ᠠᠪᠤ ᠶᠢᠨ ᠢᠶᠠᠨ ᠦᠷᠢ ᠶᠢ ᠬᠦᠦ ᠨᠢ ᠵᠡᠪᠡᠯ ᠲᠦᠯᠦᠨ᠎ᠡ ᠤᠤ︖ | | ᠬᠡᠷᠡᠭ ᠤᠨ ᠵᠢᠱᠢᠶ᠎ᠡ᠄ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠣ᠋ ᠣᠪᠣᠭᠳᠣ ᠶᠢᠨ | ᠠᠪᠤ ᠨᠢ ᠡᠣ ᠣᠪᠣᠭᠳᠣ ᠳᠤ ᠲᠠᠪᠤᠨ ᠳᠦᠮᠡᠨ ᠲᠦᠭᠦᠷᠢᠭ ᠵᠣᠭᠤᠰ ᠦᠷᠢᠳᠡᠵᠦ᠂ ᠡᠣ ᠣᠪᠣᠭᠳᠣ ᠰᠣ᠋ ᠣᠪᠣᠭᠳᠣ ᠶᠢ | ᠵᠠᠭᠠᠯᠳᠣᠨ ᠠᠪᠤ ᠶᠢᠨ ᠬᠢᠨᠢ ᠦᠷᠢ ᠶᠢ ᠲᠦᠯᠦᠭᠦᠯᠬᠦ ᠪᠠᠷ ᠱᠠᠭᠠᠷᠳᠠᠭᠰᠠᠨ ᠪᠠᠶᠢᠨ᠎ᠠ᠃ ᠭᠡᠪᠡᠴᠦ ᠵᠠᠭᠠᠯᠳᠣᠭᠴᠢ ᠡᠣ | ᠣᠪᠣᠭᠳᠣ ᠶᠢᠨ ᠵᠠᠷᠭᠤ ᠶᠢᠨ ᠭᠤᠶᠣᠴᠢᠯᠠᠯ ᠰᠢᠬᠦᠬᠦ ᠬᠤᠷᠢᠶᠠᠨ ᠤ ᠳᠡᠮᠵᠢᠯᠭᠡ ᠶᠢ ᠬᠦᠷᠳᠡᠭᠰᠡᠨ ᠦᠭᠡᠢ᠃ | ᠵᠠᠭᠠᠯᠳᠣᠭᠳᠠᠭᠴᠢ ᠰᠣ᠋ ᠣᠪᠣᠭᠳᠣ ᠶᠢᠨ ᠡᠴᠢᠭᠡ ᠨᠢ ᠬᠠᠶᠠᠭᠳᠠᠮᠠᠯ ᠡᠳ᠋ ᠪᠣᠳᠠᠰ ᠴᠣᠭᠯᠠᠭᠤᠯᠬᠤ ᠦᠢᠯᠡᠰ ᠢ ᠡᠵᠠᠩᠨᠠᠬᠦ | ᠳᠡᠭᠡᠨ ᠪᠡᠯᠡ ᠮᠦᠩᠭᠦ ᠳᠤᠳᠠᠭᠳᠠᠭᠰᠠᠨ ᠠᠴᠠ ᠪᠤᠯᠵᠦ᠂ 2011 ᠣᠨ ᠤ 3 ᠰᠠᠷ᠎ᠠ ᠳᠤ ᠰᠠᠶᠢᠨ ᠨᠠᠶᠢᠵᠠ ᠡᠣ | ᠣᠪᠣᠭᠳᠣ ᠠᠴᠠ ᠳᠠᠪᠤᠨ ᠲᠦᠮᠡᠨ ᠲᠦᠭᠦᠷᠢᠭ ᠵᠣᠭᠤᠰ ᠵᠢᠭᠡᠯᠡᠵᠦ ᠬᠠᠶᠠᠭᠳᠠᠮᠠᠯ ᠵᠠᠰ ᠬᠤᠳᠠᠯᠳᠣᠨ ᠠᠪᠴᠠᠢ᠃ | ᠳᠣᠬᠠᠢ ᠶᠢᠨ ᠦᠶ᠎ᠡ ᠳᠤ ᠬᠠᠶᠠᠭᠳᠠᠮᠠᠯ ᠵᠠᠰ ᠤᠨ ᠦᠨ᠎ᠡ ᠬᠠᠩᠰᠢ ᠨᠡᠯᠢᠶᠡᠳ ᠦᠨᠳᠦᠷ ᠪᠠᠶᠢᠭᠰᠠᠨ ᠪᠣᠯᠪᠠᠴᠤ 2012 | ᠣᠨ ᠤ 5 ᠰᠠᠷ᠎ᠠ ᠪᠤᠯᠬᠤ ᠳᠤ ᠢᠯᠡᠳᠳᠡ ᠪᠠᠭᠤᠷᠠᠵᠦ᠂ ᠰᠣ᠋ ᠣᠪᠤᠭᠳᠣ ᠶᠢᠨ ᠡᠴᠢᠭᠡ ᠨᠢ ᠨᠢᠭᠡᠯᠡ ᠳᠣᠣᠷ᠎ᠠ ᠬᠤᠷᠢ | ᠭᠠᠷᠤᠢ ᠲᠦᠮᠡᠨ ᠲᠦᠭᠦᠷᠢᠭ ᠬᠤᠨᠵᠢᠭᠳᠠᠵᠠᠢ᠃ ᠡᠭᠦᠨ ᠠᠴᠠ ᠪᠤᠯᠵᠦ ᠰᠣ᠋ ᠣᠪᠣᠭᠳᠣ ᠶᠢᠨ ᠡᠴᠢᠭᠡ ᠨᠢ ᠭᠠᠴᠢᠭᠳᠠᠨ | ᠪᠣᠬᠢᠨᠢᠳᠣᠵᠦ ᠴᠢᠰᠦ ᠬᠠᠷᠪᠤᠬᠤ ᠡᠪᠡᠳᠴᠢᠨ ᠢᠶᠠᠷ ᠨᠠᠰᠤ ᠪᠠᠷᠠᠵᠠᠢ᠃ ᠡᠭᠦᠨ ᠳᠤ ᠡᠣ ᠣᠪᠣᠭᠳᠣ᠂ ᠰᠣ᠋ ᠣᠪᠣᠭᠳᠣ ᠶᠢ | ᠡᠷᠢᠵᠦ ᠡᠴᠢᠭᠡ ᠶᠢᠨ ᠬᠢᠨᠢ ᠦᠷᠢ ᠶᠢ ᠪᠤᠴᠠᠭᠠᠯᠭᠠᠬᠤ ᠪᠠᠷ ᠱᠠᠭᠠᠷᠳᠠᠭᠰᠠᠨ ᠪᠤᠯᠪᠠᠴᠤ ᠰᠣ᠋ ᠣᠪᠣᠭᠳᠣ ᠨᠢ ᠡᠴᠢᠭᠡ ᠲᠠᠢ | ᠪᠠᠨ ᠬᠠᠮᠳᠣ ᠠᠮᠢᠳᠣᠷᠠᠵᠦ ᠦᠭᠡᠢ᠂ ᠠᠯᠢ ᠬᠡᠳᠦᠶᠢᠨ ᠡᠷᠦᠬᠡ ᠬᠤᠪᠢᠶᠠᠨ ᠠᠰᠳᠠᠭᠠᠨ ᠠᠮᠢᠳᠣᠷᠠᠵᠦ ᠪᠠᠶᠢᠭ᠎ᠠ ᠪᠦᠭᠡᠳ | ᠡᠴᠢᠭᠡ ᠶᠢᠨ ᠢᠶᠠᠨ ᠬᠠᠶᠠᠭᠳᠠᠮᠠᠯ ᠪᠤᠳᠠᠰ ᠪᠤᠷᠤᠯᠠᠭᠤᠯᠵᠦ ᠪᠠᠶᠢᠭ᠎ᠠ ᠪᠠᠶᠢᠳᠠᠯ ᠢ ᠤᠶᠢᠯᠠᠭᠠᠬᠤ ᠦᠭᠡᠢ᠂ ᠢᠯᠠᠩᠭᠤᠶ᠎ᠠ | ᠵᠤᠭᠤᠰ ᠵᠢᠭᠡᠯᠡᠭᠰᠡᠨ ᠣᠴᠢᠷ ᠢ ᠮᠡᠳᠡᠬᠦ ᠦᠭᠡᠢ ᠪᠦᠭᠡᠳ ᠡᠴᠢᠭᠡ ᠨᠢ ᠶᠠᠮᠠᠷᠴᠦ ᠦᠪ ᠬᠦᠷᠦᠩᠭᠡ ᠦᠯᠡᠳᠡᠭᠡᠭᠰᠡᠨ | ᠦᠭᠡᠢ ᠬᠡᠬᠦ ᠰᠢᠯᠳᠠᠭᠠᠨ ᠢᠶᠠᠷ ᠡᠣ ᠣᠪᠣᠭᠳᠣ ᠶᠢᠨ ᠱᠠᠭᠠᠷᠳᠠᠯᠭ᠎ᠠ ᠶᠢ ᠡᠷᠡᠰ ᠲᠡᠪᠴᠢᠵᠡᠢ᠃ ᠢᠩᠬᠢᠭᠡᠳ ᠡᠣ | ᠣᠪᠣᠭᠳᠣ 2013 ᠣᠨ ᠤ 3 ᠰᠠᠷ᠎ᠠ ᠳᠤ ᠰᠣ᠋ ᠣᠪᠣᠭᠳᠣ ᠶᠢ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ | ᠰᠢᠬᠦᠬᠦ ᠬᠤᠷᠢᠶᠠᠨ ᠳᠤ ᠵᠠᠭᠠᠯᠳᠣᠵᠦ᠂ ᠡᠴᠢᠭᠡ ᠶᠢᠨ ᠢᠶᠠᠨ ᠦᠷᠢ ᠶᠢ ᠲᠦᠯᠦᠬᠦ ᠬᠡᠷᠡᠭᠳᠠᠢ ᠭᠡᠵᠦ ᠱᠠᠭᠠᠷᠳᠠᠭᠰᠠᠨ | ᠪᠠᠶᠢᠨ᠎ᠠ᠃ ᠰᠢᠭᠦᠭᠦ ᠬᠤᠷᠢᠶᠠᠠ ᠤ ᠳᠠᠰᠤᠯᠤᠯᠳᠠ᠄ ᠰᠢᠬᠦᠬᠦ ᠬᠤᠷᠢᠶ᠎ᠠ ᠪᠠᠶᠢᠴᠠᠭᠠᠨ ᠲᠤᠳᠤᠷᠬᠠᠶᠢᠯᠠᠭᠰᠠᠨ ᠨᠢ᠂ ᠰᠣ᠋ | ᠣᠪᠣᠭᠳᠣ ᠬᠡᠳᠦᠶᠢᠪᠡᠷ ᠨᠢᠭᠡᠳᠦᠭᠡᠷ ᠳᠡᠰ ᠳᠠᠷᠠᠭᠠᠯᠠᠯ ᠤᠨ ᠦᠪ ᠵᠠᠯᠭᠠᠮᠵᠢᠯᠠᠭᠴᠢ ᠪᠣᠯᠪᠠᠴᠤ ᠡᠴᠢᠭᠡ ᠨᠢ ᠲᠡᠭᠦᠨ ᠳᠤ | ᠶᠠᠮᠠᠷᠴᠦ ᠦᠪ ᠬᠦᠷᠦᠩᠭᠡ ᠦᠯᠡᠲᠡᠭᠰᠠᠠ ᠦᠭᠡᠢ᠃ ᠰᠣ᠋ ᠣᠪᠣᠭᠳᠣ ᠳᠦᠯᠦᠬᠦ ᠬᠠᠷᠢᠭᠤᠴᠠᠯᠭ᠎ᠠ ᠶᠢ ᠲᠡᠪᠴᠢᠭᠰᠡᠨ ᠨᠢ | ᠦᠪ ᠵᠠᠯᠭᠠᠮᠵᠢᠯᠠᠬᠤ ᠬᠠᠥᠯᠢ ᠶᠢᠨ ᠲᠤᠭᠳᠠᠭᠠᠯ ᠳᠤ ᠨᠠᠶᠢᠴᠡᠨᠡ᠃ ᠢᠩᠬᠢᠭᠡᠳ ᠣᠶᠢᠷ᠎ᠠ ᠳᠤ ᠰᠢᠬᠦᠬᠦ ᠬᠤᠷᠢᠶ᠎ᠠ | ᠰᠢᠬᠦᠨ ᠲᠠᠰᠣᠯᠵᠦ᠂ ᠵᠠᠭᠠᠯᠳᠣᠭᠴᠢ ᠡᠣ ᠣᠪᠣᠭᠳᠣ ᠶᠢᠨ ᠵᠠᠷᠭᠤ ᠶᠢᠨ ᠭᠤᠶᠤᠴᠢᠯᠠᠯ ᠢ ᠨᠢᠴᠣᠭᠠᠭᠰᠠᠨ ᠪᠠᠶᠢᠨ᠎ᠠ᠃ | ︵ᠮᠦᠷᠡᠡ︶ | ᠠᠯᠳᠠᠨ ᠬᠦᠷᠳᠦ ᠰᠥᠯᠵᠢᠶ᠎ᠡ |