ᠤᠩᠨᠢᠭᠤᠳ ᠬᠤᠰᠢᠭᠤ ᠡᠬᠢ ᠪᠠᠶᠠᠯᠢᠭ ᠡᠯᠪᠡᠭ᠃ ᠤᠰᠤᠨ ᠠᠰᠢᠭᠯᠠᠯᠲᠠ ᠶᠢᠨ ᠡᠬᠢ ᠰᠤᠷᠪᠤᠯᠵᠢ | ᠤᠯᠠᠭᠠᠨᠬᠠᠲᠠ ᠳᠤ ᠪᠠᠨ ᠬᠠᠮᠤᠭ ᠡᠯᠪᠡᠭ ᠪᠦᠬᠡᠳ ᠠᠰᠢᠭᠯᠠᠵᠤ ᠪᠤᠯᠬᠤᠶᠢᠴᠠ ᠤᠰᠤᠨ ᠤ ᠰᠤᠷᠪᠤᠯᠵᠢ ᠶᠢᠨ ᠶᠡᠷᠦᠩᠬᠡᠢ | ᠬᠡᠮᠵᠢᠶ᠎ᠡ 6.8 ᠳ᠋ᠦᠡᠭᠰᠢᠭᠤᠷ ᠺᠦᠪ ᠮᠧᠲᠷ ᠪᠠᠶᠢᠵᠤ᠂ ᠪᠦᠬᠦ ᠤᠯᠤᠰ ᠤᠨ 36 ᠲᠤᠮᠤ ᠬᠡᠯᠪᠡᠷᠢ ᠶᠢᠨ ᠤᠰᠤᠨ | ᠴᠦᠬᠦᠷᠦᠮ ᠤᠨ ᠨᠢᠬᠡ ᠪᠤᠯᠬᠤ ᠬᠤᠩᠱᠠᠨ ᠴᠦᠬᠦᠷᠦᠮ ᠤᠩᠨᠢᠭᠤᠳᠬᠤᠰᠢᠭᠤᠨ ᠳᠤ ᠪᠤᠢ᠃ | ᠪᠦᠬᠦ ᠬᠤᠰᠢᠭᠤᠨ ᠤ ᠠᠩᠬ᠎ᠠ ᠠᠯᠬᠤᠮ ᠬᠠᠶᠢᠨ ᠰᠢᠨᠵᠢᠯᠡᠭᠰᠡᠨ ᠨᠡᠬᠡᠬᠡᠵᠤ ᠪᠤᠯᠬᠤᠶᠢᠴᠠ ᠦᠷᠲᠡᠭ ᠪᠦᠬᠦᠢ | ᠴᠠᠶᠢᠷ ᠲᠤᠭᠤᠯᠭ᠎ᠠ ᠵᠡᠷᠭᠡ ᠲᠡᠮᠦᠷᠯᠢᠭ ᠤᠨ ᠠᠭᠤᠷᠬᠠᠢ ᠶᠢᠨ ᠬᠠᠲᠠᠭᠠᠯᠠᠭᠲᠠᠴᠠ 4800 ᠭᠠᠷᠤᠢ ᠲᠦᠮᠡᠨ ᠲᠤᠨ | ᠴᠤᠬᠤᠢ ᠶᠢᠨ ᠴᠢᠯᠠᠭᠤ᠂ ᠬᠠᠶᠢᠯᠠᠭᠤᠷ ᠵᠤᠩᠰᠢ ᠵᠡᠷᠭᠡ ᠲᠡᠮᠦᠷᠯᠢᠭ ᠪᠤᠰᠤ ᠠᠭᠤᠷᠬᠠᠢ ᠶᠢᠨ ᠬᠠᠲᠠᠭᠠᠯᠠᠭᠲᠠᠴᠠ 2.8 | ᠭᠠᠷᠤᠢ ᠳ᠋ᠦᠡᠭᠰᠢᠭᠤᠷ ᠲᠤᠨ᠂ ᠭᠠᠨᠳᠢᠭ ᠴᠢᠯᠠᠭᠤ ᠶᠢᠨ ᠬᠠᠲᠠᠭᠠᠯᠠᠭᠳᠠᠴᠠ 5 ᠳ᠋ᠦᠡᠭᠰᠢᠭᠤᠷ ᠺᠦᠪ ᠮᠧᠲᠷ᠂ ᠬᠦᠯᠦᠷ᠎ᠡ | ᠶᠢᠨ ᠬᠠᠲᠠᠭᠠᠯᠠᠭᠲᠠᠴᠠ1.9 ᠭᠠᠷᠤᠢ ᠳ᠋ᠦᠡᠭᠰᠢᠭᠤᠷ ᠲᠤᠨ᠂ ᠸᠠᠭᠠᠷ ᠤᠨ ᠰᠢᠷᠤᠢ ᠶᠢᠨ ᠡᠬᠢ ᠰᠤᠷᠪᠤᠯᠵᠢ ᠶᠢᠨ | ᠬᠠᠲᠠᠭᠠᠯᠠᠭᠲᠠᠴᠠ 7 ᠳ᠋ᠦᠡᠭᠰᠢᠭᠤᠷ ᠭᠠᠷᠤᠢ ᠺᠦᠪ ᠮᠧᠲᠷ ᠪᠤᠢ᠃ | ᠪᠦᠬᠦ ᠬᠤᠰᠢᠭᠤᠨ ᠤ ᠣᠳᠤ ᠨᠢᠭᠡᠨᠲᠡ ᠬᠠᠶᠢᠨ ᠲᠣᠳᠤᠯᠠᠭᠰᠠᠨ ᠠᠭᠤᠷᠬᠠᠢ ᠶᠢᠨ ᠪᠣᠯᠠᠭᠳᠠᠴᠠ ᠶᠢᠨ ᠲᠦᠷᠤᠯ | ᠵᠤᠶᠢᠯ ᠭᠡᠪᠡᠯ ᠲᠤᠭᠤᠯᠭ᠎ᠠ᠂ ᠴᠠᠶᠢᠷ᠂ ᠲᠡᠮᠤᠷ᠂ ᠵᠡᠰ ︵ ᠭᠠᠥᠯᠢ︶᠂ ᠲᠡᠮᠦᠷᠯᠢᠭ᠂ ᠠᠯᠲᠠ᠂ ᠮᠦᠩᠭᠦ᠂ ᠮᠠᠩᠭᠠᠨ᠂ | ᠸᠤᠯᠪᠷᠠᠮ᠂ ᠬᠦᠷᠡᠩ᠂ ᠨᠡᠭᠦᠷᠡᠰᠦ᠂ ᠲᠠᠮᠠᠭ᠎ᠠ ᠶᠢᠨ ᠴᠢᠯᠠᠭᠤ᠂ ᠬᠦᠪᠰᠤᠭᠡᠷ ᠰᠢᠷᠤᠢ᠂ ᠪᠣᠴᠠᠯᠠᠭᠠᠭᠤᠷ ᠴᠢᠯᠠᠭᠤ᠂ | ᠰᠣᠪᠤᠳᠯᠢᠭ ᠴᠢᠯᠠᠭᠤ᠂ ᠬᠠᠶᠢᠯᠠᠭᠤᠷ ᠵᠦᠩᠰᠢ᠂ ᠪᠣᠷᠵᠢᠨ ᠴᠢᠯᠠᠭᠤ᠂ ᠭᠠᠨᠳᠢᠭ ᠴᠢᠯᠠᠭᠤ᠂ ᠸᠠᠭᠠᠷ ᠤᠨ ᠰᠢᠷᠤᠢ᠂ | ᠴᠣᠬᠤᠢ ᠶᠢᠨ ᠴᠢᠯᠠᠭᠤ᠂ ᠪᠠᠶᠢᠭᠠᠯᠢ ᠶᠢᠨ ᠷᠠᠰᠢᠶᠠᠨ ᠤᠰᠤ ᠵᠡᠷᠭᠡ 20 ᠢᠯᠡᠭᠦᠦ ᠲᠦᠷᠤᠯ ᠪᠠᠶᠢᠵᠤ ᠠᠵᠤ | ᠤᠶᠢᠯᠡᠳᠪᠤᠷᠢ ᠶᠢᠨ ᠤᠶᠢᠯᠳᠪᠤᠷᠢᠯᠡᠯ ᠳᠤ ᠭᠦᠢᠴᠡᠳ ᠲᠦᠭᠦᠭᠡᠢ ᠡᠳ᠋ ᠢ ᠬᠠᠩᠭᠠᠵᠤ ᠳᠡᠶᠢᠯᠤᠨ᠎ᠡ᠃ |