ᠭᠠᠷᠠᠭ ᠤᠨ ᠠᠮᠠᠷᠠᠯᠲᠠ ᠳᠤ ᠪᠢ ᠰᠠᠭᠠᠯᠢ ᠰᠦ ᠪᠠᠷ ᠭᠡᠳᠡᠰᠦ ᠪᠠᠨ ᠴᠠᠶᠢᠯᠭᠠᠬᠤ ᠰᠠᠨᠠᠭ᠎ᠠ ᠲᠠᠢ ᠮᠣᠲ᠋ᠣᠷ ᠢᠶᠠᠷ | ᠠᠬ᠎ᠠ ᠶᠢᠨ ᠬᠢ ᠶᠢ ᠴᠢᠭᠯᠡᠯ᠎ᠡ᠃ ᠬᠠᠯᠠᠭᠤᠨ ᠳᠤ ᠮᠤᠲ᠋ᠤᠷ ᠢᠶᠠᠷ ᠶᠠᠪᠤᠬᠤ ᠳᠤ ᠰᠡᠷᠢᠭᠦᠨ ᠰᠠᠯᠬᠢ ᠰᠡᠪᠡᠯᠵᠡᠭᠡᠳ | ᠠᠶᠠᠲᠠᠶᠢᠬᠠᠨ᠃ ︽ᠰᠡᠷᠢᠭᠦᠨ ᠮᠠᠯᠠᠭᠠᠢ︾ ᠶᠢ ᠠᠯᠳᠠᠭ ᠤᠨᠤᠭ ᠠᠶᠠᠯᠤᠨ ᠳᠠᠪᠬᠢᠵᠤ ᠶᠠᠪᠤᠳᠠᠯ᠎ᠠ ᠮᠤᠲ᠋ᠤᠷ | ᠮᠤᠰᠬᠢᠯᠳᠤᠨ ᠡᠰᠡ ᠯᠡ ᠲᠤᠩᠭᠤ ᠬᠠᠳᠠᠪᠠ᠃ ᠪᠤᠯᠤ ᠬᠠᠭᠠᠷᠠᠴᠢᠬᠠᠵᠠᠢ᠃ ᠪᠤᠯᠤ ᠶᠢ ᠨᠢ ᠪᠠᠭᠤᠯᠭᠠᠬᠤ ᠪᠠᠭᠠᠵᠢ ᠴᠦ | ᠠᠯᠠᠭ᠎ᠠ᠃ ᠪᠦᠳᠦᠨ ᠪᠤᠯ ᠮᠤᠲ᠋ᠤᠷ ᠰᠢᠭ᠋ ᠬᠦᠩᠭᠡᠨ ᠤᠨᠤᠭ᠎ᠠ ᠬᠤᠪᠤᠷ ᠭᠡᠬᠦ ᠳᠤ ᠡᠪᠳᠡᠷᠡᠴᠢᠬᠡᠪᠡᠯ ᠮᠤᠲ᠋ᠤᠷ ᠰᠢᠭ᠋ | ᠬᠠᠱᠠᠩ ᠤᠨᠤᠭ᠎ᠠ ᠴᠦ ᠬᠤᠪᠤᠷ ᠪᠤᠯᠤᠯᠲᠠᠢ᠂ ᠰᠡᠭᠦᠵᠢ ᠪᠠᠨ ᠴᠢᠷᠦᠭᠡᠳ ᠳᠦᠬᠦᠬᠦ ᠶᠠᠭᠤᠮ᠎ᠠ ᠪᠢᠰᠢ᠃ ᠠᠱᠢᠭᠦᠢ | ᠪᠤᠷᠪᠢ ᠶᠢᠨ ᠤᠪᠤᠭᠠᠨ ᠤ ᠪᠠᠨ ᠠᠷᠤ ᠳᠡᠭᠡᠷ᠎ᠡ ᠶᠠᠪᠠᠭᠠᠷᠠᠵᠠᠢ᠃ ᠤᠨᠠᠭᠠᠨ ᠨᠠᠶᠢᠵᠠ ᠴᠢᠮᠡᠭ ᠤᠨ ᠳᠤ ᠪᠠᠨ ᠤᠴᠢᠵᠤ | ᠪᠠᠭᠠᠵᠢ ᠬᠡᠷᠡᠭᠰᠡᠯ ᠪᠠᠳᠢᠷᠯᠠᠬᠤ ᠪᠠᠷ ᠠᠯᠬᠤᠯ᠎ᠠ᠃ ᠪᠠᠭ᠎ᠠ ᠶᠢᠨ ᠮᠢᠨᠢ ᠲᠤᠭᠯᠠᠵᠤ ᠦᠰᠦᠭᠰᠡᠨ ᠲᠠᠨᠢᠯ ᠲᠤᠯᠤᠭᠠᠳ | ᠶᠠᠪᠠᠭᠠᠨ ᠵᠡᠷᠭᠡᠯᠭᠡᠨ ᠳᠤ ᠪᠤᠰᠤᠨ ᠰᠠᠭᠤᠨ ᠦᠨᠳᠡᠯᠵᠡᠵᠦ ᠬᠤᠯᠠᠳᠠᠵᠤ ᠤᠶᠢᠷᠠᠳᠤᠨ ᠰᠠᠷᠠᠪᠴᠢᠯᠠᠨ᠎ᠠ᠃ ᠤᠯᠤᠰ ᠤᠨ | ᠵᠢᠷ ᠤᠨ ᠠᠯᠪᠠᠨ ᠳᠤ ᠬᠢᠷᠢ ᠳᠤ ᠪᠠᠨ ᠶᠠᠭᠠᠷᠠᠤ ᠪᠢ ᠴᠢᠨᠢ ᠨᠤᠳᠤᠭ ᠲᠠᠭᠠᠨ ᠤᠶᠢᠷ᠎ᠠ ᠨᠢ ᠢᠷᠡᠭᠡ ᠦᠭᠡᠢ ᠤᠳᠠᠵᠤ | ᠪᠠᠶᠢᠭ᠎ᠠ ᠶᠤᠮ ᠪᠠᠶᠢᠨ᠎ᠠ᠃ | ᠲᠤᠮᠤ ᠲᠤᠮᠤ ᠴᠠᠬᠢᠯᠭᠠᠨ ᠰᠡᠩᠰᠡ ᠬᠠᠨᠠᠷᠠᠨ ᠳᠤᠮᠳᠠ ᠨᠢ ᠬᠦᠨᠳᠡᠯᠡᠨ ᠭᠤᠯᠳᠤ ᠦᠷᠭᠡᠨ ᠬᠠᠯᠴᠠᠭᠠᠢ ᠵᠠᠮ | ᠰᠦᠯᠵᠢᠯᠳᠦᠭᠡᠳ ᠴᠡᠯ ᠨᠤᠭᠤᠭᠠᠨ ᠨᠤᠳᠤᠭ ᠮᠢᠨᠢ ᠬᠡᠬᠦᠳᠡᠭ ᠴᠡᠭᠡᠵᠢ ᠪᠠᠨ ᠤᠯᠠᠭᠠᠨ ᠤᠯᠤᠰᠤ ᠪᠠᠷ ᠬᠡᠷᠦᠭᠦᠯᠦᠭᠰᠡᠨ | ᠶᠤᠮ ᠰᠢᠭ ᠴᠠᠭᠠᠨ᠎ᠠ ᠪᠠᠨ ᠨᠢᠭᠡ ᠯᠡ ᠤᠶᠢᠳᠬᠠᠷᠲᠠᠢ᠃ ᠤᠯᠠᠨ ᠠᠶᠢᠯ ᠤᠨ ᠵᠤᠰᠠᠯᠠᠩ ᠤᠨ ᠪᠡᠯᠴᠢᠭᠡᠷ ᠡᠶᠢᠨᠬᠦ | ᠬᠦᠷᠦᠰᠦ ᠪᠠᠨ ᠬᠠᠭᠤᠯᠤᠭᠤᠯᠵᠠᠢ᠃ | ᠲᠠᠭᠠᠨᠠᠳᠤ ᠶᠢᠨ ᠬᠦᠨᠳᠡᠢ ᠳᠤ ᠬᠤᠶᠠᠷ ᠲᠠᠪᠬᠤᠷ ᠴᠠᠭᠠᠨ ᠠᠰᠠᠷ ᠪᠤᠰᠤᠭᠰᠠᠨ ᠶᠤᠮ ᠪᠠᠶᠢᠨ᠎ᠠ᠃ ᠲᠠᠭᠠᠨ᠎ᠠ | ᠭᠤᠤᠯᠲᠠᠢ ᠤᠷᠭᠤᠳᠠᠭ ᠠᠴᠠ ᠲᠠᠭᠠᠨᠠᠳᠤ ᠶᠢᠨ ᠬᠦᠨᠳᠡᠢ ᠭᠡᠳᠡᠭ ᠪᠣᠯᠤᠭᠰᠠᠨ ᠡᠨᠡ ᠬᠦᠨᠳᠡᠢ ᠳᠤ ᠵᠤᠨ ᠳᠤ ᠪᠠᠨ ᠮᠠᠯ | ᠭᠠᠰᠢᠭᠤᠳᠠᠭᠠᠳ ᠲᠤᠭᠳᠠᠭᠤᠷᠢ ᠮᠠᠭᠤᠲᠠᠢ᠂ ᠬᠠᠷᠢᠨ ᠨᠠᠮᠤᠷ ᠤᠨ ᠰᠢᠷ᠎ᠠ ᠲᠠᠭᠠᠨ᠎ᠠ ᠶᠢ ᠨᠢ ᠢᠳᠡᠵᠤ ᠮᠠᠯ ᠰᠠᠶᠢᠬᠠᠨ | ᠲᠠᠷᠭᠤᠯᠠᠨ᠎ᠠ᠃ ᠶᠠᠮᠠᠷ ᠰᠠᠶᠢᠨ ᠳᠤ ᠪᠠᠨ ᠲᠡᠷᠡ ᠵᠢᠯ ᠨᠢᠭᠡ ᠢᠷᠭᠡᠨ ᠠᠶᠢᠯ ᠠᠳᠡ ᠤᠳᠤᠷ ᠢᠶᠠᠷ ᠢᠷᠡᠵᠦ ᠵᠤᠰᠠᠬᠤ ᠳᠤ | ᠪᠠᠨ ᠡᠳᠦᠷ ᠡᠳᠦᠷ ᠦᠷᠯᠦᠭᠡ ᠡᠷᠳᠡ ᠮᠠᠯ ᠢᠶᠠᠨ ᠲᠠᠭᠠᠨᠠᠳᠤ ᠶᠢᠨ ᠬᠦᠨᠳᠡᠢ ᠳᠤ ᠬᠦᠭᠡᠭᠡᠵᠦ ᠤᠷᠤᠭᠤᠯᠤᠨ ᠬᠤᠷᠢᠨ᠎ᠠ᠂ | ᠪᠢᠳᠠᠨ ᠠᠴᠠ ᠠᠮᠵᠢᠵᠤ ᠮᠠᠯ ᠢᠶᠠᠨ ᠤᠷᠤᠭᠤᠯᠤᠨ ᠨᠤᠭᠤᠭᠠᠨ ᠪᠡᠯᠴᠢᠭᠡᠷ ᠢᠳᠡᠭᠦᠯᠵᠦ ᠪᠠᠶᠢᠭ᠎ᠠ ᠶᠤᠷᠤ ᠨᠢ ᠲᠡᠷᠡ ᠶᠤᠮ | ᠪᠠᠶᠢᠬ᠎ᠠ᠃ ᠭᠡᠳᠡᠯ᠎ᠡ ᠬᠤᠯᠢᠴᠠᠭᠠ ᠦᠭᠡᠢ ᠲᠠᠭᠠᠨᠠᠨ ᠳᠤ ᠮᠠᠯ ᠨᠢ ᠲᠠᠭᠠᠨᠠᠲᠠᠵᠤ ᠨᠤᠭᠤᠭᠠᠨ ᠰᠢᠯᠤᠰᠤ ᠰᠠᠪᠢᠷᠠᠭᠤᠯᠤᠨ | ᠬᠡᠴᠡᠭᠦᠳᠡᠵᠦ ᠪᠠᠶᠢᠵᠤ ᠪᠢᠯᠡ᠃ ᠶᠠᠭᠤᠮ᠎ᠠ ᠪᠤᠯᠭᠠᠨ ᠢ ᠡᠵᠡᠷᠬᠡᠵᠦ ᠪᠠᠶᠢᠳᠠᠭ ᠵᠡᠷᠯᠢᠭ ᠰᠠᠨᠠᠭ᠎ᠠ ᠨᠢ ᠲᠡᠭᠡᠵᠦ ᠤᠷᠤᠢ ᠪᠠᠷ | ᠨᠢ ᠲᠤᠰᠴᠤ ᠪᠠᠶᠢᠭ᠎ᠠ ᠨᠢ ᠲᠡᠷᠡ᠃ ᠤᠳᠤ ᠲᠠᠭᠠᠨᠠᠳᠤ ᠶᠢᠨ ᠬᠦᠨᠳᠡᠢ ᠳᠤ ᠰᠠᠯᠬᠢᠨ ᠡᠨᠧᠷᠬᠢ ᠶᠢᠨ ᠪᠠᠶᠢᠭᠤᠯᠤᠮᠵᠢ ᠶᠢᠨ | ᠠᠰᠠᠷ ᠪᠤᠰᠴᠤ ᠲᠡᠷᠭᠡ ᠮᠠᠰᠢᠨ ᠴᠥᠷᠬᠦᠯᠡᠭᠳᠡᠭᠰᠡᠨ ᠠᠴᠠ ᠲᠠᠭᠠᠨ᠎ᠠ ᠨᠢ ᠴᠦ ᠰᠡᠶᠢᠷᠡᠭᠵᠢᠵᠠᠢ᠃ ᠲᠠᠭᠠᠨᠠᠳᠤ ᠶᠢᠨ | ᠬᠦᠨᠳᠡᠢ ᠶᠢᠨ ᠵᠡᠭᠦᠬᠡᠨ ᠬᠤᠶᠢᠨ᠎ᠠ ᠬᠥᠬᠡ ᠲᠡᠭᠡᠯᠢ ᠲᠡᠪᠦᠷ᠎ᠡ ᠶᠢᠨ ᠲᠤᠭ ᠰᠢᠭ᠋ ᠲᠤᠪᠤᠶᠢᠵᠤ ᠬᠠᠷᠠᠭᠳᠠᠯ᠎ᠠ᠃ ᠨᠢᠭᠡᠨᠳᠡ | ᠶᠠᠪᠠᠭᠠᠷᠠᠭᠰᠠᠨ ᠠᠴᠠ ᠬᠤᠶᠢᠰᠢ ᠶᠠᠭᠠᠷᠠᠭᠰᠠᠨ᠂ ᠡᠰᠡ ᠶᠠᠭᠠᠷᠠᠭᠰᠠᠨ ᠶᠠᠮᠠᠷ ᠢᠯᠭᠠᠭ᠎ᠠ ᠲᠠᠢ ᠶᠤᠮ ᠭᠡᠵᠦ ᠰᠢᠢᠳᠦᠨ | ᠬᠦᠬᠡ ᠲᠡᠭᠡᠯᠢ ᠳᠡᠭᠡᠷ᠎ᠡ ᠭᠠᠷᠪᠠ᠃ | ᠴᠢᠮᠡᠭ ᠤᠨ᠂ ᠮᠠᠨ ᠤ ᠬᠤᠶᠠᠷ ᠠᠶᠢᠯ ᠤᠨ ᠵᠤᠰᠠᠯᠠᠩ ᠤᠨ ᠪᠡᠯᠴᠢᠭᠡᠷ ᠲᠤ ᠲᠠᠪᠤ ᠵᠢᠷᠭᠤᠭᠠᠨ ᠠᠶᠢᠯ ᠤᠨ | ᠰᠠᠭᠤᠷᠢᠰᠢᠯ ᠨᠡᠮᠡᠭᠳᠡᠭᠰᠡᠨ ᠴᠦ ᠮᠠᠯ ᠤᠨᠤᠭ᠎ᠠ ᠡᠰᠡ ᠬᠠᠷᠠᠭᠳᠠᠨ᠎ᠠ᠃ ᠬᠦᠬᠡ ᠲᠡᠭᠡᠯᠢ ᠶᠢᠨ ᠡᠪᠦᠷ ᠲᠤ ᠴᠢᠮᠡᠭ ᠤᠨ ᠭᠡᠷ | ︵ᠨᠠᠭᠠᠳᠤᠮ ᠤᠨ ᠭᠡᠷ︶ ᠤᠨ ᠴᠢᠯᠠᠭᠤ ᠱᠠᠭᠠᠵᠠᠩ ᠨᠢ ᠲᠠᠷᠠᠵᠤ ᠪᠤᠳᠠᠷᠠᠭᠰᠠᠨ ᠦᠭᠡᠢ ᠬᠡᠪ ᠢᠶᠠᠷ ᠢᠶᠠᠨ ᠰᠢᠬᠠᠮ | ᠪᠠᠶᠢᠯ᠎ᠠ᠂ ᠴᠢᠮᠡᠭ ᠮᠢᠨᠢ ᠢᠷᠡᠭᠡᠳ ᠵᠠᠰᠠᠵᠤ ᠳᠤᠳᠤᠮᠳᠠᠳᠠᠭ ᠴᠦ ᠶᠤᠮ ᠪᠢᠵᠡ ᠶᠠᠭᠤ ᠮᠠᠭᠠᠳ᠂ ᠠᠯᠢ ᠡᠰᠡᠬᠦᠯ᠎ᠡ | ᠬᠡᠦᠬᠡᠳ ᠪᠠᠭᠠᠴᠤᠤᠯ ᠨᠢ ᠴᠦ ᠨᠠᠭᠠᠳᠳᠠᠭ ᠶᠤᠮ ᠪᠢᠯᠢᠤ ᠶᠠᠭᠠᠬᠢᠵᠤ ᠮᠡᠳᠡᠬᠦ ᠪᠤᠢ᠂ ᠶᠠᠭᠤ ᠴᠦ ᠭᠡᠰᠡᠨ ᠪᠠᠭ᠎ᠠ ᠶᠢᠨ | ᠮᠢᠨᠢ ᠨᠠᠭᠠᠳᠤᠮ ᠪᠠᠯᠠᠷᠠᠭ᠎ᠠ ᠦᠭᠡᠢ ᠪᠠᠶᠢᠭ᠎ᠠ ᠨᠢ ᠠᠵᠠ ᠶᠤᠮ᠃ | ᠪᠢ ᠴᠢᠮᠡᠭ ᠤᠨ ᠭᠡᠷ ︽ᠭᠡᠷ︾ ᠲᠤ ᠤᠷᠤᠵᠤ ᠬᠤᠶᠢᠮᠤᠷ ᠲᠤ ᠨᠢ ᠵᠠᠪᠢᠯᠠᠨ ᠰᠠᠭᠤᠯ᠎ᠠ᠃ ᠨᠢᠭᠡᠨ ᠴᠠᠭ ᠲᠤ | ᠣᠯᠠᠨ ᠡᠮᠨᠢᠭ ᠰᠤᠷᠭᠠᠵᠤ ᠤᠨᠤᠭ᠎ᠠ ᠲᠠᠢ ᠶᠠᠪᠤᠭᠤᠯᠤᠨ᠎ᠠ ᠭᠡᠵᠦ ᠠᠮᠠᠯᠠᠵᠤ ᠰᠠᠭᠤᠭᠰᠠᠨ ᠢᠶᠠᠨ ᠡᠷᠭᠢᠨ ᠰᠠᠨᠠᠪᠠ᠃ | | ᠴᠠᠭ ᠤᠨ ᠤᠷᠤᠰᠬᠠᠯ ᠨᠡᠶᠢᠭᠡᠮ ᠤᠨ ᠬᠤᠪᠢᠷᠠᠯᠲᠠ ᠶᠢ ᠳᠠᠭᠠᠭᠠᠳ ᠬᠡᠦᠬᠡᠳ ᠪᠠᠭᠠᠴᠤᠤᠳ ᠤᠨ ᠨᠠᠭᠠᠳᠴᠤ | ᠲᠤᠭᠯᠠᠬᠤ ᠨᠠᠭᠠᠳᠣᠮ ᠲᠤᠭᠯᠠᠭᠠᠮ ᠨᠢ ᠴᠦ ᠦᠭᠡᠷ᠎ᠡ ᠦᠭᠡᠷ᠎ᠡ ᠪᠠᠶᠢᠬᠤ ᠶᠤᠮ᠃ ᠤᠳᠤ ᠶᠢᠨ ᠬᠡᠦᠬᠡᠳ ᠲᠤᠮᠤ ᠵᠢᠵᠢᠭ | ᠲᠠᠭᠤ ᠲᠠᠢ ᠲᠠᠭᠤ ᠦᠭᠡᠢ ᠲᠡᠷᠭᠡ ᠮᠤᠲ᠋ᠤᠷ ᠢᠶᠠᠷ ᠲᠤᠭᠯᠠᠵᠤ ᠪᠠᠶᠢᠬᠤ ᠳᠤ ᠪᠢᠳᠠᠨ ᠤ ᠪᠠᠭ᠎ᠠ ᠳᠤ ᠤᠷᠲᠤ ᠤᠬᠤᠷ | ᠰᠢᠯᠪᠢᠭᠦᠷ ᠰᠤᠬᠠᠢ ᠵᠠᠶᠢᠳᠠᠯᠠᠨ ᠳᠠᠪᠬᠢᠯᠳᠤᠵᠤ ᠪᠠᠶᠢᠯ᠎ᠠ᠃ | ᠠᠬᠠᠮᠠᠳ ᠨᠠᠰᠤᠳᠠᠳ ᠦᠷᠯᠦᠭᠡ ᠳᠤ ᠪᠠᠨ ᠬᠤᠯᠠ ᠤᠶᠢᠷ᠎ᠠ ᠶᠢᠨ ᠰᠤᠨᠢᠨ ᠢ ᠬᠠᠭᠤᠴᠢᠯᠠᠨ ᠲᠠᠶᠢᠪᠤᠩ | ᠴᠠᠶᠢᠯᠠᠨᠠ᠃ ᠪᠠᠭᠠᠴᠤᠤᠯ ᠪᠢᠳᠠᠨ ᠳᠤ ᠬᠦᠭᠰᠢᠴᠤᠤᠯ ᠤᠨ ᠠᠮᠠ ᠴᠢᠩᠨᠠᠵᠤ ᠰᠠᠭᠤᠬᠤ ᠴᠢᠯᠦᠭᠡ ᠬᠠᠮᠢᠭ᠎ᠠ ᠪᠠᠶᠢᠬᠤᠪ᠂ | ᠪᠤᠰᠤᠭ᠎ᠠ ᠰᠠᠭᠤᠭ᠎ᠠ ᠶᠢᠨ ᠲᠤᠮᠳᠠ ᠠᠶᠢᠷᠠᠭ ᠬᠤᠭᠤᠷᠮᠠᠭ ᠤᠤᠭᠤᠬᠤ ᠶᠤᠮ ᠤᠤ᠂ ᠪᠤᠤᠪᠤ ᠪᠤᠭᠤᠷᠰᠤᠭ ᠪᠠᠷᠢᠭᠠᠳ ᠮᠠᠯ | ᠤᠨ ᠬᠤᠶᠢᠨ᠎ᠠ ᠠᠴᠠ ᠭᠦᠶᠦᠬᠦ ᠶᠤᠮ ᠤᠤ᠂ ᠲᠦᠯᠡᠭᠡ ᠮᠤᠳᠤ ᠴᠦᠮᠦᠬᠦ᠂ ᠠᠷᠭᠠᠯ ᠬᠤᠷᠭᠤᠯ ᠬᠠᠮᠤᠬᠤ᠂ ᠮᠣᠷᠢ ᠮᠠᠯ | ᠪᠠᠷᠢᠬᠤ ᠁ ᠮᠡᠳᠤ ᠶᠢᠨ ᠬᠢᠷᠢ ᠬᠢᠷᠢ ᠳᠤ ᠪᠠᠨ ᠲᠤᠬᠢᠷᠠᠭᠰᠠᠨ ᠠᠵᠢᠯ ᠳᠤ ᠪᠠᠨ ᠬᠦᠶᠦᠯᠴᠡᠨᠠ᠃ | ᠦᠷᠯᠦᠭᠡ ᠶᠢᠨ ᠴᠠᠢ ᠳᠡᠭᠡᠷ᠎ᠠ ᠨᠠᠷᠢᠨ ᠬᠡᠭᠡᠷ ᠢ ᠪᠠᠷᠢᠬᠤ ᠡᠭᠦᠷᠭᠡ ᠨᠠᠳᠠ ᠤᠨᠤᠭᠳᠠᠪᠠ᠃ ᠨᠠᠷᠢᠨ ᠬᠡᠭᠡᠷ | ᠪᠠᠷᠢᠭᠠᠵᠢᠭᠠ ᠪᠠᠷ ᠴᠢᠳᠦᠷ ᠲᠤ ᠲᠤᠭᠲᠠᠳᠠᠭ ᠦᠭᠡᠢ᠂ ᠪᠤᠷᠤᠭᠤ ᠬᠤᠶᠢᠰᠢᠯᠠᠬᠤ ᠶᠤᠮ ᠤᠤ᠂ ᠪᠤᠷᠪᠢᠴᠢᠯᠠᠭᠰᠠᠨ ᠴᠦ | ᠢᠵᠢᠯᠢ ᠳᠤ ᠪᠠᠨ ᠬᠦᠷᠴᠦ ᠠᠮᠠᠷᠠᠨ᠎ᠠ᠃ ᠬᠠᠷᠢᠨ ᠬᠡᠳᠤ ᠬᠤᠨᠤᠪᠠᠯ ᠴᠢᠳᠦᠷᠰᠢᠵᠦ ᠶᠠᠪᠤᠬᠤ ᠪᠠᠨ ᠪᠤᠯᠢᠨ᠎ᠠ᠃ | ᠪᠢ ᠮᠤᠷᠢ ᠤᠨᠤᠬᠤ ᠬᠠᠴᠢᠨ ᠲᠤᠷᠠᠲᠠᠢ ᠬᠡᠦᠬᠡᠳ ᠪᠠᠶᠢᠭᠰᠠᠨ ᠶᠤᠮ᠃ ᠶᠡᠷᠦ ᠨᠢ ᠮᠤᠷᠢᠨ ᠳᠤ ᠲᠤᠷ᠎ᠠ ᠦᠭᠡᠢ | ᠬᠡᠦᠬᠡᠳ ᠪᠠᠶᠢᠭ᠎ᠠ ᠦᠭᠡᠢ᠃ ᠵᠡᠭᠦᠨ ᠪᠠᠷᠠᠭᠤᠨ ᠠᠶᠢᠯ ᠤᠨ ᠬᠡᠦᠬᠡᠳ ᠤᠳ ᠳᠠᠭ᠎ᠠ ᠵᠠᠶᠢᠳᠠᠯᠠᠭᠠᠳ ᠶᠠᠪᠤᠵᠤ ᠪᠠᠶᠢᠬᠤ | ᠨᠢ ᠴᠦ ᠰᠠᠶᠢᠬᠠᠨ ᠬᠠᠷᠠᠭᠳᠠᠨ᠎ᠠ᠃ ᠨᠠᠷᠢᠨ ᠬᠡᠬᠡᠷ ᠢ ᠥᠴᠦᠭᠡᠳᠦᠷ ᠰᠠᠶ᠋ᠢ ᠪᠠᠷᠢᠭᠰᠠᠨ ᠶᠤᠮ᠃ ᠢᠵᠢᠯᠢ ᠳᠤ ᠪᠠᠨ | ᠬᠦᠷᠬᠦ ᠠᠴᠠ ᠨᠢ ᠡᠮᠦᠨ᠎ᠡ ᠬᠦᠢᠴᠡᠨ᠎ᠡ ᠭᠡᠵᠦ ᠰᠠᠨᠠᠯᠲᠠ ᠦᠭᠡᠢ ᠭᠡᠵᠦ ᠪᠤᠳᠤᠨ ᠬᠤᠶᠠᠷ ᠭᠦᠪᠡᠭᠡ ᠲᠠᠪᠠᠲᠠᠯᠠ ᠴᠠᠭᠠᠳᠤ | ᠲᠤᠤᠷ᠎ᠠ ᠨᠢ ᠢᠵᠢᠯᠢ ᠲᠠᠢ ᠪᠠᠨ ᠬᠠᠮᠳᠤ ᠪᠠᠶᠢᠨ᠎ᠠ᠃ ᠦᠴᠦᠭᠡᠳᠦᠷ ᠠᠳᠤᠭᠤ ᠤᠰᠤᠨ ᠳᠡᠭᠡᠷ᠎ᠡ ᠤᠳᠠᠭᠠᠨ | ᠵᠤᠭᠰᠤᠭᠰᠠᠨ ᠠᠴᠠ ᠬᠤᠯᠠᠳᠠᠭᠰᠠᠨ ᠦᠭᠡᠢ ᠤᠶᠢᠷ᠎ᠠ ᠬᠤᠨᠤᠵᠠᠢ᠃ ᠨᠠᠷᠢᠨ ᠬᠡᠬᠡᠷ ᠢ ᠡᠶᠢᠮᠤ ᠤᠶᠢᠷᠠᠬᠠᠨ ᠪᠠᠶᠢᠬᠤ ᠶᠤᠮ | ᠭᠡᠵᠦ ᠰᠠᠨᠠᠭᠰᠠᠨ ᠦᠭᠡᠢ ᠪᠢ ᠪᠠᠶᠠᠷᠯᠠᠨ ᠨᠠᠷᠠ ᠶᠢ ᠬᠠᠷᠠᠪᠠ᠃ ᠦᠳᠡ ᠪᠤᠯᠬᠤ ᠶᠠᠭᠠᠬᠢᠭ᠎ᠠ ᠴᠦ ᠦᠭᠡᠢ ᠪᠠᠶᠢᠨ᠎ᠠ᠃ ︽ | ᠨᠠᠷᠢᠨ ᠬᠡᠬᠡᠷ ᠤᠨ ᠴᠢᠳᠦᠷ ᠲᠤ ᠭᠤᠯᠭᠤᠮᠠᠳᠠᠭᠠᠢ ᠶᠢ ᠶᠠᠮᠠᠷ ᠮᠡᠳᠡᠬᠦ ᠦᠭᠡᠢ ᠶᠤᠮ ᠪᠢᠰᠢ᠂ ᠶᠡᠬᠡᠴᠦᠦᠯ ᠨᠠᠳᠠ ᠶᠢ | ᠨᠠᠷᠢᠨ ᠬᠡᠬᠡᠷ ᠤᠨ ᠮᠦᠷ ᠢ ᠱᠠᠭᠠᠶᠢᠭᠠᠳ ᠦᠴᠦᠭᠡᠨᠡᠵᠦ ᠶᠠᠪᠤᠭ᠎ᠠ ᠭᠡᠵᠦ ᠪᠤᠳᠤᠨ᠎ᠠ ᠪᠠᠶᠢᠬᠤ ᠡ︾ ᠭᠡᠵᠦ ᠪᠤᠳᠤᠨ | ᠡᠰᠢ ᠲᠡᠰᠢ ᠬᠠᠷᠠᠪᠠ᠃ ᠴᠢᠮᠡᠭ ᠤᠨ ᠮᠠᠯ ᠡᠮᠦᠨ᠎ᠡ ᠬᠤᠭᠤᠯᠠᠢ ᠳᠤ ᠴᠠᠶᠢᠯᠵᠠᠨ᠎ᠠ᠃ ᠴᠢᠮᠡᠭ ᠴᠦ ᠬᠦᠬᠡ ᠲᠡᠭᠡᠯᠢ | ᠭᠡᠳᠡᠭ ᠵᠢᠭᠠᠬᠠᠨ ᠪᠤᠷᠤ ᠲᠤᠯᠤᠭᠠᠢ ᠶᠢᠨ ᠵᠡᠭᠦᠨ ᠡᠩᠭᠡᠷ ᠲᠤ ᠨᠠᠭᠠᠳᠤᠮ ᠤᠨ ᠭᠡᠷ ᠲᠤ ᠪᠠᠨ ᠲᠤᠭᠯᠠᠵᠤ ᠰᠠᠭᠤᠭ᠎ᠠ ᠯᠠ | ᠳ᠋ᠠ᠃ ᠶᠡᠷᠦ ᠨᠢ ᠲᠡᠭᠦᠨ ᠳᠤ ᠮᠤᠷᠢ ᠤᠨᠤᠵᠤ ᠶᠠᠪᠤᠭ᠎ᠠ ᠪᠠᠨ ᠬᠠᠷᠠᠭᠤᠯᠤᠶ᠎ᠠ ᠪᠠᠶᠢᠵᠠ ᠭᠡᠵᠦ ᠪᠤᠳᠤᠨ ᠨᠠᠷᠢᠨ ᠬᠡᠭᠡᠷ | ᠤᠨ ᠢᠶᠠᠨ ᠴᠢᠳᠦᠷ ᠢ ᠨᠢ ᠠᠪᠤᠨ ᠠᠯᠠᠪᠬᠢᠨ ᠮᠤᠷᠳᠠᠪᠠ᠃ ᠰᠡᠪᠡᠯᠵᠡᠳᠡᠯᠡ ᠰᠠᠶᠢᠬᠠᠨ ᠠᠯᠬᠤᠯᠠᠨ᠎ᠠ᠂ ᠠᠮᠠ ᠶᠢ ᠨᠢ | ᠲᠠᠲᠠᠰᠬᠢᠨ ᠴᠤᠯᠪᠤᠭᠤᠷ ᠢᠶᠠᠷ ᠢᠶᠠᠨ ᠬᠡᠢ ᠭᠤᠶᠠᠳᠠᠬᠤ ᠲᠦᠷᠢ ᠦᠵᠡᠭᠦᠯᠬᠦ ᠳᠤ ᠰᠡᠮᠪᠡᠯᠵᠡᠲᠡᠯᠡ ᠰᠠᠶᠢᠪᠤᠷᠯᠠᠪᠠ᠃ | ᠡᠪᠦᠳᠦᠭ ᠢᠶᠠᠷ ᠢᠶᠠᠨ ᠬᠠᠪᠴᠢᠨ ᠦᠨᠳᠡᠰᠬᠢᠳᠡᠯᠡ ᠵᠢᠷᠡᠶᠢᠳᠡᠯᠡ ᠬᠠᠳᠠᠷᠢᠯᠠ᠃ ᠬᠤᠨᠢᠨ ᠤ ᠬᠡᠦᠬᠡᠳ ᠤᠨ ᠤᠨᠤᠭ᠎ᠠ ᠭᠡᠬᠦ | ᠪᠠᠷ ᠦᠭᠡᠢ ᠬᠦᠯ ᠬᠦᠩᠭᠡᠨ ᠮᠤᠷᠢ ᠯᠠ ᠳ᠋ᠠ᠃ ᠴᠢᠮᠡᠭ ᠠᠶᠢᠬᠤᠪᠳᠤᠷ ᠠᠮᠠᠨᠴᠢᠷ᠂ ᠠᠶᠠᠭᠦᠢ ᠪᠤᠯ ︽ᠵᠠ᠂ ᠴᠢ ᠴᠢᠨᠢ | ᠭᠠᠮᠢᠩ ᠳᠤ ᠬᠦᠭᠡᠭᠡᠭᠳᠡᠵᠦ ᠶᠠᠪᠤᠭ᠎ᠠ ᠶᠤᠮ ᠤᠤ᠂ ᠠᠯᠢ ᠡᠰᠡᠬᠦᠯ᠎ᠡ ᠴᠠᠭᠠᠨ ᠮᠠᠯᠠᠭᠠᠶᠢᠲᠣ ᠳᠤ ᠲᠠᠭᠤᠭᠳᠠᠵᠦ ᠶᠠᠪᠤᠭ᠎ᠠ | ᠶᠤᠮ ᠤᠤ︖︾ ᠭᠡᠴᠢᠬᠡᠭᠰᠡᠨ ᠵᠤᠭᠰᠤᠵᠤ ᠪᠠᠶᠢᠬᠤ ᠪᠠᠨ ᠶᠠᠳᠠᠬᠤ ᠦᠭᠡᠢ ᠭᠡᠳ ᠮᠤᠷᠢᠨ ᠤ ᠪᠠᠨ ᠠᠮᠠ ᠶᠢ ᠲᠠᠲᠠᠯ᠎ᠠ᠃ | | ᠴᠢᠮᠡᠭ ᠤᠨ ᠬᠤᠨᠢ ᠵᠤᠯᠠᠭᠰᠠᠨ ᠨᠤᠤᠰᠤ ᠰᠢᠭ᠋ ᠨᠠᠯᠠᠶᠢᠨ᠎ᠠ᠃ ᠴᠢᠮᠡᠭ ᠴᠢᠯᠠᠭᠤ ᠲᠤᠭᠤᠶᠢᠯᠠᠭᠰᠠᠨ ᠭᠡᠷ ᠲᠤ | ᠪᠠᠨ ᠤᠷᠤᠵᠤ ᠭᠠᠷᠤᠨ᠎ᠠ᠃ ᠪᠢ ᠬᠤᠶᠠᠷ ᠪᠤᠲᠠᠨ ᠤ ᠳᠤᠮᠳᠠ ᠠᠷᠤᠭ ᠤᠨ ᠤᠭᠤᠰᠤᠷ ᠢᠶᠠᠷ ᠲᠠᠳᠠᠭᠰᠠᠨ ᠵᠡᠯᠡᠨ ᠤ | ᠬᠢᠨᠢ ᠬᠠᠵᠠᠭᠤ ᠳᠤ ᠪᠠᠭᠤᠯ᠎ᠠ᠃ ᠴᠢᠮᠡᠭ ᠬᠤᠶᠠᠷ ᠬᠡᠭᠡᠷ ᠮᠤᠷᠢ ︵ᠰᠤᠷ ᠤᠭᠤᠰᠤᠷ ᠲᠠᠢ ᠰᠤᠬᠠᠢ ᠰᠢᠯᠪᠢᠭᠦᠷ︶ ᠪᠠᠨ | ᠵᠡᠯᠡᠨ ᠠᠴᠠ ᠪᠠᠨ ᠤᠶᠠᠵᠠᠢ᠃ ᠬᠤᠨᠢᠨ ᠤ ᠵᠠᠬ᠎ᠠ ᠳᠤ ᠰᠤᠯᠠ ᠲᠠᠯᠪᠢᠭᠠᠳ ᠰᠤᠷᠴᠢᠬᠠᠭᠰᠠᠨ ᠨᠠᠷᠢᠨ ᠬᠡᠬᠡᠷ ᠤᠨ ᠢᠶᠠᠨ | ᠴᠤᠯᠪᠤᠭᠤᠷ ᠢ ᠨᠢ ᠨᠤᠭᠤᠯᠤᠨ ᠨᠢᠷᠤᠭᠤᠨ ᠳᠡᠭᠡᠭᠦᠷ ᠨᠢ ᠲᠤᠬᠤᠴᠢᠬᠠᠭᠠᠳ ︽ᠬᠤᠨᠢ ᠲᠤᠭᠲᠠᠭᠤᠷᠢ ᠲᠠᠢ ᠤᠤ︖︾ | ᠭᠡᠳ ᠤᠷᠤᠲᠠᠯ᠎ᠠ ︽ᠰᠢᠪᠠᠭᠤ ᠪᠠᠶᠢᠨᠠᠤ︖ ᠲᠤᠭᠤᠨᠤ ᠪᠠᠷ ᠤᠷᠤᠵᠤ ᠪᠠᠶᠢᠬᠤ ᠁︾ ᠭᠡᠯᠡ᠃ ᠪᠢ ᠴᠢᠯᠠᠭᠤᠨ | ᠭᠡᠷ ᠳᠡᠭᠡᠭᠦᠷ ᠨᠢ ᠠᠯᠬᠤᠨ ᠤᠷᠤᠵᠤ ᠯᠠ ᠳ᠋ᠠ᠃ ᠪᠤᠴᠠᠨ ᠭᠠᠷᠴᠤ ᠡᠭᠦᠳᠡ ᠪᠠᠷ ᠨᠢ ᠤᠷᠤᠪᠠ᠃ | ︽ᠴᠠᠢ ᠵᠤᠭᠤᠭᠯᠠ︕︾ ᠭᠡᠳ ᠬᠠᠪᠲᠠᠭᠠᠢ ᠴᠢᠯᠠᠭᠤᠨ ᠳᠡᠭᠡᠷ᠎ᠡ ᠵᠢᠵᠢᠭ ᠴᠠᠭᠠᠨ ᠴᠢᠯᠠᠭᠤ ᠤᠪᠤᠭᠠᠯᠠᠨ | ᠪᠠᠷᠢᠯ᠎ᠠ᠃ ᠪᠢ ᠲᠤᠰᠴᠤ ᠠᠪᠤᠭᠠᠳ ᠣᠭᠤᠴᠢᠭᠰᠠᠨ ᠪᠤᠯᠵᠤ ᠡᠮᠦᠨ᠎ᠡ ᠪᠠᠨ ᠲᠠᠯᠪᠢᠪᠠ᠃ ᠤᠯᠠᠨ ᠬᠠᠪᠲᠠᠭᠠᠢ | ᠴᠢᠯᠠᠭᠤᠨ ᠳᠡᠭᠡᠷ᠎ᠡ ᠲᠠᠭᠠᠨ᠎ᠠ ᠶᠢᠨ ᠤᠷᠤᠢ᠂ ᠪᠠᠵᠢᠭᠤᠨᠠ ᠶᠢᠨ ᠨᠠᠪᠴᠢ᠂ ᠬᠤᠶᠢᠷᠠᠭ ᠤᠨ ᠪᠤᠶᠢᠳᠤᠭ ᠁ ᠵᠡᠷᠭᠡ | ᠶᠢ ᠤᠪᠤᠭᠠᠯᠠᠨ ︽ᠠᠭᠠᠷᠤᠤᠯ᠂ ᠬᠤᠷᠤᠳ᠂ ᠰᠢᠷ᠎ᠠ ᠲᠣᠰᠤ ᠁ ︾ ᠭᠡᠮᠡᠨ ᠨᠡᠷᠡᠯᠡᠵᠦ ᠡᠮᠦᠨ᠎ᠡ ᠮᠢᠨᠢ ᠦᠷᠦᠯᠡ᠃ | ︽ᠶᠠᠭᠠᠬᠢᠭᠰᠠᠨ ᠠᠷᠪᠢᠨ ᠬᠢᠴᠡ ᠪᠤᠢ︖︾ ᠭᠡᠰᠡᠨ ᠳᠤ᠄ | — ᠮᠢᠨᠤ ᠡᠵᠢ ︽ᠡᠮᠡᠭᠲᠠᠢ ᠬᠦᠮᠦᠨ ᠴᠠᠢ ᠤᠮᠳᠠ ᠮᠠᠭᠤ ᠪᠤᠯ ᠠᠶᠢᠯ ᠭᠡᠷ ᠤᠨ ᠰᠦᠷ ᠰᠦᠯᠳᠡ ᠳᠠᠷᠤᠭᠳᠠᠵᠤ | ᠂ ᠠᠮᠢᠳᠠᠨ ᠬᠦᠮᠦᠨ ︿ᠭᠡᠷ ᠲᠤ ᠪᠠᠨ ᠬᠠᠪᠤᠷ᠂ ᠠᠶᠢᠯ ᠳᠤ ᠨᠠᠮᠤᠷ﹀ ᠭᠡᠯᠴᠡᠳᠡᠭ︾ ᠭᠡᠰᠡᠨ | — ᠲᠡᠭᠡᠪᠡᠯ ᠲᠠᠨ ᠤ ᠬᠢ ᠭᠡᠵᠦ ᠤᠮᠳᠠ ᠰᠠᠶᠢᠲᠠᠢ ᠠᠶᠢᠯ ᠭᠠᠷᠬᠤ ᠨᠢ ᠳ᠋ᠠ︕ | — ᠨᠠᠷᠢᠨ ᠬᠡᠭᠡᠷ ᠴᠢᠨᠢ ᠶᠠᠮᠠᠷ ᠰᠠᠶᠢᠬᠠᠨ ᠲᠠᠷᠭᠤᠯᠠᠭᠰᠠᠨ ᠶᠤᠮ︖ | — ᠤᠨᠤᠵᠤ ᠦᠵᠡᠯ ᠳ᠋ᠡ︕ | — ᠲᠡᠭᠡᠶ᠎ᠡ︕ ᠭᠡᠳ ︽ᠭᠡᠷ︾ ᠳᠡᠭᠡᠭᠦᠷ ᠢᠶᠠᠨ ᠠᠯᠬᠤᠬᠤ ᠳᠤ ᠨᠢ ︽ᠵᠢᠭᠦᠷ ᠤᠷᠭᠤᠴᠢᠬᠠᠪᠠ ᠤᠤ︖︾ | ᠭᠡᠰᠡᠨ ᠳᠤ ᠬᠡᠯᠡ ᠪᠠᠨ ᠪᠣᠯᠲᠠᠰ ᠬᠢᠯᠭᠡᠨ ᠪᠤᠴᠠᠨ ᠣᠷᠤᠵᠤ ᠡᠭᠦᠳᠡ ᠪᠠᠷ ᠢᠶᠠᠨ ᠭᠠᠷᠤᠯ᠎ᠠ᠃ | ᠨᠠᠷᠢᠨ ᠬᠡᠭᠡᠷ ᠢ ᠲᠡᠷᠡᠰᠤᠨ ᠤ ᠬᠠᠵᠠᠭᠤ ᠳᠤ ᠵᠤᠭᠰᠤᠭᠠᠨ ᠴᠢᠮᠡᠭ ᠢ ᠮᠤᠷᠳᠠᠭᠤᠯᠪᠠ᠃ ᠲᠡᠷᠡ ᠵᠡᠭᠦᠨ ᠤᠬᠠᠭ᠎ᠠ | ᠦᠭᠡᠳᠡ ᠦᠭᠰᠦᠬᠦ ᠳᠤ ᠨᠢ ︽ᠪᠢᠳᠡᠭᠡᠢ ᠤᠷᠤᠢ ᠳᠡᠭᠡᠷ᠎ᠡ ᠭᠠᠷ︕ ᠠᠪᠤ ᠡᠵᠢ ᠬᠠᠷᠠᠴᠢᠬᠠᠨ᠎ᠠ︾ ᠭᠡᠵᠦ ᠠᠷᠤ ᠠᠴᠠ | ᠨᠢ ᠬᠠᠰᠬᠢᠷᠪᠠ᠃ ︽ᠮᠤᠷᠢ ᠤᠨᠤᠬᠤ ᠦᠨᠡᠬᠡᠷ ᠰᠠᠶᠢᠬᠠᠨ᠂ ᠬᠡᠵᠢᠶ᠎ᠡ ᠦᠪᠡᠷ ᠤᠨ ᠭᠡᠰᠡᠨ ᠮᠤᠷᠢ ᠲᠠᠢ ᠪᠤᠯᠳᠠᠭ ᠪᠤᠯ︕ | ︾ ᠭᠡᠳ ᠪᠠᠭᠤᠬᠤ ᠳᠤ ᠨᠢ ︽ᠪᠢ ᠶᠡᠭᠡ ᠪᠤᠯᠤᠭᠠᠳ ᠴᠢᠮ᠎ᠠ ᠳᠤ ᠤᠯᠠᠨ ᠡᠮᠨᠢᠭ ᠰᠤᠷᠭᠠᠵᠤ ᠦᠭᠭᠦᠨ᠎ᠠ︕︾ | ᠭᠡᠵᠦ ᠠᠮᠠᠯᠠᠪᠠ᠃ ᠲᠡᠷᠡ ᠴᠦ ︽ᠪᠢ ᠰᠠᠶᠢᠬᠠᠨ ᠴᠠᠢ ᠴᠢᠨᠠᠭᠠᠳ ᠬᠦᠯᠢᠶᠡᠵᠦ ᠰᠠᠭᠤᠨ᠎ᠠ︾ ᠭᠡᠵᠦ ᠪᠢᠯᠡ᠃ | ᠥᠨᠦ ᠡᠮᠨᠢᠭᠴᠢᠨ ᠬᠠᠷ᠎ᠠ ᠬᠦᠦ ᠨᠢ ᠮᠤᠲ᠋ᠤᠷᠴᠢᠨ ᠪᠤᠯᠴᠢᠬᠠᠭᠠᠳ ᠵᠠᠮ ᠤᠨ ᠲᠤᠮᠳᠠ ᠭᠠᠭ᠋ᠠᠢ ᠶᠠᠪᠠᠭᠠᠷᠠᠨ | ᠲᠡᠨᠦᠵᠦ ᠶᠠᠪᠤᠭ᠎ᠠ ᠪᠠᠨ ᠪᠤᠳᠤᠬᠤ ᠠᠴᠠ ᠪᠤᠴᠠᠭᠠᠳ ᠠᠯᠬᠤᠴᠢᠬᠠᠮᠠᠷ ᠰᠠᠨᠠᠭᠳᠠᠨ᠎ᠠ᠃ | ︽ᠦᠨᠦᠳᠦᠷ ᠤᠨ ᠰᠠᠯᠬᠢ ᠬᠠᠮᠢᠭ᠎ᠠ ᠠᠴᠠ ᠪᠠᠶᠢᠨ᠎ᠠ ᠪᠤᠢ︕ ᠢᠷᠡᠳᠡᠭ ᠦᠭᠡᠢ ᠬᠦᠮᠦᠨ ᠢᠷᠡᠵᠦ ᠪᠠᠶᠢᠬᠤ | ᠴᠢᠨᠢ ᠁︾ ᠭᠡᠳ ᠴᠠᠢ ᠠᠶᠠᠭᠠᠯᠠᠪᠠ᠃ ᠭᠤᠯᠢᠷ ᠬᠤᠯᠢᠭᠰᠠᠨ ᠠᠭᠠᠷᠤᠤᠯ᠂ ᠭᠠᠭ᠋ᠠᠢ ᠶᠢᠨ ᠲᠣᠰᠤ ᠬᠤᠯᠢᠭᠰᠠᠨ | ᠰᠢᠷ᠎ᠡ ᠲᠤᠰᠣ᠂ ᠤᠰᠤ ᠲᠤᠨᠤᠭᠰᠠᠨ ᠠᠶᠢᠷᠠᠭ ᠠᠴᠠ ᠥᠭᠰᠦᠭᠦᠯᠦᠨ ᠶᠠᠭᠤᠮ᠎ᠠ ᠶᠠᠭᠤᠮᠠᠨ ᠠᠴᠠ ᠰᠢᠷᠡᠭᠡ ᠳᠦᠭᠦᠷᠡᠩ | ᠦᠷᠦᠭᠰᠡᠨ ᠴᠦ ᠵᠢᠩᠬᠢᠨᠢ ᠰᠠᠭᠠᠯᠢ ᠰᠦ ᠶᠢᠨ ᠵᠦᠢᠯ ᠠᠯᠠᠭ᠎ᠠ᠃ ︽ᠴᠢ ᠴᠦ ᠬᠤᠲᠠ ᠪᠠᠯᠭᠠᠰᠤᠨ ᠤ ᠪᠢᠳᠠᠨ ᠲᠠᠢ | ᠪᠠᠨ ᠠᠳᠠᠯᠢ ᠬᠤᠳᠠᠯᠳᠤᠭ᠎ᠠ ᠬᠤᠷᠤᠳ ᠠᠭᠠᠷᠤᠤᠯ ᠢᠳᠡᠳᠡᠭ ᠪᠤᠯᠤᠭᠰᠠᠨ ᠤᠤ︖︾ ᠭᠡᠰᠡᠨ ᠳᠤ ︽ᠪᠡᠯᠴᠢᠭᠡᠷ ᠢᠶᠠᠨ | ᠪᠢᠳᠡᠭᠦᠮᠵᠢᠯᠡᠭᠦᠯᠵᠦ ᠮᠠᠯ ᠢᠶᠠᠨ ᠪᠠᠷᠠᠭᠰᠠᠨ ᠪᠢᠳᠠ ᠨᠤᠬᠠᠢ ᠪᠠᠨ ᠰᠠᠭᠠᠬᠤ ᠦᠭᠡᠢ ᠶᠤᠮ ᠪᠤᠯ ᠶᠠᠭᠤ ᠪᠠᠷ ᠢᠶᠠᠨ | ᠰᠠᠭᠠᠯᠢᠯᠠᠳᠠᠭ ᠶᠤᠮ⁈︾ ᠭᠡᠯᠡ᠃ ᠦᠨᠡᠬᠡᠷ ᠴᠦ ᠲᠡᠶᠢᠮᠦ ᠳ᠋ᠡ︕ | ᠬᠦᠯᠳᠡᠭᠡᠭᠦᠷ᠂ ᠲᠧᠯᠸᠢᠰ᠂ ᠬᠤᠪᠴᠠᠰᠤ ᠤᠬᠢᠶᠠᠬᠤ ᠮᠠᠰᠢᠨ ᠁ ᠵᠡᠷᠭᠡ ᠶᠢ ᠡᠪᠲᠡᠢ ᠰᠠᠶᠢᠬᠠᠨ | ᠪᠠᠶᠢᠷᠢᠰᠢᠭᠤᠯᠤᠭᠰᠠᠨ ᠰᠢᠨ᠎ᠡ ᠴᠠᠭ ᠤᠨ ᠲᠤᠬᠢᠯᠢᠭ ᠠᠶᠢᠯ ᠪᠠᠶᠢᠨ᠎ᠠ᠃ ᠭᠠᠳᠠᠨ᠎ᠠ ᠨᠢ ᠭᠤᠷᠪᠠᠨ ᠵᠠᠭᠤᠨ ᠸᠠᠲ ᠤᠨ | ᠴᠠᠬᠢᠯᠭᠠᠨ ᠰᠡᠩᠰᠠ ᠵᠢᠭᠦᠷ ᠢᠶᠠᠨ ᠬᠤᠭᠤᠯᠠᠭᠤᠯᠤᠭᠰᠠᠨ ᠡᠯᠢᠶ᠎ᠡ ᠰᠢᠭ ᠲᠡᠯᠪᠡᠭᠡᠨᠡᠨᠡ᠃ ᠲᠠᠯ᠎ᠠ ᠪᠠᠷ ᠲᠦᠭᠦᠷᠡᠩ | ᠬᠠᠨᠠᠷᠠᠭᠰᠠᠨ ᠲᠡᠳᠡᠭᠡᠷ ᠰᠡᠩᠰᠠ ᠶᠢᠨ ᠲᠡᠷᠭᠡᠳᠡ ᠵᠠᠭᠪᠤᠷ ᠨᠢ ᠶᠤᠮ ᠰᠢᠭ᠋ ᠵᠢᠵᠢᠭᠬᠡᠨ ᠬᠠᠷᠠᠭᠳᠠᠨ᠎ᠠ᠃ ᠴᠢᠮᠡᠭ ᠡᠨᠡ | ᠰᠡᠩᠰᠠᠨ ᠳᠤ ᠪᠠᠨ ᠲᠦᠰᠢᠭᠯᠡᠵᠦ ᠴᠠᠬᠢᠯᠭᠠᠨ ᠬᠡᠷᠡᠭᠰᠡᠯ ᠤᠳ ᠢᠶᠠᠨ ᠬᠦᠳᠡᠯᠭᠡᠳᠡᠭ ᠭᠡᠨ᠎ᠡ᠃ ᠲᠤᠮᠤ ᠬᠡᠯᠪᠡᠷᠢ ᠶᠢᠨ | ᠴᠠᠬᠢᠯᠭᠠᠨ ᠰᠡᠩᠰᠠ ᠰᠦᠷ ᠪᠠᠷ᠎ᠠ ᠲᠠᠢ ᠡᠷᠭᠢᠯᠳᠦᠨ ᠮᠤᠨᠳᠠᠭ ᠶᠡᠭᠡ ᠴᠠᠬᠢᠯᠭᠠᠨ ᠬᠤᠷᠢᠶᠠᠵᠤ ᠪᠠᠶᠢᠭ᠎ᠠ ᠴᠦ ᠲᠤᠬᠠᠢ ᠶᠢᠨ | ᠭᠠᠵᠠᠷ ᠤᠨ ᠨᠤᠳᠤᠭ ᠤᠨ ᠬᠦᠮᠦᠰ ᠠᠰᠢᠭ ᠢ ᠨᠢ ᠤᠯᠵᠤ ᠬᠦᠷᠳᠡᠭᠡ ᠦᠭᠡᠢ ᠯᠠ ᠶᠤᠮ ᠪᠠᠶᠢᠨ᠎ᠠ ᠳ᠋ᠠ᠃ ᠨᠤᠳᠤᠭ ᠢ | ᠨᠢ ᠡᠵᠡᠯᠡᠵᠦ ᠮᠠᠯᠵᠢᠬᠤ ᠠᠮᠢᠳᠤᠷᠠᠯ ᠢ ᠨᠢ ᠵᠤᠭᠰᠤᠭᠠᠨ ᠬᠦᠷᠦᠰᠦ ᠶᠢ ᠨᠢ ᠴᠤᠭᠤᠴᠢᠨ ᠪᠠᠶᠢᠭᠤᠯᠤᠭᠰᠠᠨ ᠡᠨᠡᠬᠦ | ᠴᠠᠬᠢᠯᠭᠠᠨ ᠨᠡᠭᠡᠭᠡᠯᠳᠡ ᠨᠢ ᠲᠤᠰ ᠨᠤᠳᠤᠭ ᠤᠨ ᠮᠠᠯᠴᠢᠳ ᠲᠤ ᠴᠤᠬᠤᠮ ᠶᠠᠮᠠᠷ ᠠᠰᠢᠭ ᠬᠦᠷᠲᠡᠭᠡᠵᠦ ᠪᠠᠶᠢᠭ᠎ᠠ ᠶᠢ ᠡᠨᠡ | ᠠᠶᠢᠯ ᠤᠨ ᠪᠠᠶᠢᠳᠠᠯ ᠠᠴᠠ ᠶᠠᠭ ᠤᠯᠵᠦ ᠬᠠᠷᠠᠭᠰᠠᠨ ᠦᠭᠡᠢ᠃ | ᠶᠠᠭ ᠯᠠ ︽ᠠᠶᠠᠭ᠎ᠠ ᠲᠠᠢ ᠴᠠᠢ︾ ᠶᠢ ᠨᠢ ᠲᠤᠰᠤᠭᠠᠳ ᠤᠨᠤᠭ᠎ᠠ ᠲᠠᠢ ᠪᠤᠯᠭᠠᠨ᠎ᠠ ᠭᠡᠵᠤ ᠬᠤᠭᠤᠰᠤᠨ | ᠠᠮᠠᠯᠳᠠᠵᠤ ᠪᠠᠶᠢᠭᠰᠠᠨ ᠰᠢᠭ᠋ ᠪᠠᠭ᠎ᠠ ᠰᠠᠭ᠎ᠠ ᠵᠤᠭᠤᠰ ᠪᠠᠷᠢᠭᠤᠯᠴᠢᠬᠠᠭᠠᠳ ᠬᠡᠴᠢᠨᠡᠨ ᠦᠶ᠎ᠡ ᠪᠠᠷ ᠢᠶᠠᠨ ᠬᠡᠷᠡᠭᠯᠡᠵᠦ | ᠬᠦᠢᠴᠡᠬᠦ ᠨᠤᠳᠤᠭ ᠤᠰᠤ ᠶᠢ ᠨᠢ ᠦᠨᠦᠴᠢᠨ ᠢᠰᠢᠭᠡᠨ ᠤ ᠬᠠᠷᠢᠭᠤ ᠦᠭᠡᠢ ᠲᠠᠯᠬᠢᠳᠠᠵᠤ ᠪᠠᠶᠢᠬᠤ ᠰᠢᠭ᠋ ᠰᠠᠨᠠᠭᠳᠠᠯ᠎ᠠ᠃ | ᠠᠳᠠᠭ ᠨᠢ ᠲᠤᠭᠤᠷᠢᠭᠰᠠᠨ ᠮᠠᠯᠴᠢᠳ ᠲᠤ ᠨᠢ ᠴᠠᠬᠢᠯᠭᠠᠨ ᠬᠠᠩᠭᠠᠳᠠᠭ ᠴᠦ ᠪᠠᠶᠢᠭᠠᠰᠠᠢ︕ ᠵᠠᠶᠢᠳᠠᠯᠠᠭᠰᠠᠨ | ᠮᠣᠲ᠋ᠤᠷ ᠲᠤ ᠪᠠᠨ ᠵᠦᠪ ᠦᠭᠡᠢ ᠪᠢ ᠭᠠᠰᠠᠯᠵᠤ ᠰᠠᠭᠤᠬᠤ ᠠᠴᠠ ᠴᠠᠰᠢ ᠦᠭᠡᠢ᠃ ᠬᠠᠷᠢᠨ ᠡᠷᠭᠡ ᠮᠡᠳᠡᠯ ᠲᠠᠢ ᠨᠢ ︽ | ᠨᠤᠳᠤᠭ ᠤᠰᠤ ᠮᠢᠨᠢ᠂ ᠬᠠᠶᠢᠷᠠᠨ︕︾ ᠭᠡᠵᠦ ᠤᠬᠠᠭᠠᠷᠠᠳᠠᠭ ᠴᠦ ᠪᠣᠯᠤᠭᠠᠰᠠᠢ⁈ | | | ︵ᠵᠤᠬᠢᠶᠠᠭᠴᠢ ᠶᠢᠨ ᠬᠠᠶ᠋ᠢᠭ᠄ ᠤᠷᠠᠳ ᠤᠨ ᠬᠤᠶᠢᠳᠤ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ︶ | | | ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ | |