᠠᠨ ᠠᠲᠠᠯᠢ ᠤᠷᠤᠨ ᠠᠴᠠ ᠪᠠᠨ ᠪᠠᠭᠤᠵᠦ ᠴᠢᠲᠠᠭᠰᠠᠠ ᠦᠭᠡᠢ᠂ ᠡᠷᠭᠢᠵᠦ ᠤᠷᠪᠠᠭᠰᠠᠭᠠᠷ ᠪᠠᠶᠢᠭᠠᠳ ᠠᠷᠠᠢ ᠭᠡᠵᠦ ᠤᠷᠤᠨ ᠠᠴᠠ ᠪᠠᠨ ᠦᠩᠬᠦᠷᠢᠵᠦ ᠪᠠᠭᠤᠯ᠎ᠠ᠃             ᠭᠡᠲᠡᠯ᠎ᠠ ᠪᠤᠰᠴᠤ ᠵᠤᠭᠰᠤᠭᠰᠠᠠ ᠴᠢᠨᠢ ᠬᠠᠷᠢᠨ ᠵᠦᠭᠡᠷ ᠪᠤᠯᠴᠢᠬᠠᠯ᠎ᠠ᠃ ᠬᠠᠮᠤᠭ ᠤᠨ ᠪᠠᠶᠠᠷ ᠪᠠᠭ᠋ᠠᠲᠤᠯ ᠲᠠᠢ ᠴᠠᠭ ᠦᠶ᠎ᠠ ᠪᠤᠯ ᠠᠶᠠᠯᠠᠯ ᠤᠨ ᠪᠤᠭᠴᠤ ᠪᠠᠨ ᠨᠡᠭᠡᠭᠡᠵᠦ ᠭᠡᠷ ᠤᠨ ᠬᠦᠮᠦᠰ ᠲᠡᠭᠡᠨ ᠠᠪᠤᠭᠰᠠᠠ ᠪᠡᠯᠡᠭ ᠢᠶᠠᠨ ᠭᠠᠷᠭᠠᠠ ᠦᠭᠬᠦ ᠶᠠᠪᠤᠲᠠᠯ ᠪᠤᠯᠬᠤ ᠶᠤᠮ᠃ ᠡᠨᠡ ᠤᠲᠠᠭ᠎ᠠ ᠬᠠᠢ ᠪᠸᠢ ᠪᠤᠯᠤᠨ ᠺᠠᠢ ᠡᠯ ᠳᠤ ᠪᠦᠷ ᠰᠠᠷᠯᠤᠭ ᠤᠨ ᠨᠤᠤᠰᠤ ᠪᠠᠷ ᠨᠡᠬᠡᠭᠰᠡᠡ ᠬᠤᠪᠴᠠᠰᠤ ᠠᠪᠴᠤ ᠦᠭᠴᠠᠢ᠃ ᠰᠠᠷᠯᠤᠭ ᠬᠡᠵᠦ ᠬᠡᠯᠡᠭᠰᠡᠭᠡᠷ ᠤᠯᠠᠠ ᠢᠶᠠᠷ ᠢᠶᠠᠨ ᠪᠦᠷ ᠲᠡᠷᠡᠬᠦ ᠮᠤᠨᠲᠠᠭ ᠪᠦᠲᠦᠭᠦᠨ ᠠᠮᠢᠲᠠᠠ ᠢ ᠪᠤᠲᠤᠵᠦ ᠤᠯᠬᠤ ᠶᠤᠮ᠂ ᠭᠡᠲᠡᠯ᠎ᠠ ᠨᠡᠬᠡᠵᠦ ᠭᠠᠷᠭᠠᠭᠰᠠᠠ ᠬᠤᠪᠴᠠᠰᠤ ᠨᠢ ᠬᠦᠩᠭᠡᠡ ᠪᠦᠭᠡᠳ ᠵᠦᠬᠡᠯᠡᠡ ᠲᠤᠯᠠᠭᠠᠬᠠᠠ ᠪᠠᠶᠢᠲᠠᠭ ᠢ ᠦᠵᠡᠭᠡᠳ ᠪᠦᠷ ᠦᠪᠡᠷ ᠤᠨ ᠡᠷᠬᠡ ᠦᠭᠡᠢ ᠱᠠᠭᠰᠢᠯᠳᠤᠨ ᠭᠠᠶᠢᠬᠠᠵᠠᠭᠠᠪᠠ᠃               ᠼᠢ ᠡᠯ ᠳᠤ ᠵᠢᠷᠤᠵᠦ ᠲᠦᠯᠦᠪᠯᠡᠭᠰᠡᠡ ᠨᠢ ᠰᠢᠨ᠎ᠠ ᠮᠠᠶ᠋ᠢᠭ ᠤᠨ ᠨᠤᠤᠰᠤᠨ ᠬᠤᠪᠴᠠᠰᠤ ᠠᠪᠴᠤ ᠦᠭᠴᠠᠢ᠃ ᠦᠨᠦᠲᠦᠷ ᠤᠨ ᠮᠤᠩᠭᠤᠯ ᠤᠯᠤᠰ ᠲᠤ ᠭᠠᠵᠠᠷ ᠪᠤᠯᠭᠠᠠ ᠳᠤ ᠰᠤᠴᠢᠭᠠᠮ᠎ᠠ ᠪᠠᠶᠠᠷ ᠪᠠᠶᠢᠨ᠎ᠠ ᠭᠡᠵᠦ ᠬᠡᠯᠡᠵᠦ ᠪᠤᠯᠤᠨ᠎ᠠ᠃               ᠰᠤᠴᠢᠭᠠᠮ᠎ᠠ ᠪᠠᠶᠠᠷ ᠭᠡᠬᠦ ᠪᠠᠷ ᠡᠨᠡ ᠡᠲᠦᠷ ᠪᠠᠰᠠ ᠨᠢᠭᠡ ᠲᠦᠢᠯ ᠤᠨ ᠪᠠᠶᠠᠷᠲᠦ ᠤᠴᠢᠷ ᠪᠠᠶᠢᠨ᠎ᠠ᠃           ᠡᠨᠡ ᠤᠴᠢᠷ ᠢ 7 ᠰᠠᠷ᠎ᠠ ᠶᠢᠨ 8 ᠤ ᠡᠲᠦᠷ ᠠᠴᠠ ᠡᠬᠢᠯᠡᠵᠦ ᠬᠡᠯᠡᠬᠦ ᠬᠡᠷᠡᠭᠲᠡᠢ᠃ ᠲᠡᠷᠡ ᠡᠲᠦᠷ ᠪᠢ ᠰᠤᠷᠪᠤᠯᠵᠢᠯᠠᠭ᠎ᠠ ᠶᠢᠨ ᠦᠨᠡᠮᠯᠡᠯ ᠢᠶᠠᠨ ᠤᠯᠬᠤ ᠶᠢᠨ ᠲᠠᠭᠠᠤ ᠪᠠᠰᠠ ᠤᠯᠠᠠ ᠮᠠᠲ᠋ᠧᠷᠢᠶᠠᠯ ᠰᠠᠪᠠᠯᠠᠭᠰᠠᠠ ᠨᠢᠭᠡ ᠤᠭᠤᠲᠠ ᠤᠯᠵᠠᠢ᠂ ᠲᠤᠲᠤᠷ᠎ᠠ ᠨᠢ ᠨᠢᠭᠡ ᠬᠤᠷᠢᠭᠠᠳ ᠨᠢᠭᠤᠷ ᠲᠠᠢ ᠨᠢᠮᠭᠡᠡ ᠲᠡᠪᠲᠡᠷ ᠪᠠᠶᠢᠭᠰᠠᠠ ᠪᠢᠰᠢᠤ︖ ᠲᠡᠷᠡ ᠨᠢ ᠡᠯ᠎ᠠ ᠤᠯᠤᠰ ᠤᠨ ᠰᠤᠷᠪᠤᠯᠵᠢᠯᠠᠭᠴᠢᠳ ᠲᠤ ᠯᠠᠪᠯᠠᠯᠲᠠ ᠪᠤᠯᠭᠠᠠ ᠦᠭᠭᠦᠭᠰᠡᠡ 800 ᠵᠢᠯ ᠤᠨ ᠤᠢ ᠶᠢ ᠤᠭᠲᠤᠬᠤ ᠫᠷᠤᠭ᠍ᠷᠠᠮ  ᠪᠠᠶᠢᠪᠠ᠃ ᠲᠡᠪᠲᠡᠷ ᠢ ᠨᠡᠭᠡᠭᠡᠮᠡᠭᠴᠡ ᠨᠢᠭᠤᠷ ᠤᠨ ᠬᠠᠭᠤᠲᠠᠰᠤ ᠶᠢᠨ ᠲᠤᠲᠤᠷ᠎ᠠ ᠲᠠᠯ᠎ᠠ ᠳᠤᠨᠢ ᠨᠢᠭᠡ ᠴᠠᠭᠠᠠ ᠰᠦᠯᠲᠡ ᠶᠢᠨ ᠪᠤᠲᠤᠭᠲᠦ ᠰᠡᠭᠦᠲᠡᠷ ᠪᠠᠶᠢᠨ᠎ᠠ᠃ ᠦᠵᠡᠮᠡᠭᠴᠡ ᠲᠠᠨᠢᠯ ᠲᠠᠰᠤᠯ ᠰᠠᠨᠠᠭᠲᠠᠵᠦ᠂ ᠮᠢᠨᠦ 1991 ᠤᠨ  ᠳᠤ ᠰᠡᠭᠦᠲᠡᠷᠯᠡᠭᠰᠡᠡ ᠲᠡᠷᠡ ᠰᠡᠭᠦᠲᠡᠷ ᠲᠠᠢ ᠠᠲᠠᠯᠢᠪᠲᠤᠷ ᠭᠡᠵᠦ ᠰᠠᠨᠠᠭᠬᠳᠠᠰᠠᠠ ᠠᠴᠠ ᠪᠢᠰᠢ ᠬᠠᠷᠢᠨ ᠮᠢᠨᠦ ᠲᠡᠷᠡ ᠰᠡᠭᠦᠲᠡᠷ ᠮᠦᠨ ᠭᠡᠰᠡᠡ ᠢ ᠶᠠᠭ ᠪᠤᠲᠤᠵᠦ ᠤᠯᠤᠭᠰᠠᠠ ᠦᠭᠡᠢ᠃               ᠲᠡᠭᠡᠭᠡᠳ ᠯᠡ ᠵᠦᠭ ᠵᠦᠭ ᠲᠡᠭᠡᠨ ᠰᠠᠨᠠᠭᠠᠠ ᠤ ᠠᠶ᠎ᠠ ᠪᠠᠷ ᠢᠶᠠᠨ ᠨᠠᠭᠠᠳᠴᠠᠭᠠᠵᠦ᠂ ᠡᠨᠡ ᠤᠴᠢᠷ ᠢ ᠮᠠᠷᠲᠠᠴᠢᠬᠠᠵᠠᠢ᠃ ᠡᠨᠡ ᠡᠲᠦᠷ᠂ ᠪᠢ ᠦᠪᠡᠷ ᠤᠨ ᠪᠢᠴᠢᠭ ᠤᠨ ᠦᠷᠦᠭᠡᠡ ᠳᠡᠭᠡᠨ ᠵᠤᠭᠰᠤᠵᠦ᠂ ᠮᠤᠲᠤᠨ ᠬᠠᠪᠲᠠᠰᠤᠨ ᠬᠡᠷᠡᠮ ᠲᠡᠭᠡᠷ᠎ᠠ ᠢᠷᠠᠶᠢᠲᠠᠯ᠎ᠠ ᠲᠠᠯᠪᠢᠭᠠᠰᠤᠲᠠᠢ ᠡᠬᠡ ᠨᠤᠤᠷᠠᠭ ᠤᠨ ᠲᠤᠮᠲᠠ ᠠᠴᠠ ᠰᠤᠩᠭᠤᠵᠦ ᠭᠠᠷᠭᠠᠭᠰᠠᠠ ᠵᠢᠷᠤᠭ ᠢᠶᠠᠨ ᠦᠵᠡᠭᠦ ᠳᠤ ᠮᠢᠨᠦ ᠰᠡᠭᠦᠲᠡᠷᠯᠡᠭᠰᠡᠡ ᠴᠠᠭᠠᠠ ᠰᠦᠯᠲᠡ ᠶᠠᠭ ᠲᠡᠭᠡᠷ᠎ᠠ ᠨᠢ ᠪᠠᠶᠢᠯ᠎ᠠ᠂ ᠪᠢ ᠰᠤᠴᠢᠰᠬᠢᠵᠦ ᠰᠠᠶ᠋ᠢᠬᠠᠠ ᠮᠤᠩᠭᠤᠯ ᠤᠯᠤᠰ ᠠᠴᠠ ᠠᠪᠴᠢᠷᠠᠭᠰᠠᠠ ᠮᠠᠲ᠋ᠧᠷᠢᠶᠠᠯ ᠤᠨ ᠤᠭᠤᠲᠠ ᠪᠠᠨ ᠭᠠᠷᠭᠠᠵᠦ᠂ ᠠᠯᠪᠠᠠ ᠤ ᠲᠠᠯ᠎ᠠ  ᠠᠴᠠ ᠲᠠᠷᠤᠮᠠᠯᠯᠠᠭᠰᠠᠠ ᠨᠢᠮᠭᠡᠡ ᠲᠡᠪᠲᠡᠷ ᠢᠶᠠᠨ ᠡᠷᠢᠵᠦ ᠭᠠᠷᠭᠠᠭᠠᠳ ᠲᠦᠷᠦᠭᠦᠦ ᠨᠢᠭᠤᠷ ᠢ ᠨᠢ ᠤᠷᠪᠠᠭᠤᠯᠵᠦ ᠦᠵᠡᠭᠰᠡᠡ ᠴᠢᠨᠢ ᠪᠤᠷᠬᠠᠠ︕ ᠲᠡᠬᠢᠵᠦ ᠬᠠᠷᠢᠴᠠᠭᠤᠯᠵᠦ ᠦᠵᠡᠬᠦ ᠴᠢᠬᠤᠯᠠ ᠦᠭᠡᠢ᠂ ᠶᠠᠭ ᠮᠢᠨᠦ ᠰᠡᠭᠦᠲᠡᠷᠯᠡᠭᠰᠡᠡ ᠲᠡᠷᠡ ᠰᠡᠭᠦᠲᠡᠷ ᠪᠠᠶᠢᠯ᠎ᠠ︕               ᠲᠡᠷᠡ ᠨᠢ 1991 ᠤᠨ ᠤ 7 ᠰᠠᠷ᠎ᠠ ᠶᠢᠨ ᠤᠴᠢᠷ ᠪᠠᠶᠢᠵᠦ ᠪᠢᠯᠡ᠂ ᠪᠢ ᠤᠯᠠᠭᠠᠠᠪᠠᠭᠠᠲᠤᠷ ᠤᠨ ᠤᠯᠤᠰ ᠤᠨ ᠪᠠᠶᠠᠷ ᠤᠨ ᠨᠠᠭᠠᠲᠤᠮ ᠤᠨ ᠬᠤᠷᠠᠯ ᠲᠡᠭᠡᠷ᠎ᠠ ᠴᠠᠭᠠᠠ ᠰᠦᠯᠲᠡ ᠶᠢ ᠰᠡᠭᠦᠲᠡᠷᠯᠡᠭᠰᠡᠡ ᠶᠤᠮ︕             ᠪᠢ ᠨᠡᠬᠡᠷᠡᠡ ᠰᠤᠴᠢᠰᠬᠢᠬᠤ ᠶᠢᠨ ᠲᠠᠭᠠᠤ ᠪᠠᠰᠠ ᠪᠠᠶᠠᠷᠯᠠᠨ᠂ ᠪᠤᠰᠤᠳ ᠲᠠᠢ ᠦᠪᠡᠷ ᠤᠨ ᠪᠠᠶᠠᠷ ᠵᠢᠷᠭᠠᠯ ᠢᠶᠠᠨ ᠬᠤᠪᠢᠶᠠᠯᠴᠠᠠ ᠡᠳ᠋ᠯᠡᠬᠦ ᠶᠢ ᠲᠤᠩ ᠰᠠᠨᠠᠯ᠎ᠠ᠃ ᠲᠡᠭᠡᠭᠡᠳ ᠰᠠᠶᠢᠨ᠎ᠠ ᠳᠤ ᠤᠲᠠᠰᠤᠲᠠᠪᠠ᠂ ᠤᠴᠢᠷ ᠨᠢ ᠲᠡᠷᠡ ᠮᠦᠨ ᠴᠤ ᠴᠠᠭᠠᠠ ᠰᠦᠯᠲᠡ ᠶᠢ ᠤᠯᠠᠠ ᠰᠡᠭᠦᠲᠡᠷᠯᠡᠭᠰᠡᠡ ᠬᠦᠮᠦᠨ ᠶᠤᠮ᠃ ᠡᠨᠡ ᠵᠢᠯ ᠤᠨ ᠪᠠᠶᠠᠷ ᠤᠨ ᠬᠤᠭᠤᠴᠠᠭᠠᠠ ᠳᠤ ᠮᠦᠨ ᠴᠤ ᠮᠤᠩᠭᠤᠯ ᠤᠯᠤᠰ ᠲᠤ ᠤᠯᠠᠠ ᠤᠲᠠᠭ᠎ᠠ ᠤᠴᠢᠨ ᠰᠡᠭᠦᠲᠡᠷ ᠲᠠᠲᠠᠵᠦ᠂ ᠡᠨᠡ ᠨᠢᠮᠭᠡᠡ ᠲᠡᠪᠲᠡᠷ ᠲᠡᠭᠦᠨ ᠳᠤ ᠪᠠᠰᠠ ᠪᠠᠶᠢᠨ᠎ᠠ᠃         ᠰᠠᠶᠢᠨ᠎ᠠ ᠨᠢᠭᠡᠨᠲᠡ ᠦᠪᠦᠷ ᠮᠤᠩᠭᠤᠯ ᠳᠠᠭᠠᠨ ᠬᠠᠷᠢᠴᠢᠬᠠᠭᠰᠠᠠ ᠪᠠᠶᠢᠵᠠᠢ᠃ ᠮᠢᠨᠦ ᠤᠲᠠᠰᠤ ᠶᠢ ᠲᠤᠰᠤᠭᠠᠳ ᠪᠠᠶᠠᠷᠯᠠᠵᠦ ᠪᠠᠶᠢᠬᠤ ᠶᠢ ᠰᠤᠨᠤᠰᠤᠭᠠᠳ ᠪᠠᠰᠠ ᠲᠡᠮᠡᠢ ᠢᠲᠡᠭᠡᠬᠦ ᠦᠭᠡᠢ ᠪᠠᠶᠢᠵᠦ᠂ ᠪᠤᠰᠤᠳ ᠬᠦᠮᠦᠨ ᠠᠲᠠᠯᠢᠬᠠᠠ ᠲᠠᠯ᠎ᠠ ᠠᠴᠠ ᠰᠡᠭᠦᠲᠡᠷᠯᠡᠭᠰᠡᠡ ᠪᠢᠰᠢ ᠭᠡᠵᠢ ᠤᠤ︖ ᠭᠡᠵᠦ ᠠᠰᠠᠭᠤᠪᠠ᠃             ︽ᠲᠡᠶᠢᠮᠦ ᠶᠤᠮ ᠪᠤᠯ ᠲᠡᠷᠡ ᠬᠦᠮᠦᠨ ᠵᠠᠪᠠᠯ ᠨᠠᠲᠠ ᠲᠠᠢ ᠨᠢᠭᠡᠯᠡ ᠡᠲᠦᠷ᠂ ᠠᠲᠠᠯᠢᠬᠠᠠ ᠰᠠᠯᠬᠢ ᠲᠠᠢ᠂ ᠠᠲᠠᠯᠢᠬᠠᠠ ᠡᠭᠦᠯᠡ ᠲᠠᠢ᠂ ᠠᠲᠠᠯᠢᠬᠠᠠ ᠦᠨᠲᠦᠷᠴᠡ ᠠᠴᠠ ᠠᠲᠠᠯᠢᠬᠠᠠ ᠲᠠᠯ᠎ᠠ ᠠᠴᠠ᠂ ᠠᠲᠠᠯᠢ ᠴᠠᠭ ᠲᠤ ᠲᠠᠷᠤᠪᠴᠢ  ᠪᠠᠨ ᠲᠠᠷᠤᠭᠰᠠᠠ ᠪᠠᠶᠢᠬᠤ ᠶᠤᠰᠤᠲᠠᠢ︕︾   ᠭᠡᠵᠦ ᠪᠢ ᠲᠡᠭᠦᠨ ᠤ ᠡᠰᠡᠷᠭᠦ ᠦᠨᠲᠦᠷ ᠲᠠᠭᠤᠨ ᠢᠶᠠᠷ ᠬᠠᠰᠭᠢᠷᠪᠠ᠃             ᠤᠲᠠᠰᠤ ᠪᠠᠨ ᠲᠠᠯᠪᠢᠴᠢᠬᠠᠭᠠᠳ ᠪᠢ ᠪᠠᠰᠠ ᠬᠠᠰᠬᠢᠷᠴᠤ ᠪᠠᠷᠬᠢᠷᠠᠭᠰᠠᠭᠠᠷ ᠠᠰᠠᠷ ᠠᠴᠠ ᠪᠠᠭᠤᠵᠦ ᠬᠠᠢ ᠪᠸᠢ  ᠳᠤ ᠬᠡᠯᠡᠵᠦ ᠦᠭᠪᠡ᠃ ᠲᠡᠷᠡ ᠢᠨᠢᠶᠡᠮᠰᠦᠭᠯᠡᠵᠦ᠄         ︽ᠴᠢᠨᠦ ᠡᠨᠡ ᠲᠡᠨᠡᠭ ᠪᠠᠰᠠ ᠨᠡᠬᠡᠷᠡᠡ ᠪᠤᠶᠠᠨ ᠲᠠᠢ ᠭᠡᠰᠡᠡ ᠢ ᠪᠤᠲᠤᠵᠦ ᠤᠯᠤᠭᠰᠠᠠ ᠦᠭᠡᠢ︾ ᠭᠡᠵᠦ ᠬᠡᠯᠡᠪᠡ᠃                         ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号