ᠣᠩᠨᠢᠭᠤᠳ ᠬᠤᠰᠢᠭᠤᠨ ᠤ ᠲᠣᠶᠢᠮᠣ ᠪᠠᠶᠢᠳᠠᠯ
ᠨᠡᠶᠢᠲᠡᠯᠡᠭᠰᠡᠨ ᠴᠠᠭ᠄
2016/4/5
    ᠤᠩᠨᠢᠭᠤᠳ ᠬᠤᠰᠢᠭᠤ ᠨᠢ ᠦᠪᠦᠷ ᠮᠤᠩᠭᠤᠯ ᠤᠨ ᠦᠪᠡᠷᠲᠡᠬᠡᠨ ᠵᠠᠰᠠᠬᠤ ᠤᠷᠤᠨ ᠤ ᠤᠯᠠᠭᠠᠨᠬᠠᠲᠠ ᠬᠤᠲᠠ  ᠶᠢᠨ ᠲᠤᠮᠲᠠ ᠬᠡᠰᠡᠭ ᠲᠤ ᠪᠠᠶᠢᠷᠢᠯᠠᠵᠤ᠂ ᠡᠮᠦᠨᠡᠰᠢ ᠠᠤᠬᠠᠨ ᠬᠤᠰᠢᠭᠤ ᠪᠠ ᠤᠯᠠᠭᠠᠨᠬᠠᠲᠠ ᠬᠤᠲᠠ ᠶᠢᠨ ᠰᠦᠡᠭᠱᠠᠨ ᠲᠤᠭᠤᠷᠢᠭ ᠲᠠᠢ ᠵᠠᠯᠭᠠᠯᠲᠤᠨ᠂ ᠪᠠᠷᠠᠭᠤᠨᠰᠢ ᠬᠡᠰᠢᠭᠲᠡᠨ ᠬᠤᠰᠢᠭᠤ ᠲᠠᠢ ᠨᠡᠶᠢᠯᠡᠵᠦ᠂ ᠤᠮᠠᠷᠠᠰᠢ ᠯᠢᠨᠰᠢ ᠰᠢᠶᠠᠨ᠂ ᠪᠠᠭᠠᠷᠢᠨ ᠪᠠᠷᠠᠭᠤᠨ ᠬᠤᠰᠢᠭᠤ᠂ ᠠᠷᠤ ᠬᠤᠷᠴᠢᠨ ᠬᠤᠰᠢᠭᠤ ᠵᠢᠴᠢ ᠲᠦᠡᠭᠯᠢᠶᠤᠤ ᠬᠤᠲᠠ ᠶᠢᠨ ᠺᠠᠶᠢᠯᠤ ᠰᠢᠶᠠᠨ ᠲᠠᠢ ᠬᠦᠷᠰᠢᠯᠡᠨ᠂ ᠵᠡᠬᠦᠨᠰᠢ ᠲᠦᠡᠭᠯᠢᠶᠤᠤ ᠬᠤᠲᠠ ᠶᠢᠨ ᠨᠠᠢᠮᠡᠨ ᠬᠤᠰᠢᠭᠤ ᠲᠠᠢ ᠬᠢᠯᠢᠯᠡᠵᠦ ᠪᠤᠢ᠃ ᠶᠡᠷᠦᠩᠬᠡᠢ ᠲᠡᠯᠡᠪᠡᠢ ᠨᠢ 11889 ᠲᠡᠭᠰᠢ ᠲᠦᠷᠪᠡᠯᠵᠢᠨ ᠺᠢᠯᠤᠮᠧᠲᠷ ᠪᠠᠶᠢᠵᠤ᠂ ᠪᠦᠬᠦ ᠬᠤᠰᠢᠭᠤᠨ ᠤ ᠬᠠᠷᠢᠶᠠᠨ ᠳᠤ 8 ᠪᠠᠯᠭᠠᠰᠤ᠂ 1 ᠰᠢᠶᠠᠩ᠂ 3 ᠰᠤᠮᠤ᠂ 6 ᠤᠯᠤᠰ ᠤᠨ ᠲᠠᠷᠢᠶᠠᠯᠠᠩ ᠮᠠᠯ ᠠᠵᠤ ᠠᠬᠤᠢ ᠶᠢᠨ ᠲᠡᠯᠡᠪᠠᠢ᠂ 229 ᠲᠤᠰᠬᠤᠨ ᠤ ᠠᠷᠠᠳ ᠤᠨ ᠵᠦᠪᠯᠡᠯ ᠲᠠᠢ᠃  ᠶᠡᠷᠦᠩᠬᠡᠢ ᠬᠦᠮᠦᠨ ᠠᠮᠨ 48.6 ᠲᠦᠮᠨ‌‍ᠳᠥ ᠬᠦᠷᠴᠦ᠂ ᠡᠬᠦᠨ ᠳᠤ ᠮᠤᠩᠭᠤᠯ ᠦᠨᠳᠦᠰᠦᠲᠡᠨ 7 ᠲᠦᠮᠨ ᠪᠤᠢ᠃ ᠬᠤᠰᠢᠭᠤ ᠵᠠᠰᠠᠭ ᠤᠨ ᠤᠷᠲᠤᠨ ᠨᠢ ᠪᠤᠷᠤᠬᠤᠲᠠ ᠪᠠᠯᠭᠠᠰᠤᠨ ᠳᠤ ᠪᠠᠶᠢᠨ᠎ᠠ᠃           ︽ᠤᠩᠨᠢᠭᠤᠳ︾ ᠬᠡᠲᠡᠭ ᠨᠢ ︽ᠸᠠᠩ ᠤᠳ︾ ᠬᠡᠲᠡᠭ ᠤᠳᠬ᠎ᠠ ᠲᠠᠢ᠃ ᠤᠩᠨᠢᠭᠤᠳ ᠬᠤᠰᠢᠭᠤ ᠨᠢ ᠦᠨᠢ ᠤᠲᠠᠭᠠᠨ ᠲᠡᠦᠬᠡ ᠲᠠᠢ ᠶᠤᠮ᠃ ᠮᠠᠨ ᠤ ᠤᠯᠤᠰ ᠤᠨ ᠠᠯᠲᠠᠷᠲᠤ ᠬᠤᠩᠱᠠᠨ ᠤ ᠰᠤᠶᠤᠯ᠂ ᠬᠢᠲᠡᠨ ᠤ ᠰᠤᠶᠤᠯ᠂  ᠯᠢᠶᠤᠤ ᠶᠢᠨ ᠰᠤᠶᠤᠯ ᠤᠨ ᠭᠤᠯᠤᠮᠲᠠ ᠶᠢᠨ ᠨᠢᠬᠡ ᠪᠤᠯᠤᠨ᠎ᠠ᠃ ᠤᠷᠢᠳ ᠬᠤᠵᠢᠳ ᠳ᠋ᠦᠡᠭᠬᠡᠦ᠂ ᠬᠢᠲᠡᠨ᠂ ᠦᠬᠤᠸᠠᠨ᠂ ᠾᠦᠡᠭᠨᠦ᠂ ᠵᠦᠷᠴᠢᠨ᠂ ᠮᠤᠩᠭᠤᠯ᠂ ᠬᠢᠲᠡᠳ ᠵᠡᠷᠭᠡ ᠦᠨᠲᠦᠰᠦᠲᠡᠨ ᠠᠲᠡ ᠤᠷᠤᠰᠢᠨ ᠲᠤᠭᠲᠠᠨᠢᠵᠤ᠂ ᠬᠠᠮᠲᠤ ᠪᠠᠷ ᠬᠢᠯᠠᠯᠵᠠᠭᠰᠠᠨ ᠡᠷᠲᠡᠨ ᠤ ᠰᠤᠶᠤᠯ ᠢ ᠪᠦᠲᠦᠬᠡᠵᠡᠢ᠃ ᠤᠩᠨᠢᠭᠤᠳ ᠤᠨ ᠬᠢᠵᠠᠭᠠᠷ ᠲᠤᠲᠤᠷ᠎ᠠ ᠠᠴᠠ ᠨᠤᠭᠤᠭᠠᠨ ᠬᠠᠰ ᠯᠤᠤ᠂ ᠰᠢᠷ᠎ᠡ ᠬᠠᠰ ᠯᠤᠤ ᠶᠢ ᠢᠯᠡᠷᠡᠬᠦᠯᠦᠭᠰᠡᠨ ᠤᠴᠢᠷ ᠲᠡᠦᠬᠡ ᠰᠤᠲᠤᠯᠤᠭᠴᠢᠳ ᠲᠤ ︽ᠲᠤᠮᠲᠠᠲᠤ ᠶᠢᠨ ᠲᠡᠷᠢᠬᠦᠨ ᠯᠤᠤ︾᠂  ︽ᠬᠤᠸᠠᠰᠢᠶ᠋ᠨ ᠶᠢᠨ ᠲᠡᠷᠢᠬᠦᠨ ᠯᠤᠤ︾ ᠬᠡᠮᠡᠨ ᠦᠨᠡᠯᠡᠭᠲᠡᠵᠤ᠂ ᠡᠬᠦᠨ ᠤ ᠤᠯᠠᠮ ᠠᠴᠠ ︽ᠯᠤᠤ ᠶᠢᠨ ᠨᠤᠲᠤᠭ︾ ᠬᠡᠰᠡᠨ ᠰᠠᠶᠢᠬᠠᠨ ᠠᠯᠲᠠᠷ ᠢ ᠤᠯᠤᠭᠰᠠᠨ ᠪᠠᠶᠢᠨ᠎ᠠ᠃           ᠤᠩᠨᠢᠭᠤᠳ ᠬᠤᠰᠢᠭᠤ ᠨᠢ ᠵᠡᠬᠦᠨ ᠬᠤᠶᠢᠲᠤ ᠤᠷᠤᠨ ᠪᠠ ᠤᠮᠠᠷᠠᠲᠤ ᠤᠷᠤᠨ ᠤ ᠤᠭᠲᠤᠯᠤᠯᠴᠠᠯ ᠤᠨ ᠪᠦᠰᠡᠨ  ᠳᠤ ᠤᠷᠤᠰᠢᠵᠤ᠂ ᠪᠠᠷᠠᠭᠤᠨ ᠤᠷᠤᠨ ᠢ ᠶᠡᠬᠡᠪᠡᠷ ᠨᠡᠬᠡᠬᠡᠨ ᠬᠦᠭᠵᠢᠬᠦᠯᠬᠦ ᠲᠦᠷᠦ ᠶᠢᠨ ᠪᠤᠲᠤᠯᠭ᠎ᠠ ᠶᠢᠨ ᠬᠠᠷᠠᠭᠠᠯᠵᠠᠯᠠᠯ ᠢ ᠬᠦᠷᠲᠡᠬᠦ ᠶᠢᠨ ᠬᠠᠮᠲᠤ ᠵᠡᠬᠦᠨ ᠬᠤᠶᠢᠲᠤ ᠶᠢᠨ ᠬᠠᠭᠤᠴᠢᠨ ᠠᠵᠤ ᠦᠢᠯᠡᠳᠪᠦᠷᠢ ᠶᠢᠨ ᠰᠠᠭᠤᠷᠢᠨ ᠭᠠᠵᠠᠷ ᠢ ᠮᠠᠨᠲᠤᠭᠤᠯᠬᠤ ᠲᠦᠷᠦ ᠶᠢᠨ ᠪᠤᠲᠤᠯᠭ᠎ᠠ ᠶᠢᠨ ᠬᠡᠪᠴᠢᠶᠡᠨ ᠳᠤ ᠬᠠᠷᠢᠶᠠᠯᠠᠭᠲᠠᠬᠤ ᠶᠢᠨ ᠤᠴᠢᠷ ᠪᠠᠶᠢᠷᠢᠰᠢᠯ ᠤᠨ ᠲᠠᠪᠠᠭᠤᠯᠢᠭ ᠲᠠᠯ᠎ᠡ ᠢᠯᠨ ᠲᠤᠲᠤᠷᠬᠠᠢ ᠪᠠᠶᠢᠲᠠᠭ᠃ ᠬᠤᠰᠢᠭᠤ ᠵᠠᠰᠠᠭ ᠤᠨ ᠤᠷᠲᠤᠨ ᠤ ᠰᠠᠭᠤᠭ᠎ᠠ ᠭᠠᠵᠠᠷ ᠪᠤᠷᠤᠬᠤᠲᠠ ᠪᠠᠯᠭᠠᠰᠤ ᠨᠢ ᠪᠡᠬᠡᠵᠢᠩ᠂ ᠲᠢᠶᠠᠨᠵᠢᠨ᠂ ᠱᠧᠨᠶᠠᠩ ᠵᠡᠷᠬᠡ ᠬᠤᠲᠠ ᠠᠴᠠ 500 ᠭᠠᠷᠤᠢ ᠺᠢᠯᠤᠮᠧᠲᠷ ᠤᠨ ᠵᠡᠢ ᠲᠠᠢ᠂ ᠵᠢᠨᠵᠸᠦ᠂ ᠴᠢᠨ ᠬᠤᠸᠠᠩ  ᠳ᠋ᠤᠤ ᠵᠡᠷᠬᠡ ᠭᠠᠷᠠᠮ ᠤᠨ ᠬᠤᠲᠠ ᠠᠴᠠ 300 ᠺᠢᠯᠤᠮᠧᠲᠷ ᠢᠯᠡᠭᠦᠦ  ᠵᠠᠶᠢᠲᠠᠢ᠃ 305 ᠤᠯᠤᠰ ᠤᠨ ᠵᠠᠮ᠂ 306  ᠤᠯᠤᠰ ᠤᠨ ᠵᠠᠮ ᠬᠢᠬᠡᠳ 205 ᠮᠤᠵᠢ ᠶᠢᠨ ᠵᠠᠮ ᠡᠮᠦᠨᠡᠰᠢ ᠤᠮᠠᠷᠠᠰᠢ ᠰᠤᠨᠲᠠᠯᠠᠵᠤ᠂ ᠡᠮᠦᠨᠡᠰᠢ ᠴᠸᠡᠭᠳᠧ᠂ ᠪᠡᠬᠡᠵᠢᠩ᠂ ᠲᠢᠶᠠᠨᠵᠢᠨ ᠲᠠᠢ ᠵᠠᠯᠭᠠᠯᠲᠤᠨ᠂ ᠤᠮᠠᠷᠠᠰᠢ ᠰᠢᠯᠢ  ᠶᠢᠨ ᠭᠤᠤᠯ ᠲᠠᠢ ᠵᠠᠯᠭᠠᠯᠲᠤᠨ᠎ᠠ᠃ ᠬᠤᠰᠢᠭᠤᠨ ᠬᠢᠵᠠᠭᠠᠷ ᠲᠠᠬᠢ ᠬᠤᠶᠠᠷ ᠵᠤᠷᠪᠤᠰ ᠰᠢᠶᠠᠨ ᠤ ᠲᠡᠰ ᠤᠨ ᠵᠠᠰᠠᠮᠠᠯ ᠵᠠᠮ ᠵᠡᠬᠦᠨᠰᠢ ᠪᠠᠷᠠᠭᠤᠨᠰᠢ ᠬᠤᠰᠢᠭᠤᠨ ᠬᠢᠵᠠᠭᠠᠷ ᠢ ᠰᠤᠨᠲᠠᠯᠠᠵᠤ᠂ ᠵᠡᠬᠦᠨᠰᠢ ᠲᠦᠡᠭᠯᠢᠶᠤᠤ ᠬᠤᠲᠠ ᠲᠠᠢ ᠵᠠᠯᠭᠠᠯᠲᠤᠨ᠂ ᠪᠠᠷᠠᠭᠤᠨᠰᠢ ᠾᠧᠪᠸᠢ ᠮᠤᠵᠢ ᠲᠠᠢ ᠵᠠᠯᠭᠠᠯᠲᠤᠨ᠎ᠠ᠃  ‍ᠦᠦᠢ — ᠳ᠋ᠠ ᠦᠨᠲᠦᠷ ᠬᠤᠷᠲᠤᠴᠠᠲᠤ ᠵᠠᠮ᠂ ‍ᠦᠦᠢ — ᠳ᠋ᠠ — ᠪᠠᠢ ᠲᠡᠮᠦᠷ ᠵᠠᠮ ᠪᠠ ᠶᠠᠭ ᠵᠠᠰᠠᠵᠤ ᠪᠠᠶᠢᠭ᠎ᠠ ᠪᠠ — ᠰᠢᠨ ᠲᠡᠮᠦᠷ ᠵᠠᠮ ᠨᠢ ᠪᠦᠬᠦ ᠤᠯᠤᠰ ᠤᠨ ᠦᠨᠲᠦᠷ ᠬᠤᠷᠲᠤᠴᠠᠲᠤ ᠵᠠᠰᠠᠮᠠᠯ ᠵᠠᠮ ᠤᠨ ᠲᠤᠤᠷ ᠬᠢᠬᠡᠳ ᠲᠡᠮᠦᠷ ᠵᠠᠮ ᠤᠨ  ᠲᠤᠤᠷ ᠲᠠᠢ ᠬᠤᠯᠪᠤᠯᠲᠤᠵᠤ ᠪᠤᠢ᠃           ᠤᠩᠨᠢᠭᠤᠳ ᠬᠤᠰᠢᠭᠤ ᠡᠬᠢ ᠪᠠᠶᠠᠯᠢᠭ ᠡᠯᠪᠡᠭ᠃ ᠤᠲᠤ ᠲᠠᠷᠢᠶᠠᠯᠠᠬᠤ ᠭᠠᠵᠠᠷ 314 ᠲᠦᠮᠡᠨ ᠮᠤ᠋᠂  ᠣᠢ ᠰᠢᠭᠤᠢ ᠶᠢᠨ ᠲᠠᠯᠠᠪᠠᠢ ᠨᠢ 511 ᠲᠦᠮᠡᠨ ᠮᠦ᠂  ᠪᠠᠶᠢᠭᠠᠯᠢᠯᠢᠭ ᠪᠡᠯᠴᠢᠭᠡᠷ ᠬᠠᠳᠤᠯᠠᠩ ᠤᠨ ᠲᠠᠯᠠᠪᠠᠢ ᠨᠢ 755ᠲᠦᠮᠡᠨ ᠮᠤ᠋ ᠪᠠᠶᠢᠵᠤ᠂ ᠵᠢᠯ ᠪᠦᠷᠢ 23 ᠳ᠋ᠦᠡᠭᠰᠢᠭᠤᠷ ᠵᠢᠩ ᠠᠮᠤ ᠪᠤᠲᠠᠭ᠎ᠠ᠂ 255ᠢᠯᠡᠬᠦᠦ  ᠲᠦᠮᠡᠨ ᠲᠤᠯᠤᠭᠠᠢ ᠲᠡᠵᠢᠬᠡᠪᠦᠷᠢ ᠮᠠᠯ᠂ 1000 ᠲᠦᠮᠡᠨ ᠲᠡᠵᠢᠬᠡᠪᠦᠷᠢ ᠵᠢᠬᠦᠷᠲᠡᠨ ᠤ ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠴᠢᠲᠠᠪᠤᠷᠢ ᠶᠢ ᠪᠦᠷᠢᠯᠲᠦᠬᠦᠯᠦᠭᠰᠡᠨ ᠪᠠᠶᠢᠨ᠎ᠠ᠃ ᠤᠩᠨᠢᠭᠤᠳ ᠬᠤᠰᠢᠭᠤ ᠪᠤᠯ ᠦᠪᠦᠷ ᠮᠤᠩᠭᠤᠯ ᠤᠨ ᠬᠠᠮᠤᠭ ᠶᠡᠭᠡ ᠤᠰᠤᠨ ᠲᠤᠲᠤᠷᠭ᠎ᠠ ᠶᠢᠨ ᠭᠤᠤᠯ ᠭᠠᠷᠤᠯᠲᠠ ᠶᠢᠨ ᠤᠷᠤᠨ᠂ ᠰᠢᠯᠢᠲᠡᠭ ᠮᠠᠯ ᠤᠨ ᠪᠦᠲᠦᠬᠡᠭᠲᠡᠬᠦᠨ ᠤ ᠰᠠᠭᠤᠷᠢᠨ ᠭᠠᠵᠠᠷ ᠤᠨ ᠪᠦᠲᠦᠬᠡᠨ ᠪᠠᠶᠢᠭᠤᠯᠤᠯᠲᠠ ᠶᠢᠨ ᠲᠡᠷᠢᠬᠦᠨ ᠤ ᠬᠤᠰᠢᠭᠤ ᠪᠠ ᠤᠷᠭᠠᠨᠢᠭ ᠲᠠᠷᠢᠶᠠᠯᠠᠩ ᠤᠨ ᠵᠢᠱᠢᠶ᠎ᠡ ᠦᠵᠡᠬᠦᠯᠬᠦ ᠬᠤᠰᠢᠭᠤ ᠮᠦᠷᠲᠡᠬᠡᠨ ᠪᠦᠬᠦ ᠤᠯᠤᠰ ᠤᠨ ᠠᠮᠤ ᠪᠤᠲᠠᠭᠠᠨ ᠤ ᠭᠠᠷᠤᠯᠲᠠ ᠶᠢᠨ ᠲᠤᠮᠤ ᠬᠤᠰᠢᠭᠤ ᠪᠠ ᠠᠮᠤ  ᠪᠤᠲᠠᠭᠠᠨ ᠤ ᠦᠢᠯᠡᠳᠪᠦᠷᠢᠯᠡᠯ ᠤᠨ ᠲᠡᠷᠢᠬᠦᠨ ᠤ ᠬᠤᠰᠢᠭᠤ ᠪᠤᠯᠤᠨ᠎ᠠ᠃ ᠤᠰᠤᠨ ᠠᠰᠢᠭᠯᠠᠯᠲᠠ ᠶᠢᠨ ᠡᠬᠢ ᠰᠤᠷᠪᠤᠯᠵᠢ ᠤᠯᠠᠭᠠᠨᠬᠠᠲᠠ ᠳᠤ ᠪᠠᠨ ᠬᠠᠮᠤᠭ ᠡᠯᠪᠡᠭ ᠪᠦᠬᠡᠳ ᠠᠰᠢᠭᠯᠠᠵᠤ ᠪᠤᠯᠬᠤᠶᠢᠴᠠ ᠤᠰᠤᠨ ᠤ ᠰᠤᠷᠪᠤᠯᠵᠢ ᠶᠢᠨ ᠶᠡᠷᠦᠩᠬᠡᠢ ᠬᠡᠮᠵᠢᠶ᠎ᠡ 6.8 ᠳ᠋ᠦᠡᠭᠰᠢᠭᠤᠷ ᠺᠦᠪ ᠮᠧᠲᠷ ᠪᠠᠶᠢᠵᠤ᠂ ᠪᠦᠬᠦ ᠤᠯᠤᠰ ᠤᠨ 36 ᠲᠤᠮᠤ ᠬᠡᠯᠪᠡᠷᠢ ᠶᠢᠨ ᠤᠰᠤᠨ ᠴᠦᠬᠦᠷᠦᠮ ᠤᠨ ᠨᠢᠬᠡ ᠪᠤᠯᠬᠤ ᠬᠤᠩᠱᠠᠨ ᠴᠦᠬᠦᠷᠦᠮ ᠤᠩᠨᠢᠭᠤᠳ ᠬᠤᠰᠢᠭᠤᠨ ᠳᠤ ᠪᠤᠢ᠃ ᠪᠦᠬᠦ ᠬᠤᠰᠢᠭᠤᠨ ᠤ ᠠᠩᠬ᠎ᠠ ᠠᠯᠬᠤᠮ ᠬᠠᠶᠢᠨ  ᠰᠢᠨᠵᠢᠯᠡᠭᠰᠡᠨ ᠨᠡᠬᠡᠬᠡᠵᠤ ᠪᠤᠯᠬᠤᠶᠢᠴᠠ ᠦᠷᠲᠡᠭ ᠪᠦᠬᠦᠢ ᠴᠠᠶᠢᠷ ᠲᠤᠭᠤᠯᠭ᠎ᠠ ᠵᠡᠷᠭᠡ ᠲᠡᠮᠦᠷᠯᠢᠭ ᠤᠨ ᠠᠭᠤᠷᠬᠠᠢ ᠶᠢᠨ ᠬᠠᠲᠠᠭᠠᠯᠠᠭᠲᠠᠴᠠ 4800 ᠭᠠᠷᠤᠢ ᠲᠦᠮᠡᠨ ᠲᠤᠨ ᠴᠤᠬᠤᠢ ᠶᠢᠨ ᠴᠢᠯᠠᠭᠤ᠂ ᠬᠠᠶᠢᠯᠠᠭᠤᠷ ᠵᠤᠩᠰᠢ ᠵᠡᠷᠭᠡ ᠲᠡᠮᠦᠷᠯᠢᠭ  ᠪᠤᠰᠤ ᠠᠭᠤᠷᠬᠠᠢ ᠶᠢᠨ ᠬᠠᠲᠠᠭᠠᠯᠠᠭᠲᠠᠴᠠ 2.8 ᠭᠠᠷᠤᠢ ᠳ᠋ᠦᠡᠭᠰᠢᠭᠤᠷ ᠲᠤᠨ᠂ ᠭᠠᠨᠳᠢᠭ ᠴᠢᠯᠠᠭᠤ ᠶᠢᠨ ᠬᠠᠲᠠᠭᠠᠯᠠᠭᠳᠠᠴᠠ 5 ᠳ᠋ᠦᠡᠭᠰᠢᠭᠤᠷ ᠺᠦᠪ ᠮᠧᠲᠷ᠂ ᠬᠦᠯᠦᠷ᠎ᠡ ᠶᠢᠨ ᠬᠠᠲᠠᠭᠠᠯᠠᠭᠲᠠᠴᠠ 1.9 ᠭᠠᠷᠤᠢ ᠳ᠋ᠦᠡᠭᠰᠢᠭᠤᠷ ᠲᠤᠨ᠂ ᠸᠠᠭᠠᠷ ᠤᠨ ᠰᠢᠷᠤᠢ ᠶᠢᠨ ᠡᠬᠢ ᠰᠤᠷᠪᠤᠯᠵᠢ ᠶᠢᠨ ᠬᠠᠲᠠᠭᠠᠯᠠᠭᠲᠠᠴᠠ 7 ᠳ᠋ᠦᠡᠭᠰᠢᠭᠤᠷ ᠭᠠᠷᠤᠢ ᠺᠦᠪ ᠮᠧᠲᠷ ᠪᠤᠢ᠃ ᠲᠤᠰ ᠬᠤᠰᠢᠭᠤᠨ ᠳᠤ ᠦᠪᠦᠷ ᠮᠤᠩᠭᠤᠯ ᠤᠨ ᠰᠠᠯᠬᠢᠨ ᠤ ᠴᠢᠨᠠᠷ ᠬᠠᠮᠤᠭ ᠰᠠᠶᠢᠨ ᠰᠠᠯᠬᠢᠨ ᠬᠦᠴᠦᠨ ᠤ  ᠴᠠᠬᠢᠯᠭᠠᠨ ᠤ ᠲᠠᠯᠠᠪᠤᠷ ᠪᠠᠶᠢᠵᠤ᠂ 9 ᠶᠡᠭᠡ ᠬᠡᠪᠴᠢᠶᠡᠨ ᠤ ᠰᠠᠯᠬᠢᠨ ᠬᠦᠴᠦᠨ ᠤ ᠴᠠᠬᠢᠯᠭᠠᠨ ᠮᠠᠰᠢᠨ ᠤ ᠲᠠᠯᠠᠪᠤᠷ ᠨᠢ  200 ᠲᠦᠮᠡᠨ ᠺᠢᠯᠤᠸᠠᠲ ᠴᠠᠬᠢᠯᠭᠠᠨ ᠭᠠᠷᠭᠠᠵᠤ ᠲᠡᠶᠢᠯᠦᠨ᠎ᠡ᠃           ᠤᠩᠨᠢᠭᠤᠳ ᠬᠤᠰᠢᠭᠤᠨ ᠤ ᠬᠦᠮᠦᠨ ᠰᠤᠶᠤᠯ ᠤᠨ ᠦᠵᠡᠮᠵᠢ ᠦᠪᠡᠷᠮᠢᠴᠡ ᠤᠨᠴᠠᠯᠢᠭ ᠲᠠᠢ ᠪᠠᠶᠢᠵᠤ᠂ ᠬᠤᠩᠱᠠᠨ ᠰᠤᠶᠤᠯ᠂ ᠯᠢᠶᠤᠤ ᠤᠯᠤᠰ ᠤᠨ ᠦᠶ᠎ᠡ ᠶᠢᠨ ᠰᠤᠶᠤᠯ ᠤᠨ ᠡᠬᠦᠰᠦᠭᠰᠡᠨ ᠭᠠᠵᠠᠷ ᠤᠨ ᠨᠢᠬᠡ ᠪᠤᠯᠤᠨ᠎ᠠ᠃ ᠤᠲᠤ ᠪᠤᠯᠲᠠᠯ᠎ᠠ ᠦᠯᠡᠲᠡᠭᠲᠡᠵᠤ ᠪᠠᠶᠢᠭ᠎ᠠ ᠨᠢ ᠱᠠᠩ ᠶᠤᠤ ᠶᠢᠨ ᠡᠷᠲᠡᠨ ᠤ ᠬᠦᠮᠦᠨ ᠤ ᠰᠠᠭᠤᠴᠠ ᠶᠢᠨ ᠪᠠᠭᠤᠷᠢ᠂ ᠯᠢᠶᠤᠤ ᠤᠯᠤᠰ ᠤᠨ ᠦᠶ᠎ᠡ ᠶᠢᠨ ᠶᠦᠡᠭ ᠵᠸᠦ ᠬᠤᠲᠠ ᠶᠢᠨ ᠪᠠᠭᠤᠷᠢ᠂ ᠶᠤᠸᠠᠨ ᠤᠯᠤᠰ ᠤᠨ ᠦᠶ᠎ᠡ ᠶᠢᠨ ᠵᠢᠢ ᠭᠦᠸᠧ ᠬᠦᠡᠭ ᠵᠠᠩ ᠶᠢᠩ  ᠷᠦᠢ ᠶᠢᠨ ᠤᠩᠭᠤᠨ᠂ ᠡᠩᠬᠡ ᠠᠮᠤᠭᠤᠯᠠᠩ ᠤᠨ ᠪᠢᠴᠢᠬᠡᠰᠦ᠂ ᠦᠪᠦᠷ ᠮᠤᠩᠭᠤᠯ ᠤᠨ ᠵᠡᠬᠦᠨ ᠤᠷᠤᠨ ᠤ ᠬᠠᠮᠤᠭ ᠶᠡᠭᠡ  ᠪᠤᠷᠬᠠᠨ ᠱᠠᠰᠢᠨ ᠤ ᠬᠤᠪᠢᠯᠭᠠᠨ ᠤᠷᠤᠨ ᠱᠠᠵᠢᠨ ᠦᠨᠳᠤᠰᠤᠨ ᠰᠦᠮ᠎ᠡ ᠵᠡᠷᠬᠡ ᠰᠤᠶᠤᠯ ᠤᠨ ᠬᠠᠭᠤᠴᠢᠰ ᠪᠤᠢ᠃           ᠦᠨᠳᠦᠰᠦᠲᠡᠨ ᠤ ᠵᠠᠩ ᠵᠠᠩᠰᠢᠯ ᠦᠨᠢᠷ ᠦᠳᠬᠡᠨ᠂ ᠪᠠᠶᠢᠭᠠᠯᠢ ᠶᠢᠨ ᠦᠩᠬᠡ ᠦᠵᠡᠮᠵᠢ ᠨᠢᠲᠤ ᠪᠤᠯᠢᠶᠠᠮ᠎ᠠ ᠤᠴᠢᠷ ︽ᠭᠤᠪᠢ ᠶᠢᠨ ᠤᠮᠠᠷᠠᠲᠤ ᠶᠢᠨ ᠤᠰᠤᠨ ᠨᠤᠲᠤᠭ︾ ︽ᠡᠯᠡᠰᠦᠨ ᠲᠠᠯᠠᠢ ᠶᠢᠨ ᠬᠡᠷᠡᠯᠲᠤ ᠰᠤᠪᠤᠳ︾ ᠵᠡᠷᠬᠡ ᠰᠠᠶᠢᠬᠠᠨ  ᠠᠯᠲᠠᠷ ᠲᠠᠢ᠃ ᠤᠲᠤ ᠨᠢᠬᠡᠨᠲᠡ ᠪᠠᠷᠠᠭᠤᠨ ᠬᠡᠰᠡᠭ ᠤᠨ ᠲᠠᠯ᠎ᠠ ᠨᠤᠲᠤᠭ ᠤᠨ ᠦᠵᠡᠮᠵᠢ ᠶᠢᠨ ᠤᠷᠤᠨ᠂ ᠲᠤᠮᠲᠠᠲᠤ ᠬᠡᠰᠡᠭ ᠤᠨ ᠡᠯᠡᠰᠦ ᠮᠠᠩᠬ᠎ᠠ ᠨᠠᠭᠤᠷ ᠪᠦᠷᠢᠲᠦ ᠶᠢᠨ ᠤᠷᠤᠨ᠂ ᠵᠡᠬᠦᠨ ᠬᠡᠰᠡᠭ ᠤᠨ ᠤᠰᠤᠨ ᠴᠦᠬᠦᠷᠦᠮ ᠲᠤᠲᠤᠷᠭ᠎ᠠ ᠶᠢᠨ ᠤᠷᠤᠨ ᠵᠡᠷᠬᠡ ᠭᠤᠷᠪᠠᠨ ᠶᠡᠭᠡ ᠦᠵᠡᠮᠵᠢ ᠶᠢᠨ ᠤᠷᠤᠨ ᠢ ᠨᠡᠬᠡᠬᠡᠨ ᠠᠰᠢᠭᠯᠠᠵᠠᠢ᠃ ᠡᠨ᠋ᠨ ᠨᠢ ᠪᠡᠬᠡᠵᠢᠩ᠂ ᠲᠢᠶᠠᠨᠵᠢᠨ᠂  ᠱᠧᠨᠶᠠᠩ ᠪᠤᠯᠤᠨ ᠳ᠋ᠠᠯᠢᠶᠠᠨ ᠵᠡᠷᠭᠡ ᠭᠠᠵᠠᠷ ᠤᠷᠤᠨ ᠠᠴᠠ ᠬᠠᠮᠤᠭ ᠤᠶᠢᠷᠠᠯᠴᠠᠭ᠎ᠠ ᠲᠠᠯ᠎ᠡ ᠨᠤᠲᠤᠭ ᠤᠨ ᠦᠵᠡᠮᠵᠢ ᠶᠢᠨ  ᠤᠷᠤᠨ᠂ ᠵᠤᠭᠠᠴᠠᠯ ᠤᠨ ᠤᠷᠤᠨ ᠪᠤᠯᠤᠨ᠎ᠠ᠃           ᠤᠶᠢᠷ᠎ᠠ ᠶᠢᠨ ᠵᠢᠯ ᠠᠴᠠ ᠨᠠᠰᠢ ᠤᠩᠨᠢᠭᠤᠳ ᠬᠤᠰᠢᠭᠤ ᠨᠢ ᠡᠬᠢ ᠰᠤᠷᠪᠤᠯᠵᠢ ᠶᠢ ᠨᠡᠶᠢᠯᠡᠬᠦᠯᠦᠨ᠂ ᠠᠵᠤ  ᠦᠢᠯᠡᠳᠪᠦᠷᠢ ᠶᠢᠨ ᠬᠦᠷᠢᠶᠡᠯᠡᠩ ᠤᠷᠤᠨ ᠢ ᠪᠠᠶᠢᠭᠤᠯᠵᠤ᠂ ᠬᠦᠷᠢᠶᠡᠯᠡᠩ ᠤᠷᠤᠨ ᠤ ᠪᠦᠲᠦᠬᠡᠨ ᠪᠠᠶᠢᠭᠤᠯᠤᠯᠲᠠ ᠶᠢ  ᠵᠤᠬᠢᠰᠲᠡᠢ ᠲᠦᠯᠦᠪᠵᠢᠬᠦᠯᠵᠦ᠂ ᠪᠤᠷᠤᠬᠤᠲᠠ —  ᠦᠳᠡ ᠶᠢᠨ ᠬᠤᠸᠠ — ᠴᠢᠶᠤᠤ ᠲᠸᠤ ︽ᠨᠢᠬᠡ ᠪᠦᠰᠡ ᠲᠦᠷᠪᠡᠨ ᠬᠦᠷᠢᠶᠡᠯᠡᠩ︾ ᠤᠨ ᠠᠵᠤ ᠦᠢᠯᠡᠳᠪᠦᠷᠢ ᠶᠢᠨ ᠬᠦᠭᠵᠢᠯᠲᠠ ᠶᠢᠨ ᠪᠦᠲᠦᠴᠡ ᠮᠠᠶ᠋ᠢᠭ ᠢ ᠪᠦᠷᠢᠯᠲᠦᠬᠦᠯᠪᠡ᠃ ᠡᠬᠦᠨ ᠳᠤ ᠬᠠᠰ ᠯᠤᠤ ᠪᠤᠯᠤᠨ ᠦᠳᠡ ᠶᠢᠨ ᠬᠤᠸ᠋ᠨ ᠠᠵᠤ ᠦᠢᠯᠡᠳᠪᠦᠷᠢ ᠶᠢᠨ ᠬᠦᠷᠢᠶᠡᠯᠡᠩ ᠤᠨ ᠤᠷᠤᠨ ᠨᠢ ᠬᠤᠲᠠ ᠶᠢᠨ  ᠲᠡᠰ ᠤᠨ ᠠᠵᠤ ᠦᠢᠯᠡᠳᠪᠦᠷᠢ ᠶᠢᠨ ᠬᠦᠷᠢᠶᠡᠯᠡᠩ ᠤᠷᠤᠨ ᠪᠤᠯᠤᠨ᠎ᠠ᠃ ᠬᠠᠰ ᠯᠤᠤ ᠠᠵᠤ ᠦᠢᠯᠡᠳᠪᠦᠷᠢ ᠶᠢᠨ ᠬᠦᠷᠢᠶᠡᠯᠡᠩ ᠤᠨ ᠤᠷᠤᠨ ᠨᠢ ᠦᠪᠡᠷᠲᠡᠬᠡᠨ ᠵᠠᠰᠠᠬᠤ ᠤᠷᠤᠨ ᠤ ᠬᠦᠯᠢᠶᠡᠨ ᠠᠪᠤᠭᠰᠠᠨ ᠠᠩᠬᠠᠲᠠᠭᠴᠢ ᠠᠵᠤ ᠦᠢᠯᠡᠰ ᠢ  ᠦᠬᠡᠷᠡᠴᠢᠯᠡᠬᠦ ᠵᠢᠱᠢᠶ᠎ᠡ ᠦᠵᠡᠬᠦᠯᠬᠦ ᠠᠵᠤ ᠦᠢᠯᠡᠳᠪᠦᠷᠢ ᠶᠢᠨ ᠬᠦᠷᠢᠶᠡᠯᠡᠩ ᠤᠨ ᠤᠷᠤᠨ ᠪᠦᠬᠡᠳ ᠬᠦᠴᠦ ᠪᠠᠨ ᠲᠦᠪᠯᠡᠷᠡᠬᠦᠯᠦᠨ ᠪᠦᠲᠦᠬᠡᠨ ᠪᠠᠶᠢᠭᠤᠯᠬᠤ ᠵᠠᠭᠤᠨ ᠳ᠋ᠦᠡᠭᠰᠢᠭᠤᠷ ᠤᠨ ᠬᠦᠷᠢᠶᠡᠯᠡᠩ ᠤᠷᠤᠨ ᠪᠤᠯᠤᠨ᠎ᠠ᠃ ᠡᠬᠦᠨ ᠤ ᠬᠠᠮᠲᠤ ᠡᠨᠧᠷᠺᠢ᠂ ᠠᠭᠤᠷᠬᠠᠢ ᠶᠢᠨ ᠪᠦᠲᠦᠬᠡᠭᠲᠡᠬᠦᠨ ᠵᠡᠷᠬᠡ ᠡᠬᠢ ᠰᠤᠷᠪᠤᠯᠵᠢ ᠶᠢᠨ ᠮᠠᠶ᠋ᠢᠭ ᠤᠨ ᠠᠵᠤ ᠦᠢᠯᠡᠳᠪᠦᠷᠢ ᠶᠢᠨ  ᠬᠦᠭᠵᠢᠯᠲᠡ ᠶᠢ ᠬᠦᠨᠳᠦᠳᠬᠡᠨ ᠦᠵᠡᠵᠦ᠂ ᠪᠦᠬᠦ ᠬᠤᠰᠢᠭᠤᠨ ᠤ ᠤᠭᠰᠠᠷᠠᠭᠰᠠᠨ ᠰᠠᠯᠬᠢᠨ ᠬᠦᠴᠦᠨ ᠤ ᠴᠠᠬᠢᠯᠭᠠᠨ ᠭᠠᠷᠭᠠᠬᠤ ᠮᠠᠰᠢᠨ ᠤ ᠴᠠᠬᠢᠯᠭᠠᠨ ᠭᠠᠷᠭᠠᠬᠤ ᠶᠡᠷᠦᠩᠬᠡᠢ ᠬᠡᠮᠵᠢᠶ᠎ᠡ ᠨᠢ 85 ᠲᠦᠮᠡᠨ ᠺᠢᠯᠤᠸᠠᠲ ᠬᠦᠷᠴᠦ᠂ ᠲᠤᠭᠤᠯᠭ᠎ᠠ  ᠴᠠᠶᠢᠷ ᠤᠨ ᠡᠲᠦᠷ ᠤᠨ ᠨᠡᠬᠡᠬᠡᠬᠦ ᠴᠢᠲᠠᠮᠵᠢ 1.5 ᠲᠦᠮᠡᠨ ᠲᠤᠨ ᠬᠦᠷᠪᠡ᠃          ᠪᠦᠬᠦ ᠬᠤᠰᠢᠭᠤᠨ ᠤ ᠡᠯ᠎ᠡ ᠭᠠᠵᠠᠷ ᠤᠷᠤᠨ ᠤ ᠠᠳᠠᠯᠢ ᠪᠤᠰᠤ ᠬᠦᠭᠵᠢᠯᠲᠠ ᠶᠢᠨ ᠪᠠᠶᠢᠲᠠᠯ ᠢ ᠦᠨᠳᠦᠰᠦᠯᠡᠵᠦ᠂ ᠤᠲᠤᠬᠢᠴᠢᠯᠠᠭᠰᠠᠨ ᠲᠠᠷᠢᠶᠠᠯᠠᠩ ᠮᠠᠯ ᠠᠵᠤ ᠠᠬᠤᠢ᠂ ᠬᠦᠬᠡ ᠨᠤᠭᠤᠭ᠎ᠠ᠂ ᠦᠬᠡᠷ ᠤᠨ ᠮᠢᠬ᠎ᠠ᠂ ᠤᠢ ᠶᠢᠨ ᠵᠢᠮᠢᠰ᠂ ᠲᠦᠮᠦᠰᠦ ᠵᠡᠷᠬᠡ ᠭᠤᠤᠯᠯᠠᠬᠤ ᠠᠵᠤ ᠦᠢᠯᠡᠰ ᠢ ᠬᠦᠭᠵᠢᠬᠦᠯᠵᠦ᠂ ᠨᠢᠬᠡᠨᠲᠡ ᠬᠡᠪᠴᠢᠶᠡᠵᠢᠭᠰᠡᠨ ᠪᠠᠶᠢᠨ᠎ᠠ᠃ ᠫᠸᠡᠭ ᠰᠠᠷᠠᠪᠴᠢ ᠶᠢᠨ ᠬᠦᠬᠡ ᠨᠤᠭᠤᠭ᠎ᠠ ᠨᠢ ᠵᠢᠯ ᠪᠦᠷᠢ 1 — 2 ᠲᠦᠮᠡᠨ ᠮᠤ᠋ ᠶᠢᠨ ᠬᠤᠷᠲᠤᠴᠠ ᠪᠠᠷ ᠬᠦᠭᠵᠢᠵᠦ᠂ ᠪᠦᠬᠦ ᠬᠤᠰᠢᠭᠤᠨ ᠤ ᠲᠤᠯᠠᠭᠠᠨ ᠫᠸᠡᠭ ᠤᠨ ᠬᠦᠬᠡ ᠨᠤᠭᠤᠭ᠎ᠠ ᠨᠢ 4 ᠲᠦᠮᠨ ᠪᠤᠯᠤᠨ ᠬᠦᠭᠵᠢᠵᠡᠢ᠃ ᠠᠯᠠᠰᠢᠨ ᠦᠬᠡᠷ ᠵᠢᠯ  ᠪᠦᠷᠢ 12 ᠲᠦᠮᠨ ᠬᠦᠷᠴᠦ ᠪᠠᠶᠢᠨ᠎ᠠ᠃ ᠠᠮᠢ ᠠᠬᠤᠢ ᠲᠠᠢ ᠤᠶᠠᠯᠲᠤᠭᠤᠯᠤᠨ ᠡᠯᠡᠰᠦ ᠮᠠᠩᠬ᠎ᠠ ᠶᠢ ᠵᠠᠰᠠᠵᠤ᠂ ᠪᠦᠬᠦ  ᠬᠤᠰᠢᠭᠤ ᠨᠢ ᠤᠢ ᠶᠢᠨ ᠵᠢᠮᠢᠰ ᠤᠨ ᠰᠠᠭᠤᠷᠢᠨ ᠭᠠᠵᠠᠷ ᠢ 20 ᠲᠦᠮᠡᠨ ᠮᠤ᠋ ᠲᠦᠯᠦᠪᠵᠢᠬᠦᠯᠵᠦ᠂ ᠤᠲᠤ ᠨᠢᠬᠡᠨᠲᠡ 7. 42 ᠲᠦᠮᠡᠨ ᠮᠤ᠋ ᠶᠢ ᠪᠦᠲᠦᠬᠡᠨ ᠪᠠᠶᠢᠭᠤᠯᠵᠠᠢ᠃ ᠲᠤᠯᠤᠭᠠᠶᠢᠯᠠᠭᠴᠢ ᠠᠵᠤ ᠠᠬᠤᠶᠢᠯᠠᠯ ᠤᠨ ᠲᠠᠭᠠᠭᠤᠯᠤᠭᠴᠢ ᠦᠢᠯᠡᠲᠦᠯ ᠢ  ᠲᠦᠰᠢᠭᠯᠡᠵᠦ᠂ ᠲᠦᠮᠦᠰᠦ ᠶᠢᠨ ᠰᠠᠭᠤᠷᠢᠨ ᠭᠠᠵᠠᠷ 12 ᠲᠦᠮᠡᠨ ᠮᠤ᠋ ᠪᠠᠶᠢᠭᠤᠯᠪᠠ᠃            ᠦᠨᠲᠦᠷ ᠵᠤᠭᠰᠤᠴᠠ ᠠᠴᠠ ᠲᠦᠯᠦᠪᠵᠢᠬᠦᠯᠦᠨ᠂ ᠦᠨᠲᠦᠷ ᠶᠠᠰᠤ ᠴᠢᠨᠠᠷ ᠲᠠᠢ ᠪᠦᠲᠦᠬᠡᠨ ᠪᠠᠶᠢᠭᠤᠯᠬᠤ ᠶᠢ ᠪᠠᠷᠢᠮᠲᠠᠯᠠᠭᠰᠠᠨ ᠢᠶᠠᠷ ᠪᠤᠷᠤᠬᠤᠲᠠ ᠬᠤᠲᠠ ᠶᠢᠨ ᠲᠤᠭᠤᠷᠢᠭ ᠤᠨ ᠵᠠᠭᠪᠤᠷ ᠪᠦᠲᠦᠮᠵᠢᠲᠡᠢ ᠲᠦᠬᠡᠮᠡᠯᠵᠢᠵᠦ᠂ ᠤᠳᠠᠨᠲᠤᠬᠤᠢ᠂ ᠬᠠᠶᠢᠯᠠᠰᠤ ᠵᠡᠷᠬᠡ ᠪᠠᠭ᠎ᠠ ᠬᠤᠲᠠ ᠪᠠᠯᠭᠠᠰᠤᠨ ᠤ ᠪᠦᠲᠦᠬᠡᠨ ᠪᠠᠶᠢᠭᠤᠯᠤᠯᠲᠠ ᠦᠷ᠎ᠡ ᠠᠰᠢᠭ ᠢᠯᠡᠷᠬᠡᠢ ᠪᠤᠯᠵᠡᠢ᠃ ᠠᠷᠠᠯᠵᠢᠶ᠎ᠠ ᠬᠤᠲᠠᠯᠲᠤᠭ᠎ᠠ ᠡᠳ᠋ ᠪᠠᠷᠠᠭ᠎ᠠ ᠶᠢᠨ ᠬᠦᠢᠯᠬᠡᠬᠡ ᠶᠢᠨ ᠬᠦᠷᠢᠶᠡᠯᠡᠩ ᠲᠤᠭᠤᠷᠢᠭ ᠨᠢ ᠠᠶᠠᠨᠴᠢᠨ ᠪᠠ ᠪᠠᠷᠠᠭ᠎ᠠ ᠶᠢᠨ  ᠶᠡᠷᠦᠩᠬᠡᠶᠢᠯᠡᠭᠰᠡᠨ ᠲᠡᠬᠡᠬᠡᠪᠦᠷᠢ ᠶᠢᠨ ᠤᠷᠤᠨ᠂ ᠦᠢᠯᠡᠳᠪᠦᠷᠢᠯᠡᠯ ᠤᠨ ᠮᠠᠲ᠋ᠧᠷᠢᠶᠠᠯ ᠤᠨ ᠰᠤᠯᠢᠯᠴᠠᠭᠠᠨ ᠤ ᠤᠷᠤᠨ᠂ ᠲᠠᠷᠢᠶᠠᠯᠠᠩ ᠤᠨ ᠲᠤᠰᠠᠯᠠᠬᠤ ᠦᠢᠯᠡᠳᠪᠦᠷᠢᠯᠡᠯ ᠤᠨ ᠪᠦᠲᠤᠭᠡᠭᠳᠡᠭᠦᠨ ᠤ ᠰᠤᠯᠢᠯᠴᠠᠭᠠᠨ ᠤ ᠤᠷᠤᠨ᠂ ᠪᠦᠲᠦᠬᠡᠨ ᠪᠠᠶᠢᠭᠤᠯᠤᠯᠲᠠ ᠶᠢᠨ ᠮᠠᠲ᠋ᠧᠷᠢᠶᠠᠯ ᠤᠨ ᠰᠤᠯᠢᠯᠴᠠᠭᠠᠨ ᠤ ᠤᠷᠤᠨ᠂ ᠲᠠᠷᠢᠶᠠᠯᠠᠩ ᠤᠨ ᠮᠠᠰᠢᠨ᠂ ᠮᠠᠰᠢᠨ ᠲᠡᠷᠬᠡ ᠵᠢᠴᠢ  ᠲᠤᠨᠤᠭ ᠬᠡᠷᠡᠭᠰᠡᠯ ᠤᠨ ᠰᠤᠯᠢᠯᠴᠠᠭᠠᠨ ᠤ ᠤᠷᠤᠨ᠂ ᠠᠮᠤ ᠪᠤᠲᠠᠭ᠎ᠠ ᠬᠠᠲᠠᠭᠠᠯᠠᠬᠤ ᠬᠦᠮᠦᠷᠬᠡᠯᠡᠬᠦ ᠰᠤᠯᠢᠯᠴᠠᠭᠠᠨ ᠤ ᠤᠷᠤᠨ ᠵᠡᠷᠭᠡ ᠲᠤᠯᠤᠭᠠᠨ ᠦᠢᠯᠡᠲᠦᠯᠲᠦ ᠤᠷᠤᠨ ᠢᠶᠠᠷ ᠪᠦᠷᠢᠯᠲᠦᠵᠦ᠂ ᠤᠲᠤ ᠨᠢᠬᠡᠨᠲᠡ ᠠᠩᠬ᠎ᠠ ᠠᠯᠬᠤᠮ ᠤᠨ ᠬᠡᠪᠴᠢᠶ᠎ᠡ  ᠪᠦᠷᠢᠯᠲᠦᠵᠡᠢ᠃ ᠠᠮᠢ ᠠᠬᠤᠢ᠂ ᠵᠠᠮ ᠬᠠᠷᠢᠯᠴᠠᠭ᠎ᠠ᠂ ᠴᠠᠬᠢᠯᠭᠠᠨ ᠬᠦᠴᠦᠨ ᠵᠡᠷᠬᠡ ᠦᠨᠳᠦᠰᠦᠨ ᠪᠦᠲᠦᠬᠡᠨ ᠪᠠᠶᠢᠭᠤᠯᠤᠯᠲᠠ ᠶᠢᠨ ᠨᠦᠬᠦᠴᠡᠯ ᠲᠠᠰᠤᠷᠠᠯᠲᠠ ᠦᠬᠡᠢ ᠲᠡᠬᠡᠭᠰᠢᠯᠡᠨ᠂ ᠨᠡᠶᠢᠬᠡᠮ ᠤᠨ ᠡᠯ᠎ᠡ ᠵᠦᠢᠯ ᠤᠨ ᠦᠢᠯᠡᠰ ᠦᠳᠲᠡᠷ ᠲᠦᠷᠬᠡᠨ ᠬᠦᠭᠵᠢᠵᠦ ᠪᠠᠶᠢᠨ᠎ᠠ᠃    
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号