ᠤᠯᠠᠭᠠᠠᠬᠠᠳᠠ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ᠪᠢᠴᠢᠭ | ᠮᠠᠲ᠋ᠧᠷᠢᠶᠠᠯ | ᠤᠯᠠᠭᠠᠨᠬᠠᠳᠠ ᠵᠠᠰᠠᠭ ᠠᠯᠪᠠᠨ ᠲᠠᠷᠬᠠᠭᠠᠬᠤ ﹇2015﹈ 24 ᠳ᠋ᠤᠭᠠᠷ ᠲᠤᠭᠠᠳᠤ | ᠤᠯᠠᠭᠠᠠᠬᠠᠳᠠ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ ︽ᠤᠯᠠᠭᠠᠠᠬᠠᠳᠠ | ᠬᠤᠳᠠ ᠶᠢᠨ ᠲᠦᠷ ᠴᠠᠭ ᠠᠪᠤᠷᠠᠨ ᠲᠤᠰᠠᠯᠠᠬᠤ ᠠᠷᠭ᠎ᠠ︾ ᠶᠢ ᠲᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ | ᠡᠯ᠎ᠡ ᠬᠤᠰᠢᠭᠤ ᠰᠢᠶᠠᠨ ᠤ ᠠᠷᠠᠳ ᠤᠨ ᠵᠠᠰᠠᠭ ᠤᠨ ᠤᠷᠳᠤᠨ᠂ ᠬᠤᠳᠠ ᠶᠢᠨ ᠰᠢᠭᠤᠳ ᠬᠠᠷᠢᠶ᠎ᠠ ᠡᠯ᠎ᠡ ᠲᠤᠪᠴᠢᠶ᠎ᠠ | ᠳᠤ᠄ | ᠬᠤᠳᠠ ᠶᠢᠨ ᠵᠠᠰᠠᠭ ᠤᠨ ᠤᠷᠳᠤᠨ ᠤ ᠵᠦᠪᠰᠢᠶᠠᠷᠠᠯ ᠢᠶᠠᠷ ᠲᠠᠮᠵᠢᠵᠤ᠂ ᠤᠳᠤ ︽ᠤᠯᠠᠭᠠᠠᠬᠠᠳᠠ ᠬᠤᠳᠠ ᠶᠢᠨ | ᠲᠦᠷ ᠴᠠᠭ ᠠᠪᠤᠷᠠᠨ ᠲᠤᠰᠠᠯᠠᠬᠤ ᠠᠷᠭ᠎ᠠ︾ ᠶᠢ ᠲᠠᠷᠤᠮᠠᠯᠯᠠᠨ ᠲᠠᠷᠬᠠᠭᠠᠯ᠎ᠠ᠃ ᠨᠠᠷᠢᠨ ᠬᠢᠨᠠᠮᠠᠭᠠᠢ ᠲᠤᠤᠱᠯᠠᠭᠤᠯᠤᠨ | ᠬᠡᠷᠡᠭᠵᠢᠬᠦᠯᠳᠤᠬᠡᠢ᠃ | | | ᠤᠯᠠᠭᠠᠨᠬᠠᠳᠠ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ | 2015 ᠤᠨ ᠤ 7 ᠰᠠᠷ᠎ᠠ ᠶᠢᠨ 22 ᠤ ᠡᠳᠦᠷ | | | | ᠤᠯᠠᠭᠠᠨᠬᠠᠳᠠ ᠬᠤᠳᠠ ᠶᠢᠨ ᠲᠦᠷ ᠴᠠᠭ ᠠᠪᠤᠷᠠᠨ ᠲᠤᠰᠠᠯᠠᠬᠤ ᠠᠷᠭ᠎ᠠ | ᠨᠢᠭᠡᠳᠦᠭᠡᠷ ᠪᠦᠯᠦᠭ ᠶᠠᠷᠦᠩᠭᠡᠢ ᠵᠠᠷᠴᠢᠮ | | ᠨᠢᠭᠡᠳᠦᠭᠡᠷ ᠵᠤᠷᠪᠤᠰ ᠂ ᠨᠠᠶᠢᠭᠡᠮ ᠤᠨ ᠠᠪᠤᠷᠠᠨ ᠲᠤᠰᠯᠠᠬᠤ ᠰᠠᠭᠤᠷᠢ ᠤᠳᠠᠰᠤ ᠶᠢ ᠲᠤᠪᠤᠶᠢᠯᠭᠠᠵᠤ᠂ ᠬᠦᠴᠢᠷᠳᠠᠯ | ᠢ ᠠᠪᠤᠷᠠᠨ ᠲᠤᠰᠠᠯᠠᠬᠤ ᠤᠶᠢᠯᠠᠳᠤᠯ ᠢ ᠤᠯᠠᠮ ᠨᠢᠭᠡ ᠠᠯᠬᠤᠮ ᠪᠠᠳᠠᠷᠠᠭᠤᠯᠵᠤ᠂ ᠬᠤᠳᠠ ᠬᠦᠳᠡᠭᠡ ᠶᠢᠨ ᠬᠦᠴᠢᠷᠳᠠᠯ | ᠲᠠᠢ ᠤᠯᠠᠨ ᠲᠦᠮᠠᠨ ᠤ ᠬᠡᠨᠡᠳᠳᠡ ᠶᠢᠨ ᠴᠢᠨᠠᠷᠳᠠᠢ ᠡᠬᠦᠰᠬᠦ᠂ ᠲᠤᠯᠭᠠᠮ᠎ᠠ ᠴᠢᠨᠠᠷᠳᠠᠢ ᠡᠬᠦᠰᠬᠦ᠂ ᠲᠦᠷ ᠴᠠᠭ ᠤᠨ | ᠴᠢᠨᠠᠷᠳᠠᠢ ᠡᠬᠦᠰᠬᠦ ᠦᠨᠳᠤᠰᠤᠨ ᠠᠮᠢᠳᠤᠷᠠᠯ ᠤᠨ ᠬᠦᠴᠢᠷᠳᠠᠯ ᠢ ᠰᠢᠢᠳᠪᠤᠷᠢᠯᠠᠬᠦ ᠶᠢᠨ ᠲᠦᠯᠦᠭᠡ᠂ ᠤᠯᠤᠰ᠂ | ᠦᠪᠠᠷᠳᠡᠭᠡᠨ ᠵᠠᠰᠠᠬᠤ ᠤᠷᠤᠨ ᠤ ᠬᠠᠮᠢᠶ᠎ᠠ ᠪᠦᠬᠦᠢ ᠲᠤᠬᠳᠠᠭᠠᠯ ᠢ ᠦᠨᠳᠤᠰᠤᠯᠠᠵᠤ᠂ ᠮᠠᠨ ᠤ ᠬᠤᠳᠠ ᠶᠢᠨ ᠪᠤᠳᠠᠳᠠᠢ | ᠪᠠᠶᠢᠳᠠᠯ ᠲᠠᠢ ᠤᠶᠠᠯᠳᠤᠭᠤᠯᠵᠤ᠂ ᠲᠤᠰ ᠠᠷᠭ᠎ᠠ ᠶᠢ ᠲᠤᠬᠳᠠᠭᠠᠪᠠ᠃ | ᠬᠤᠶᠠᠳᠤᠭᠠᠷ ᠵᠤᠷᠪᠤᠰ᠂ ᠲᠤᠰ ᠠᠷᠭ᠎ᠠ ᠳᠤ ᠬᠡᠯᠡᠵᠤ ᠪᠠᠶᠢᠭ᠎ᠠ ᠲᠦᠷ ᠴᠠᠭ ᠠᠪᠤᠷᠠᠨ ᠲᠤᠰᠠᠯᠠᠬᠤ ᠪᠤᠯ ᠤᠯᠤᠰ | ᠠᠴᠠ ᠪᠠᠴᠢᠮ ᠡᠬᠦᠰᠬᠦ ᠬᠡᠷᠡᠭ ᠤᠴᠢᠷ᠂ ᠠᠳᠡᠭᠳᠡᠯ ᠠᠴᠠ ᠪᠤᠯᠤᠬᠰᠠᠨ ᠬᠡᠮᠳᠤᠯ᠂ ᠤᠨᠴᠠ ᠶᠡᠭᠡ ᠡᠪᠡᠳᠴᠢᠨ ᠡᠮᠭᠡᠭ | ᠪᠤᠶᠤ ᠪᠤᠰᠤᠳ ᠤᠨᠴᠠᠭᠠᠢ ᠰᠢᠯᠳᠠᠭᠠᠨ ᠠᠴᠠ ᠪᠤᠯᠵᠤ᠂ ᠦᠨᠳᠤᠰᠤᠨ ᠠᠮᠢᠳᠤᠷᠠᠯ ᠤᠨ ᠬᠦᠴᠢᠷᠳᠠᠯ ᠳᠤ ᠤᠴᠠᠷᠠᠬᠰᠠᠨ᠂ | ᠪᠤᠰᠤᠳ ᠨᠠᠶᠢᠭᠡᠮ ᠤᠨ ᠠᠪᠤᠷᠠᠨ ᠲᠤᠰᠠᠯᠠᠬᠤ ᠲᠦᠷᠢᠮ ᠲᠦᠷ ᠴᠠᠭ ᠪᠦᠷᠬᠦᠵᠤ ᠲᠠᠶᠢᠯᠬᠦ ᠦᠭᠡᠢ ᠪᠦᠭᠡᠳ ᠠᠪᠤᠷᠠᠨ | ᠲᠤᠰᠠᠯᠠᠬᠰᠠᠨ ᠤ ᠲᠠᠷᠠᠭ᠎ᠠ ᠦᠨᠳᠤᠰᠤᠨ ᠠᠮᠢᠳᠤᠷᠠᠯ ᠲᠦᠷ ᠴᠠᠭ ᠪᠠᠰᠠᠴᠤ ᠲᠦᠢᠯ ᠤᠨ ᠬᠦᠴᠢᠷᠳᠠᠢ ᠬᠡᠷ ᠪᠦᠯᠢ ᠪᠠ | ᠬᠤᠪᠢ ᠬᠦᠮᠦᠨ ᠳᠤ ᠦᠭᠬᠦ ᠲᠤᠯᠭᠠᠮ᠎ᠠ ᠴᠢᠨᠠᠷᠳᠠᠢ᠂ ᠰᠢᠯᠵᠢᠯᠳᠠ ᠶᠢᠨ ᠴᠢᠨᠠᠷᠳᠠᠢ ᠠᠪᠤᠷᠠᠨ ᠲᠤᠰᠠᠯᠠᠬᠤ ᠪᠤᠯᠤᠨ᠎ᠠ᠃ | ᠭᠤᠷᠪᠠᠳᠤᠭᠠᠷ ᠵᠤᠷᠪᠤᠰ᠂ ᠲᠦᠷ ᠴᠠᠭ ᠠᠪᠤᠷᠠᠨ ᠲᠤᠰᠠᠯᠠᠬᠤ ᠠᠵᠢᠯ ᠨᠢ ᠲᠤᠰᠠᠯᠠᠬᠤ ᠶᠤᠰᠤᠳᠠᠢ ᠶᠢ ᠨᠢ ᠵᠠᠪᠠᠯ | ᠲᠤᠰᠠᠯᠠᠵᠤ᠂ ᠵᠤᠬᠢᠰᠳᠠᠢ ᠲᠤᠰᠠᠯᠠᠵᠤ᠂ ᠢᠯᠠ ᠭᠤᠤᠯᠴᠢ᠂ ᠡᠬᠢ ᠰᠤᠷᠪᠤᠯᠵᠢ ᠶᠢ ᠨᠢᠭᠡᠳᠦᠯᠳᠠᠢ ᠲᠦᠯᠦᠪᠯᠠᠵᠤ᠂ | ᠲᠦᠷᠢᠮ ᠲᠤᠬᠳᠠᠭᠠᠯ ᠢ ᠵᠠᠯᠭᠠᠯᠳᠤᠭᠤᠯᠵᠤ᠂ ᠴᠠᠭ ᠲᠤᠬᠠᠢ ᠳᠤᠨᠢ ᠦᠨᠳᠤᠷ ᠦᠷ᠎ᠡ ᠪᠦᠳᠦᠮᠵᠢᠳᠠᠢ ᠵᠠᠷᠴᠢᠮ ᠢ | ᠪᠠᠷᠢᠮᠳᠠᠯᠠᠨ᠎ᠠ᠃ | ᠲᠦᠷᠪᠠᠳᠤᠭᠡᠷ ᠵᠤᠷᠪᠤᠰ᠂ ᠲᠦᠷ ᠴᠠᠭ ᠠᠪᠤᠷᠠᠨ ᠲᠤᠰᠯᠠᠬᠤ ᠲᠦᠷᠢᠮ ᠨᠢ ᠡᠯ᠎ᠡ ᠱᠠᠳᠤᠨ ᠤ ᠵᠠᠰᠠᠭ ᠤᠨ | ᠤᠷᠳᠤᠨ ᠱᠠᠳᠤ ᠬᠤᠪᠢᠶᠠᠨ ᠬᠠᠷᠢᠭᠤᠴᠠᠬᠤ ᠲᠦᠷᠢᠮ ᠢ ᠬᠡᠷᠡᠭᠵᠢᠬᠦᠯᠦᠨ᠎ᠠ᠃ ᠬᠤᠳᠠ ᠶᠢᠨ ᠠᠷᠠᠳ ᠤᠨ ᠶᠠᠪᠤᠳᠠᠯ ᠤᠨ | ᠰᠠᠯᠠᠭ᠎ᠠ ᠮᠦᠴᠢᠷ ᠨᠢ ᠪᠦᠬᠦ ᠬᠤᠳᠠ ᠶᠢᠨ ᠲᠦᠷ ᠴᠠᠭ ᠠᠪᠤᠷᠠᠨ ᠲᠤᠰᠠᠯᠠᠬᠤ ᠠᠵᠢᠯ ᠢ ᠨᠢᠭᠡᠳᠦᠯᠳᠠᠢ ᠲᠦᠯᠦᠪᠯᠠᠨ | ᠦᠷᠨᠢᠬᠦᠯᠦᠨ᠎ᠠ᠃ ᠬᠤᠰᠢᠭᠤ ᠰᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠨᠢ ᠲᠤᠰ ᠵᠠᠰᠠᠭ ᠵᠠᠬᠢᠷᠭᠠᠨ ᠤ | ᠤᠷᠤᠨ ᠬᠡᠪᠴᠢᠶ᠎ᠠ ᠳᠠᠬᠢ ᠲᠦᠷ ᠴᠠᠭ ᠠᠪᠤᠷᠠᠨ ᠲᠤᠰᠠᠯᠠᠬᠤ ᠠᠵᠢᠯ ᠢ ᠵᠤᠬᠢᠶᠠᠨ ᠪᠠᠶᠢᠭᠤᠯᠵᠤ ᠬᠡᠷᠡᠭᠵᠢᠬᠦᠯᠵᠤ᠂ | ᠨᠢᠭᠡᠳᠦᠯᠳᠠᠢ ᠲᠦᠯᠦᠪᠯᠠᠵᠤ ᠲᠤᠬᠢᠷᠠᠭᠤᠯᠬᠤ ᠠᠵᠢᠯ ᠢ ᠬᠠᠷᠢᠭᠤᠴᠠᠨ᠎ᠠ᠃ | ᠡᠳ᠋ ᠤᠨ ᠵᠠᠰᠠᠭ᠂ ᠰᠤᠷᠭᠠᠨ ᠬᠦᠮᠦᠵᠢᠯ᠂ ᠡᠷᠡᠬᠦᠯ ᠬᠠᠮᠠᠭᠠᠯᠠᠯ᠂ ᠲᠦᠯᠦᠪᠯᠠᠭᠡᠳᠤ ᠦᠷᠠᠵᠢᠯ᠂ ᠤᠷᠤᠨ | ᠰᠠᠭᠤᠴᠠ ᠬᠤᠳᠠ ᠶᠢᠨ ᠪᠦᠳᠦᠭᠡᠨ ᠪᠠᠶᠢᠭᠤᠯᠤᠯᠳᠠ᠂ ᠬᠦᠮᠦᠨ ᠤ ᠬᠦᠴᠦᠨ ᠤ ᠡᠭᠢ ᠪᠠᠶᠠᠯᠢᠭ᠂ ᠨᠠᠶᠢᠭᠡᠮ ᠤᠨ | ᠪᠠᠳᠤᠯᠠᠭ᠎ᠠ ᠵᠠᠷᠭᠡ ᠰᠠᠯᠠᠭ᠎ᠠ ᠮᠦᠴᠢᠷ ᠨᠢ ᠦᠪᠠᠷ ᠦᠪᠠᠷ ᠤᠨ ᠬᠠᠷᠢᠭᠤᠴᠠᠯᠭ᠎ᠠ ᠶᠤᠰᠤᠭᠠᠷ ᠬᠠᠮᠢᠶ᠎ᠠ ᠪᠦᠬᠦᠢ ᠠᠵᠢᠯ ᠢ | ᠰᠠᠶᠢᠳᠤᠷ ᠬᠢᠨ᠎ᠠ᠃ | ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ | ᠭᠠᠵᠠᠷ︶ ᠨᠢ ᠲᠦᠷ ᠴᠠᠭ ᠠᠪᠤᠷᠠᠨ ᠲᠤᠰᠠᠯᠠᠬᠤ ᠭᠤᠶᠤᠴᠢᠯᠠᠯ ᠢ ᠬᠦᠯᠢᠶᠠᠨ ᠠᠪᠬᠤ ︵ᠰᠠᠨᠠᠭᠠᠴᠢᠯᠠᠭ᠎ᠠ ᠲᠠᠢ ᠪᠠᠷ | ᠤᠯᠵᠤ ᠦᠵᠠᠨ᠎ᠠ︶᠂ ᠬᠢᠷᠢ ᠬᠡᠮ ᠢ ᠬᠢᠨᠠᠨ ᠬᠠᠷᠭᠤᠭᠤᠯᠬᠤ ᠵᠠᠷᠭᠡ ᠬᠠᠮᠢᠶᠠᠷᠤᠯᠳᠠ ᠶᠢᠨ ᠤᠶᠢᠯᠠᠴᠢᠯᠠᠭᠡᠨ ᠤ ᠠᠵᠢᠯ ᠢ | ᠬᠠᠷᠢᠭᠤᠴᠠᠨ᠎ᠠ᠃ ᠭᠠᠴᠠᠭ᠎ᠠ ᠲᠤᠰᠬᠤᠨ ᠤ ᠰᠠᠭᠤᠭᠠᠯᠢ ᠠᠷᠠᠳ ᠤᠨ ᠵᠦᠪᠯᠠᠯ ᠨᠢ ᠡᠷᠦᠭᠡ ᠳᠤ ᠤᠷᠤᠵᠤ ᠪᠠᠶᠢᠴᠠᠭᠠᠬᠤ | ᠂ ᠢᠯᠠ ᠨᠠᠶᠢᠳᠠᠯᠠᠬᠦ ᠬᠢᠨᠠᠯᠳᠠ ᠲᠠᠯᠪᠢᠬᠤ ᠵᠠᠷᠭᠡ ᠬᠠᠮᠢᠶ᠎ᠠ ᠪᠦᠬᠦᠢ ᠠᠵᠢᠯ ᠢ ᠰᠠᠶᠢᠳᠤᠷ ᠬᠢᠨ᠎ᠠ᠃ | | ᠬᠤᠶᠠᠳᠤᠭᠠᠷ ᠪᠦᠯᠦᠭ᠂ ᠠᠪᠤᠷᠠᠨ ᠲᠤᠰᠠᠯᠠᠬᠤ ᠬᠦᠷᠢᠶ᠎ᠠ ᠬᠡᠪᠴᠢᠶ᠎ᠠ | | ᠲᠠᠪᠤᠳᠤᠭᠠᠷ ᠵᠤᠷᠪᠤᠰ᠂ ᠲᠤᠤᠷᠠᠬᠢ ᠮᠠᠳᠤ ᠬᠦᠴᠢᠷᠳᠠᠢ ᠬᠡᠷ ᠪᠦᠯᠢ ᠪᠠ ᠬᠤᠪᠢ ᠬᠦᠮᠦᠨ ᠲᠦᠷ ᠴᠠᠭ ᠠᠪᠤᠷᠠᠨ | ᠲᠤᠰᠠᠯᠠᠬᠤ ᠶᠢ ᠭᠤᠶᠤᠴᠢᠯᠠᠵᠤ ᠪᠤᠯᠤᠨ᠎ᠠ᠃ | ︵ᠨᠢᠭᠡ︶ ᠭᠠᠯ ᠤᠨ ᠠᠶᠤᠯ᠂ ᠵᠠᠮ ᠬᠠᠷᠢᠯᠴᠠᠭᠠᠨ ᠤ ᠠᠳᠡᠭᠳᠡᠯ ᠵᠠᠷᠭᠡ ᠰᠠᠨᠠᠮᠰᠠᠷ ᠦᠭᠡᠢ ᠬᠡᠷᠡᠭ ᠠᠴᠠ | ᠦᠨᠳᠤᠰᠤᠨ ᠠᠮᠢᠳᠤᠷᠠᠯ ᠳᠤ ᠨᠢ ᠲᠦᠷ ᠴᠠᠭ ᠤᠨ ᠬᠦᠨᠳᠤ ᠰᠦᠷᠠᠭᠡᠢ ᠬᠦᠴᠢᠷᠳᠠᠯ ᠤᠴᠠᠷᠠᠬᠰᠠᠨ ᠬᠡᠷ ᠪᠦᠯᠢ︔ | ︵ᠬᠤᠶᠠᠷ︶ ᠬᠡᠷ ᠪᠦᠯᠢ ᠶᠢᠨ ᠪᠦᠷᠢᠯᠳᠤᠬᠦᠨ ᠨᠢ ᠬᠡᠨᠡᠳᠳᠡ ᠬᠦᠨᠳᠤ ᠡᠪᠡᠳᠴᠢᠨ ᠳᠤ ᠨᠠᠷᠪᠡᠭᠳᠡᠵᠤ᠂ ᠡᠮᠨᠡᠯᠭᠡ | ᠶᠢᠨ ᠵᠠᠷᠤᠳᠠᠯ ᠨᠠᠯᠢᠶᠠᠳ ᠶᠡᠭᠡ ᠠᠴᠠ ᠦᠨᠳᠤᠰᠤᠨ ᠠᠮᠢᠳᠤᠷᠠᠯ ᠳᠤ ᠨᠢ ᠲᠦᠷ ᠴᠠᠭ ᠬᠦᠨᠳᠤ ᠰᠦᠷᠠᠭᠡᠢ ᠬᠦᠴᠢᠷᠳᠠᠯ | ᠤᠴᠠᠷᠠᠬᠰᠠᠨ ᠬᠡᠷ ᠪᠦᠯᠢ︔ | ︵ᠭᠤᠷᠪᠠ︶ ᠠᠮᠢᠳᠤᠷᠠᠯ ᠤᠨ ᠵᠠᠷᠤᠯᠭ᠎ᠠ ᠨᠢ ᠬᠡᠨᠡᠳᠳᠡ ᠨᠠᠮᠡᠭᠳᠡᠵᠤ ᠬᠡᠷ ᠪᠦᠯᠢ ᠶᠢᠨ ᠲᠠᠭᠠᠭᠠᠬᠤ ᠴᠢᠳᠠᠯ ᠠᠴᠠ | ᠬᠡᠳᠦᠷᠠᠵᠤ᠂ ᠦᠨᠳᠤᠰᠤᠨ ᠠᠮᠢᠳᠤᠷᠠᠯ ᠨᠢ ᠲᠦᠷ ᠴᠠᠭ ᠬᠦᠨᠳᠤ ᠰᠦᠷᠠᠭᠡᠢ ᠬᠦᠴᠢᠷᠳᠠᠯ ᠲᠠᠢ ᠪᠤᠯᠤᠬᠰᠠᠨ ᠠᠮᠢᠳᠤᠷᠠᠯ | ᠤᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠬᠡᠷ ᠪᠦᠯᠢ︔ | ︵ᠲᠦᠷᠪᠠ︶ ᠭᠠᠯ ᠤᠨ ᠠᠶᠤᠯ᠂ ᠵᠠᠮ ᠬᠠᠷᠢᠯᠴᠠᠭᠠᠨ ᠤ ᠠᠳᠡᠭᠳᠡᠯ ᠵᠠᠷᠭᠡ ᠬᠡᠨᠡᠳᠳᠡ ᠶᠢᠨ ᠬᠡᠷᠡᠭ ᠠᠴᠠ | ᠪᠤᠯᠵᠤ ᠲᠦᠷ ᠴᠠᠭ ᠬᠡᠷ ᠪᠦᠯᠢ ᠶᠢᠨ ᠲᠠᠮᠵᠢᠯᠭᠡ ᠶᠢ ᠤᠯᠵᠤ ᠲᠠᠶᠢᠯᠬᠦ ᠦᠭᠡᠢ᠂ ᠦᠨᠳᠤᠰᠤᠨ ᠠᠮᠢᠳᠤᠷᠠᠯ ᠨᠢ | ᠬᠦᠴᠢᠷᠳᠠᠯ ᠳᠤ ᠤᠷᠤᠬᠰᠠᠨ ᠬᠤᠪᠢ ᠬᠦᠮᠦᠨ︔ | ︵ᠲᠠᠪᠤ︶ ᠬᠡᠨᠡᠳᠳᠡ ᠶᠢᠨ ᠬᠦᠨᠳᠤ ᠡᠪᠡᠳᠴᠢᠨ ᠳᠤ ᠨᠠᠷᠪᠡᠭᠳᠡᠵᠤ᠂ ᠲᠦᠷ ᠴᠠᠭ ᠬᠡᠷ ᠪᠦᠯᠢ ᠶᠢᠨ ᠲᠠᠮᠵᠢᠯᠭᠡ | ᠶᠢ ᠤᠯᠵᠤ ᠲᠠᠶᠢᠯᠬᠦ ᠦᠭᠡᠢ᠂ ᠲᠠᠷᠠ ᠲᠠᠷᠤᠢ ᠳᠤᠨᠢ ᠡᠮᠴᠢᠯᠠᠬᠦᠯᠵᠤ ᠲᠠᠶᠢᠯᠬᠦ ᠦᠭᠡᠢ ᠠᠴᠠ ᠪᠤᠯᠵᠤ ᠪᠠᠶ᠎ᠠ ᠮᠠᠬᠠᠪᠤᠳ | ᠨᠢ ᠵᠡᠮᠳᠡᠭ ᠪᠤᠯᠬᠤ ᠪᠤᠶᠤ ᠠᠮᠢ ᠨᠠᠰᠤᠨ ᠤ ᠠᠶᠤᠯ ᠲᠠᠢ ᠪᠤᠯᠤᠬᠰᠠᠨ ᠬᠤᠪᠢ ᠬᠦᠮᠦᠨ︔ | ︵ᠵᠢᠷᠭᠤᠭ᠎ᠠ︶ ᠬᠡᠨᠡᠳᠳᠡ ᠶᠢᠨ ᠬᠡᠷᠡᠭ ᠲᠤ ᠤᠴᠠᠷᠠᠵᠤ ᠦᠨᠳᠤᠰᠤᠨ ᠠᠮᠢᠳᠤᠷᠠᠯ ᠤᠨ ᠪᠠᠶᠢᠳᠠᠯ ᠨᠢ ᠬᠦᠴᠢᠷᠳᠠᠯ | ᠳᠤ ᠤᠴᠠᠷᠠᠵᠤ᠂ ᠦᠪᠠᠷ ᠢ ᠪᠠᠨ ᠬᠤᠤᠷᠯᠠᠬᠤ ᠪᠤᠶᠤ ᠤᠯᠠᠨ ᠨᠠᠶᠢᠳᠠ ᠶᠢᠨ ᠠᠮᠦᠷ ᠲᠦᠪᠰᠢᠨ ᠢ ᠬᠦᠨᠦᠭᠡᠬᠦ | ᠠᠵᠢᠯᠯᠠᠭ᠎ᠠ ᠬᠢᠵᠤ ᠮᠠᠳᠠᠬᠦ ᠬᠤᠪᠢ ᠬᠦᠮᠦᠨ︔ | ︵ᠲᠤᠯᠤᠭ᠎ᠠ︶ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠮᠠᠭᠠᠳᠯᠠᠨ | ᠲᠤᠬᠳᠠᠭᠠᠬᠰᠠᠨ ᠪᠤᠰᠤᠳ ᠤᠨᠴᠠᠭᠠᠢ ᠬᠦᠴᠢᠷᠳᠠᠯ ᠳᠤ ᠤᠴᠠᠷᠠᠬᠰᠠᠨ ᠬᠡᠷ ᠪᠦᠯᠢ ᠪᠠ ᠬᠤᠪᠢ ᠬᠦᠮᠦᠨ᠃ | ᠲᠠᠭᠡᠷ᠎ᠠ ᠶᠠᠷᠢᠬᠰᠠᠨ ᠬᠤᠪᠢ ᠬᠦᠮᠦᠨ ᠲᠤᠳᠤᠷ᠎ᠠ ᠲᠠᠨᠦᠬᠦᠴᠢᠯᠠᠬᠦ᠂ ᠭᠤᠶᠢᠷᠠᠨᠴᠢᠯᠠᠬᠤ ᠬᠦᠮᠦᠰ ᠢ ᠠᠪᠤᠷᠠᠨ ᠲᠠᠳᠬᠦᠬᠦ | ᠨᠦᠬᠦᠴᠠᠯ ᠳᠤ ᠨᠠᠶᠢᠴᠠᠪᠠᠯ ᠬᠠᠮᠢᠶ᠎ᠠ ᠪᠦᠬᠦᠢ ᠲᠤᠬᠳᠠᠭᠠᠯ ᠶᠤᠰᠤᠭᠠᠷ ᠲᠦᠷ ᠴᠠᠭ ᠤᠨ ᠬᠤᠨᠤᠭ᠂ ᠲᠦᠷᠭᠡᠨ | ᠡᠪᠡᠳᠴᠢᠨ ᠢ ᠡᠮᠨᠠᠨ ᠵᠠᠰᠠᠬᠤ᠂ ᠬᠠᠪᠰᠤᠷᠤᠨ ᠬᠠᠷᠢᠭᠤᠯᠬᠤ ᠵᠠᠷᠭᠡ ᠬᠠᠪᠰᠤᠷᠤᠯᠭ᠎ᠠ ᠬᠠᠩᠭᠠᠨ᠎ᠠ᠃ | ᠵᠢᠷᠭᠤᠳᠤᠭᠠᠷ ᠵᠤᠷᠪᠤᠰ᠂ ᠪᠠᠶᠢᠭᠠᠯᠢ ᠶᠢᠨ ᠭᠠᠮᠰᠢᠭ᠂ ᠠᠳᠡᠭᠳᠡᠯ ᠤᠨ ᠭᠠᠮᠰᠢᠭ᠂ ᠤᠯᠠᠨ ᠨᠠᠶᠢᠳᠠ ᠶᠢᠨ ᠡᠷᠡᠬᠦᠯ | ᠬᠠᠮᠠᠭᠠᠯᠠᠯ᠂ ᠨᠠᠶᠢᠭᠡᠮ ᠤᠨ ᠠᠮᠦᠷ ᠲᠦᠪᠰᠢᠨ ᠵᠠᠷᠭᠡ ᠬᠡᠨᠡᠳᠳᠡ ᠡᠬᠦᠰᠬᠦ ᠤᠯᠠᠨ ᠨᠠᠶᠢᠳᠠ ᠶᠢᠨ ᠬᠡᠷᠡᠭ ᠢ ᠪᠠᠴᠢᠮ | ᠰᠢᠯᠵᠢᠬᠦᠯᠵᠤ ᠲᠦᠪᠬᠢᠨᠠᠬᠦᠯᠬᠦ ᠪᠠ ᠦᠨᠳᠤᠰᠤᠨ ᠠᠮᠢᠳᠤᠷᠠᠯ ᠤᠨ ᠲᠠᠮᠵᠢᠯᠭᠡ ᠶᠢ ᠦᠷᠨᠢᠬᠦᠯᠬᠦ ᠴᠢᠬᠤᠯᠠ ᠲᠠᠢ ᠪᠦᠭᠡᠳ | ᠡᠪᠡᠳᠴᠢᠨ ᠬᠢᠵᠢᠭ ᠢ ᠪᠠᠴᠢᠮ ᠠᠪᠤᠷᠠᠨ ᠲᠤᠰᠠᠯᠠᠬᠤ ᠬᠡᠪᠴᠢᠶᠠᠨ ᠳᠤ ᠬᠠᠷᠢᠶᠠᠯᠠᠬᠳᠠᠪᠠᠯ ᠬᠠᠮᠢᠶ᠎ᠠ ᠪᠦᠬᠦᠢ ᠲᠤᠬᠳᠠᠭᠠᠯ | ᠶᠤᠰᠤᠭᠠᠷ ᠬᠡᠷᠡᠭᠵᠢᠬᠦᠯᠦᠨ᠎ᠠ᠃ | | ᠭᠤᠷᠪᠠᠳᠤᠭᠠᠷ ᠪᠦᠯᠦᠭ᠂ ᠠᠪᠤᠷᠠᠨ ᠲᠤᠰᠠᠯᠠᠬᠤ ᠠᠯᠬᠤᠮ ᠲᠠᠷᠠᠭ᠎ᠠ | | ᠲᠤᠯᠤᠳᠤᠭᠠᠷ ᠵᠤᠷᠪᠤᠰ᠂ ᠬᠦᠯᠢᠶᠠᠨ ᠠᠪᠴᠤ ᠰᠢᠢᠳᠪᠤᠷᠢᠯᠠᠬᠦ ᠶᠢ ᠭᠤᠶᠤᠴᠢᠯᠠᠬᠤ᠃ ᠬᠦᠯᠢᠶᠠᠨ ᠠᠪᠴᠤ | ᠰᠢᠢᠳᠪᠤᠷᠢᠯᠠᠬᠦ ᠶᠢ ᠭᠤᠶᠤᠴᠢᠯᠠᠬᠤ ᠪᠠ ᠰᠠᠨᠠᠭᠠᠴᠢᠯᠠᠭ᠎ᠠ ᠠᠴᠠ ᠤᠯᠵᠤ ᠦᠵᠠᠨ ᠰᠢᠢᠳᠪᠤᠷᠢᠯᠠᠬᠦ ᠶᠢ ᠪᠠᠭᠳᠠᠭᠠᠨ᠎ᠠ᠃ | ︵ᠨᠢᠭᠡ︶ ᠭᠤᠶᠤᠴᠢᠯᠠᠯ ᠶᠤᠰᠤᠭᠠᠷ ᠬᠦᠯᠢᠶᠠᠨ ᠠᠪᠴᠤ ᠰᠢᠢᠳᠪᠤᠷᠢᠯᠠᠬᠦ | ᠠᠪᠤᠷᠠᠠ ᠲᠤᠰᠠᠯᠠᠬᠤ ᠨᠦᠬᠦᠴᠠᠯ ᠳᠤ ᠨᠠᠶᠢᠴᠠᠬᠦ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠬᠡᠷ ᠪᠦᠯᠢ | ᠪᠠ ᠬᠤᠪᠢ ᠬᠦᠮᠦᠨ ᠴᠦᠮ ᠰᠠᠭᠤᠭ᠎ᠠ ᠭᠠᠵᠠᠷ ᠤᠨ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ | ᠤᠷᠳᠤᠨ ︵ᠵᠠᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠲᠤ ᠪᠠᠶᠢᠭᠤᠯᠤᠬᠰᠠᠨ ︽ᠰᠢᠭᠤᠳ ᠬᠦᠯᠢᠶᠠᠨ | ᠠᠪᠬᠤ ᠴᠤᠩᠬᠤ︾ ᠳᠤ ᠲᠦᠷ ᠴᠠᠭ ᠠᠪᠤᠷᠠᠨ ᠲᠤᠰᠠᠯᠠᠬᠤ ᠭᠤᠶᠤᠴᠢᠯᠠᠯ ᠢᠶᠠᠨ ᠲᠤᠷᠠᠳᠤᠨ᠎ᠠ᠃ ᠭᠤᠶᠤᠴᠢᠯᠠᠬᠴᠢ | ᠶᠢᠨ ᠨᠠᠶᠢᠳᠠᠯᠭ᠎ᠠ ᠪᠠᠷ ᠭᠠᠴᠠᠭ᠎ᠠ ᠲᠤᠰᠬᠤᠨ᠂ ᠰᠠᠭᠤᠭᠠᠯᠢ ᠠᠷᠠᠳ ᠤᠨ ᠵᠦᠪᠯᠠᠯ ᠪᠤᠶᠤ ᠪᠤᠰᠤᠳ ᠪᠠᠶᠢᠭᠤᠯᠤᠯᠭ᠎ᠠ | ᠬᠤᠪᠢ ᠬᠦᠮᠦᠨ ᠲᠦᠷ ᠴᠠᠭ ᠲᠤᠰᠠᠯᠠᠨ ᠲᠠᠮᠵᠢᠬᠦ ᠭᠤᠶᠤᠴᠢᠯᠠᠯ ᠢ ᠤᠷᠤᠯᠠᠨ ᠲᠤᠷᠠᠳᠴᠤ ᠪᠤᠯᠤᠨ᠎ᠠ᠃ ᠪᠠᠶᠢᠳᠠᠯ | ᠪᠠᠴᠢᠮ ᠠᠴᠠ ᠪᠤᠯᠵᠤ ᠭᠤᠶᠤᠴᠢᠯᠠᠬᠤ ᠦᠶ᠎ᠠ ᠳᠤ ᠬᠠᠮᠢᠶ᠎ᠠ ᠪᠦᠬᠦᠢ ᠬᠡᠷᠡᠴᠢᠯᠠᠬᠦ ᠮᠠᠲ᠋ᠧᠷᠢᠶᠠᠯ ᠢ ᠬᠠᠩᠭᠠᠵᠤ ᠲᠠᠶᠢᠯᠬᠦ | ᠦᠭᠡᠢ ᠪᠤᠯ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ | ᠵᠦᠪᠯᠠᠯ︶ ᠤᠷᠢᠳᠠᠪᠠᠷ ᠬᠦᠯᠢᠶᠠᠨ ᠠᠪᠴᠤ ᠰᠢᠢᠳᠪᠤᠷᠢᠯᠠᠵᠤ ᠪᠤᠯᠤᠨ᠎ᠠ᠃ | 2. ᠲᠤᠰ ᠭᠠᠵᠠᠷ ᠤᠨ ᠡᠷᠦᠭᠡ ᠠᠮᠠ ᠲᠠᠢ᠂ ᠲᠤᠰ ᠭᠠᠵᠠᠷ ᠤᠨ ᠰᠠᠭᠤᠬᠤ ᠦᠨᠠᠮᠯᠠᠯ ᠲᠠᠢ ᠪᠤᠯ ᠲᠤᠬᠠᠢ ᠶᠢᠨ | ᠭᠠᠵᠠᠷ ᠤᠨ ᠰᠠᠭᠤᠭᠠᠯᠢ ᠠᠷᠠᠳ ᠤᠨ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ | ᠬᠡᠷᠡᠭ ᠡᠷᠬᠢᠯᠠᠬᠦ ᠭᠠᠵᠠᠷ︶ ᠬᠦᠯᠢᠶᠠᠨ ᠠᠪᠴᠤ ᠰᠢᠢᠳᠪᠤᠷᠢᠯᠠᠨ᠎ᠠ᠃ | 3. ᠲᠤᠬᠠᠢ ᠶᠢᠨ ᠭᠠᠵᠠᠷ ᠤᠨ ᠡᠷᠦᠭᠡ ᠠᠮᠠ ᠦᠭᠡᠢ᠂ ᠲᠤᠬᠠᠢ ᠶᠢᠨ ᠭᠠᠵᠠᠷ ᠤᠨ ᠰᠠᠭᠤᠬᠤ ᠦᠨᠠᠮᠯᠠᠯ | ᠬᠦᠢᠴᠠᠳᠭᠡᠭᠰᠡᠨ ᠦᠭᠡᠢ ᠪᠤᠯ ᠲᠤᠬᠠᠢ ᠶᠢᠨ ᠭᠠᠵᠠᠷ ᠤᠨ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ | ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠨᠢ ᠬᠤᠰᠢᠭᠤ ᠰᠢᠶᠠᠨ ᠲᠤᠭᠤᠷᠢᠭ ᠤᠨ ᠠᠪᠤᠷᠠᠨ ᠲᠠᠳᠬᠦᠬᠦ | ᠬᠠᠮᠢᠶᠠᠷᠤᠯᠳᠠ ᠶᠢᠨ ᠪᠠᠶᠢᠭᠤᠯᠤᠮᠵᠢ ᠳᠤ ᠬᠠᠪᠰᠤᠷᠤᠨ ᠭᠤᠶᠤᠴᠢᠯᠠᠨ᠎ᠠ᠃ ᠲᠤᠬᠠᠢ ᠶᠢᠨ ᠭᠠᠵᠠᠷ ᠲᠤ ᠠᠪᠤᠷᠠᠨ | ᠲᠤᠰᠠᠯᠠᠬᠤ ᠪᠠᠶᠢᠭᠤᠯᠤᠮᠵᠢ ᠪᠠᠶᠢᠭᠤᠯᠤᠬᠰᠠᠨ ᠦᠭᠡᠢ ᠪᠤᠯ᠂ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ | ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠨᠢ ᠬᠠᠪᠰᠤᠷᠤᠨ ᠬᠤᠰᠢᠭᠤ ᠰᠢᠶᠠᠨ ᠤ ᠠᠷᠠᠳ ᠤᠨ ᠶᠠᠪᠤᠳᠠᠯ | ᠤᠨ ᠰᠠᠯᠠᠭ᠎ᠠ ᠮᠦᠴᠢᠷ ᠲᠤ ᠭᠤᠶᠤᠴᠢᠯᠠᠨ ᠠᠪᠤᠷᠠᠨ ᠲᠤᠰᠠᠯᠠᠨ᠎ᠠ᠃ | 4. ᠲᠦᠷ ᠴᠠᠭ ᠠᠪᠤᠷᠠᠨ ᠲᠤᠰᠠᠯᠠᠬᠤ ᠶᠢ ᠭᠤᠶᠤᠴᠢᠯᠠᠬᠤ ᠦᠶᠠᠰ ᠬᠠᠩᠭᠠᠬᠤ ᠮᠠᠲ᠋ᠧᠷᠢᠶᠠᠯ | ︵1︶ ︽ᠲᠦᠷ ᠴᠠᠭ ᠠᠪᠤᠷᠠᠨ ᠲᠤᠰᠯᠠᠬᠤ ᠭᠤᠶᠤᠴᠢᠯᠠᠯ ᠤᠨ ᠪᠢᠴᠢᠭ︾᠂ ︽ᠬᠡᠷ ᠪᠦᠯᠢ ᠶᠢᠨ ᠤᠷᠤᠯᠭ᠎ᠠ | ᠂ ᠡᠳ᠋ ᠬᠦᠷᠦᠩᠭᠡ ᠶᠢᠨ ᠪᠠᠶᠢᠳᠠᠯ ᠢ ᠡᠷᠭᠡ ᠤᠯᠭᠤᠵᠤ ᠬᠢᠨᠠᠨ ᠪᠠᠶᠢᠴᠠᠭᠠᠬᠰᠠᠨ ᠪᠢᠴᠢᠭ︾ ᠪᠠ ᠬᠦᠴᠢᠷᠳᠠᠯ ᠳᠤ | ᠤᠴᠠᠷᠠᠬᠰᠠᠨ ᠪᠠᠶᠢᠳᠠᠯ ᠤᠨ ᠬᠡᠷᠡᠴᠢ︔ | ︵2︶ ᠡᠷᠦᠭᠡ ᠠᠮᠠ ᠶᠢᠨ ᠲᠠᠪᠳᠠᠷ᠂ ᠰᠠᠭᠤᠭᠠᠯᠢ ᠠᠷᠠᠳ ᠤᠨ ᠪᠠᠶ᠎ᠠ ᠶᠢᠨ ᠦᠨᠠᠮᠯᠠᠯ᠂ ᠰᠠᠭᠤᠬᠤ ᠦᠨᠠᠮᠯᠠᠯ | ᠵᠠᠷᠭᠡ ᠪᠠᠶ᠎ᠠ ᠶᠢᠨ ᠪᠠᠶᠢᠳᠠᠯ ᠤᠨ ᠬᠡᠷᠡᠴᠢ︔ | ︵3︶ ᠤᠷᠤᠯᠭ᠎ᠠ᠂ ᠡᠳ᠋ ᠬᠦᠷᠦᠩᠭᠡ ᠶᠢᠨ ᠪᠠᠶᠢᠳᠠᠯ ᠤᠨ ᠬᠡᠷᠠᠴᠢ︔ | ︵4︶ ᠠᠰᠠᠷᠠᠨ ᠲᠠᠵᠢᠭᠡᠬᠦ ︵ᠲᠠᠮᠵᠢᠬᠦ᠂ ᠲᠠᠵᠢᠭᠡᠬᠦ︶ ᠡᠬᠦᠷᠭᠡ ᠪᠦᠬᠦᠢ ᠬᠤᠯᠪᠤᠭ᠎ᠠ ᠲᠠᠢ ᠬᠦᠮᠦᠰ ᠤᠨ | ᠤᠷᠤᠯᠭ᠎ᠠ᠂ ᠡᠳ᠋ ᠬᠦᠷᠦᠩᠭᠡ ᠶᠢᠨ ᠪᠠᠶᠢᠳᠠᠯ ᠤᠨ ᠬᠡᠷᠡᠴᠢ︔ | ︵5︶ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠠᠴᠠ ᠬᠠᠩᠭᠠᠬᠤ ᠶᠢ | ᠱᠠᠭᠠᠷᠳᠠᠬᠰᠠᠨ ᠪᠤᠰᠤᠳ ᠭᠡᠷᠡᠴᠢᠯᠠᠬᠦ ᠮᠠᠲ᠋ᠧᠷᠢᠶᠠᠯ︔ | ᠭᠤᠶᠤᠴᠢᠯᠠᠬᠴᠢ ᠶᠢᠨ ᠬᠠᠩᠭᠠᠬᠰᠠᠨ ᠭᠤᠶᠤᠴᠢᠯᠠᠬᠤ ᠮᠠᠲ᠋ᠧᠷᠢᠶᠠᠯ ᠪᠦᠷᠢᠨ ᠪᠦᠳᠦᠨ᠂ ᠱᠠᠭᠠᠷᠳᠠᠯᠭ᠎ᠠ ᠳᠤ | ᠨᠠᠶᠢᠴᠡᠭᠰᠡᠨ ᠪᠤᠯ ᠭᠤᠶᠤᠴᠢᠯᠠᠯ ᠢ ᠬᠦᠯᠢᠶᠠᠨ ᠠᠪᠤᠨ᠎ᠠ᠃ ᠪᠠᠰᠠ ᠭᠤᠶᠤᠴᠢᠯᠠᠬᠰᠠᠨ ᠬᠦᠮᠦᠨ ᠳᠤ ᠪᠢᠴᠢᠭ ᠤᠨ | ᠬᠡᠯᠪᠠᠷᠢ ᠪᠠᠷ ᠬᠦᠯᠢᠶᠠᠨ ᠠᠪᠴᠤ ᠰᠢᠢᠳᠪᠤᠷᠢᠯᠠᠬᠦ ᠮᠡᠳᠡᠭᠳᠡᠯ ᠤᠨ ᠪᠢᠴᠢᠭ ᠦᠭᠬᠦᠨ᠎ᠠ᠃ ᠭᠤᠶᠤᠴᠢᠯᠠᠬᠴᠢ ᠶᠢᠨ | ᠬᠠᠩᠭᠠᠬᠰᠠᠨ ᠭᠤᠶᠤᠴᠢᠯᠠᠯ ᠤᠨ ᠮᠠᠲ᠋ᠧᠷᠢᠶᠠᠯ ᠪᠦᠷᠢᠨ ᠪᠤᠰᠤ ᠪᠤᠶᠤ ᠱᠠᠭᠠᠷᠳᠠᠯᠭ᠎ᠠ ᠳᠤ ᠨᠠᠶᠢᠴᠠᠬᠦ ᠦᠭᠡᠢ ᠪᠤᠯ | ᠭᠤᠶᠤᠴᠢᠯᠠᠬᠴᠢ ᠪᠠ ᠪᠤᠰᠤᠳ ᠲᠦᠯᠦᠭᠡᠨ ᠤ ᠬᠦᠮᠦᠨ ᠳᠤ ᠴᠢᠬᠤᠯᠠ ᠲᠠᠢ ᠪᠤᠢ ᠪᠦᠬᠦᠢ ᠮᠠᠲ᠋ᠧᠷᠢᠶᠠᠯ ᠢ | ᠨᠦᠬᠦᠪᠤᠷᠢᠯᠠᠬᠦ ᠶᠢ ᠱᠠᠭᠠᠷᠳᠠᠨ᠎ᠠ᠃ | ︵ᠬᠤᠶᠠᠷ︶ ᠰᠠᠨᠠᠭᠠᠴᠢᠯᠠᠭ᠎ᠠ ᠠᠴᠠ ᠪᠠᠨ ᠬᠦᠯᠢᠶᠠᠨ ᠠᠪᠴᠤ ᠰᠢᠢᠳᠪᠤᠷᠢᠯᠠᠨ᠎ᠠ | 1. ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠵᠦᠪᠯᠠᠯ | ︶ ᠨᠢ ᠬᠦᠴᠢᠷᠳᠠᠢ ᠬᠡᠷ ᠪᠦᠯᠢ ᠪᠠ ᠬᠤᠪᠢ ᠬᠦᠮᠦᠨ ᠤ ᠰᠠᠨᠠᠭᠠᠴᠢᠯᠠᠭ᠎ᠠ ᠠᠴᠠ ᠪᠠᠨ ᠤᠯᠵᠤ ᠦᠵᠠᠬᠦ ᠬᠠᠷᠢᠭᠤᠴᠠᠯᠭ᠎ᠠ | ᠶᠢᠨ ᠭᠤᠤᠯ ᠴᠤᠬᠴᠠ ᠪᠤᠯᠤᠨ᠎ᠠ᠃ ᠭᠠᠴᠠᠭ᠎ᠠ ᠲᠤᠰᠬᠤᠨ ᠰᠠᠭᠤᠭᠠᠯᠢ ᠠᠷᠠᠳ ᠤᠨ ᠵᠦᠪᠯᠠᠯ ᠨᠢ ᠰᠠᠨᠠᠭᠠᠴᠢᠯᠠᠭ᠎ᠠ ᠠᠴᠠ | ᠪᠠᠨ ᠡᠵᠡᠮᠰᠢᠬᠦ ᠪᠠ ᠬᠠᠷᠢᠶ᠎ᠠ ᠲᠤᠭᠤᠷᠢᠭ ᠤᠨ ᠰᠠᠭᠤᠭᠠᠯᠢ ᠠᠷᠠᠳ ᠤᠨ ᠬᠡᠨᠡᠳᠳᠡ ᠶᠢᠨ ᠬᠡᠷᠡᠭ ᠲᠤ ᠤᠴᠠᠷᠠᠬᠤ᠂ | ᠰᠠᠨᠠᠭᠠᠨ ᠠᠴᠠ ᠭᠠᠳᠠᠭᠤᠷ ᠬᠡᠨᠡᠳᠡᠯ᠂ ᠬᠦᠨᠳᠤ ᠡᠪᠡᠳᠴᠢᠨ ᠳᠤ ᠨᠠᠷᠪᠡᠭᠳᠡᠭᠰᠡᠨ ᠵᠠᠷᠭᠡ ᠤᠨᠴᠠᠭᠠᠢ ᠬᠦᠴᠢᠷᠳᠠᠯ ᠵᠢᠴᠢ | ᠰᠠᠨᠠᠭᠠᠴᠢᠯᠠᠭ᠎ᠠ ᠠᠴᠠ ᠪᠠᠨ ᠲᠠᠮᠵᠢᠯᠭᠡ ᠭᠤᠶᠤᠬᠤ ᠴᠢᠳᠠᠪᠤᠷᠢ ᠪᠠᠨ ᠠᠯᠳᠠᠬᠰᠠᠨ ᠬᠡᠷ ᠪᠦᠯᠢ ᠪᠠ ᠬᠤᠪᠢ ᠬᠦᠮᠦᠨ ᠳᠤ | ᠲᠠᠮᠵᠢᠯᠭᠡ ᠭᠤᠶᠤᠴᠢᠯᠠᠯ ᠲᠤᠷᠠᠳᠤᠬᠤ ᠶᠢ ᠬᠠᠪᠰᠤᠷᠬᠤ ᠬᠡᠷᠡᠭᠳᠡᠢ᠃ | 2. ᠲᠤᠳᠤᠭᠠᠳᠤ ᠶᠢ ᠬᠠᠮᠠᠭᠠᠯᠠᠬᠤ ᠪᠠᠶᠢᠭᠤᠯᠤᠯᠭ᠎ᠠ᠂ ᠬᠤᠳᠠ ᠶᠢᠨ ᠬᠠᠮᠢᠶᠠᠷᠤᠯᠳᠠ ᠪᠠ ᠪᠤᠰᠤᠳ ᠵᠠᠰᠠᠭ | ᠵᠠᠬᠢᠷᠭᠠᠨ ᠤ ᠪᠠᠶᠢᠭᠤᠯᠤᠯᠭ᠎ᠠ ᠶᠢᠨ ᠠᠵᠢᠯᠳᠠᠨ ᠬᠠᠤᠯᠢ ᠬᠡᠷᠡᠭᠵᠢᠬᠦᠯᠬᠦ ᠲᠤᠮᠳᠠ ᠬᠤᠪᠢ ᠪᠠᠶ᠎ᠠ ᠨᠢ ᠬᠦᠴᠢᠷᠳᠠᠯ ᠳᠤ | ᠤᠴᠠᠷᠠᠬᠰᠠᠨ ᠪᠤᠶᠤ ᠰᠠᠨᠠᠭᠠᠴᠢᠯᠠᠭ᠎ᠠ ᠠᠴᠠ ᠪᠠᠨ ᠬᠠᠪᠰᠤᠷᠤᠯᠭ᠎ᠠ ᠭᠤᠶᠤᠬᠤ ᠴᠢᠳᠠᠯ ᠢᠶᠠᠨ ᠠᠯᠳᠠᠬᠰᠠᠨ ᠬᠦᠮᠦᠨ ᠳᠤ | ᠠᠪᠬᠤ ᠴᠢᠬᠤᠯᠠ ᠲᠠᠢ ᠠᠷᠭ᠎ᠠ ᠬᠡᠮᠵᠢᠶ᠎ᠠ ᠠᠪᠴᠤ᠂ ᠬᠦᠴᠢᠷ ᠪᠠᠶᠢᠳᠠᠯ ᠠᠴᠠ ᠨᠢ ᠬᠠᠪᠰᠤᠷᠤᠨ ᠰᠠᠯᠭᠠᠬᠤ ᠬᠡᠷᠡᠭᠳᠡᠢ᠃ | 3. ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ | ᠂ ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠠᠪᠤᠷᠠᠨ ᠲᠠᠳᠬᠦᠬᠦ | ᠪᠠᠶᠢᠭᠤᠯᠤᠮᠵᠢ ᠨᠢ ᠬᠠᠮᠢᠶ᠎ᠠ ᠪᠦᠬᠦᠢ ᠰᠠᠯᠠᠭ᠎ᠠ ᠮᠦᠴᠢᠷ᠂ ᠨᠠᠶᠢᠭᠡᠮ ᠤᠨ ᠵᠤᠬᠢᠶᠠᠨ ᠪᠠᠶᠢᠭᠤᠯᠤᠯᠳᠠ᠂ ᠡᠷᠭᠡᠳᠤ ᠠᠷᠠᠳ | ᠤᠨ ᠠᠪᠤᠷᠠᠨ ᠲᠠᠳᠬᠦᠬᠦ ᠰᠦᠪᠡᠭᠴᠢ ᠶᠢ ᠮᠠᠳᠡᠭᠰᠡᠨ ᠤ ᠲᠠᠷᠠᠭ᠎ᠠ ᠰᠠᠨᠠᠭᠠᠴᠢᠯᠠᠭ᠎ᠠ ᠠᠴᠠ ᠪᠠᠨ ᠪᠠᠶᠢᠳᠠᠯ ᠢ ᠨᠢ | ᠬᠠᠷᠭᠤᠭᠤᠯᠵᠤ᠂ ᠡᠬᠦᠨ ᠤ ᠲᠤᠳᠤᠷ᠎ᠠ ᠲᠦᠷ ᠴᠠᠭ ᠠᠪᠤᠷᠠᠨ ᠲᠤᠰᠠᠯᠠᠬᠤ ᠨᠦᠬᠦᠴᠠᠯ ᠳᠤ ᠨᠠᠶᠢᠴᠠᠪᠠᠯ ᠠᠪᠤᠷᠠᠨ | ᠲᠤᠰᠠᠯᠠᠬᠤ ᠭᠤᠶᠤᠴᠢᠯᠠᠯ ᠭᠠᠷᠭᠠᠬᠤ ᠶᠢ ᠲᠠᠮᠵᠢᠭᠦ ᠪᠦᠭᠡᠳ ᠬᠦᠯᠢᠶᠠᠨ ᠠᠪᠴᠤ ᠰᠢᠢᠳᠪᠤᠷᠢᠯᠠᠨ᠎ᠠ᠃ | ᠨᠠᠢᠮᠠᠳᠤᠭᠠᠷ ᠵᠤᠷᠪᠤᠰ᠂ ᠬᠢᠨᠠᠨ ᠵᠦᠪᠰᠢᠶᠠᠷᠠᠬᠦ ᠶᠢ ᠬᠢᠨᠠᠨ ᠬᠠᠷᠭᠤᠭᠤᠯᠬᠤ᠃ ᠬᠦᠴᠢᠷᠳᠠᠯ ᠳᠤ ᠤᠴᠠᠷᠠᠬᠰᠠᠨ | ᠠᠯᠭᠤᠷ ᠪᠠᠴᠢᠮ ᠤᠨ ᠬᠡᠮᠵᠢᠶ᠎ᠠ ᠶᠢ ᠦᠨᠳᠤᠰᠤᠯᠠᠵᠤ᠂ ᠡᠩ ᠤᠨ ᠠᠯᠬᠤᠮ ᠲᠠᠷᠠᠭ᠎ᠠ ᠪᠠ ᠪᠠᠴᠢᠮ ᠪᠠᠶᠢᠳᠠᠯ ᠤᠨ | ᠠᠯᠬᠤᠮ ᠲᠠᠷᠠᠭ᠎ᠠ ᠬᠡᠵᠤ ᠬᠤᠪᠢᠶᠠᠨ᠎ᠠ᠃ | ︵ᠨᠢᠭᠡ︶ ᠡᠩ ᠤᠨ ᠠᠯᠬᠤᠮ ᠲᠠᠷᠠᠭ᠎ᠠ | 1. ᠬᠢᠨᠠᠨ ᠬᠠᠷᠭᠤᠭᠤᠯᠬᠤ᠃ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ | ᠬᠡᠷᠡᠭ ᠡᠷᠬᠢᠯᠠᠬᠦ ᠭᠠᠵᠠᠷ︶ ᠪᠤᠯ ᠲᠦᠷ ᠴᠠᠭ ᠠᠪᠤᠷᠠᠨ ᠲᠤᠰᠠᠯᠠᠬᠤ ᠬᠢᠨᠠᠨ ᠬᠠᠷᠭᠤᠭᠤᠯᠬᠤ ᠭᠤᠤᠯ ᠴᠤᠬᠴᠠ ᠮᠥᠨ᠃ | ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠨᠢ | ᠭᠠᠴᠠᠭ᠎ᠠ ᠲᠤᠰᠬᠤᠨ ᠤ ᠰᠠᠭᠤᠭᠠᠯᠢ ᠠᠷᠠᠳ ᠤᠨ ᠵᠦᠪᠯᠠᠯ ᠤᠨ ᠬᠠᠪᠰᠤᠷᠤᠯᠭ᠎ᠠ ᠲᠤᠤᠷ᠎ᠠ᠂ ᠲᠦᠷ ᠴᠠᠭ ᠠᠪᠤᠷᠠᠨ | ᠲᠤᠰᠯᠠᠬᠤ ᠪᠠᠷ ᠭᠤᠶᠤᠴᠢᠯᠠᠵᠤ ᠪᠠᠶᠢᠭ᠎ᠠ ᠬᠡᠷ ᠪᠦᠯᠢ ᠶᠢᠨ ᠠᠵᠤ ᠠᠬᠤᠢ ᠶᠢᠨ ᠪᠠᠶᠢᠳᠠᠯ᠂ ᠡᠳ᠋ ᠬᠦᠷᠦᠩᠭᠡ ᠶᠢᠨ | ᠪᠠᠶᠢᠳᠠᠯ᠂ ᠬᠦᠮᠦᠨ ᠠᠮᠠ ᠶᠢᠨ ᠪᠠᠶᠢᠳᠠᠯ᠂ ᠬᠦᠴᠢᠷᠳᠠᠯ ᠤᠨ ᠬᠡᠮᠵᠢᠶ᠎ᠠ ᠵᠠᠷᠭᠡ ᠶᠢ ᠨᠢᠭᠡᠳ ᠨᠢᠭᠡ ᠪᠠᠷ ᠪᠠᠶᠢᠴᠠᠭᠠᠵᠤ᠂ | ᠪᠠᠶᠢᠳᠠᠯ ᠢ ᠦᠵᠠᠵᠤ ᠠᠷᠠᠳᠴᠢᠯᠠᠯ ᠢᠶᠠᠷ ᠦᠨᠠᠯᠠᠬᠦ ᠬᠤᠷᠠᠯ ᠪᠠ ᠬᠡᠷᠡᠴᠢᠯᠠᠯᠳᠠ ᠰᠤᠨᠤᠰᠬᠤ ᠬᠤᠷᠠᠯ ᠢ ᠵᠤᠬᠢᠶᠠᠨ | ᠪᠠᠶᠢᠭᠤᠯᠵᠤ᠂ ᠬᠢᠨᠠᠨ ᠬᠠᠷᠭᠤᠭᠤᠯᠤᠬᠰᠠᠨ ᠰᠠᠨᠠᠯ ᠢᠶᠠᠨ ᠲᠤᠷᠠᠳᠴᠤ᠂ ᠭᠤᠶᠤᠴᠢᠯᠠᠬᠴᠢ ᠶᠢᠨ ᠰᠠᠭᠤᠭ᠎ᠠ ᠭᠠᠴᠠᠭ᠎ᠠ | ᠲᠤᠰᠬᠤᠨ ᠤ ᠰᠠᠭᠤᠭᠠᠯᠢ ᠠᠷᠠᠳ ᠤᠨ ᠵᠦᠪᠯᠠᠯ ᠠᠴᠠ ᠨᠠᠶᠢᠳᠡᠯᠡᠭᠰᠡᠨ ᠤ ᠲᠠᠷᠠᠭ᠎ᠠ ᠬᠤᠰᠢᠭᠤᠨ ᠤ ᠠᠷᠠᠳ ᠤᠨ | ᠶᠠᠪᠤᠳᠠᠯ ᠤᠨ ᠰᠠᠯᠠᠭ᠎ᠠ ᠮᠦᠴᠢᠷ ᠲᠤ ᠮᠠᠳᠠᠬᠦᠯᠦᠨ ᠵᠦᠪᠰᠢᠶᠠᠷᠠᠬᠦᠯᠦᠨᠠ᠃ ᠲᠦᠷ ᠴᠠᠭ ᠠᠪᠤᠷᠠᠨ ᠲᠤᠰᠠᠯᠠᠬᠤ ᠶᠢ | ᠭᠤᠶᠤᠴᠢᠯᠠᠬᠰᠠᠨ ᠲᠤᠰ ᠭᠠᠵᠠᠷ ᠤᠨ ᠪᠤᠰᠤ ᠡᠷᠦᠭᠡ ᠠᠮᠠ ᠲᠠᠢ ᠰᠠᠭᠤᠭᠠᠯᠢ ᠠᠷᠠᠳ ᠤᠨ ᠡᠷᠦᠭᠡ ᠠᠮᠠ ᠶᠢᠨ ᠪᠠᠶᠢᠭ᠎ᠠ | ᠭᠠᠵᠠᠷ ᠤᠨ ᠤᠷᠤᠯᠭ᠎ᠠ᠂ ᠡᠳ᠋ ᠬᠦᠷᠦᠩᠭᠡ ᠪᠠ ᠬᠡᠷ ᠪᠦᠯᠢ ᠶᠢᠨ ᠪᠦᠷᠢᠯᠳᠤᠬᠦᠨ ᠤ ᠪᠠᠶᠢᠳᠠᠯ ᠵᠢᠴᠢ ᠤᠷᠴᠢᠮ ᠤᠨ | ᠬᠤᠭᠤᠴᠠᠭᠠᠨ ᠳᠤ ᠲᠤᠬᠠᠢ ᠶᠢᠨ ᠭᠠᠵᠠᠷ ᠤᠨ ᠢᠶᠠᠨ ᠠᠪᠤᠷᠠᠨ ᠲᠤᠰᠠᠯᠠᠬᠤ ᠶᠢ ᠬᠦᠷᠳᠡᠭᠰᠡᠨ ᠡᠰᠡᠬᠦ ᠵᠠᠷᠭᠡ ᠪᠠᠶᠢᠳᠠᠯ ᠢ | ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ | ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠢᠶᠠᠷ ᠲᠠᠮᠵᠢᠵᠤ ᠡᠷᠦᠭᠡ ᠠᠮᠠ ᠶᠢᠨ | ᠪᠠᠶᠢᠭ᠎ᠠ ᠭᠠᠵᠠᠷ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠲᠤ ᠨᠠᠶᠢᠳᠠᠵᠤ ᠬᠠᠪᠰᠤᠷᠤᠨ ᠪᠠᠶᠢᠴᠠᠭᠠᠵᠤ ᠬᠢᠨᠠᠨ | ᠬᠠᠷᠭᠤᠭᠤᠯᠵᠤ ᠪᠤᠯᠤᠨ᠎ᠠ᠃ ᠲᠤᠰ ᠵᠢᠯ ᠳᠡᠭᠡᠨ ᠨᠢᠭᠡᠨᠳᠡ ᠡᠷᠦᠭᠡ ᠠᠮᠠ ᠶᠢᠨ ᠪᠠᠶᠢᠭ᠎ᠠ ᠭᠠᠵᠠᠷ ᠲᠠᠭᠠᠨ ᠲᠦᠷ ᠴᠠᠭ | ᠤᠨ ᠠᠪᠤᠷᠠᠨ ᠲᠤᠰᠠᠯᠠᠬᠤ ᠶᠢ ᠬᠦᠷᠳᠡᠭᠰᠡᠨ ᠪᠤᠯ ᠬᠦᠯᠢᠶᠠᠨ ᠠᠪᠴᠤ ᠰᠢᠢᠳᠪᠤᠷᠢᠯᠠᠬᠦ ᠦᠭᠡᠢ᠃ | 2. ᠬᠢᠨᠠᠨ ᠵᠦᠪᠰᠢᠶᠠᠷᠠᠬᠦ᠃ ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ | ᠪᠤᠯ ᠲᠦᠷ ᠴᠠᠭ ᠠᠪᠤᠷᠠᠨ ᠲᠤᠰᠠᠯᠠᠬᠤ ᠶᠢ ᠬᠢᠨᠠᠨ ᠵᠦᠪᠰᠢᠶᠠᠷᠠᠬᠦ ᠬᠠᠷᠢᠭᠤᠴᠠᠯᠭ᠎ᠠ ᠶᠢᠨ ᠭᠤᠤᠯ ᠴᠤᠬᠴᠠ ᠮᠥᠨ᠃ | ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠵᠦᠪᠯᠠᠯ︶ ᠤ | ᠲᠤᠰᠢᠶᠠᠬᠰᠠᠨ ᠪᠠᠶᠢᠴᠠᠭᠠᠬᠰᠠᠨ ᠮᠠᠲ᠋ᠧᠷᠢᠶᠠᠯ ᠪᠠ ᠬᠢᠨᠠᠨ ᠬᠠᠷᠭᠤᠭᠤᠯᠤᠬᠰᠠᠨ ᠰᠠᠨᠠᠯ ᠢ ᠲᠤᠰᠤᠬᠰᠠᠨ ᠤ ᠲᠠᠷᠠᠭ᠎ᠠ ᠲᠠᠷᠠ | ᠲᠠᠷᠤᠢ ᠳᠤᠨᠢ ᠬᠢᠨᠠᠨ ᠵᠦᠪᠰᠢᠶᠠᠷᠠᠬᠦ ᠰᠢᠢᠳᠪᠤᠷᠢ ᠭᠠᠷᠭᠠᠨ᠎ᠠ᠃ ᠨᠦᠬᠦᠴᠠᠯ ᠳᠤ ᠨᠠᠶᠢᠴᠠᠬᠦ ᠦᠭᠡᠢ ᠪᠤᠯ | ᠭᠤᠶᠤᠴᠢᠯᠠᠬᠴᠢ ᠳᠤ ᠰᠢᠯᠳᠠᠭᠠᠨ ᠢ ᠨᠢ ᠪᠢᠴᠢᠭ ᠤᠨ ᠬᠡᠯᠪᠠᠷᠢ ᠪᠠᠷ ᠲᠤᠳᠤᠷᠬᠠᠶᠢᠯᠠᠵᠤ ᠦᠭᠬᠦᠨ᠎ᠠ᠃ ᠭᠤᠶᠤᠴᠢᠯᠠᠬᠴᠢ | ᠠᠴᠠ ᠠᠳᠠᠯᠢᠬᠠᠨ ᠨᠢᠭᠡ ᠤᠴᠢᠷ ᠲᠤ ᠲᠠᠬᠢᠨ ᠲᠠᠪᠳᠠᠨ ᠭᠤᠶᠤᠴᠢᠯᠠᠯ ᠭᠠᠷᠭᠠᠵᠤ᠂ ᠶᠠᠭ ᠰᠢᠯᠳᠠᠭᠠᠨ ᠦᠭᠡᠢ ᠪᠤᠯ | ᠬᠢᠨᠠᠨ ᠵᠦᠪᠰᠢᠶᠠᠷᠠᠬᠦ ᠦᠭᠡᠢ᠃ ᠠᠪᠤᠷᠠᠨ ᠲᠤᠰᠠᠯᠠᠬᠤ ᠵᠤᠭᠤᠰ ᠤᠨ ᠲᠤᠭ᠎ᠠ ᠨᠠᠯᠢᠶᠠᠳ ᠪᠠᠭ᠎ᠠ ᠪᠤᠯ ᠬᠤᠰᠢᠭᠤ ᠰᠢᠶᠠᠨ | ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠨᠢ ᠰᠤᠮᠤ ᠰᠢᠶᠠᠩ ᠪᠠᠯᠭᠠᠰᠤ ᠶᠢᠨ ᠵᠠᠰᠠᠭ ᠤᠨ | ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠳᠤ ᠨᠠᠶᠢᠳᠠᠨ ᠬᠢᠨᠠᠨ ᠵᠦᠪᠰᠢᠶᠠᠷᠠᠬᠦᠯᠵᠤ᠂ ᠰᠤᠮᠤ | ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠨᠢ ᠬᠢᠨᠠᠨ | ᠵᠦᠪᠰᠢᠶᠠᠷᠡᠭᠰᠡᠨ ᠮᠠᠲ᠋ᠧᠷᠢᠶᠠᠯ ᠢᠶᠠᠨ ᠬᠤᠰᠢᠭᠤ ᠰᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠤᠨ ᠲᠠᠩᠰᠠ | ᠡᠪᠬᠡᠮᠠᠯ ᠳᠤ ᠬᠠᠳᠠᠭᠠᠯᠠᠨ᠎ᠠ᠃ ᠠᠪᠤᠷᠠᠨ ᠲᠤᠰᠠᠯᠠᠬᠤ ᠵᠤᠭᠤᠰ ᠤᠨ ᠲᠤᠭ᠎ᠠ ᠨᠢ ᠨᠠᠯᠢᠶᠠᠳ ᠶᠡᠭᠡ ᠪᠤᠯ ᠬᠤᠰᠢᠭᠤ | ᠰᠢᠶᠠᠨ ᠲᠤᠭᠤᠷᠢᠭ ᠤᠨ ᠨᠠᠶᠢᠭᠡᠮ ᠤᠨ ᠠᠪᠤᠷᠠᠨ ᠲᠤᠰᠠᠯᠠᠬᠤ ᠰᠢᠰᠲ᠋ᠧᠮ ᠤᠨ ᠵᠤᠬᠢᠶᠠᠨ ᠪᠠᠶᠢᠭᠤᠯᠤᠯᠳᠠ ᠶᠢᠨ ᠠᠵᠢᠯ | ᠤᠨ ᠤᠳᠤᠷᠢᠳᠬᠤ ᠪᠠᠭ᠎ᠠ ᠲᠤᠭᠤᠶᠢᠯᠠᠩ ᠠᠴᠠ ᠶᠠᠷᠢᠯᠴᠠᠨ ᠰᠤᠳᠤᠯᠵᠤ ᠬᠢᠨᠠᠨ ᠲᠤᠬᠳᠠᠭᠠᠵᠤ᠂ ᠪᠤᠳᠠᠳᠠᠢ ᠵᠤᠭᠤᠰ ᠤᠨ | ᠲᠤᠭ᠎ᠠ ᠢ ᠡᠯ᠎ᠡ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠠᠴᠠ ᠲᠤᠬᠳᠠᠭᠠᠨ᠎ᠠ᠃ | ᠡᠯ᠎ᠡ ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠰᠤᠮᠤ ᠰᠢᠶᠠᠩ | ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶ ᠨᠢ ᠴᠦᠮ ᠡᠷᠦᠭᠡ ᠪᠠᠷ | ᠲᠦᠷ ᠴᠠᠭ ᠤᠨ ᠠᠪᠤᠷᠠᠨ ᠲᠤᠰᠠᠯᠠᠬᠤ ᠴᠠᠭᠠᠰᠤᠨ ᠤ ᠲᠠᠩᠰᠠ ᠡᠪᠬᠡᠮᠠᠯ ᠪᠠ ᠡᠯᠧᠺᠲᠷᠤᠨ ᠲᠠᠩᠰᠠ ᠡᠪᠬᠡᠮᠠᠯ | ᠪᠠᠶᠢᠭᠤᠯᠬᠤ ᠬᠡᠷᠡᠭᠳᠡᠢ᠃ | ︵ᠬᠤᠶᠠᠷ︶ ᠪᠠᠴᠢᠮ ᠠᠯᠬᠤᠮ ᠲᠠᠷᠠᠭ᠎ᠠ | ᠪᠠᠶᠢᠳᠠᠯ ᠨᠢ ᠪᠠᠴᠢᠮ᠂ ᠲᠤᠤᠷ᠎ᠠ ᠨᠢ ᠠᠷᠭ᠎ᠠ ᠬᠡᠮᠵᠢᠶ᠎ᠠ ᠠᠪᠬᠤ ᠴᠢᠬᠤᠯᠠ ᠲᠠᠢ ᠬᠤᠬᠢᠷᠠᠯ ᠰᠦᠢᠳᠤᠯ ᠢ | ᠡᠬᠡᠬᠦᠯᠵᠤ ᠠᠪᠴᠢᠷᠠᠵᠤ ᠲᠠᠶᠢᠯᠬᠦ ᠦᠭᠡᠢ ᠪᠤᠶᠤ ᠬᠦᠨᠳᠤ ᠨᠤᠴᠢᠳᠠᠢ ᠦᠷ᠎ᠡ ᠳ᠋ᠦᠩ ᠢ ᠬᠤᠪᠢᠷᠠᠭᠤᠯᠵᠤ ᠲᠠᠶᠢᠯᠬᠦ ᠦᠭᠡᠢ | ᠪᠤᠯ᠂ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠠᠬᠦ ᠭᠠᠵᠠᠷ︶᠂ | ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠲᠦᠷᠭᠡᠨ ᠠᠪᠤᠷᠠᠨ ᠲᠤᠰᠯᠠᠬᠤ | ᠠᠯᠬᠤᠮ ᠲᠠᠷᠠᠭ᠎ᠠ ᠳᠤ ᠪᠠᠶᠢᠭᠤᠯᠵᠤ᠂ ᠭᠤᠶᠤᠴᠢᠯᠠᠯ ᠢ ᠰᠢᠭᠤᠳ ᠬᠦᠯᠢᠶᠠᠨ ᠠᠪᠬᠤ᠂ ᠰᠢᠭᠤᠳ ᠬᠢᠨᠠᠨ ᠵᠦᠪᠰᠢᠶᠠᠷᠠᠬᠦ | ᠂ ᠲᠠᠷᠠ ᠲᠠᠷᠤᠢ ᠳᠤᠨᠢ ᠲᠠᠷᠬᠠᠭᠠᠬᠤ ᠠᠷᠭ᠎ᠠ ᠬᠡᠯᠪᠠᠷᠢ ᠪᠠᠷ ᠤᠷᠢᠳᠠᠪᠠᠷ ᠠᠪᠤᠷᠠᠨ ᠲᠠᠳᠬᠦᠬᠦ ᠶᠢ ᠶᠠᠪᠤᠭᠤᠯᠵᠤ ᠪᠤᠯᠤᠨ᠎ᠠ᠃ | ᠪᠠᠴᠢᠮ ᠪᠠᠶᠢᠳᠠᠯ ᠢ ᠲᠠᠶᠢᠯᠤᠬᠰᠠᠨ ᠤ ᠲᠠᠷᠠᠭ᠎ᠠ ᠲᠤᠬᠳᠠᠭᠠᠯ ᠶᠤᠰᠤᠭᠠᠷ ᠬᠢᠨᠠᠨ ᠬᠠᠷᠭᠤᠭᠤᠯᠬᠤ ᠬᠢᠨᠠᠨ ᠵᠦᠪᠰᠢᠶᠠᠷᠠᠬᠦ | ᠭᠠᠷᠳᠠᠮ ᠢ ᠨᠦᠬᠦᠬᠦ ᠬᠡᠷᠡᠭᠳᠡᠢ᠃ | ᠶᠢᠰᠤᠳᠤᠭᠡᠷ ᠵᠤᠷᠪᠤᠰ᠂ ᠲᠦᠷ ᠴᠠᠭ ᠠᠪᠤᠷᠠᠨ ᠲᠤᠰᠠᠯᠠᠬᠤ ᠶᠢ ᠬᠦᠯᠢᠶᠠᠨ ᠠᠪᠴᠤ ᠰᠢᠢᠳᠪᠤᠷᠢᠯᠠᠬᠦ᠂ ᠬᠢᠨᠠᠨ | ᠬᠠᠷᠭᠤᠭᠤᠯᠬᠤ ᠪᠠ ᠬᠢᠨᠠᠨ ᠵᠦᠪᠰᠢᠶᠠᠷᠠᠬᠦ ᠠᠵᠢᠯ ᠤᠨ ᠴᠠᠭ ᠤᠨ ᠬᠢᠵᠠᠭᠠᠷ ᠢ ᠬᠤᠰᠢᠭᠤᠨ ᠤ ᠠᠷᠠᠳ ᠤᠨ ᠵᠠᠰᠠᠭ ᠤᠨ | ᠤᠷᠳᠤᠨ ᠠᠴᠠ ᠲᠤᠬᠳᠠᠭᠠᠨ᠎ᠠ᠃ | | ᠲᠦᠷᠪᠠᠳᠤᠭᠡᠷ ᠪᠦᠯᠦᠭ᠂ ᠠᠪᠤᠷᠠᠨ ᠲᠤᠰᠠᠯᠠᠬᠤ ᠠᠷᠭ᠎ᠠ ᠪᠠ ᠪᠠᠷᠢᠮᠵᠢᠶ᠎ᠠ | | ᠠᠷᠪᠠᠳᠤᠭᠠᠷ ᠵᠤᠷᠪᠤᠰ᠂ ᠠᠪᠤᠷᠠᠨ ᠲᠤᠰᠠᠯᠠᠬᠤ ᠠᠷᠭ᠎ᠠ ᠨᠢ ᠠᠪᠤᠷᠠᠨ ᠲᠤᠰᠠᠯᠠᠬᠤ ᠪᠠᠯᠠ ᠮᠦᠩᠬᠦ ᠲᠠᠷᠬᠠᠭᠠᠬᠤ | ᠪᠠ ᠲᠠᠮᠵᠢᠭᠤᠯᠤᠨ ᠵᠠᠭᠤᠴᠢᠯᠠᠵᠤ ᠦᠢᠯᠠᠴᠢᠯᠠᠬᠦ ᠪᠠᠷ ᠭᠤᠤᠯ ᠪᠤᠯᠭᠠᠨ᠂ ᠪᠤᠳᠠᠰ ᠲᠠᠷᠬᠠᠭᠠᠬᠤ ᠪᠠᠷ ᠬᠠᠪᠰᠤᠷᠤᠮᠵᠢ | ᠪᠤᠯᠭᠠᠨ᠎ᠠ᠃ | ︵ᠨᠢᠭᠡ︶ ᠲᠦᠷ ᠴᠠᠭ ᠠᠪᠤᠷᠠᠨ ᠲᠤᠰᠠᠯᠠᠬᠤ ᠪᠠᠯᠠ ᠮᠦᠩᠬᠦ ᠲᠠᠷᠬᠠᠭᠠᠬᠤ᠃ ᠲᠦᠷ ᠴᠠᠭ ᠠᠪᠤᠷᠠᠨ | ᠲᠤᠰᠯᠠᠬᠤ ᠪᠠᠯᠠ ᠮᠦᠩᠬᠦ ᠶᠢ ᠨᠠᠶᠢᠭᠡᠮᠴᠢᠯᠠᠨ ᠲᠠᠷᠬᠠᠭᠠᠬᠤ ᠪᠠᠷ ᠭᠤᠤᠯ ᠪᠤᠯᠭᠠᠨ᠎ᠠ᠃ ᠡᠳ᠋ ᠤᠨ ᠵᠠᠰᠠᠭ ᠤᠨ ᠤᠯᠤᠰ | ᠤᠨ ᠬᠦᠮᠦᠷᠭᠡ ᠶᠢᠨ ᠬᠠᠮᠢᠶᠠᠷᠤᠯᠳᠠ ᠶᠢᠨ ᠲᠦᠷᠢᠮ ᠶᠤᠰᠤᠭᠠᠷ ᠠᠪᠤᠷᠠᠨ ᠲᠤᠰᠠᠯᠠᠬᠤ ᠡᠳᠡᠭᠡᠳ ᠲᠤᠰ ᠬᠦᠮᠦᠨ ᠵᠢᠴᠢ | ᠬᠡᠷ ᠪᠦᠯᠢ ᠶᠢᠨ ᠬᠡᠰᠢᠬᠦᠨ ᠪᠤᠶᠤ ᠭᠤᠶᠤᠴᠢᠯᠠᠬᠴᠢ᠂ ᠨᠠᠶᠢᠳᠠᠬᠴᠢ ᠪᠤᠶᠤ ᠬᠤᠪᠢ ᠬᠦᠮᠦᠨ ᠤ ᠲᠠᠩᠰᠠᠨ ᠳᠤ ᠰᠢᠭᠤᠳ | ᠤᠯᠭᠤᠨ᠎ᠠ᠃ ᠪᠠᠶᠢᠳᠠᠯ ᠨᠢ ᠤᠨᠴᠠᠭᠠᠢ ᠪᠤᠯ ᠪᠠᠯᠠ ᠮᠦᠩᠬᠦ ᠶᠢ ᠰᠢᠭᠤᠳ ᠲᠠᠷᠬᠠᠭᠠᠨ᠎ᠠ᠃ ᠡᠯ᠎ᠡ ᠪᠠᠯᠠ ᠮᠦᠩᠬᠦ | ᠲᠠᠷᠬᠠᠭᠠᠬᠤ ᠰᠠᠯᠠᠭ᠎ᠠ ᠮᠦᠴᠢᠷ ᠨᠢ ᠬᠠᠷᠢᠭᠤᠴᠠᠯᠭ᠎ᠠ ᠪᠠᠨ ᠲᠤᠳᠤᠷᠬᠠᠶᠢᠯᠠᠵᠤ᠂ ᠲᠠᠷᠬᠠᠭᠠᠬᠤ ᠭᠠᠷᠳᠠᠮ ᠢᠶᠠᠨ | ᠲᠦᠷᠢᠮᠵᠢᠬᠦᠯᠵᠤ᠂ ᠠᠪᠤᠷᠠᠨ ᠲᠤᠰᠠᠯᠠᠬᠤ ᠡᠳᠡᠭᠡᠳ ᠤᠨ ᠪᠠᠶ᠎ᠠ ᠶᠢᠨ ᠬᠢᠷᠢ ᠬᠡᠮ ᠢ ᠪᠠᠭᠳᠠᠭᠠᠬᠰᠠᠨ ᠬᠦᠴᠢᠷᠳᠠᠯ ᠤᠨ | ᠲᠦᠷᠦᠯ ᠵᠦᠢᠯ᠂ ᠠᠪᠤᠷᠠᠨ ᠲᠤᠰᠠᠯᠠᠬᠤ ᠴᠠᠭ᠂ ᠠᠪᠤᠷᠠᠨ ᠲᠤᠰᠠᠯᠠᠬᠤ ᠵᠤᠭᠤᠰ ᠤᠨ ᠲᠤᠭ᠎ᠠ᠂ ᠭᠠᠷᠳᠠᠮ ᠵᠢᠴᠢ | ᠬᠠᠷᠢᠭᠤᠴᠠᠯᠭᠠᠳᠠᠨ ᠵᠠᠷᠭᠡ ᠰᠤᠷᠠᠭ ᠵᠠᠩᠬᠢ ᠶᠢ ᠪᠠᠶᠢᠭᠤᠯᠵᠤ᠂ ᠪᠦᠷᠢᠳᠭᠡᠯ ᠤᠨ ᠲᠠᠩᠰᠠ ᠶᠢ ᠲᠠᠷᠬᠠᠭᠠᠨ᠎ᠠ᠃ ᠲᠦᠷ | ᠴᠠᠭ ᠠᠪᠤᠷᠠᠨ ᠲᠤᠰᠠᠯᠠᠬᠤ ᠪᠠᠯᠠ ᠮᠦᠩᠬᠦ ᠶᠢ ᠲᠠᠷᠬᠠᠭᠠᠬᠰᠠᠨ ᠪᠠᠶᠢᠳᠠᠯ ᠢ ᠲᠤᠬᠳᠠᠬᠰᠠᠨ ᠬᠤᠭᠤᠴᠠᠭ᠎ᠠ ᠲᠠᠢ ᠪᠠᠷ | ᠢᠯᠠ ᠨᠠᠶᠢᠳᠠᠯᠠᠵᠤ᠂ ᠨᠠᠶᠢᠭᠡᠮ ᠤᠨ ᠬᠢᠨᠠᠯᠳᠠ ᠶᠢ ᠬᠦᠯᠢᠶᠠᠨ᠎ᠠ᠃ | ︵ᠬᠤᠶᠠᠷ︶ ᠪᠤᠳᠠᠰ ᠲᠠᠷᠬᠠᠭᠠᠬᠤ᠃ ᠲᠦᠷ ᠴᠠᠭ ᠠᠪᠤᠷᠠᠨ ᠲᠤᠰᠠᠯᠠᠬᠤ ᠪᠠᠷᠢᠮᠵᠢᠶ᠎ᠠ ᠪᠠ ᠠᠪᠤᠷᠠᠨ ᠲᠤᠰᠠᠯᠠᠬᠤ | ᠡᠳᠡᠭᠡᠳ ᠤᠨ ᠦᠨᠳᠤᠰᠤᠨ ᠠᠮᠢᠳᠤᠷᠠᠯ ᠤᠨ ᠬᠡᠷᠡᠭᠴᠡᠭᠡ ᠶᠢ ᠦᠨᠳᠤᠰᠤᠯᠠᠵᠤ᠂ ᠬᠤᠪᠴᠠᠰᠤ ᠬᠤᠨᠠᠷ᠂ ᠢᠳᠡᠭᠡᠨ᠂ | ᠤᠤᠭᠤᠬᠤ ᠤᠰᠤ ᠲᠠᠷᠬᠠᠭᠠᠵᠤ᠂ ᠲᠦᠷ ᠴᠠᠭ ᠤᠨ ᠤᠷᠤᠨ ᠰᠠᠭᠤᠴᠠ ᠬᠠᠩᠭᠠᠬᠤ ᠵᠠᠷᠭᠡ ᠠᠷᠭ᠎ᠠ ᠮᠠᠶ᠋ᠢᠭ ᠢᠶᠠᠷ | ᠲᠠᠮᠵᠢᠵᠤ ᠪᠤᠯᠤᠨ᠎ᠠ᠃ | ︵ᠭᠤᠷᠪᠠ︶ ᠲᠠᠮᠵᠢᠭᠤᠯᠤᠨ ᠵᠠᠭᠤᠴᠢᠯᠠᠵᠤ ᠤᠶᠢᠯᠠᠴᠢᠯᠡᠭᠡ ᠬᠠᠩᠭᠠᠬᠤ᠃ ᠲᠦᠷ ᠴᠠᠭ ᠠᠪᠤᠷᠠᠨ ᠲᠤᠰᠠᠯᠠᠬᠤ | ᠪᠠᠯᠠ ᠮᠦᠩᠬᠦ ᠦᠭᠬᠦ᠂ ᠪᠤᠳᠠᠰ ᠤᠨ ᠲᠤᠰᠠᠯᠠᠮᠵᠢ ᠦᠭᠬᠦᠭᠰᠡᠨ ᠤ ᠲᠠᠷᠠᠭ᠎ᠠ᠂ ᠪᠠᠰᠠᠴᠤ ᠠᠪᠤᠷᠠᠨ ᠲᠤᠰᠠᠯᠠᠬᠤ ᠡᠳᠡᠭᠡᠳ | ᠤᠨ ᠲᠦᠷ ᠴᠠᠭ ᠤᠨ ᠬᠦᠴᠢᠷᠳᠠᠯ ᠢ ᠰᠢᠢᠳᠪᠤᠷᠢᠯᠠᠵᠤ ᠲᠠᠶᠢᠯᠬᠦ ᠦᠭᠡᠢ ᠪᠤᠯ᠂ ᠪᠠᠶᠢᠳᠠᠯ ᠢᠶᠠᠷ ᠨᠢ ᠬᠤᠪᠢᠶᠠᠵᠤ | ᠲᠠᠮᠵᠢᠭᠤᠯᠤᠨ ᠵᠠᠭᠤᠴᠢᠯᠠᠵᠤ ᠤᠶᠢᠯᠠᠴᠢᠯᠡᠭᠡ ᠬᠢᠵᠤ ᠪᠤᠯᠤᠨ᠎ᠠ᠃ ᠨᠦᠬᠦᠴᠠᠯ ᠳᠤ ᠨᠠᠶᠢᠴᠠᠬᠦ ᠬᠦᠮᠦᠰ ᠠᠮᠢᠳᠤᠷᠠᠯ ᠤᠨ | ᠨᠠᠭᠠᠳᠤ ᠵᠠᠬ᠎ᠠ ᠶᠢᠨ ᠪᠠᠳᠤᠯᠠᠭ᠎ᠠ᠂ ᠤᠨᠴᠠ ᠬᠦᠴᠢᠷᠳᠠᠢ ᠬᠦᠮᠦᠰ ᠢ ᠠᠰᠠᠷᠠᠨ ᠲᠠᠵᠢᠭᠡᠬᠦ ᠪᠤᠶᠤ ᠡᠮᠴᠢᠯᠡᠭᠡ᠂ ᠰᠤᠷᠭᠠᠨ | ᠬᠦᠮᠦᠵᠢᠯ᠂ ᠰᠠᠭᠤᠬᠤ ᠬᠡᠷ᠂ ᠠᠵᠢᠯ ᠤᠯᠭᠤᠬᠤ ᠵᠠᠷᠭᠡ ᠲᠤᠰᠬᠠᠢ ᠲᠦᠷᠦᠯ ᠢᠶᠠᠷ ᠠᠪᠤᠷᠠᠨ ᠲᠤᠰᠠᠯᠠᠵᠤ ᠪᠤᠯᠤᠨ᠎ᠠ᠃ | ᠠᠪᠤᠷᠠᠨ ᠲᠤᠰᠠᠯᠠᠬᠤ ᠡᠷᠡᠮᠠᠯᠵᠠᠯ ᠲᠠᠢ ᠬᠠᠮᠢᠶ᠎ᠠ ᠪᠦᠬᠦᠢ ᠨᠠᠶᠢᠭᠡᠮ ᠤᠨ ᠬᠠᠮᠳᠤ ᠶᠢᠨ ᠴᠤᠬᠴᠠ᠂ ᠨᠠᠶᠢᠭᠡᠮ ᠤᠨ | ᠵᠤᠬᠢᠶᠠᠨ ᠪᠠᠶᠢᠭᠤᠯᠤᠯᠳᠠ ᠪᠤᠶᠤ ᠨᠠᠶᠢᠭᠡᠮ ᠤᠨ ᠤᠶᠢᠯᠠᠴᠢᠯᠡᠭᠡ ᠶᠢᠨ ᠪᠠᠶᠢᠭᠤᠯᠤᠮᠵᠢ ᠲᠠᠮᠵᠢᠭᠤᠯᠤᠨ ᠵᠠᠭᠤᠴᠢᠯᠠᠵᠤ | ᠦᠢᠯᠠᠴᠢᠯᠠᠬᠦ ᠴᠢᠬᠤᠯᠠ ᠲᠠᠢ ᠬᠦᠴᠢᠷᠳᠠᠢ ᠡᠳᠡᠭᠡᠳ ᠨᠢ ᠨᠢᠬᠦᠯᠠᠰᠤᠩᠬᠦᠢ ᠶᠢᠨ ᠲᠦᠷᠦᠯ ᠵᠦᠢᠯ᠂ ᠨᠠᠶᠢᠭᠡᠮ ᠠᠴᠠ | ᠵᠤᠭᠤᠰ ᠮᠦᠩᠬᠦ ᠴᠤᠬᠯᠠᠭᠤᠯᠬᠤ ᠶᠢ ᠲᠠᠶᠢᠴᠢᠯᠠᠵᠤ᠂ ᠲᠤᠰᠬᠠᠢ ᠤᠶᠢᠯᠠᠴᠢᠯᠡᠭᠡ ᠬᠠᠩᠭᠠᠬᠤ ᠵᠠᠷᠭᠡ ᠬᠡᠯᠪᠠᠷᠢ ᠪᠠᠷ | ᠠᠪᠤᠷᠠᠨ ᠲᠠᠳᠬᠦᠵᠤ ᠪᠤᠯᠤᠨ᠎ᠠ᠃ | ᠠᠷᠪᠠᠨ ᠨᠢᠭᠡᠳᠦᠭᠡᠷ ᠵᠤᠷᠪᠤᠰ᠂ ᠲᠦᠷ ᠴᠠᠭ ᠠᠪᠤᠷᠠᠨ ᠲᠤᠰᠠᠯᠠᠬᠤ ᠪᠠᠷᠢᠮᠵᠢᠶ᠎ᠠ | ︵ᠨᠢᠭᠡ︶ ᠵᠠᠷᠴᠢᠮ ᠲᠠᠭᠡᠷ᠎ᠡ ᠪᠠᠨ ᠲᠤᠬᠠᠢ ᠶᠢᠨ ᠭᠠᠵᠠᠷ ᠤᠨ ᠬᠠᠮᠤᠭ ᠤᠨ ᠲᠤᠤᠷ᠎ᠠ ᠠᠮᠢᠳᠤᠷᠠᠯ ᠤᠨ | ᠪᠠᠳᠤᠯᠠᠭ᠎ᠠ ᠶᠢᠨ ᠪᠠᠷᠢᠮᠵᠢᠶ᠎ᠠ ᠶᠤᠰᠤᠭᠠᠷ ᠬᠠᠮᠳᠤ ᠠᠮᠢᠳᠤᠷᠠᠵᠤ ᠪᠠᠶᠢᠬᠤ ᠬᠡᠷ ᠪᠦᠯᠢ ᠶᠢᠨ ᠬᠡᠰᠢᠬᠦᠨ ᠤ ᠬᠦᠮᠦᠨ ᠤ | ᠲᠤᠭ᠎ᠠ ᠪᠠ ᠬᠦᠴᠢᠷᠳᠠᠯ ᠤᠨ ᠦᠷᠬᠦᠯᠵᠢᠯᠡᠭᠰᠡᠨ ᠴᠠᠭ ᠬᠤᠭᠤᠴᠠᠭ᠎ᠠ 3 ᠡᠯᠧᠮᠧᠨ᠋ᠲ ᠪᠠᠷ ᠪᠤᠳᠤᠵᠤ ᠲᠤᠬᠳᠠᠭᠠᠨ᠎ᠠ᠃ | ᠬᠦᠴᠢᠷᠳᠠᠯ ᠲᠠᠢ ᠡᠷᠦᠭᠡ ᠳᠤ ᠨᠢᠭᠡ ᠤᠳᠠᠭᠠᠨ ᠤ ᠴᠢᠨᠠᠷᠳᠠᠢ ᠲᠦᠷ ᠴᠠᠭ ᠠᠪᠤᠷᠠᠨ ᠲᠤᠰᠠᠯᠬᠤ ᠪᠠᠷᠢᠮᠵᠢᠶ᠎ᠠ = | ᠲᠤᠰ ᠭᠠᠵᠠᠷ ᠤᠨ ᠲᠤᠰ ᠵᠢᠯ ᠤᠨ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠠᠮᠢᠳᠤᠷᠠᠯ ᠤᠨ ᠪᠠᠳᠤᠯᠠᠭ᠎ᠠ ᠶᠢᠨ | ᠰᠠᠷ᠎ᠠ ᠶᠢᠨ ᠪᠠᠷᠢᠮᠵᠢᠶ᠎ᠠ × ᠬᠠᠮᠳᠤ ᠠᠮᠢᠳᠤᠷᠠᠵᠤ ᠪᠠᠶᠢᠬᠤ ᠬᠡᠷ ᠪᠦᠯᠢ ᠶᠢᠨ ᠪᠦᠷᠢᠯᠳᠦᠬᠦᠨ ᠤ ᠬᠦᠮᠦᠨ ᠤ ᠲᠤᠭ᠎ᠠ | × ᠬᠦᠴᠢᠷᠳᠠᠯ ᠦᠷᠬᠦᠯᠵᠢᠯᠡᠭᠰᠡᠨ ᠴᠠᠭ ᠬᠤᠭᠤᠴᠠᠭ᠎ᠠ ︵ᠰᠠᠷ᠎ᠠ ᠪᠠᠷ ᠨᠢᠭᠡᠴᠡ ᠪᠤᠯᠭᠠᠨ᠎ᠠ︶᠃ ᠠᠪᠤᠷᠠᠨ | ᠲᠤᠰᠠᠯᠠᠬᠳᠠᠬᠤ ᠬᠦᠴᠢᠷᠳᠠᠯ ᠲᠠᠢ ᠬᠡᠷ ᠪᠦᠯᠢ ᠪᠠ ᠬᠤᠪᠢ ᠬᠦᠮᠦᠨ ᠤ ᠬᠦᠴᠢᠷᠳᠠᠯ ᠦᠷᠬᠦᠯᠵᠢᠯᠡᠭᠰᠡᠨ ᠴᠠᠭ | ᠬᠤᠭᠤᠴᠠᠭ᠎ᠠ ᠶᠢ ᠡᠩ ᠤᠨ ᠪᠠᠶᠢᠳᠠᠯ ᠲᠤᠤᠷ᠎ᠠ 1—6 ᠰᠠᠷ᠎ᠠ ᠪᠠᠷ ᠲᠤᠬᠳᠠᠭᠠᠨ᠎ᠠ᠃ | ︵ᠬᠤᠶᠠᠷ︶ ᠤᠨᠴᠠᠭᠠᠢ ᠬᠡᠷᠡᠭ ᠤᠴᠢᠷ᠂ ᠤᠨᠴᠠᠭᠠᠢ ᠡᠳᠡᠭᠡᠳ ᠢ ᠬᠠᠪᠰᠤᠷᠤᠨ ᠲᠠᠮᠵᠢᠬᠦ ᠳᠤ ᠠᠰ ᠠᠰ ᠢᠶᠠᠷ | ᠨᠢ ᠵᠦᠪᠯᠠᠬᠦ ᠠᠷᠭ᠎ᠠ ᠮᠠᠶ᠋ᠢᠭ ᠢ ᠠᠪᠴᠤ᠂ ᠬᠤᠰᠢᠭᠤ ᠰᠢᠶᠠᠨ ᠲᠤᠭᠤᠷᠢᠭ ᠤᠨ ᠨᠠᠶᠢᠭᠡᠮ ᠤᠨ ᠠᠪᠤᠷᠠᠨ ᠲᠤᠰᠠᠯᠠᠬᠤ | ᠰᠢᠰᠲ᠋ᠧᠮ ᠤᠨ ᠪᠦᠳᠦᠭᠡᠨ ᠪᠠᠶᠢᠭᠤᠯᠤᠯᠳᠠ ᠶᠢᠨ ᠠᠵᠢᠯ ᠤᠨ ᠵᠢᠯᠤᠭᠤᠳᠬᠤ ᠲᠤᠭᠤᠶᠢᠯᠠᠩ ᠢ ᠴᠤᠬᠯᠠᠭᠤᠯᠵᠤ | ᠬᠤᠯᠪᠤᠬᠳᠠᠯ ᠪᠦᠬᠦᠢ ᠬᠠᠮᠢᠶᠠᠷᠤᠯᠳᠠ ᠶᠢᠨ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠬᠠᠮᠳᠤᠪᠠᠷ ᠵᠦᠪᠳᠠᠯᠴᠠᠨ | ᠶᠠᠷᠦᠩᠭᠡᠶᠢᠯᠡᠭᠰᠡᠨ ᠠᠪᠤᠷᠠᠨ ᠲᠤᠰᠠᠯᠠᠬᠤ ᠠᠷᠭ᠎ᠠ ᠮᠠᠶ᠋ᠢᠭ ᠪᠠ ᠠᠪᠤᠷᠠᠨ ᠲᠤᠰᠠᠯᠠᠬᠤ ᠪᠠᠷᠢᠮᠵᠢᠶ᠎ᠠ ᠶᠢ ᠲᠤᠬᠳᠠᠭᠠᠬᠤ ᠶᠢᠨ | ᠬᠠᠮᠳᠤ ᠠᠳᠠᠯᠢ ᠱᠠᠳᠤᠨ ᠤ ᠠᠷᠠᠳ ᠤᠨ ᠵᠠᠰᠠᠭ ᠤᠨ ᠤᠷᠳᠤᠨ ᠵᠦᠪᠰᠢᠶᠠᠷᠡᠭᠰᠡᠨ ᠤ ᠬᠤᠶᠢᠨ᠎ᠠ ᠬᠡᠷᠡᠭᠵᠢᠬᠦᠯᠦᠨ᠎ᠠ᠃ | ᠠᠷᠪᠠᠨ ᠬᠤᠶᠠᠳᠤᠭᠠᠷ ᠵᠤᠷᠪᠤᠰ᠂ ᠲᠦᠷ ᠴᠠᠭ ᠠᠪᠤᠷᠠᠨ ᠲᠤᠰᠠᠯᠠᠬᠤ ᠪᠤᠳᠠᠳᠠᠢ ᠠᠪᠤᠷᠠᠨ ᠲᠤᠰᠠᠯᠠᠬᠤ | ᠪᠠᠷᠢᠮᠵᠢᠶ᠎ᠠ ᠶᠢ ᠡᠯ᠎ᠡ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ ᠤᠷᠳᠤᠨ ᠠᠪᠤᠷᠠᠨ ᠲᠤᠰᠠᠯᠠᠬᠳᠠᠬᠤ | ᠡᠳᠡᠭᠡᠳ ᠤᠨ ᠬᠦᠴᠢᠷᠳᠠᠯ ᠤᠨ ᠲᠦᠷᠦᠯ᠂ ᠬᠦᠴᠢᠷᠳᠠᠯ ᠤᠨ ᠭᠡᠮᠵᠢᠶ᠎ᠠ ᠶᠢ ᠦᠨᠳᠤᠰᠤᠯᠠᠵᠤ᠂ ᠪᠤᠰᠤᠳ ᠨᠠᠶᠢᠭᠡᠮ ᠤᠨ | ᠠᠪᠤᠷᠠᠨ ᠲᠤᠰᠠᠯᠠᠬᠤ ᠲᠦᠷᠢᠮ ᠤᠨ ᠲᠦᠪᠰᠢᠨ ᠢ ᠨᠢᠭᠡᠳᠦᠯᠳᠠᠢ ᠪᠤᠳᠤᠯᠬᠢᠯᠠᠬᠰᠠᠨ ᠤ ᠲᠠᠷᠠᠭ᠎ᠠ ᠲᠤᠬᠳᠠᠭᠠᠵᠤ᠂ ᠵᠢᠯ | ᠲᠠᠷᠠᠭᠠᠯᠠᠨ ᠲᠤᠬᠢᠷᠠᠭᠤᠯᠤᠯᠳᠠ ᠬᠢᠨ᠎ᠠ᠃ | | ᠲᠠᠪᠤᠳᠤᠭᠠᠷ ᠪᠦᠯᠦᠭ᠂ ᠠᠪᠤᠷᠠᠨ ᠲᠤᠰᠠᠯᠠᠬᠤ ᠪᠠᠯᠠ ᠮᠦᠩᠬᠦ ᠶᠢ ᠠᠷᠭᠠᠴᠠᠭᠠᠨ ᠤᠯᠬᠤ ᠪᠠ | ᠬᠠᠮᠢᠶᠠᠷᠬᠤ | | ᠠᠷᠪᠠᠨ ᠭᠤᠷᠪᠠᠳᠤᠭᠠᠷ ᠵᠤᠷᠪᠤᠰ᠂ ᠬᠤᠰᠢᠭᠤ ᠰᠢᠶᠠᠨ ᠲᠤᠭᠤᠷᠢᠭ ᠠᠴᠠ ᠲᠠᠭᠡᠭᠰᠢ ᠠᠷᠠᠳ ᠤᠨ ᠵᠠᠰᠠᠭ ᠤᠨ | ᠤᠷᠳᠤᠨ ᠨᠢ ᠲᠦᠷ ᠴᠠᠭ ᠠᠪᠤᠷᠠᠨ ᠲᠤᠰᠠᠯᠠᠬᠤ ᠪᠠᠯᠠ ᠮᠦᠩᠬᠦ ᠶᠢ ᠵᠢᠯ ᠤᠨ ᠡᠳ᠋ ᠤᠨ ᠵᠠᠰᠠᠭ ᠤᠨ ᠲᠦᠰᠦᠪ ᠲᠤ | ᠤᠷᠤᠭᠤᠯᠵᠤ᠂ ᠠᠵᠤ ᠠᠬᠤᠢ ᠨᠠᠶᠢᠭᠡᠮ ᠤᠨ ᠬᠦᠭᠵᠢᠯᠳᠠ ᠶᠢᠨ ᠲᠦᠪᠰᠢᠨ᠂ ᠡᠳ᠋ ᠤᠨ ᠵᠠᠰᠠᠭ ᠤᠨ ᠲᠠᠭᠠᠭᠠᠴᠠ | ᠴᠢᠳᠠᠯ᠂ ᠲᠦᠷ ᠴᠠᠭ ᠠᠪᠤᠷᠠᠨ ᠲᠤᠰᠠᠯᠠᠬᠤ ᠱᠠᠭᠠᠷᠳᠠᠯᠭ᠎ᠠ ᠵᠠᠷᠭᠡ ᠡᠯᠧᠮᠧᠨ᠋ᠲ ᠶᠢ ᠦᠨᠳᠤᠰᠤᠯᠠᠵᠤ ᠲᠤᠬᠢᠷᠠᠭᠤᠯᠤᠨ | ᠤᠷᠤᠭᠤᠯᠤᠯᠳᠠ ᠬᠢᠨ᠎ᠠ᠃ | ᠬᠤᠳᠠ ᠶᠢᠨ ᠲᠠᠰ᠂ ᠬᠤᠰᠢᠭᠤ ᠰᠢᠶᠠᠨ ᠤ ᠲᠠᠰ ᠤᠨ ᠡᠳ᠋ ᠤᠨ ᠵᠠᠰᠠᠭ ᠨᠢ ᠲᠠᠭᠡᠷ᠎ᠡ ᠵᠢᠯ ᠤᠨ ᠲᠤᠷᠤᠬᠰᠢ | ᠪᠠᠭᠤᠯᠭᠠᠬᠰᠠᠨ ᠲᠦᠷ ᠴᠠᠭ ᠤᠨ ᠠᠪᠤᠷᠠᠨ ᠲᠤᠰᠠᠯᠠᠬᠤ ᠵᠤᠭᠤᠰ ᠤᠨ ᠲᠤᠭ᠎ᠠ ᠪᠠᠷ ᠲᠦᠰᠦᠪ ᠢ ᠲᠤᠬᠢᠷᠠᠭᠤᠯᠤᠨ᠎ᠠ᠃ | ᠬᠤᠳᠠ ᠶᠢᠨ ᠲᠠᠰ ᠤᠨ ᠡᠳ᠋ ᠤᠨ ᠵᠠᠰᠠᠭ ᠠᠴᠠ ᠶᠠᠷᠦᠩᠭᠡᠢ ᠲᠤᠭ᠎ᠠ ᠬᠡᠮᠵᠢᠶ᠎ᠠ ᠶᠢᠨ 20% ᠶᠢ ᠲᠤᠬᠢᠷᠠᠭᠤᠯᠤᠨ᠎ᠠ᠃ | ᠬᠤᠰᠢᠭᠤ ᠰᠢᠶᠠᠨ ᠲᠤᠭᠤᠷᠢᠭ ᠤᠨ ᠲᠠᠰ ᠤᠨ ᠡᠳ᠋ ᠤᠨ ᠵᠠᠰᠠᠭ ᠨᠢ ᠶᠠᠷᠦᠩᠭᠡᠢ ᠲᠤᠭ᠎ᠠ ᠬᠡᠮᠵᠢᠶ᠎ᠠ ᠶᠢᠨ 80% ᠶᠢ | ᠲᠤᠬᠢᠷᠠᠭᠤᠯᠤᠨ᠎ᠠ᠃ | ᠠᠷᠪᠠᠨ ᠲᠦᠷᠪᠠᠳᠤᠭᠡᠷ ᠵᠤᠷᠪᠤᠰ᠂ ᠡᠯ᠎ᠡ ᠱᠠᠳᠤᠨ ᠤ ᠡᠳ᠋ ᠤᠨ ᠵᠠᠰᠠᠭ ᠨᠢ ᠡᠳ᠋ ᠤᠨ ᠵᠠᠰᠠᠭ ᠤᠨ ᠵᠠᠷᠤᠯᠭ᠎ᠠ | ᠶᠢᠨ ᠪᠦᠳᠦᠴᠠ ᠶᠢ ᠰᠢᠯᠢᠳᠡᠭᠵᠢᠬᠦᠯᠵᠤ᠂ ᠨᠠᠶᠢᠭᠡᠮ ᠤᠨ ᠠᠪᠤᠷᠠᠨ ᠲᠤᠰᠠᠯᠠᠬᠤ ᠪᠠᠯᠠ ᠮᠦᠩᠬᠦ ᠶᠢᠨ ᠬᠠᠳᠠᠭᠠᠯᠠᠬᠤ | ᠬᠡᠮᠵᠢᠶ᠎ᠠ ᠶᠢ ᠴᠢᠯᠦᠭᠡᠳᠡᠢ ᠪᠤᠯᠭᠠᠬᠤ ᠠᠷᠭ᠎ᠠ ᠶᠢ ᠠᠪᠴᠤ᠂ ᠲᠦᠷ ᠴᠠᠭ ᠠᠪᠤᠷᠠᠨ ᠲᠤᠰᠠᠯᠠᠬᠤ ᠵᠠᠷᠤᠯᠭ᠎ᠠ ᠳᠤ | ᠬᠡᠷᠡᠭᠯᠠᠨ᠎ᠠ᠃ ᠬᠤᠳᠠ ᠰᠢᠶᠠᠩ ᠤᠨ ᠰᠠᠭᠤᠭᠠᠯᠢ ᠠᠷᠠᠳ ᠤᠨ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ | ᠪᠠᠳᠤᠯᠠᠭ᠎ᠠ ᠶᠢᠨ ᠦᠯᠠᠳᠠᠪᠤᠷᠢ ᠪᠠᠯᠠ ᠮᠦᠩᠬᠦ ᠶᠢ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠳᠤ | ᠪᠠᠶᠢᠬᠤ ᠡᠳᠡᠭᠡᠳ ᠢ ᠲᠦᠷ ᠴᠠᠭ ᠠᠪᠤᠷᠠᠨ ᠲᠤᠰᠠᠯᠠᠬᠤ ᠵᠠᠷᠤᠯᠭ᠎ᠠ ᠳᠤ ᠬᠡᠷᠡᠭᠯᠠᠬᠦ ᠳᠤ ᠲᠤᠬᠢᠷᠠᠭᠤᠯᠵᠤ ᠪᠤᠯᠤᠨ᠎ᠠ᠃ | ᠬᠡᠪᠠᠴᠤ ᠲᠦᠷ ᠴᠠᠭ ᠠᠪᠤᠷᠠᠨ ᠲᠤᠰᠠᠯᠠᠬᠤ ᠲᠦᠰᠦᠪ ᠠᠴᠠ ᠰᠠᠭᠤᠯᠭᠠᠨ ᠠᠪᠴᠤ ᠪᠤᠯᠬᠤ ᠦᠭᠡᠢ᠃ ᠬᠤᠳᠠ ᠶᠢᠨ | ᠲᠠᠰ ᠤᠨ ᠡᠳ᠋ ᠤᠨ ᠵᠠᠰᠠᠭ ᠠᠴᠠ ᠬᠤᠰᠢᠭᠤ ᠰᠢᠶᠠᠨ ᠲᠤᠭᠤᠷᠢᠭ ᠤᠨ ᠲᠦᠷ ᠴᠠᠭ ᠠᠪᠤᠷᠠᠨ ᠲᠤᠰᠠᠯᠠᠬᠤ ᠪᠠᠯᠠ | ᠮᠦᠩᠬᠦ ᠳᠤ ᠵᠤᠬᠢᠬᠤ ᠬᠡᠮᠵᠢᠶᠠᠨ ᠤ ᠲᠠᠮᠵᠢᠯᠭᠡ ᠦᠵᠠᠬᠦᠯᠵᠤ᠂ ᠠᠪᠤᠷᠠᠨ ᠲᠤᠰᠠᠯᠠᠬᠤ ᠡᠬᠦᠷᠭᠡ ᠬᠦᠨᠳᠤ᠂ ᠡᠳ᠋ ᠤᠨ | ᠵᠠᠰᠠᠭ ᠬᠦᠴᠢᠷᠳᠠᠢ᠂ ᠠᠵᠢᠯ ᠤᠨ ᠦᠷ᠎ᠡ ᠪᠦᠳᠦᠮᠵᠢ ᠲᠤᠪᠤᠶᠢᠮ᠎ᠠ ᠤᠷᠤᠨ ᠲᠠᠰᠢ ᠬᠡᠯᠪᠠᠶᠢᠯᠭᠡᠨᠠ᠃ | ᠠᠷᠪᠠᠨ ᠲᠠᠪᠤᠳᠤᠭᠠᠷ ᠵᠤᠷᠪᠤᠰ᠂ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ ᠭᠤᠳᠤᠮᠵᠢ | ᠶᠢᠨ ᠬᠡᠷᠡᠭ ᠡᠷᠬᠢᠯᠠᠬᠦ ᠵᠦᠪᠯᠠᠯ︶ ᠵᠤᠷᠢᠬᠵᠢᠭᠤᠯᠵᠤ᠂ ᠵᠠᠰᠠᠭ ᠤᠨ ᠤᠷᠳᠤᠨ ᠪᠠᠯᠠ ᠮᠦᠩᠬᠦ ᠭᠠᠷᠭᠠᠬᠤ᠂ ᠨᠠᠶᠢᠭᠡᠮ | ᠠᠴᠠ ᠲᠤᠰᠠᠯᠠᠨ ᠲᠠᠮᠵᠢᠬᠦ ᠵᠠᠷᠭᠡ ᠠᠷᠭ᠎ᠠ ᠵᠠᠮ ᠢᠶᠠᠷ ᠲᠠᠮᠵᠢᠵᠤ᠂ ᠪᠠᠯᠠ ᠮᠦᠩᠬᠦ ᠴᠤᠬᠯᠠᠭᠤᠯᠵᠤ᠂ ᠲᠦᠷ ᠴᠠᠭ | ᠠᠪᠤᠷᠠᠨ ᠲᠤᠰᠠᠯᠠᠬᠤ ᠪᠠᠭ᠎ᠠ ᠲᠤᠭᠠᠨ ᠤ ᠰᠠᠭᠤᠷᠢ ᠮᠦᠩᠬᠦ ᠶᠢ ᠪᠠᠶᠢᠭᠤᠯᠵᠤ᠂ ᠦᠪᠠᠷᠳᠡᠭᠡᠨ ᠲᠦᠷ ᠴᠠᠭ ᠠᠪᠤᠷᠠᠨ | ᠲᠤᠰᠠᠯᠠᠬᠤ ᠠᠵᠢᠯ ᠢ ᠦᠷᠨᠢᠬᠦᠯᠵᠤ ᠪᠤᠯᠤᠨ᠎ᠠ᠃ | | ᠵᠢᠷᠭᠤᠳᠤᠭᠠᠷ ᠪᠦᠯᠦᠭ᠂ ᠬᠢᠨᠠᠨ ᠬᠠᠮᠢᠶᠠᠷᠬᠤ | | ᠠᠷᠪᠠᠨ ᠲᠤᠯᠤᠳᠤᠭᠠᠷ ᠵᠤᠷᠪᠤᠰ᠂ ᠡᠯ᠎ᠡ ᠱᠠᠳᠤᠨ ᠤ ᠠᠷᠠᠳ ᠤᠨ ᠶᠠᠪᠤᠳᠠᠯ᠂ ᠡᠳ᠋ ᠤᠨ ᠵᠠᠰᠠᠭ᠂ ᠬᠢᠨᠠᠨ | ᠪᠤᠳᠤᠬᠤ᠂ ᠬᠢᠨᠠᠨ ᠪᠠᠶᠢᠴᠠᠭᠠᠬᠤ ᠰᠠᠯᠠᠭ᠎ᠠ ᠮᠦᠴᠢᠷ ᠨᠢ ᠲᠦᠷ ᠴᠠᠭ ᠠᠪᠤᠷᠠᠨ ᠲᠤᠰᠠᠯᠠᠬᠤ ᠲᠦᠷᠦ ᠶᠢᠨ ᠪᠤᠳᠤᠯᠭ᠎ᠠ | ᠶᠢ ᠨᠠᠶᠢᠳᠠᠪᠤᠷᠢᠵᠢᠭᠤᠯᠵᠤ᠂ ᠪᠠᠯᠠ ᠮᠦᠩᠬᠦ ᠶᠢᠨ ᠬᠠᠮᠢᠶᠠᠷᠤᠯᠳᠠ ᠪᠠ ᠬᠡᠷᠡᠭᠯᠠᠯᠳᠠ ᠶᠢᠨ ᠪᠠᠶᠢᠳᠠᠯ ᠢ ᠱᠠᠭᠠᠷᠳᠠᠨ | ᠪᠠᠶᠢᠴᠠᠭᠠᠵᠤ᠂ ᠱᠠᠭᠠᠷᠳᠠᠨ ᠬᠢᠯᠭᠡᠬᠦ ᠶᠢᠨ ᠭᠤᠤᠯ ᠠᠭᠤᠯᠭ᠎ᠠ ᠪᠤᠯᠭᠠᠵᠤ᠂ ᠲᠤᠰᠬᠠᠢ ᠲᠦᠷᠦᠯ ᠢᠶᠠᠷ ᠪᠠᠶᠢᠴᠠᠭᠠᠬᠤ ᠶᠢ | ᠲᠤᠬᠳᠠᠬᠰᠠᠨ ᠬᠤᠭᠤᠴᠠᠭ᠎ᠠ ᠲᠠᠢ ᠪᠠᠷ ᠵᠤᠬᠢᠶᠠᠨ ᠪᠠᠶᠢᠭᠤᠯᠵᠤ᠂ ᠰᠢᠬᠠᠨ ᠡᠵᠡᠯᠠᠬᠦ᠂ ᠰᠢᠯᠵᠢᠬᠦᠯᠦᠨ ᠬᠡᠷᠡᠭᠯᠠᠬᠦ᠂ | ᠤᠬᠠᠭᠠᠯᠠᠨ ᠰᠤᠯᠢᠬᠤ ᠵᠠᠷᠭᠡ ᠬᠠᠤᠯᠢ ᠰᠠᠬᠢᠯᠭ᠎ᠠ ᠠᠴᠠ ᠵᠦᠷᠢᠴᠠᠬᠦ ᠦᠵᠡᠭᠳᠡᠯ ᠡᠬᠦᠰᠬᠦ ᠶᠢ ᠰᠠᠷᠭᠡᠶᠢᠯᠠᠨ᠎ᠠ᠃ | ᠠᠷᠪᠠᠨ ᠨᠠᠢᠮᠠᠳᠤᠭᠠᠷ ᠵᠤᠷᠪᠤᠰ᠂ ᠬᠤᠰᠢᠭᠤ ᠰᠢᠶᠠᠨ ᠲᠤᠭᠤᠷᠢᠭ ᠤᠨ ᠠᠷᠠᠳ ᠤᠨ ᠶᠠᠪᠤᠳᠠᠯ ᠤᠨ ᠰᠠᠯᠠᠭ᠎ᠠ | ᠮᠦᠴᠢᠷ ᠨᠢ ᠲᠦᠷ ᠴᠠᠭ ᠠᠪᠤᠷᠠᠨ ᠲᠤᠰᠠᠯᠠᠬᠤ ᠡᠳᠡᠭᠡᠳ ᠤᠨ ᠨᠠᠷᠠ᠂ ᠠᠪᠤᠷᠠᠨ ᠲᠤᠰᠠᠯᠠᠬᠤ ᠪᠠᠷᠢᠮᠵᠢᠶ᠎ᠠ ᠵᠢᠴᠢ | ᠠᠪᠤᠷᠠᠨ ᠲᠤᠰᠠᠯᠠᠬᠤ ᠪᠠᠯᠠ ᠮᠦᠩᠬᠦ ᠶᠢ ᠬᠡᠷᠡᠭᠯᠠᠵᠤ ᠪᠠᠶᠢᠬᠤ ᠪᠠᠶᠢᠳᠠᠯ ᠢ ᠨᠠᠶᠢᠭᠡᠮ ᠳᠤ ᠲᠤᠬᠳᠠᠬᠰᠠᠨ ᠬᠤᠭᠤᠴᠠᠭ᠎ᠠ | ᠲᠠᠢ ᠪᠠᠷ ᠨᠠᠶᠢᠳᠠᠯᠠᠨ᠎ᠠ᠃ ᠤᠯᠠᠨ ᠨᠠᠶᠢᠳᠠ ᠪᠠ ᠵᠠᠭᠤᠴᠢᠯᠠᠭᠤᠷ ᠤᠨ ᠢᠯᠠᠷᠠᠬᠦᠯᠦᠭᠰᠡᠨ ᠠᠰᠠᠭᠤᠳᠠᠯ ᠢ ᠲᠠᠷᠠ ᠲᠠᠷᠤᠢ | ᠳᠤᠨᠢ ᠪᠠᠶᠢᠴᠠᠭᠠᠨ ᠰᠢᠢᠳᠪᠤᠷᠢᠯᠠᠬᠦ ᠪᠠ ᠰᠢᠢᠳᠪᠤᠷᠢᠯᠡᠭᠰᠡᠨ ᠦᠷ᠎ᠡ ᠳ᠋ᠦᠩ ᠢ ᠨᠠᠶᠢᠳᠠᠯᠠᠬᠦ ᠬᠡᠷᠡᠭᠳᠡᠢ᠃ | ᠠᠷᠪᠠᠨ ᠶᠢᠰᠤᠳᠤᠭᠡᠷ ᠵᠤᠷᠪᠤᠰ᠂ ᠬᠠᠭᠤᠷᠮᠠᠭ ᠬᠡᠷᠡᠭᠯᠠᠬᠦ ᠮᠠᠲ᠋ᠧᠷᠢᠶᠠᠯ ᠭᠠᠷᠭᠠᠵᠤ᠂ ᠲᠦᠷ ᠴᠠᠭ ᠠᠪᠤᠷᠠᠨ | ᠲᠤᠰᠠᠯᠠᠬᠤ ᠪᠠᠯᠠ ᠮᠦᠩᠬᠦ᠂ ᠡᠳ᠋ ᠪᠤᠳᠠᠰ ᠪᠠ ᠤᠶᠢᠯᠠᠴᠢᠯᠡᠭᠡ ᠶᠢ ᠮᠠᠬᠡᠯᠠᠨ ᠠᠪᠴᠤ᠂ ᠠᠵᠢᠯ ᠡᠬᠦᠷᠭᠡ ᠪᠠᠨ | ᠴᠠᠯᠠᠭᠠᠶᠢᠳᠠᠭᠤᠯᠵᠤ᠂ ᠬᠦᠨᠳᠤ ᠨᠤᠴᠢᠳᠠᠢ ᠦᠷ᠎ᠡ ᠳ᠋ᠦᠩ ᠡᠬᠦᠰᠭᠡᠪᠠᠯ ᠬᠠᠤᠯᠢ ᠶᠤᠰᠤᠭᠠᠷ ᠬᠠᠷᠢᠭᠤᠴᠠᠯᠭ᠎ᠠ | ᠨᠡᠬᠡᠮᠵᠢᠯᠠᠨ᠎ᠠ᠃ ᠶᠠᠯᠠᠳᠤ ᠠᠵᠢᠯᠯᠠᠭ᠎ᠠ ᠪᠠᠷ ᠰᠡᠵᠢᠭᠯᠡᠭᠳᠠᠪᠠᠯ ᠬᠠᠤᠯᠢ ᠴᠠᠭᠠᠵᠠ ᠶᠢᠨ ᠪᠠᠶᠢᠭᠤᠯᠤᠯᠭ᠎ᠠ ᠳᠤ ᠰᠢᠯᠵᠢᠬᠦᠯᠦᠨ | ᠰᠢᠢᠳᠪᠤᠷᠢᠯᠠᠨ᠎ᠠ᠃ | | ᠲᠤᠯᠤᠳᠤᠭᠠᠷ ᠪᠦᠯᠦᠭ᠂ ᠨᠠᠶᠢᠭᠡᠮ ᠤᠨ ᠬᠦᠴᠦᠨ ᠤᠷᠤᠯᠴᠠᠬᠤ | | ᠬᠤᠷᠢᠨ ᠨᠢᠭᠡᠳᠦᠭᠡᠷ ᠵᠤᠷᠪᠤᠰ᠂ ᠡᠯ᠎ᠡ ᠬᠤᠰᠢᠭᠤ ᠰᠢᠶᠠᠨ ᠲᠤᠭᠤᠷᠢᠭ ᠨᠢ ᠨᠠᠶᠢᠭᠡᠮ ᠤᠨ ᠬᠦᠴᠦᠨ ᠤ ᠲᠦᠷ | ᠴᠠᠭ ᠠᠪᠤᠷᠠᠨ ᠲᠤᠰᠠᠯᠠᠬᠤ ᠳᠤ ᠤᠷᠤᠯᠴᠠᠬᠤ ᠶᠢ ᠦᠷᠭᠡᠨ ᠢᠶᠠᠷ ᠲᠠᠶᠢᠴᠢᠯᠠᠵᠤ᠂ ᠨᠠᠶᠢᠭᠡᠮ ᠤᠨ ᠠᠵᠢᠯ ᠤᠨ | ᠤᠶᠢᠯᠠᠴᠢᠯᠠᠭᠡᠨ ᠤ ᠪᠠᠶᠢᠭᠤᠯᠤᠮᠵᠢ ᠪᠠ ᠨᠠᠶᠢᠭᠡᠮ ᠤᠨ ᠠᠵᠢᠯᠯᠠᠬᠴᠢ ᠶᠢᠨ ᠤᠶᠢᠯᠠᠳᠤᠯ ᠢ ᠪᠠᠳᠠᠷᠠᠭᠤᠯᠵᠤ᠂ ᠠᠳᠠᠯᠢ | ᠪᠤᠰᠤ ᠠᠪᠤᠷᠠᠨ ᠲᠤᠰᠠᠯᠠᠬᠳᠠᠬᠤ ᠡᠳᠡᠭᠡᠳ ᠲᠤ ᠬᠠᠨᠳᠤᠭᠤᠯᠵᠤ ᠤᠯᠠᠨ ᠶᠠᠩᠵᠤ᠂ ᠦᠪᠠᠷᠮᠢᠴᠠ ᠲᠤᠰᠬᠠᠢ | ᠤᠶᠢᠯᠠᠴᠢᠯᠡᠭᠡ ᠶᠢ ᠦᠷᠨᠢᠬᠦᠯᠦᠨ᠎ᠠ᠃ | ᠬᠤᠷᠢᠨ ᠬᠤᠶᠠᠳᠤᠭᠠᠷ ᠵᠤᠷᠪᠤᠰ᠂ ᠡᠯ᠎ᠡ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ | ᠤᠷᠳᠤᠨ ᠤᠯᠤᠰ ᠤᠨ ᠬᠠᠮᠢᠶ᠎ᠠ ᠪᠦᠬᠦᠢ ᠲᠦᠷᠢᠮ ᠲᠤᠬᠳᠠᠭᠠᠯ ᠶᠤᠰᠤᠭᠠᠷ ᠡᠳ᠋ ᠤᠨ ᠵᠠᠰᠠᠭ ᠤᠨ ᠨᠦᠬᠦᠪᠤᠷᠢ᠂ | ᠭᠠᠶᠢᠯᠢ ᠬᠤᠷᠢᠶᠠᠬᠤ᠂ ᠬᠠᠷᠠᠭᠠᠯᠵᠠᠯᠠᠯ᠂ ᠵᠠᠷᠤᠳᠠᠯ ᠢ ᠬᠡᠯᠳᠤᠷᠢᠬᠦᠯᠬᠦ ᠵᠠᠷᠭᠡ ᠬᠤᠯᠪᠤᠬᠳᠠᠯ ᠪᠦᠬᠦᠢ ᠲᠦᠷᠦ ᠶᠢᠨ | ᠪᠤᠳᠤᠯᠭ᠎ᠠ ᠶᠢ ᠲᠤᠬᠳᠠᠭᠠᠵᠤ᠂ ᠨᠠᠶᠢᠭᠡᠮ ᠤᠨ ᠬᠦᠴᠦᠨ ᠲᠦᠷ ᠴᠠᠭ ᠠᠪᠤᠷᠠᠨ ᠲᠤᠰᠠᠯᠠᠬᠤ ᠳᠤ ᠤᠷᠤᠯᠴᠠᠬᠤ ᠶᠢ | ᠵᠤᠷᠢᠬᠵᠢᠭᠤᠯᠬᠤ ᠪᠠ ᠲᠠᠮᠵᠢᠨ᠎ᠠ᠃ | | ᠨᠠᠢᠮᠠᠳᠤᠭᠠᠷ ᠪᠦᠯᠦᠭ᠂ ᠲᠠᠭᠠᠯᠳᠤᠭᠤᠯᠤᠯ ᠵᠦᠢᠯ | | ᠬᠤᠷᠢᠨ ᠭᠤᠷᠪᠠᠳᠤᠭᠠᠷ ᠵᠤᠷᠪᠤᠰ᠂ ᠡᠯ᠎ᠡ ᠬᠤᠰᠢᠭᠤ ᠰᠢᠶᠠᠨ ᠲᠤᠭᠤᠷᠢᠭ ᠤᠨ ᠠᠷᠠᠳ ᠤᠨ ᠵᠠᠰᠠᠭ ᠤᠨ | ᠤᠷᠳᠤᠨ ᠲᠤᠬᠠᠢ ᠶᠢᠨ ᠭᠠᠵᠠᠷ ᠤᠨ ᠪᠤᠳᠠᠳᠤ ᠪᠠᠶᠢᠳᠠᠯ ᠢᠶᠠᠨ ᠦᠨᠳᠤᠰᠤᠯᠠᠵᠤ ᠨᠠᠷᠢᠨ ᠲᠦᠷᠢᠮ ᠢ ᠲᠤᠬᠳᠠᠭᠠᠨ᠎ᠠ᠃ | ᠬᠤᠷᠢᠨ ᠲᠦᠷᠪᠠᠳᠤᠭᠡᠷ ᠵᠤᠷᠪᠤᠰ᠂ ᠲᠤᠰ ᠠᠷᠭ᠎ᠠ ᠶᠢ ᠬᠤᠳᠠ ᠶᠢᠨ ᠠᠷᠠᠳ ᠤᠨ ᠵᠠᠰᠠᠭ ᠤᠨ ᠤᠷᠳᠤᠨ | ᠬᠠᠷᠢᠭᠤᠴᠠᠨ ᠲᠠᠶᠢᠯᠪᠤᠷᠢᠯᠠᠨ᠎ᠠ᠃ | ᠬᠤᠷᠢᠨ ᠲᠠᠪᠤᠳᠤᠭᠠᠷ ᠵᠤᠷᠪᠤᠰ᠂ ᠲᠤᠰ ᠠᠷᠭ᠎ᠠ ᠶᠢ ᠨᠠᠶᠢᠳᠡᠯᠡᠭᠰᠡᠨ ᠡᠳᠦᠷ ᠠᠴᠠ ᠶᠠᠪᠤᠭᠤᠯᠤᠨ᠎ᠠ᠃ ᠤᠤᠯ ᠤᠨ | ︽ᠤᠯᠠᠭᠠᠨᠬᠠᠳᠠ ᠬᠤᠳᠠ ᠶᠢᠨ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠲᠦᠷ ᠴᠠᠭ ᠠᠪᠤᠷᠠᠨ ᠲᠤᠰᠠᠯᠠᠬᠤ | ᠠᠷᠭ᠎ᠠ︾ ᠶᠢ ︵ᠤᠯᠠᠭᠠᠨᠬᠠᠳᠠ ᠵᠠᠰᠠᠭ ᠠᠯᠪᠠᠨ ᠲᠠᠷᠬᠠᠭᠠᠬᠤ ﹇293﹈ 31 ᠳ᠋ᠤᠭᠡᠷ ᠲᠤᠭᠠᠳᠤ︶ ᠵᠠᠷᠭᠡᠪᠠᠷ | ᠬᠦᠴᠦᠨ ᠦᠭᠡᠢ ᠪᠤᠯᠭᠠᠨ᠎ᠠ᠃ |