ᠳᠤᠮᠳᠠᠳᠤ ᠤᠯᠤᠰ ᠤᠨ ᠬᠠᠮᠤᠭ ᠤᠨ ᠮᠠᠷᠢᠶ᠎ᠠ ᠲᠠᠢ ᠡᠷᠡᠭᠳᠡᠢ | | | | | | | | | | | | | | | ᠭᠤᠸᠠᠩᠳᠦ᠋ᠩ ᠮᠤᠵᠢ ᠶᠢᠨ ᠴᠢᠩ ᠶᠤᠸᠠᠨ ᠤ ᠶᠢᠩ ᠳ᠋ᠧ ᠶᠢᠨ ᠳ᠋ᠧᠩ ᠭᠦᠢ ᠯᠢᠶᠠᠩ ᠡᠨᠡ ᠵᠢᠯ 33 | ᠨᠠᠰᠤᠳᠠᠢ᠂ ᠪᠡᠶ᠎ᠠ ᠶᠢᠨ ᠬᠦᠨᠳᠤ ᠨᠢ 520 ᠵᠢᠩ ᠢ ᠳᠠᠪᠠᠵᠤ ᠳᠤᠰᠬᠤᠨ ᠤ ᠠᠷᠠᠳ ᠲᠠᠭᠠᠨ ︽ᠮᠠᠷᠢᠶᠠᠯᠢᠭ ᠬᠦᠦ︾ | ᠬᠡᠮᠡᠨ ᠳᠠᠭᠤᠳᠠᠭᠳᠠᠵᠠᠢ᠃ ᠳᠡᠬᠦᠨ ᠤ ᠪᠡᠶ᠎ᠠ ᠶᠢᠨ ᠬᠦᠨᠳᠤ ᠨᠢ ᠦᠩᠬᠡᠷᠡᠭᠰᠡᠨ ᠳᠤ ᠬᠠᠮᠤᠭ ᠤᠨ ᠮᠠᠷᠢᠶ᠎ᠠ ᠲᠠᠢ ᠬᠦᠮᠦᠨ | ᠬᠡᠮᠡᠭᠳᠡᠵᠦ ᠪᠠᠶᠢᠭᠰᠠᠨ ᠯᠢᠶᠠᠩ ᠶᠦᠩ ᠢ ᠳᠠᠪᠠᠵᠠᠢ᠃ ᠳ᠋ᠧᠩ ᠭᠦᠢ ᠯᠢᠶᠠᠩ ᠬᠦ᠋ᠮᠦᠰ ᠢ ᠰᠤᠴᠢᠭᠠᠮ᠎ᠠ ᠠᠷᠪᠢᠨ | ᠢᠳᠡᠳᠡᠭ᠂ ᠨᠢᠬᠡ ᠴᠠᠭ 8 ᠠᠶᠠᠭ᠎ᠠ ᠪᠤᠳᠠᠭ᠎ᠠ ᠢᠳᠡᠳᠡᠭ᠂ ᠵᠢᠷᠭᠤᠭ᠎ᠠ ᠳᠤᠯᠤᠭᠠᠨ ᠡᠷᠡᠭᠳᠡᠶᠢᠴᠤᠳ ᠬᠠᠮᠳᠤᠪᠡᠷ | ᠬᠦᠦᠴᠯᠡᠪᠡᠯ ᠰᠠᠶ᠋ᠢ ᠳᠡᠬᠦᠨ ᠢ ᠡᠷᠬᠦᠵᠦ ᠳᠡᠶᠢᠯᠳᠡᠭ᠃ | ᠪᠡᠶ᠎ᠠ ᠨᠢ ᠬᠡᠳᠦ ᠮᠠᠷᠢᠶ᠎ᠠ ᠲᠠᠢ ᠠᠴᠠ ᠳᠡᠬᠦᠨ ᠳᠤ ᠪᠠᠭ᠎ᠠ ᠪᠤᠰᠤ ᠶᠠᠷᠰᠢᠭ ᠲᠦᠪᠡᠭ ᠳᠤᠬᠢᠶᠠᠯᠳᠤᠵᠠᠢ᠂ ᠳᠡᠷᠡ | ᠬᠡᠦᠬᠡᠳ ᠢᠶᠠᠨ ᠬᠠᠷᠭᠠᠯᠵᠠᠬᠤ ᠶᠢᠨ ᠠᠷᠭ᠎ᠠ ᠦᠬᠡᠢ ᠪᠦᠬᠡᠳ ᠦᠪᠡᠷ ᠢᠶᠠᠨ ᠴᠤ ᠬᠡᠷ ᠤᠨ ᠢᠶᠠᠨ ᠳᠠᠷᠤᠭᠠᠰᠤ | ᠪᠤᠯᠵᠤ ᠪᠡᠶ᠎ᠠ ᠪᠠᠨ ᠤᠬᠢᠶᠠᠬᠤ ᠵᠤᠷᠯᠦᠩ ᠳᠤ ᠤᠷᠤᠬᠤ ᠴᠤ ᠬᠡᠰᠡᠨ ᠬᠦᠮᠦᠰ ᠲᠦᠰᠢᠬᠦ ᠬᠡᠷᠡᠭᠳᠡᠢ ᠪᠠᠶᠢᠵᠤ | ᠬᠡᠷ ᠤᠨ ᠬᠢᠨᠢ ᠬᠦᠨᠳᠤ ᠳᠠᠷᠤᠭᠠᠰᠤ ᠪᠦᠷ ᠡᠬᠡᠨᠡᠷ ᠤᠨ ᠬᠢᠨ ᠮᠦᠷᠦᠨ ᠳᠤ ᠳᠤᠰᠴᠠᠢ᠃ | ᠨᠡᠩ ᠠᠷᠭ᠎ᠠ ᠠᠯᠳᠠᠷᠠᠬᠤ ᠶᠠᠪᠤᠳᠠᠯ ᠬᠡᠪᠡᠯ ᠳᠡᠷᠡ ᠭᠤᠸᠠᠩᠵᠧᠦ ᠶᠢᠨ ᠡᠮᠨᠡᠯᠬᠡ ᠶᠢᠨ ᠬᠤᠷᠢᠶᠠᠨ ᠳᠤ ᠤᠴᠢᠵᠤ | ᠮᠠᠷᠢᠶ᠎ᠠ ᠪᠠᠨ ᠰᠢᠭᠤᠷᠠᠭᠤᠯᠤᠶᠠ ᠬᠡᠬᠦ ᠳᠤ ᠬᠡᠷ ᠠᠴᠠ ᠪᠠᠨ ᠬᠤᠯᠠ ᠭᠠᠷᠬᠤ ᠶᠢᠨ ᠠᠷᠭ᠎ᠠ ᠦᠬᠡᠢ᠃ ᠲᠦᠷᠦᠬᠦᠬᠡᠨ | ᠭᠤᠸᠠᠩᠵᠧᠦ ᠶᠢᠨ ᠽᠧᠩ ᠴᠧᠩ ᠤᠨ ᠨᠢᠬᠡᠨ ᠡᠮᠨᠡᠯᠬᠡ ᠶᠢᠨ ᠬᠤᠷᠢᠶ᠎ᠠ ᠳᠤᠰᠬᠠᠢᠢᠯᠠᠨ ᠳ᠋ᠧᠩ ᠭᠦᠢ | ᠯᠢᠶᠠᠩ ᠤᠨ ᠬᠢᠨ ᠳᠤ ᠢᠷᠡᠵᠦ᠂ ᠳᠡᠬᠦᠨ ᠢ ᠳᠤᠰᠴᠤ ᠠᠪᠠᠴᠢᠭᠰᠠᠨ ᠠᠴᠠ ᠳᠡᠷᠡ ᠮᠠᠷᠢᠶ᠎ᠠ ᠰᠢᠭᠤᠷᠠᠭᠤᠯᠬᠤ | ᠲᠦᠷᠦᠬᠦᠦ ᠠᠯᠬᠤᠮ ᠢᠶᠠᠨ ᠠᠯᠬᠤᠵᠠᠢ᠃ |